ᠮᠤᠩᠭᠤᠯ ᠪᠢᠴᠢᠭ ᠤᠨ ᠭᠥᠭᠵᠢᠯ ᠰᠢᠨᠡᠴᠢᠯᠡᠯ ᠤᠨ ᠲᠡᠥᠭᠡ ᠬᠢᠭᠡᠳ ᠵᠥᠪ ᠪᠢᠴᠢᠯᠭᠡ ᠶᠢᠨ ᠶᠤᠰᠤᠨ ᠤ ᠲᠤᠬᠠᠢ ᠤᠬᠤᠷ ᠮᠥᠷᠳᠡᠯᠳᠡ
ᠨᠡᠶᠢᠲᠡᠯᠡᠭᠰᠡᠨ ᠴᠠᠭ᠄
2022/12/21
       ᠮᠤᠩᠭᠤᠯ ᠪᠢᠴᠢᠭ ᠤᠨ ᠬᠦᠭᠵᠢᠯ ᠰᠢᠨᠡᠴᠢᠯᠡᠯ ᠤᠨ ᠳᠡᠤᠬᠡ ᠬᠢᠬᠡᠤᠨ ᠵᠦᠪ ᠪᠢᠴᠢᠯᠬᠡ ᠶᠢᠨ ᠶᠤᠰᠤᠨ ᠤ ᠳᠤᠬᠠᠢ ᠤᠬᠤᠷ ᠮᠦᠷᠳᠡᠯᠳᠠ                                             ᠴᠠᠬᠠᠷ ᠪᠠᠳᠤ      ᠨᠢᠭᠡ᠂ ᠬᠡᠯᠡ ᠬᠢᠭᠡᠳ ᠪᠢᠴᠢᠭ ᠤᠨ ᠤᠬᠠᠭᠳᠠᠬᠤᠨ      ᠥᠭᠡ ᠬᠡᠯᠡ ᠪᠤᠯ ᠥᠰᠥᠭ ᠪᠢᠴᠢᠭ ᠤᠨ ᠰᠠᠭᠤᠷᠢ ᠮᠥᠨ᠃ ᠥᠭᠡ ᠭᠡᠯᠡ ᠪᠠᠶᠢᠭᠰᠠᠨ ᠠᠴᠠ ᠥᠰᠥᠭ ᠪᠢᠴᠢᠭ ᠪᠤᠢ ᠪᠤᠯᠤᠭᠰᠠᠨ ᠶᠤᠮ᠃ ᠭᠥᠮᠥᠨ ᠲᠥᠷᠥᠯᠬᠢᠳᠡᠨ ᠤ ᠥᠭᠡ ᠬᠡᠯᠡᠨ ᠤ ᠲᠡᠥᠭᠡ ᠬᠡᠳᠥᠨ ᠲᠥᠮᠡᠨ ᠵᠢᠯ ᠡᠰᠡᠭᠦᠯ᠎ᠡ ᠪᠥᠷ ᠬᠡᠳᠥᠨ ᠠᠷᠪᠠᠨ ᠲᠥᠮᠡᠨ ᠵᠢᠯ ᠭᠥᠷᠴᠤ ᠪᠠᠶᠢᠬᠤ ᠳᠤ ᠥᠰᠥᠭ ᠪᠢᠴᠢᠭ ᠤᠨ ᠲᠡᠥᠭᠡ ᠬᠠᠷᠢᠨ ᠬᠡᠳᠥᠭᠡᠨ ᠮᠢᠩᠭᠠᠨ ᠵᠢᠯ ᠠᠴᠠ ᠭᠡᠳᠥᠷᠡᠭᠦ ᠥᠭᠡᠢ ᠪᠠᠶᠢᠳᠠᠭ ᠢ ᠬᠠᠭᠤᠴᠢ ᠰᠤᠳᠤᠯᠤᠯ ᠤᠨ ᠬᠢᠨ ᠬᠡᠷᠡᠴᠢᠯᠡᠵᠤ ᠪᠠᠶᠢᠨ᠎ᠠ᠃      1. ᠥᠭᠡ ᠬᠡᠯᠡ       ᠥᠭᠡ ᠬᠡᠯᠡ ᠪᠤᠯ ᠭᠥᠮᠥᠨ ᠲᠥᠷᠥᠯᠬᠢᠳᠡᠨ ᠤ ᠥᠵᠡᠯ ᠰᠠᠨᠠᠯ ᠢᠶᠠᠨ ᠰᠤᠯᠢᠯᠴᠠᠬᠤ ᠬᠠᠮᠤᠭ ᠲᠥᠭᠡᠮᠡᠯ ᠠᠷᠭ᠎ᠠ ᠪᠠᠷᠢᠯ ᠶᠤᠮ᠃ ᠲᠡᠭᠦᠨ ᠤ ᠤᠬᠠᠭᠳᠠᠬᠤᠨ ᠢ ︽ᠥᠭᠡ ᠭᠡᠯᠡ ᠪᠤᠯ ᠠᠳᠠᠯᠢ ᠲᠥᠷᠥᠯ ᠤᠨ ᠠᠮᠢᠳᠤ ᠪᠤᠳᠠᠰ ᠤᠨ ᠬᠤᠭᠤᠷᠤᠨᠳᠤᠬᠢ ᠬᠠᠷᠢᠯᠴᠠᠭᠠᠨ ᠤ ᠬᠡᠷᠡᠭᠴᠡᠭᠡᠨ ᠠᠴᠠ ᠪᠤᠯᠵᠤ ᠲᠤᠭᠳᠠᠭᠠᠭᠳᠠᠭᠰᠠᠨ ᠨᠢᠭᠡᠳᠥᠯᠳᠡᠢ ᠲᠥᠯᠥᠪᠰᠢᠷᠡᠭᠰᠡᠨ ᠺᠤᠳ᠋ᠯᠠᠬᠤ ᠪᠠᠷᠢᠮᠵᠢᠶ᠎ᠠ ᠪᠥᠭᠦᠢ ᠠᠪᠢᠶᠠᠨ ᠤ ᠲᠤᠬᠢᠶ᠎ᠠ ᠮᠥᠨ︾ ᠭᠡᠵᠤ ᠲᠠᠶᠢᠯᠪᠤᠷᠢ ᠬᠢᠭᠰᠡᠨ ᠪᠠᠶᠢᠨ᠎ᠠ᠃ ᠪᠥᠷᠢᠳᠭᠡᠯ ᠳᠤ ᠰᠠᠭᠤᠷᠢᠯᠠᠪᠠᠯ᠂ ᠥᠩᠭᠡᠷᠡᠭᠰᠡᠨ ᠤ ᠮᠡᠳᠡᠵᠤ ᠪᠤᠯᠬᠤ ᠲᠡᠥᠭᠡᠨ ᠳᠤ ᠲᠡᠯᠡᠭᠡᠢ ᠳ᠋ᠠᠬᠢᠨ᠎ᠠ ᠪᠠᠷᠤᠭ 7000 ᠢᠯᠡᠭᠦᠥ ᠵᠥᠢᠯ ᠤᠨ ᠥᠭᠡ ᠬᠡᠯᠡ ᠪᠠᠶᠢᠭᠰᠠᠨ ᠴᠦ ᠤᠷᠴᠢᠮ ᠤᠨ ᠬᠡᠳᠥᠨ ᠵᠠᠭᠤᠨ ᠵᠢᠯ ᠤᠨ ᠲᠤᠳᠤᠷ᠎ᠠ ᠮᠠᠰᠢ ᠲᠥᠷᠭᠡᠨ ᠢᠶᠠᠷ ᠴᠥᠭᠡᠷᠡᠵᠤ᠂ ᠡᠳᠥᠭᠡ ᠵᠥᠪᠭᠡᠨ 5651 ᠵᠥᠢᠯ ᠤᠨ ᠬᠡᠯᠡ ᠥᠯᠡᠳᠡᠭᠡᠳ ᠪᠤᠢ ᠬᠡᠳᠡᠭ ᠪᠥᠭᠡᠳ ᠲᠤᠰ ᠵᠠᠭᠤᠨ  ᠳᠤ ᠮᠥᠨ ᠬᠠᠭᠠᠰ ᠤᠷᠴᠢᠮ ᠲᠤᠭᠠᠨ ᠤ ᠬᠡᠯᠡ ᠥᠷᠭᠦᠯᠵᠢᠯᠡᠨ ᠤᠰᠠᠳᠴᠤ᠂ ᠢᠷᠡᠭᠦ 200 ᠵᠢᠯ ᠤᠨ ᠲᠤᠳᠤᠷ᠎ᠠ ᠵᠠᠭᠤᠨ ᠤ ᠶᠡᠷᠡ ᠶᠢᠨ ᠲᠤᠭᠠᠨ ᠤ ᠬᠡᠯᠡ ᠨᠦᠭᠦᠳ ᠨᠡᠶᠢᠭᠡᠮ ᠤᠨ ᠬᠡᠷᠡᠭᠴᠡᠭᠡᠨ ᠠᠴᠠ ᠠᠷᠴᠢᠭᠳᠠᠬᠤ ᠪᠤᠯᠤᠨ᠎ᠠ ᠬᠡᠵᠤ ᠡᠷᠳᠡᠮᠳᠡᠳ ᠵᠥᠩᠨᠡᠭᠰᠡᠨ ᠪᠠᠶᠢᠨ᠎ᠠ᠃      19 ᠳ᠋ᠤᠭᠡᠷ ᠵᠠᠭᠤᠨ ᠠᠴᠠ ᠰᠤᠳᠤᠯᠤᠭᠰᠠᠨ ᠬᠡᠳᠥᠨ ᠶᠡᠭᠡ ᠢᠵᠠᠭᠤᠷ ᠠᠩᠬᠢᠯᠠᠯ᠄ ᠡᠨᠡᠤᠨᠬᠡᠭ — ᠡᠸᠥ᠋ᠷᠤᠫᠠ ᠢᠵᠠᠭᠤᠷ ᠬᠡᠯᠡ ︵ᠡᠨᠡᠳᠭᠡᠭ᠂ ᠢᠷᠠᠨ᠂ ᠯᠠᠲ᠋ᠢᠨ᠂ ᠰᠯᠧ᠂ ᠭᠧᠷᠮᠠᠨ᠂ ᠪᠠᠯᠲ ᠬᠡᠭᠦ 6 ᠶᠡᠭᠡ ᠰᠠᠯᠪᠤᠷᠢ ᠲᠠᠢ︶᠂ ᠬᠢᠳᠡᠳ — ᠲᠥᠪᠡᠳ ᠢᠵᠠᠭᠤᠷ ᠬᠡᠯᠡ ︵ᠬᠢᠳᠡᠳ᠂ ᠲᠥᠪᠡᠳ᠂ ᠪᠢᠷᠮᠠ᠂ ᠵᠤᠸᠠᠩ᠂ ᠶᠤᠤ᠂ ᠮᠢᠶᠤᠤ ᠁ ᠵᠡᠷᠭᠡ ᠥᠨᠳᠥᠰᠥᠳᠡᠨ 14 ᠳ᠋ᠥᠩᠰᠢᠭᠤᠷ ᠭᠥᠮᠥᠨ ᠠᠮᠠ︶᠂ ᠠᠯᠳᠠᠢ ᠢᠵᠠᠭᠤᠷ ᠬᠡᠯᠡ ︵ᠲᠥᠷᠥᠭ ᠲᠥᠷᠥᠯ ᠬᠡᠯᠡᠳᠡᠨ᠂ ᠮᠤᠩᠭᠤᠯ ᠲᠥᠷᠥᠯ ᠭᠡᠯᠡᠳᠡᠨ᠂ ᠮᠠᠨᠵᠤ ᠲᠥᠩᠭᠦᠰ ᠲᠥᠷᠥᠯ ᠬᠡᠯᠡᠳᠡᠨ ᠬᠡᠭᠦ 3 ᠶᠡᠭᠡ ᠰᠠᠯᠪᠤᠷᠢ ᠲᠠᠢ︶᠂ ᠱᠠᠨᠮᠥ᠋ᠲ — ᠬᠠᠮᠢ ᠢᠵᠠᠭᠤᠷ ᠬᠡᠯᠡ ︵ᠠᠷᠠᠪ ᠬᠡᠯᠡᠳᠡᠨ ᠪᠤᠯᠤᠨ ᠾᠢᠪᠷᠠᠢ ᠬᠡᠯᠡᠳᠡᠨ︶᠂ ᠳ᠋ᠷᠠᠸᠧᠢᠳᠠ ᠢᠵᠠᠭᠤᠷ ᠭᠡᠯᠡ ︵ᠡᠨᠡᠳᠭᠡᠭ ᠤᠨ ᠡᠮᠥᠨᠡᠳᠤ ᠬᠡᠰᠡᠭ ᠬᠢᠭᠡᠳ ᠰᠠᠷᠢ ᠯᠠᠨᠺᠠ ᠵᠡᠷᠭᠡ ᠤᠷᠤᠨ︶᠂ ᠢᠪᠧᠷᠢᠶ᠎ᠠ — ᠺᠠᠥᠺᠠᠽ ᠢᠵᠠᠭᠤᠷ ᠬᠡᠯᠡ ︵ᠢᠪᠧᠷᠢᠶ᠎ᠠ ᠬᠤᠶᠢᠭ ᠤᠨ ᠤᠷᠤᠨ ᠪᠤᠯᠤᠨ ᠺᠠᠤᠺᠠᠽ ᠤᠷᠤᠨ︶᠂ ᠥᠷᠡᠯ ᠢᠵᠠᠭᠤᠷ ᠬᠡᠯᠡ ︵ᠹᠢᠨᠯᠠᠨᠳ᠋᠂ ᠬᠠᠩᠭᠠᠷᠢ᠂ ᠡᠸ᠋ᠰᠲ᠋ᠥ᠋ᠨᠢᠶ᠎ᠠ᠂ ᠯᠠᠲ᠋ᠢᠸᠢᠶ᠎ᠠ ᠵᠡᠷᠭᠡ ᠤᠷᠤᠨ︶᠂ ᠨᠧᠭᠧᠷ — ᠺᠤᠩᠭᠤ᠋ ᠢᠵᠠᠭᠤᠷ ᠬᠡᠯᠡ ︵ᠰᠠᠬᠠᠷᠠ ᠠᠴᠠ ᠤᠷᠤᠭᠰᠢ ᠬᠠᠷ᠎ᠠ ᠠᠹᠷᠢᠺᠠ ᠲᠢᠪ ᠤᠨ ᠤᠷᠤᠨ︶᠂ ᠨᠢᠯ — ᠰᠠᠬᠠᠷᠠ ᠢᠵᠠᠭᠤᠷ ᠬᠡᠯᠡ ︵ᠶᠧᠵᠢᠫᠲ ᠢ ᠪᠠᠭᠳᠠᠭᠠᠭᠰᠠᠨ ᠤᠮᠠᠷᠠᠳᠤ ᠠᠹᠷᠢᠺᠠ ᠲᠢᠪ ᠤᠨ ᠤᠷᠤᠨ︶᠂ ᠠᠶᠢᠰᠺᠢᠮᠥ᠋ — ᠠᠯᠢᠤᠱᠧᠨ ᠢᠵᠠᠭᠤᠷ ᠬᠡᠯᠡ ︵ᠤᠮᠠᠷᠠᠳᠤ ᠲᠥᠢᠯ ᠤᠨ ᠴᠠᠭᠠᠷᠢᠭ ᠤᠨ ᠤᠷᠤᠨ ᠬᠢᠭᠡᠳ ᠠᠯᠢᠦᠱᠧᠨ ᠤᠯᠳᠤᠷᠢᠭ ᠤᠨ ᠰᠠᠭᠤᠭᠠᠯᠢᠴᠤᠳ︶᠂ ᠠᠲ᠋ᠠᠫᠠᠰᠺᠠ — ᠠᠷᠭᠤᠨᠵᠢᠨ ᠢᠵᠠᠭᠤᠷ ᠬᠡᠯᠡ ︵ᠤᠮᠠᠷᠠᠳᠤ ᠠᠮᠧᠷᠢᠺᠠ ᠲᠢᠪ  ᠤᠨ ᠢᠨᠳᠢᠶᠠᠨ ᠭᠥᠮᠥᠰ︶᠂ ᠮᠠᠶᠠ — ᠢᠨᠺᠠ ᠢᠵᠠᠭᠤᠷ ᠬᠡᠯᠡ ︵ᠮᠧᠺᠰᠢᠺᠦ ᠶᠢ ᠪᠠᠭᠳᠠᠭᠠᠭᠰᠠᠨ ᠲᠤᠮᠳᠠᠳᠤ ᠠᠮᠧᠷᠢᠺᠠ ᠲᠢᠪ ᠤᠨ ᠤᠤᠭᠠᠯ ᠢᠷᠭᠡᠳ︶᠂ ᠫᠠᠲ᠋ᠠᠭᠤᠨᠢᠶ᠎ᠠ ᠲᠥᠷᠥᠯ ᠬᠡᠯᠡ ︵ᠡᠮᠥᠨᠡᠳᠤ ᠠᠮᠧᠷᠢᠺᠠ ᠲᠢᠪ ᠬᠢᠭᠡᠳ ᠵᠠᠷᠢᠮ ᠠᠷᠠᠯ ᠤᠳ︶᠂ ᠮᠠᠯᠠᠢ — ᠫᠤᠯᠢᠨᠢᠰᠢᠶ᠎ᠠ ᠢᠵᠠᠭᠤᠷ ᠬᠡᠯᠡ ︵ᠶᠡᠭᠡ ᠲᠠᠯᠠᠢ ᠶᠢᠨ ᠲᠢᠪ ᠬᠢᠭᠡᠳ ᠡᠮᠥᠨᠡᠳᠤ ᠶᠢᠨ ᠤᠯᠠᠨ ᠠᠷᠠᠯ ᠤᠯᠳᠤᠷᠢᠭ︶᠂ ᠺᠧᠶ᠋ᠢᠰᠠᠨᠨᠢ ᠢᠵᠠᠭᠤᠷ ᠬᠡᠯᠡ ︵ᠡᠮᠥᠨᠡᠳᠤ ᠠᠹᠷᠢᠺᠠ᠂ ᠨᠠᠮᠢᠪᠢᠶ᠎ᠠ᠂ ᠲᠠᠨᠽᠠᠨᠢᠶ᠎ᠠ ᠵᠡᠷᠭᠡ ᠤᠷᠤᠨ︶᠂ ᠡᠮᠥᠨᠡᠳᠤ ᠠᠽᠢᠶ᠎ᠠ ᠢᠵᠠᠭᠤᠷ ᠬᠡᠯᠡ ︵ᠲᠤᠮᠳᠠᠳᠤ ᠡᠮᠥᠨᠡᠳᠤ ᠶᠢᠨ ᠬᠤᠶᠢᠭ ᠬᠢᠭᠡᠳ ᠶᠥᠨᠨᠠᠨ ᠵᠡᠷᠭᠡ ᠤᠷᠤᠨ︶ ᠁ ᠵᠡᠷᠭᠡ ᠠᠴᠠ ᠭᠠᠳᠠᠨ᠎ᠠ ᠶᠠᠫᠤᠨ ︵ᠲᠡᠯᠡᠭᠡᠢ ᠶᠢᠨ ᠵᠢᠷᠭᠤᠳᠤᠭᠠᠷ ᠲᠤᠮᠤ ᠬᠡᠯᠡ︶᠂ ᠰᠤᠯᠤᠩᠭᠤᠰ ᠵᠡᠷᠭᠡ ᠶᠠᠮᠠᠷᠴᠤ ᠢᠵᠠᠭᠤᠷ ᠬᠡᠯᠡ ᠳᠤ ᠲᠤᠳᠤᠷᠬᠠᠢ ᠬᠠᠷᠢᠶᠠᠯᠠᠭᠳᠠᠬᠤ ᠠᠷᠭ᠎ᠠ ᠥᠭᠡᠢ ᠬᠡᠯᠡ ᠨᠦᠭᠦᠳ ᠪᠠᠰᠠ ᠪᠤᠢ᠃      2. ᠥᠰᠥᠭ ᠪᠢᠴᠢᠭ      ᠤᠳᠤ ᠥᠶ᠎ᠡ ᠶᠢᠨ ᠥᠰᠥᠭ ᠪᠢᠴᠢᠭ ᠪᠤᠯ ᠠᠪᠢᠶ᠎ᠠ ᠢᠯᠡᠳᠭᠡᠭᠦ ᠲᠤᠭᠳᠠᠮᠠᠯ ᠲᠡᠮᠳᠡᠭ ᠢ ᠬᠡᠯᠡᠳᠡᠭ᠃ ᠤᠬᠠᠭᠳᠠᠬᠤᠨ ᠢ ᠨᠢ ᠰᠢᠨᠵᠢᠪᠡᠯ ︽ᠥᠰᠥᠭ ᠪᠢᠴᠢᠭ ᠪᠤᠯ ᠭᠥᠮᠥᠨ ᠲᠥᠷᠥᠯᠬᠢᠳᠡᠨ ᠤ ᠤᠳᠬ᠎ᠠ ᠶᠢᠨ ᠲᠡᠮᠳᠡᠭ ᠢᠶᠠᠷ ᠮᠡᠳᠡᠭᠡ ᠵᠠᠩᠬᠢ ᠢᠯᠡᠳᠭᠡᠵᠤ ᠤᠳᠠᠭᠠᠨ ᠴᠠᠭ ᠬᠠᠳᠠᠭᠠᠯᠠᠨ ᠲᠠᠮᠵᠢᠭᠤᠯᠵᠤ ᠴᠢᠳᠠᠬᠤ ᠠᠷᠭ᠎ᠠ ᠮᠠᠶ᠋ᠢᠭ ᠪᠠ ᠬᠡᠷᠡᠭᠯᠡᠭᠦᠷ ᠮᠥᠨ︾ ᠬᠡᠵᠡᠢ᠃ ᠮᠥᠨ ᠰᠤᠳᠤᠯᠤᠯ ᠪᠥᠷᠢᠳᠭᠡᠯ ᠢ ᠥᠨᠳᠥᠰᠥᠯᠡᠪᠡᠯ᠂ ᠲᠡᠯᠡᠭᠡᠢ ᠲᠡᠭᠡᠷᠡᠬᠢ ᠥᠰᠥᠭ ᠪᠢᠴᠢᠭ ᠤᠨ ᠲᠥᠷᠥᠯ ᠵᠥᠢᠯ ᠢ ᠭᠤᠤᠯᠳᠠᠭᠤ ᠲᠥᠷᠰᠤ ᠶᠢ ᠢᠯᠡᠳᠭᠡᠭᠦ ᠥᠰᠥᠭ᠂ ᠤᠳᠬ᠎ᠠ ᠶᠢ ᠢᠯᠡᠳᠭᠡᠭᠦ ᠥᠰᠥᠭ ᠪᠤᠯᠤᠨ ᠠᠪᠢᠶ᠎ᠠ ᠶᠢ ᠢᠯᠡᠳᠭᠡᠭᠦ ᠥᠰᠥᠭ ᠭᠡᠭᠦ ᠭᠤᠷᠪᠠᠨ ᠶᠡᠭᠡ ᠲᠥᠷᠥᠯ ᠳᠤ ᠬᠤᠪᠢᠶᠠᠵᠤ ᠪᠤᠯᠬᠤ ᠪᠥᠭᠡᠳ ᠲᠡᠳᠡᠭᠡᠷ ᠨᠢ ᠶᠡᠭᠡ ᠲᠥᠯᠥᠪ ᠲᠤ ᠪᠠᠨ ᠥᠰᠥᠭ ᠪᠢᠴᠢᠭ ᠤᠨ ᠭᠥᠭᠵᠢᠯᠳᠡ ᠶᠢᠨ ᠭᠤᠷᠪᠠᠨ ᠠᠳᠠᠯᠢ ᠪᠤᠰᠤ ᠱᠠᠳᠤ ᠥᠶᠡᠴᠢ ᠴᠢᠨᠠᠷ ᠢ ᠪᠡᠯᠭᠡᠳᠡᠵᠤ ᠪᠠᠶᠢᠳᠠᠭ᠃ ᠥᠰᠥᠭ ᠪᠢᠴᠢᠭ ᠤᠨ ᠭᠥᠭᠵᠢᠯᠳᠡ ᠶᠢᠨ ᠵᠢᠮ᠎ᠠ ᠶᠤᠰᠤ ᠬᠢᠭᠡᠳ ᠰᠢᠰᠲ᠋ᠧᠮ ᠲᠠᠢ ᠴᠢᠳᠠᠮᠵᠢ ᠠᠴᠠ ᠨᠢ ᠠᠪᠴᠤ ᠥᠵᠡᠪᠡᠯ ᠠᠪᠢᠶ᠎ᠠ ᠢᠯᠡᠳᠭᠡᠭᠦ ᠥᠰᠥᠭ ᠪᠤᠯ ᠥᠰᠥᠭ ᠪᠢᠴᠢᠭ ᠤᠨ ᠭᠥᠭᠵᠢᠯᠳᠡ ᠶᠢᠨ ᠢᠷᠡᠭᠡᠳᠥᠢ ᠶᠢᠨ ᠬᠠᠨᠳᠤᠰᠢ ᠮᠥᠨ᠃      ᠡᠷᠳᠡᠨ ᠤ ᠶᠧᠵᠢᠫᠲ ᠤᠨ ᠲᠥᠷᠰᠥᠳᠤ ᠥᠰᠥᠭ᠂ ᠬᠤᠶᠠᠷ ᠮᠥᠷᠡᠨ ᠤ ᠰᠠᠪᠠ ᠭᠠᠵᠠᠷ ᠤᠨ ᠱᠢᠭᠠᠨᠳᠠᠭ ᠥᠰᠥᠭ ᠪᠤᠯᠤᠨ ᠬᠢᠳᠡᠳ ᠤᠨ ᠶᠢᠨ ᠱᠠᠩ ᠤᠨ ᠶᠠᠰᠤᠨ ᠪᠢᠴᠢᠭ ᠵᠡᠷᠭᠡ ᠪᠤᠯ ᠴᠥᠮ ᠠᠩᠬᠠᠨ ᠤ ᠥᠶ᠎ᠡ ᠶᠢᠨ ᠲᠥᠷᠰᠤ ᠶᠢ ᠢᠯᠡᠳᠭᠡᠭᠦ ᠥᠰᠥᠭ ᠤᠳ ᠶᠤᠮ᠃ ᠲᠥᠷᠰᠤ ᠶᠢ ᠢᠯᠡᠳᠭᠡᠭᠦ ᠥᠰᠥᠭ ᠢ ᠪᠠᠰᠠ ᠲᠥᠷᠰᠥᠳᠤ ᠥᠰᠥᠭ ᠬᠡᠳᠡᠭ᠃ ᠲᠥᠷᠰᠤ ᠢᠯᠡᠳᠭᠡᠭᠦ ᠥᠰᠥᠭ ᠪᠤᠯ ᠭᠥᠮᠥᠨ ᠲᠥᠷᠥᠯᠬᠢᠳᠡᠨ ᠤ ᠥᠰᠥᠭ ᠪᠢᠴᠢᠭ ᠤᠨ ᠭᠥᠭᠵᠢᠯᠳᠡ ᠶᠢᠨ ᠠᠩᠬᠠᠨ ᠤ ᠱᠠᠳᠤᠨ ᠳᠤ ᠬᠠᠷᠢᠶᠠᠯᠠᠭᠳᠠᠨ᠎ᠠ᠃ ᠲᠡᠷᠡ ᠨᠢ ᠪᠤᠰᠤᠳᠴᠢ ᠪᠤᠳᠠᠰ ᠶᠠᠭᠤᠮ᠎ᠠ ᠶᠢᠨ ᠭᠠᠳᠠᠷ ᠲᠥᠷᠢ ᠶᠢ ᠲᠥᠷᠰᠥᠯᠡᠭᠦ ᠬᠡᠯᠪᠡᠷᠢ ᠪᠠᠷ ᠲᠤᠰ ᠭᠡᠷᠡᠭ ᠪᠤᠳᠠᠰ ᠢ ᠲᠡᠮᠳᠡᠭᠯᠡᠨ ᠢᠯᠡᠳᠭᠡᠳᠡᠭ ᠪᠤᠯᠪᠠᠴᠤ ᠰᠢᠰᠲ᠋ᠧᠮᠴᠢ ᠴᠢᠨᠠᠷ ᠢᠶᠠᠷ ᠴᠢᠩᠭ᠎ᠠ ᠪᠢᠰᠢ ᠪᠥᠭᠡᠳ ᠢᠯᠡᠳᠭᠡᠭᠦ ᠬᠡᠪᠴᠢᠶ᠎ᠡ ᠨᠢ ᠬᠢᠵᠠᠭᠠᠷᠳᠠᠮᠠᠯ ᠪᠠᠶᠢᠳᠠᠭ᠃ ᠲᠡᠭᠦᠨ ᠤ ᠤᠨᠴᠠᠯᠢᠭ ᠨᠢ᠄ ᠨᠢᠭᠡ ᠳᠤ᠂ ᠬᠡᠯᠡᠨ  ᠤ ᠠᠪᠢᠶ᠎ᠠ ᠲᠠᠢ ᠤᠶᠠᠯᠳᠤᠵᠤ ᠪᠤᠳᠠᠳᠠᠢ ᠥᠭᠡ ᠥᠰᠥᠭ ᠢ ᠰᠢᠭᠤᠳ ᠢᠯᠡᠳᠭᠡᠵᠤ ᠴᠢᠳᠠᠬᠤ ᠥᠭᠡᠢ︔ ᠬᠤᠶᠠᠷ ᠲᠤ᠂ ᠬᠡᠳᠥᠶᠢᠪᠡᠷ ᠤᠳᠬ᠎ᠠ ᠶᠢ ᠢᠯᠡᠳᠭᠡᠵᠤ ᠴᠢᠳᠠᠬᠤ ᠪᠤᠯᠪᠠᠴᠤ ᠠᠪᠢᠶ᠎ᠠ ᠶᠢ ᠢᠯᠡᠳᠭᠡᠵᠤ ᠲᠠᠶᠢᠯᠭᠦ ᠥᠭᠡᠢ︔ ᠭᠤᠷᠪᠠ  ᠳᠤ᠂ ᠵᠥᠪᠭᠡᠨ ᠪᠤᠳᠠᠳᠠᠢ ᠤᠷᠤᠰᠢᠬᠤ ᠪᠤᠳᠠᠰ ᠶᠠᠭᠤᠮ᠎ᠠ ᠶᠢ ᠢᠯᠡᠳᠭᠡᠵᠤ ᠲᠡᠶᠢᠯᠭᠦ ᠠᠴᠠ ᠪᠢᠰᠢ ᠬᠡᠶᠢᠰᠪᠥᠷᠢ ᠤᠬᠠᠭᠳᠠᠬᠤᠨ ᠢ ᠢᠯᠡᠳᠭᠡᠵᠤ ᠲᠡᠶᠢᠯᠭᠦ ᠥᠭᠡᠢ᠃      ᠬᠢᠳᠡᠳ ᠥᠰᠥᠭ᠂ ᠶᠠᠫᠤᠨ ᠥᠰᠥᠭ ᠵᠡᠷᠭᠡ ᠪᠤᠯ ᠤᠳᠬ᠎ᠠ ᠶᠢ ᠢᠯᠡᠳᠭᠡᠭᠦ ᠥᠰᠥᠭ ᠲᠤ ᠪᠠᠭᠳᠠᠨ᠎ᠠ᠃ ᠤᠳᠬ᠎ᠠ ᠶᠢ ᠢᠯᠡᠳᠭᠡᠭᠦ ᠥᠰᠥᠭ ᠪᠤᠯ ᠲᠥᠷᠰᠤ ᠶᠢ ᠢᠯᠡᠳᠭᠡᠭᠦ ᠥᠰᠥᠭ ᠪᠠ ᠠᠪᠢᠶ᠎ᠠ ᠶᠢ ᠢᠯᠡᠳᠭᠡᠭᠦ ᠥᠰᠥᠭ ᠤᠨ ᠬᠤᠭᠤᠷᠤᠨᠳᠤᠬᠢ ᠨᠢᠭᠡᠨ ᠱᠠᠳᠤ ᠥᠶ᠎ᠡ ᠭᠡᠵᠤ ᠤᠶᠢᠯᠠᠭᠠᠵᠤ ᠪᠤᠯᠤᠨ᠎ᠠ᠃ ᠤᠳᠬ᠎ᠠ ᠶᠢ ᠢᠯᠡᠳᠭᠡᠭᠦ ᠥᠰᠥᠭ ᠪᠡᠯᠭᠡᠳᠡᠯ ᠤᠨ ᠴᠢᠨᠠᠷ ᠲᠠᠢ ᠵᠢᠷᠤᠭ ᠲᠡᠮᠳᠡᠭ ᠢᠶᠠᠷ ᠲᠠᠮᠵᠢᠨ ᠨᠢᠭᠡ ᠪᠥᠳᠥᠨ ᠪᠢᠴᠢᠭ ᠪᠤᠶᠤ ᠪᠥᠳᠥᠭᠡᠪᠥᠷᠢ ᠶᠢᠨ ᠤᠳᠬ᠎ᠠ ᠠᠭᠤᠯᠭ᠎ᠠ ᠶᠢ ᠢᠯᠡᠳᠭᠡᠳᠡᠭ᠃ ᠵᠢᠷᠤᠭ ᠲᠥᠷᠰᠥᠳᠤ ᠲᠡᠮᠳᠡᠭ ᠨᠢ ᠶᠡᠷᠤ ᠳᠤ ᠪᠠᠨ ᠪᠥᠳᠥᠴᠡ ᠶᠢᠨ ᠪᠥᠷᠢᠯᠳᠥᠭᠦᠨ ᠪᠠ ᠪᠥᠳᠥᠴᠡ ᠶᠢᠨ ᠬᠠᠷᠢᠴᠠᠭ᠎ᠠ ᠪᠠᠷ ᠲᠠᠮᠵᠢᠨ ᠲᠥᠭᠦᠮ ᠪᠤᠶᠤ ᠪᠤᠳᠤᠯᠢᠶᠠᠨ ᠲᠠᠢ ᠤᠳᠬ᠎ᠠ ᠠᠭᠤᠯᠭ᠎ᠠ ᠶᠢ ᠢᠯᠡᠳᠭᠡᠳᠡᠭ᠃ ᠡᠳᠡᠭᠡᠷ ᠵᠢᠷᠤᠭ ᠲᠡᠮᠳᠡᠭ ᠪᠤᠯ ᠰᠢᠭᠤᠳ ᠥᠵᠡᠵᠤ ᠭᠠᠷᠬᠤ ᠥᠭᠡᠢ ᠤᠨᠴᠠᠯᠢᠭ ᠲᠠᠢ ᠪᠠᠶᠢᠳᠠᠭ ᠪᠥᠭᠡᠳ ᠪᠥᠳᠥᠭᠡᠪᠥᠷᠢ ᠶᠢᠨ ᠲᠠᠭᠤᠳᠠᠯᠭ᠎ᠠ ᠵᠡᠷᠭᠡ ᠲᠠᠢ ᠪᠠᠨ ᠤᠶᠠᠯᠳᠤᠵᠤ ᠵᠤᠬᠢᠴᠠᠯᠳᠤᠨ᠂ ᠬᠡᠯᠡᠨ ᠤ ᠥᠭᠡᠰ ᠤᠨ ᠰᠠᠩ ᠪᠠ ᠬᠡᠯᠡᠨ ᠵᠥᠢ ᠶᠢᠨ ᠬᠠᠷᠢᠴᠠᠭ᠎ᠠ ᠶᠢ ᠲᠡᠮᠳᠡᠭᠯᠡᠵᠤ ᠢᠯᠡᠷᠡᠭᠦᠯᠵᠤ ᠴᠢᠳᠠᠳᠠᠭ᠃      ᠮᠤᠩᠭᠤᠯ ᠥᠰᠥᠭ᠂ ᠠᠩᠭ᠍ᠯᠢ ᠥᠰᠥᠭ ᠵᠡᠷᠭᠡ ᠪᠤᠯ ᠨᠡᠶᠢᠳᠡᠯᠢᠭ ᠴᠢᠨᠠᠷ ᠲᠠᠢ ᠠᠪᠢᠶ᠎ᠠ ᠶᠢ ᠢᠯᠡᠳᠭᠡᠭᠦ ᠥᠰᠥᠭ ᠤᠨ ᠲᠥᠷᠥᠯ ᠮᠥᠨ᠃ ᠠᠪᠢᠶ᠎ᠠ ᠶᠢ ᠢᠯᠡᠳᠭᠡᠭᠦ ᠥᠰᠥᠭ ᠢ ᠪᠠᠰᠠ ᠠᠪᠢᠶᠠᠨ ᠤ ᠥᠰᠥᠭ ᠭᠡᠳᠡᠭ᠃ ᠴᠥᠭᠡᠨ ᠲᠤᠭᠠᠨ ᠤ ᠴᠠᠭᠠᠨ ᠲᠤᠯᠤᠭᠠᠢ ᠪᠠᠷ ᠬᠡᠯᠡᠨ ᠤ ᠠᠪᠢᠶ᠎ᠠ ᠶᠢ ᠪᠥᠷᠢᠨ ᠲᠡᠮᠳᠡᠭᠯᠡᠵᠤ᠂ ᠡᠭᠦᠨ ᠤ ᠤᠯᠠᠮ ᠢᠶᠠᠷ ᠲᠠᠭᠤᠨ ᠤ ᠬᠡᠯᠡ ᠶᠢ ᠤᠨᠤᠪᠴᠢᠳᠠᠢ ᠢᠯᠡᠳᠭᠡᠵᠤ ᠰᠡᠶᠢᠷᠡᠭᠦᠯᠤᠨ ᠪᠠᠭᠤᠯᠭᠠᠵᠤ᠂ ᠵᠢᠭᠰᠠᠭᠠᠬᠤ ᠪᠠ ᠬᠤᠪᠢᠷᠠᠭᠠᠬᠤ ᠳᠤ ᠬᠢᠯᠪᠡᠷ ᠲᠤᠯᠠ ᠰᠤᠷᠤᠯᠴᠠᠬᠤ ᠬᠡᠷᠡᠭᠯᠡᠭᠦ ᠳᠤ ᠮᠠᠰᠢ ᠲᠥᠭᠦᠮ ᠪᠠᠶᠢᠳᠠᠭ᠃ ᠲᠡᠯᠡᠭᠡᠢ ᠶᠢᠨ ᠤᠯᠠᠩᠬᠢ ᠤᠯᠤᠰ ᠤᠨ ᠥᠰᠥᠭ ᠪᠥᠷ ᠠᠪᠢᠶ᠎ᠠ ᠶᠢ ᠲᠡᠮᠳᠡᠭᠯᠡᠭᠦ ᠥᠰᠥᠭ ᠶᠤᠮ᠃      ᠬᠤᠶᠠᠷ᠂ ᠮᠤᠩᠭᠤᠯ ᠬᠡᠯᠡ ᠪᠢᠴᠢᠭ      1. ᠮᠤᠩᠭᠤᠯ ᠬᠡᠯᠡ      ︵1︶ ᠲᠥᠷᠥᠯ ᠠᠩᠬᠢᠯᠠᠯ᠄      ᠠᠯᠳᠠᠢ ᠢᠵᠠᠭᠤᠷ ᠬᠡᠯᠡ ᠶᠢ ᠲᠥᠷᠥᠭ ᠲᠥᠷᠥᠯ ᠭᠡᠯᠡ᠂ ᠮᠤᠩᠭᠤᠯ ᠲᠥᠷᠥᠯ ᠬᠡᠯᠡ ᠪᠠ ᠮᠠᠨᠵᠤ ᠲᠥᠩᠭᠦᠰ ᠲᠥᠷᠥᠯ ᠬᠡᠯᠡ ᠭᠡᠵᠥ ᠭᠤᠷᠪᠠ ᠬᠤᠪᠢᠶᠠᠳᠠᠭ᠃ ᠲᠤᠬᠠᠶᠢᠯᠠᠪᠠᠯ᠄      ᠲᠥᠷᠥᠭ ᠲᠥᠷᠥᠯ ᠬᠡᠯᠡᠳᠡᠨ᠄ ᠤᠷᠤᠰ ᠤᠨ ᠶᠠᠺᠥ᠋ᠲ᠂ ᠤᠷᠤᠰ ᠤᠨ ᠲᠥᠸᠠ᠂ ᠤᠶᠢᠭᠤᠷ᠂ ᠥᠽᠪᠢᠺ᠂ ᠺᠷᠥ᠋ᠮᠢᠶ᠎ᠠ ᠲᠠᠲ᠋ᠠᠷ᠂ ᠲᠥᠷᠺ᠂ ᠶᠤᠭᠤᠷ᠂ ᠸᠤᠯᠭ᠎ᠠ  ᠶᠢᠨ ᠲᠠᠲ᠋ᠠᠷ᠂ ᠬᠠᠰᠠᠭ᠂ ᠬᠢᠷᠬᠢᠰ᠂ ᠲᠥᠷᠺᠮᠧᠨ᠂ ᠠᠽᠧᠷᠪᠠᠶᠢᠵᠠᠨ ᠁      ᠮᠤᠩᠭᠤᠯ ᠲᠥᠷᠥᠯ ᠬᠡᠯᠡᠳᠡᠨ᠄ ᠮᠤᠩᠭᠤᠯ᠂ ᠪᠤᠷᠢᠶᠠᠳ᠂ ᠬᠠᠯᠢᠮᠠᠭ᠂ ᠰᠢᠷ᠎ᠠ ᠶᠤᠭᠤᠷ᠂ ᠲᠠᠭᠤᠷ᠂ ᠮᠤᠩᠭᠤᠷ᠂ ᠳ᠋ᠥᠩᠰᠢᠶᠠᠩ᠂ ᠪᠤᠤ ᠠᠨ᠂ ᠮᠤᠭᠤᠯ ︵ᠬᠠᠵᠠᠷ᠎ᠠ︶ ᠁      ᠮᠠᠨᠵᠤ ᠲᠥᠩᠭᠦᠰ ᠲᠥᠷᠥᠯ ᠬᠡᠯᠡᠳᠡᠨ᠄ ᠵᠥᠷᠴᠢᠨ ᠪᠤᠶᠤ ᠮᠠᠨᠵᠤ ︵1636 ᠤᠨ ᠠᠴᠠ︶᠂ ᠡᠸᠡᠩᠬᠢ᠂ ᠰᠢᠪᠡᠭᠡ᠂ ᠾᠧᠵᠧ᠂ ᠤᠷᠴᠤᠨ ᠁      ︵2︶ ᠮᠤᠩᠭᠤᠯᠴᠤᠳ ᠤᠨ ᠢᠷᠡᠯ ᠭᠠᠷᠤᠯ᠄      ᠮᠤᠩᠭᠤᠯᠴᠤᠳ ᠤᠨ ᠢᠷᠡᠯ ᠭᠠᠷᠤᠯ ᠤᠨ ᠲᠤᠬᠠᠢ ᠮᠠᠰᠢ ᠠᠷᠪᠢᠨ ᠰᠤᠳᠤᠯᠭ᠎ᠠ ᠬᠢᠭᠡᠳ ᠲᠠᠭᠠᠮᠠᠭᠯᠠᠯ ᠪᠠᠶᠢᠳᠠᠭ ᠴᠤ ᠭᠤᠷᠪᠠᠨ ᠴᠠᠭ ᠥᠶ᠎ᠡ ᠶᠢᠨ ᠭᠤᠷᠪᠠᠨ ᠬᠡᠯᠡ  ᠪᠠᠷ ᠭᠤᠷᠪᠠᠨ ᠭᠠᠵᠠᠷ ᠲᠤ ᠪᠢᠴᠢᠭᠳᠡᠭᠰᠡᠨ ᠭᠤᠷᠪᠠᠨ ᠵᠥᠢᠯ ᠤᠨ ᠰᠤᠷᠪᠤᠯᠵᠢ ᠪᠢᠴᠢᠭ ︵ᠬᠢᠳᠡᠳ ᠤᠨ ︽ᠬᠠᠭᠤᠴᠢᠨ ᠲᠠᠩ ᠤᠨ ᠪᠢᠴᠢᠭ︾ ︵7 ᠳ᠋ᠤᠭᠠᠷ ᠵᠠᠭᠤᠨ᠂ ᠬᠢᠳᠡᠳ ᠬᠡᠯᠡ᠂ ᠵᠤᠤ ᠶᠢᠩ︶︔ ︽ᠮᠤᠩᠭᠤᠯ ᠤᠨ ᠨᠢᠭᠤᠴᠠ ᠲᠤᠪᠴᠢᠶᠠᠨ︾ ︵13 ᠳ᠋ᠤᠭᠠᠷ ᠵᠠᠭᠤᠨ᠂ ᠮᠤᠩᠭᠤᠯ ᠬᠡᠯᠡ᠂ ᠬᠡᠷᠡᠶᠢᠳᠭᠡ᠂ ᠵᠢᠩᠭᠠᠢ ᠨᠠᠷ︶︔ ︽ᠰᠤᠳᠤᠷ ᠤᠨ ᠴᠢᠭᠤᠯᠭᠠᠨ︾ ︵14 ᠳ᠋ᠤᠭᠡᠷ ᠵᠠᠭᠤᠨ᠂ ᠫᠧᠷᠰ ᠬᠡᠯᠡ᠂ ᠷᠠᠰᠢᠳ᠋ ᠠᠳ᠋ ᠳ᠋ᠢᠨ︶︶ ᠬᠢᠭᠡᠳ ᠤᠯᠠᠮᠵᠢᠯᠠᠯ ᠶᠠᠷᠢᠶ᠎ᠠ ᠨᠤᠭᠤᠳ ᠢ ᠥᠨᠳᠥᠰᠥᠯᠡᠪᠡᠯ᠂ ᠮᠤᠩᠭᠤᠯ ᠤᠨ ᠲᠡᠭᠡᠳᠥᠰ ᠥᠯᠥ ᠮᠡᠳᠡᠭᠦ ᠶᠠᠮᠠᠷ ᠨᠢᠭᠡᠨ ᠡᠷᠢᠨ ᠠᠴᠠ 7 ᠳ᠋ᠤᠭᠠᠷ ᠵᠠᠭᠤᠨ ᠤ ᠥᠶ᠎ᠡ ᠳᠤ ᠢᠷᠡᠳᠡᠯ᠎ᠡ ᠡᠷᠭᠦᠨ᠎ᠡ ᠭᠤᠤᠯ ᠤᠷᠴᠢᠮ ᠨᠤᠳᠤᠭ ᠲᠠᠢ ᠪᠠᠶᠢᠭᠰᠠᠨ ᠨᠢ ᠨᠡᠯᠢᠶᠡᠳ ᠪᠠᠳᠤᠯᠠᠭ᠎ᠠ ᠲᠠᠢ᠃ 8 ᠳ᠋ᠤᠭᠠᠷ ᠵᠠᠭᠤᠨ ᠪᠤᠯᠬᠤ ᠳᠤ ᠮᠤᠩᠭᠤᠯ ᠠᠶᠢᠮᠠᠭᠳᠠᠳ ᠤᠶᠢᠭᠤᠷ ᠤᠨ ᠡᠵᠡᠨᠳᠤ ᠲᠥᠷᠥ ᠶᠢᠨ ᠨᠤᠶᠠᠷᠬᠠᠯ ᠳᠤ ᠤᠷᠤᠵᠤ᠂ 9 ᠳ᠋ᠤᠭᠡᠷ ᠵᠠᠭᠤᠨ ᠤ ᠲᠤᠮᠳᠠᠴᠢ ᠪᠠᠷ ᠬᠢᠷᠬᠢᠰᠴᠤᠳ ᠤᠶᠢᠭᠤᠷ ᠤᠨ ᠲᠥᠷᠥ ᠶᠢ ᠨᠤᠷᠠᠭᠠᠬᠤ ︵840 ᠤᠨ︶ ᠳᠤ ᠮᠤᠩᠭᠤᠯ ᠠᠶᠢᠮᠠᠭ ᠤᠨ ᠭᠥᠮᠥᠰ ᠲᠡᠳᠡᠨ ᠤ ᠬᠠᠷᠢᠶᠠᠨ ᠳᠤ ᠤᠷᠤᠵᠠᠢ᠃ 10 ᠳ᠋ᠤᠭᠠᠷ ᠵᠠᠭᠤᠨ ᠳᠤ ᠬᠢᠳᠠᠨ ᠥᠨᠳᠥᠰᠥᠳᠡᠨ ᠭᠥᠴᠥᠷᠭᠡᠭᠵᠢᠵᠤ ᠯᠢᠶᠤᠤ ᠤᠯᠤᠰ ᠢ ᠪᠠᠶᠢᠭᠤᠯᠤᠨ ᠮᠤᠩᠭᠤᠯ ᠠᠶᠢᠮᠠᠭ ᠤᠳ  ᠢ ᠨᠤᠶᠠᠷᠬᠠᠯ ᠳᠤ ᠪᠠᠨ ᠪᠠᠭᠳᠠᠭᠠᠭᠰᠠᠨ ᠪᠥᠭᠡᠳ ᠲᠡᠳᠡᠨ ᠤ ᠥᠷᠭᠦᠯᠵᠢ ᠶᠢᠨ ᠡᠰᠡᠷᠭᠦᠴᠡᠯ ᠳᠤ ᠨᠢ ᠤᠴᠠᠷᠠᠵᠤ ᠪᠠᠶᠢᠵᠠᠢ᠃ ᠬᠠᠷᠢᠨ 12 ᠳ᠋ᠤᠭᠠᠷ ᠵᠠᠭᠤᠨ ᠳᠤ ᠡᠬᠢᠨ  ᠳᠤ ᠵᠥᠷᠴᠢᠨ ᠠᠶᠢᠮᠠᠭ ᠠᠯᠳᠠᠨ ᠤᠯᠤᠰ ᠢ ᠪᠠᠶᠢᠭᠤᠯᠵᠤ ᠮᠤᠩᠭᠤᠯ ᠠᠶᠢᠮᠠᠭ ᠢ ᠲᠥᠷ ᠨᠤᠶᠠᠷᠬᠠᠭᠰᠠᠨ ᠴᠤ ᠲᠡᠳᠥᠢ ᠶᠡᠭᠡ ᠤᠳᠠᠯ ᠥᠭᠡᠢ ᠬᠠᠪᠤᠯ ᠬᠠᠨ ᠲᠡᠷᠢᠭᠦᠳᠡᠢ ᠮᠤᠩᠭᠤᠯ ᠠᠶᠢᠮᠠᠭ ᠤᠳ ᠤᠨ ᠬᠤᠯᠪᠤᠭ᠎ᠠ ᠭᠥᠴᠥᠷᠭᠡᠭᠵᠢᠨ ᠪᠤᠰᠴᠤ ᠠᠯᠳᠠᠨ ᠤᠯᠤᠰ ᠲᠠᠢ ᠲᠠᠶᠢᠳᠤᠵᠤ᠂ ᠢᠯᠠᠯᠳᠠ ᠤᠯᠵᠤ ᠴᠤ ᠴᠢᠳᠠᠬᠤ ᠪᠤᠯᠪᠠ᠃ ᠠᠯᠳᠠᠨ ᠤᠯᠤᠰ ᠠᠷᠭ᠎ᠠ ᠪᠤᠰᠤ ᠠᠶᠢᠮᠠᠭ ᠤᠨ ᠬᠤᠭᠤᠷᠤᠨᠳᠤ ᠨᠢ ᠶᠠᠰᠤ ᠬᠠᠶᠠᠵᠤ ᠥᠰ ᠬᠤᠨᠵᠢᠩ ᠲᠠᠷᠢᠵᠤ ᠪᠠᠶᠢᠭᠰᠠᠨ ᠪᠠ ᠬᠢᠳᠤᠵᠤ ᠲᠠᠷᠤᠵᠤ ᠪᠠᠶᠢᠪᠠ᠃ 12 ᠳ᠋ᠤᠭᠠᠷ ᠵᠠᠭᠤᠨ ᠤ ᠰᠡᠭᠦᠯ ᠤᠨ ᠬᠠᠭᠠᠰ ᠲᠤ ᠲᠡᠮᠥᠵᠢᠨ ᠮᠤᠩᠭᠤᠯ ᠤᠨ ᠥᠨᠳᠦᠷᠯᠢᠭ ᠤᠨ ᠡᠯ᠎ᠡ ᠠᠶᠢᠮᠠᠭ ᠤᠳ ᠢ ᠠᠭᠠᠵᠢᠮ ᠢᠶᠠᠷ ᠨᠢᠭᠡᠳᠭᠡᠵᠤ᠂ 13 ᠳ᠋ᠤᠭᠠᠷ ᠵᠠᠭᠤᠨ ᠤ ᠡᠬᠢ ᠪᠤᠯᠬᠤ  ᠳᠤ ᠮᠤᠩᠭᠤᠯ ᠤᠨ ᠢᠶᠠᠨ ᠬᠠᠭᠠᠨᠳᠤ ᠲᠥᠷᠥ ᠶᠢ ᠪᠠᠶᠢᠭᠤᠯᠵᠤ ᠲᠡᠥᠭᠡ ᠶᠢᠨ ᠲᠠᠪᠴᠠᠩ ᠲᠡᠭᠡᠷ᠎ᠡ ᠮᠤᠩᠭᠤᠯ ᠭᠡᠳᠡᠭ ᠨᠡᠷ᠎ᠡ ᠶᠢ ᠡᠬᠢᠯᠡᠵᠤ ᠠᠯᠳᠠᠷᠰᠢᠭᠤᠯᠤᠭᠰᠠᠨ ᠠᠵᠠᠢ᠃ ︵ᠮᠤᠩᠭᠤᠯᠴᠤᠳ ᠠᠷᠪᠠᠨ ᠤᠶᠢᠷᠠᠳ᠂ ᠭᠤᠴᠢᠨ ᠲᠠᠲ᠋ᠠᠷ᠂ ᠮᠧᠩ ᠡᠤ ᠱᠢᠸᠧᠢ ᠵᠡᠷᠭᠡ ᠨᠡᠷ᠎ᠡ ᠪᠠᠷ ᠲᠥᠷᠥᠭ ᠬᠢᠳᠡᠳ ᠰᠤᠷᠪᠤᠯᠵᠢᠰ ᠲᠤ ᠢᠯᠡᠷᠡᠵᠤ ᠪᠠᠶᠢᠵᠠᠢ᠃︶      ︵3︶ ᠲᠡᠥᠭᠡᠨ ᠭᠥᠭᠵᠢᠯᠳᠡ᠄      ᠤᠵᠤᠭᠤᠷ ᠮᠤᠩᠭᠤᠯ ᠬᠡᠯᠡ᠄ ᠥᠯᠥ ᠮᠡᠳᠡᠭᠦ ᠶᠠᠮᠠᠷ ᠨᠢᠭᠡᠨ ᠥᠶ᠎ᠡ ᠠᠴᠠ ᠡᠬᠢᠯᠡᠭᠡᠳ ᠡᠷᠭᠦᠨ᠎ᠡ ᠠᠴᠠ ᠨᠡᠭᠦᠭᠦ ᠭᠥᠷᠳᠡᠯᠡᠬᠢ ᠬᠤᠭᠤᠴᠠᠭᠠᠨ ᠳᠤ᠂ ᠮᠤᠩᠭᠤᠯ ᠤᠭᠰᠠᠭᠠᠳᠠᠳ ᠤᠨ ᠬᠡᠯᠡ ᠶᠠᠮᠠᠷ ᠪᠠᠶᠢᠭᠰᠠᠨ ᠤ ᠲᠤᠬᠠᠢ ᠡᠳᠥᠭᠡ ᠰᠤᠳᠤᠯᠬᠤ ᠰᠥᠪᠡᠭᠴᠢ ᠤᠯᠳᠠᠭ᠎ᠠ ᠥᠭᠡᠢ ᠤᠴᠢᠷ ᠠᠴᠠ ᠨᠠᠷᠢᠨ ᠲᠤᠳᠤᠷᠬᠠᠢ ᠡᠨᠡ ᠲᠡᠷᠡ ᠬᠡᠵᠤ ᠭᠡᠯᠡᠭᠦ ᠠᠷᠭ᠎ᠠ ᠥᠭᠡᠢ ᠴᠤ᠂ ᠲᠡᠳᠡ ᠲᠡᠷᠡ ᠥᠶ᠎ᠡ ᠶᠢᠨ ᠤᠮᠠᠷᠠᠳᠤ ᠶᠢᠨ ᠶᠠᠰᠤᠳᠠᠳ ︵ᠥᠬᠤᠸᠠᠨ ᠵᠡᠷᠭᠡ︶ ᠤᠨ ᠨᠥᠯᠥᠭᠡ ᠪᠠᠷ ᠰᠢᠶᠡᠨᠪᠢ᠂ ᠬᠢᠳᠡᠨ ᠨᠠᠷ ᠤᠨ ᠲᠡᠭᠡᠳᠥᠰ ᠤᠨ ᠲᠠᠢ ᠤᠶᠢᠷᠠᠯᠴᠠᠭ᠎ᠠ ᠰᠢᠭ᠋ ᠭᠡᠯᠡ ᠲᠠᠢ ᠪᠠᠶᠢᠭᠰᠠᠨ ᠪᠤᠯᠤᠮᠵᠢ ᠲᠠᠢ᠃      ᠡᠷᠳᠡᠨ ᠤ ᠮᠤᠩᠭᠤᠯ ᠬᠡᠯᠡ᠄ 7 ᠳ᠋ᠤᠭᠠᠷ ᠵᠠᠭᠤᠨ ᠤ ᠥᠶ᠎ᠡ ᠪᠠᠷ᠂ ᠮᠠᠨ ᠤ ᠲᠡᠭᠡᠳᠤᠳ ᠡᠷᠭᠦᠨ᠎ᠡ ᠭᠤᠤᠯ ᠠᠴᠠ ᠪᠠᠷᠠᠭᠤᠨᠰᠢᠯᠠᠨ ᠪᠤᠷᠬᠠᠨ ᠬᠠᠯᠳᠤᠨ ᠳᠤ ᠤᠷᠤᠵᠤ᠂ ᠤᠨᠤᠨ ᠤ ᠲᠡᠭᠡᠳᠤ ᠤᠷᠤᠰᠬᠠᠯ ᠢᠶᠠᠷ ᠨᠤᠳᠤᠭᠰᠢᠬᠤ ᠪᠤᠯᠤᠭᠰᠠᠨ ᠠᠴᠠ ᠬᠤᠶᠢᠰᠢ ᠮᠤᠩᠭᠤᠯ ᠠᠶᠢᠮᠠᠭ ᠤᠳ ᠤᠮᠠᠷᠠᠳᠤ ᠶᠢᠨ ᠲᠡᠥᠭᠡᠨ ᠲᠠᠪᠴᠠᠩ ᠳᠤ ᠪᠤᠯᠵᠤ ᠪᠠᠶᠢᠭᠰᠠᠨ ᠰᠢᠷᠥᠭᠦᠨ ᠲᠡᠮᠡᠴᠡᠭᠡᠨ ᠡᠷᠭᠡ ᠥᠭᠡᠢ ᠬᠠᠮᠤᠷᠤᠭᠳᠠᠨ ᠤᠷᠤᠭᠰᠠᠨ ᠲᠡᠳᠥᠢ ᠥᠭᠡᠢ ᠰᠢᠶᠡᠨᠪᠢ᠂ ᠬᠢᠳᠡᠨ ᠤ ᠲᠡᠭᠡᠳᠥᠰ ᠤᠨ ᠬᠡᠯᠡᠨ ᠳᠤ ᠪᠢᠰᠢ ᠬᠠᠷᠢᠨ ᠲᠢᠶᠥ᠋ᠷᠺ ᠤᠭᠰᠠᠭᠠᠳᠠᠨ ᠤ ᠬᠡᠯᠡᠨ ᠤ ᠨᠥᠯᠥᠭᠡᠨ ᠳᠤ ᠭᠥᠨᠵᠡᠭᠡᠢ ᠠᠪᠳᠠᠳᠠᠭ ᠪᠤᠯᠵᠠᠢ᠃ 7 — 12 ᠳ᠋ᠤᠭᠠᠷ ᠵᠠᠭᠤᠨ ᠭᠥᠷᠳᠡᠯ᠎ᠡ ᠬᠡᠳᠥᠨ ᠵᠠᠭᠤᠨ ᠵᠢᠯ  ᠤᠨ ᠬᠤᠭᠤᠴᠠᠭᠠᠨ ᠳᠤ ᠮᠤᠩᠭᠤᠯ ᠤᠭᠰᠠᠭᠠᠳᠠᠳ ᠤᠶᠢᠭᠤᠷ᠂ ᠬᠢᠷᠬᠢᠰ᠂ ᠬᠢᠳᠠᠨ᠂ ᠵᠥᠷᠴᠢᠨ ᠵᠡᠷᠭᠡ ᠠᠶᠢᠮᠠᠭ ᠢᠷᠭᠡᠳ ᠤᠨ ᠪᠠᠶᠢᠭᠤᠯᠤᠭᠰᠠᠨ ᠸᠠᠩᠳᠤ ᠲᠥᠷᠥ ᠶᠢᠨ ᠨᠤᠶᠠᠷᠬᠠᠯ ᠳᠤ ᠪᠠᠶᠢᠭᠰᠠᠨ ᠠᠴᠠ ᠡᠷᠳᠡᠨ ᠤ ᠮᠤᠩᠭᠤᠯ ᠭᠡᠯᠡᠨ ᠤ ᠭᠤᠤᠯ ᠤᠨᠴᠠᠯᠢᠭ ᠪᠤᠯ ᠲᠢᠶᠥ᠋ᠷᠺᠵᠢᠭᠰᠡᠨ ᠶᠠᠪᠤᠳᠠᠯ ᠪᠤᠯᠤᠨ᠎ᠠ᠃      ᠲᠤᠮᠳᠠᠳᠤ ᠡᠷᠳᠡᠨ ᠤ ᠮᠤᠩᠭᠤᠯ ᠬᠡᠯᠡ᠄  12  ᠳ᠋ᠤᠭᠠᠷ ᠵᠠᠭᠤᠨ ᠤ ᠲᠤᠮᠳᠠᠴᠢ — 17 ᠳ᠋ᠤᠭᠠᠷ ᠵᠠᠭᠤᠨ ᠭᠥᠷᠳᠡᠯᠡᠬᠢ ᠬᠤᠭᠤᠴᠠᠭᠠᠨ ᠳᠤ ᠮᠤᠩᠭᠤᠯ ᠥᠨᠳᠥᠰᠥᠳᠡᠨ ᠤ ᠨᠡᠶᠢᠳᠡᠯᠢᠭ ᠬᠡᠯᠡ ᠨᠢᠭᠡᠨᠳᠠ ᠪᠥᠷᠢᠯᠳᠤᠨ ᠲᠥᠯᠥᠪᠰᠢᠷᠡᠪᠡ᠃      ᠤᠷᠴᠢᠨ ᠥᠶ᠎ᠡ ᠶᠢᠨ ᠮᠤᠩᠭᠤᠯ ᠬᠡᠯᠡ᠄ 17 ᠳ᠋ᠤᠭᠠᠷ ᠵᠠᠭᠤᠨ ᠤ ᠡᠬᠢ — 20 ᠳ᠋ᠤᠭᠠᠷ ᠵᠠᠭᠤᠨ ᠤ ᠡᠬᠢ ᠪᠤᠯᠳᠠᠯᠠᠬᠢ ᠬᠤᠭᠤᠴᠠᠭᠠᠨ ᠳᠤ ᠬᠢ ᠮᠤᠩᠭᠤᠯᠴᠤᠳ ᠤᠨ ᠨᠡᠶᠢᠳᠡᠯᠢᠭ ᠪᠢᠴᠢᠭ ᠤᠨ ᠬᠡᠯᠡ ᠲᠤᠭᠳᠠᠭᠰᠠᠨ ᠪᠥᠭᠡᠳ ᠠᠶᠠᠯᠭᠤᠨ ᠤ ᠵᠥᠷᠢᠶ᠎ᠡ ᠤᠷᠤᠰᠢᠵᠤ ᠪᠠᠶᠢᠪᠠ᠃      ᠤᠳᠤ ᠥᠶ᠎ᠡ ᠶᠢᠨ ᠮᠤᠩᠭᠤᠯ ᠬᠡᠯᠡ᠄ 20 ᠳ᠋ᠤᠭᠠᠷ ᠵᠠᠭᠤᠨ ᠠᠴᠠ ᠨᠠᠭᠠᠰᠢ᠂ ᠨᠡᠩ ᠴᠤ 1921 ᠳᠤ ᠮᠤᠩᠭᠤᠯ ᠤᠯᠤᠰ ᠤᠨ ᠠᠷᠠᠳ ᠤᠨ ᠬᠤᠪᠢᠰᠬᠠᠯ ᠢᠯᠠᠯᠳᠠ ᠤᠯᠤᠭᠰᠠᠨ ᠠᠴᠠ ᠢᠨᠠᠭᠰᠢ ᠮᠤᠩᠭᠤᠯ ᠬᠡᠯᠡᠨ ᠤ ᠭᠥᠭᠵᠢᠯᠳᠡ ᠲᠥᠷᠭᠡᠰᠴᠤ᠂ ᠲᠡᠯᠭᠡᠷ ᠨᠡᠶᠢᠳᠡᠯᠢᠭ ᠰᠤᠳᠤᠯᠭ᠎ᠠ ᠰᠢᠨᠵᠢᠯᠡᠯ ᠲᠠᠢ ᠪᠤᠯᠪᠠ᠃      2. ᠮᠤᠩᠭᠤᠯ ᠪᠢᠴᠢᠭ      ᠠᠪᠢᠶ᠎ᠠ ᠪᠤᠯ ᠰᠤᠨᠤᠰᠳᠠᠬᠤ ᠠᠴᠠ ᠪᠢᠰᠢ ᠥᠵᠡᠭᠳᠡᠳᠡᠭ ᠥᠭᠡᠢ ᠪᠢᠯᠡ᠃ ᠬᠡᠯᠡᠨ ᠤ ᠠᠪᠢᠶ᠎ᠠ ᠶᠢ ᠨᠢᠳᠥᠨ ᠳᠤ ᠥᠵᠡᠭᠳᠡᠭᠦ ᠠᠪᠢᠶᠠᠨ ᠤ ᠲᠡᠮᠳᠡᠭ ᠲᠠᠢ ᠪᠤᠯᠭᠠᠬᠤ ᠶᠠᠪᠤᠴᠠ ᠪᠤᠯ ᠲᠠᠷᠤᠢ ᠭᠥᠮᠥᠨ ᠲᠥᠷᠥᠯᠬᠢᠳᠡᠨ ᠤ ᠪᠢᠴᠢᠭ ᠲᠠᠢ ᠪᠤᠯᠤᠭᠰᠠᠨ ᠲᠡᠥᠭᠡ ᠶᠤᠮ᠃ ᠮᠤᠩᠭᠤᠯᠴᠤᠳ ᠡᠨᠡ ᠡᠭᠦᠷᠭᠡ ᠪᠠᠨ ᠨᠠᠭᠠᠳᠤ ᠵᠠᠬ᠎ᠠ ᠳᠤ ᠪᠠᠨ ᠮᠢᠩᠭᠠᠨ ᠤᠨ ᠤ ᠲᠡᠷᠳᠡᠭᠡ ᠭᠥᠢᠴᠡᠳᠭᠡᠭᠰᠡᠨ ᠪᠠᠶᠢᠵᠠᠢ᠃       ︵1︶ ᠢᠷᠡᠯ ᠭᠠᠷᠤᠯ᠄      ᠨᠡᠶᠢᠳᠡ ᠮᠤᠩᠭᠤᠯᠴᠤᠳ ᠤᠨ ᠴᠤᠬᠤᠮ ᠲᠠᠨᠢᠳᠠᠭ ᠬᠤᠳᠤᠮ ᠮᠤᠩᠭᠤᠯ ᠥᠰᠥᠭ ᠪᠤᠯ ᠬᠠᠮᠤᠭ ᠲᠥᠭᠡᠮᠡᠯ ᠬᠡᠷᠡᠭᠯᠡᠭᠳᠡᠭᠰᠡᠨ ᠮᠤᠩᠭᠤᠯ ᠥᠰᠥᠭ ᠶᠤᠮ᠃ ᠲᠡᠭᠦᠨ  ᠤ ᠡᠭᠦᠰᠥᠯ ᠬᠥᠭᠵᠢᠯ ᠤᠨ ᠲᠤᠬᠠᠢ ᠡᠷᠳᠡᠮᠳᠡᠳ ᠰᠤᠳᠤᠯᠤᠭᠠᠳ ᠤᠳᠤᠬᠠᠨ ᠳᠤ ᠡᠶᠢᠮᠤᠷᠭᠦ ᠢᠷᠡᠯᠳᠡ ᠶᠢᠨ ᠭᠡᠯᠬᠢᠶᠡᠰᠤ ᠭᠠᠷᠭᠠᠵᠠᠢ᠄      ᠡᠮᠥᠨ᠎ᠡ 30 ᠳ᠋ᠤᠭᠠᠷ ᠵᠠᠭᠤᠨ ᠤᠷᠴᠢᠮ᠂ ᠬᠤᠶᠠᠷ ᠮᠥᠷᠡᠨ ᠤ ᠰᠠᠪᠠ ᠭᠠᠵᠠᠷ ᠤᠨ ᠰᠥᠮᠧᠷᠴᠤᠳ ᠤᠨ ᠱᠢᠭᠠᠨᠳᠠᠭ ᠥᠰᠥᠭ᠃ ︵楔形文字︶      ᠡᠮᠥᠨ᠎ᠡ 12 ᠳ᠋ᠤᠭᠠᠷ ᠵᠠᠭᠤᠨ᠂ ᠤᠳᠤᠬᠢ ᠯᠧᠪᠠᠨᠤᠨ ᠤᠷᠴᠢᠮ ᠤᠨ ᠹᠢᠨᠢᠰᠢᠶᠠᠴᠤᠳ ᠤᠨ ᠹᠢᠨᠢᠰᠢᠶ᠎ᠠ ᠴᠠᠭᠠᠨ ᠲᠤᠯᠤᠭᠠᠢ᠃ ︵腓尼基字母︶      ᠡᠮᠥᠨ᠎ᠡ 9 ᠳ᠋ᠤᠭᠡᠷ ᠵᠠᠭᠤᠨ᠂ ᠤᠳᠤᠬᠢ ᠰᠢᠷᠢᠶ᠎ᠠ ᠠᠴᠠ ᠵᠡᠭᠦᠰᠢᠬᠢ ᠤᠷᠤᠨ ᠳᠤ ᠲᠡᠯᠭᠡᠷᠡᠭᠰᠡᠨ ᠠᠷᠾᠠᠮᠢ ᠴᠠᠭᠠᠨ ᠲᠤᠯᠤᠭᠠᠢ᠃(亚兰文)      ᠡᠮᠥᠨ᠎ᠡ 4 ᠳ᠋ᠤᠭᠡᠷ ᠵᠠᠭᠤᠨ᠂ ᠪᠠᠷᠠᠭᠤᠨ ᠠᠽᠢᠶ᠎ᠠ᠂ ᠲᠥᠪ ᠠᠽᠢᠶ᠎ᠠ᠂ ᠤᠮᠠᠷᠠᠳᠤ ᠠᠽᠢᠶ᠎ᠠ ᠳᠤ ᠲᠡᠯᠭᠡᠷᠡᠭᠰᠡᠨ ᠪᠠᠷᠠᠾᠠᠮᠢ ᠥᠰᠥᠭ᠃(婆罗米文)      3 ᠳ᠋ᠤᠭᠠᠷ ᠵᠠᠭᠤᠨ᠂ ᠢᠷᠠᠨ ᠤ ᠵᠡᠭᠦᠨ ᠭᠡᠰᠡᠭ  ᠠᠴᠠ ᠠᠽᠢᠶ᠎ᠠ ᠤᠷᠤᠨ ᠳᠤ ᠨᠡᠶᠢᠳᠡᠮ ᠲᠡᠯᠭᠡᠷᠡᠭᠰᠡᠨ ᠰᠤᠭᠳᠠ ᠥᠰᠥᠭ᠃(粟特文)      8 ᠳ᠋ᠤᠭᠠᠷ ᠵᠠᠭᠤᠨ᠂ ᠲᠤᠮᠳᠠᠳᠤ ᠠᠽᠢᠶ᠎ᠠ ᠬᠢᠭᠡᠳ ᠰᠢᠨᠵᠢᠶᠠᠩ ᠤᠷᠤᠨ ᠳᠤ ᠲᠡᠯᠭᠡᠷᠡᠭᠰᠡᠨ ᠤᠶᠢᠭᠤᠷ ᠥᠰᠥᠭ᠃(回鹘文)      1204 ᠤᠨ ᠳᠤ ᠵᠤᠬᠢᠶᠠᠭᠳᠠᠭᠰᠠᠨ ᠡᠰᠡᠭᠦᠯ᠎ᠡ ᠬᠠᠯᠠᠨ ᠰᠠᠶᠢᠵᠢᠷᠠᠭᠤᠯᠤᠭᠰᠠᠨ ᠤᠶᠢᠭᠤᠷᠵᠢᠨ ᠮᠤᠩᠭᠤᠯ ᠥᠰᠥᠭ᠃(回鹘式蒙古文)     1648 — 1749 ᠤᠨ ᠭᠥᠷᠳᠡᠯᠡᠬᠢ ᠬᠤᠭᠤᠴᠠᠭᠠᠨ ᠳᠤ ᠪᠢᠴᠢᠯᠭᠡ ᠲᠥᠯᠥᠪᠰᠢᠷᠡᠭᠰᠡᠨ ᠬᠤᠳᠤᠮ ᠮᠤᠩᠭᠤᠯ ᠥᠰᠥᠭ᠃ ︵胡都木蒙古文      ︵2︶ ᠲᠡᠥᠭᠡᠨ ᠭᠥᠭᠵᠢᠯᠳᠡ᠄      ᠮᠤᠩᠭᠤᠯᠴᠤᠳ 12 ᠳ᠋ᠤᠭᠠᠷ ᠵᠠᠭᠤᠨ ᠤ ᠡᠴᠥᠰ ᠪᠤᠶᠤ 13 ᠳ᠋ᠤᠭᠠᠷ ᠵᠠᠭᠤᠨ ᠤ ᠡᠬᠢ ᠪᠠᠷ ᠮᠤᠩᠭᠤᠯ ᠪᠢᠴᠢᠭ ︵ᠤᠶᠢᠭᠤᠷᠵᠢᠨ︶ ᠢ ᠬᠡᠷᠡᠭᠯᠡᠭᠰᠡᠨ ᠠᠴᠠ ᠢᠨᠠᠭᠰᠢ 20 ᠳ᠋ᠤᠭᠠᠷ ᠵᠠᠭᠤᠨ ᠤ ᠭᠤᠴᠢᠭᠠᠳ ᠤᠨ ᠪᠤᠯᠳᠠᠯ᠎ᠠ ᠪᠠᠷᠤᠭ ᠪᠥᠭᠦᠳᠡᠭᠡᠷ ᠢᠶᠠᠨ ︽ᠬᠤᠳᠤᠮ︾ ᠬᠡᠮᠡᠭᠦ ᠲᠤᠰ ᠮᠤᠩᠭᠤᠯ ᠪᠢᠴᠢᠭ ᠢ ᠬᠡᠷᠡᠭᠯᠡᠭᠰᠡᠭᠡᠷ ᠢᠷᠡᠵᠠᠢ ᠃ ᠬᠡᠪᠡᠴᠤ ᠡᠨᠡ ᠵᠠᠪᠰᠠᠷ᠎ᠠ᠂ ᠮᠤᠩᠭᠤᠯ ᠥᠰᠥᠭ ᠢ ᠪᠠᠨ ᠥᠭᠡᠷᠡᠴᠢᠯᠡᠭᠦ᠂ ᠰᠠᠶᠢᠵᠢᠷᠠᠭᠤᠯᠬᠤ ᠠᠵᠢᠯ ᠶᠡᠷᠤ ᠲᠠᠰᠤᠯᠳᠠᠭᠰᠠᠨ ᠥᠭᠡᠢ ᠪᠥᠭᠡᠳ ᠥᠭᠡᠷ᠎ᠡ ᠵᠥᠢᠯ ᠢᠶᠠᠷ ᠰᠤᠯᠢᠬᠤ ᠭᠡᠰᠡᠨ ᠤᠷᠤᠯᠳᠤᠯᠭ᠎ᠠ ᠴᠤ ᠤᠯᠠᠨ ᠭᠠᠷᠴᠠᠢ᠃      ᠡᠷᠳᠡ ᠲᠡᠭᠡᠳᠤ ᠴᠠᠭ ᠲᠤ᠂ ᠮᠤᠩᠭᠤᠯᠴᠤᠳ ᠪᠠᠷᠠᠾᠠᠮᠢ ᠥᠰᠥᠭ ᠬᠡᠷᠡᠭᠯᠡᠵᠤ ᠪᠠᠶᠢᠭᠰᠠᠨ ᠪᠤᠳᠠᠳᠤ ᠵᠢᠱᠢᠶ᠎ᠡ ᠠᠭᠠᠵᠢᠮ ᠢᠶᠠᠷ ᠲᠤᠳᠤᠷᠠᠵᠤ ᠪᠤᠢ᠃ ︵ᠭᠥᠭᠡ ᠲᠥᠷᠥᠭ ᠥᠰᠥᠭ — ᠮᠤᠩᠭᠤᠯ ᠤᠯᠤᠰ ᠠᠴᠠ ᠢᠯᠡᠷᠡᠭᠦᠯᠥᠭᠰᠡᠨ ᠭᠥᠢᠰᠤ ᠲᠤᠯᠤᠭᠠᠢ ᠶᠢᠨ ᠪᠢᠴᠢᠭᠡᠰᠤ ᠵᠡᠷᠭᠡ ᠶᠢ ᠵᠠᠳᠠᠯᠤᠭᠰᠠᠨ ᠲᠤᠬᠠᠢ ᠡᠷᠳᠡᠮᠳᠡᠨ ᠰᠤᠯᠤᠩᠭᠤᠳ ᠬᠤᠷᠴᠠᠪᠠᠭᠠᠳᠤᠷ ᠭᠤᠸᠠᠢ ᠶᠢᠨ ᠪᠥᠳᠥᠭᠡᠯ ᠤᠳ ︵ᠲᠤᠯᠢ ᠴᠦ ᠪᠤᠢ︶ ᠬᠡᠪᠯᠡᠯ ᠠᠴᠠ ᠭᠠᠷᠤᠭᠰᠠᠨ ᠪᠠᠶᠢᠨ᠎ᠠ᠃ ᠲᠤᠰ ᠪᠥᠳᠥᠭᠡᠯ ᠳᠤ ᠰᠢᠭᠤᠳ ᠤᠩᠰᠢᠵᠤ ᠪᠤᠯᠬᠤ ᠮᠤᠩᠭᠤᠯ ᠬᠡᠯᠡᠨ ᠤ ᠪᠢᠴᠢᠭᠡᠰᠤ ᠲᠠᠢ ᠭᠥᠰᠢᠶ᠎ᠡ ᠴᠢᠯᠠᠭᠤ ᠤᠳᠤ ᠠᠴᠠ 1400 ᠤᠨ ᠤ ᠡᠮᠥᠨ᠎ᠡ ᠮᠤᠩᠭᠤᠯ ᠨᠤᠳᠤᠭ ᠲᠤ ᠪᠤᠰᠬᠠᠭᠳᠠᠭᠰᠠᠨ ᠨᠢ ᠮᠠᠷᠭᠤᠰᠢ ᠥᠭᠡᠢ ᠨᠤᠳᠠᠯᠠᠯ ᠪᠤᠯᠤᠭᠠᠳ ᠪᠠᠶᠢᠨ᠎ᠠ᠃︶     ᠮᠤᠩᠭᠤᠯ ᠤᠨ ᠡᠵᠡᠨᠳᠤ ᠭᠥᠷᠥᠨ ᠠᠴᠠ ᠤᠷᠢᠳ᠂ ᠮᠤᠩᠭᠤᠯᠴᠤᠳ ᠲᠥᠷᠥᠭ ᠥᠰᠥᠭ᠂ ᠰᠤᠭᠳᠠ ᠥᠰᠥᠭ᠂ ᠤᠶᠢᠭᠤᠷ ᠥᠰᠥᠭ ᠢᠶᠠᠷ ᠮᠤᠩᠭᠤᠯ ᠥᠭᠡ ᠶᠢ ᠥᠰᠥᠭᠴᠢᠯᠡᠨ ᠪᠢᠴᠢᠵᠤ ᠠᠯᠪᠠᠨ ᠬᠠᠷᠢᠯᠴᠠᠭᠠᠨ ᠳᠤ ᠬᠡᠷᠡᠭᠯᠡᠵᠤ ᠪᠠᠶᠢᠭᠰᠠᠨ ᠪᠥᠭᠡᠳ ᠵᠠᠷᠢᠮ ᠠᠶᠢᠮᠠᠭ ᠤᠳ ᠨᠡᠩ ᠴᠢᠨᠠᠭᠰᠢᠳᠠ ᠬᠢᠳᠡᠳ ᠪᠢᠴᠢᠭ ᠢ ᠴᠤ ᠠᠯᠪᠠᠨ ᠬᠡᠷᠡᠭᠴᠡᠭᠡᠨ ᠳᠤ ᠵᠠᠷᠤᠵᠤ ᠪᠠᠶᠢᠵᠠᠢ᠃     1204 ᠤᠨ ᠳᠤ᠂ ᠨᠠᠢᠮᠠᠨ ᠠᠶᠢᠮᠠᠭ ᠤᠨ ᠲᠠᠳᠠᠳᠤᠩᠭ᠎ᠠ ᠲᠡᠮᠥᠵᠢᠨ ᠤ ᠵᠠᠷᠯᠢᠭ ᠢᠶᠠᠷ ᠤᠶᠢᠭᠤᠷ ᠥᠰᠥᠭ ᠢᠶᠠᠷ ᠮᠤᠩᠭᠤᠯ ᠥᠭᠡ ᠶᠢ ᠲᠡᠮᠳᠡᠭᠯᠡᠭᠦ ᠪᠥᠭᠡᠳ ᠪᠤᠰᠤᠭ᠎ᠠ ᠪᠠᠷ ᠪᠢᠴᠢᠭᠦ ᠤᠶᠢᠭᠤᠷᠵᠢᠨ ᠮᠤᠩᠭᠤᠯ ᠥᠰᠥᠭ ᠢ ᠵᠤᠬᠢᠶᠠᠯᠭᠠᠭᠰᠠᠨ ᠬᠡᠳᠡᠭ᠃ ᠴᠢᠩᠬᠢᠰ ᠬᠠᠭᠠᠨ᠂ ᠤᠶᠢᠭᠤᠷᠵᠢᠨ ᠮᠤᠩᠭᠤᠯ ᠥᠰᠥᠭ ᠢ ᠭᠥᠪᠡᠭᠦᠳ ᠲᠡᠭᠦᠥ ᠨᠡᠷ ᠲᠤ ᠪᠠᠨ ᠵᠢᠭᠠᠯᠭᠠᠭᠰᠠᠨ ᠲᠡᠳᠥᠢ ᠥᠭᠡᠢ ︽ᠤᠯᠤᠰ ᠤᠨ ᠪᠢᠴᠢᠭ︾ ᠭᠡᠮᠡᠵᠤ ᠤᠯᠠᠨ᠎ᠠ ᠲᠡᠯᠭᠡᠷᠡᠭᠦᠯᠥᠭᠰᠡᠨ ᠪᠠᠶᠢᠨ᠎ᠠ᠃ ︵ᠤᠶᠢᠭᠤᠷᠵᠢᠨ ᠮᠤᠩᠭᠤᠯ ᠥᠰᠥᠭ ᠵᠤᠬᠢᠶᠠᠭᠰᠠᠨ ᠲᠤᠬᠠᠢ ᠬᠠᠮᠤᠭ ᠠᠩᠬᠠᠨ ᠤ ᠲᠤᠳᠤᠷᠬᠠᠢ ᠲᠡᠮᠳᠡᠭᠯᠡᠯ︶     1245 ᠤᠨ ᠳᠤ᠂ ︽ᠠᠷᠠᠪ — ᠮᠤᠩᠭᠤᠯ ᠬᠡᠯᠡᠨ ᠤ ᠲᠤᠯᠢ︾ ᠬᠡᠪᠯᠡᠭᠳᠡᠵᠠᠢ᠃     13 ᠳ᠋ᠤᠭᠠᠷ ᠵᠠᠭᠤᠨ ᠤ ᠲᠤᠮᠳᠠᠴᠢ ᠪᠠᠷ᠂ ᠮᠤᠩᠭᠤᠯᠴᠢ ᠡᠷᠳᠡᠮᠳᠡᠨ ᠰᠠᠵᠠ ᠪᠠᠨᠳᠢᠳᠠ ᠭᠥᠩᠭᠠᠵᠠᠯᠽᠠᠨ ᠮᠤᠩᠭᠤᠯ ᠥᠰᠥᠭ ᠤᠨ ᠴᠠᠭᠠᠨ ᠲᠤᠯᠤᠭᠠᠢ ᠳᠤ ᠠᠩᠬ᠎ᠠ ᠤᠳᠠᠭ᠎ᠠ ᠥᠭᠡᠷᠡᠴᠢᠯᠡᠯᠳᠡ ᠬᠢᠵᠤ᠂ ᠡᠷ᠎ᠡ ᠡᠮ᠎ᠡ ᠡᠷᠰᠤ ᠶᠢ ᠢᠯᠭᠠᠭᠠᠳ 44 ᠥᠰᠥᠭ ︵ᠥᠶᠡᠳᠤ ᠥᠰᠥᠭ︶ ᠲᠠᠢ ᠴᠠᠭᠠᠨ ᠲᠤᠯᠤᠭᠠᠢ ᠪᠤᠯᠭᠠᠪᠠ᠂ ᠪᠠᠰᠠ ︽ᠵᠢᠷᠥᠭᠡᠨ ᠤ ᠲᠤᠯᠳᠤ︾ ᠭᠡᠭᠦ ᠬᠡᠯᠡᠨ ᠵᠥᠢ ᠶᠢᠨ ᠨᠤᠮ ᠪᠢᠴᠢᠭᠰᠡᠨ ᠭᠡᠵᠤ ᠲᠡᠮᠳᠡᠭᠯᠡᠵᠠᠢ᠂ ᠭᠡᠪᠡᠴᠤ ᠡᠨᠡ ᠨᠢ ᠨᠤᠳᠠᠯᠠᠭᠳᠠᠭ᠎ᠠ ᠥᠭᠡᠢ᠃ ︵ᠱᠠᠰᠢᠨ ᠤ ᠰᠢᠨᠵᠢᠳᠤ ᠲᠠᠭᠠᠮᠠᠭᠯᠠᠯ ᠲᠡᠳᠥᠢ︶     1260 — 1269 ᠤᠨ ᠳᠤ᠂ ᠬᠤᠪᠢᠯᠠᠢ ᠬᠠᠭᠠᠨ ᠤ ᠵᠠᠷᠯᠢᠭ ᠢᠶᠠᠷ ᠫᠠᠭᠪᠠ ᠯᠠᠮ᠎ᠠ ᠰᠠᠨᠰᠺᠷᠢᠲ ᠥᠰᠥᠭ ᠬᠢᠭᠡᠳ ᠲᠥᠪᠡᠳ ᠥᠰᠥᠭ ᠤᠨ ᠰᠠᠭᠤᠷᠢᠨ ᠲᠡᠭᠡᠷ᠎ᠡ 41 ᠥᠰᠥᠭ ᠢᠶᠠᠷ ᠪᠥᠷᠢᠯᠳᠥᠭᠰᠡᠨ ᠲᠥᠷᠪᠡᠯᠵᠢᠨ ᠥᠰᠥᠭ ᠵᠤᠬᠢᠶᠠᠭᠰᠠᠨ ᠢ ᠲᠡᠥᠭᠡᠨ ᠳᠤ ︽ᠫᠠᠭᠪᠠ ᠥᠰᠥᠭ︾ ᠭᠡᠳᠡᠭ᠃ ᠤᠯᠤᠰ ᠲᠥᠷᠥ ᠶᠢᠨ ᠵᠤᠷᠢᠯᠭ᠎ᠠ ᠪᠠᠷ ᠵᠤᠬᠢᠶᠠᠭᠳᠠᠭᠰᠠᠨ ᠪᠥᠭᠡᠳ ᠶᠠᠷᠰᠢᠭ ᠶᠡᠭᠡᠳᠡᠢ ᠰᠤᠷᠬᠤ ᠠᠰᠢᠭᠯᠠᠬᠤ ᠳᠤ ᠲᠥᠭᠦᠮ ᠥᠭᠡᠢ ᠪᠤᠯᠬᠤᠷ ᠥᠷᠭᠡᠨ ᠨᠥᠯᠥᠭᠡ ᠭᠠᠷᠭᠠᠵᠤ ᠲᠠᠶᠢᠯᠥᠭᠡ ᠥᠭᠡᠢ᠃     1305 ᠤᠨ ᠳᠤ᠂ ᠡᠷᠳᠡᠮᠳᠡᠨ ᠴᠤᠶᠢᠵᠢᠤᠳᠰᠠᠷ ᠡᠷᠳᠡᠨ ᠤ ᠮᠤᠩᠭᠤᠯ ᠥᠰᠥᠭ ᠪᠢᠴᠢᠭ ᠲᠤ ᠬᠠᠮᠤᠭ ᠠᠩᠬ᠎ᠠ ᠥᠷᠭᠡᠨ ᠲᠡᠯᠭᠡᠷᠡᠩᠭᠦᠢ ᠰᠢᠰᠲ᠋ᠧᠮ ᠲᠠᠢ ᠰᠤᠳᠤᠯᠤᠯᠳᠠ ᠬᠢᠵᠤ᠂ ᠬᠡᠯᠡᠨ ᠤ ᠵᠥᠢ ᠪᠠ ᠵᠥᠪ ᠪᠢᠴᠢᠯᠭᠡ ᠶᠢᠨ ᠲᠠᠯ᠎ᠠ ᠪᠠᠷ ᠭᠥᠨᠵᠡᠭᠡᠢ ᠰᠤᠳᠤᠯᠤᠭᠰᠠᠨ ᠠᠴᠠ ᠮᠤᠩᠭᠤᠯ ᠬᠡᠯᠡ ᠪᠢᠴᠢᠭ ᠤᠨ ᠲᠤᠳᠤᠭᠠᠳᠤ ᠵᠢᠮ᠎ᠠ ᠬᠠᠤᠯᠢ ᠶᠢ ᠠᠩᠬ᠎ᠠ ᠢᠯᠡᠴᠢᠯᠡᠵᠤ ᠵᠤᠷᠪᠤᠰᠯᠠᠨ ᠬᠤᠷᠢᠶᠠᠩᠭᠤᠶᠢᠯᠠᠭᠰᠠᠨ ᠰᠠᠭᠤᠷᠢᠨ ᠲᠡᠭᠡᠷ᠎ᠡ ︽ᠵᠢᠷᠥᠭᠡᠨ ᠤ ᠲᠤᠯᠳᠤ︾ ᠭᠡᠭᠦ ᠬᠡᠯᠡᠨ ᠤ ᠵᠥᠢ ᠪᠠ ᠵᠥᠪ ᠪᠢᠴᠢᠯᠭᠡ  ᠶᠢᠨ ᠠᠯᠳᠠᠷᠳᠤ ᠪᠥᠳᠥᠭᠡᠯ ᠢᠶᠠᠨ ᠪᠢᠴᠢᠵᠤ ᠭᠠᠷᠭᠠᠭᠰᠠᠨ ᠪᠥᠭᠡᠳ ᠤᠶᠢᠭᠤᠷᠵᠢᠨ ᠮᠤᠩᠭᠤᠯ ᠥᠰᠥᠭ ᠲᠤ ᠥᠨᠳᠥᠰᠥᠨ ᠴᠢᠨᠠᠷ ᠲᠠᠢ ᠥᠭᠡᠷᠡᠴᠢᠯᠡᠯᠳᠡ ᠬᠢᠵᠠᠢ᠃ ᠭᠤᠤᠯᠳᠠᠭᠤ᠄① ᠵᠥᠪ ᠪᠢᠴᠢᠯᠭᠡ ᠶᠢᠨ ᠲᠥᠷᠢᠮ ᠬᠢᠭᠡᠳ ᠬᠡᠯᠡᠨ ᠤ ᠵᠥᠢ ᠶᠢᠨ ᠲᠤᠭᠳᠠᠯᠴᠠᠭ᠎ᠠ ᠶᠢᠨ ᠰᠠᠭᠤᠷᠢ ᠶᠢ ᠲᠠᠯᠪᠢᠭᠰᠠᠨ︔② ᠡᠭᠡᠰᠢᠭ ᠥᠰᠥᠭ ᠬᠢᠭᠡᠳ ᠭᠡᠶᠢᠭᠦᠯᠥᠭᠴᠢ ᠥᠰᠥᠭ ᠬᠤᠶᠠᠷ ᠤᠨ ᠤᠶᠠᠯᠳᠤᠬᠤ ᠵᠥᠢ ᠶᠢ ᠲᠤᠷᠠᠳᠤᠨ ᠭᠠᠷᠭᠠᠭᠰᠠᠨ ︵ᠡᠭᠡᠰᠢᠭ ᠥᠭᠡᠢ ᠪᠤᠯ ᠥᠶ᠎ᠡ ᠪᠥᠳᠥᠭᠦ ᠥᠭᠡᠢ᠂ ᠭᠥᠨᠳᠡᠢ ᠥᠭᠡᠨ ᠳᠤ ᠭᠥᠨᠳᠡᠢ ᠲᠡᠪᠢᠰᠭᠡᠷ ᠤᠷᠤᠳᠠᠭ ᠭᠡᠭᠦ ᠮᠡᠳᠤ︶︔③ ᠮᠤᠩᠭᠤᠯ ᠥᠰᠥᠭ ᠤᠨ ᠴᠠᠭᠠᠨ ᠲᠤᠯᠤᠭᠠᠢ ᠶᠢ 115 ᠥᠶᠡᠳᠤ ᠥᠰᠥᠭ ᠪᠤᠯᠭᠠᠨ ᠬᠤᠪᠢᠯᠭᠠᠭᠰᠠᠨ ︵ᠫᠠ᠊ ᠥᠰᠥᠭ ᠢ ᠵᠤᠬᠢᠶᠠᠭᠰᠠᠨ᠂ ᠤᠶᠢᠭᠤᠷ ᠠᠴᠠ ᠱᠠ᠊ ᠥᠰᠥᠭ ᠢ ᠵᠢᠭᠡᠯᠡᠭᠰᠡᠨ᠂ ᠪᠢᠴᠢᠭ ᠤᠨ ᠡᠬᠢᠨ ᠳᠤ ᠬᠡᠵᠢᠶ᠎ᠡ ᠴᠤ ᠲᠤᠬᠢᠶᠠᠯᠳᠤᠬᠤ ᠥᠭᠡᠢ ᠩ᠊ ‍ᠩ ᠭᠡᠶᠢᠭᠦᠯᠥᠭᠴᠢ ᠶᠢ ᠲᠤᠳᠤᠯᠠᠭᠰᠠᠨ︶︔ ᠮᠤᠩᠭᠤᠯ ᠭᠡᠯᠡᠨ ᠤ ᠨᠡᠷ᠎ᠡ ᠥᠭᠡ ᠶᠢᠨ ᠲᠠᠶᠢᠨ ᠢᠯᠭᠠᠯ ᠪᠤᠯᠤᠨ ᠲᠡᠭᠦᠨ ᠤ ᠭᠡᠯᠡᠨ ᠵᠥᠢ ᠶᠢᠨ ᠤᠳᠬ᠎ᠠ ᠶᠢ ᠠᠩᠬ᠎ᠠ ᠲᠤᠷᠠᠳᠤᠭᠰᠠᠨ ︵ᠨᠡᠷᠡᠯᠡᠭᠦ ︔ ᠵᠥᠭ ᠴᠢᠭ ‍ᠨ᠎ᠠ︔ ᠠᠳᠡ ᠲᠡᠨᠳᠡ᠂ ᠡᠭᠦᠳᠥᠨ ᠥᠢᠯᠡᠳᠥᠭᠴᠢ ᠪᠠᠷ ᠢᠶᠠᠷ︔ ᠥᠭᠭᠦ ᠳᠤᠷ ᠲᠤᠷ︔ ᠬᠠᠷᠢᠶᠠᠯᠠᠬᠤ ᠶᠢᠨ ᠤᠨ ᠤ︔ ᠤᠷᠤᠰᠢᠬᠤᠢ ᠳᠤᠷ ᠲᠤᠷ ‍ᠷ᠎ᠠ  ᠵᠡᠷᠭᠡ︶︔ ᠲᠠᠶᠢᠨ ᠢᠯᠭᠠᠯ ᠤᠨ ᠵᠠᠷᠢᠮ ᠲᠠᠭᠠᠪᠤᠷᠢ ᠶᠢᠨ ᠬᠡᠷᠡᠭᠯᠡᠭᠦ ᠨᠠᠷᠢᠨ ᠲᠥᠷᠢᠮ ᠢ ᠲᠤᠭᠳᠠᠭᠠᠵᠠᠢ᠂ ᠭᠡᠪᠡᠴᠥ ᠬᠠᠮᠳᠤᠷᠠᠬᠤ ᠶᠢᠨ ᠲᠠᠶᠢᠨ ᠢᠯᠭᠠᠯ ᠢ ᠲᠤᠷᠠᠳᠤᠭᠰᠠᠨ ᠥᠭᠡᠢ᠃ ᠲᠠᠭᠤᠳᠠᠯᠭ᠎ᠠ ᠠᠳᠠᠯᠢ ᠤᠳᠬ᠎ᠠ ᠤᠨᠳᠤᠤ ᠥᠭᠡᠰ ᠢ ᠪᠢᠴᠢᠭᠦ ᠳᠤ ᠪᠠᠨ ᠲᠥᠷᠰᠤ ᠪᠠᠷ ᠢᠯᠭᠠᠬᠤ ᠶᠢ ᠠᠩᠬ᠎ᠠ ᠲᠤᠷᠠᠳᠤᠵᠠᠢ ︵ᠤᠳ ᠢ ᠤᠳ ᠂ ᠤᠨ ᠢ ᠤᠨ ᠭᠡᠵᠤ ᠪᠢᠴᠢᠳᠡᠭ ᠰᠢᠯᠳᠠᠭᠠᠨ ᠪᠤᠯ ᠲᠡᠳᠡ ᠪᠤᠯ ᠪᠡᠶ᠎ᠡ ᠪᠠᠨ ᠲᠠᠭᠠᠭᠠᠭᠰᠠᠨ ᠤᠳᠬ᠎ᠠ ᠥᠭᠡᠢ ᠵᠥᠪᠭᠡᠨ ᠪᠡᠶᠡᠳᠤ ᠥᠭᠡ ᠶᠢᠨ ᠲᠠᠷᠠᠭ᠎ᠠ ᠤᠷᠤᠵᠤ ᠬᠠᠮᠵᠢᠯᠴᠠᠨ ᠤᠳᠬ᠎ᠠ ᠶᠢ ᠢᠯᠡᠳᠭᠡᠳᠡᠭ ᠭᠡᠵᠠᠢ︶︔ ᠡᠭᠡᠰᠢᠭ ᠠᠪᠢᠶ᠎ᠠ ᠪᠤᠯᠤᠨ ᠭᠡᠶᠢᠭᠦᠯᠥᠭᠴᠢ ᠠᠪᠢᠶᠠᠨ ᠤ ᠠᠪᠢᠶᠠᠯᠠᠬᠤ ᠪᠠᠶᠢᠷᠢ ᠪᠠ ᠠᠪᠢᠶᠠᠯᠠᠬᠤ ᠠᠷᠭ᠎ᠠ ᠶᠢᠨ ᠲᠤᠬᠠᠢ ᠨᠡᠯᠢᠶᠡᠳ ᠰᠤᠳᠤᠯᠵᠤ ᠲᠠᠶᠢᠯᠪᠤᠷᠢ ᠬᠢᠭᠰᠡᠨ ᠪᠠᠶᠢᠨ᠎ᠠ︔ ︵ᠴᠤᠶᠢᠵᠢᠤᠳᠰᠠᠷ ᠤᠨ ︽ᠵᠢᠷᠥᠭᠡᠨ ᠤ ᠲᠤᠯᠳᠤ︾ ᠶᠢᠨ ᠲᠤᠬᠠᠢ 1740 ᠤᠨ ᠤ ᠠᠯᠠᠱᠠ ᠷᠠᠪᠵᠢᠮᠪᠠ ᠲᠠᠨᠽᠢᠨᠳᠠᠭᠪᠠ ᠶᠢᠨ ᠬᠡᠪᠯᠡᠭᠰᠡᠨ ︽ᠪᠤᠭᠳᠠ ᠴᠤᠶᠢᠵᠢᠤᠳᠰᠠᠷ ᠪᠠᠷ ᠵᠤᠬᠢᠶᠠᠭᠰᠠᠨ ᠵᠢᠷᠥᠭᠡᠨ ᠤ ᠲᠤᠯᠳᠤ ᠶᠢᠨ ᠲᠠᠶᠢᠯᠪᠤᠷᠢ ᠥᠰᠥᠭ ᠤᠨ ᠠᠳᠡᠭᠦᠷᠡᠯ ᠤᠨ ᠬᠠᠷᠠᠩᠭᠤᠢ ᠶᠢ ᠠᠷᠢᠯᠭᠠᠭᠴᠢ ᠤᠭᠳᠠᠷᠭᠤᠢ ᠶᠢᠨ ᠮᠠᠨᠢ︾ ᠪᠠ 1748 ᠤᠨ ᠤ ᠤᠷᠠᠳ ᠭᠥᠳᠰᠢ ᠪᠢᠯᠢᠭᠦᠨᠳᠠᠯᠠᠢ ︵ᠰᠢᠷᠠᠪᠵᠠᠮᠰᠤ︶ ᠶᠢᠨ ᠬᠡᠪᠯᠡᠭᠰᠡᠨ ︽ᠮᠤᠩᠭᠤᠯ ᠥᠰᠥᠭ ᠤᠨ ᠭᠥᠷᠳᠡᠭᠡᠯ ᠵᠢᠷᠥᠭᠡᠨ ᠤ ᠲᠤᠯᠳᠤ ᠤᠷᠤᠰᠢᠪᠠᠢ︾ ᠭᠡᠭᠦ ᠬᠤᠶᠠᠷ ᠨᠤᠮ ᠶᠡᠭᠡ ᠥᠨᠳᠥᠰᠥᠯᠡᠯ ᠪᠤᠯᠳᠠᠭ᠃︶      1587 ᠤᠨ ᠳᠤ᠂ ᠲᠥᠮᠡᠳ ᠤᠨ ᠠᠯᠳᠠᠨ ᠬᠠᠨ ᠤ ᠵᠠᠷᠯᠢᠭ ᠢᠶᠠᠷ ᠮᠤᠩᠭᠤᠯ᠂ ᠲᠥᠪᠡᠳ᠂ ᠰᠠᠨᠰᠺᠷᠢᠲ ᠭᠤᠷᠪᠠᠨ ᠬᠡᠯᠡ ᠪᠠ ᠪᠢᠴᠢᠭ ᠲᠤ ᠨᠡᠪᠳᠡᠷᠡᠭᠰᠡᠨ ᠤᠷᠴᠢᠭᠤᠯᠤᠭᠴᠢ ᠡᠷᠳᠡᠮᠳᠡᠨ ᠠᠶᠤᠰᠢ ︽ᠭᠥᠥᠰᠢ︾ ᠪᠠᠷ ᠬᠠᠷᠢ ᠬᠡᠯᠡᠨ ᠤ ᠥᠭᠡᠰ ᠢ ᠲᠡᠮᠳᠡᠭᠯᠡᠭᠦ ᠠᠯᠢ ᠺᠠᠯᠢ ᠭᠠᠯᠢᠭ ᠢ ᠵᠤᠬᠢᠶᠠᠯᠭᠠᠵᠠᠢ᠃ ᠡᠨᠡ ᠨᠢ ᠬᠡᠳᠥᠶᠢᠪᠡᠷ ᠵᠥᠪᠭᠡᠨ ᠲᠡᠮᠳᠡᠭᠯᠡᠭᠦ ᠭᠠᠯᠢᠭ ᠪᠤᠯᠪᠠᠴᠤ ᠮᠤᠩᠭᠤᠯ ᠥᠰᠥᠭ ᠪᠢᠴᠢᠭ ᠤᠨ ᠭᠥᠭᠵᠢᠯᠳᠡ ᠳᠤ ᠵᠤᠬᠢᠬᠤ ᠬᠤᠪᠢ ᠨᠡᠮᠡᠷᠢ ᠪᠠᠨ ᠥᠵᠡᠭᠦᠯᠥᠭᠰᠡᠨ ᠪᠠᠶᠢᠨ᠎ᠠ᠃ ︵ᠺᠠ᠊᠂ ᠹᠠ᠊᠂ ᠼᠠ᠊᠂ ᠽᠠ᠊᠂ ᠾᠠ᠊᠂ ᠰᠧ ᠂ ᡂᠢ᠂ ᡁᠢ ᠵᠡᠷᠭᠡ ᠶᠢ ᠥᠨᠳᠥᠰᠥᠯᠡᠭᠦᠯᠥᠭᠰᠡᠨ︶      1599 ᠤᠨ ᠳᠤ᠂ ᠵᠥᠷᠴᠢᠨ ᠤ ᠠᠬᠠᠯᠠᠭᠴᠢ ᠨᠤᠷᠬᠠᠴᠢ ᠵᠠᠷᠯᠢᠭ ᠪᠠᠭᠤᠯᠭᠠᠵᠤ ᠡᠷᠳᠡᠨᠢ ᠪᠤᠯᠤᠨ ᠭᠠᠭᠠᠢ ᠬᠡᠮᠡᠭᠦ ᠬᠤᠶᠠᠷ ᠮᠤᠩᠭᠤᠯᠴᠢ ᠡᠷᠳᠡᠮᠳᠡᠨ ᠢᠶᠠᠷ ᠵᠥᠷᠴᠢᠨ ᠬᠡᠯᠡ ᠶᠢ ᠮᠤᠩᠭᠤᠯ ᠥᠰᠥᠭ ᠢᠶᠠᠷ ᠠᠪᠢᠶᠠᠯᠠᠭᠤᠯᠤᠨ ᠵᠥᠷᠴᠢᠨ ᠥᠰᠥᠭ ᠢ ᠵᠤᠬᠢᠶᠠᠯᠭᠠᠵᠠᠢ᠃      1633 ᠤᠨ ᠳᠤ᠂ ᠳ᠋ᠠᠬᠠᠢ ᠭᠡᠭᠴᠢ ᠮᠠᠨᠵᠤ ᠡᠷᠳᠡᠮᠳᠡᠨ ᠬᠠᠭᠤᠴᠢᠨ ᠥᠰᠥᠭ ᠤᠨ ᠢᠶᠠᠨ ᠰᠠᠭᠤᠷᠢᠨ ᠲᠡᠭᠡᠷ᠎ᠡ ᠲᠤᠰᠤᠯ ᠴᠡᠭ ᠪᠢᠨᠳᠤ ᠨᠡᠮᠡᠵᠤ ᠰᠢᠨ᠎ᠡ ᠮᠠᠨᠵᠤ ᠥᠰᠥᠭ ᠢ ᠵᠤᠬᠢᠶᠠᠵᠠᠢ᠃ ᠡᠨᠡ ᠭᠦ ᠮᠠᠨᠵᠤ ᠥᠰᠥᠭ ᠭᠡᠳᠥᠶᠢᠪᠡᠷ ᠮᠤᠩᠭᠤᠯ ᠥᠰᠥᠭ ᠠᠴᠠ ᠡᠭᠦᠰᠥᠯ ᠲᠠᠢ ᠪᠤᠯᠪᠠᠴᠤ ᠮᠤᠩᠭᠤᠯ ᠥᠰᠥᠭ ᠪᠢᠴᠢᠭ ᠤᠨ ᠬᠠᠯᠠᠨ ᠰᠠᠶᠢᠵᠢᠷᠠᠭᠤᠯᠤᠯᠳᠠ ᠬᠢᠭᠡᠳ ᠬᠡᠪᠰᠢᠨ ᠬᠡᠯᠪᠡᠷᠢᠵᠢᠯᠳᠡ ᠨᠡᠩ ᠴᠤ ᠴᠢᠨᠠᠭᠰᠢ ᠶᠢᠨ ᠭᠥᠭᠵᠢᠯᠳᠡ ᠳᠤ ᠠᠬᠢᠭᠤᠯᠬᠤ ᠥᠢᠯᠡᠳᠤᠯ ᠥᠵᠡᠭᠦᠯᠵᠠᠢ᠃      1648 ᠤᠨ ᠳᠤ᠂ ᠤᠶᠢᠷᠠᠳ ᠤᠨ ᠮᠤᠩᠭᠤᠯᠴᠢ ᠡᠷᠳᠡᠮᠳᠡᠨ ᠽᠠᠶ᠎ᠠ ᠪᠠᠨᠳᠢᠳᠠ ᠨᠠᠮᠬᠠᠶᠢᠵᠠᠮᠰᠤ ᠤᠶᠢᠷᠠᠳ ᠠᠶᠠᠯᠭᠤᠨ ᠤ ᠤᠨᠴᠠᠯᠢᠭ ᠲᠤ ᠨᠡᠶᠢᠴᠡᠭᠦᠯᠥᠨ᠂ ᠤᠶᠢᠭᠤᠷᠵᠢᠨ ᠮᠤᠩᠭᠤᠯ ᠥᠰᠥᠭ ᠢ ᠠᠮᠠᠨ ᠶᠠᠷᠢᠶᠠᠨ ᠳᠤ ᠤᠶᠢᠷᠠᠳᠤᠭᠤᠯᠤᠨ ᠲᠤᠳᠤ ᠥᠰᠥᠭ ᠢ ᠵᠤᠬᠢᠶᠠᠵᠠᠢ᠃ ᠲᠠᠷᠪᠠᠭᠠᠳᠠᠢ ᠪᠠᠷ ᠲᠥᠪ ᠪᠤᠯᠭᠠᠭᠰᠠᠨ ᠤᠶᠢᠷᠠᠳ ᠢ ᠡᠵᠡᠯᠡᠨ ᠪᠠᠶᠢᠭᠰᠠᠨ ᠡᠷᠳᠡᠨᠢᠪᠠᠭᠠᠳᠤᠷ ᠬᠤᠩ ᠲᠠᠶᠢᠵᠢ ᠬᠡᠳᠥᠶᠢᠪᠡᠷ ᠪᠥᠭᠦ ᠮᠤᠩᠭᠤᠯ ᠢ ᠮᠠᠨᠵᠤ ᠶᠢᠨ ᠨᠥᠯᠥᠭᠡᠨ ᠠᠴᠠ ᠠᠪᠤᠷᠠᠬᠤ ᠵᠤᠷᠢᠯᠭ᠎ᠠ ᠪᠠᠷ ᠲᠤᠳᠤ ᠥᠰᠥᠭ ᠢ ᠵᠤᠬᠢᠶᠠᠯᠭᠠᠵᠤ ᠨᠡᠶᠢᠳᠡ ᠮᠤᠩᠭᠤᠯ ᠳᠤ ᠬᠠᠨᠳᠤᠭᠤᠯᠤᠭᠰᠠᠨ ᠪᠤᠯᠪᠠᠴᠤ ᠲᠡᠭᠦᠨ ᠤ ᠬᠤᠪᠢ ᠪᠡᠶ᠎ᠡ ᠶᠢᠨ ᠬᠢᠵᠠᠭᠠᠷᠳᠠᠮᠠᠯ ᠴᠢᠨᠠᠷ ᠠᠴᠠ ᠪᠤᠯᠵᠤ ᠠᠭᠠᠵᠢᠮ ᠢᠶᠠᠷ ᠬᠠᠯᠢᠮᠠᠭ ᠲᠤᠳᠤ ᠥᠰᠥᠭ ︵1924 ᠤᠨ ᠪᠤᠯᠳᠠᠯ᠎ᠠ︶ ᠪᠠ ᠰᠢᠨᠵᠢᠶᠠᠩ ᠲᠤᠳᠤ ᠥᠰᠥᠭ ᠭᠡᠰᠡᠨ ᠰᠠᠯᠪᠤᠷᠢ ᠭᠠᠷᠤᠭᠰᠠᠨ ᠪᠠᠶᠢᠨ᠎ᠠ᠃      1686 ᠤᠨ ᠳᠤ᠂ ᠬᠠᠯᠬ᠎ᠠ ᠶᠢᠨ ᠲᠥᠰᠢᠶᠡᠳᠤ ᠬᠠᠨ ᠭᠤᠮᠪᠤ ᠶᠢᠨ ᠬᠥᠪᠡᠭᠦᠨ ᠥᠨᠳᠥᠷ ᠭᠡᠭᠡᠨ ᠬᠡᠮᠡᠭᠳᠡᠭᠦ ᠵᠠᠨᠠᠪᠠᠽᠠᠷ ᠱᠠᠰᠢᠨ ᠤ ᠨᠤᠮ ᠤᠷᠴᠢᠭᠤᠯᠬᠤ ᠳᠤ ᠲᠥᠭᠦᠮ ᠢ ᠪᠤᠳᠤᠵᠤ ᠲᠥᠪ ᠬᠠᠨ ᠭᠡᠰᠡᠨ ᠭᠠᠵᠠᠷ ᠲᠤ ᠡᠨᠡᠳᠭᠡᠭ ᠤᠨ ᠯᠠᠨᠵᠠ ᠥᠰᠥᠭ ᠢ ᠲᠠᠭᠤᠷᠢᠶᠠᠯᠭᠠᠨ ᠰᠤᠶᠤᠩᠪᠤ ᠥᠰᠥᠭ ᠢ ᠵᠤᠬᠢᠶᠠᠭᠰᠠᠨ ᠪᠥᠭᠡᠳ ᠡᠭᠦᠨ ᠢ ᠰᠤᠷᠭᠠᠭᠤᠯᠢ ᠪᠠᠶᠢᠭᠤᠯᠵᠤ ᠲᠡᠯᠭᠡᠷᠡᠭᠦᠯᠥᠭᠰᠡᠨ ᠴᠤ 200 ᠤᠷᠴᠢᠮ ᠵᠢᠯ ᠤᠨ ᠲᠤᠷᠰᠢ ᠰᠥᠮ᠎ᠡ ᠬᠡᠶᠢᠳ ᠤᠨ ᠭᠠᠵᠠᠷ᠎ᠠ ᠯᠠᠮ᠎ᠠ ᠨᠠᠷ ᠤᠨ ᠲᠤᠮᠳᠠ ᠤᠯᠠᠮᠵᠢᠯᠠᠭᠳᠠᠵᠤ ᠪᠠᠶᠢᠭᠠᠳ ᠴᠢᠨᠠᠭᠰᠢᠳᠠ ᠲᠡᠯᠭᠡᠷᠡᠵᠤ ᠴᠢᠳᠠᠭᠰᠠᠨ ᠥᠭᠡᠢ ᠤᠷᠬᠢᠭᠳᠠᠵᠤ᠂ ᠡᠳᠥᠭᠡ ᠵᠥᠪᠭᠡᠨ ᠬᠠᠯᠬ᠎ᠠ ᠶᠢᠨ ᠲᠥᠷᠥ ᠶᠢᠨ ᠲᠠᠯᠪᠠᠭ᠎ᠠ ᠪᠤᠯᠤᠳ ᠱᠠᠰᠢᠨ ᠤ ᠤᠷᠠᠯᠠᠯ ᠵᠡᠷᠭᠡ  ᠳᠤ ᠯᠠ ᠲᠤᠷᠠᠰᠬᠠᠭᠳᠠᠨ ᠥᠯᠡᠳᠡᠵᠠᠢ᠃      1708 —1717 ᠤᠨ ᠳᠤ᠂ ᠮᠤᠩᠭᠤᠯ ᠭᠡᠯᠡᠨ ᠤ ᠤᠤᠭᠠᠨ ᠲᠠᠶᠢᠯᠪᠤᠷᠢ ᠲᠤᠯᠢ ︽ᠬᠤᠷᠢᠨ ᠨᠢᠭᠡᠳᠤ ᠲᠠᠶᠢᠯᠪᠤᠷᠢ ᠲᠤᠯᠢ︾ ᠮᠡᠨᠳᠥᠯᠡᠪᠡ᠃ ︵ᠡᠩᠭᠡ ᠠᠮᠤᠭᠤᠯᠠᠩ ᠬᠠᠭᠠᠨ ᠤ ᠵᠠᠷᠯᠢᠭ ᠢᠶᠠᠷ ᠷᠠᠰᠢ᠂ ᠲᠠᠨᠵᠢᠨ᠂ ᠠᠷᠪᠢᠳᠬᠤ᠂ ᠠᠪᠢᠳᠠ᠂ ᠰᠡᠩᠭᠡ᠂ ᠠᠷᠨᠠ ᠵᠡᠷᠭᠡ ᠮᠤᠩᠭᠤᠯ ᠬᠡᠯᠡ ᠪᠢᠴᠢᠭ ᠤᠨ ᠡᠷᠳᠡᠮᠳᠡᠳ ︽ᠴᠠᠬᠠᠷ ᠨᠠᠢᠮᠠᠨ ᠬᠤᠰᠢᠭᠤᠨ ᠤ ᠥᠳᠡᠭᠦᠰ ᠪᠠ ᠲᠥᠴᠢᠨ ᠶᠢᠰᠥᠨ ᠬᠤᠰᠢᠭᠤ ᠬᠢᠭᠡᠳ ᠲᠠᠪᠢᠨ ᠲᠤᠯᠤᠭᠠᠨ ᠬᠤᠰᠢᠭᠤᠨ ᠤ ᠮᠥᠷᠭᠦᠯᠴᠢᠳ ᠠᠴᠠ ᠥᠯᠥ ᠮᠡᠳᠡᠭᠦ ᠥᠭᠡᠰ ᠤᠳ  ᠢ ᠲᠤᠳᠤᠷᠠᠭᠤᠯᠤᠨ ᠢᠯᠭᠠᠮᠵᠢᠯᠠᠨ ᠠᠰᠠᠭᠤᠭᠠᠳ︾ ᠲᠤᠯᠤᠭᠠᠢ ᠥᠭᠡ ᠡᠷᠢᠭᠦ ︽ᠪᠥᠭᠦᠳᠡ ᠬᠡᠯᠬᠢᠶ᠎ᠡ︾ ᠲᠠᠭᠠᠷᠠᠭᠤᠯᠵᠤ ᠲᠤᠬᠢᠶᠠᠯᠳᠤᠭᠤᠯᠤᠭᠰᠠᠨ ᠬᠡᠳᠡᠭ ᠃︶      1741 —1742 ᠤᠨ ᠳᠤ᠂ ︽ᠮᠡᠷᠭᠡᠳ ᠭᠠᠷᠬᠤ ᠶᠢᠨ ᠤᠷᠤᠨ ᠨᠡᠷᠡᠳᠤ ᠲᠤᠭᠳᠠᠭᠠᠭᠰᠠᠨ ᠲᠠᠭᠶ᠋ᠢᠭ︾ ᠬᠡᠪᠯᠡᠭᠳᠡᠪᠡ᠃ ︵ᠤᠷᠴᠢᠭᠤᠯᠭ᠎ᠠ ᠶᠢᠨ ᠪᠠᠷᠢᠮᠵᠢᠶ᠎ᠠ ᠪᠠ ᠵᠥᠪ ᠪᠢᠴᠢᠯᠭᠡ ᠶᠢ ᠰᠠᠶᠢᠳᠤᠷ ᠰᠤᠳᠤᠯᠵᠤ ︽ᠢᠷᠠᠭᠤ ᠨᠠᠶᠢᠷᠳᠠᠢ᠂ ᠤᠳᠬ᠎ᠠ ᠲᠡᠭᠦᠰ᠂ ᠮᠡᠳᠡᠭᠦᠶ᠎ᠡ ᠬᠢᠯᠪᠡᠷ︾ ᠪᠠᠶᠢᠯᠭᠠᠬᠤ ᠶᠢ ᠴᠢᠬᠤᠯᠠᠴᠢᠯᠠᠭᠰᠠᠨ ᠮᠤᠩᠭᠤᠯ ᠤᠷᠴᠢᠭᠤᠯᠭ᠎ᠠ ᠶᠢᠨ ᠤᠨᠤᠯ ᠤᠨ ᠰᠠᠭᠤᠷᠢᠯᠠᠭᠴᠢ ᠲᠤᠯᠢ ᠃︶      1780 — 1797 ᠤᠨ ᠳᠤ᠂ ᠴᠠᠬᠠᠷ ᠤᠨ ᠬᠥᠪᠡᠭᠡᠳᠤ ᠰᠢᠷ᠎ᠠ ᠬᠤᠰᠢᠭᠤᠨ ᠤ ᠵᠤᠳ ᠤᠪᠤᠭᠳᠠᠨ ᠵᠢᠩ ᠵᠠᠢ ᠭᠥᠩ ᠬᠢᠭᠡᠳ ᠲᠡᠭᠦᠨ ᠤ ᠬᠥᠪᠡᠭᠦᠨ ᠹᠥ᠋ ᠵᠢᠶᠥ᠋ᠨ ᠮᠠᠨᠵᠤ ᠥᠰᠥᠭ ᠤᠨ ᠴᠠᠭᠠᠨ ᠲᠤᠯᠤᠭᠠᠢ ᠶᠢ ᠥᠨᠳᠥᠰᠥᠯᠡᠨ ᠮᠤᠩᠭᠤᠯ ᠪᠢᠴᠢᠭ ᠤᠨ ᠴᠠᠭᠠᠨ ᠲᠤᠯᠤᠭᠠᠢ ᠳᠤ ᠲᠠᠬᠢᠨ ᠵᠢᠭᠰᠠᠭᠠᠯᠳᠠ ᠬᠢᠭᠰᠡᠨ ᠪᠥᠭᠡᠳ ᠨᠥᠭᠦᠯᠳᠡ ᠬᠢᠪᠡ᠃ ︵ᠨᠢᠭᠡ ᠪᠥᠯᠥᠭ ᠬᠢᠳᠡᠳ ᠵᠢᠭᠡᠯᠡᠯᠭᠡ ᠥᠰᠥᠭ ᠢ ᠲᠡᠮᠳᠡᠭᠯᠡᠭᠦ ᠥᠰᠥᠭ ᠪᠠ ᠲᠤᠮᠳᠠ ᠤᠷᠤᠬᠤ ᠵᠢᠭᠡᠯᠡᠯᠭᠡ ᠡ ᠶᠢᠨ ᠲᠥᠷᠰᠤ ︿᠊ᠸ᠋᠊﹀ ᠶᠢ ᠨᠡᠮᠡᠭᠰᠡᠨ︶      1828 ᠤᠨ ᠳᠤ᠂ ᠶᠡᠭᠡ ᠪᠢᠴᠢᠭ ᠤᠨ ᠭᠥᠮᠥᠨ ᠲᠥᠮᠡᠳ ᠤᠨ ᠭᠠᠯᠰᠠᠩ ︽ᠮᠤᠩᠭᠤᠯ ᠥᠰᠥᠭ ᠤᠨ ᠪᠥᠭᠦᠳᠡ ᠲᠠᠶᠢᠯᠪᠤᠷᠢ ᠪᠢᠴᠢᠭ︾ ᠭᠡᠳᠡᠭ ᠴᠢᠬᠤᠯᠠ ᠪᠥᠳᠥᠭᠡᠯ ᠢᠶᠠᠨ ᠭᠠᠷᠭᠠᠵᠠᠢ᠃ ᠲᠤᠰ ︽ᠲᠠᠶᠢᠯᠪᠤᠷᠢ ᠪᠢᠴᠢᠭ︾ ᠤᠨ ᠭᠤᠤᠯ ᠠᠭᠤᠯᠭ᠎ᠠ ᠶᠢ ᠵᠢᠭᠰᠠᠭᠠᠪᠠᠯ᠄① ᠨᠢᠭᠡᠳᠥᠭᠡᠷ ᠵᠥᠢᠯ ᠳᠤ ᠮᠤᠩᠭᠤᠯ ᠥᠰᠥᠭ ᠤᠨ ᠲᠤᠬᠠᠢ ᠥᠭᠦᠯᠡᠯ ᠤᠳ ᠪᠤᠢ ᠪᠥᠭᠡᠳ ᠮᠤᠩᠭᠤᠯ ᠥᠰᠥᠭ ᠬᠢᠭᠡᠳ ᠲᠡᠭᠦᠨ ᠤ ᠬᠤᠯᠪᠤᠬᠤ ᠶᠤᠰᠤ ᠶᠢ ᠨᠠᠷᠢᠨ ᠥᠭᠦᠯᠡᠵᠠᠢ︔② ᠬᠤᠶᠠᠳᠤᠭᠠᠷ ᠵᠥᠢᠯ ᠳᠤ ᠮᠤᠩᠭᠤᠯ ᠬᠡᠯᠡ ᠤ ᠡᠯ᠎ᠡ ᠲᠠᠭᠠᠪᠤᠷᠢ᠂ ᠬᠤᠷᠮᠤᠢ ᠶᠢ ᠵᠠᠯᠭᠠᠬᠤ ᠶᠤᠰᠤ ᠬᠢᠭᠡᠳ ᠲᠡᠭᠦᠨ ᠤ ᠲᠠᠭᠤᠳᠠᠯᠭ᠎ᠠ ᠶᠢᠨ ᠲᠤᠬᠠᠢ ᠲᠠᠶᠢᠯᠪᠤᠷᠢᠯᠠᠵᠠᠢ︔③ ᠭᠤᠷᠪᠠᠳᠤᠭᠠᠷ ᠵᠥᠢᠯ ᠳᠤ ᠮᠤᠩᠭᠤᠯ ᠬᠡᠯᠡᠨ ᠤ ᠥᠭᠡ ᠶᠢᠨ ᠥᠨᠳᠥᠰᠤᠨ ᠳᠤ ᠲᠠᠭᠠᠪᠤᠷᠢ ᠨᠤᠭᠤᠳ ᠢ ᠵᠠᠯᠭᠠᠬᠤ ᠳᠤ ᠪᠢᠴᠢᠯᠭᠡ᠂ ᠲᠠᠭᠤᠳᠠᠯᠭ᠎ᠠ ᠬᠤᠪᠢᠷᠠᠬᠤ ᠶᠢᠨ ᠢᠯᠭᠠᠯ ᠤᠳ ᠢ ᠲᠤᠳᠤᠷᠬᠠᠶᠢᠯᠠᠵᠠᠢ︔④ ᠲᠥᠷᠪᠡᠳᠥᠭᠡᠷ ᠵᠥᠢᠯ ᠳᠤ ᠮᠤᠩᠭᠤᠯ ᠪᠢᠴᠢᠭ ᠤᠨ ᠵᠥᠪ ᠪᠢᠴᠢᠯᠭᠡ ᠳᠤ ᠬᠤᠯᠪᠤᠭᠳᠠᠭᠰᠠᠨ ᠰᠢᠳᠤ ᠠᠷᠠᠭ᠎ᠠ ᠨᠡᠮᠡᠭᠦ᠂ ᠠᠪᠢᠶ᠎ᠠ ᠰᠡᠯᠭᠦᠴᠡᠭᠦ᠂ ᠴᠢᠩᠭ᠎ᠠ ᠰᠤᠯᠠ ᠲᠡᠪᠢᠰᠭᠡᠷ ᠥᠰᠥᠭ ᠲᠤ ᠵᠠᠷᠢᠮ ᠲᠠᠭᠠᠪᠤᠷᠢ ᠵᠠᠯᠭᠠᠬᠤ ᠳᠤ ᠠᠮᠢ ᠤᠷᠤᠬᠤ ᠪᠠ ᠡᠰᠡᠭᠦ ᠶᠢᠨ ᠲᠤᠬᠠᠢ ᠲᠠᠶᠢᠯᠤᠮᠵᠢ ᠬᠢᠵᠠᠢ︔⑤ ᠲᠠᠪᠤᠳᠤᠭᠠᠷ ᠵᠥᠢᠯ  ᠳᠤ ᠰᠤᠯᠠ ᠠᠶᠠᠯᠭᠤᠳᠤ ᠤᠭᠵᠤᠮ ᠥᠰᠥᠭ ᠤᠨ ᠲᠤᠬᠠᠢ᠂ ᠭᠥᠮᠥᠨ ᠤ ᠨᠡᠷ᠎ᠡ ᠶᠢ ᠰᠠᠯᠭᠠᠵᠤ ᠪᠢᠴᠢᠭᠦ ᠪᠠ ᠤᠶᠢᠷᠠᠴᠢᠯᠠᠨ ᠪᠢᠴᠢᠭᠦ ᠶᠢᠨ ᠲᠤᠬᠠᠢ᠂ ᠪᠠᠰᠠ ᠪᠤᠰᠤ ᠵᠠᠷᠢᠮ ᠥᠭᠡᠨ ᠤ ᠭᠠᠷᠤᠯ ᠤᠨ ᠲᠤᠬᠠᠢ ᠭᠡᠭᠦ ᠮᠡᠳᠤ ᠡᠳᠥᠢ ᠲᠡᠳᠥᠢ ᠪᠤᠳᠠᠳᠠᠢ ᠠᠰᠠᠭᠤᠳᠠᠯ ᠳᠤ ᠵᠥᠪ ᠪᠤᠷᠤᠭᠤ ᠶᠢ ᠬᠠᠷᠢᠴᠠᠭᠤᠯᠤᠨ ᠵᠢᠱᠢᠶ᠎ᠡ ᠲᠠᠳᠠᠵᠤ ᠥᠭᠦᠯᠡᠵᠠᠢ᠃ ᠲᠤᠰ ᠵᠤᠬᠢᠶᠠᠯ ᠪᠤᠯ ᠴᠤᠶᠢᠵᠢᠤᠳᠰᠠᠷ ᠤᠨ ︽ᠵᠢᠷᠥᠭᠡᠨ ᠤ ᠲᠤᠯᠳᠤ︾ ᠶᠢᠨ ᠲᠠᠷᠠᠭᠠᠬᠢ ᠮᠠᠰᠢ ᠴᠢᠬᠤᠯᠠ ᠪᠥᠳᠥᠭᠡᠯ ᠪᠤᠯᠤᠨ᠎ᠠ᠃ ︵ᠴᠠᠭᠠᠨ ᠲᠤᠯᠤᠭᠠᠢ ᠶᠢᠨ ᠤᠴᠢᠷ ᠤᠳᠬ᠎ᠠ᠂ ᠥᠰᠥᠭ ᠬᠤᠯᠪᠤᠬᠤ ᠲᠥᠷᠢᠮ ᠪᠠ ᠬᠡᠷᠡᠭᠯᠡᠭᠦ ᠭᠠᠵᠠᠷ᠂ ᠥᠰᠥᠭ ᠤᠨ ᠵᠥᠪ ᠵᠢᠷᠤᠯᠭ᠎ᠠ᠂ ᠥᠰᠥᠭ ᠤᠨ ᠲᠥᠷᠢᠮ ᠵᠢᠷᠤᠮ᠂ ᠴᠠᠭᠠᠨ ᠲᠤᠯᠤᠭᠠᠢ ᠳᠤ ᠬᠢ ᠭᠠᠳᠠᠭᠠᠳᠤ ᠡᠭᠦᠰᠥᠯᠳᠤ ᠥᠰᠥᠭ ᠤᠨ ᠲᠤᠬᠠᠢ᠂ ᠭᠠᠯᠢᠭ ᠥᠰᠥᠭ ᠤᠨ ᠤᠴᠢᠷ ᠪᠠ ᠮᠤᠩᠭᠤᠯ ᠪᠢᠴᠢᠭ ᠤᠨ ᠥᠰᠥᠭ ᠵᠥᠢ ᠶᠢᠨ ᠪᠥᠳᠥᠴᠠ ᠰᠢᠨᠵᠢᠯᠡᠯ ᠬᠢᠭᠰᠡᠨ᠂ ᠠᠪᠢᠶ᠎ᠠ ᠵᠥᠢ ᠶᠢᠨ ᠮᠠᠰᠢ ᠶᠡᠭᠡ ᠰᠤᠳᠤᠯᠤᠯᠳᠠ ᠬᠢᠵᠤ ︽ᠮᠤᠩᠭᠤᠯ ᠤᠯᠤᠰ ᠤᠨ ᠶᠡᠷᠥᠩᠭᠡᠢ ᠶᠢᠨ ᠲᠠᠭᠤᠨ ᠠᠶᠠᠯᠭᠤ︾ ᠭᠡᠭᠦ ᠤᠬᠠᠭᠳᠠᠬᠤᠨ ᠢ ᠲᠤᠷᠠᠳᠤᠨ ᠭᠠᠷᠭᠠᠭᠰᠠᠨ᠂ ᠭᠥᠳᠡᠯᠭᠦ ᠥᠨᠳᠥᠰᠤ ᠪᠠ ᠥᠢᠯᠡ ᠥᠭᠡ ᠶᠢᠨ ᠬᠡᠯᠪᠡᠷᠢ ᠵᠡᠷᠭᠡ ᠶᠢ ᠰᠢᠰᠲ᠋ᠧᠮ ᠲᠠᠢ ᠵᠢᠭᠠᠨ ᠭᠠᠷᠭᠠᠭᠰᠠᠨ᠃︶      1832 ᠤᠨ ᠳᠤ᠂ ᠤᠷᠤᠰ ᠤᠨ ᠮᠤᠩᠭᠤᠯᠴᠢ ᠡᠷᠳᠡᠮᠳᠡᠨ ᠱᠮᠢᠲ ︽ᠮᠤᠩᠭᠤᠯ ᠬᠡᠯᠡᠨ ᠤ ᠵᠥᠢ︾ ᠭᠡᠳᠡᠭ ᠨᠤᠮ ᠲᠤ ᠪᠠᠨ ᠮᠤᠩᠭᠤᠯ ᠬᠡᠯᠡ ᠤ ᠲᠤᠬᠠᠢ ᠰᠤᠳᠤᠯᠤᠯ ᠢᠶᠠᠨ ᠢᠯᠡᠳᠭᠡᠵᠠᠢ᠃      19 ᠳ᠋ᠤᠭᠡᠷ ᠵᠠᠭᠤᠨ ᠳᠤ ᠰᠠᠶᠢᠴᠤᠩᠭ᠎ᠠ ᠵᠡᠷᠭᠡ ᠭᠥᠮᠥᠰ ᠮᠠᠨᠵᠤ ᠥᠰᠥᠭ ᠢᠶᠠᠷ ᠮᠤᠩᠭᠤᠯ ᠭᠡᠯᠡ ᠶᠢ ᠲᠡᠮᠳᠡᠭᠯᠡᠵᠤ ᠨᠢᠭᠡᠨ ᠵᠡᠷᠭᠡ ᠤᠷᠤᠯᠳᠤᠵᠤ ᠥᠵᠠᠵᠠᠢ᠃      1907 ᠤᠨ ᠳᠤ᠂ ᠪᠠᠶᠢᠭᠠᠯ ᠲᠠᠩᠬᠢᠰ ᠤᠨ ᠬᠠᠪᠢ ᠳᠤ ᠨᠤᠳᠤᠭ ᠲᠠᠢ ᠪᠤᠷᠢᠶᠠᠳ ᠮᠤᠩᠭᠤᠯᠴᠢ ᠡᠷᠳᠡᠮᠳᠡᠨ ᠯᠠᠮ᠎ᠠ ᠠᠭᠸᠠᠩᠳᠤᠷᠵᠢ ᠬᠤᠳᠤᠮ ᠮᠤᠩᠭᠤᠯ ᠥᠰᠥᠭ ᠬᠢᠭᠡᠳ ᠲᠤᠳᠤ ᠥᠰᠥᠭ ᠤᠨ ᠤᠨᠴᠠᠯᠢᠭ ᠲᠤ ᠰᠠᠭᠤᠷᠢᠯᠠᠭᠤᠯᠤᠨ ᠸᠠᠬᠢᠨᠳᠠᠷ᠎ᠠ ᠥᠰᠥᠭ ᠢ ᠵᠤᠬᠢᠶᠠᠵᠤ ᠲᠡᠯᠭᠡᠷᠡᠭᠦᠯᠵᠠᠢ᠃ ︵ᠮᠤᠩᠭᠤᠯ ᠰᠤᠳᠤᠯᠤᠯ ᠳᠤ ᠠᠭᠸᠠᠩ ᠲᠤᠷᠵᠢᠶ᠋ᠸᠧ ᠭᠡᠳᠡᠭ᠃ ᠠᠪᠤ ᠨᠢ ᠲᠤᠷᠵᠢ᠂ ᠡᠵᠢ ᠨᠢ ᠲᠤᠯᠭᠠᠷ᠂ ᠥᠪᠡᠷ ᠢᠶᠠᠨ ᠤᠯᠠᠨ ᠬᠡᠯᠡᠨ᠎ᠡ ᠨᠡᠪᠳᠡᠷᠡᠭᠰᠡᠨ ᠨᠢᠭᠡᠨ᠃ 1853 ᠤᠨ ᠳᠤ ᠪᠠᠶᠢᠭᠠᠯ ᠨᠠᠭᠤᠷ ᠤᠨ ᠬᠤᠶᠢᠳᠤ ᠭᠡᠰᠡᠭ ᠲᠤ ᠮᠠᠨᠳᠤᠯᠠᠵᠤ᠂ 14 ᠲᠠᠢ ᠳᠤ ᠪᠠᠨ ᠰᠠᠬᠢᠯ ᠠᠪᠤᠭᠠᠳ 1876 ᠤᠨ ᠠᠴᠠ ᠭᠥᠮᠪᠦᠮ ᠬᠡᠶᠢᠳ ᠵᠡᠷᠭᠡ ᠳᠤ ᠰᠤᠷᠤᠯᠴᠠᠵᠤ ᠯᠾᠠᠷᠠᠮᠪᠠ ᠴᠤᠯᠠ ᠭᠥᠷᠳᠡᠵᠠᠢ᠃ ᠬᠠᠯᠢᠮᠠᠭ ᠪᠠ ᠪᠤᠷᠢᠶᠠᠳ ᠤᠷᠤᠨ ᠳᠤ ᠰᠢᠷ᠎ᠠ ᠶᠢᠨ ᠱᠠᠰᠢᠨ ᠢ ᠲᠠᠬᠢᠨ ᠥᠭᠡᠳᠡᠯᠡᠭᠦᠯᠭᠦ ᠪᠠᠷ ᠲᠤᠩ ᠴᠤ ᠭᠥᠴᠥᠯᠡᠭᠰᠡᠨ ᠲᠡᠳᠥᠢ ᠥᠭᠡᠢ 1900 ᠤᠨ ᠠᠴᠠ1915 ᠤᠨ ᠭᠥᠷᠳᠡᠯ᠎ᠡ ᠰᠠᠨᠲ ᠫᠧᠲ᠋ᠧᠷᠪᠦᠷᠢᠭ ᠬᠤᠳᠠ ᠳᠤ ᠰᠢᠷ᠎ᠡ ᠶᠢᠨ ᠱᠠᠰᠢᠨ ᠤ ᠨᠢᠭᠡ ᠳ᠋ᠠᠴᠠᠩ ᠪᠠᠶᠢᠭᠤᠯᠤᠭᠰᠠᠨ ᠪᠠ 1905 ᠤᠨ ᠳᠤ ︽ᠨᠠᠷᠠᠨ︾ ᠨᠡᠷᠡᠮᠵᠢᠳᠤ ᠬᠡᠪᠯᠡᠯ ᠤᠨ ᠭᠠᠵᠠᠷ ᠢ ᠪᠠᠶᠢᠭᠤᠯᠵᠤ ᠨᠤᠮ ᠪᠢᠴᠢᠭ ᠬᠡᠪᠯᠡᠵᠤ ᠪᠠᠶᠢᠵᠠᠢ᠃ ᠤᠷᠢᠳᠤᠬᠢ ᠵᠠᠭᠤᠨ ᠤ ᠪᠠᠷᠢᠯᠭ᠎ᠠ ᠶᠢᠨ ᠲᠤᠷᠠᠰᠬᠠᠯ ᠤᠨ ᠬᠤᠪᠢ ᠪᠠᠷ ᠲᠡᠷᠡ ᠭᠦ ᠳ᠋ᠠᠴᠠᠩ ᠨᠢ ᠡᠳᠥᠭᠡ ᠪᠤᠯᠳᠠᠯ᠎ᠠ ᠤᠯᠤᠰ ᠤᠨ ᠬᠠᠮᠠᠭᠠᠯᠠᠯᠳᠠ ᠲᠠᠢ ᠪᠠᠷ ᠰᠥᠨᠳᠡᠷᠯᠡᠭᠰᠡᠭᠡᠷ ᠪᠤᠢ ᠪᠤᠯᠪᠠᠴᠤ ᠪᠠᠷᠢᠭᠰᠠᠨ ᠡᠵᠡᠨ ᠨᠢ ᠮᠤᠩᠭᠤᠯ ᠭᠥᠥ ᠠᠭᠸᠠᠩᠳᠤᠷᠵᠢ 1937 ᠤᠨ ᠳᠤ ᠬᠡᠯᠮᠡᠭᠳᠡᠭᠦᠯᠥᠯᠳᠡ ᠪᠠᠷ ᠨᠠᠶᠠᠨ ᠲᠠᠪᠤᠳᠠᠢ ᠱᠤᠷᠤᠩ ᠳᠤ ᠲᠠᠭᠠᠯᠠᠯ ᠪᠤᠯᠵᠠᠢ᠃ ᠸᠠᠬᠢᠨᠳᠠᠷ᠎ᠠ ᠭᠡᠮᠡᠭᠳᠡᠭᠦ ᠠᠭᠸᠠᠩᠳᠤᠷᠵᠢ ᠶᠢᠨ ᠲᠤᠬᠠᠢ ᠲᠡᠮᠳᠡᠭᠯᠡᠯ ᠮᠠᠰᠢ ᠴᠤᠬᠠᠭ ᠲᠤᠬᠢᠶᠠᠯᠳᠤᠬᠤ ᠶᠢᠨ ᠤᠴᠢᠷ ᠲᠡᠭᠦᠨ ᠤ ᠲᠤᠬᠠᠢ ᠲᠥᠭᠦᠮ ᠲᠤᠷᠠᠳᠬᠠᠯ ᠢ ᠠᠳᠡ ᠵᠢᠬᠢᠷᠢᠭᠯᠡᠪᠡ᠃︶      1912 ᠤᠨ ᠳᠤ ᠬᠠᠷᠠᠴᠢᠨ ᠤ ᠬᠠᠶᠢᠱᠠᠨ ᠭᠥᠩ ᠠᠩᠬ᠎ᠠ ᠤᠳᠠᠭ᠎ᠠ ᠬᠢᠳᠡᠳ ᠤᠨ ᠵᠢᠭᠡᠯᠡᠯᠭᠡ ᠥᠭᠡ ᠶᠢ ᠲᠡᠮᠳᠡᠭᠯᠡᠭᠦ ︽ᠡᠯ︾ ᠥᠰᠥᠭ ᠢ ᠬᠡᠷᠡᠭᠯᠡᠵᠠᠢ᠃      1919 ᠤᠨ ᠠᠴᠠ ᠬᠤᠶᠢᠰᠢ᠂ ᠮᠤᠩᠭᠤᠯ ᠡᠷᠳᠡᠮᠳᠡᠳ ᠢᠳᠡᠪᠬᠢᠳᠡᠢ ᠪᠠᠷ ᠮᠤᠩᠭᠤᠯ ᠪᠢᠴᠢᠭ ᠢᠶᠠᠨ ᠨᠡᠩ ᠥᠷᠭᠡᠨ ᠲᠡᠯᠭᠡᠷ ᠬᠡᠷᠡᠭᠯᠡᠭᠰᠡᠨ ᠪᠥᠭᠡᠳ ᠮᠤᠩᠭᠤᠯ ᠪᠢᠴᠢᠭ ᠲᠤ ᠤᠷᠳᠤ ᠬᠤᠭᠤᠴᠠᠭ᠎ᠠ ᠪᠠᠷ ᠬᠤᠯᠢᠯᠳᠤᠵᠤ ᠪᠠᠶᠢᠭᠰᠠᠨ ᠮᠠᠨᠵᠤ ᠥᠰᠥᠭ ᠤᠨ ᠲᠤᠰᠤᠯ ᠪᠢᠨᠳᠤ ᠶᠢ ᠠᠷᠢᠯᠭᠠᠵᠤ ᠤᠤᠯ ᠤᠨ ᠭᠠᠯᠢᠭ ᠥᠰᠥᠭ ᠢ ᠰᠡᠷᠭᠦᠭᠡᠭᠰᠡᠨ ᠠᠴᠠ ᠮᠠᠰᠢ ᠲᠥᠷᠭᠡᠨ ᠲᠡᠯᠭᠡᠷᠡᠨ ᠬᠡᠪᠰᠢᠵᠠᠢ᠃      1930 ‍ᠭᠠᠳ ᠤᠨ ᠠᠴᠠ ᠡᠬᠢᠯᠡᠨ ᠵᠥᠪᠯᠡᠯᠳᠤ ᠶᠢᠨ ᠢᠵᠢᠯ ᠮᠥᠷᠡᠨ ᠤ ᠬᠠᠯᠢᠮᠠᠭ᠂ ᠪᠠᠶᠢᠭᠠᠯ ᠨᠠᠭᠤᠷ ᠤᠨ ᠪᠤᠷᠢᠶᠠᠳ ᠪᠠ ᠪᠥᠭᠦᠳᠡ ᠨᠠᠶᠢᠷᠠᠮᠳᠠᠬᠤ ᠮᠤᠩᠭᠤᠯ ᠠᠷᠠᠳ ᠤᠯᠤᠰ ᠤᠨ ᠬᠢᠨ ᠪᠠᠷᠠᠭᠤᠨ ᠤ ᠬᠢᠨ ᠤ ᠨᠥᠯᠥᠭᠡ ᠪᠠ ᠤᠯᠤᠰ ᠲᠥᠷᠥ ᠶᠢᠨ ᠰᠢᠯᠳᠠᠭᠠᠨ ᠠᠴᠠ ᠪᠤᠯᠵᠤ ᠯᠠᠲ᠋ᠢᠨ ᠴᠠᠭᠠᠨ ᠲᠤᠯᠤᠭᠠᠢ ᠪᠠᠷ ᠬᠤᠳᠤᠮ ᠮᠤᠩᠭᠤᠯ ᠥᠰᠥᠭ ᠢᠶᠠᠨ ᠤᠷᠤᠯᠠᠭᠤᠯᠬᠤ ᠪᠠᠷ ᠤᠷᠤᠯᠳᠤᠭᠠᠳ ᠪᠥᠷ ᠪᠥᠳᠥᠭᠰᠡᠨ ᠥᠭᠡᠢ᠃ ᠬᠠᠷᠢᠨ ᠢᠵᠢᠯ ᠮᠥᠷᠡᠨ ᠤ ᠬᠠᠯᠢᠮᠠᠭᠴᠤᠳ 1938 ᠤᠨ ᠳᠤ ᠰᠯᠠᠸ᠋ ᠴᠠᠭᠠᠨ ᠲᠤᠯᠤᠭᠠᠢ ᠳᠤ ᠰᠠᠭᠤᠷᠢᠯᠠᠭᠰᠠᠨ ︽ᠰᠢᠨ᠎ᠡ ᠬᠠᠯᠢᠮᠠᠭ ᠥᠰᠥᠭ︾ ᠢ ᠬᠡᠷᠡᠭᠯᠡᠵᠤ᠂ ᠮᠥᠨ ᠤᠨ ᠪᠤᠷᠢᠶᠠᠳ ᠴᠤ ᠰᠯᠠᠸ᠋ ᠥᠰᠥᠭ ᠲᠤ ᠰᠢᠯᠵᠢᠵᠤ᠂ ᠬᠠᠯᠬ᠎ᠠ ᠮᠤᠩᠭᠤᠯ 1941 ᠤᠨ ᠠᠴᠠ ᠲᠤᠵᠢ ᠰᠢᠬᠠᠮᠳᠠᠭᠤᠯᠤᠭᠰᠠᠭᠠᠷ ᠪᠠᠶᠢᠵᠤ 1946 ᠤᠨ ᠭᠥᠷᠥᠭᠡᠳ ᠠᠷᠭ᠎ᠠ ᠪᠤᠰᠤ ᠤᠷᠤᠰ ᠴᠠᠭᠠᠨ ᠲᠤᠯᠤᠭᠠᠢ ᠳᠤ ᠰᠠᠭᠤᠷᠢᠯᠠᠭᠰᠠᠨ ᠺᠷᠢᠯ ᠥᠰᠥᠭ ᠪᠤᠶᠤ ᠰᠢᠨ᠎ᠡ ᠥᠰᠥᠭ ᠬᠡᠮᠡᠭᠳᠡᠭᠴᠢ ᠶᠢ ᠨᠡᠶᠢᠳᠡᠮ ᠬᠡᠷᠡᠭᠯᠡᠵᠤ ᠡᠬᠢᠯᠡᠵᠠᠢ᠃      1932 ᠤᠨ ᠳᠤ᠂ ᠭᠤᠮᠢᠨᠳᠠᠩ ᠤᠨ ᠵᠠᠰᠠᠭ ᠤᠨ ᠭᠠᠵᠠᠷ ᠠᠴᠠ ᠵᠠᠷᠯᠢᠭ ᠪᠠᠭᠤᠯᠭᠠᠵᠤ ᠪᠥᠭᠦ ᠲᠤᠳᠤᠭᠠᠳᠤ ᠮᠤᠩᠭᠤᠯ ᠤᠨ ᠬᠡᠪᠴᠢᠶᠡᠨ᠎ᠡ ᠬᠢᠳᠡᠳ ᠥᠰᠥᠭ ᠢ ᠭᠤᠤᠯᠳᠠᠯᠭ᠎ᠠ ᠲᠠᠢ ᠰᠠᠨᠠᠭᠠᠴᠢᠯᠠᠭ᠎ᠠ ᠲᠠᠢ ᠬᠡᠷᠡᠭᠯᠡᠨ᠂ ᠮᠤᠩᠭᠤᠯ ᠥᠰᠥᠭ ᠢ ᠭᠠᠴᠢᠵᠤ ᠬᠡᠷᠡᠭᠯᠡᠭᠦᠯᠭᠦ ᠥᠭᠡᠢ ᠭᠡᠰᠡᠨ ᠠᠯᠪᠠᠳᠠᠨ ᠬᠠᠶᠢᠯᠤᠭᠤᠯᠬᠤ ᠶᠡᠭᠡ ᠬᠢᠳᠡᠳᠴᠢᠯᠠᠬᠤ ᠥᠵᠡᠯ ᠤᠨ ᠲᠥᠷᠥ ᠶᠢᠨ ᠪᠤᠳᠤᠯᠭ᠎ᠠ ᠠᠪᠤᠭᠰᠠᠨ ᠴᠤ ᠮᠤᠩᠭᠤᠯᠴᠤᠳ ᠤᠨ ᠪᠢᠴᠢᠭ ᠥᠰᠥᠭ ᠢᠶᠠᠨ ᠬᠡᠷᠡᠭᠯᠡᠭᠦ ᠶᠢ ᠶᠡᠷᠤ ᠨᠢ ᠬᠤᠷᠢᠭᠯᠠᠵᠤ ᠲᠡᠶᠢᠯᠥᠭᠰᠡᠨ ᠥᠭᠡᠢ᠃      1953 ᠤᠨ ᠳᠤ᠂ ᠥᠪᠥᠷ ᠮᠤᠩᠭᠤᠯ ᠳᠤ ᠠᠩᠬ᠎ᠠ ᠤᠳᠠᠭ᠎ᠠ ᠮᠤᠩᠭᠤᠯ ᠬᠡᠯᠡ ᠪᠢᠴᠢᠭ ᠤᠨ ᠠᠵᠢᠯ ᠤᠨ ᠬᠤᠷᠠᠯ ᠢ ᠬᠤᠷᠠᠯᠳᠤᠭᠤᠯᠵᠤ᠂ ᠥᠪᠥᠷ ᠮᠤᠩᠭᠤᠯ ᠤᠷᠤᠨ ᠤ ᠮᠤᠩᠭᠤᠯ ᠬᠡᠯᠡ ᠪᠢᠴᠢᠭ ᠤᠨ ᠠᠵᠢᠯ ᠢ ᠴᠢᠩᠭᠠᠳᠬᠠᠬᠤ ᠪᠠ ᠲᠡᠭᠦᠨ ᠤ ᠲᠤᠬᠠᠢ ᠥᠨᠳᠥᠰᠥᠨ ᠠᠷᠭ᠎ᠠ ᠬᠡᠮᠵᠢᠶ᠎ᠡ ᠶᠢ ᠰᠤᠳᠤᠯᠤᠨ ᠲᠤᠭᠳᠠᠭᠠᠪᠠ᠃      1975 ᠤᠨ ᠳᠤ᠂ ᠥᠪᠥᠷ ᠮᠤᠩᠭᠤᠯ᠂ ᠬᠠᠷᠠᠮᠥ᠋ᠷᠡᠨ᠂ ᠬᠢᠷᠢᠨ᠂ ᠯᠢᠶᠤᠤᠨᠢᠩ᠂ ᠭᠠᠨᠰᠤ᠂ ᠨᠢᠩᠰᠢᠶᠠ᠂ ᠰᠢᠨᠵᠢᠶᠠᠩ᠂ ᠬᠥᠭᠡᠨᠠᠭᠤᠷ ᠵᠡᠷᠭᠡ ᠨᠠᠢᠮᠠᠨ ᠮᠤᠵᠢ ᠤᠷᠤᠨ ᠤ ᠮᠤᠩᠭᠤᠯ ᠬᠡᠯᠡ ᠪᠢᠴᠢᠭ ᠤᠨ ᠠᠵᠢᠯ ᠬᠠᠮᠵᠢᠯᠴᠠᠬᠤ ᠬᠤᠷᠠᠯ ᠢ ᠬᠤᠷᠠᠯᠳᠤᠭᠤᠯᠵᠤ᠂ ᠨᠠᠢᠮᠠᠨ ᠮᠤᠵᠢ ᠤᠷᠤᠨ ᠤ ᠮᠤᠩᠭᠤᠯ ᠬᠡᠯᠡ ᠪᠢᠴᠢᠭ ᠤᠨ ᠠᠵᠢᠯ ᠬᠠᠮᠵᠢᠯᠴᠠᠬᠤ ᠲᠤᠭᠤᠶᠢᠯᠠᠩ ᠢ ᠪᠠᠶᠢᠭᠤᠯᠪᠠ᠃      1989 ᠤᠨ ᠳᠤ ︽ᠮᠤᠩᠭᠤᠯ ᠭᠡᠯᠡᠨ ᠤ ᠲᠤᠯᠢ︾ ᠬᠡᠪᠯᠡᠯ ᠳᠤ ᠪᠡᠯᠡᠳᠭᠡᠭᠳᠡᠭᠰᠡᠨ ᠴᠤ ᠠᠷᠪᠠᠨ ᠵᠢᠯ ᠤᠨ ᠬᠢᠨᠢ ᠳᠠᠷᠠᠭ᠎ᠠ᠂ ᠲᠤᠬᠠᠶᠢᠯᠠᠪᠠᠯ 1999 ᠤᠨ  ᠳᠤ ᠬᠡᠷᠡᠭᠯᠡᠭᠴᠢᠳ ᠤᠨ ᠠᠯᠠᠭᠠᠨ ᠲᠡᠭᠡᠷ᠎ᠡ ᠰᠠᠶ᠋ᠢ ᠲᠡᠯᠭᠡᠭᠳᠡᠵᠠᠢ᠃ ᠡᠨᠡ ᠪᠤᠯ ᠲᠠᠷᠤᠢ ᠥᠪᠥᠷ ᠬᠠᠯᠬ᠎ᠠ ᠥᠭᠡᠢ ︽ᠨᠤᠷᠵᠢᠨ ᠤ ᠲᠤᠯᠢ︾ ᠭᠡᠮᠡᠨ‌ᠠᠯᠳᠠᠷᠰᠢᠭᠰᠠᠨ ᠭᠥᠭᠡ ᠲᠤᠯᠢ ᠪᠤᠯᠤᠨ᠎ᠠ᠃      2020 ᠤᠨ ᠤ ᠡᠴᠥᠰ ᠪᠤᠶᠤ ᠲᠠᠷᠠᠭ᠎ᠠ ᠵᠢᠯ ᠤᠨ ᠬᠢᠨᠢ ᠡᠬᠢ ᠪᠠᠷ ᠭᠤᠷᠪᠠᠳᠤᠭᠠᠷ ᠬᠡᠪᠯᠡᠯ ᠤᠨ ︽ᠮᠤᠩᠭᠤᠯ ᠭᠡᠯᠡᠨ ᠤ ᠵᠥᠪ ᠪᠢᠴᠢᠯᠭᠡ ᠶᠢᠨ ᠲᠤᠯᠢ︾ ᠮᠠᠨᠳᠤᠯᠠᠭᠦ ᠪᠤᠯᠤᠮᠵᠢ ᠲᠠᠢ᠃ ︵2020 ᠤᠨ ᠤ 11 ᠰᠠᠷ᠎ᠠ ᠳᠤ᠂ ᠪᠥ᠋ ᠰᠢᠶᠤᠤ ᠯᠢᠨ ᠲᠡᠷᠢᠭᠦᠯᠡᠭᠴᠢ ᠶᠢ ᠪᠠᠭᠳᠠᠭᠠᠭᠰᠠᠨ ᠤᠯᠠᠨ ᠤᠯᠠᠨ ᠭᠥᠮᠥᠰ ᠤᠨ ᠴᠢᠷᠮᠠᠶᠢᠯᠭ᠎ᠠ  ᠪᠠᠷ ᠭᠤᠷᠪᠠᠳᠤᠭᠠᠷ ᠬᠡᠪᠯᠡᠯ ᠤᠨ ︽ᠮᠤᠩᠭᠤᠯ ᠬᠡᠯᠡᠨ ᠤ ᠵᠥᠪ ᠪᠢᠴᠢᠯᠭᠡ ᠶᠢᠨ ᠲᠤᠯᠢ︾ ᠡᠴᠥᠰ ᠲᠤ ᠪᠠᠨ ᠬᠡᠪᠯᠡᠭᠳᠡᠪᠡ᠃ ᠠᠷᠠᠳ ᠤᠨ ᠬᠡᠪᠯᠡᠯ ᠤᠨ ᠬᠤᠷᠢᠶᠠᠨ ᠤ ᠨᠠᠶᠢᠳᠠᠯᠭ᠎ᠠ ᠪᠠᠷ ᠰᠤᠨᠤᠮ ᠪᠠᠭᠰᠢᠳᠠᠨ ᠱᠠᠪᠢ ᠴᠠᠬᠠᠷ ᠪᠠᠳᠤ ᠶᠢᠨ ᠬᠠᠮᠳᠤ ᠡᠴᠥᠰ ᠤᠨ ᠬᠢᠨᠠᠯᠳᠠ ᠳᠤ ᠰᠢᠭᠦᠯᠭᠡ ᠬᠢᠵᠤ ᠨᠡᠶᠢᠳᠡ 120 ᠵᠤᠷᠪᠤᠰ ᠰᠠᠨᠠᠯ ᠲᠡᠪᠰᠢᠭᠦᠯᠥᠭᠰᠡᠨ ᠢ ᠤᠯᠠᠩᠬᠢ ᠶᠢ ᠨᠢ ᠭᠥᠯᠢᠶᠡᠨ ᠠᠰᠢᠭᠯᠠᠭᠰᠠᠨ ᠪᠠᠶᠢᠨ᠎ᠠ᠃︶      ᠭᠤᠷᠪᠠ᠂ ᠮᠤᠩᠭᠤᠯ ᠪᠢᠴᠢᠭ ᠤᠨ ᠵᠥᠪ ᠪᠢᠴᠢᠯᠭᠡ ᠶᠢᠨ ᠤᠴᠢᠷ      ︵ᠨᠢᠭᠡ︶ ᠮᠤᠩᠭᠤᠯ ᠪᠢᠴᠢᠭ ᠢ ᠵᠥᠪ ᠪᠢᠴᠢᠭᠦ ᠶᠢᠨ ᠤᠴᠢᠷ      ᠭᠥᠮᠥᠨ ᠲᠥᠷᠥᠯᠬᠢᠳᠡᠨ ᠤ ᠠᠪᠢᠶᠠᠨ ᠤ ᠥᠰᠥᠭ ᠪᠤᠯ ᠠᠮᠢᠳᠤ ᠬᠡᠯᠡᠨ ᠤ ᠠᠪᠢᠶᠠᠨ ᠤ ᠰᠢᠰᠲ᠋ᠧᠮ ᠢ ᠭᠥᠮᠥᠨ ᠤ ᠨᠢᠳᠤᠨ ᠳᠤ ᠪᠥᠷᠢᠨ ᠵᠥᠪ ᠲᠤᠰᠬᠠᠭᠰᠠᠨ ᠪᠠᠶᠢᠬᠤ ᠶᠢᠨ ᠲᠥᠯᠥᠭᠡ ᠶᠡᠷᠤ ᠵᠥᠪ ᠪᠢᠴᠢᠯᠭᠡ ᠶᠢᠨ ᠨᠠᠷᠢᠨ ᠲᠥᠷᠢᠮ ᠲᠠᠢ ᠪᠠᠶᠢᠳᠠᠭ᠃ ᠲᠡᠶᠢᠮᠤ ᠪᠥᠭᠡᠳ ᠡᠳᠡᠭᠡᠷ ᠲᠥᠷᠢᠮ ᠤᠳ ᠨᠢ ᠠᠮᠢᠳᠤ ᠬᠡᠯᠡᠡ ᠤ ᠲᠠᠥᠭᠡᠳᠤ ᠭᠥᠭᠵᠢᠯ ᠤᠨ ᠶᠠᠪᠤᠴᠠ ᠳᠤ ᠵᠠᠰᠠᠭᠳᠠᠨ ᠪᠤᠯᠪᠠᠰᠤᠷᠠᠭᠤᠯᠤᠭᠳᠠᠵᠤ ᠶᠠᠪᠤᠳᠠᠭ ᠪᠠᠶᠢᠨ᠎ᠠ᠃ ᠡᠶᠢᠮᠤ ᠴᠤ ᠤᠴᠢᠷ ᠠᠴᠠ᠂ ᠲᠡᠯᠡᠭᠡᠢ ᠳ᠋ᠠᠬᠢᠨ ᠤ ᠥᠰᠥᠭ ᠪᠢᠴᠢᠭ ᠲᠠᠢ ᠤᠯᠤᠰ ᠥᠨᠳᠥᠰᠥᠳᠡᠨ ᠨᠦᠭᠦᠳ ᠥᠰᠥᠭ ᠤᠨ ᠢᠶᠠᠨ ᠲᠥᠷᠢᠮ ᠢ ᠵᠠᠰᠠᠨ ᠰᠠᠶᠢᠵᠢᠷᠠᠭᠤᠯᠵᠤ ᠲᠥᠷᠢᠮᠵᠢᠭᠦᠯᠭᠦ ᠶᠢ ᠶᠡᠭᠡᠭᠡᠨ ᠴᠢᠬᠤᠯᠠᠴᠢᠯᠠᠳᠠᠭ᠃ ᠮᠤᠩᠭᠤᠯᠴᠤᠳ ᠲᠡᠯᠡᠭᠡᠢ ᠶᠢᠨ ᠰᠤᠶᠤᠯᠳᠤ ᠥᠨᠳᠥᠰᠥᠳᠡᠨ ᠨᠦᠭᠦᠳ ᠤᠨ ᠠᠳᠠᠯᠢ ᠬᠤᠪᠢᠨ ᠤ ᠪᠠᠨ ᠥᠰᠥᠭ ᠪᠢᠴᠢᠭ ᠢ ᠰᠠᠶᠢᠳᠥᠷ ᠲᠥᠷᠢᠮᠵᠢᠭᠦᠯᠭᠦ ᠶᠢᠨ ᠲᠥᠯᠥᠭᠡ ᠤᠯᠠᠨ ᠵᠠᠭᠤᠨ ᠵᠢᠯ ᠤᠨ ᠲᠤᠷᠰᠢ ᠲᠠᠰᠤᠷᠠᠯᠳᠠ ᠥᠭᠡᠢ ᠴᠢᠷᠮᠠᠶᠢᠨ ᠤᠷᠤᠯᠳᠤᠭᠰᠠᠭᠠᠷ ᠢᠷᠡᠵᠠᠢ᠃ ᠶᠠᠭ ᠮᠥᠨ ᠡᠶᠢᠮᠤᠷᠭᠦ ᠤᠷᠤᠯᠳᠤᠯᠭ᠎ᠠ ᠶᠢᠨ ᠳ᠋ᠥᠩ ᠳᠤ ᠮᠠᠨ ᠤ ᠬᠡᠷᠡᠭᠯᠡᠵᠤ ᠪᠠᠶᠢᠭ᠎ᠠ ᠬᠤᠳᠤᠮ ᠮᠤᠩᠭᠤᠯ ᠪᠢᠴᠢᠭ ᠤᠳᠤ ᠶᠢᠨ ᠡᠨᠡ ᠭᠡᠮᠵᠢᠶᠡᠨ ᠳᠤ ᠭᠥᠷᠳᠡᠯ᠎ᠡ ᠪᠤᠯᠪᠠᠰᠤᠷᠠᠭᠤᠯᠤᠭᠳᠠᠭᠰᠠᠨ ᠪᠠᠶᠢᠵᠠᠢ᠃      ︵ᠬᠤᠶᠠᠷ︶  ᠥᠰᠥᠭ ᠢ ᠵᠥᠪ ᠪᠢᠴᠢᠭᠦ      ᠮᠤᠩᠭᠤᠯ ᠥᠭᠡᠰ ᠢ ᠲᠡᠮᠳᠡᠭᠯᠡᠵᠤ ᠪᠠᠶᠢᠭ᠎ᠠ ᠮᠤᠩᠭᠤᠯ ᠪᠢᠴᠢᠭ ᠪᠤᠯ ᠮᠥᠨ ᠲᠡᠭᠦᠨ ᠲᠠᠢ ᠠᠳᠠᠯᠢ ᠶᠠᠩᠵᠤ ᠪᠥᠷᠢ ᠶᠢᠨ ᠠᠪᠢᠶᠠᠯᠠᠪᠤᠷᠢ ᠶᠢ ᠲᠡᠮᠳᠡᠭᠯᠡᠭᠰᠡᠨ ᠥᠰᠥᠭ ᠤᠳ ᠤᠨ ᠬᠡᠯᠬᠢᠶᠡᠰᠤ ᠪᠠᠷ ᠪᠥᠷᠢᠯᠳᠥᠳᠡᠭ ᠤᠨ ᠤᠴᠢᠷ᠂ ᠮᠤᠩᠭᠤᠯ ᠪᠢᠴᠢᠭ ᠢ ᠵᠥᠪ ᠪᠢᠴᠢᠭᠦ ᠶᠢᠨ ᠤᠷᠢᠳᠠᠯ ᠪᠤᠯ ᠮᠤᠩᠭᠤᠯ  ᠥᠰᠥᠭ ᠤᠨ ᠪᠢᠴᠢᠯᠭᠡ ᠶᠢᠨ ᠵᠢᠷᠤᠮ ᠢ ᠰᠠᠶᠢᠳᠤᠷ ᠰᠤᠷᠴᠤ ᠤᠶᠢᠯᠠᠭᠠᠬᠤ ᠬᠡᠷᠡᠭᠳᠡᠢ᠃      1. ᠪᠤᠭᠤᠨᠢ ᠡᠭᠡᠰᠢᠭ 7 ᠪᠠ ᠲᠡᠭᠦᠨ ᠤ ᠭᠤᠷᠪᠠᠨ ᠬᠤᠪᠢᠷᠠᠯ ᠤᠨ ᠪᠢᠴᠢᠯᠭᠡ ᠨᠡᠶᠢᠳᠡ 36 ᠲᠥᠷᠰᠤ ᠪᠤᠢ᠃ ᠡᠭᠦᠨ ᠳᠤ ᠲᠥᠷᠪᠡᠳᠥᠭᠡᠷ ᠡᠭᠡᠰᠢᠭ ︿ᠤ﹀ ᠬᠢᠭᠡᠳ ᠵᠢᠷᠭᠤᠳᠤᠭᠠᠷ ᠡᠭᠡᠰᠢᠭ ︿ᠥ﹀ ᠡᠬᠢᠨ ᠤ ᠥᠶ᠎ᠡ ᠠᠴᠠ ᠬᠤᠶᠢᠰᠢ ᠲᠤᠬᠢᠶᠠᠯᠳᠤᠳᠠᠭ ᠥᠭᠡᠢ᠃ ︵ᠡᠳᠥᠭᠡ ᠬᠤᠪᠢᠷᠠᠯᠳᠠ ᠲᠠᠢ ᠪᠤᠯᠬᠤ ᠪᠤᠯᠤᠯᠴᠠᠭ᠎ᠠ ᠲᠠᠢ︶      2. ᠬᠤᠤᠰ ᠡᠭᠡᠰᠢᠭ 7 ᠲᠡᠭᠦᠨ ᠡᠬᠢᠨ ᠲᠤᠮᠳᠠ ᠠᠳᠠᠭ ᠲᠤ ᠤᠷᠤᠬᠤ ᠲᠥᠷᠰᠤ᠄ ︵ᠠᠶᠢᠯ᠂ ᠪᠠᠶᠢᠷᠢ᠂ ᠭᠠᠭ᠋ᠠᠢ︶︔ ︵ᠡᠶᠢᠮᠤ᠂ ᠭᠡᠶᠢᠭᠦ᠂ ᠲᠡᠮᠡᠢ︶︔ ︵ᠤᠶᠢᠷ᠎ᠠ᠂ ᠬᠤᠶᠢᠨ᠎ᠠ︶︔ ︵ᠤᠶᠢᠳᠬᠠᠷ᠂ ᠪᠤᠶᠢᠯᠠᠬᠤ᠂ ᠲᠤᠭᠤᠢ︶︔ ︵ᠥᠢᠯᠡ᠂ ᠬᠥᠢᠳᠡᠨ᠂ ᠵᠥᠢ︶︔ ︵ᠠᠤᠭ᠎ᠠ᠂ ᠲᠠᠤᠯᠠᠢ᠂ ᠨᠠᠯᠠᠤ︶︔ ︵ᠤᠳᠥᠭᠦ᠂ ᠲᠡᠥᠭᠡ᠂ ᠡᠷᠡᠤ︶      3.  ᠲᠠᠪᠬᠤᠷᠯᠠᠨ ᠪᠢᠴᠢᠭᠦ ᠡᠭᠡᠰᠢᠭ 4 ᠵᠥᠢᠯ᠄ ︵ᠬᠤᠵᠢᠢᠬᠤ︔ ᠨᠤᠤᠰᠤ︔ ᠤᠤᠯ︔ ᠬᠥᠯᠴᠤᠭᠦᠥ︶      4. ᠮᠤᠩᠭᠤᠯ ᠥᠭᠡᠨ ᠳᠤ ᠤᠷᠤᠳᠠᠭ 15 ᠭᠡᠶᠢᠭᠦᠯᠥᠭᠴᠢ ︵ᠨ᠊᠂ ᠪ᠊᠂ ᠬ᠊ ︵ᠭ᠊︶᠂ ᠬ᠋᠊ ︵ᠭ᠊︶᠂ ᠮ᠊᠂ ᠯ᠊᠂ ᠰ᠊᠂ ᠱ᠊᠂ ᠲ᠊᠂ ᠲ᠊ ︵ᠳ᠋᠊︶᠂ ᠴ᠊᠂ ᠵ᠊᠂ ᠶ᠊᠂ ᠷ᠊᠂ ᠩ᠊ ︵ᠨ᠊ ᠶᠢᠨ ᠬᠤᠪᠢᠯᠪᠤᠷᠢ︶︶      5. ᠬᠠᠷᠢ ᠬᠡᠯᠡᠨ ᠤ ᠥᠭᠡ ᠶᠢ ᠲᠡᠮᠳᠡᠭᠯᠡᠭᠦ 11 ᠬᠡᠶᠢᠭᠦᠯᠥᠭᠴᠢ ︵ᠫ᠊᠂ ᠹ᠊᠂ ᠺ᠊᠂ ᠸ᠊᠂ ᠽ᠊᠂ ᠼ᠊᠂ ᠾ᠊᠂ ᠯᠾ᠊᠂ ᡁᠢ᠂ ᡂᠢ᠂ ᠱᠢ᠂ ᠿᠢ︶      ︵ᠭᠤᠷᠪᠠ︶ ᠮᠤᠩᠭᠤᠯ ᠪᠢᠴᠢᠭ ᠢ ᠵᠥᠪ ᠪᠢᠴᠢᠭᠦ ᠥᠨᠳᠥᠰᠥᠨ ᠭᠤᠷᠪᠠᠨ ᠵᠠᠷᠴᠢᠮ      ᠥᠰᠥᠭ ᠢ ᠬᠤᠯᠪᠤᠵᠤ ᠪᠢᠴᠢᠭ ᠢ ᠵᠥᠪ ᠪᠢᠴᠢᠭᠦ ᠳᠤ ᠥᠨᠳᠥᠰᠤᠨ ᠳᠤ ᠪᠠᠨ ᠭᠤᠷᠪᠠᠨ ᠶᠡᠭᠡ ᠵᠠᠷᠴᠢᠮ ᠢ ᠪᠠᠷᠢᠮᠳᠠᠯᠠᠵᠤ ᠪᠠᠶᠢᠳᠠᠭ᠃ ᠡᠨᠡ ᠨᠢ ᠠᠪᠢᠶ᠎ᠠ ᠵᠥᠢ  ᠶᠢᠨ ᠵᠠᠷᠴᠢᠮ᠂ ᠥᠭᠡ ᠵᠥᠢ ᠶᠢᠨ ᠵᠠᠷᠴᠢᠮ ᠪᠤᠯᠤᠨ ᠲᠡᠥᠭᠡᠨ ᠤᠯᠠᠮᠵᠢᠯᠠᠯ ᠤᠨ ᠵᠠᠷᠴᠢᠮ ᠪᠤᠯᠤᠨ᠎ᠠ᠃      1. ᠠᠪᠢᠶ᠎ᠠ ᠵᠥᠢ ᠶᠢᠨ ᠵᠠᠷᠴᠢᠮ᠄ ᠮᠤᠩᠭᠤᠯ ᠭᠡᠯᠡ ᠴᠤ ᠡᠬᠢᠨ ᠳᠤ ᠪᠠᠨ ᠶᠠᠷᠢᠶᠠᠨ ᠤ ᠬᠡᠯᠡ ᠪᠠ ᠪᠢᠴᠢᠭ ᠤᠨ ᠬᠡᠯᠡ ᠶᠢ ᠬᠠᠮᠳᠤ ᠠᠪᠴᠤ ᠶᠠᠪᠤᠵᠤ ᠪᠠᠶᠢᠭᠰᠠᠨ  ᠨᠢ ᠯᠠᠪ᠃ ᠬᠤᠵᠢᠮ ᠨᠢ ᠬᠡᠯᠡᠨ ᠤ ᠬᠤᠪᠢᠷᠠᠯ ᠭᠥᠭᠵᠢᠯ ᠠᠴᠠ ᠪᠤᠯᠵᠤ ᠶᠠᠷᠢᠶᠡᠨ ᠤ ᠬᠡᠯᠡ ᠪᠢᠴᠢᠭ ᠤᠨ ᠬᠡᠯᠡᠨ ᠠᠴᠠ ᠰᠠᠯᠤᠭᠰᠠᠨ ᠪᠠᠶᠢᠨ᠎ᠠ᠃ ᠭᠡᠪᠡᠴᠤ ᠨᠢᠭᠡ ᠪᠥᠯᠥᠭ ᠥᠭᠡᠰ ᠤᠳᠤ ᠪᠤᠯᠳᠠᠯ᠎ᠠ ᠶᠠᠷᠢᠶᠡᠨ ᠤ ᠪᠠ ᠪᠢᠴᠢᠭ ᠤᠨ ᠤᠨᠴᠠᠯᠢᠭ ᠢ ᠬᠠᠮᠳᠤ ᠳᠤ ᠨᠢ ᠬᠠᠳᠠᠭᠠᠯᠠᠭᠰᠠᠭᠠᠷ ᠪᠠᠶᠢᠨ᠎ᠠ᠃ ᠵᠢᠱᠢᠶᠡᠯᠡᠭᠦ ᠳᠤ᠄ ︽ᠠᠪ᠂ ᠭᠠᠷ᠂ ᠠᠰᠢᠭ᠂ ᠨᠠᠮ᠂ ᠤᠴᠢᠷ᠂ ᠨᠤᠮ᠂ ᠬᠠᠪᠤᠷ ᠁ ︾ ᠵᠡᠷᠭᠡ ᠪᠢᠴᠢᠭ᠃ ᠠᠪᠢᠶᠠᠨ ᠤ ᠥᠰᠥᠭ ᠵᠤᠬᠢᠶᠠᠬᠤ ᠳᠤ ᠡᠨᠡ ᠡᠷᠭᠡᠪᠰᠢ ᠱᠠᠭᠠᠷᠳᠠᠭᠳᠠᠬᠤ ᠵᠥᠢᠯ ᠪᠥᠭᠡᠳ ᠲᠤᠰ ᠵᠠᠷᠴᠢᠮ ᠳᠤ ᠬᠤᠯᠪᠤᠭᠳᠠᠬᠤ ᠮᠤᠩᠭᠤᠯ ᠪᠢᠴᠢᠭ ᠢ ᠠᠪᠢᠶ᠎ᠠ ᠠᠴᠠ ᠨᠢ ᠭᠠᠵᠢᠭᠤᠳᠠᠭᠤᠯᠵᠤ ᠪᠢᠴᠢᠪᠡᠯ ᠪᠤᠷᠤᠭᠤᠳᠠᠭᠰᠠᠨ ᠳᠤ ᠲᠤᠭᠠᠴᠠᠨ᠎ᠠ᠃ ᠥᠭᠡᠰ ᠤᠨ ᠰᠠᠩ ᠳᠤ ᠵᠤᠬᠢᠬᠤ ᠪᠠᠶᠢᠷᠢ ᠶᠢ ᠡᠵᠡᠯᠡᠳᠡᠭ᠃      2. ᠥᠭᠡ ᠵᠥᠢ ᠶᠢᠨ ᠵᠠᠷᠴᠢᠮ᠄ ᠡᠨᠡ ᠵᠥᠢᠯ ᠤᠨ ᠵᠠᠷᠴᠢᠮ ᠪᠤᠯ ᠥᠭᠡ ᠶᠢ ᠪᠢᠴᠢᠭ ᠪᠤᠯᠭᠠᠵᠤ ᠪᠢᠴᠢᠭᠦ ᠳᠤ ᠥᠭᠡ ᠶᠢᠨ ᠢᠵᠡᠭᠤᠷ ᠪᠤᠯᠤᠨ ᠪᠥᠳᠥᠭᠡᠪᠥᠷᠢ  ᠨᠦᠭᠦᠳ ᠤᠨ ᠬᠡᠪᠰᠢᠩᠭᠦᠢ ᠪᠠᠶᠢᠯᠭᠠᠬᠤ ᠶᠢ ᠱᠠᠭᠠᠷᠳᠠᠵᠤ᠂ ᠢᠵᠠᠭᠤᠷ᠂ ᠥᠨᠳᠥᠰᠤ ᠲᠡᠭᠡᠷ᠎ᠡ ᠤᠯᠠᠨ ᠶᠠᠩᠵᠤ ᠶᠢᠨ ᠲᠠᠭᠠᠪᠤᠷᠢ ᠢᠷᠡᠭᠦ ᠳᠤ ᠴᠤ ᠥᠭᠡ ᠶᠢᠨ ᠢᠵᠠᠭᠤᠷ ᠥᠨᠳᠥᠰᠥ ᠶᠢᠨ ᠲᠥᠷᠰᠤ ᠬᠤᠪᠢᠷᠠᠬᠤ ᠥᠭᠡᠢ ᠪᠠᠶᠢᠬᠤ ᠶᠢᠨ ᠵᠠᠷᠴᠢᠮ ᠪᠤᠯᠤᠨ᠎ᠠ᠃ ᠵᠢᠱᠢᠶᠡᠯᠡᠭᠦ ᠳᠤ᠄ ︽ᠢᠳᠡ︾ ᠭᠡᠮᠡᠭᠦ ᠥᠭᠡ ᠶᠢᠨ ᠲᠠᠷᠠᠭ᠎ᠠ ᠤᠯᠠᠨ ᠵᠥᠢᠯ ᠤᠨ ᠲᠠᠭᠠᠪᠤᠷᠢ ᠵᠠᠯᠭᠠᠬᠤ ᠳᠤ ︽ᠢᠳᠡᠭᠡᠨ᠂ ᠢᠳᠡᠭᠰᠡᠨ᠂ ᠢᠳᠡᠶ᠎ᠡ᠂ ᠢᠳᠡᠭᠦᠷ ᠁︾ ᠮᠡᠳᠤ ᠤᠯᠠᠨ ᠠᠶᠢᠮᠠᠭ ᠤᠨ ᠤᠯᠠᠨ ᠥᠭᠡᠰ ᠪᠥᠳᠥᠳᠡᠭ ᠪᠥᠭᠡᠳ ᠡᠳᠡᠭᠡᠷ ᠥᠭᠡᠰ ᠤᠨ ᠲᠠᠭᠤᠳᠠᠯᠭ᠎ᠠ ᠨᠢ ᠥᠭᠡ ᠪᠥᠳᠥᠭᠡᠭᠦ ᠲᠠᠭᠠᠪᠤᠷᠢ ᠨᠤᠭᠤᠳ ᠤᠨ ᠰᠢᠯᠳᠠᠭᠠᠨ ᠨᠥᠯᠥᠭᠡᠯᠡᠯ ᠢᠶᠠᠷ ᠠᠪᠢᠶᠠᠨ ᠤ ᠬᠤᠪᠢᠷᠠᠯᠳᠠ ᠭᠠᠷᠳᠠᠭ᠃ ᠡᠳᠡᠭᠡᠷ ᠢ ᠵᠥᠪᠭᠡᠨ ᠠᠪᠢᠶ᠎ᠠ ᠵᠥᠢ ᠶᠢᠨ ᠵᠠᠷᠴᠢᠮ ᠢᠶᠠᠷ ᠪᠢᠴᠢᠪᠡᠯ ᠢᠯᠡᠳᠭᠡᠭᠦ ᠳᠤ ᠲᠥᠭᠦᠮ ᠥᠭᠡᠢ ᠪᠥᠭᠡᠳ ᠤᠯᠠᠨ ᠶᠠᠩᠵᠤ ᠪᠤᠯᠵᠤ ᠬᠤᠳᠬᠤᠯᠳᠤᠬᠤ ᠠᠶᠤᠯ ᠲᠠᠢ ᠤᠴᠢᠷ ᠮᠤᠩᠭᠤᠯ ᠪᠢᠴᠢᠭ ᠲᠤ ᠥᠭᠡ ᠵᠥᠢ ᠶᠢᠨ ᠵᠠᠷᠴᠢᠮ ᠢ ᠠᠪᠢᠶ᠎ᠠ ᠵᠥᠢ ᠶᠢᠨ ᠵᠠᠷᠴᠢᠮ ᠲᠠᠢ ᠨᠥᠭᠦᠴᠡᠯᠳᠥᠭᠦᠯᠥᠨ ᠬᠡᠷᠡᠭᠯᠡᠵᠤ᠂ ᠮᠠᠰᠢ ᠤᠬᠠᠭᠠᠯᠢᠭ ᠢᠶᠠᠷ ᠬᠡᠪᠰᠢᠭᠦᠯᠥᠨ ᠬᠡᠷᠡᠭᠯᠡᠵᠤ ᠲᠠᠳᠤᠭᠰᠠᠨ ᠪᠠᠶᠢᠨ᠎ᠠ᠃ ᠥᠭᠡ ᠵᠥᠢ ᠶᠢᠨ ᠵᠠᠷᠴᠢᠮ ᠪᠤᠯ ᠥᠭᠡ ᠶᠢᠨ ᠭᠠᠷᠤᠯ᠂ ᠤᠳᠬ᠎ᠠ ᠶᠢ ᠤᠶᠢᠯᠠᠭᠠᠬᠤ ᠳᠤ ᠠᠰᠢᠭᠳᠠᠢ ᠪᠥᠭᠡᠳ ᠰᠤᠷᠴᠤ ᠡᠵᠡᠮᠰᠢᠭᠦ  ᠳᠤ ᠲᠥᠭᠦᠮ ᠲᠤᠯᠠ ᠥᠭᠡᠰ ᠤᠨ ᠰᠠᠩ ᠳᠤ ᠴᠢᠬᠤᠯᠠ ᠪᠠᠶᠢᠷᠢ ᠶᠢ ᠡᠵᠡᠯᠡᠳᠡᠭ᠃      3. ᠲᠡᠥᠭᠡᠨ ᠤᠯᠠᠮᠵᠢᠯᠠᠯ ᠤᠨ ᠵᠠᠷᠴᠢᠮ᠄ ᠶᠠᠷᠢᠶᠡᠨ ᠤ ᠬᠡᠯᠡᠨ ᠤ ᠲᠠᠭᠤᠳᠠᠯᠭ᠎ᠠ ᠶᠠᠮᠠᠷ ᠪᠠᠶᠢᠬᠤ ᠶᠢ ᠬᠠᠮᠢᠶᠠᠷᠬᠤ ᠥᠭᠡᠢ᠂ ᠵᠥᠪᠬᠡᠨ ᠤᠯᠠᠮᠵᠢᠯᠠᠯᠳᠤ ᠪᠢᠴᠢᠯᠭᠡ  ᠶᠢ ᠵᠢᠷᠤᠮᠯᠠᠬᠤ ᠵᠠᠷᠴᠢᠮ ᠢ ᠵᠢᠭᠠᠵᠤ ᠪᠤᠢ᠃ ᠮᠤᠩᠭᠤᠯ ᠥᠰᠥᠭ ᠪᠢᠴᠢᠭ ᠡᠭᠦᠰᠥᠭᠡᠳ ᠮᠠᠰᠢ ᠤᠳᠠᠵᠤ ᠪᠠᠶᠢᠭ᠎ᠠ ᠲᠤᠯᠠ ᠠᠪᠢᠶᠠᠨ ᠤ ᠬᠤᠪᠢᠷᠠᠯᠳᠠ ᠶᠡᠭᠡ ᠭᠠᠷᠴᠤ ᠲᠡᠷᠡ ᠥᠶ᠎ᠡ ᠶᠢᠨ ᠵᠥᠪ ᠪᠢᠴᠢᠯᠭᠡ ᠶᠢᠨ ᠥᠨᠳᠥᠰᠤᠨ ᠵᠢᠷᠤᠮ ᠨᠢ ᠴᠤ ᠡᠳᠥᠭᠡ ᠲᠠᠢ ᠲᠤᠬᠢᠷᠠᠯᠴᠠᠬᠤ ᠥᠭᠡᠢ ᠪᠤᠯᠤᠭᠰᠠᠨ ᠨᠢ ᠯᠠᠪ᠃ ᠬᠡᠭᠦ ᠳᠤ ᠨᠢᠭᠡ ᠪᠥᠯᠥᠭ ᠥᠭᠡᠰ ᠢ ᠮᠥᠨ ᠤᠤᠯ ᠶᠤᠰᠤᠭᠠᠷ ᠨᠢ ᠪᠢᠴᠢᠵᠤ ᠠᠰᠢᠭᠯᠠᠭᠰᠠᠭᠠᠷ ᠪᠠᠶᠢᠨ᠎ᠠ᠃ ᠵᠢᠱᠢᠶᠡᠯᠡᠭᠦ ᠳᠤ᠄ ︽ᠪᠠᠭᠠᠳᠤᠷ᠂ ᠤᠭᠤᠰᠤᠷ᠂ ᠠᠭᠤᠯᠠ᠂ ᠠᠪᠤ᠂ ᠡᠵᠢ᠂ ᠨᠤᠤᠰᠤ᠂ ᠤᠰᠤ᠂ ᠪᠠᠷᠰ᠂ ᠲᠡᠭᠷᠢ᠂ ᠷᠠᠰᠢᠶᠠᠨ ᠁︾ ᠵᠡᠷᠭᠡ ᠪᠢᠴᠢᠭ ᠡᠷᠳᠡᠨ ᠤ ᠪᠢᠴᠢᠯᠭᠡ ᠪᠠᠨ ᠬᠠᠳᠠᠭᠠᠯᠠᠭᠰᠠᠭᠠᠷ ᠪᠠᠶᠢᠨ᠎ᠠ᠃ ᠡᠳᠡᠭᠡᠷ ᠨᠢ ᠪᠢᠴᠢᠭᠦ ᠪᠠ ᠲᠠᠭᠤᠳᠠᠬᠤ ᠶᠢᠨ ᠬᠤᠭᠤᠷᠤᠨᠳᠤᠬᠢ ᠵᠠᠢ ᠶᠢ ᠬᠤᠯᠠᠳᠬᠠᠵᠤ ᠰᠤᠷᠬᠤ ᠳᠤ ᠲᠥᠪᠡᠭ ᠲᠠᠢ ᠪᠤᠯᠪᠠᠴᠤ ᠮᠤᠩᠭᠤᠯ ᠪᠢᠴᠢᠭ ᠤᠨ ᠲᠥᠷᠰᠤ ᠢᠯᠭᠠᠬᠤ ᠪᠠ ᠡᠷᠳᠡ ᠴᠠᠭ ᠤᠨ ᠵᠤᠬᠢᠶᠠᠯ ᠤᠩᠰᠢᠬᠤ ᠮᠠᠰᠢ ᠲᠤᠰᠠ ᠲᠠᠢ ᠪᠠᠶᠢᠳᠠᠭ᠃ ᠡᠶᠢᠮᠥᠷᠭᠦ ᠥᠭᠡᠰ ᠪᠠᠰᠠ ᠥᠭᠡᠰ ᠤᠨ ᠰᠠᠩ ᠳᠤ ᠨᠡᠯᠢᠶᠡᠳ ᠬᠤᠪᠢ ᠶᠢᠨ ᠵᠢᠩ ᠡᠵᠡᠯᠡᠵᠤ ᠪᠤᠢ᠃      ︵ᠲᠥᠷᠪᠡ︶ ᠮᠤᠩᠭᠤᠯ ᠪᠢᠴᠢᠭ ᠢ ᠵᠥᠪ ᠪᠢᠴᠢᠭᠦ ᠡᠭᠡᠰᠢᠭ ᠬᠡᠶᠢᠭᠦᠯᠥᠭᠴᠢ ᠵᠤᠬᠢᠴᠠᠬᠤ ᠶᠤᠰᠤ      1. ᠡᠭᠡᠰᠢᠭ ᠵᠤᠬᠢᠴᠠᠬᠤ ᠶᠤᠰᠤ      ︵1︶ ᠴᠢᠩᠭ᠎ᠠ ᠭᠥᠨᠳᠡᠢ ᠪᠠᠷ ᠵᠤᠬᠢᠴᠠᠬᠤ᠄ ᠴᠢᠩᠭ᠎ᠠ ᠡᠭᠡᠰᠢᠭ ︿ᠠ᠂ ᠤ᠂ ᠣ﹀ ᠨᠢᠭᠡ ᠥᠭᠡᠨ ᠳᠤ ᠤᠷᠤᠵᠤ᠂ ᠭᠥᠨᠳᠡᠢ ᠡᠭᠡᠰᠢᠭ ︿ᠡ᠂ ᠥ᠂ ᠥ﹀ ᠨᠢᠭᠡ ᠥᠭᠡ ᠳᠤ ᠤᠷᠤᠨ᠂ ᠰᠠᠭᠠᠷᠮᠠᠭ ᠡᠭᠡᠰᠢᠭ ᠴᠢᠩᠭ᠎ᠠ ᠭᠥᠨᠳᠡᠢ ᠥᠭᠡᠨ ᠳᠤ ᠪᠥᠷ ᠤᠷᠤᠵᠤ ᠪᠤᠯᠳᠠᠭ᠃ ᠴᠢᠩᠭ᠎ᠠ ᠭᠥᠨᠳᠡᠢ ᠡᠭᠡᠰᠢᠭ ᠨᠢᠭᠡ ᠥᠭᠡᠨ ᠳᠤ ᠬᠤᠳᠬᠤᠨ ᠤᠷᠤᠳᠠᠭ ᠥᠭᠡᠢ᠃ ︵ᠭᠡᠳᠥᠨ ᠵᠥᠢᠯ ᠤᠨ ᠤᠨᠴᠠᠭᠠᠢ ᠪᠠᠶᠢᠳᠠᠯ ᠠᠴᠠ ᠭᠠᠳᠠᠨ᠎ᠠ︶      ︵2︶ ᠤᠷᠤᠭᠤᠯ ᠢᠶᠠᠷ ᠵᠤᠬᠢᠴᠠᠬᠤ ᠶᠤᠰᠤ᠄ ᠲᠥᠷᠪᠡᠳᠥᠭᠡᠷ ᠡᠭᠡᠰᠢᠭ ᠤᠨ ᠬᠤᠶᠢᠨ᠎ᠠ ᠪᠤᠰᠤᠳ ᠴᠢᠩᠭ᠎ᠠ ᠡᠭᠡᠰᠢᠭ ᠤᠷᠤᠬᠤ ᠪᠤᠯᠪᠡᠴᠤ ᠲᠥᠷᠪᠡᠳᠥᠭᠡᠷ ᠡᠭᠡᠰᠢᠭ ᠤᠷᠤᠬᠤ ᠥᠭᠡᠢ︔ ᠵᠢᠷᠭᠤᠳᠤᠭᠠᠷ ᠡᠭᠡᠰᠢᠭ ᠤᠨ ᠲᠠᠷᠠᠭ᠎ᠠ ᠪᠤᠰᠤᠳ ᠭᠥᠨᠳᠡᠢ ᠡᠭᠡᠰᠢᠭ ᠤᠷᠤᠬᠤ ᠪᠤᠯᠪᠠᠴᠤ ᠵᠢᠷᠭᠤᠳᠤᠭᠠᠷ ᠡᠭᠡᠰᠢᠭ ᠤᠷᠤᠬᠤ ᠥᠭᠡᠢ᠃ ︵ᠠᠭᠠᠵᠢᠮ ᠢᠶᠠᠷ ᠬᠤᠪᠢᠷᠠᠯᠳᠠ ᠭᠠᠷᠴᠤ ᠪᠠᠶᠢᠨ᠎ᠠ︶      ︵3︶ ᠡᠭᠡᠰᠢᠭ ᠪᠠ ᠬᠡᠶᠢᠭᠦᠯᠥᠭᠴᠢ ᠵᠤᠬᠢᠴᠠᠬᠤ ᠶᠤᠰᠤ᠄ ᠭᠠ ᠪᠠ ᠬᠠ ᠶᠢᠨ ᠲᠥᠷᠥᠯ ᠴᠢᠩᠭ᠎ᠠ ᠭᠥᠨᠳᠡᠢ ᠡᠭᠡᠰᠢᠭ ᠲᠠᠢ  ᠤᠴᠠᠷᠠᠯᠳᠤᠬᠤ ᠥᠶᠡᠰ ᠬᠤᠶᠠᠷ ᠵᠥᠢᠯ ᠢᠶᠠᠷ ᠢᠯᠭᠠᠯ ᠲᠠᠢ ᠪᠢᠴᠢᠭᠳᠡᠳᠡᠭ᠃      2. ᠬᠡᠶᠢᠭᠦᠯᠥᠭᠴᠢ ᠵᠤᠬᠢᠴᠠᠬᠤ ᠶᠤᠰᠤ      ︵1︶ ᠬᠠᠳᠠᠭᠤ ᠲᠡᠪᠢᠰᠭᠡᠷ ᠢᠶᠠᠷ ᠲᠡᠭᠦᠰᠥᠭᠰᠡᠨ ᠥᠭᠡ ᠶᠢᠨ ᠬᠤᠶᠢᠨ᠎ᠠ ︿ᠲ᠊᠂ ᠴ᠊﹀ ᠡᠬᠢ ᠲᠠᠢ ᠲᠠᠭᠠᠪᠤᠷᠢ ᠵᠠᠯᠭᠠᠳᠠᠭ᠃      ︵2︶ ᠡᠭᠡᠰᠢᠭ ᠪᠤᠯᠤᠨ ᠵᠥᠭᠡᠯᠡᠨ ᠲᠡᠪᠢᠰᠭᠡᠷ ᠢᠶᠠᠷ ᠲᠡᠭᠦᠰᠥᠭᠰᠡᠨ ᠥᠭᠡ ᠶᠢᠨ ᠬᠤᠶᠢᠨ᠎ᠠ ︿  ᠳ᠋᠊᠂ ᠵ᠊﹀ ᠡᠬᠢ ᠲᠠᠢ ᠲᠠᠭᠠᠪᠤᠷᠢ ᠵᠠᠯᠭᠠᠳᠠᠭ᠃      ︵3︶  ︿ᠷᠠ᠂ ᠷᠢ﹀ ᠪᠠᠷ ᠲᠡᠭᠦᠰᠥᠭᠰᠡᠨ ᠥᠭᠡᠨ ᠳᠤ ᠲᠠᠭᠠᠪᠤᠷᠢ ︿ᠷ᠊᠂ ᠷᠠ᠊﹀ ᠵᠠᠯᠭᠠᠬᠤ ᠳᠤ ᠲᠠᠭᠠᠪᠤᠷᠢ ︿  ᠷ᠊﹀ ᠨᠢ ᠤᠯᠠᠩᠬᠢ ᠳᠤ ᠪᠠᠨ ︿ᠯ᠊﹀ ᠪᠤᠯᠵᠤ ᠬᠤᠪᠢᠷᠠᠳᠠᠭ᠃ ᠡᠨᠡ ᠨᠢ ᠨᠢᠭᠡ ᠵᠥᠢᠯ ᠤᠨ ᠠᠪᠢᠶ᠎ᠠ ᠤᠨᠳᠤᠤᠰᠢᠬᠤ ᠥᠵᠡᠭᠳᠡᠯ ᠪᠤᠯᠤᠨ᠎ᠠ᠃      ︵4︶ ︿  ‍ᠨ﹀ ᠢᠶᠠᠷ ᠲᠡᠭᠦᠰᠥᠭᠰᠡᠨ ᠥᠭᠡᠨ ᠳᠤ ︿ᠬ᠊᠂ ᠬ᠋᠊᠂ ᠨ᠊﹀ ᠡᠬᠢ ᠲᠠᠢ ᠲᠠᠭᠠᠪᠤᠷᠢ ᠢᠷᠡᠪᠡᠯ ︿‍ᠨ﹀ ᠨᠢ ︿ᠩ᠊﹀ ᠪᠤᠯᠬᠤ ᠥᠵᠡᠭᠳᠡᠯ ᠪᠠᠶᠢᠳᠠᠭ᠃ ᠡᠨᠡ ᠨᠢ ᠨᠢᠭᠡ ᠵᠥᠢᠯ ᠤᠨ ᠠᠪᠢᠶ᠎ᠠ ᠢᠵᠢᠯᠢᠰᠢᠭᠦ ᠥᠵᠡᠭᠳᠡᠯ ᠪᠤᠯᠤᠨ᠎ᠠ᠃ ︵ᠬᠠᠨ᠂ ᠰᠤᠨ᠂ ᠲᠤᠨ᠂ ᠴᠢᠨ ᠲᠥᠷᠪᠡᠨ ᠥᠢᠯᠡ ᠥᠭᠡ ᠪᠠ ᠨᠢᠭᠡ ᠪᠥᠯᠥᠭ ᠲᠡᠮᠳᠡᠭ ᠥᠭᠡ ᠳᠤ ᠲᠤᠬᠢᠶᠠᠯᠳᠤᠳᠠᠭ︶      ︵ᠲᠠᠪᠤ︶ ᠮᠤᠩᠭᠤᠯ ᠪᠢᠴᠢᠭ ᠢ ᠵᠥᠪ ᠪᠢᠴᠢᠭᠦ ᠬᠤᠯᠪᠤᠬᠤ ᠡᠭᠡᠰᠢᠭ ᠤᠨ ᠲᠥᠷᠢᠮ      ᠮᠤᠩᠭᠤᠯ ᠪᠢᠴᠢᠭ ᠤᠨ ᠬᠡᠯᠡᠨ ᠳᠤ ᠵᠠᠷᠢᠮ ᠥᠢᠯᠡ ᠥᠭᠡ ᠶᠢᠨ ᠥᠨᠳᠥᠰᠥᠨ ᠳᠤ ᠵᠠᠷᠢᠮ ᠨᠥᠭᠦᠴᠡᠯ ᠢ ᠰᠢᠭᠤᠳ ᠵᠠᠯᠭᠠᠵᠤ ᠪᠤᠯᠬᠤ ᠪᠠᠶᠢᠳᠠᠯ᠎ᠠ᠂ ᠬᠠᠷᠢᠨ ᠵᠠᠷᠢᠮ ᠨᠥᠭᠦᠴᠡᠯ ᠢ ᠰᠢᠭᠤᠳ ᠵᠠᠯᠭᠠᠵᠤ ᠪᠢᠴᠢᠵᠤ ᠪᠤᠯᠬᠤ ᠥᠭᠡᠢ᠂ ᠵᠠᠪᠠᠯ ᠬᠤᠭᠤᠷᠤᠨᠳᠤ ᠳᠤ ᠵᠤᠬᠢᠬᠤ ᠥᠰᠥᠭ ᠢ ᠵᠢᠬᠢᠷᠢᠭᠯᠡᠵᠤ ᠪᠢᠴᠢᠭᠦ ᠶᠤᠰᠤ ᠲᠠᠢ ᠪᠠᠶᠢᠳᠠᠭ ᠢ ᠬᠤᠯᠪᠤᠬᠤ ᠡᠭᠡᠰᠢᠭ ᠤᠨ ᠲᠥᠷᠢᠮ ᠭᠡᠳᠡᠭ᠃      1. ᠬᠤᠯᠪᠤᠬᠤ ᠡᠭᠡᠰᠢᠭ ︿ᠤ 5᠂ ᠥ7﹀᠄ ᠬᠤᠪᠢᠯᠤᠭᠴᠢ ᠪᠠᠷ ᠲᠡᠭᠦᠰᠥᠭᠰᠡᠨ ᠥᠢᠯᠡ ᠥᠭᠡ ᠶᠢᠨ ᠥᠨᠳᠥᠰᠥᠨ ᠳᠤ ᠬᠤᠪᠢᠯᠭᠠᠭᠴᠢ ᠥᠰᠥᠭ ᠢᠶᠠᠷ ᠡᠬᠢᠯᠡᠭᠰᠡᠨ ᠨᠥᠭᠦᠴᠡᠯ ᠢ ᠵᠠᠯᠭᠠᠪᠠᠯ ᠬᠤᠭᠤᠷᠤᠨᠳᠤ ᠨᠢ ᠱᠠᠭᠠᠷᠳᠠᠭᠳᠠᠳᠠᠭ᠃      ︵1︶ ᠬᠤᠪᠢᠯᠤᠭᠴᠢ ᠵᠢᠷᠭᠤᠭᠠᠨ ᠥᠰᠥᠭ᠄ ︿‍ᠨ᠂ ‍ᠪ ᠂ ᠤᠨ᠂ ‍ᠰ᠂ ‍ᠷ᠂ ‍ᠯ﹀ ᠵᠢᠷᠭᠤᠭ᠎ᠠ᠃ ᠡᠳᠡᠭᠡᠷ ᠵᠢᠷᠭᠤᠭᠠᠨ ᠥᠰᠥᠭ ᠢᠶᠠᠷ ᠲᠡᠭᠦᠰᠥᠭᠰᠡᠨ ᠥᠢᠯᠡ ᠥᠭᠡ ᠶᠢᠨ ᠥᠨᠳᠥᠰᠥᠨ ᠳᠤ ᠬᠤᠪᠢᠯᠭᠠᠭᠴᠢ ᠥᠰᠥᠭ ᠡᠬᠢ ᠲᠠᠢ ᠨᠥᠭᠦᠴᠡᠯ ᠢ ᠵᠠᠯᠭᠠᠪᠠᠯ ᠬᠤᠭᠤᠷᠤᠨᠳᠤ ᠳᠤ ᠬᠤᠯᠪᠤᠬᠤ ᠡᠭᠡᠰᠢᠭ ᠠᠯᠢ ᠨᠢᠭᠡ ᠨᠢ ᠱᠠᠭᠠᠷᠳᠠᠭᠳᠠᠨ᠎ᠠ᠃ ︵︽ᠨᠡᠪᠳᠡ ᠰᠡᠷᠡᠯ︾︶      ︵2︶ ᠬᠤᠪᠢᠯᠭᠠᠭᠴᠢ ᠨᠠᠢᠮᠠᠨ ᠥᠰᠥᠭ᠄ ︿ᠨ᠊᠂ ᠮ᠊᠂ ᠬ᠋᠊᠂ ᠶ᠊᠂ ᠱ᠊᠂ ᠷ᠊᠂ ᠯ᠊﹀ ᠨᠠᠢᠮᠠ᠃ ᠡᠳᠡᠭᠡᠷ ᠨᠠᠢᠮᠠᠨ ᠥᠰᠥᠭ ᠢᠶᠠᠷ ᠡᠬᠢᠯᠡᠭᠰᠡᠨ ᠨᠥᠭᠦᠴᠡᠯ ᠢ ᠬᠤᠪᠢᠯᠤᠭᠴᠢ ᠵᠢᠷᠭᠤᠭᠠᠨ ᠥᠰᠥᠭ ᠢᠶᠠᠷ ᠲᠡᠭᠦᠰᠥᠭᠰᠡᠨ ᠥᠢᠯᠡ ᠥᠭᠡ ᠶᠢᠨ ᠥᠨᠳᠥᠰᠥᠨ ᠳᠤ ᠵᠠᠯᠭᠠᠪᠠᠯ ᠬᠤᠭᠤᠷᠤᠨᠳᠤ ᠨᠢ ᠥᠶ᠎ᠡ ᠪᠥᠳᠥᠭᠦ ᠭᠡᠷᠡᠭᠴᠡᠭᠡ ᠪᠠᠷ ᠬᠤᠯᠪᠤᠬᠤ ᠡᠭᠡᠰᠢᠭ ᠤᠨ ᠠᠯᠢ ᠨᠢᠭᠡ ᠨᠢ ᠱᠠᠭᠠᠷᠳᠠᠭᠳᠠᠨ᠎ᠠ᠃ ︵ᠨᠠᠮᠤᠭ ᠰᠢᠷᠡᠯᠠᠶ᠎ᠠ︶      ︵3︶ ᠡᠰᠡ ᠬᠤᠪᠢᠯᠭᠠᠭᠴᠢ ᠨᠠᠢᠮᠠᠨ ᠥᠰᠥᠭ᠄ ︿ᠪ᠊᠂ ᠬ᠊᠂ ᠲ᠊᠂ ᠴᠠ᠂ ᠰ᠊᠂ ᠳ᠋᠊᠂ ᠵ᠊﹀ ᠬᠢᠭᠡᠳ ᠤᠷᠳᠤ ᠡᠭᠡᠰᠢᠭ ᠢ ᠢᠯᠡᠳᠭᠡᠭᠦ ᠳᠤ ᠤᠷᠤᠯᠴᠠᠳᠠᠭ ᠥᠭᠡᠢ ︿ᠬ᠋᠊﹀ ᠨᠠᠢᠮᠠ᠃ ᠡᠳᠡᠭᠡᠷ ᠨᠠᠢᠮᠠᠨ ᠥᠰᠥᠭ ᠢᠶᠠᠷ ᠡᠬᠢᠯᠡᠭᠰᠡᠨ ᠨᠥᠭᠦᠴᠡᠯ ᠢ ᠬᠤᠪᠢᠯᠤᠭᠴᠢ ᠥᠰᠥᠭ ᠢᠶᠠᠷ ᠲᠡᠭᠦᠰᠥᠭᠰᠡᠨ ᠥᠢᠯᠡ ᠥᠭᠡ ᠶᠢᠨ ᠥᠨᠳᠥᠰᠥᠨ ᠳᠤ ᠵᠠᠯᠭᠠᠪᠠᠯ ᠬᠤᠭᠤᠷᠤᠨᠳᠤ ᠨᠢ ᠬᠤᠯᠪᠤᠬᠤ ᠡᠭᠡᠰᠢᠭ ᠱᠠᠭᠠᠷᠳᠠᠭᠳᠠᠬᠤ ᠥᠭᠡᠢ᠃ ︵ᠭᠠ ᠪᠠᠭ᠋ᠠᠳᠤ ᠴᠠᠰᠤᠳᠠᠵᠠᠢ︶      2. ᠬᠤᠯᠪᠤᠬᠤ ᠡᠭᠡᠰᠢᠭ ᠤᠨ ᠤᠨᠴᠠᠭᠠᠢ ᠲᠥᠷᠢᠮ      ︵1︶ ︿ᠥᠭ﹀ ᠭᠡᠭᠦ ᠥᠢᠯᠡ ᠥᠭᠡᠨ ᠳᠤ ᠬᠤᠪᠢᠯᠭᠠᠭᠴᠢ ᠡᠬᠢ ᠲᠠᠢ ᠨᠥᠭᠦᠴᠡᠯ ᠵᠠᠯᠭᠠᠪᠡᠯ ᠬᠤᠭᠤᠷᠤᠨᠳᠤ ᠨᠢ ︿ᠭᠦ gu﹀ ᠥᠶ᠎ᠡ ᠠᠪᠳᠠᠭ᠃ ᠡᠨᠡ ᠨᠢ ︿ᠥᠭᠦ﹀ ᠭᠡᠰᠡᠨ ᠥᠭᠡᠨ ᠠᠴᠠ ᠲᠥᠷᠰᠤ ᠢᠯᠭᠠᠬᠤ ᠶᠢᠨ ᠲᠥᠯᠥᠭᠡ ᠶᠤᠮ᠃      ︵2︶ ︿ᠠᠪ᠂ ᠬᠥᠪ᠂ ᠵᠢᠪ﹀ ᠵᠡᠷᠭᠡ ᠥᠢᠯᠡ ᠥᠭᠡᠨ ᠳᠤ ᠡᠰᠨ ᠬᠤᠪᠢᠯᠭᠠᠭᠴᠢ ︿ᠪᠠ᠊ ba be﹀ ᠪᠠᠷ ᠡᠬᠢᠯᠡᠭᠰᠡᠨ ︿ᠪᠠᠯ᠂ ᠪᠠ᠂ ᠪᠠᠰᠤ᠂ ᠪᠠᠴᠤ﹀ ᠵᠡᠷᠭᠡ ᠶᠢᠨ ᠨᠥᠭᠦᠴᠡᠯ ᠢ ᠵᠠᠯᠭᠠᠬᠤ ᠳᠤ ᠬᠤᠯᠪᠤᠬᠤ ᠡᠭᠡᠰᠢᠭ ︿ᠤ᠂ ᠥ﹀ ᠶᠢᠨ ᠨᠢᠭᠡ ᠨᠢ ᠱᠠᠭᠠᠷᠳᠠᠭᠳᠠᠨ᠎ᠠ᠃ ︵ᠬᠤᠪᠢᠷᠠᠯᠳᠠ ᠲᠠᠢ ᠪᠤᠯᠵᠠᠢ︶      ︵ᠵᠢᠷᠭᠤᠭ᠎ᠠ︶ ᠮᠤᠩᠭᠤᠯ ᠪᠢᠴᠢᠭ ᠢ ᠵᠥᠪ ᠪᠢᠴᠢᠭᠦ ᠥᠰᠥᠭ ᠨᠡᠮᠡᠭᠦ ᠪᠠ ᠥᠰᠥᠭ ᠬᠠᠰᠤᠵᠤ ᠪᠢᠴᠢᠭᠦ ᠲᠥᠷᠢᠮ      1. ᠭᠡᠶᠢᠭᠦᠯᠥᠭᠴᠢ ᠪᠠᠷ ᠲᠡᠭᠦᠰᠥᠭᠰᠡᠨ ᠥᠭᠡᠨ ᠳᠤ ᠲᠠᠩ ᠭᠡᠶᠢᠭᠦᠯᠥᠭᠴᠢ ᠪᠤᠶᠤ ᠲᠠᠪᠬᠤᠷ ᠬᠡᠶᠢᠭᠦᠯᠥᠭᠴᠢ ᠪᠠᠷ ᠡᠬᠢᠯᠡᠭᠰᠡᠨ ᠲᠠᠭᠠᠪᠤᠷᠢ ᠵᠠᠯᠭᠠᠬᠤ ᠳᠤ ᠲᠤᠮᠳᠠ  ᠨᠢ ᠡᠭᠡᠰᠢᠭ ᠵᠢᠬᠢᠷᠢᠭᠯᠡᠨ᠎ᠡ᠃ ᠵᠢᠱᠢᠶᠡᠯᠡᠪᠡᠯ᠄ ᠵᠥᠢᠯᠡᠰ ︵ᠵᠥᠢᠯ + ‍ᠰ︶᠂ ᠥᠷᠯᠥᠭᠦᠳ ︵ᠥᠷᠯᠥᠭ + ᠤᠨ︶᠂ ᠨᠠᠮᠤᠭᠠᠷᠬᠠᠤ ︵ᠨᠠᠮᠤᠭ + ᠷᠠᠬ᠎ᠠ + ‍ᠭᠤ︶ ᠮᠡᠳᠤ᠃      2. ᠵᠠᠷᠢᠮ ᠥᠭᠡ ᠶᠢᠨ ᠥᠨᠳᠥᠰᠤᠨ ᠳᠤ ᠲᠠᠭᠠᠪᠤᠷᠢ ᠵᠠᠯᠭᠠᠬᠤ ᠳᠤ ᠥᠰᠥᠭ ᠬᠠᠰᠤᠵᠤ ᠪᠢᠴᠢᠭᠦ ᠥᠵᠡᠭᠳᠡᠯ ᠪᠠᠶᠢᠳᠠᠭ᠃      ︵1︶ ᠵᠠᠷᠢᠮ ᠥᠢᠯᠡ ᠥᠭᠡ ᠶᠢᠨ ᠥᠨᠳᠥᠰᠥᠨ ᠳᠤ ᠲᠡᠮᠳᠡᠭ ᠥᠭᠡ ᠪᠥᠳᠥᠭᠡᠭᠦ ︿‍ᠬᠠᠢ᠂ ᠭᠡᠢ﹀ ᠲᠠᠭᠠᠪᠤᠷᠢ ᠵᠠᠯᠭᠠᠪᠠᠯ᠂ ᠤᠭ ᠥᠭᠡ ᠶᠢᠨ ᠠᠳᠠᠭ ᠲᠤ ᠬᠢ ᠡᠭᠡᠰᠢᠭ ᠥᠰᠥᠭ ᠬᠠᠰᠤᠭᠳᠠᠨ᠎ᠠ᠃ ᠵᠢᠱᠢᠶᠡᠯᠡᠪᠡᠯ᠄ ᠢᠯᠡᠷᠭᠡᠢ ︵ᠢᠯᠡᠷᠡ + ᠭᠡᠢ︶᠂ ᠪᠠᠯᠠᠷᠬᠠᠢ ︵ᠪᠠᠯᠠᠷᠠ + ‍ᠬᠠᠢ︶᠂ ᠡᠮᠳᠡᠷᠭᠡᠢ ︵ᠡᠮᠳᠡᠷᠡ + ᠬᠡᠢ︶ ᠮᠡᠳᠤ᠃      ︵2︶ ᠵᠠᠷᠢᠮ ︿‍ᠨ﹀ ᠢᠶᠠᠷ ᠲᠡᠭᠦᠰᠥᠭᠰᠡᠨ ᠥᠭᠡᠨ ᠳᠤ ︿ ᠤᠨ᠂ ‍ᠵᠢᠷᠡ᠂ ᠳ᠋ᠠᠢ᠂ ᠰᠢᠶᠠ᠂  ᠷᠭᠡ ᠷᠬ᠎ᠠ᠂ ‍ᠵᠢ᠂ ᠰᠢᠷᠠ᠂ ᠴᠠ᠂ ᠷᠡ᠂ ‍ᠯᠢᠭ᠂ ᠪᠴᠢ᠂ ‍ᠯᠠ᠂ ‍ᠭᠴᠢ᠂ ‍ᠭᠴᠢᠨ᠂ ‍ᠬᠠᠨ᠂ ᠪᠤᠷ﹀ ᠵᠡᠷᠭᠡ ᠲᠠᠭᠠᠪᠤᠷᠢ ᠵᠠᠯᠭᠠᠬᠤ ᠳᠤ ᠤᠭ ᠥᠭᠡ ᠶᠢᠨ ᠠᠳᠠᠭ ᠲᠤ ᠤᠷᠤᠬᠤ ︿‍ᠨ﹀ ᠲᠡᠪᠢᠰᠭᠡᠷ ᠬᠠᠰᠤᠭᠳᠠᠨ᠎ᠠ᠃ ᠵᠢᠱᠢᠶᠡᠯᠡᠪᠡᠯ᠄ ᠪᠠᠶᠠᠳ᠂ ᠰᠠᠶᠢᠳᠠᠢ᠂ ᠰᠠᠶᠢᠵᠢᠷᠠ᠂ ᠠᠷᠪᠢᠵᠢ᠂ ᠤᠷᠠᠯᠢᠭ᠂ ᠬᠠᠯᠠᠭᠤᠷᠠ᠂ ᠤᠯᠠᠰᠢᠷᠠ᠂ ᠤᠯᠠᠭᠠᠭᠴᠢᠨ᠂ ᠰᠠᠶᠢᠬᠠᠨ᠂ ᠴᠠᠭᠠᠪᠤᠷ ᠁      ︵3︶ ︿‍ᠯ᠂ ‍ᠷ᠂ ‍ᠭ᠌᠂ ‍ᠭ﹀ ᠵᠡᠷᠭᠡ ᠪᠠᠷ ᠲᠡᠭᠦᠰᠥᠭᠰᠡᠨ ᠥᠭᠡᠨ ᠳᠤ ︿ ᠤᠨ᠂ ‍ᠭᠤᠯᠠ᠂ ‍ᠭᠴᠢ ᠭᠴᠢ᠂ ᠷᠬ᠎ᠠ﹀ ᠵᠡᠷᠭᠡ ᠲᠠᠭᠠᠪᠤᠷᠢ ᠶᠢ ᠵᠠᠯᠭᠠᠪᠠᠯ᠂ ᠤᠭ ᠥᠭᠡ ᠶᠢᠨ ᠠᠳᠠᠭ ᠤᠨ ︿ ᠤᠨ﹀ ᠭᠡᠶᠢᠭᠦᠯᠥᠭᠴᠢ ᠬᠠᠰᠤᠭᠳᠠᠨ᠎ᠠ᠃ ᠵᠢᠱᠢᠶᠡᠯᠡᠪᠡᠯ᠄ ᠨᠥᠭᠦᠳ᠂ ᠲᠥᠰᠢᠮᠡᠳ᠂ ᠬᠤᠶᠠᠭᠤᠯᠠ᠂ ᠭᠥᠷᠡᠭᠴᠢ᠂ ᠤᠮᠤᠷᠬᠠᠬᠤ᠂ ᠪᠠᠭᠠᠳᠤᠳ       ︵4︶ ᠵᠠᠷᠢᠮ ︿ ᠢ᠂ ᠤ﹀ ᠬᠤᠶᠠᠷ ᠡᠭᠡᠰᠢᠭ ᠲᠡᠪᠢᠰᠭᠡᠷ ᠢᠶᠠᠷ ᠲᠡᠭᠦᠰᠥᠭᠰᠡᠨ ᠥᠭᠡᠨ ᠳᠤ ᠵᠠᠷᠢᠮ ᠲᠠᠭᠠᠪᠤᠷᠢ ᠶᠢ ᠵᠠᠯᠭᠠᠬᠤ ᠳᠤ ᠤᠤᠯ ᠥᠭᠡ ᠶᠢᠨ ᠡᠴᠥᠰ  ᠤᠨ ︿ ᠢ᠂ ᠤ﹀ ᠬᠠᠰᠤᠭᠳᠠᠬᠤ ᠥᠵᠡᠭᠳᠡᠯ ᠪᠤᠢ᠃ ᠵᠢᠱᠢᠶᠡᠯᠡᠪᠡᠯ᠄ ᠨᠤᠬᠠᠳ᠂ ᠲᠠᠭᠤᠯᠠᠬᠤ᠂ ᠠᠭᠤᠴᠢᠯᠠᠬᠤ᠂ ᠭᠥᠵᠥᠭᠦᠪᠴᠢ᠂ ᠡᠷᠬᠢᠭᠦᠳᠡᠭᠦ ᠁      ︵ᠲᠤᠯᠤᠭ᠎ᠠ︶ ᠭᠥᠳᠡᠯᠭᠦ ᠥᠨᠳᠥᠰᠤ ︿‍ᠨ﹀ ᠤ ᠲᠤᠬᠠᠢ      ᠮᠤᠩᠭᠤᠯ ᠪᠢᠴᠢᠭ ᠲᠤ ᠵᠠᠷᠢᠮ ᠨᠡᠷ᠎ᠡ ᠥᠭᠡ᠂ ᠲᠥᠯᠥᠭᠡᠨ ᠤ ᠥᠭᠡ ᠪᠠ ᠲᠤᠭᠠᠨ ᠤ ᠥᠭᠡ᠂ ᠥᠭᠦᠯᠡᠪᠥᠷᠢ ᠵᠥᠢ ᠶᠢᠨ ᠬᠤᠯᠪᠤᠭᠠᠨ ᠳᠤ ᠤᠷᠤᠵᠤ ᠬᠡᠷᠡᠭᠯᠡᠭᠳᠡᠪᠡᠯ ᠵᠤᠬᠢᠬᠤ ᠨᠥᠭᠦᠴᠡᠯ ᠳᠤ ᠭᠥᠳᠡᠯᠭᠦ ᠥᠨᠳᠥᠰᠤ ᠨᠢ ᠰᠡᠷᠭᠦᠭᠡᠭᠳᠡᠳᠡᠭ᠃ ᠵᠢᠱᠢᠶᠡᠯᠡᠪᠡᠯ᠄ ᠤᠰᠤᠨ ᠤ ᠲᠤᠩᠭᠠᠯᠠᠭ᠂ ᠮᠤᠳᠤᠨ ᠳᠤ ᠤᠶᠠᠬᠤ᠂ ᠰᠢᠷᠡᠭᠡᠨ  ᠠᠴᠠ ᠪᠠᠭᠤᠬᠤ᠂ ᠲᠠᠨ ᠤ᠂ ᠡᠳᠡᠨ ᠳᠤ᠂ ᠲᠠᠨ ᠠᠴᠠ᠂ ᠭᠤᠷᠪᠠᠨ ᠭᠥᠮᠥᠨ᠂ ᠲᠠᠪᠤᠨ ᠠᠶᠢᠯ᠂ ᠭᠤᠷᠪᠠᠨ ᠵᠠᠭᠤ᠂ ᠲᠠᠪᠢᠨ ᠲᠠᠪᠤ᠂ ᠡᠪᠡᠰᠥᠨ ᠠᠪᠤᠭ᠎ᠠ᠂ ᠮᠤᠳᠤᠨ ᠪᠠᠶᠢᠰᠢᠩ᠂ ᠲᠤᠷᠭᠠᠨ ᠭᠥᠨᠵᠢᠯᠡ᠂ ᠠᠷᠤᠨᠰᠢ᠂ ᠠᠮᠢᠨᠳᠠᠢ ᠁  ︵ᠭᠡᠪᠡᠴᠤ ᠶᠡᠷᠡᠨ ᠶᠢᠰᠤ ᠭᠡᠰᠡᠨ ᠬᠡᠯᠡᠯᠭᠡ ᠥᠭᠡᠢ︶᠃       ︵ᠨᠠᠢᠮᠠ︶ ︿ᠥᠭᠡᠢ﹀ ᠪᠠ ︿ᠬᠢᠭᠦ﹀ ᠭᠡᠭᠦ ᠥᠭᠡᠨ ᠳᠤ ᠬᠤᠯᠪᠤᠭᠳᠠᠬᠤ ᠪᠢᠴᠢᠯᠭᠡ ᠶᠢᠨ ᠶᠤᠰᠤ      1.︿ᠥᠭᠡᠢ﹀ ᠭᠡᠭᠦ ᠥᠭᠡ ᠤᠳᠬ᠎ᠠ ᠪᠠ ᠬᠡᠯᠪᠡᠷᠢ ᠶᠢᠨ ᠲᠠᠯ᠎ᠠ ᠳᠤ ᠨᠢᠭᠡᠨᠳᠡ ᠲᠠᠭᠠᠪᠤᠷᠢ ᠶᠢᠨ ᠰᠢᠨᠵᠢ ᠲᠠᠢ ᠪᠤᠯᠤᠭᠰᠠᠨ ᠪᠤᠯ ᠨᠡᠶᠢᠯᠡᠭᠦᠯᠵᠤ ᠪᠢᠴᠢᠨ᠎ᠡ᠃ ᠵᠢᠱᠢᠶ᠋ᠯᠡᠪᠡᠯ᠄ ᠭᠠᠶᠢᠭᠤᠢ᠂ ᠪᠥᠰᠡᠭᠦᠢ᠂ ᠡᠵᠡᠭᠦᠢ ᠁ ᠭᠡᠭᠦ ᠮᠡᠳᠤ᠃      2. ︿ᠬᠢᠭᠦ﹀ ᠥᠭᠡ ᠲᠠᠶᠢᠪᠤᠷᠢ ᠥᠭᠡ ᠶᠢᠨ ᠳ᠋ᠠᠩ ᠥᠭᠡ ᠶᠢᠨ ᠠᠷᠤ ᠳᠤ ᠨᠡᠶᠢᠯᠡᠭᠦᠯᠵᠤ ᠪᠢᠴᠢᠨ᠎ᠡ᠂ ᠲᠠᠪᠳᠠᠮᠠᠯ ᠥᠭᠡ ᠶᠢᠨ ᠠᠷᠤ ᠳᠤ ᠰᠠᠯᠤᠩᠬᠢ ᠪᠢᠴᠢᠨ᠎ᠡ᠃ ᠵᠢᠱᠢᠶᠡᠯᠡᠪᠡᠯ᠄ ᠠᠮᠤᠰᠬᠢᠭᠦ᠂ ᠭᠤᠷᠳ᠋ᠬᠢᠭᠦ᠂ ᠰᠥᠷᠳ᠋ᠬᠢᠭᠦ᠂ ᠰᠡᠷᠪᠡᠩ ᠰᠡᠷᠪᠡᠩ ᠬᠢᠭᠦ᠂ ᠥᠨᠳᠡᠩ ᠥᠨᠳᠡᠩ ᠬᠢᠭᠦ ᠁ ᠬᠡᠭᠦ ᠮᠡᠳᠤ᠃      ︵ᠶᠢᠰᠥ︶ ᠲᠠᠶᠢᠨ ᠢᠯᠭᠠᠯ ᠤᠨ ᠶᠤᠰᠤ      1. ᠨᠡᠷᠡᠯᠡᠭᠦ ᠶᠢᠨ ᠲᠠᠶᠢᠨ ᠢᠯᠭᠠᠯ ᠤᠨ ᠬᠡᠯᠪᠡᠷᠢᠳᠤ ᠥᠭᠡᠰ ᠶᠡᠷᠥ ᠳᠤ ᠪᠠᠨ ︿ᠭᠡᠨ︖ ᠶᠠᠭᠤ︖﹀ ᠭᠡᠰᠡᠨ ᠠᠰᠠᠭᠤᠯᠳᠠ ᠳᠤ ᠬᠠᠷᠢᠭᠤᠯᠠᠭᠳᠠᠨ᠎ᠠ᠃ ᠲᠤᠰᠬᠠᠢ ᠲᠠᠭᠠᠪᠤᠷᠢ ᠵᠠᠷᠤᠬᠤ ᠥᠭᠡᠢ᠃      2. ᠬᠠᠷᠢᠶᠠᠯᠠᠬᠤ ᠶᠢᠨ ᠲᠠᠶᠢᠨ ᠢᠯᠭᠠᠯ ᠤᠨ ᠬᠡᠯᠪᠡᠷᠢᠳᠤ ᠥᠭᠡᠰ ︿ᠬᠡᠨ ᠤ︖ ᠶᠠᠭᠤᠨ ᠤ︖ ᠬᠠᠮᠢᠭᠠᠬᠢ ᠶᠢᠨ︖ ᠭᠡᠵᠢᠶᠡᠨ ᠤ︖﹀ ᠵᠡᠷᠭᠡ ᠠᠰᠠᠭᠤᠯᠳᠠ ᠳᠤ ᠬᠠᠷᠢᠭᠤᠯᠤᠭᠳᠠᠨ᠎ᠠ᠃ ᠤᠳᠤ ︿ ᠶᠢᠨ᠂ ᠤᠨ᠂ ᠤ﹀ ᠲᠠᠭᠠᠪᠤᠷᠢ ᠲᠠᠢ᠃ ︿ ᠶᠢᠨ﹀ ᠢ ᠡᠭᠡᠰᠢᠭ ᠢᠶᠠᠷ ᠲᠡᠭᠦᠰᠥᠭᠰᠡᠨ ᠥᠭᠡ ᠶᠢᠨ ᠠᠷᠤᠨ ᠳᠤ ᠰᠠᠯᠤᠩᠬᠢ︔ ︿ ᠤᠨ﹀ ᠢ ︿‍ᠨ﹀ ᠠᠴᠠ ᠪᠤᠰᠤᠳ ᠭᠡᠶᠢᠭᠦᠯᠥᠭᠴᠢ ᠪᠠᠷ ᠲᠡᠭᠦᠰᠥᠭᠰᠡᠨ ᠥᠭᠡᠨ ᠤ ᠠᠷᠤ ᠳᠤ ᠰᠠᠯᠤᠩᠬᠢ︔ ︿ ᠤ﹀ ᠶᠢ ᠵᠥᠪᠭᠡᠨ ︿‍ᠨ﹀ ᠢᠶᠠᠷ ᠲᠡᠭᠦᠰᠥᠭᠰᠡᠨ ᠥᠭᠡᠨ ᠤ ᠠᠷᠤ ᠳᠤ ᠰᠠᠯᠤᠩᠬᠢ ᠬᠡᠷᠡᠭᠯᠡᠨ᠎ᠡ᠃ ︵ᠥᠭᠡ ᠶᠢᠨ ᠵᠢᠭᠰᠠᠭᠠᠯᠳᠠ ᠳᠤ ᠭᠡᠷᠬᠢᠨ ᠵᠢᠭᠰᠠᠭᠠᠬᠤ ᠤᠷᠤᠨ ᠪᠠᠶᠢᠷᠢ ᠶᠢ ᠲᠤᠳᠤᠷᠬᠠᠶᠢᠯᠠᠨ᠎ᠠ᠃︶      3. ᠥᠭᠭᠦ ᠤᠷᠤᠰᠢᠬᠤ ᠶᠢᠨ ᠲᠠᠶᠢᠨ ᠢᠯᠭᠠᠯ ᠤᠨ ᠬᠡᠯᠪᠡᠷᠢᠳᠤ ᠥᠭᠡᠰ ︿ᠬᠡᠨ ᠳᠤ︖ ᠶᠠᠭᠤᠨ ᠳᠤ︖ ᠬᠠᠮᠢᠭ᠎ᠠ︖ ᠭᠡᠵᠢᠶ᠎ᠡ︖  ᠶᠠᠭᠠᠬᠢᠬᠤ ᠳᠤ︖ ᠶᠠᠭᠠᠬᠢᠭᠰᠠᠨ ᠳᠤ︖﹀ ᠵᠡᠷᠭᠡ ᠠᠰᠠᠭᠤᠯᠳᠠ ᠳᠤ ᠬᠠᠷᠢᠭᠤᠯᠤᠭᠳᠠᠨ᠎ᠠ᠃ ᠤᠳᠤ ︿ ᠳᠤ᠂ ᠲᠤ﹀ ᠭᠡᠭᠦ ᠬᠤᠶᠠᠷ ᠲᠠᠭᠠᠪᠤᠷᠢ ᠲᠠᠢ᠃ ︿ ᠳᠤ﹀ ᠶᠢ ᠡᠭᠡᠰᠢᠭ ᠪᠠ ᠵᠥᠭᠡᠯᠡᠨ ᠲᠡᠪᠢᠰᠭᠡᠷ ᠢᠶᠠᠷ ᠲᠡᠭᠦᠰᠥᠭᠰᠡᠨ ᠥᠭᠡᠨ ᠤ ᠬᠤᠶᠢᠨ᠎ᠠ ᠰᠠᠯᠤᠩᠬᠢ︔ ︿ ᠲᠤ﹀ ᠶᠢ ᠬᠠᠳᠠᠭᠤ ᠲᠡᠪᠢᠰᠭᠡᠷ ᠢᠶᠠᠷ ᠲᠡᠭᠦᠰᠥᠭᠰᠡᠨ ᠥᠭᠡᠨ ᠤ ᠬᠤᠶᠢᠨ᠎ᠠ ᠰᠠᠯᠤᠩᠬᠢ ᠪᠢᠴᠢᠨ᠎ᠡ᠃      ᠬᠠᠭᠤᠴᠢᠨ ᠳᠤ᠂ ︿ ᠳᠤᠷ᠂ ᠲᠤᠷ﹀ ᠪᠠ ︿᠎ᠡ﹀ ᠭᠡᠭᠦ ᠭᠤᠷᠪᠠᠨ ᠲᠠᠭᠠᠪᠤᠷᠢ ᠪᠠ  ︿  ᠊ᠳᠠ᠂ ᠲᠠ﹀ ᠭᠡᠭᠦ ᠮᠡᠳᠤ ᠶᠢᠨ ᠬᠡᠯᠪᠡᠷᠢ ᠲᠠᠢ ᠪᠢᠴᠢᠯᠭᠡ ᠪᠠᠶᠢᠪᠠ᠃ ᠵᠢᠱᠢᠶᠡᠯᠡᠭᠦ ᠳᠤ᠂ ᠲᠥᠷᠥ ᠳᠤᠷ᠂ ᠤᠯᠤᠰ ᠲᠤᠷ᠂ ᠴᠠᠭᠳᠠ᠂ ᠭᠠᠵᠠᠷ ᠲᠠ᠂ ᠭᠠᠵᠠᠷ᠎ᠠ᠂ ᠲᠠᠨ᠎ᠠ᠂ ᠬᠤᠳᠠᠨ᠎ᠠ᠂ ᠤᠯᠠᠨ᠎ᠠ ᠁ ᠭᠡᠭᠦ ᠮᠡᠳᠤ᠃      4. ᠵᠢᠭᠠᠬᠤ ᠶᠢᠨ ᠲᠠᠶᠢᠨ ᠢᠯᠭᠠᠯ ᠤᠨ ᠬᠡᠯᠪᠡᠷᠢᠳᠤ ᠥᠭᠡᠰ ︿ᠬᠡᠨ ᠢ︖ ᠶᠠᠭᠤ ᠶᠢ︖  ᠶᠠᠭᠤ︖﹀ ᠵᠡᠷᠭᠡ ᠠᠰᠠᠭᠤᠯᠳᠠ ᠳᠤ ᠬᠠᠷᠢᠭᠤᠯᠤᠭᠳᠠᠨ᠎ᠠ᠃ ᠤᠳᠤ ︿ ᠶᠢ᠂ ᠢ﹀ ᠭᠡᠭᠦ ᠬᠤᠶᠠᠷ ᠲᠠᠭᠠᠪᠤᠷᠢ ᠲᠠᠢ᠃ ︿ ᠶᠢ﹀ ᠶᠢ ᠡᠭᠡᠰᠢᠭ ᠢᠶᠠᠷ ᠲᠡᠭᠦᠰᠥᠭᠰᠡᠨ ᠥᠭᠡᠨ ᠤ ᠬᠤᠶᠢᠨ᠎ᠠ ᠰᠠᠯᠤᠩᠬᠢ︔ ︿ ᠢ﹀ ᠶᠢ ᠬᠡᠶᠢᠭᠦᠯᠥᠭᠴᠢ ᠪᠠᠷ ᠲᠡᠭᠦᠰᠥᠭᠰᠡᠨ ᠥᠭᠡᠨ ᠤ ᠬᠤᠶᠢᠨ᠎ᠠ ᠰᠠᠯᠤᠩᠬᠢ ᠪᠢᠴᠢᠨ᠎ᠡ᠃      ᠬᠠᠭᠤᠴᠢᠨ ᠳᠤ᠂ ︿ ᠤ﹀ ᠲᠠᠭᠠᠪᠤᠷᠢ ᠪᠠᠰᠠ ᠵᠢᠭᠠᠬᠤ ᠶᠢᠨ ᠲᠡᠶᠢᠨ ᠢᠶᠠᠷ ᠭᠡᠷᠡᠭᠯᠡᠭᠳᠡᠵᠤ ᠪᠠᠶᠢᠵᠠᠢ᠃ ᠵᠢᠱᠢᠶᠡᠯᠡᠭᠦ ᠳᠤ᠂ ︽ᠰᠢᠷ᠎ᠠ ᠲᠤᠭᠤᠵᠢ︾ ᠳᠤ᠄ ︿ᠬᠠᠭ᠋ᠠᠨ ᠤ ᠬᠤᠷᠤᠬᠤᠨ ᠤ ︵ ᠢ︶ ᠲᠠᠰᠤ ᠬᠠᠷᠪᠤᠪᠠ﹀ ᠬᠡᠵᠠᠢ᠃ ᠪᠠᠰᠠ ᠨᠢᠭᠤᠭᠳᠠᠮᠠᠯ ᠲᠠᠭᠠᠪᠤᠷᠢ ᠪᠠᠷ ᠬᠡᠷᠡᠭᠯᠡᠭᠳᠡᠳᠡᠭ᠂ ᠵᠢᠱᠢᠶᠡᠯᠡᠭᠦ ᠳᠤ᠄ ︿ᠮᠤᠷᠢ ᠪᠠᠷᠢᠵᠤ ᠡᠮᠡᠭᠡᠯ ᠲᠤᠬᠤᠪᠠ᠂ ᠤᠰᠤ ᠲᠠᠳᠠᠵᠤ ᠥᠭᠡᠷ ᠤᠰᠤᠯᠠᠪᠠ﹀ ᠭᠡᠭᠦ ᠮᠡᠳᠤ ᠶᠢᠨ ᠥᠭᠦᠯᠡᠪᠥᠷᠢ ᠳᠤ ᠰᠢᠭᠤᠳ ᠡᠶᠢᠮᠤᠷᠭᠦ‍ ᠲᠢᠭ ᠭᠡᠯᠪᠡᠷᠢ ᠪᠠᠷ ᠨᠢᠭᠤᠭᠳᠠᠮᠠᠯ ᠭᠥᠢᠴᠡᠳᠭᠡᠭᠳᠡᠳᠡᠭ ᠪᠠᠶᠢᠭᠰᠠᠨ ᠪᠥᠭᠡᠳ ᠲᠡᠶᠢᠨ ᠠᠭᠰᠠᠭᠠᠷ᠃      5. ᠥᠢᠯᠡᠳᠭᠦ ᠶᠢᠨ ᠲᠠᠶᠢᠨ ᠢᠯᠭᠠᠯ ᠤᠨ ᠬᠡᠯᠪᠡᠷᠢᠳᠤ ᠥᠭᠡᠰ ︿ᠬᠡᠨ ᠢᠶᠠᠷ︖ ᠶᠠᠭᠤ ᠪᠠᠷ︖ ᠬᠠᠮᠢᠭᠠᠭᠤᠷ︖ ᠬᠡᠳᠥᠢ ᠪᠠᠷ︖﹀ ᠵᠡᠷᠭᠡ ᠠᠰᠠᠭᠤᠯᠳᠠ  ᠳᠤ ᠬᠠᠷᠢᠭᠤᠯᠤᠭᠳᠠᠨ᠎ᠠ᠃ ᠤᠳᠤ ︿ ᠪᠠᠷ᠂ ᠢᠶᠠᠷ﹀ ᠭᠡᠭᠦ ᠬᠤᠶᠠᠷ ᠲᠠᠭᠠᠪᠤᠷᠢ ᠲᠠᠢ᠃ ︿ ᠪᠠᠷ﹀ ᠢ ᠡᠭᠡᠰᠢᠭ ᠢᠶᠠᠷ ᠲᠡᠭᠦᠰᠥᠭᠰᠡᠨ ᠥᠭᠡᠨ ᠤ ᠬᠤᠶᠢᠨ᠎ᠠ ᠰᠠᠯᠤᠩᠬᠢ︔ ︿ ᠢᠶᠠᠷ﹀ ᠢ ᠬᠡᠶᠢᠭᠦᠯᠥᠭᠴᠢ ᠪᠠᠷ ᠲᠡᠭᠦᠰᠥᠭᠰᠡᠨ ᠥᠭᠡᠨ ᠤ ᠬᠤᠶᠢᠨ᠎ᠠ ᠰᠠᠯᠤᠩᠬᠢ ᠪᠢᠴᠢᠨ᠎ᠡ᠃ ᠤᠷᠳᠤ ᠡᠭᠡᠰᠢᠭ ᠤᠨ ᠠᠷᠤ ᠳᠤ ᠤᠷᠤᠪᠠᠯ ᠪᠥᠷ ︿ᠭᠠ﹀ ᠶᠢᠨ ᠲᠥᠷᠥᠯ  ᠢᠶᠠᠷ ᠤᠷᠳᠤᠳᠬᠠᠨ ᠤᠩᠰᠢᠨ᠎ᠠ᠃ ᠵᠢᠱᠢᠶᠡᠯᠡᠪᠡᠯ᠄ ᠤᠷᠤᠭ᠎ᠠ ᠪᠠᠷ᠂ ᠲᠠᠯᠠᠢ ᠪᠠᠷ ᠁ ᠭᠡᠭᠦ ᠮᠡᠳᠤ᠃       ᠬᠠᠭᠤᠴᠢᠨ ᠳᠤ᠂ ᠵᠢᠭᠠᠬᠤ ᠶᠢᠨ ᠲᠡᠶᠢᠨ ᠢᠯᠭᠠᠯ ᠤᠨ ︿ ᠪᠠᠷ﹀ ᠲᠤ ᠬᠤᠯᠪᠤᠭᠳᠠᠬᠤ ᠥᠭᠡᠢ ᠪᠠᠰᠠ ︿ ᠪᠠᠷ﹀ ᠲᠠᠭᠠᠪᠤᠷᠢ ᠪᠠᠶᠢᠭᠰᠠᠨ ᠢ ᠲᠤᠳᠤᠷᠬᠠᠶᠢᠯᠠᠶ᠎ᠠ᠄ ᠨᠢᠭᠡ ᠳᠤ᠂ ︿ ᠪᠠᠷ﹀ ᠢ ᠥᠭᠦᠯᠡᠭᠳᠡᠭᠦᠨ ᠢ ᠲᠤᠳᠤᠴᠢᠯᠠᠭᠴᠢ ᠪᠠᠷ ᠬᠡᠷᠡᠭᠯᠡᠨ᠎ᠡ᠂ ᠵᠢᠱᠢᠶᠡᠯᠡᠪᠡᠯ᠄ ︿ᠪᠢᠪᠡᠷ᠂ ᠬᠠᠭᠠᠨ ᠪᠠᠷ᠂ ᠼᠤᠤ ᠼᠤᠤ ᠪᠠᠷ ᠁﹀︔ ᠬᠤᠶᠠᠷ  ᠲᠤ᠂ ᠭᠥᠴᠤ ᠨᠡᠮᠡᠭᠳᠡᠭᠦᠯᠭᠦ ᠰᠤᠯᠠ ᠥᠭᠡ ᠶᠢᠨ ᠬᠡᠷᠡᠭᠴᠡᠭᠡ ᠪᠠᠷ ᠵᠠᠷᠤᠨ᠎ᠠ᠃ ᠵᠢᠱᠢᠶᠡᠯᠡᠪᠡᠯ᠄ ︿ᠥᠭᠦᠯᠡᠭᠦᠨ ᠪᠠᠷ ᠥᠭᠡᠢ᠂ ᠥᠵᠡᠭᠦᠨ ᠪᠠᠷ ᠥᠭᠡᠢ᠂ ᠨᠢᠭᠡᠨ ᠪᠠᠷ ᠥᠭᠡᠢ ᠁﹀᠃      6. ᠭᠠᠷᠬᠤ ᠶᠢᠨ ᠲᠠᠶᠢᠨ ᠢᠯᠭᠠᠯ ᠤᠨ ᠬᠡᠯᠪᠡᠷᠢᠳᠤ ᠥᠭᠡᠰ ︿ᠬᠡᠨ ᠠᠴᠠ︖ ᠶᠠᠭᠤᠨ ᠠᠴᠠ︖ ᠬᠡᠵᠢᠶ᠎ᠡ ᠠᠴᠠ︖ ᠬᠠᠮᠢᠭ᠎ᠠ ᠠᠴᠠ︖ ᠶᠠᠭᠠᠬᠢᠭᠰᠠᠨ  ᠠᠴᠠ︖﹀ ᠵᠡᠷᠭᠡ ᠠᠰᠠᠭᠤᠯᠳᠠ ᠳᠤ ᠬᠠᠷᠢᠭᠤᠯᠤᠭᠳᠠᠨ᠎ᠠ᠃ ᠤᠳᠤ ︿ ᠠᠴᠠ﹀ ᠭᠡᠭᠦ‍ ᠨᠢᠭᠡ ᠲᠠᠭᠠᠪᠤᠷᠢ ᠲᠠᠢ᠃ ᠡᠭᠡᠰᠢᠭ ᠬᠡᠶᠢᠭᠦᠯᠥᠭᠴᠢ ᠪᠠᠷ ᠲᠡᠭᠦᠰᠥᠭᠰᠡᠨ ᠶᠠᠮᠠᠷᠪᠡ ᠥᠭᠡᠨ ᠤ ᠬᠤᠶᠢᠨ᠎ᠠ ᠴᠥᠮ ᠰᠠᠯᠤᠩᠬᠢ ᠪᠢᠴᠢᠨ᠎ᠡ᠃      ᠬᠠᠭᠤᠴᠢᠨ ᠳᠤ᠂ ︿ᠴᠠ᠂ ᠳ᠋ᠠᠴᠠ᠂ ‍ᠨᠠᠴᠠ᠂ ᠶᠠᠴᠠ᠂ ᠠᠴᠠ﹀ ᠵᠡᠷᠭᠡ ᠲᠠᠭᠠᠪᠤᠷᠢ ᠲᠠᠢ ᠪᠠᠶᠢᠭᠰᠠᠨ ᠪᠥᠭᠡᠳ ᠵᠠᠯᠭᠠᠯᠳᠤᠵᠤ ᠪᠢᠴᠢᠭᠰᠡᠨ ︿  ᠊ᠰᠠ﹀ ᠪᠠᠷ ᠶᠠᠷᠢᠶᠠᠴᠢᠯᠠᠭᠰᠠᠨ ᠬᠡᠯᠪᠡᠷᠢ ᠪᠠᠷ ᠢᠯᠡᠷᠡᠵᠤ ᠪᠠᠶᠢᠪᠠ᠃  ᠵᠢᠱᠢᠶᠡᠯᠡᠭᠦ ᠳᠤ᠂ ︿ᠲᠡᠭᠷᠢ ᠳ᠋ᠠᠴᠠ᠂ ᠪᠤᠷᠬᠠᠨ ᠬᠠᠯᠳᠤᠨ ᠳ᠋ᠠᠴᠠ᠂ ᠮᠤᠷᠢᠨ ᠨᠠᠴᠠ᠂ ᠲᠤᠬᠠᠷ ᠠᠴᠠ ︵ᠰᠠᠶ᠋ᠢᠬᠠᠨ ︵ᠲᠤᠭᠠᠷ︶ ᠠᠴᠠ︶᠂ ᠤᠷᠲ᠋ᠤ ᠠᠴᠠ᠂ ᠤᠷᠢᠳᠡᠬᠢ ᠶᠠᠴᠠ᠂ ᠨᠠᠳᠠᠴᠠ᠂ ᠬᠠᠨᠠᠰᠠ ᠁﹀ ᠭᠡᠭᠦ ᠮᠡᠳᠤ᠃ ᠲᠤᠰ ᠲᠠᠭᠠᠪᠤᠷᠢ ᠤᠷᠴᠢᠨ ᠴᠠᠭ ᠤᠨ ᠮᠤᠩᠭᠤᠯ ᠭᠡᠯᠡᠨ ᠳᠤ ︿ᠠᠰ᠂ ᠡᠰ﹀ ᠤᠨ ᠬᠡᠯᠪᠡᠷᠢ ᠳᠤ ᠰᠢᠯᠵᠢᠭᠦ ᠥᠵᠡᠭᠳᠡᠯ ᠲᠠᠢ᠃      7. ᠬᠠᠮᠳᠤᠷᠠᠬᠤ ᠶᠢᠨ ᠲᠡᠶᠢᠨ ᠢᠯᠭᠠᠯ ᠤᠨ ᠬᠡᠯᠪᠡᠷᠢᠳᠤ ᠥᠭᠡᠰ ︿ᠬᠡᠨ ᠲᠠᠢ︖ ᠶᠠᠭᠤ ᠲᠠᠢ︖ ﹀ ᠭᠡᠭᠦ ᠠᠰᠠᠭᠤᠯᠳᠠ ᠳᠤ ᠬᠠᠷᠢᠭᠤᠯᠤᠭᠳᠠᠨ᠎ᠠ᠃ ᠤᠳᠤ ︿ ᠲᠠᠢ﹀ ᠭᠡᠭᠦ‍ ᠨᠢᠭᠡ ᠲᠠᠭᠠᠪᠤᠷᠢ ᠲᠠᠢ᠃ ᠡᠭᠡᠰᠢᠭ ᠬᠡᠶᠢᠭᠦᠯᠥᠭᠴᠢ ᠪᠠᠷ ᠲᠡᠭᠦᠰᠥᠭᠰᠡᠨ ᠶᠠᠮᠠᠷᠪᠡ ᠥᠭᠡᠨ ᠤ ᠬᠤᠶᠢᠨ᠎ᠠ ᠴᠥᠮ ᠰᠠᠯᠤᠩᠬᠢ ᠪᠢᠴᠢᠨ᠎ᠡ᠃      ᠬᠠᠭᠤᠴᠢᠨ ᠳᠤ᠂ ᠶᠡᠭᠡ ᠲᠥᠯᠥᠪ ︿ ᠯᠤᠭ᠎ᠠ᠂ ᠯᠦᠭᠡ﹀ ᠭᠡᠭᠦ ᠬᠤᠶᠠᠷ ᠲᠠᠭᠠᠪᠤᠷᠢ ᠪᠠᠷ ᠢᠯᠡᠷᠡᠭᠦᠯᠵᠤ ᠪᠠᠶᠢᠭᠰᠠᠨ ᠪᠤᠯᠪᠠᠴᠤ᠂ ᠤᠷᠴᠢᠨ ᠴᠠᠭ ᠤᠨ ᠮᠤᠩᠭᠤᠯ ᠬᠡᠯᠡᠨ ᠳᠤ ︿ ᠲᠠᠢ﹀ ᠲᠠᠭᠠᠪᠤᠷᠢ ᠬᠠᠮᠳᠤᠷᠠᠬᠤ ᠶᠢᠨ ᠲᠡᠶᠢᠨ ᠢᠯᠭᠠᠯ ᠤᠨ ᠡᠭᠦᠷᠭᠡ ᠬᠥᠢᠴᠡᠳᠭᠡᠵᠤ᠂ ︿ ᠯᠤᠭ᠎ᠠ ᠯᠦᠭᠡ﹀ ᠲᠡᠭᠠᠪᠤᠷᠢ ᠬᠠᠷᠢᠨ ᠬᠤᠯᠪᠤᠬᠤ ᠶᠢᠨ ᠲᠡᠶᠢᠨ ᠢᠯᠭᠠᠯ ᠪᠠ ᠬᠠᠨᠳᠤᠯᠭ᠎ᠠ ᠶᠢᠨ ᠲᠡᠶᠢᠨ ᠢᠯᠭᠠᠯ ᠤᠨ ᠡᠭᠦᠷᠭᠡ ᠭᠥᠢᠴᠡᠳᠭᠡᠭᠦ ᠪᠤᠯᠤᠭᠰᠠᠨ ᠪᠠᠶᠢᠨ᠎ᠠ᠃      ※ 8. ᠬᠤᠯᠪᠤᠬᠤ ᠶᠢᠨ ᠲᠡᠶᠢᠨ ᠢᠯᠭᠠᠯ ᠤᠨ ᠬᠡᠯᠪᠡᠷᠢᠳᠤ ᠥᠭᠡᠰ ︿ᠬᠡᠨ ᠯᠦᠭᠡ︖ ᠶᠠᠭᠤ ᠯᠤᠭ᠎ᠠ︖ ﹀ ᠭᠡᠭᠦ ᠠᠰᠠᠭᠤᠯᠳᠠ ᠳᠤ ᠬᠠᠷᠢᠭᠤᠯᠤᠭᠳᠠᠬᠤ ᠪᠥᠭᠡᠳ ᠵᠥᠪᠭᠡᠨ ᠪᠢᠴᠢᠭ ᠤᠨ ᠬᠡᠯᠡᠨ ᠳᠤ ᠵᠠᠷᠤᠭᠳᠠᠨ᠎ᠠ᠃ ︿ ᠯᠤᠭ᠎ᠠ﹀ ᠶᠢ ᠴᠢᠩᠭ᠎ᠠ ᠥᠭᠡᠨ ᠤ ᠬᠤᠶᠢᠨ᠎ᠠ ᠰᠠᠯᠤᠩᠬᠢ ᠬᠡᠷᠡᠭᠯᠡᠵᠤ ︿ᠯᠠ la﹀ ᠪᠠᠷ ᠤᠩᠰᠢᠨ᠎ᠠ︔ ︿ ᠯᠦᠭᠡ﹀ ᠶᠢ ᠭᠥᠨᠳᠡᠢ ᠥᠭᠡᠨ ᠤ ᠬᠤᠶᠢᠨ᠎ᠠ ᠰᠠᠯᠤᠩᠬᠢ ᠪᠢᠴᠢᠵᠤ ︿ᠯᠡ le﹀ ᠪᠠᠷ ᠤᠩᠰᠢᠨ᠎ᠠ ᠪᠢᠴᠢᠨ᠎ᠡ᠃      ※ 9. ᠵᠤᠷᠢᠬᠤ ᠶᠢᠨ ᠲᠡᠶᠢᠨ ᠢᠯᠭᠠᠯ ᠤᠨ ᠬᠡᠯᠪᠡᠷᠢᠳᠤ ᠥᠭᠡᠰ ︿ᠬᠠᠮᠢᠭ᠎ᠠ︖ ᠶᠠᠭᠤ ᠪᠠᠷ︖ ᠶᠠᠭᠠᠬᠢᠬᠤ ᠪᠠᠷ︖ ᠶᠠᠭᠤᠨ ᠳᠤ︖﹀ ᠵᠡᠷᠭᠡ ᠠᠰᠠᠭᠤᠯᠳᠠ ᠳᠤ ᠬᠠᠷᠢᠭᠤᠯᠤᠭᠳᠠᠬᠤ ᠪᠥᠭᠡᠳ ᠵᠥᠪᠭᠡᠨ ᠨᠢᠭᠡ ︿‍ᠷ᠎ᠡ﹀ ᠲᠠᠭᠠᠪᠤᠷᠢ ᠪᠠᠷ ᠢᠯᠡᠷᠡᠳᠡᠭ ᠪᠠᠶᠢᠪᠠ᠃ ᠵᠢᠱᠢᠶᠡᠯᠡᠭᠦ ᠳᠤ᠂ ︿ᠱᠠᠬᠢᠮᠥᠨᠢ ᠪᠠᠷ ᠮᠤᠳᠤᠷ᠎ᠠ ︵ᠭᠠᠷ ᠢᠶᠠᠷ︶ ᠠᠳᠢᠰᠯᠡᠯ ᠭᠥᠷᠳᠡᠭᠡᠵᠤ ᠁ ᠪᠠᠷᠠᠭᠠᠯᠠᠷ᠎ᠠ ︵ᠪᠠᠷᠠᠭᠠᠯᠠᠬᠤ ᠪᠠᠷ︶ ᠢᠷᠡᠪᠡᠢ︔ ᠡᠨᠡᠳᠭᠡᠭ ᠤᠨ ᠭᠠᠵᠠᠷ᠎ᠠ ︵ᠭᠠᠵᠠᠷ ᠲᠤ︶ ᠁ ᠵᠤᠭᠠᠴᠠᠷ᠎ᠠ ᠮᠤᠷᠳᠠᠭᠰᠠᠨ ᠠᠨᠤ ᠁﹀ ᠭᠡᠭᠦ ᠮᠡᠳᠤ᠃      ※ 10. ᠬᠠᠨᠳᠤᠯᠭ᠎ᠠ ᠶᠢᠨ ᠲᠡᠶᠢᠨ ᠢᠯᠭᠠᠯ ᠤᠨ ᠬᠡᠯᠪᠡᠷᠢᠳᠤ ᠥᠭᠡᠰ ︿ᠶᠠᠭᠤ ᠤᠷᠤᠭᠤ︖ ᠶᠠᠭᠤᠨ ᠤ ᠲᠡᠶᠢᠰᠢ︖ ᠬᠠᠮᠢᠭᠠᠰᠢ︖﹀  ᠵᠡᠷᠭᠡ ᠠᠰᠠᠭᠤᠯᠳᠠ ᠳᠤ ᠬᠠᠷᠢᠭᠤᠯᠠᠭᠳᠠᠬᠤ ᠪᠥᠭᠡᠳ ᠬᠤᠯᠪᠤᠬᠤ ᠪᠠ ᠬᠠᠮᠳᠤᠷᠠᠬᠤ ᠶᠢᠨ ᠲᠡᠶᠢᠨ ᠢᠯᠭᠠᠯ ︽ ᠯᠤᠭ᠎ᠠ᠂ ᠯᠦᠭᠡ︾ ᠲᠠᠢ ᠠᠳᠠᠯᠢᠬᠠᠨ ᠲᠠᠭᠠᠪᠤᠷᠢ ᠪᠠᠷ ᠢᠯᠡᠷᠡᠳᠡᠭ ᠪᠠᠶᠢᠭᠰᠠᠨ ᠢ ᠡᠳᠥᠭᠡ ᠬᠡᠯᠪᠡᠷᠢ ᠥᠭᠡᠷᠡᠳᠥᠭᠦᠯᠥᠨ ᠬᠡᠷᠡᠭᠯᠡᠵᠤ ᠪᠤᠢ᠃ ᠵᠢᠱᠢᠶᠡᠯᠡᠭᠦ ᠳᠤ᠄ ᠴᠠᠢ ᠶᠢ ᠭᠠᠵᠠᠷ ᠯᠤᠭ᠎ᠠ ᠰᠠᠴᠤᠬᠤ︔ ᠨᠥᠭᠡᠨ ᠯᠤᠭ᠎ᠠ ᠰᠢᠷᠭᠤᠬᠤ ᠭᠡᠭᠦ ᠮᠡᠳᠤ ᠶᠢᠨ ᠭᠠᠵᠠᠷ ︿ᠯᠤ᠋ ᠪᠤᠶᠤ ᠯᠥ᠋﹀ ᠪᠠᠷ ᠤᠩᠰᠢᠭᠳᠠᠨ ᠠᠰᠢᠭᠯᠠᠭᠳᠠᠨ᠎ᠠ᠃      ※ 11. ᠬᠠᠷᠢᠶᠠᠯᠠᠬᠤ ᠶᠢᠨ ᠲᠡᠶᠢᠨ ᠢᠯᠭᠠᠯ ᠤᠨ ᠬᠡᠯᠪᠡᠷᠢᠳᠤ ᠵᠠᠷᠢᠮ ᠥᠭᠡᠰ ︿ᠬᠠᠮᠢᠭᠠᠬᠢ︖﹀ ᠭᠡᠭᠦ ᠮᠡᠳᠤ ᠶᠢᠨ ᠠᠰᠠᠭᠤᠯᠳᠠ ᠳᠤ ᠬᠠᠷᠢᠭᠤᠯᠠᠭᠳᠠᠨ ᠵᠢᠭᠠᠬᠤ ᠶᠢᠨ ᠲᠡᠶᠢᠨ ᠢᠯᠭᠠᠯ ᠤᠨ ᠲᠠᠭᠠᠪᠤᠷᠢ ︿ ᠶᠢ᠂ ᠢ﹀ ᠶᠢᠨ ᠬᠡᠯᠪᠡᠷᠢ ᠪᠠᠷ ᠢᠯᠡᠷᠡᠨ᠎ᠡ᠃ ᠵᠢᠱᠢᠶᠡᠯᠡᠭᠦ ᠳᠤ᠄ ᠬᠠᠮᠢᠭᠠᠬᠢ ᠶᠢᠨ ᠭᠥᠮᠥᠨ ᠪᠤᠢ ᠴᠢ︖ ᠤᠳᠤᠭ ᠢ   ᠭᠡᠭᠦ ᠮᠡᠳᠤ ᠪᠠᠷ ᠢᠯᠡᠷᠡᠭᠦ ᠪᠤᠯᠪᠠᠴᠤ ᠢᠳᠡᠪᠬᠢᠳᠡᠢ ᠬᠡᠷᠡᠭᠯᠡᠭᠳᠡᠭᠦ ᠥᠭᠡᠢ᠃      ︵ᠠᠷᠪᠠ︶ ᠤᠯᠠᠨ ᠲᠤᠭᠠᠨ ᠤ ᠶᠤᠰᠤ      1. ᠨᠠᠷ —  ᠭᠥᠮᠥᠨ ᠪᠠ ᠲᠡᠭᠷᠢ ᠪᠤᠷᠬᠠᠨ ᠢ ᠵᠢᠭᠠᠭᠰᠠᠨ ᠥᠭᠡ ᠶᠢᠨ ᠠᠷᠤᠨ ᠳᠤ ᠰᠠᠯᠤᠩᠬᠢ ᠬᠡᠷᠡᠭᠯᠡᠨ᠎ᠡ᠃ ᠡᠭᠡᠰᠢᠭ ᠢᠶᠠᠷ ᠲᠡᠭᠦᠰᠥᠭᠰᠡᠨ ᠥᠭᠡᠨ ᠳᠤ᠃      2. ᠴᠤᠳ᠂ ᠴᠤᠤᠯ —  ᠬᠥᠮᠥᠨ ᠪᠠ ᠥᠨᠳᠥᠰᠥᠳᠡᠨ ᠤᠭᠰᠠᠭᠠᠳᠠᠨ ᠢ ᠵᠢᠭᠠᠭᠰᠠᠨ ᠥᠭᠡ ᠶᠢᠨ ᠠᠷᠤ ᠳᠤ ᠨᠡᠶᠢᠯᠡᠭᠦᠯᠵᠤ ᠪᠢᠴᠢᠨ᠎ᠡ᠃ ᠡᠭᠡᠰᠢᠭ ᠪᠠ ︿‍ᠯ ᠂ ‍ᠨ﹀ ᠢᠶᠠᠷ ᠲᠡᠭᠦᠰᠥᠭᠰᠡᠨ ᠤ ᠥᠭᠡᠨ ᠳᠤ᠃      3. ᠤᠨ — ᠭᠤᠤᠯ ᠲᠥᠯᠥᠪ ︿‍ᠨ᠂ ‍ᠷ᠂ ‍ᠯ﹀ ᠢᠶᠠᠷ ᠲᠡᠭᠦᠰᠥᠭᠰᠡᠨ ᠥᠭᠡ ᠶᠢᠨ ᠠᠷᠤ ᠳᠤ ᠰᠡᠭᠦᠯ ᠤᠨ ᠲᠡᠪᠢᠰᠭᠡᠷ ᠢ ᠨᠢ ᠭᠡᠭᠡᠭᠳᠡᠭᠦᠯᠵᠤ ᠵᠠᠯᠭᠠᠨ᠎ᠠ᠃      4. ‍ᠰ — ᠡᠭᠡᠰᠢᠭ ᠪᠤᠶᠤ ︿  ‍ᠠᠶᠢ᠊ ai﹀ ᠬᠤᠤᠰ ᠡᠭᠡᠰᠢᠭ ᠢᠶᠠᠷ ᠲᠡᠭᠦᠰᠥᠭᠰᠡᠨ ᠥᠭᠡ ᠶᠢᠨ ᠠᠷᠤ ᠳᠤ ᠵᠠᠯᠭᠠᠨ᠎ᠠ᠃ ᠬᠤᠤᠰ ᠡᠭᠡᠰᠢᠭ ᠢ ᠭᠡᠭᠡᠭᠳᠡᠭᠦᠯᠥᠨ᠎ᠡ᠃      5. ᠤᠳ — ︿‍ᠨ﹀ ᠠᠴᠠ ᠪᠤᠰᠤᠳ ᠭᠡᠶᠢᠭᠦᠯᠥᠭᠴᠢ ᠪᠠᠷ ᠲᠡᠭᠦᠰᠥᠭᠰᠡᠨ ᠥᠭᠡᠨ ᠳᠤ ᠰᠠᠯᠤᠩᠬᠢᠳᠠ ᠬᠡᠷᠡᠭᠯᠡᠨ᠎ᠡ᠃ ᠵᠠᠷᠢᠮ ᠥᠶᠡᠰ ︿ᠭᠠ﹀ ᠪᠠᠷ ᠤᠷᠳᠤᠳᠬᠠᠨ᠎ᠠ᠃      6. ᠨᠤᠭᠤᠳ᠂ ᠨᠦᠭᠦᠳ — ᠡᠭᠡᠰᠢᠭ ᠪᠠ ︿‍ᠨ﹀ ᠢᠶᠠᠷ ᠲᠡᠭᠦᠰᠥᠭᠰᠡᠨ ᠥᠭᠡ ᠶᠢᠨ ᠠᠷᠤ ᠳᠤ ᠰᠠᠯᠥᠩᠬᠢ ᠪᠢᠴᠢᠨ᠎ᠡ᠃ ︿ᠶ᠊᠂ ᠸ᠊﹀ ᠲᠡᠭᠦᠰᠭᠡᠯ ᠳᠤ ᠴᠤ ᠲᠤᠬᠢᠶᠠᠨ᠎ᠠ᠃      ※ 7.  ᠲᠠᠨ —  ᠨᠢᠭᠡ ᠳᠤ᠂ ᠵᠡᠷᠭᠡᠴᠡᠭᠰᠡᠨ ᠬᠡᠰᠢᠭᠦᠨ ᠢ ᠬᠤᠷᠢᠶᠠᠬᠤ ᠥᠢᠯᠡᠳᠥᠯ ᠲᠠᠢ ︵ᠵᠡᠷᠭᠡ ᠭᠡᠭᠦ ᠤᠳᠬ᠎ᠠ ᠲᠠᠢ︶ ᠪᠠᠷ ᠬᠡᠷᠡᠭᠯᠡᠭᠳᠡᠳᠡᠭ᠃ ᠵᠢᠱᠢᠶᠡᠯᠡᠪᠡᠯ᠄ ᠪᠠᠭᠠᠳᠤᠷ᠂ ᠵᠤᠷᠢᠭ᠂ ᠵᠢᠷᠭᠠᠯ ᠲᠠᠨ ᠪᠥᠭᠦᠳᠡ ᠤᠷᠤᠵᠤ ᠢᠷᠡᠪᠡ ᠭᠡᠭᠦ ᠮᠡᠳᠤ︔ ᠬᠤᠶᠠᠷ ᠲᠤ᠂ ᠥᠭᠦᠯᠡᠪᠥᠷᠢ ᠳᠤ ᠲᠠᠷᠠᠭᠠᠴᠢ ᠶᠢᠨ ᠭᠥᠮᠥᠰ ᠢ ᠲᠥᠯᠥᠭᠡᠯᠡᠭᠦᠯᠥᠨ ᠬᠤᠷᠢᠶᠠᠬᠤ ᠥᠢᠯᠡᠳᠥᠯ ᠲᠠᠢ ︵ᠵᠡᠷᠭᠡ ᠶᠢᠨ ᠭᠥᠮᠥᠰ ᠭᠡᠭᠦ ᠤᠳᠬ᠎ᠠ ᠲᠠᠢ︶ ᠬᠡᠷᠡᠭᠯᠡᠭᠳᠡᠳᠡᠭ᠃ ᠵᠢᠱᠢᠶᠡᠯᠡᠪᠡᠯ᠄ ᠯᠢᠤ ᠪᠸᠢ ᠲᠠᠨ ᠠᠶᠢᠰᠥᠢ ᠭᠡᠭᠦ ᠮᠡᠳᠤ᠃      ※ 8. ‍ᠨ — ᠡᠷᠳᠡᠨ ᠤ ᠮᠤᠩᠭᠤᠯ ᠭᠡᠯᠡᠨ ᠳᠤ ᠤᠯᠠᠨ ᠲᠤᠭᠠᠨ ᠤ ᠲᠠᠭᠠᠪᠤᠷᠢ ᠪᠠᠷ ᠬᠡᠷᠡᠭᠯᠡᠭᠳᠡᠵᠤ ᠪᠠᠶᠢᠪᠠ᠃ ᠵᠢᠱᠢᠶᠡᠯᠡᠪᠡᠯ᠄ ᠭᠥᠷᠥᠭᠡᠰᠥ — ᠭᠥᠷᠥᠭᠡᠰᠥᠨ︔ ᠠᠷᠢᠶᠠᠳᠤ — ᠠᠷᠢᠶᠠᠳᠠᠨ ᠭᠡᠭᠦ ᠮᠡᠳᠤ᠃      ※ 9. ︿‍ᠰ﹀ ᠲᠠᠭᠠᠪᠤᠷᠢ ᠵᠠᠷᠢᠮ ᠳᠤ ᠪᠠᠨ ᠵᠢᠩᠬᠢᠨᠢ ᠨᠡᠷ᠎ᠡ ᠪᠠ ᠲᠡᠮᠳᠡᠭ ᠨᠡᠷ᠎ᠡ ᠶᠢᠨ ᠠᠷᠤ ᠳᠤ ᠵᠠᠯᠭᠠᠭᠳᠠᠨ ᠤᠷᠤᠬᠤ ᠳᠤ ᠪᠠᠨ ᠤᠯᠠᠨ ᠲᠤᠭᠠᠨ ᠤ ᠤᠳᠬ᠎ᠠ ᠪᠠᠨ ᠠᠯᠳᠠᠳᠠᠭ ᠤᠴᠢᠷ ᠪᠤᠢ᠄ ᠵᠢᠱᠢᠶᠡᠯᠡᠪᠡᠯ᠄ ᠨᠢᠭᠡᠨ ᠵᠠᠯᠠᠭᠤᠰ ᠵᠠᠩᠵᠤᠨ ᠵᠢᠳᠠ ᠰᠢᠯᠠᠮᠡᠳᠡᠨ ᠭᠠᠷᠴᠤ ᠁     ᠡᠷᠬᠢᠮ ᠤᠨ ᠠᠯᠳᠠᠨ ᠴᠤᠭᠴᠠᠰ ᠁  ᠥᠵᠡᠪᠡᠰᠤ ᠲᠡᠭᠷᠢ ᠶᠢᠨ ᠲᠠᠬᠢᠨᠢᠰ ᠨᠢᠭᠡᠨ ᠠᠵᠤᠭᠤ ᠭᠡᠭᠦ ᠮᠡᠳᠤ᠃      ※ 10. ︿  ᠤᠨ﹀ ᠲᠠᠭᠠᠪᠤᠷᠢ ᠲᠠᠢ ᠥᠭᠡ ᠵᠠᠷᠢᠮ ᠳᠤ ᠪᠠᠨ ᠤᠯᠠᠨ ᠲᠤᠭᠠᠨ ᠤ ᠲᠠᠭᠠᠪᠤᠷᠢ ᠶᠢᠨ ᠤᠳᠬ᠎ᠠ ᠪᠠᠨ ᠠᠯᠳᠠᠳᠠᠭ᠃ ᠵᠢᠱᠢᠶᠡᠯᠡᠪᠡᠯ᠄ ᠡᠨᠡ ᠭᠡᠥᠭᠡᠳ ᠢ ᠥᠵᠡ︕       ︵ᠠᠷᠪᠠᠨ ᠨᠢᠭᠡ︶ ᠶᠡᠷᠥᠩᠭᠡᠶᠢᠯᠡᠨ ᠬᠠᠮᠢᠶᠠᠳᠠᠭᠤᠯᠬᠤ ᠶᠤᠰᠤ      ︵1︶ ᠪᠠᠨ — ᠡᠭᠡᠰᠢᠭ ᠢᠶᠠᠷ ᠲᠡᠭᠦᠰᠥᠭᠰᠡᠨ ᠥᠭᠡᠨ ᠳᠤ ᠰᠠᠯᠤᠩᠬᠢ ᠬᠡᠷᠡᠭᠯᠡᠨ᠎ᠡ᠃      ︵2︶ ᠢᠶᠠᠨ — ᠬᠡᠶᠢᠭᠦᠯᠥᠭᠴᠢ ᠪᠠᠷ ᠲᠡᠭᠦᠰᠥᠭᠰᠡᠨ ᠥᠭᠡᠨ ᠳᠤ ᠰᠠᠯᠤᠩᠬᠢ ᠬᠡᠷᠡᠭᠯᠡᠨ᠎ᠡ᠃      ︵ᠠᠷᠪᠠᠨ ᠬᠤᠶᠠᠷ︶ ᠭᠤᠷᠪᠠᠨ ᠪᠡᠶ᠎ᠡ ᠳᠤ ᠬᠠᠮᠢᠶᠠᠳᠠᠭᠤᠯᠬᠤ ᠶᠤᠰᠤ      ᠭᠤᠷᠪᠠᠨ ᠪᠡᠶ᠎ᠡ ᠳᠤ ᠬᠠᠮᠢᠶᠠᠳᠠᠭᠤᠯᠬᠤ ᠲᠠᠭᠠᠪᠤᠷᠢ ᠶᠢ ᠶᠠᠮᠠᠷ ᠴᠤ ᠲᠡᠶᠢᠨ ᠢᠯᠭᠠᠯ ᠤᠨ ᠬᠡᠯᠪᠡᠷᠢᠳᠤ ᠥᠭᠡ ᠶᠢᠨ ᠲᠠᠷᠠᠭ᠎ᠠ ᠬᠡᠷᠡᠭᠯᠡᠵᠤ ᠪᠤᠯᠥᠨ᠎ᠠ᠃      ︵1︶ ᠮᠢᠨᠢ — ᠨᠢᠭᠡᠳᠥᠭᠡᠷ ᠪᠡᠶ᠎ᠡ ᠳᠤ ᠬᠠᠮᠢᠶᠠᠳᠠᠭᠤᠯᠬᠤ ᠲᠠᠭᠠᠪᠤᠷᠢ᠃      ᠬᠠᠭᠤᠴᠢᠨ ᠳᠤ᠄ ᠮᠢᠨᠤ ︵ᠭᠠᠭᠴᠠ ᠲᠤᠭ᠎ᠠ︶ ᠪᠠ ᠮᠠᠨᠤ᠂ ᠪᠢᠳᠠᠨᠤ ︵ᠤᠯᠠᠨ ᠲᠤᠭ᠎ᠠ︶᠃ ᠬᠤᠵᠢᠮ ᠨᠢ ︿ᠮᠢᠨᠢ ᠪᠠ ᠮᠠᠨᠢ﹀ ᠭᠡᠪᠰᠢᠵᠤ᠂ ︿ᠪᠢᠳᠠᠨᠤ﹀ ᠤᠷᠬᠢᠭᠳᠠᠪᠠ᠃      ︵2︶ ᠴᠢᠨᠢ — ᠬᠤᠶᠠᠳᠤᠭᠠᠷ ᠪᠡᠶ᠎ᠡ ᠳᠤ ᠬᠠᠮᠢᠶᠠᠳᠠᠭᠤᠯᠬᠤ ᠲᠠᠭᠠᠪᠤᠷᠢ᠃ ᠬᠠᠭᠤᠴᠢᠨ ᠳᠤ᠄ ᠴᠢᠨᠤ ︵ᠭᠠᠭᠴᠠ ᠲᠤᠭ᠎ᠠ︶ ᠪᠠ ᠲᠠᠨᠤ ︵ᠤᠯᠠᠨ ᠲᠤᠭ᠎ᠠ︶᠃ ᠬᠤᠵᠢᠮ ᠨᠢ ︿ᠴᠢᠨᠢ ᠪᠠ ᠲᠠᠨᠢ﹀ ᠪᠤᠯᠵᠤ ᠬᠡᠪᠰᠢᠵᠠᠢ᠃      ︵3︶ ᠨᠢ — ᠭᠤᠷᠪᠠᠳᠤᠭᠠᠷ ᠪᠡᠶ᠎ᠡ ᠳᠤ ᠬᠠᠮᠢᠶᠠᠳᠠᠭᠤᠯᠬᠤ ᠲᠠᠭᠠᠪᠤᠷᠢ᠃ ᠬᠠᠭᠤᠴᠢᠨ ᠳᠤ᠄ ᠢᠨᠥ ︵ᠭᠠᠭᠴᠠ ᠲᠤᠭ᠎ᠠ︶ ᠪᠠ ᠠᠨᠤ ︵ᠤᠯᠠᠨ ᠲᠤᠭ᠎ᠠ︶᠃ ᠬᠤᠵᠢᠮ ᠨᠢ ᠬᠡᠷᠡᠭᠯᠡᠯᠳᠡ ᠨᠢ ᠴᠢᠩᠭ᠎ᠠ ᠭᠥᠨᠳᠡᠢ ᠪᠠᠷ ᠢᠯᠭᠠᠭᠳᠠᠬᠤ ᠪᠤᠯᠤᠭᠰᠠᠨ ᠪᠥᠭᠡᠳ ᠤᠷᠴᠢᠨ ᠴᠠᠭ ᠲᠤ ᠬᠠᠮᠳᠤ ︿ ᠨᠢ﹀ ᠪᠠᠷ ᠬᠡᠷᠡᠭᠯᠡᠭᠳᠡᠵᠤ ᠬᠡᠪᠰᠢᠵᠠᠢ᠃      ︵ᠠᠷᠪᠠᠨ ᠭᠤᠷᠪᠠ︶  ᠬᠠᠭᠤᠴᠢᠨ ᠳᠤ ᠬᠡᠷᠡᠭᠯᠡᠵᠤ ᠪᠠᠶᠢᠭᠰᠠᠨ ᠵᠠᠷᠢᠮ ᠨᠡᠶᠢᠯᠡᠮᠡᠯ ᠲᠠᠭᠠᠪᠤᠷᠢᠬᠠᠭᠤᠴᠢᠨ ᠳᠤ ᠬᠡᠷᠡᠭᠯᠡᠭᠳᠡᠵᠤ ᠪᠠᠶᠢᠭᠰᠠᠨ ᠵᠠᠷᠢᠮ ᠨᠡᠶᠢᠯᠡᠮᠡᠯ ᠲᠠᠭᠠᠪᠤᠷᠢ ᠤᠳ᠄ ᠠᠴᠠᠭᠠᠨ ᠡᠴᠡᠭᠡᠨ᠂ ᠶᠤᠭᠠᠨ ᠶᠦᠭᠡᠨ᠂ ᠨᠠᠶᠢᠬᠠᠨ ᠨᠡᠶᠢᠬᠡᠨ᠂ ᠲᠤᠷᠢᠶᠡᠨ᠂ ᠯᠤᠭᠠᠪᠠᠨ᠂ ᠯᠤᠭᠡᠪᠡᠨ᠂ ᠳᠠᠭᠠᠨ ᠳᠡᠭᠡᠨ᠂ ᠲᠠᠭᠠᠨ ᠲᠡᠭᠡᠨ᠂ ᠳᠤᠨᠢ ᠲᠤᠨᠢ ᠁ ᠵᠡᠷᠭᠡ ᠤᠯᠠᠨ ᠪᠠᠶᠢᠭᠰᠠᠨ ᠴᠤ ᠡᠳᠥᠭᠡ ᠲᠠᠶᠢᠨ ᠢᠯᠭᠠᠯ ᠢ ᠳ᠋ᠠᠩ ᠳ᠋ᠠᠩ ᠢᠶᠠᠷ ᠰᠠᠯᠭᠠᠵᠤ ᠪᠢᠴᠢᠭᠦ  ᠶᠢ ᠰᠠᠨᠠᠭᠠᠴᠢᠯᠠᠵᠤ ᠪᠠᠶᠢᠨ᠎ᠠ᠃      ︵ᠠᠷᠪᠠᠨ ᠲᠥᠷᠪᠡ︶  ᠬᠠᠮᠳᠤᠷᠠᠬᠤ ᠶᠢᠨ ᠲᠡᠶᠢᠨ ᠢᠯᠭᠠᠯ ︿ ᠲᠠᠢ﹀ ᠬᠢᠭᠡᠳ ᠥᠭᠡ ᠪᠥᠳᠥᠭᠡᠭᠦ ᠲᠠᠭᠠᠪᠤᠷᠢ ︿ᠳ᠋ᠠᠢ﹀ ᠶᠢᠨ ᠲᠤᠬᠠᠢ      1. ᠬᠠᠮᠳᠤᠷᠠᠬᠤ ᠶᠢᠨ ᠲᠡᠶᠢᠨ ᠢᠯᠭᠠᠯ ︿ ᠲᠠᠢ﹀ ᠶᠢ ᠰᠠᠯᠤᠩᠬᠢ ᠬᠡᠷᠡᠭᠯᠡᠨ᠎ᠡ᠃ ᠵᠢᠱᠢᠶ᠋ᠯᠡᠭᠦ ᠳᠤ᠄ ᠠᠬ᠎ᠠ ᠲᠠᠢ ᠢᠷᠡᠪᠡ︔ ᠪᠠᠳᠤ ᠲᠠᠢ ᠬᠠᠮᠳᠤ ᠵᠡᠷᠭᠡ᠃      2. ᠥᠢᠯᠡ ᠭᠥᠷᠳᠡᠭᠡᠯ ᠤᠨ ᠬᠠᠷᠢᠴᠠᠭ᠎ᠠ ᠶᠢ ᠢᠯᠡᠳᠭᠡᠭᠦ ︿ ᠲᠠᠢ﹀ ᠲᠠᠭᠠᠪᠤᠷᠢ ᠶᠢ ᠰᠠᠯᠤᠩᠬᠢ ᠬᠡᠷᠡᠭᠯᠡᠨ᠎ᠡ᠃ ᠵᠢᠱᠢᠶᠡᠯᠡᠭᠦ ᠳᠤ᠄ ᠲᠤᠭᠤᠢ ᠲᠠᠢ ᠶᠠᠪᠤᠪᠠ︔ ᠫᠤᠤ ᠲᠠᠢ ᠤᠴᠢᠪᠡ︔ ᠮᠤᠷᠢ ᠲᠠᠢ ᠪᠠᠶᠢᠭᠰᠠᠨ ᠭᠡᠭᠦ ᠮᠡᠳᠤ᠃      3. ᠲᠡᠮᠳᠡᠭ ᠨᠡᠷ᠎ᠡ ᠪᠥᠳᠥᠭᠡᠭᠦ ︿ᠳ᠋ᠠᠢ﹀ ᠲᠠᠭᠠᠪᠤᠷᠢ ᠶᠢ ᠨᠡᠶᠢᠯᠡᠩᠭᠢ ᠪᠢᠴᠢᠨ᠎ᠡ᠃ ᠵᠢᠱᠢᠶᠡᠯᠡᠭᠦ ᠳᠤ᠄ ᠵᠤᠷᠢᠭᠳᠠᠢ ᠡᠷ᠎ᠡ︔ ᠵᠠᠩᠳᠠᠢ ᠡᠪᠥᠭᠡᠨ︔ ᠬᠥᠪᠥᠩᠳᠡᠢ ᠲᠡᠪᠡᠯ︔ ᠤᠬᠠᠭᠠᠳᠠᠢ ᠬᠡᠥᠭᠡᠳ ᠬᠡᠭᠦ ᠮᠡᠳᠤ᠃ ※ ᠵᠥᠪᠭᠡᠨ ᠨᠡᠷ᠎ᠡ ᠥᠭᠡ ᠠᠴᠠ ᠲᠡᠮᠳᠡᠭ ᠥᠭᠡ ᠪᠥᠳᠥᠭᠡᠭᠦ ᠪᠠᠶᠢᠳᠠᠯ ᠳᠤ ᠠᠰᠠᠭᠤᠳᠠᠯ ᠲᠠᠢ᠃ ᠪᠤᠰᠤᠳ ᠪᠠᠶᠢᠳᠠᠯ᠂ ᠵᠢᠱᠢᠶᠡᠯᠡᠭᠦ ᠳᠤ᠄ ᠲᠠᠶᠢᠪᠤᠷᠢ ᠠᠴᠠ ᠲᠠᠶᠢᠪᠤᠷᠢ  ᠪᠠᠷᠠᠭᠤᠨ — ᠪᠠᠷᠠᠭᠤᠨᠳᠠᠢ᠂ ᠬᠤᠶᠢᠨ᠎ᠠ — ᠬᠤᠶᠢᠳᠠᠢ︔ ᠨᠠᠶᠠ — ᠨᠠᠶᠠᠨᠳᠠᠢ᠂ ᠲᠥᠷᠪᠡ — ᠲᠥᠷᠪᠡᠳᠡᠢ︔ ᠰᠠᠶᠢᠨ — ᠰᠠᠶᠢᠳᠠᠢ᠂ ᠶᠡᠭᠡ — ᠶᠡᠭᠡᠳᠡᠢ ᠵᠡᠷᠭᠡ ᠪᠠᠶᠢᠳᠠᠯ ᠳᠤ ᠪᠥᠷ ᠮᠠᠷᠭᠤᠯᠳᠤᠭᠠᠨ ᠥᠭᠡᠢ ᠪᠠᠶᠢᠨ᠎ᠠ᠃      4. ᠥᠭᠦᠯᠡᠭᠦᠨ ᠤ ᠪᠥᠳᠥᠴᠡ ᠳᠤ ᠤᠷᠤᠭᠰᠠᠨ ︿ ᠲᠠᠢ﹀ ᠶᠢ ᠰᠠᠯᠤᠩᠬᠢ ᠪᠢᠴᠢᠨ᠎ᠡ᠃ ᠡᠶᠢᠮᠥᠷᠭᠦᠤ ᠲᠤᠬᠢᠶᠠᠯᠳᠤᠯ ᠳᠤ ︿ ᠲᠠᠢ﹀ ᠶᠢ ︿ᠪᠠᠶᠢᠨ᠎ᠠ᠂ ᠪᠤᠢ﹀ ᠬᠡᠭᠦ ᠥᠭᠡ ᠪᠠᠷ ᠤᠷᠤᠯᠠᠭᠤᠯᠵᠤ ᠪᠤᠯᠤᠨ᠎ᠠ᠃ ᠵᠢᠱᠢᠶᠡᠯᠡᠭᠦ ᠳᠤ᠄  ᠨᠠᠳᠠ ᠳᠤ ᠬᠤᠶᠠᠷ ᠮᠤᠷᠢ ᠲᠠᠢ︔ ᠡᠨᠡ ᠬᠤᠳᠳᠤᠭ ᠤᠰᠤ ᠲᠠᠢ ᠭᠡᠭᠦ ᠮᠡᠳᠤ᠃      5. ᠪᠠᠳᠤᠯᠠᠬᠤ ᠨᠤᠳᠠᠯᠬᠤ ᠪᠤᠶᠤ ᠪᠠᠷᠤᠭᠯᠠᠵᠤ ᠲᠥᠰᠥᠭᠡᠯᠡᠭᠦ ᠤᠳᠬ᠎ᠠ ᠪᠥᠭᠦᠢ ᠬᠠᠨᠳᠤᠯᠭ᠎ᠠ ᠥᠭᠡ ᠳᠤ ᠬᠡᠷᠡᠭᠯᠡᠭᠦ ︿ᠳ᠋ᠠᠢ﹀ ᠲᠠᠭᠠᠪᠤᠷᠢ ᠶᠢ ᠨᠡᠶᠢᠯᠡᠩᠭᠢ ᠪᠢᠴᠢᠨ᠎ᠡ᠃ ᠵᠢᠱᠢᠶᠠᠯᠠᠬᠦ ᠳᠤ᠄ ᠴᠢᠳᠠᠬᠤ ᠬᠡᠷᠡᠭᠳᠡᠢ︔ ᠤᠴᠢᠬᠤ ᠶᠤᠰᠤᠳᠠᠢ︔ ᠮᠡᠳᠡᠭᠦ ᠴᠢᠬᠤᠯᠠᠳᠠᠢ ᠭᠡᠭᠦ ᠮᠡᠳᠤ᠃      ︵ᠠᠷᠪᠠᠨ ᠲᠠᠪᠤ︶ ᠮᠤᠩᠭᠤᠯ ᠪᠢᠴᠢᠭ ᠤᠨ ᠵᠥᠪ ᠪᠢᠴᠢᠯᠭᠡ ᠶᠢᠨ ᠲᠥᠷᠢᠮᠵᠢᠭᠦᠯᠭᠡ ᠶᠢᠨ ᠵᠠᠷᠢᠮ ᠥᠨᠳᠥᠰᠥᠯᠡᠯ ᠤᠳ ︵ᠵᠠᠷᠢᠮ ᠨᠢ ᠬᠠᠷᠢᠯᠴᠠᠨ ᠬᠠᠷᠰᠢᠳᠠᠭ︶      1. ᠢᠵᠠᠭᠤᠷ ᠤᠨ ᠪᠥᠳᠥᠴᠡ ᠶᠢ ᠬᠠᠮᠠᠭᠠᠯᠠᠬᠤ ᠥᠨᠳᠥᠰᠥᠯᠡᠯ᠄  ᠵᠢᠱᠢᠶᠡᠯᠡᠪᠡᠯ᠄ ᠠᠶᠢᠬᠤ → ᠠᠶᠤᠬᠤ︔ ᠥᠥᠷ → ᠥᠷ᠂ ᠨᠤᠯᠤᠤᠷ → ᠨᠤᠤᠯᠤᠭᠤᠷ ︵ᠨᠤᠤᠰᠤ ᠲᠠᠢ ᠠᠳᠠᠯᠢ︶      2. ᠲᠠᠭᠠᠪᠤᠷᠢ ᠶᠢᠨ ᠪᠥᠳᠥᠴᠠ ᠶᠢ ᠬᠠᠮᠠᠭᠠᠯᠠᠬᠤ ᠥᠨᠳᠥᠰᠥᠯᠡᠯ᠄ ᠵᠢᠱᠢᠶᠡᠯᠡᠪᠡᠯ᠄ ᠠᠶᠢᠮᠤᠷᠠᠬᠤ → ᠠᠶᠢᠮᠤᠷᠬᠤ︔ ᠠᠩᠬᠠᠳᠤᠭᠴᠢ → ᠠᠩᠬᠠᠳᠠᠭᠴᠢ      3. ᠬᠡᠪᠰᠢᠯ ᠢ ᠪᠠᠷᠢᠮᠳᠠᠯᠠᠬᠤ ᠥᠨᠳᠥᠰᠥᠯᠡᠯ᠄ ᠵᠢᠱᠢᠶᠡᠯᠡᠪᠡᠯ᠄ ᠠᠶᠢᠬᠤᠳᠤᠷ → ᠠᠶᠢᠬᠤᠪᠳᠤᠷ︔ ᠤᠤᠶᠤ᠂ ᠤᠭᠶᠤ → ᠤᠭ᠍ᠶᠤ︔ ᠨᠠᠶᠢᠮᠠᠯᠵᠢ → ᠨᠠᠢᠮᠠᠯᠵᠢ      4. ᠥᠭᠡ ᠶᠢᠨ ᠠᠳᠠᠯᠢ ᠪᠤᠰᠤ ᠪᠢᠴᠢᠯᠭᠡ ᠶᠢᠨ ᠨᠡᠶᠢᠳᠡᠯᠢᠭ ᠲᠥᠭᠡᠮᠡᠯ ᠢᠶᠠᠷ ᠨᠢᠭᠡᠳᠭᠡᠭᠦ ᠥᠨᠳᠥᠰᠥᠯᠡᠯ᠄ ᠵᠢᠱᠢᠶᠡᠯᠡᠪᠡᠯ᠄ ᠠᠷᠠᠮᠠᠨ → ᠠᠷᠠᠮᠠᠨ᠎ᠠ︔ ᠤᠳᠤᠮᠪᠠᠷ᠂ ᠤᠳᠤᠮᠤᠷ᠂ ᠤᠳᠤᠮᠪᠠᠷ᠎ᠠ → ᠤᠳᠤᠮᠪᠠᠷᠠ       5. ᠲᠠᠭᠠᠪᠤᠷᠢ ᠶᠢᠨ ᠠᠳᠠᠯᠢ ᠪᠤᠰᠤ ᠪᠢᠴᠢᠯᠭᠡ ᠶᠢᠨ ᠨᠡᠶᠢᠳᠡᠯᠢᠭ ᠲᠥᠭᠡᠮᠡᠯ᠂ ᠲᠤᠭᠳᠠᠪᠤᠷᠢᠳᠠᠢ ᠪᠠᠷ ᠨᠢ ᠨᠢᠭᠡᠳᠭᠡᠭᠦ ᠥᠨᠳᠥᠰᠥᠯᠡᠯ᠄ ᠵᠢᠱᠢᠶᠡᠯᠡᠪᠡᠯ᠄ ᠨᠤᠯᠤᠤᠷ → ᠨᠤᠤᠯᠤᠭᠤᠷ      6. ᠬᠠᠷᠢ ᠭᠠᠷᠤᠯᠳᠠᠢ ᠥᠭᠡ ᠶᠢᠨ ᠠᠳᠠᠯᠢ ᠪᠤᠰᠤ ᠪᠢᠴᠢᠯᠭᠡ ᠶᠢᠨ ᠨᠡᠶᠢᠳᠡᠯᠢᠭ ᠲᠥᠭᠡᠮᠡᠯ ᠢᠶᠠᠷ ᠨᠢᠭᠡᠳᠭᠡᠭᠦ ᠥᠨᠳᠥᠰᠥᠯᠡᠯ᠄ ᠵᠢᠱᠢᠶᠡᠯᠡᠪᠡᠯ᠄ ᠤᠩᠰᠠᠳ᠂ ᠤᠮᠰᠠᠳ → ᠤᠮᠵᠠᠳ      7. ᠵᠢᠭᠡᠯᠡᠯᠭᠡ ᠥᠭᠡ ᠶᠢ ︽ᠡᠵᠡᠨ ᠢ ᠨᠢ ᠲᠠᠭᠠᠭᠤᠯᠬᠤ︾ ᠥᠨᠳᠥᠰᠥᠯᠡᠯ᠄ ᠵᠢᠱᠢᠶᠡᠯᠡᠪᠡᠯ᠄ ᠡᠷᠡᠨ → ᠡᠷᠢᠨ ︔ ᠢᠨᠧᠷᠼ → ᠢᠨᠧᠷᠼᠢ      8. ᠬᠠᠷᠢ ᠭᠠᠷᠤᠯᠳᠠᠢ ᠥᠭᠡ ᠶᠢ ᠮᠤᠩᠭᠤᠯᠵᠢᠭᠤ ᠪᠤᠯᠭᠠᠬᠤ ᠥᠨᠳᠥᠰᠥᠯᠡᠯ᠄ ᠵᠢᠱᠢᠶᠡᠯᠡᠪᠡᠯ᠄ ᠡᠷᠯᠢᠵᠠ → ᠡᠷᠯᠢᠰᠠ ︔ ᠰᠠᠮᠫᠧᠯ → ᠰᠠᠮᠫᠢᠯ      9. ᠨᠢᠭᠡᠨᠳᠡ ᠮᠤᠩᠭᠤᠯᠵᠢᠭᠤ ᠪᠤᠯᠤᠭᠰᠠᠨ ᠬᠠᠷᠢ ᠭᠠᠷᠤᠯᠳᠠᠢ ᠥᠭᠡ ᠶᠢᠨ ᠬᠡᠪᠰᠢᠯ ᠢ ᠪᠠᠷᠢᠮᠳᠠᠯᠠᠬᠤ ᠥᠨᠳᠥᠰᠥᠯᠡᠯ᠄      ᠵᠢᠱᠢᠶᠡᠯᠡᠪᠡᠯ᠄ ᠴᠤᠸᠠᠩ ᠬᠤ᠋ → ᠴᠤᠩᠬᠤ ᠂ ᠱᠯᠥ᠋ᠺ → ᠰᠢᠯᠥᠭ       10. ᠲᠠᠭᠤᠳᠠᠯᠭ᠎ᠠ ᠳᠤ ᠨᠡᠶᠢᠴᠡᠭᠦᠯᠭᠦ ᠶᠢ ᠪᠠᠷᠢᠮᠳᠠᠯᠠᠬᠤ ᠥᠨᠳᠥᠰᠥᠯᠡᠯ᠄      ᠵᠢᠱᠢᠶᠡᠯᠡᠪᠡᠯ᠄ ᠬᠠᠭᠵᠠ᠂ ᠬᠠᠩᠵᠠ → ᠬᠠᠨᠵᠠ      11. ᠡᠭᠡᠰᠢᠭ᠂ ᠬᠡᠶᠢᠭᠦᠯᠥᠭᠴᠢ ᠥᠰᠥᠭ ᠤᠨ ᠪᠢᠴᠢᠯᠭᠡ ᠶᠢᠨ ᠲᠥᠷᠢᠮ ᠳᠤ ᠨᠡᠶᠢᠴᠡᠭᠦᠯᠭᠦ ᠥᠨᠳᠥᠰᠥᠯᠡᠯ᠄      ᠵᠢᠱᠢᠶᠡᠯᠡᠪᠡᠯ᠄ ᠡᠩ + ‍ᠯᠡ᠊ + ᠭᠡ = ᠡᠩᠨᠡᠭᠡ︔      12. ᠥᠰᠥᠭ ᠨᠡᠮᠡᠭᠳᠡᠭᠦ ᠲᠥᠷᠢᠮ ᠳᠤ ᠨᠡᠶᠢᠴᠡᠭᠦᠯᠭᠦ ᠥᠨᠳᠥᠰᠥᠯᠡᠯ᠄       ᠵᠢᠱᠢᠶᠡᠯᠡᠪᠡᠯ᠄ ᠭᠠᠰᠠᠯ  + ‍ᠩ = ᠭᠠᠰᠠᠯᠠᠩ︔ ᠲᠡᠶᠢᠷ + ᠭᠦ᠋ᠷ = ᠲᠡᠶᠢᠷᠥᠭᠦᠯ      13. ᠥᠰᠥᠭ ᠬᠠᠰᠤᠭᠳᠠᠬᠤ ᠲᠥᠷᠢᠮ ᠳᠤ ᠨᠡᠶᠢᠴᠡᠭᠦᠯᠭᠦ ᠥᠨᠳᠥᠰᠥᠯᠡᠯ᠄      ᠵᠢᠱᠢᠶᠡᠯᠡᠪᠡᠯ᠄ ᠨᠤᠬᠠᠳ᠂ ᠭᠥᠮᠥᠰ᠂ ᠬᠠᠭᠠᠷᠬᠠᠢ      14. ᠥᠰᠥᠭ ᠰᠤᠯᠢᠭᠳᠠᠬᠤ ᠲᠥᠷᠢᠮ ᠳᠤ ᠨᠡᠶᠢᠴᠡᠭᠦᠯᠭᠦ ᠥᠨᠳᠥᠰᠥᠯᠡᠯ᠄      ᠵᠢᠱᠢᠶᠡᠯᠡᠪᠡᠯ᠄ ᠠᠷᠠᠯᠵᠢᠭ᠎ᠠ → ᠠᠷᠠᠯᠵᠢᠶ᠎ᠠ᠂ ᠡᠮᠯᠡᠯᠭᠡ → ᠡᠮᠨᠡᠯᠭᠡ︔ ᠪᠠᠷᠢ + ‍ᠭᠤᠷ = ᠪᠠᠷᠢᠭᠤᠯ      15. ᠠᠪᠢᠶ᠎ᠠ ᠵᠤᠬᠢᠴᠠᠬᠤ ᠲᠥᠷᠢᠮ ᠳᠤ ᠨᠡᠶᠢᠴᠡᠭᠦᠯᠭᠦ ᠥᠨᠳᠥᠰᠥᠯᠡᠯ᠄      ᠵᠢᠱᠢᠶᠡᠯᠡᠪᠡᠯ᠄ ᠨᠢᠵᠡᠭᠡᠷ → ᠨᠢᠵᠢᠬᠢᠷ       16. ᠨᠡᠶᠢᠯᠡᠩᠬᠢ ᠪᠠ ᠰᠠᠯᠤᠩᠬᠢ ᠪᠢᠴᠢᠭᠦ ᠲᠥᠷᠢᠮ ᠳᠤ ᠨᠡᠶᠢᠴᠡᠭᠦᠯᠭᠦ ᠥᠨᠳᠥᠰᠥᠯᠡᠯ᠄      ᠵᠢᠱᠢᠶᠡᠯᠡᠪᠡᠯ᠄ ᠡᠨᠡᠭᠦ → ᠡᠨᠡ ᠭᠦ︔ ᠨᠠᠳᠠᠴᠠ → ᠨᠠᠳᠠ ᠠᠴᠠ      17. ᠲᠠᠭᠠᠪᠤᠷᠢ ᠶᠢᠨ ᠲᠥᠷᠢᠮᠵᠢᠭᠦᠯᠥᠭᠰᠡᠨ ᠪᠢᠴᠢᠯᠭᠡ ᠶᠢ ᠵᠢᠷᠤᠮᠯᠠᠬᠤ ᠥᠨᠳᠥᠰᠥᠯᠡᠯ᠄      ᠵᠢᠱᠢᠶᠡᠯᠡᠪᠡᠯ᠄ ᠠᠩᠭᠠᠯᠵᠤᠷ᠂ ᠠᠩᠭᠠᠯᠵᠤᠤᠷ → ᠠᠩᠭᠠᠯᠵᠠᠭᠤᠷ      18. ᠲᠥᠷᠰᠤ ᠢᠯᠭᠠᠬᠤ ᠵᠠᠷᠴᠢᠮ ᠢ ᠵᠢᠷᠤᠮᠯᠠᠬᠤ ᠥᠨᠳᠥᠰᠥᠯᠡᠯ᠄      ᠵᠢᠱᠢᠶᠡᠯᠡᠪᠡᠯ᠄ ᠢᠳᠤᠬᠠᠨ᠂ ᠤᠳᠤᠭᠠᠨ᠂ ᠨᠢᠳᠤᠬᠠᠨ → ᠢᠳᠤᠭᠠᠨ︔ ᠨᠢᠯᠪᠤᠬᠤ ᠪᠠ ᠨᠤᠯᠮᠤᠬᠤ︔ ᠢᠵᠢᠯᠢ ᠪᠠ ᠢᠵᠢᠯ︔ ᠠᠷᠴᠢᠭᠤᠷ ᠪᠠ ᠠᠯᠴᠢᠭᠤᠷ      19. ᠥᠭᠡ ᠶᠢᠨ ᠪᠥᠳᠥᠴᠠ ᠶᠢ ᠬᠠᠮᠠᠭᠠᠯᠠᠬᠤ ᠵᠠᠷᠴᠢᠮ ᠢ ᠵᠢᠷᠤᠮᠯᠠᠬᠤ ᠥᠨᠳᠥᠰᠥᠯᠡᠯ᠄      ᠵᠢᠱᠢᠶᠡᠯᠡᠪᠡᠯ᠄ ᠠᠴᠠᠷᠠᠬᠤ᠂ ᠠᠴᠢᠷᠠᠬᠤ → ᠠᠪᠴᠢᠷᠠᠬᠤ 
ᠢᠷᠡᠯᠲᠡ᠄ ᠵᠤᠬᠢᠶᠠᠭᠴᠢ ᠠᠴᠠ