ᠨᠠᠩᠰᠣ ᠪᠠᠯᠭᠠᠰᠣ ᠣᠳᠤᠭ ᠤᠨ ᠡᠮᠦᠨᠡᠳᠦ ᠬᠤᠰᠢᠭᠤ᠂ ᠦᠣᠰᠢᠨ ᠬᠤᠰᠢᠭᠤ᠂ ᠣᠳᠤᠭ ᠬᠤᠰᠢᠭᠤᠨ ᠤ ᠠᠭᠤᠯᠵᠠᠷ ᠳᠤ ᠪᠠᠶᠢᠷᠢᠰᠢᠨ᠂ ᠵᠡᠭᠦᠨᠰᠢ ᠦᠣᠰᠢᠨ | ᠬᠤᠰᠢᠭᠤᠨ ᠤ ᠰᠦᠯᠳᠠ ᠰᠣᠮᠣ ᠪᠣᠯᠣᠨ ᠣᠳᠤᠭ ᠬᠤᠰᠢᠭᠤᠨ ᠤ ᠰᠦᠮᠡᠳᠦ ᠰᠣᠮᠣ ᠲᠠᠢ ᠬᠦᠷᠰᠢᠯᠡᠵᠣ᠂ ᠡᠮᠦᠨᠡᠰᠢ ᠪᠣᠷᠣᠪᠠᠯᠭᠠᠰᠣ᠂ ᠪᠠᠷᠠᠭᠤᠨᠰᠢ ᠣᠯᠵᠠᠴᠢ ᠪᠠᠯᠭᠠᠰᠣ᠂ | ᠬᠤᠶᠢᠰᠢ ᠣᠳᠤᠭ ᠬᠤᠰᠢᠭᠤᠨ ᠤ ᠴᠠᠪ ᠰᠣᠮᠣ ᠲᠠᠢ ᠵᠠᠯᠭᠠᠯᠳᠣᠨᠠ᠃ ᠮᠣᠤᠠᠣᠰᠣ ᠶᠢᠨ ᠡᠯᠡᠰᠦᠨ ᠴᠦᠯ ᠤᠨ ᠦᠷᠦᠴᠡᠨ ᠳᠤ ᠪᠠᠶᠢᠷᠢᠯᠠᠵᠣ᠂ ᠣᠷᠳᠣᠰ ᠤᠨ | ᠦᠨᠳᠦᠷᠯᠢᠭ ᠤᠨ ᠨᠢᠭᠡᠨ ᠬᠡᠰᠡᠭ ᠪᠣᠯᠣᠭᠰᠠᠨ ᠤ ᠬᠤᠪᠢ ᠳᠤ᠂ ᠭᠠᠵᠠᠷ ᠤᠨ ᠪᠠᠶᠢᠴᠠ ᠲᠡᠭᠰᠢ᠂ ᠲᠠᠯᠠᠢ ᠲᠦᠪᠰᠢᠨ ᠠᠴᠠ 1300 — 1500 ᠮᠧᠲᠷ ᠤᠨ | ᠬᠤᠭᠤᠷᠣᠨᠳᠦ ᠡᠷᠭᠦᠭᠳᠡᠵᠣ᠂ ᠰᠢᠯᠢᠷᠬᠡᠭ ᠭᠠᠵᠠᠷ᠂ ᠴᠠᠶᠢᠳᠠᠮ ᠪᠦᠷᠢᠳᠦ᠂ ᠪᠠᠯᠠᠷ ᠮᠠᠩᠬ᠎ᠠ ᠭᠤᠷᠪᠠᠨ ᠲᠦᠷᠦᠯ ᠤᠨ ᠭᠠᠵᠠᠷ ᠤᠨ ᠭᠠᠳᠠᠷᠭᠤ ᠲᠠᠢ᠃ ᠬᠠᠷᠢᠶ᠎ᠠ ᠣᠷᠣᠨ ᠤ | ᠲᠠᠯᠠᠪᠠᠢ 4292.87 ᠲᠡᠭᠰᠢ ᠲᠦᠷᠪᠡᠯᠵᠢᠨ ᠺᠢᠯᠣᠮᠧᠲᠷ᠂ ᠭᠠᠵᠠᠷ ᠰᠢᠷᠣᠢ ᠶᠢᠨ ᠶᠡᠷᠦᠩᠬᠡᠢ ᠲᠠᠯᠠᠪᠠᠢ 645 ᠲᠦᠮᠡᠨ ᠮᠣ᠋᠃ ᠲᠣᠣᠷ᠎ᠠ ᠪᠠᠨ 1 ᠪᠠᠶᠢᠭᠤᠯᠭ᠎ᠠ | ᠨᠢᠭᠡᠴᠡ᠂ 3 ᠨᠡᠶᠢᠭᠡᠮ ᠲᠣᠭᠤᠷᠢᠭ᠂ 16 ᠭᠠᠴᠠᠭ᠎ᠠ ᠲᠠᠢ᠂ 3743 ᠡᠷᠦᠬᠡ 10513 ᠬᠦᠮᠦᠨ ᠠᠮᠠ ᠲᠠᠢ ︵ᠪᠠᠶᠢᠩᠭᠤ ᠰᠠᠭᠤᠭ᠎ᠠ 2898 ᠡᠷᠦᠬᠡ 7314 | ᠬᠦᠮᠦᠨ︶᠂ ᠮᠣᠩᠭᠤᠯ ᠦᠨᠳᠦᠰᠦᠳᠡᠨ 6887 ᠬᠦᠮᠦᠨ᠂ ᠬᠦᠮᠦᠨ ᠠᠮᠠ ᠶᠢᠨ 65.5% ᠶᠢ ᠡᠵᠡᠯᠡᠨ᠎ᠡ᠃ | ᠣᠶᠢᠷ᠎ᠠ ᠶᠢᠨ ᠵᠢᠯ ᠳᠤ ︽ᠦᠵᠡᠰᠭᠦᠯᠡᠩᠳᠦ ᠨᠠᠩᠰᠣ᠂ ᠵᠢᠷᠭᠠᠯᠠᠩᠳᠦ ᠮᠠᠯᠴᠢᠨ︾ ᠨᠠᠮ ᠤᠨ ᠪᠠᠶᠢᠭᠤᠯᠣᠯᠳᠠ ᠶᠢᠨ ᠨᠡᠷᠡᠳᠦ ᠲᠡᠮᠳᠡᠭ ᠤᠨ ᠵᠢᠯᠣᠭᠤᠳᠣᠯᠭ᠎ᠠ | ᠲᠣᠣᠷ᠎ᠠ ︽ᠠᠮᠢ ᠠᠬᠤᠶᠢᠴᠢ ᠪᠠᠯᠭᠠᠰᠦ ᠶᠢ ᠴᠣᠭᠴᠠᠯᠠᠬᠤ᠂ ᠠᠵᠣ ᠣᠶᠢᠯᠠᠰ ᠢᠶᠠᠷ ᠪᠠᠯᠭᠠᠰᠦ ᠪᠠᠨ ᠬᠦᠴᠦᠷᠭᠡᠭᠵᠢᠭᠦᠯᠬᠦ᠂ ᠰᠣᠶᠣᠯ ᠣᠯᠠᠮᠵᠢᠯᠠᠯ ᠢᠶᠠᠷ ᠪᠠᠯᠭᠠᠰᠣ ᠪᠠᠨ | ᠬᠦᠭᠵᠢᠭᠦᠯᠬᠦ᠂ ᠡᠶ᠎ᠡ ᠨᠠᠶᠢᠷᠠᠮᠳᠠᠭᠤ ᠪᠠᠯᠭᠠᠰᠦ ᠶᠢ ᠪᠠᠶᠢᠭᠤᠯᠬᠤ︾ ᠶᠡᠷᠦᠩᠬᠡᠢ ᠰᠡᠳᠬᠢᠮᠵᠢ ᠪᠠ ᠬᠠᠷᠠᠯᠳᠠ ᠶᠣᠰᠣᠭᠠᠷ ᠪᠦᠬᠦ ᠪᠠᠯᠭᠠᠰᠣᠨ ᠤ ᠺᠠᠳ᠋ᠷ ᠣᠯᠠᠨ ᠲᠦᠮᠡᠨ ᠢ | ᠪᠦᠯᠬᠦᠮᠳᠡᠭᠦᠯᠦᠨ ᠲᠠᠶᠢᠴᠢᠯᠠᠵᠣ᠂ ᠭᠠᠪᠰᠢᠭᠠᠢ ᠵᠣᠷᠢᠭ ᠭᠠᠷᠭᠠᠮᠠᠢ ᠵᠢᠳᠬᠦᠯ ᠢᠶᠠᠷ ᠢᠶᠠᠨ ᠨᠠᠩᠰᠦ ᠪᠠᠯᠭᠠᠰᠣ ᠪᠠᠨ ᠪᠣᠬᠢᠷᠳᠣᠯ ᠦᠭᠡᠢ ᠮᠠᠯ ᠲᠠᠷᠢᠶᠠᠯᠠᠩ ᠤᠨ | ᠪᠦᠳᠦᠭᠡᠭᠳᠡᠭᠦᠨ ᠪᠣᠯᠪᠠᠰᠣᠷᠠᠭᠤᠯᠬᠤ ᠪᠠ ᠰᠣᠶᠣᠯ ᠵᠢᠭᠤᠯᠴᠢᠯᠠᠯ ᠤᠨ ᠠᠭᠤᠰᠣᠯᠴᠠᠯ ᠬᠦᠭᠵᠢᠯᠳᠡ ᠶᠢᠨ ᠲᠠᠭᠤᠷᠢᠶᠠᠯ ᠪᠠᠯᠭᠠᠰᠦ ᠪᠣᠯᠭᠠᠨ ᠴᠣᠭᠴᠠᠯᠠᠬᠤ ᠪᠠᠷ ᠮᠠᠷᠡᠶᠢᠵᠣ | ᠪᠣᠢ᠃ |