ᠠᠴᠢᠲᠦ ᠪᠠᠭᠰᠢ ᠶᠢᠨ ᠭᠡᠭᠡᠨ ᠳᠤᠷᠠᠰᠬᠠᠯ ᠳᠤ
ᠨᠡᠶᠢᠲᠡᠯᠡᠭᠰᠡᠨ ᠴᠠᠭ᠄
2022/12/21
                   ᠠᠴᠢᠲᠦ ᠪᠠᠭᠰᠢ ᠶᠢᠨ ᠭᠡᠭᠡᠨ ᠳᠤᠷᠠᠰᠬᠠᠯ ᠳᠤ                                                    —— ᠮᠦᠩᠬᠡᠬᠤᠷᠸ᠎ᠠ         ᠠᠴᠢᠲᠤ ᠪᠠᠭᠰᠢ ᠮᠢᠨᠢ ᠰᠠᠪᠠ ᠪᠠᠷ ᠪᠢᠯᠬᠠᠮ᠎ᠠ ᠮᠡᠳᠡᠯᠭᠡ ᠲᠠᠢ ᠶᠢᠨ ᠤᠴᠢᠷ ᠰᠠᠶᠢᠴᠤᠤᠯ ᠤᠯᠠᠨ ᠳᠤ ᠪᠠᠨ ᠰᠢᠨᠠᠭ᠎ᠠ ᠪᠠᠷ ᠲᠦᠭᠡᠭᠡᠭᠡᠳ ᠲᠤᠨᠳᠠᠷᠠᠰᠢ ᠦᠭᠡᠢ ᠮᠡᠳᠡᠯᠭᠡ ᠶᠢᠨ ᠰᠠᠩ ᠲᠠᠢ ᠶᠤᠮ ᠡ︕ ᠠᠰᠠᠷᠠᠯᠲᠤ ᠠᠪᠤ ᠶᠢᠨ ᠬᠠᠶᠢᠷ᠎ᠠ᠂ ᠬᠠᠨ ᠠᠭᠤᠯᠠ ᠶᠢᠨ ᠲᠦᠰᠢᠭ ᠮᠡᠲᠦ ᠪᠠᠶᠢᠳᠠᠭ ᠢ ᠡᠷᠬᠢᠨ ᠡᠷᠬᠢᠨ ᠰᠠᠨᠠᠳᠠᠭ ᠬᠦᠮᠦᠰ ᠵᠦᠩᠳᠡᠭᠡᠨ ᠪᠠᠶᠢᠬᠤ ᠶᠢ ᠦᠬᠦᠯᠡᠬᠦ ᠶᠠᠭᠤᠨ︕        ᠤᠯᠤᠰ ᠢᠷᠭᠡᠳ ᠤᠨ ᠢᠶᠠᠨ ᠤᠶᠤᠨ ᠰᠠᠨᠠᠭᠠᠨ ᠤ ᠬᠤᠭᠤᠰᠤᠨ ᠢ ᠨᠦᠬᠦᠵᠦ᠂ ᠤᠶᠤᠨ ᠢᠶᠠᠷ ᠬᠦᠭᠵᠢᠬᠦ ᠳᠠᠪᠴᠠᠩ ᠤᠨ ᠭᠡᠷᠡᠯᠲᠤ ᠴᠠᠮᠬᠠᠭ ᠨᠢ ᠪᠤᠯᠵᠤ᠂ ᠦᠢᠯᠡᠰ ᠤᠨ ᠰᠠᠶᠢᠬᠠᠨ ᠢ ᠨᠠᠰᠤᠨ ᠳᠤᠷᠰᠢᠳᠠ ᠪᠠᠨ ᠬᠢᠯᠠᠷᠠᠭᠤᠯᠤᠨ ᠪᠠᠶᠢᠵᠤ᠂ ᠤᠶᠢᠯᠵᠤ ᠪᠤᠴᠠᠯᠬᠤ ᠰᠢᠨᠲᠠᠷᠠᠰᠢ ᠦᠭᠡᠢ ᠵᠤᠷᠢᠭ ᠰᠠᠨᠠᠭᠠᠨ ᠤ ᠬᠦᠴᠦᠨ ᠢᠶᠠᠷ ᠢᠶᠠᠨ ᠳᠠᠶᠠᠭᠠᠷ ᠤᠯᠠᠨ ᠳᠤ ᠪᠠᠨ ᠬᠦᠨᠳᠦᠳᠭᠡᠭᠳᠡᠳᠡᠭ ᠰᠠᠨ᠃ ︽ᠮᠤᠩᠬᠠᠭ ᠤᠨ ᠴᠦᠯ ᠢ ᠮᠤᠷᠢ ᠪᠠᠷ ᠪᠢᠰᠢ᠂ ᠨᠤᠮ ᠢᠶᠠᠷ ᠲᠤᠭᠤᠯᠳᠠᠭ︾ ᠭᠡᠵᠦ ᠨᠢᠭᠡᠨ ᠡᠷᠲᠡᠮᠳᠡᠨ ᠤ ᠶᠠᠷᠢᠭᠰᠠᠨ ᠦᠭᠡ ᠪᠤᠳᠤᠭᠳᠠᠨ᠎ᠠ᠃ ᠨᠠᠰᠤᠨ ᠳᠤᠷᠰᠢᠳᠠ ᠨᠤᠮ ᠪᠢᠴᠢᠭ ᠤᠨ ᠲᠤᠭᠤᠰᠤᠨ ᠳᠤ ᠪᠡᠶ᠎ᠡ ᠰᠡᠳᠬᠢᠯ ᠢᠶᠠᠨ ᠴᠢᠯᠡᠭᠡᠵᠦ᠂ ᠤᠷᠴᠢᠯᠠᠩ ᠳᠡᠯᠡᠬᠡᠢ ᠶᠢᠨ ᠡᠵᠡᠨ ᠬᠦᠮᠦᠨ ᠰᠢᠭ ᠨᠢᠷᠤᠭᠤ ᠭᠡᠳᠡᠭᠡᠷ ᠶᠠᠪᠤᠵᠤ ᠠᠮᠢᠳᠤᠷᠠᠬᠤᠢ ᠶᠢᠨ ᠦᠨ᠎ᠡ ᠴᠠᠨ᠎ᠠ ᠪᠠᠨ ᠬᠦᠨ ᠠᠴᠠ ᠬᠦᠨ ᠠᠭᠤᠲᠠᠯᠠᠵᠤ ᠴᠢᠳᠠᠭᠰᠠᠨ ᠢ ᠨᠢ ᠥᠪᠡᠷ ᠤᠨ ᠡᠷᠭᠡ ᠦᠭᠡᠢ ᠭᠠᠶᠢᠬᠠᠨ ᠪᠢᠰᠢᠷᠡᠳᠡᠭ ᠰᠠᠨ᠃        ᠪᠠᠭᠰᠢ ᠶᠢᠨ ᠢᠶᠠᠨ ᠲᠤᠬᠠᠢ ᠮᠠᠭᠲᠠᠵᠤ ᠮᠠᠯᠠᠭᠠᠢᠢᠳᠠᠬᠤ ᠶᠢᠨ ᠶᠤᠮ ᠪᠤᠯ ᠪᠠᠷᠠᠬᠤ ᠶᠢᠨ ᠤᠴᠢᠷ ᠦᠭᠡᠢ᠃ ᠮᠠᠭᠠᠳ ᠤᠳᠤ ᠨᠠᠰᠤ ᠪᠠᠭ᠎ᠠ ᠴᠢᠰᠤ ᠰᠢᠩᠭᠡᠨ ᠨᠠᠳᠠ ᠳᠤ ᠰᠡᠳᠭᠢᠯ ᠤᠨ ᠲᠡᠩᠭᠡᠭᠡ᠂ ᠰᠤᠶᠤᠯ ᠤᠨ ᠭᠡᠭᠡ᠂ ᠰᠤᠷᠭᠠᠮᠵᠢ ᠪᠦᠬᠦᠨ ᠢ ᠨᠢ ᠬᠦᠷᠲᠡᠵᠦ᠂ ᠶᠠᠭ ᠯᠠ ᠨᠢᠯᠬ᠎ᠠ ᠬᠡᠦᠬᠡᠳ ᠰᠢᠭ ᠮᠦᠮᠦᠵᠦ ᠶᠠᠪᠤᠭᠰᠠᠨ ᠭᠡᠬᠦ ᠳᠤ ᠢᠯᠡᠭᠦᠳᠡᠬᠦ ᠶᠠᠭᠤᠮ᠎ᠠ ᠠᠯᠠᠭ᠎ᠠ︕         2016 ᠤᠨ ᠤ 6 ᠰᠠᠷ᠎ᠠ ᠶᠢᠨ ᠳᠤᠮᠳᠠᠴᠢ ᠪᠠᠷ ᠴᠠᠭᠠᠨ᠎ᠠ ᠡᠭᠡᠴᠢ ᠶᠢᠨ ᠠᠯᠪᠠᠨ ᠭᠡᠷ ᠲᠤ ᠤᠴᠢᠵᠤ ᠤᠷᠳᠤᠰ ᠠᠷᠠᠳ ᠤᠨ  ᠳᠠᠭᠤᠤ ᠶᠢᠨ ᠰᠢᠩᠭᠡᠭᠡᠯᠲᠡ ᠶᠢ ᠵᠢᠭᠰᠠᠭᠠᠵᠤ ᠪᠠᠶᠢᠬᠤ ᠪᠠᠷ᠄        — ᠴᠢ ᠰᠤᠨᠤᠮ ᠪᠠᠭᠰᠢ ᠶᠢᠨ ᠨᠤᠮ ᠤᠨ ᠠᠰᠠᠷ ᠲᠤ ᠤᠴᠢᠵᠤ ᠠᠵᠢᠯᠯᠠᠨ᠎ᠠ ᠪᠠ︕ ᠤᠳᠤ ᠶᠠᠭ ᠴᠢᠮ᠎ᠠ ᠰᠢᠭ᠋ ᠮᠡᠷᠬᠡᠵᠢᠯ ᠲᠠᠢ ᠵᠠᠯᠠᠭᠤ ᠬᠦᠮᠦᠨ ᠢ ᠬᠠᠶᠢᠵᠤ ᠪᠠᠶᠢᠨ᠎ᠠ︕ ᠡᠨᠡ ᠰᠠᠶᠢᠨ ᠲᠤᠬᠢᠶᠠᠯ ᠰᠢᠤ︕        — ᠡᠨᠡ ᠬᠦᠮᠦᠨ ᠢ ᠪᠢ ᠲᠠᠨᠢᠬᠤ ᠴᠤ ᠦᠭᠡᠢ᠂ ᠶᠠᠮᠠᠷ ᠠᠵᠢᠯ ᠪᠠᠶᠢᠬᠤ ᠶᠢ ᠴᠤ ᠮᠡᠳᠡᠬᠦ ᠦᠭᠡᠢ᠂ ᠡ᠊ᠨᠳᠡ ᠴᠤ ᠦᠭᠡᠢ ᠲᠡᠨᠳᠡ ᠴᠤ ᠦᠭᠡᠢ ᠪᠤᠯᠪᠠᠯ ᠬᠠᠶᠢᠷᠠᠨ ᠪᠠ︖ ᠬᠡᠳ ᠪᠠᠷᠢᠴᠠᠨ ᠪᠠᠲᠤᠲᠠᠢ ᠬᠠᠷᠢᠭᠤᠯᠲᠠ ᠬᠢᠵᠦ ᠴᠢᠳᠠᠭᠰᠠᠨ ᠦᠭᠡᠢ᠃ ᠤᠴᠢᠷ ᠶᠠᠭᠤᠨ ᠭᠡᠪᠡᠯ᠄ ᠪᠠᠭ᠎ᠠ ᠳᠤ ᠪᠠᠨ ︽ᠤᠷᠳᠤᠰ ᠤᠨ ᠵᠠᠭᠤᠨ ᠮᠡᠷᠭᠡᠳ︾ ᠠᠴᠠ ᠰᠡᠭᠦᠳᠡᠷ ᠢ ᠨᠢ ᠲᠠᠨᠢᠭᠰᠠᠨ ᠴᠤ ᠪᠢ ᠲᠠᠨᠢᠬᠤ ᠠᠴᠠ ᠪᠢᠰᠢ ᠨᠠᠮ᠎ᠠ ᠶᠢ ᠲᠠᠨᠢᠬᠤ ᠤᠴᠢᠷ ᠴᠤ ᠦᠭᠡᠢ᠂ ᠶᠡᠭᠡ ᠰᠤᠷᠭᠠᠭᠤᠯᠢ ᠳᠤ ᠶᠠᠪᠤᠬᠤ ᠪᠠᠷ ᠵᠠᠮ ᠳᠠᠭᠠᠷᠠᠵᠤ᠂ ᠮᠥᠮᠥ ᠲᠠᠢ ᠬᠠᠮᠲᠤ ᠢᠷᠡᠭᠡᠳ ︽ᠮᠢᠩᠭᠠᠨ ᠬᠠᠷᠢᠶᠠᠯ︾ ᠭᠡᠰᠡᠨ ᠨᠤᠮ ᠢ ᠠᠪᠴᠤ ᠳᠤᠤᠭᠠᠷᠬᠤ ᠪᠠᠶᠢᠲᠤᠭᠠᠢ ᠳᠠᠭᠤ ᠴᠤ ᠭᠠᠷᠴᠤ ᠴᠢᠳᠠᠭᠰᠠᠨ ᠦᠭᠡᠢ ᠶᠠᠪᠤᠭᠰᠠᠨ︕ ᠥᠭᠡᠷ᠎ᠡ ᠶᠠᠮᠠᠷ ᠴᠤ ᠤᠢᠢᠯᠠᠭᠠᠯᠲᠠ ᠦᠭᠡᠢ᠃ ᠤᠳᠤ ᠪᠠᠰᠠ ᠶᠠᠮᠠᠷ ᠶᠠ ᠨᠢᠭᠡ ᠪᠠᠶᠢᠭᠤᠯᠭ᠎ᠠ ᠲᠦᠰᠢᠵᠤ ᠲᠦᠩᠭᠡᠭᠰᠡᠨ ᠠᠮᠢᠳᠤᠷᠠᠯ ᠭᠢᠵᠦ ᠪᠠᠶᠢᠭ᠎ᠠ ᠨᠠᠳᠠ ᠳᠤ ᠠᠯᠪᠠᠨ ᠤ ᠲᠤᠬᠠᠢ ᠰᠢᠯᠭᠠᠯᠲᠠ ᠦᠭᠡᠢ ᠪᠠᠷ ᠡᠶᠢᠰᠢ ᠲᠡᠶᠢᠰᠢ ᠳᠡᠯᠳᠡᠭᠡᠨᠡᠬᠦ ᠶᠢᠨ ᠪᠤᠳᠤᠯ ᠲᠤᠭᠲᠠᠵᠤ ᠴᠢᠳᠠᠬᠤ ᠦᠭᠡᠢ ᠪᠠᠶᠢᠯ᠎ᠠ᠃        — ᠲᠡᠷᠡ ᠶᠠᠮᠠᠷ ᠬᠠᠮᠢᠶ᠎ᠠ ᠪᠠᠶᠢᠨ᠎ᠠ᠂ ᠡᠳᠦᠷ ᠲᠤ ᠪᠠᠨ ᠦᠰᠦᠭ ᠪᠢᠴᠢᠭ᠂ ᠰᠤᠶᠤᠯ ᠤᠨ ᠠᠭᠤᠯᠭ᠎ᠠ ᠲᠠᠢ ᠤᠷᠴᠢᠨ ᠳᠤ ᠠᠵᠢᠯᠯᠠᠬᠤ ᠭᠡᠭᠴᠢ ᠰᠠᠶᠢᠬᠠᠨ ᠰᠢᠤ ᠳ᠋ᠠ᠂ ᠲᠡᠷᠡ ᠮᠥᠷᠲᠡᠭᠡᠨ ᠴᠢ ᠴᠤ ᠦᠪᠡᠷ ᠢᠶᠠᠨ ᠰᠤᠶᠤᠯ ᠳᠤ ᠪᠠᠬ᠎ᠠ ᠲᠠᠢ ᠬᠡᠦᠬᠡᠳ ᠪᠤᠯᠬᠤᠷ ᠳᠤᠷ᠎ᠠ ᠲᠠᠢ ᠠᠵᠢᠯ ᠢᠶᠠᠨ ᠬᠢᠨ᠎ᠡ ᠭᠡᠭᠴᠢ ᠬᠡᠳᠦᠢ ᠵᠢᠷᠭᠠᠯ ᠲᠠᠢ ᠪᠤᠢ︕ ᠴᠢ ᠨᠢᠭᠡ ᠵᠠᠪ ᠢᠶᠠᠨ ᠤᠯᠵᠤ ᠤᠴᠢᠵᠤ ᠶᠠᠷᠢᠯᠴᠠᠵᠤ ᠦᠵᠡᠭᠦᠢ︕        ᠡᠭᠦᠨ ᠠᠴᠠ ᠬᠤᠶᠢᠰᠢ ᠴᠠᠭᠠᠨ᠎ᠠ ᠡᠭᠡᠴᠢ ᠲᠠᠢ ᠤᠴᠠᠷᠠᠬᠤ ᠶᠢᠨ ᠪᠤᠯᠭᠠᠨ ᠰᠤᠨᠤᠮ ᠪᠠᠭᠰᠢ ᠲᠠᠢ ᠵᠤᠯᠭᠠᠵᠤ ᠶᠠᠷᠢᠯᠴᠠᠪᠠ ᠤᠤ ᠭᠡᠬᠦ ᠶᠤᠮ︕ ᠠᠷᠭ᠎ᠠ ᠪᠠᠷᠠᠭᠳᠠᠬᠤ ᠭᠡᠭᠴᠢ ᠭᠡᠴᠡᠭᠦᠦ᠃ ᠦᠭᠡᠢ ᠬᠡᠬᠦ ᠳᠤ ᠬᠦᠮᠦᠨ ᠤ ᠰᠠᠶᠢᠬᠠᠨ ᠰᠡᠳᠬᠢᠯ ᠢ ᠬᠦᠰᠡᠷᠳᠡᠭᠦᠯᠦᠨ᠎ᠡ᠂ ᠵᠤᠯᠭᠠᠶ᠎ᠡ ᠭᠡᠬᠦ ᠳᠤ ᠵᠤᠷᠢᠭ᠂ ᠢᠲᠡᠭᠡᠯ ᠪᠠᠰᠠ ᠬᠦᠷᠬᠦ ᠦᠭᠡᠢ ᠪᠠᠶᠢᠯ᠎ᠠ᠃        ᠲᠤᠬᠢᠶᠠᠯ ᠢ ᠦᠪᠡᠷ ᠢᠶᠠᠨ ᠡᠵᠡᠮᠳᠡᠬᠦ ᠠᠴᠠ ᠪᠢᠰᠢ᠂ ᠦᠷᠦᠭᠡᠯ ᠠᠴᠠ ᠡᠵᠡᠮᠳᠡᠵᠦ ᠦᠭᠬᠦ ᠶᠢᠨ ᠤᠴᠢᠷ ᠭᠡᠪᠡᠯ ᠶᠠᠭ ᠦᠭᠡᠢ︕ ᠲᠡᠷᠡ ᠮᠥᠷᠲᠡᠭᠡᠨ ᠬᠠᠮᠤᠭ ᠠᠮᠠᠷᠬᠠᠨ ᠠᠵᠢᠯ ᠤᠨ ᠨᠢᠭᠡ ᠨᠢ ᠬᠦᠮᠦᠨ ᠳᠤ ᠵᠦᠪᠯᠡᠮᠵᠢ ᠳᠤᠷᠠᠳᠬᠤ ᠪᠠᠶᠢᠯ᠎ᠠ᠃ ᠡ᠊ᠨᠳᠡ ᠲᠡᠨᠳᠡ ᠠᠴᠠ ᠰᠤᠷᠠᠭᠯᠠᠬᠤ ᠪᠠᠷ ᠲᠤᠬᠢᠲᠠᠢ ᠵᠦᠭ ᠴᠢᠭ ᠭᠠᠷᠬᠤ ᠦᠭᠡ ᠨᠢᠭᠡ ᠴᠤ ᠦᠭᠡᠢ ᠪᠠᠶᠢᠯ᠎ᠠ᠃ ᠨᠢᠭᠡ ᠡᠳᠦᠷ ᠠᠳᠠᠩᠭ᠎ᠠ ᠠᠬ᠎ᠠ ᠲᠠᠢ ᠬᠠᠮᠲᠤ ᠬᠦᠳᠡᠭᠡ ᠪᠠᠭᠤᠵᠤ ᠪᠠᠶᠢᠬᠤ ᠪᠠᠷ ᠴᠠᠭᠠᠨ᠎ᠠ ᠡᠭᠡᠴᠢ ᠤᠲᠠᠰᠤ ᠢᠷᠡᠵᠦ ᠰᠤᠨᠤᠮ ᠪᠠᠭᠰᠢ ᠶᠢᠨ ᠲᠤᠬᠠᠢ ᠶᠠᠷᠢᠯᠴᠠᠵᠤ ᠪᠠᠶᠢᠬᠤ ᠶᠢ ᠠᠩᠬᠠᠷᠴᠤ ᠮᠡᠳᠡᠯ᠎ᠡ᠃ ᠤᠲᠠᠰᠤ ᠪᠠᠨ ᠬᠠᠭᠠᠮᠠᠭᠴᠠ᠄        — ᠰᠤᠨᠤᠮ ᠪᠠᠭᠰᠢ ᠶᠢᠨ ᠲᠡᠨᠳᠡ ᠬᠦᠮᠦᠨ ᠠᠪᠤᠨ᠎ᠠ ᠭᠡᠵᠦ ᠪᠠᠶᠢᠨ᠎ᠠ᠂ ᠴᠢ ᠬᠤᠷᠳᠤᠨ ᠶᠠᠪᠤ︕ ᠲᠡᠶᠢᠮᠦ ᠰᠠᠶᠢᠬᠠᠨ ᠭᠠᠵᠠᠷ ᠠᠵᠢᠯᠯᠠᠨ᠎ᠠ ᠭᠡᠵᠦ ᠬᠡᠳᠦᠢ ᠰᠠᠶᠢᠬᠠᠨ ᠪᠤᠢ︕ ᠳᠤᠷᠠᠲᠠᠢ ᠵᠦᠢᠯ ᠢᠶᠠᠨ ᠴᠤ ᠰᠤᠷᠴᠢᠬᠠᠨ᠎ᠠ᠂ ᠶᠡᠭᠡ ᠶᠢ ᠪᠢᠰᠢ ᠴᠤ ᠬᠡᠰᠡᠨ ᠬᠡᠷᠡᠭᠲᠡᠢ ᠵᠦᠢᠯ ᠬᠢᠬᠦ ᠪᠤᠯᠤᠨ᠎ᠠ︕        — ᠦᠨᠡᠨ ᠲᠡᠶᠢᠮᠦ ᠶᠤᠮ ᠪᠤᠯ ᠪᠤᠳᠤᠯᠬᠢᠯᠠᠶ᠎ᠠ︕ ᠬᠡᠳ ᠰᠠᠨᠠᠭ᠎ᠠ ᠰᠢᠯᠤᠭᠤᠳᠠᠵᠤ ᠪᠤᠳᠤᠯ ᠲᠤᠭᠲᠠᠵᠤ ᠪᠢᠯᠡ᠃ ᠡᠳᠡᠭᠡᠷ ᠲᠠᠨᠢᠯ ᠪᠤᠰᠤ ᠮᠥᠷᠲᠡᠭᠡᠨ ᠲᠠᠨᠢᠯ ᠬᠦᠮᠦᠨ ᠴᠤ ᠨᠠᠳᠠ ᠳᠤ ᠡᠭᠦᠨ ᠢ ᠢᠩᠬᠢᠵᠦ ᠰᠡᠳᠬᠢᠯ ᠲᠠᠯᠪᠢᠨ ᠬᠡᠯᠡᠬᠦ ᠨᠢ ᠯᠠᠪ ᠨᠢᠭᠡᠨ ᠤᠴᠢᠷ ᠲᠠᠢ᠃ ᠬᠦᠮᠦᠰ ᠠᠴᠠ ᠠᠰᠠᠭᠤᠭᠠᠳ ᠴᠤ ᠯᠠᠪᠲᠠᠭᠤᠨ ᠪᠠᠲᠤᠲᠠᠢ ᠬᠠᠷᠢᠭᠤᠯᠲᠠ ᠤᠯᠳᠠᠭ ᠦᠭᠡᠢ ᠪᠠᠶᠢᠲᠠᠯ᠎ᠠ ᠶᠠᠭ ᠰᠡᠳᠬᠢᠯ ᠤᠨ ᠤᠭ ᠠᠴᠠ ᠪᠠᠨ ᠢᠩᠬᠢᠵᠦ ᠬᠠᠯᠠᠮᠵᠢᠯᠠᠵᠤ ᠢᠳᠬᠠᠬᠤ ᠨᠢ ᠬᠡᠳᠦᠢ ᠰᠠᠶᠢᠬᠠᠨ ᠴᠠᠶᠢᠯᠭᠠᠨ ᠰᠡᠳᠬᠢᠯ ᠲᠠᠢ ᠳᠡᠭᠦᠦ ᠨᠠᠷ ᠢᠶᠠᠨ ᠭᠡᠰᠡᠨ ᠬᠠᠶᠢᠷ᠎ᠠ ᠪᠤᠢ ᠳ᠋ᠠ︕ ᠡᠨᠡ ᠬᠦ ᠰᠠᠨᠠᠭᠤᠯᠭ᠎ᠠ ᠶᠢ ᠬᠦᠨᠳᠦᠳᠭᠡᠬᠦ ᠦᠭᠡᠢ ᠪᠠᠶᠢᠵᠤ ᠪᠤᠯᠬᠤ ᠦᠭᠡᠢ ᠰᠢᠦ︕        2016 ᠤᠨ ᠤ 7 ᠰᠠᠷ᠎ᠠ ᠶᠢᠨ 3 ᠤ ᠦᠳᠡ ᠶᠢᠨ ᠬᠤᠶᠢᠨ᠎ᠠ ᠠᠵᠢᠯ ᠠᠴᠠ ᠪᠠᠭᠤᠭᠰᠠᠨ ᠤ ᠳᠠᠷᠠᠭ᠎ᠠ ᠲᠤᠰᠬᠠᠢ ᠰᠤᠨᠤᠮ ᠪᠠᠭᠰᠢ ᠳᠤ ᠵᠤᠯᠭᠠᠬᠤ ᠪᠠᠷ ᠤᠴᠢᠯ᠎ᠠ᠃        — ᠠᠮᠤᠷ︕ ᠪᠠᠭᠰᠢ ᠰᠠᠶᠢᠨ ᠰᠠᠭᠤᠵᠤ ᠪᠠᠶᠢᠨ᠎ᠠ ᠤᠤ︖        — ᠰᠠᠶᠢᠨ᠂ ᠵᠠ᠂ ᠵᠢᠭᠠᠬᠠᠨ ᠵᠠᠯᠠᠭᠤ ᠶᠠᠭᠤᠨ ᠳᠤ ᠶᠠᠪᠤᠵᠤ ᠪᠠᠶᠢᠨ᠎ᠠ︖ ᠨᠤᠮ ᠬᠤᠳᠠᠯᠳᠤᠵᠤ ᠠᠪᠬᠤ ᠪᠠᠷ ᠪᠤᠯ ᠳᠤᠤᠷ᠎ᠠ ᠠᠶᠢᠯ ᠳᠤ ᠤᠴᠢ︕ ᠭᠡᠳ ᠢᠰᠭᠡᠷᠴᠦ ᠬᠢᠳᠡᠭ ᠢᠶᠠᠨ ᠡᠬᠢᠯᠡᠭᠦᠯᠵᠦ ᠬᠢᠯ᠎ᠡ᠃        — ᠦᠭᠡᠢ ᠡ᠂ ᠴᠠᠭᠠᠨ᠎ᠠ ᠡᠭᠡᠴᠢ ᠬᠡᠯᠡᠵᠦ ᠪᠠᠭᠰᠢ ᠲᠠᠨ ᠤ ᠡ᠊ᠨᠳᠡ ᠠᠵᠢᠯᠯᠠᠬᠤ ᠵᠠᠯᠠᠭᠤ ᠬᠦᠮᠦᠨ ᠢ ᠤᠯᠵᠤ ᠪᠠᠶᠢᠨ᠎ᠠ ᠭᠡᠨ᠎ᠡ᠃ ᠨᠠᠮ᠎ᠠ ᠶᠢ ᠢᠷᠡᠵᠦ ᠲᠠᠨ ᠲᠠᠢ ᠨᠢᠭᠡ ᠵᠤᠯᠭᠠᠭᠠᠳ ᠦᠵᠡᠬᠦᠢ ᠭᠡᠬᠦ ᠶᠤᠮ︕        — ᠦ᠂ ᠵᠠ ᠡ᠊ᠨᠳᠡᠭᠡᠷ᠎ᠡ ᠰᠠᠭᠤ︕ ᠴᠢᠨᠤ ᠨᠡᠷ᠎ᠡ ᠬᠡᠨ ᠪᠠᠶᠢᠨ᠎ᠠ︖ ᠤᠳᠤ ᠬᠠᠮᠢᠭ᠎ᠠ ᠶᠠᠭᠤ ᠬᠢᠵᠦ ᠪᠠᠶᠢᠨ᠎ᠠ︖ ᠭᠡᠷ ᠴᠢᠨᠢ ᠬᠠᠮᠢᠭ᠎ᠠ ᠶᠢᠨ ᠬᠢ ᠪᠤᠢ︖ ᠺᠤᠮᠫᠢᠦ᠋ᠲ᠋ᠧᠷ ᠬᠡᠷᠡᠭᠯᠡᠵᠦ ᠴᠢᠳᠠᠨ᠎ᠠ ᠤᠤ︖        — ᠨᠠᠮ᠎ᠠ ᠶᠢ ᠮᠥᠩᠭᠡᠬᠤᠷᠸ᠎ᠠ ᠭᠡᠳᠡᠭ᠂ ᠤᠳᠤ ᠡ᠊ᠨᠳᠡᠬᠢ ᠶᠢᠨ ᠤᠬᠠᠭᠤᠯᠬᠤ ᠬᠡᠯᠲᠡᠰ ᠲᠤ ᠠᠵᠢᠯᠯᠠᠵᠤ ᠪᠠᠶᠢᠨ᠎ᠠ᠂ ᠪᠠᠶ᠋ᠬᠠᠤᠰᠤ ᠶᠢᠨ ᠤᠤᠭᠠᠯ᠂ ᠤᠳᠤ ᠨᠠᠩᠰᠤ ᠪᠠᠯᠭᠠᠰᠤᠨ ᠳᠤ ᠰᠠᠭᠤᠵᠤ ᠪᠠᠶᠢᠨ᠎ᠠ᠃ ᠺᠤᠮᠫᠢᠦ᠋ᠲ᠋ᠧᠷ ᠤᠨ ᠡᠩ ᠤᠨ ᠬᠡᠷᠡᠭᠯᠡᠬᠡᠨ ᠤ ᠵᠦᠢᠯ ᠢ ᠪᠤᠯ ᠴᠢᠳᠠᠨ᠎ᠠ᠃        — ᠮᠤᠩᠭᠤᠯ ᠦᠰᠦᠭ ᠴᠤᠬᠢᠬᠤ᠂ ᠪᠠᠷᠯᠠᠬᠤ ᠶᠢ ᠴᠢᠳᠠᠨ᠎ᠠ ᠤᠤ︖ ᠨᠤᠮ ᠪᠢᠴᠢᠭ ᠤᠨ ᠠᠵᠢᠯ ᠳᠤ ᠳᠤᠷᠠᠲᠠᠢ ᠤᠤ︖ ᠵᠢᠯᠤᠭᠤᠴᠢ ᠶᠢᠨ ᠦᠨᠡᠮᠯᠠᠯ ᠪᠠᠶᠢᠨ᠎ᠠ ᠤᠤ︖        — ᠡᠭᠦᠨ ᠢ ᠪᠤᠯ ᠴᠢᠳᠠᠨ᠎ᠠ᠂ ᠶᠡᠭᠡ ᠰᠤᠷᠭᠠᠭᠤᠯᠢ ᠳᠤ ᠪᠠᠨ ᠴᠤ ᠬᠢᠵᠦ ᠪᠠᠶᠢᠭᠰᠠᠨ᠃ ᠮᠤᠩᠭᠤᠯ ᠰᠤᠶᠦᠯ᠂ ᠨᠤᠮ ᠪᠢᠴᠢᠭ ᠤᠨ ᠬᠠᠮᠢᠶ᠎ᠠ ᠲᠠᠢ ᠠᠵᠢᠯ ᠳᠤ ᠪᠤᠯ ᠶᠡᠭᠡ ᠪᠠᠭ᠋ᠠᠲᠠᠢ᠂ ᠵᠢᠯᠤᠭᠤᠴᠢ ᠶᠢᠨ ᠦᠨᠡᠮᠯᠠᠯ ᠲᠠᠢ᠃        — ᠴᠠᠭᠠᠨ ᠲᠤᠯᠤᠭᠠᠢ ᠶᠢ ᠰᠠᠶᠢᠨ ᠴᠢᠳᠠᠨ᠎ᠠ ᠤᠤ︖ ᠳᠡᠰ ᠳᠠᠷᠠᠭᠠᠯᠠᠯ ᠢ ᠰᠠᠶᠢᠨ ᠮᠡᠳᠡᠨ᠎ᠡ ᠤᠤ︖ ᠲᠠᠬᠢᠪᠠᠯ ᠡᠨᠡ ᠲᠠᠯ᠎ᠠ ᠪᠠᠷ ᠬᠢ ᠠᠵᠢᠯ ᠢ ᠶᠠᠭᠤ ᠭᠡᠵᠦ ᠪᠤᠳᠤᠳᠠᠭ ᠪᠤᠢ︖        — ᠴᠠᠭᠠᠨ ᠲᠤᠯᠤᠭᠠᠢ ᠶᠢ ᠪᠤᠯ ᠰᠠᠶᠢᠨ ᠰᠤᠷᠤᠭᠰᠠᠨ᠂ ᠳᠡᠰ ᠳᠠᠷᠠᠭᠠᠯᠠᠯ ᠤᠨ ᠲᠠᠯ᠎ᠠ ᠪᠠᠷ ᠴᠤ ᠠᠰᠠᠭᠤᠳᠠᠯ ᠦᠭᠡᠢ᠃ ᠡᠨᠡ ᠲᠠᠯ᠎ᠠ ᠶᠢᠨ ᠠᠵᠢᠯ ᠳᠤ ᠪᠤᠯ ᠪᠠᠭ᠋ᠠᠲᠠᠢ ᠪᠤᠯᠬᠤᠷ ᠬᠢᠵᠦ ᠪᠤᠯᠬᠤ ᠠᠵᠢᠯ ᠤᠨ ᠭᠠᠵᠠᠷ᠂ ᠨᠦᠬᠦᠴᠡᠯ ᠠᠬᠤᠢ ᠪᠠᠶᠢᠪᠠᠯ ᠬᠤᠶᠢᠰᠢ ᠰᠠᠭᠤᠬᠤ ᠶᠢᠨ ᠤᠴᠢᠷ ᠦᠭᠡᠢ᠂ ᠠᠮᠢ ᠲᠠᠯᠪᠢᠲᠠᠯ᠎ᠠ ᠪᠠᠰᠠ ᠵᠢᠭᠠᠬᠠᠨ ᠲᠡᠯᠴᠢᠯᠠᠳᠡᠭ ᠪᠠᠶᠢᠬᠤ ᠳᠤ ᠳᠤᠷᠠᠲᠠᠢ ᠠᠵᠢᠯ ᠢᠶᠠᠨ ᠬᠢᠬᠦ ᠶᠤᠮ ᠪᠤᠯ ᠦᠭᠡᠢ ᠭᠡᠬᠦ ᠶᠢᠨ ᠤᠴᠢᠷ ᠦᠭᠡᠢ ᠰᠢᠤ ᠳ᠋ᠠ︕        — ᠵᠠ᠂ ᠰᠠᠶᠢᠬᠠᠨ ᠰᠡᠳᠬᠢᠳᠡᠭ ᠪᠤᠯᠤᠮᠠᠷ ᠵᠠᠯᠠᠭᠤ ᠪᠠᠶᠢᠨ᠎ᠠ︕ ᠪᠢ ᠤᠳᠤ ᠬᠠᠷᠢᠵᠤ ᠪᠤᠳᠠᠭ᠎ᠠ ᠪᠠᠨ ᠢᠳᠡᠶ᠎ᠡ᠂ ᠦᠭᠡᠷ᠎ᠡ ᠤᠴᠢᠷ ᠪᠠᠶᠢᠨ᠎ᠠ ᠤᠤ︖        — ᠦᠭᠡᠢ᠂ ᠵᠠ ᠲᠡᠭᠡᠪᠡᠯ ᠪᠢ ᠤᠷᠢᠳ ᠢᠶᠠᠷ ᠶᠠᠪᠤᠯ᠎ᠠ᠂ ᠰᠠᠶᠢᠨ ᠰᠠᠭᠤᠵᠤ ᠪᠠᠶᠢᠭᠠᠷᠠᠢ︕ ᠭᠡᠳ ᠬᠦᠳᠡᠯᠦᠯ᠎ᠠ᠃        ᠨᠤᠮ ᠤᠨ ᠠᠰᠠᠷ ᠠᠴᠠ ᠭᠠᠷᠴᠤ ᠢᠷᠡᠭᠡᠳ ᠵᠢᠷᠦᠭᠡ ᠳᠦᠭᠳᠦᠭᠡᠨᠡᠵᠦ ᠰᠠᠨᠳᠤᠷᠴᠤ ᠪᠠᠯᠠᠳᠠᠭᠰᠠᠨ ᠦᠭᠡᠢ ᠪᠠᠷ ᠦᠩᠭᠡᠷᠡᠭᠡᠭᠰᠡᠨ ᠢᠶᠠᠨ ᠪᠤᠳᠤᠭᠠᠳ ᠶᠡᠭᠡ ᠭᠠᠶᠢᠬᠠᠯ᠎ᠠ᠃ ᠤᠴᠢᠵᠤ ᠵᠤᠯᠭᠠᠬᠤ ᠠᠴᠠ ᠪᠠᠨ ᠬᠦᠷᠲᠡᠯ᠎ᠡ ᠵᠢᠷᠦᠭᠡᠰᠢᠶᠡᠵᠦ ᠪᠠᠶᠢᠭᠰᠠᠨ ᠬᠦᠮᠦᠨ ᠶᠠᠭᠠᠬᠢᠭᠠᠳ ᠨᠢᠭᠤᠷᠳᠠᠵᠤ ᠶᠠᠷᠢᠯᠴᠠᠭᠰᠠᠨ ᠨᠢ ᠰᠠᠨᠠᠭᠰᠠᠨ ᠠᠴᠠ ᠦᠰᠦᠳ ᠦᠭᠡᠷ᠎ᠡ ᠶᠠᠪᠤᠳᠠᠯ ᠪᠤᠯᠴᠢᠬᠠᠪᠠ︖ ᠲᠡᠷᠡ ᠮᠦᠷᠳᠡᠭᠡᠨ ᠨᠠᠳᠠ ᠲᠠᠢ ᠰᠤᠨᠢᠭᠤᠴᠢᠯᠠᠭᠰᠠᠨ᠂ ᠳᠤᠳᠤᠨᠤᠰᠤᠭ ᠢᠶᠠᠷ ᠬᠠᠷᠢᠯᠴᠠᠳᠠᠭ ᠪᠤᠢ︖ ᠨᠠᠰᠤ ᠪᠠᠭ᠎ᠠ ᠴᠢᠰᠤ ᠰᠢᠩᠬᠡᠨ ᠨᠠᠳᠠ ᠲᠠᠢ ᠢᠩᠬᠢᠵᠤ ᠬᠠᠷᠢᠯᠴᠠᠭᠰᠠᠨ ᠨᠠᠰᠤᠲᠠᠢ ᠬᠦᠮᠦᠨ ᠦᠭᠡᠷ᠎ᠡ ᠦᠭᠡᠢ ᠰᠢᠤ ᠳ᠋ᠠ︕ ᠲᠡᠷᠡ ᠮᠦᠷᠳᠡᠭᠡᠨ ᠶᠠᠮᠠᠷ ᠴᠤ ᠦᠷ᠎ᠡ ᠳ᠋ᠦᠩ ᠦᠭᠡᠢ ᠪᠠᠷ ᠶᠠᠷᠢᠯᠴᠠᠭ᠎ᠠ ᠲᠡᠭᠦᠰᠦᠭᠰᠡᠨ ᠪᠠᠶᠢᠯ᠎ᠠ᠃ ᠶᠠᠳᠠᠵᠤ ᠤᠬᠤᠴᠢᠯᠠᠵᠤ ᠠᠰᠠᠭᠤᠬᠤ ᠪᠠᠨ ᠴᠤ ᠮᠠᠷᠲᠠᠭᠰᠠᠨ ᠶᠤᠮ ᠤᠤ ᠪᠤᠳᠤᠵᠤ ᠴᠤ ᠤᠯᠤᠭᠰᠠᠨ ᠦᠭᠡᠢ ᠪᠠᠷ ᠦᠩᠭᠡᠷᠡᠭᠰᠡᠨ ᠪᠠᠶᠢᠯ᠎ᠠ᠃ ᠵᠠ ᠬᠤᠪᠢ ᠮᠡᠳᠡᠵᠢ ᠭᠡᠳ ᠪᠤᠴᠠᠯ᠎ᠠ᠃        ᠡᠷᠳᠡᠯᠡᠵᠤ ᠢᠷᠡᠬᠡᠤᠨ ᠡᠳᠦᠷ ᠤᠨ ᠲᠡᠮᠲᠡᠭᠯᠡᠯ ᠢᠶᠠᠨ ᠨᠦᠬᠦᠵᠦ ᠪᠢᠴᠢᠶ᠎ᠡ ᠭᠡᠵᠦ ᠪᠠᠶᠢᠳᠠᠷ ᠳᠠᠷᠤᠭ᠎ᠠ ᠠᠯᠪᠠᠨ ᠭᠡᠷ ᠲᠤ ᠮᠢᠨᠢ ᠢᠷᠡᠭᠡᠳ ᠵᠤᠭᠰᠤᠴᠢᠬᠠᠭᠰᠠᠨ ᠪᠠᠶᠢᠯ᠎ᠠ᠃ ᠰᠠᠨᠳᠤᠷᠤᠭᠰᠠᠨ ᠪᠢ ᠬᠤᠷᠳᠤᠨ ᠪᠤᠰᠴᠤ ᠵᠤᠭᠰᠤᠯ᠎ᠠ᠃        — ᠴᠢ ᠮᠢᠨᠤ ᠠᠯᠪᠠᠨ ᠭᠡᠷ ᠲᠤ ᠢᠷᠡᠭᠡᠲᠡᠭᠡ ᠡ︕        — ᠵᠠ ᠭᠡᠳ ᠬᠤᠶᠢᠨ᠎ᠠ ᠠᠴᠠ ᠨᠢ ᠱᠠᠯᠠᠮᠠᠭ ᠬᠦᠳᠡᠯᠬᠦ ᠳᠤ ᠪᠠᠨ᠂ ᠠᠵᠢᠯᠯᠠᠬᠤ ᠴᠠᠭ ᠠᠴᠠ ᠡᠷᠲᠡ ᠢᠷᠡᠳᠡᠭ ᠦᠭᠡᠢ ᠳᠠᠷᠤᠭ᠎ᠠ ᠦᠨᠦᠳᠦᠷ ᠶᠠᠭᠠᠬᠢᠭᠠᠳ ᠡᠷᠲᠡ ᠢᠷᠡᠴᠢᠭᠡᠪᠠ︖ ᠪᠠᠷᠤᠭ ᠨᠠᠳᠠ ᠪᠠᠷ ᠴᠠᠢ ᠤᠰᠤ ᠪᠡᠯᠡᠳᠭᠡᠬᠦᠯᠬᠦ ᠪᠠᠷ ᠪᠤᠯᠤᠯ᠎ᠠ ᠪᠠ ᠭᠡᠳ ᠤᠴᠢᠯ᠎ᠠ᠃        — ᠨᠠᠭᠠᠰᠢ ᠪᠠᠨ ᠢᠷ᠎ᠡ᠂ ᠬᠠᠮᠢᠶ᠎ᠠ ᠦᠭᠡᠢ᠃ ᠴᠢ ᠰᠤᠨᠤᠮ ᠪᠠᠭᠰᠢ ᠲᠠᠢ ᠲᠠᠨᠢᠯᠴᠠᠳᠠᠭ ᠤᠤ︖        — ᠨᠢᠭᠡ ᠤᠳᠠᠭ᠎ᠠ ᠤᠴᠠᠷᠠᠵᠤ ᠪᠠᠭ᠎ᠠ ᠶᠠᠷᠢᠯᠴᠠᠵᠤ ᠦᠩᠭᠡᠷᠡᠭᠰᠡᠨ᠂ ᠦᠭᠡᠷ᠎ᠡ ᠬᠠᠷᠢᠴᠠᠭ᠎ᠠ ᠡᠨᠡ ᠲᠡᠷᠡ ᠪᠠᠶᠢᠬᠤ ᠦᠭᠡᠢ᠃        — ᠦᠨᠦ ᠦᠷᠯᠦᠭᠡ ᠨᠠᠷᠠ ᠭᠠᠷᠬᠤ ᠶᠢᠨ ᠦᠶ᠎ᠡ ᠪᠠᠷ ᠨᠠᠳᠠ ᠳᠤ ᠤᠲᠠᠰᠤ ᠢᠷᠡᠬᠦᠯᠵᠦ ᠳᠠᠭᠤᠳᠠᠪᠠ᠃ ᠤᠴᠢᠬᠤᠯᠠᠷ ᠴᠢᠮ᠎ᠠ ᠶᠢ ᠮᠠᠨ ᠤ ᠪᠠᠶᠢᠭᠤᠯᠭ᠎ᠠ ᠠᠴᠠ ᠵᠢᠭᠡᠯᠡᠵᠦ ᠠᠵᠢᠯ ᠬᠢᠯᠭᠡᠨ᠎ᠡ ᠭᠡᠨ᠎ᠡ︕ ᠨᠠᠰᠤᠲᠠᠢ ᠪᠠᠭᠰᠢ ᠭᠤᠶᠤᠵᠤ ᠪᠠᠶᠢᠬᠤ ᠪᠠᠷ ᠪᠢ ᠦᠭᠡᠢ ᠭᠡᠵᠦ ᠴᠢᠳᠠᠭᠰᠠᠨ ᠦᠭᠡᠢ᠂ ᠴᠢ ᠤᠳᠤ ᠦᠪᠡᠷ ᠤᠨ ᠪᠠᠶᠢᠳᠠᠯ ᠪᠠ ᠠᠵᠢᠯ ᠢᠶᠠᠨ ᠪᠤᠳᠤᠯᠬᠢᠯᠠᠵᠤ ᠰᠢᠢᠳᠪᠦᠷᠢ ᠭᠠᠷᠭ᠎ᠠ ᠪᠠ︕        — ᠪᠢ ᠤᠳᠤ ᠶᠠᠭᠠᠬᠢᠬᠤ ᠪᠠᠨ ᠮᠡᠳᠡᠬᠦ ᠦᠭᠡᠢ ᠪᠠᠶᠢᠨ᠎ᠠ᠂ ᠰᠢᠨᠡᠬᠡᠨ ᠠᠵᠢᠯ ᠳᠤ ᠤᠷᠤᠭᠰᠠᠨ ᠪᠤᠯᠬᠤᠷ ᠳᠠᠷᠠ ᠤᠯᠠᠨ ᠤᠴᠢᠷ ᠢ ᠨᠢ ᠮᠡᠳᠡᠬᠦ ᠦᠭᠡᠢ᠂ ᠪᠠᠶᠢᠰᠬᠢᠵᠦ ᠪᠠᠶᠢᠭᠠᠳ ᠰᠢᠢᠳᠪᠦᠷᠢ ᠭᠠᠷᠭᠠᠶ᠎ᠠ ᠭᠡᠯ᠎ᠡ᠃        ᠤᠬᠠᠭᠠᠨ ᠲᠦᠬᠦᠬᠡ ᠨᠢ ᠤᠯᠳᠠᠬᠤ ᠦᠬᠡᠢ ᠶᠠᠭᠤᠮ᠎ᠠ ᠪᠤᠯᠴᠢᠬᠠᠯ᠎ᠠ᠃ ᠶᠠᠮᠠᠷ ᠪᠤᠯᠤᠯ᠎ᠠ ᠭᠡᠳ ᠬᠦᠯᠢᠶᠡᠵᠦ ᠪᠠᠶᠢᠬᠤ ᠯᠠ ᠬᠡᠷᠡᠭ᠃ ᠨᠠᠳᠠ ᠪᠠᠷ ᠠᠵᠢᠯ ᠢᠶᠠᠨ ᠬᠢᠯᠭᠡᠨ᠎ᠡ ᠭᠡᠵᠦ ᠬᠡᠯᠡᠭᠰᠡᠨ ᠤᠴᠢᠷ ᠦᠭᠡᠢ᠂ ᠳᠠᠷᠠ ᠮᠦᠷᠳᠡᠬᠡᠨ ᠰᠢᠭᠤᠳ ᠳᠠᠷᠤᠭ᠎ᠠ ᠲᠠᠢ ᠮᠢᠨᠢ ᠬᠠᠷᠢᠯᠴᠠᠵᠤ ᠡᠨᠡ ᠪᠦᠬᠦᠨ ᠢ ᠰᠢᠢᠳᠪᠦᠷᠢᠯᠡᠴᠢᠭᠡᠳᠡᠭ ᠡᠨᠡ ᠴᠤᠬᠤᠮ ᠶᠠᠮᠠᠷ ᠬᠦᠮᠦᠨ ᠪᠤᠯᠴᠢᠬᠠᠪᠠ︖ ᠰᠤᠷᠠᠭ ᠠᠴᠠ ᠰᠤᠨᠤᠰᠬᠤ ᠳᠤ ᠯᠠ ᠠᠵᠢᠯ ᠠᠴᠠ ᠪᠠᠨ ᠠᠮᠠᠷᠠᠭᠰᠠᠨ ᠠᠬᠠᠮᠠᠳ ᠺᠠᠳ᠋ᠷ᠂ ᠰᠤᠶᠤᠯ ᠤᠨ ᠵᠢᠳᠬᠦᠯᠲᠡᠨ ᠭᠡᠵᠦ ᠯᠠ ᠪᠠᠶᠢᠭᠰᠠᠨ︕ ᠦᠭᠡᠢ ᠶᠡᠷᠦ ᠨᠢ ᠪᠢ ᠬᠤᠶᠠᠷ ᠤᠨ ᠬᠤᠭᠤᠷᠤᠨᠳᠤ ᠬᠠᠮᠢᠭ᠎ᠠ ᠴᠦ ᠦᠬᠡᠢ ᠪᠤᠯᠴᠢᠬᠠᠬᠤ ᠪᠢᠰᠢ ᠪᠠ ᠬᠡᠮᠡᠨ ᠤᠯᠠᠨ ᠲᠠᠪᠤᠨ ᠢ ᠪᠤᠳᠤᠵᠤ ᠮᠡᠯᠡᠷᠡᠵᠦ ᠪᠠᠶᠢᠲᠠᠯ᠎ᠠ ᠤᠳᠠᠰᠤ ᠳᠤᠤᠭᠠᠷᠪᠠ᠃        — ᠬᠤᠷᠸ᠎ᠠ ᠶᠤ᠋︖ ᠴᠢ ᠦᠴᠦᠭᠡᠳᠦᠷ ᠶᠠᠪᠤᠬᠤ ᠳᠤ ᠪᠠᠨ ᠤᠲᠠᠰᠤᠨ ᠳ᠋ᠤᠭᠠᠷ ᠢᠶᠠᠨ ᠴᠤ ᠦᠯᠡᠳᠡᠭᠡᠭᠰᠡᠨ ᠦᠭᠡᠢ᠂ ᠶᠠᠮᠠᠷ ᠵᠤᠪᠠᠯᠠᠩ ᠲᠠᠢ ᠶᠤᠮ︖ ᠪᠢ ᠴᠢᠨᠤ ᠤᠲᠠᠰᠤᠨ ᠳ᠋ᠤᠭᠠᠷ ᠢ ᠦᠢᠯᠡ ᠪᠠᠨ ᠦᠵᠡᠵᠦ ᠤᠯᠤᠯ᠎ᠠ ᠰᠢᠤ︕ ᠴᠢ ᠤᠳᠤ ᠬᠠᠮᠢᠭ᠎ᠠ ᠪᠠᠶᠢᠨ᠎ᠠ︖        — ᠪᠢ ᠠᠯᠪᠠᠨ ᠭᠡᠷ ᠲᠤ ᠪᠠᠨ ᠪᠠᠶᠢᠨ᠎ᠠ ᠭᠡᠳ ᠭᠠᠶᠢᠬᠠᠴᠢᠬᠠᠪᠠ︕ ᠡᠨᠡ ᠶᠠᠮᠠᠷ ᠬᠦᠮᠦᠨ ᠪᠤᠯᠴᠢᠬᠠᠪᠠ︖ ᠴᠤᠬᠤᠮ ᠨᠠᠮ᠎ᠠ ᠳᠤ ᠤᠲᠠᠰᠤ ᠠᠪᠴᠤ ᠪᠠᠶᠢᠬᠤ ᠶᠤᠮ ᠤᠤ ᠡᠰᠡᠭᠦᠯ᠎ᠡ ᠬᠦᠮᠦᠨ ᠠᠨᠳᠠᠭᠤᠷᠠᠵᠤ ᠪᠠᠶᠢᠬᠤ ᠶᠤᠮ ᠤᠤ︖ ᠭᠡᠵᠦ ᠪᠤᠳᠤᠪᠠ᠃        — ᠪᠢ ᠰᠤᠨᠤᠮ ᠪᠠᠶᠢᠨ᠎ᠠ᠃ ᠳᠠᠷᠤᠭ᠎ᠠ ᠲᠠᠢ ᠴᠢᠨᠢ ᠬᠡᠯᠡᠯᠴᠡᠵᠦ ᠤᠯᠤᠯᠴᠠᠭᠰᠠᠨ᠃ ᠴᠢ ᠤᠳᠤ ᠲᠡᠨᠳᠡ ᠪᠠᠨ ᠠᠵᠢᠯᠯᠠᠬᠤ ᠬᠡᠷᠡᠭ ᠦᠭᠡᠢ᠂ ᠰᠢᠭᠤᠳ ᠡ᠊ᠨᠳᠡ ᠢᠷᠡᠵᠦ ᠠᠵᠢᠯᠯᠠ︕ ᠪᠤᠰᠤᠳ ᠢ ᠨᠢ ᠬᠠᠮᠢᠶᠠᠷᠤᠭᠰᠠᠨ ᠤ ᠬᠡᠷᠡᠭ ᠦᠭᠡᠢ︕        — ᠦ ᠵᠠ᠂ ᠮᠡᠳᠡᠯ᠎ᠡ᠂ ᠲᠡᠭᠡᠪᠡᠯ ᠪᠢ ᠵᠢᠭᠠᠬᠠᠨ ᠵᠤᠭ ᠬᠢᠵᠦ ᠪᠠᠶᠢᠭᠠᠳ ᠤᠴᠢᠶ᠎ᠡ︕        — ᠬᠦᠢ︕ ᠵᠢᠭᠠᠬᠠᠨ ᠵᠤᠭ ᠬᠢᠵᠦ ᠪᠠᠢ ᠭᠡᠵᠦ ᠬᠡᠳᠦᠢ ᠤᠳᠠᠬᠤ ᠶᠤᠮ ᠠ︖ ᠴᠤᠬᠤᠮ ᠠᠷᠪᠠᠨ ᠮᠢᠨᠦ᠋ᠲ ᠶᠤᠮ ᠤᠤ ᠨᠢᠭᠡ ᠴᠠᠭ ᠶᠤᠮ ᠦᠦ︖        — ᠬᠠᠭᠠᠰ ᠴᠠᠭ︕ ᠡ᠊ᠨᠳᠡᠬᠢ ᠶᠢᠨ ᠬᠦᠮᠦᠰ ᠲᠤ ᠪᠠᠨ  ᠮᠡᠳᠡᠭᠳᠡᠴᠢᠬᠡᠬᠡᠤᠨ ᠤᠴᠢᠶ᠎ᠠ︕        — ᠦ ᠵᠠ︕ ᠭᠡᠳ ᠤᠲᠠᠰᠤ ᠪᠠᠨ ᠬᠠᠭᠠᠴᠢᠬᠠᠯ᠎ᠠ᠃        ᠳᠠᠷᠤᠭ᠎ᠠ ᠶᠢᠨ ᠠᠯᠪᠠᠨ ᠭᠡᠷ ᠲᠤ ᠲᠠᠬᠢᠨ ᠤᠷᠤᠯ᠎ᠠ᠃ ᠶᠠᠭᠤ ᠬᠡᠵᠦ ᠬᠡᠯᠡᠬᠦ ᠪᠠᠨ ᠴᠤ ᠪᠤᠳᠤᠵᠤ ᠤᠯᠤᠭᠰᠠᠨ ᠦᠭᠡᠢ᠃ ᠰᠢᠭᠤᠳ ᠯᠠ ᠨᠠᠰᠤᠲᠠᠢ ᠬᠦᠮᠦᠨ ᠨᠠᠳᠠ ᠳᠤ ᠤᠲᠠᠰᠤ ᠢᠷᠡᠬᠦᠯᠵᠦ ᠳᠠᠭᠤᠳᠠᠵᠤ ᠪᠠᠶᠢᠨ᠎ᠠ᠂ ᠪᠢ ᠤᠴᠢᠵᠤ ᠶᠠᠷᠢᠯᠴᠠᠭᠠᠳ ᠪᠠᠶᠢᠳᠠᠯ ᠢᠶᠠᠨ ᠲᠤᠭᠲᠠᠭᠠᠶ᠎ᠠ ᠭᠡᠬᠦ ᠳᠤ ᠲᠤᠯᠤᠭᠠᠢ ᠲᠤᠬᠢᠯ᠎ᠠ᠃        ᠬᠠᠭᠠᠰ ᠴᠠᠭ ᠭᠡᠳ ᠬᠡᠯᠡᠴᠢᠬᠡᠭᠰᠡᠨ ᠬᠤᠶᠢᠨ᠎ᠠ ᠦᠭᠡᠨ ᠳᠤ ᠪᠠᠨ ᠬᠦᠷᠦᠨ᠎ᠡ ᠭᠡᠵᠦ ᠨᠤᠮ ᠤᠨ ᠠᠰᠠᠷ ᠵᠦᠭ ᠬᠤᠷᠳᠤᠨ ᠬᠤᠷᠳᠤᠨ ᠠᠯᠬᠤᠯᠠᠯ᠎ᠠ᠃ ᠠᠮᠢᠰᠬᠤᠭ᠎ᠠ ᠪᠠᠨ ᠴᠤ ᠳᠤᠭᠳᠠᠭᠠᠭᠰᠠᠨ ᠦᠬᠡᠢ ᠪᠠᠷ ᠰᠢᠭᠤᠳ ᠰᠤᠨᠤᠮ ᠪᠠᠭᠰᠢ ᠶᠢᠨ ᠠᠵᠢᠯᠯᠠᠬᠤ ᠠᠰᠠᠷ ᠲᠤ ᠤᠷᠤᠯ᠎ᠠ᠃        — ᠠ ᠶᠠ᠂ ᠴᠢᠮ᠎ᠠ ᠶᠢ ᠴᠤᠬᠤᠮ ᠬᠦᠯᠢᠶᠡᠯ᠎ᠡ᠂ ᠡᠳᠦᠢ ᠤᠳᠠᠳᠠᠭ ᠭᠡᠭᠴᠢ ᠶᠠᠮᠠᠷ ᠤᠬᠠᠭᠠᠨ ᠲᠠᠢ ᠶᠤᠮ︖ ᠤᠳᠤ ᠮᠢᠨᠤ ᠡ᠊ᠨᠳᠡ ᠠᠵᠢᠯᠯᠠ︕ ᠲᠡᠷᠡ ᠠᠯᠪᠠᠨ ᠰᠢᠷᠡᠭᠡ ᠴᠢᠨᠤ ᠠᠵᠢᠯᠯᠠᠬᠤ ᠤᠷᠤ︕ ᠴᠢ ᠤᠳᠤ ᠬᠤᠷᠳᠤᠨ ᠠᠵᠢᠯ ᠤᠯᠵᠤ ᠬᠢ᠂ ᠡᠨᠡ ᠤᠷᠳᠤᠰ ᠠᠷᠠᠳ ᠤᠨ ᠳᠠᠭᠤᠤ ᠶᠢ ᠤᠷᠴᠢᠭᠤᠯᠵᠤ ᠪᠠᠶᠢᠨ᠎ᠠ᠂ ᠡᠭᠦᠨ ᠤ ᠡᠬᠡ ᠪᠢᠴᠢᠭ ᠢ ᠬᠤᠷᠳᠤᠨ ᠭᠠᠷᠭ᠎ᠠ︕ ᠪᠢ ᠬᠢᠨᠠᠵᠤ ᠦᠵᠡᠶ᠎ᠡ︕        — ᠵᠠ︕ ᠭᠡᠳ ᠺᠤᠮᠫᠢᠦ᠋ᠲ᠋ᠧᠷ ᠢ ᠨᠢ ᠨᠡᠭᠡᠭᠡᠵᠦ ᠠᠵᠢᠯᠯᠠᠬᠤ ᠪᠠᠷ ᠪᠡᠯᠡᠳᠭᠡᠯ᠎ᠡ︕ ᠳᠤᠷ᠎ᠠ ᠲᠠᠢ ᠠᠵᠢᠯ ᠰᠤᠨᠤᠰᠳᠠᠯ᠎ᠠ᠂ ᠬᠡᠶ᠎ᠡ ᠬᠦᠮᠦᠨ ᠤ ᠶᠠᠭᠤᠮᠠᠨ ᠳᠤ ᠰᠢᠭᠤᠳ ᠭᠠᠷ ᠤᠷᠤᠨ᠎ᠠ ᠭᠡᠭᠴᠢ ᠬᠡᠴᠡᠭᠦᠦ ᠠᠵᠢᠯ ᠪᠠᠶᠢᠯ᠎ᠠ᠃        ᠡᠶᠢᠮᠦ ᠲᠠᠨᠢᠯ ᠪᠤᠰᠤ ᠮᠦᠷᠳᠡᠭᠡᠨ ᠰᠠᠶᠢᠨ ᠲᠠᠨᠢᠯ ᠰᠢᠭ᠋ ᠪᠤᠯᠤᠭᠰᠠᠨ᠂ ᠲᠠᠪᠢ ᠶᠢᠨ ᠤᠬᠠᠭ᠎ᠠ ᠬᠤᠷᠢᠨ ᠲᠠᠪᠤ ᠶᠢᠨ ᠬᠦᠴᠦ ᠪᠦᠷᠢᠳᠦᠭᠰᠡᠨ ᠬᠤᠶᠠᠷ ᠨᠢᠭᠡ ᠭᠡᠷ ᠲᠤ ᠥᠷᠯᠦᠭᠡ ᠦᠳᠡᠰᠢ ᠲᠠᠢ ᠤᠷᠤᠯᠳᠤᠨ ︽ᠮᠤᠩᠭᠤᠯ ᠬᠢᠲᠠᠳ ᠬᠠᠷᠢᠴᠠᠭᠤᠯᠤᠭᠰᠠᠨ ᠤᠷᠳᠤᠰ ᠠᠷᠠᠳ ᠤᠨ ᠮᠢᠩᠭᠠᠨ ᠳᠠᠭᠤᠤ︾ ᠭᠡᠬᠦ ᠨᠤᠮ ᠢ ᠬᠢᠵᠦ ᠪᠢᠯᠡ᠃ ᠪᠢ ᠺᠤᠮᠫᠢᠦ᠋ᠲ᠋ᠧᠷ ᠤᠨ ᠮᠡᠷᠭᠡᠵᠢᠯ ᠢᠶᠠᠷ ᠨᠤᠲ ᠬᠢᠬᠦ ᠵᠢᠴᠢ ᠨᠤᠮ ᠤᠨ ᠡᠯ᠎ᠡ ᠬᠡᠪ ᠤᠨ ᠬᠡᠮᠵᠢᠶ᠎ᠡ ᠶᠢ ᠲᠠᠭᠠᠷᠠᠭᠤᠯᠵᠤ ᠴᠢᠳᠠᠬᠤ ᠦᠭᠡᠢ ᠠᠴᠠ ᠪᠤᠯᠵᠤ᠂ ᠪᠠᠭᠰᠢ ᠲᠤᠰᠬᠠᠢ ᠨᠠᠮ᠎ᠠ ᠶᠢ ᠬᠦᠬᠡᠬᠤᠲᠠ ᠳᠤ ᠳᠠᠭᠠᠭᠤᠯᠤᠨ ᠤᠴᠢᠵᠤ᠂ ᠮᠡᠷᠭᠡᠵᠢᠯ ᠤᠨ ᠬᠦᠮᠦᠨ ᠢᠶᠠᠷ ᠵᠢᠭᠠᠯᠭᠠᠵᠤ ᠪᠢᠯᠡ᠃ ᠡᠭᠦᠨ ᠠᠴᠠ ᠬᠤᠶᠢᠰᠢ ᠠᠵᠢᠯᠯᠠᠬᠤ ᠳᠤᠮᠳᠠ ᠪᠠᠨ ᠮᠡᠷᠭᠡᠵᠢᠯ ᠢᠶᠠᠨ ᠳᠡᠭᠡᠭᠰᠢᠯᠡᠭᠦᠯᠬᠦ ᠪᠠᠷ ᠤᠯᠠᠮ ᠢᠳᠡᠪᠬᠢᠯᠡᠳᠡᠭ ᠪᠤᠯᠵᠠᠢ᠃ ᠨᠤᠮ ᠪᠢᠴᠢᠭ ᠤᠨ ᠲᠠᠯ᠎ᠠ ᠪᠠᠷ ᠠᠵᠢᠯᠯᠠᠳᠠᠭ ᠡᠯ᠎ᠡ ᠬᠦᠷᠢᠶ᠎ᠡ ᠴᠠᠷᠠᠭᠠᠨ ᠤ ᠪᠠᠭᠰᠢ ᠠᠴᠠ ᠵᠦᠪᠯᠡᠮᠵᠢ ᠠᠪᠬᠤ᠂ ᠰᠦᠯᠵᠢᠶ᠎ᠡ ᠠᠴᠠ ᠬᠠᠶᠢᠵᠤ ᠪᠤᠯᠪᠠᠰᠤᠷᠠᠯ ᠢᠶᠠᠷ ᠪᠠᠲᠤᠳᠬᠠᠬᠤ᠂ ᠵᠦᠬᠡᠯᠡᠨ ᠲᠤᠨᠤᠭ ᠬᠤᠳᠠᠯᠳᠤᠨ ᠠᠪᠬᠤ ᠮᠡᠲᠦ ᠶᠢᠨ ᠠᠷᠭ᠎ᠠ ᠪᠠᠷᠢᠯ ᠢᠶᠠᠷ ᠮᠡᠳᠡᠯᠭᠡ ᠴᠢᠳᠠᠪᠤᠷᠢ ᠪᠠᠨ ᠳᠡᠭᠡᠭᠰᠢᠯᠡᠭᠦᠯᠵᠦ᠂ ᠠᠵᠢᠯ ᠤᠨ ᠴᠢᠨᠠᠷ ᠴᠢᠨᠰᠠᠭ᠎ᠠ ᠪᠤᠯᠤᠨ ᠬᠤᠷᠳᠤᠴᠠ ᠪᠠᠨ ᠲᠦᠷᠭᠡᠳᠬᠡᠨ᠂ ᠪᠠᠭᠰᠢ ᠳᠤ ᠬᠢᠭᠡᠳ ᠪᠠᠷᠠᠬᠤ ᠦᠭᠡᠢ ᠠᠵᠢᠯ ᠤᠨ ᠤᠪᠤᠭᠠᠷᠠᠯ ᠢ ᠠᠪᠴᠢᠷᠠᠵᠤ ᠪᠢᠯᠡ᠃ ᠪᠤᠳᠤᠪᠠᠯ ᠦᠲᠡᠯᠦᠭᠡ ᠨᠠᠰᠤᠨ ᠤ ᠬᠦᠮᠦᠨ ᠳᠤ ᠬᠢᠭᠡᠳ ᠪᠠᠷᠠᠬᠤ ᠦᠭᠡᠢ ᠠᠵᠢᠯ ᠤᠪᠤᠭᠠᠷᠠᠨ᠎ᠠ ᠭᠡᠳᠡᠭ ᠢ ᠤᠢᠢᠯᠠᠭᠠᠬᠤ ᠳᠤ ᠪᠡᠷᠭᠡ ᠡ᠃ ᠭᠡᠬᠦ ᠳᠤ᠂ ᠪᠠᠭᠰᠢ ᠳᠤ ᠮᠢᠨᠢ ᠬᠢᠬᠦ ᠠᠵᠢᠯ ᠲᠠᠢ ᠪᠠᠶᠢᠬᠤ ᠪᠠᠷ ᠶᠡᠭᠡ ᠪᠠᠶᠠᠷᠲᠠᠢ ᠪᠠᠶᠢᠳᠠᠭ ᠰᠠᠨ᠃ ᠤᠴᠢᠷ ᠶᠠᠭᠤᠨ ᠭᠡᠪᠡᠯ ᠪᠠᠭᠰᠢ ᠮᠢᠨᠢ ᠬᠠᠤᠯᠢ ᠳᠤ ᠲᠤᠭᠲᠠᠭᠰᠠᠨ ᠠᠮᠠᠷᠠᠯᠲᠠ᠂ ᠵᠢᠯ ᠴᠠᠭᠠᠨ ᠰᠠᠷ᠎ᠠ ᠳᠤ ᠪᠠᠨ ᠴᠤ ᠠᠵᠢᠯ ᠤᠨ ᠪᠠᠶᠢᠷᠢ ᠪᠠᠨ ᠰᠠᠬᠢᠵᠤ᠂ ᠡᠳᠦᠷ ᠲᠤᠵᠢ ᠲᠡᠭ ᠴᠠᠭ ᠬᠦᠷᠲᠡᠯ᠎ᠡ ᠨᠤᠮ ᠤᠨ ᠠᠰᠠᠷ ᠲᠤ ᠪᠠᠨ ᠳ᠋ᠧᠩ ᠭᠡᠷᠡᠯᠲᠦᠭᠦᠯᠦᠨ ᠠᠵᠢᠯᠯᠠᠵᠤ ᠪᠠᠶᠢᠳᠠᠭ ᠰᠢᠨᠲᠠᠰᠤ ᠴᠢᠩᠭ᠎ᠠ ᠬᠦᠮᠦᠨ ᠪᠢᠯᠡ᠃ ᠡᠨᠡ ᠦᠶ᠎ᠡ ᠳᠤ ᠪᠠᠭᠰᠢ ᠶᠢ ᠲᠠᠭᠠᠨ ᠠᠵᠢᠯᠯᠠᠳᠠᠭ ᠨᠢ ᠪᠠ᠊ · ᠬᠠᠰᠴᠢᠯᠠᠭᠤ᠂ ᠨᠠᠷᠠᠨᠴᠢᠮᠡᠭ ᠪᠢᠳᠠ ᠭᠤᠷᠪᠠᠭᠤᠯᠠ ᠪᠠᠶᠢᠯ᠎ᠠ᠃ ᠪᠠᠭᠰᠢ ᠮᠢᠨᠤ ᠪᠠᠷᠯᠠᠭᠰᠠᠨ ᠢ ᠬᠢᠨᠠᠵᠤ᠂ ᠪᠠ᠊ · ᠬᠠᠰᠴᠢᠯᠠᠭᠤ ᠪᠠᠭᠰᠢ ︽ᠨᠤᠲᠤᠭ ᠤᠨ ᠦᠭᠡᠰ ᠤᠨ ᠲᠤᠯᠢ︾ ᠪᠠᠨ ᠹᠠᠩ ᠵᠧᠩ ᠪᠠᠷᠯᠠᠯ ᠤᠨ ᠰᠢᠰᠲ᠋ᠧᠮ ᠳᠤ ᠤᠷᠤᠭᠤᠯᠵᠤ ᠪᠠᠶᠢᠯ᠎ᠠ᠃ ᠡᠨᠡ ᠰᠤᠨᠢᠨ ᠪᠠᠷᠯᠠᠯ ᠤᠨ ᠰᠢᠰᠲ᠋ᠧᠮ ᠢ ᠪᠠ᠊ · ᠬᠠᠰᠴᠢᠯᠠᠭᠤ ᠪᠠᠭᠰᠢ ᠠᠴᠠ ᠠᠯᠳᠠᠭ ᠤᠨᠤᠭ ᠢᠶᠠᠷ ᠠᠰᠠᠭᠤᠬᠤ᠂ ᠬᠢᠭᠰᠡᠨ ᠢ ᠨᠢ ᠠᠵᠢᠭᠯᠠᠬᠤ᠂ ᠦᠪᠡᠷ ᠢᠶᠠᠨ ᠲᠤᠷᠰᠢᠬᠤ ᠶᠢᠨ ᠬᠦᠴᠦᠨ ᠳᠤ ᠠᠩᠬ᠎ᠠ ᠠᠯᠬᠤᠮ ᠡᠵᠡᠮᠰᠢᠵᠦ ᠠᠪᠤᠭᠰᠠᠨ ᠶᠤᠮ᠃ ᠡᠨᠡ ᠨᠢ ᠬᠤᠶᠢᠰᠢᠳᠠ ᠶᠢᠨ ᠠᠵᠢᠯ ᠳᠤ ᠶᠡᠭᠡ ᠤᠯᠠᠨ ᠳᠦᠬᠦᠮ ᠲᠠᠯ᠎ᠠ ᠪᠠ ᠠᠵᠤ ᠠᠬᠤᠢ ᠳᠤ ᠨᠡᠮᠡᠷᠢ ᠬᠠᠨᠳᠢᠪ ᠪᠤᠯᠤᠭᠰᠠᠨ ᠢ ᠦᠬᠦᠯᠡᠬᠦ ᠶᠠᠭᠤᠨ︕        2016 ᠤᠨ ᠤ 9 ᠰᠠᠷ᠎ᠠ ᠶᠢᠨ 28 ᠳᠤ ᠪᠠᠭᠰᠢ 83 ᠨᠠᠰᠤᠨ ᠪᠠᠶᠠᠷ ᠢᠶᠠᠨ ᠬᠢᠬᠦ ᠶᠢᠨ ᠳᠠᠭᠠᠤ ᠵ᠊ · ᠮᠠᠭᠰᠤᠷᠵᠠᠪ᠂ ᠨᠠᠷᠠᠨᠮᠠᠨᠳᠤᠬᠤ ᠬᠤᠶᠠᠷ ᠪᠠᠭᠰᠢ ᠶᠢᠨ ᠪᠢᠴᠢᠭᠰᠡᠨ ︽ᠳᠡᠭᠷᠢᠯᠢᠭ ᠰᠤᠶᠤᠯ ᠤᠨ ᠪᠠᠷᠢᠯᠭᠠᠴᠢᠨ — ᠰᠤᠨᠤᠮ︾ ᠭᠡᠬᠦ ᠨᠤᠮ ᠤᠨ ᠲᠠᠷᠬᠠᠭᠠᠯᠲᠠ ᠶᠢᠨ ᠶᠤᠰᠤᠯᠠᠯ ᠢ ᠬᠢᠵᠤ᠂ ᠡᠯ᠎ᠡ ᠭᠠᠵᠠᠷ ᠠᠴᠠ ᠢᠷᠡᠭᠰᠡᠨ ᠡᠷᠳᠡᠮᠲᠡᠨ ᠪᠠᠭᠰᠢ ᠨᠠᠷ ᠰᠤᠨᠤᠮ ᠪᠠᠭᠰᠢ ᠶᠢᠨ ᠲᠤᠬᠠᠢ ᠰᠤᠳᠤᠯᠤᠨ ᠶᠠᠷᠢᠯᠴᠠᠬᠤ ᠬᠤᠷᠠᠯ ᠪᠤᠯᠵᠤ᠂ ᠲᠤᠰᠬᠠᠢ ᠦᠬᠦᠯᠡᠯ ᠢᠶᠠᠨ ᠤᠩᠰᠢᠭᠰᠠᠨ ᠢᠶᠠᠷ ᠤᠯᠠᠨ ᠤᠯᠠᠨ ᠪᠦᠲᠦᠭᠡᠯ ᠲᠤᠭᠤᠷᠪᠢᠯ᠂ ᠢᠷᠠᠭᠤ ᠠᠯᠳᠠᠷ ᠲᠠᠢ ᠦᠢᠯᠡ ᠠᠵᠢᠯᠯᠠᠭ᠎ᠠ ᠠᠴᠠ ᠨᠢ ᠤᠢᠢᠯᠠᠭᠠᠵᠤ ᠪᠢᠯᠡ᠃ ᠠᠶᠢᠯ ᠤᠨ ᠴᠢᠩᠨᠡᠬᠦᠷ ᠠᠶᠢᠮᠠᠭ ᠢᠶᠠᠷ ᠭᠡᠵᠦ ᠡᠨᠡ ᠳ᠋ᠠ︕         ᠮᠠᠨᠤᠰ ᠤᠨ ᠨᠢᠳᠦ ᠶᠢ ᠨᠡᠭᠡᠭᠡᠬᠦ ᠶᠢᠨ ᠲᠦᠯᠦᠭᠡ᠂ 2017 ᠤᠨ ᠤ 1 ᠰᠠᠷ᠎ᠠ ᠶᠢᠨ 4 ᠠᠴᠠ ᠡᠬᠢᠯᠡᠨ ᠪᠠ᠊ · ᠬᠠᠰᠴᠢᠯᠠᠭᠤ ᠪᠠᠭᠰᠢ᠂ ᠨᠠᠷᠠᠨᠴᠢᠮᠡᠭ ᠪᠢᠳᠠ ᠭᠤᠷᠪᠠᠭᠤᠯᠠ ᠳᠤ ᠲᠦᠪᠡᠳ ᠦᠰᠦᠭ ᠤᠨ ᠴᠠᠭᠠᠨ ᠲᠤᠯᠤᠭᠠᠢ ᠵᠢᠭᠠᠵᠤ ᠲᠠᠨᠢᠭᠤᠯᠤᠭᠠᠳ ᠲᠤᠯᠢ ᠪᠢᠴᠢᠭ ᠠᠴᠠ ᠦᠰᠦᠭ ᠡᠷᠢᠬᠦ᠂ ᠭᠡᠰᠡᠭ ᠦᠭᠡᠰ ᠢ ᠤᠩᠰᠢᠵᠤ ᠴᠢᠳᠠᠬᠤ ᠪᠤᠯᠭᠠᠵᠠᠢ᠃ ᠢᠩᠬᠢᠵᠦ ᠬᠢᠳᠡᠭ ᠨᠢ ᠮᠦᠨ ᠴᠤ ᠬᠤᠯᠠᠴᠢ ᠪᠤᠳᠤᠯ ᠲᠠᠢ ᠪᠠᠶᠢᠵᠠᠢ᠃ ᠵᠢᠭᠠᠵᠤ ᠪᠠᠷᠠᠭᠰᠠᠨ ᠤ ᠳᠠᠷᠠᠭ᠎ᠠ ︽ᠮᠤᠩᠭᠤᠯ ᠲᠦᠪᠡᠳ ᠬᠢᠲᠠᠳ ᠬᠠᠪᠰᠤᠷᠭᠠᠭᠰᠠᠨ ᠮᠤᠩᠭᠤᠯ ᠬᠦᠮᠦᠨ ᠤ ᠲᠦᠪᠡᠳ ᠨᠡᠷ᠎ᠡ︾ ᠭᠡᠬᠦ ᠨᠤᠮ ᠢ ᠨᠠᠳᠠ ᠪᠠᠷ ᠪᠢᠴᠢᠭᠦᠯᠵᠦ᠂ ᠪᠠᠭᠰᠢ ᠵᠢᠭᠠᠨ ᠵᠢᠯᠤᠭᠤᠳᠬᠤ ᠪᠠ ᠮᠠᠲ᠋ᠧᠷᠢᠶᠠᠯ ᠠᠰᠢᠭᠯᠠᠨ ᠨᠤᠮ ᠪᠤᠯᠭᠠᠬᠤ ᠶᠠᠪᠤᠴᠠ ᠶᠢ ᠵᠢᠭᠠᠵᠠᠢ᠃ ᠡᠨᠡ ᠨᠤᠮ ᠢ  ᠪᠢᠴᠢᠬᠦ ᠳᠤ ᠪᠦᠷ ᠠᠵᠢᠯ ᠠᠴᠠ ᠭᠠᠳᠠᠭᠤᠷ ᠴᠠᠭ ᠢᠶᠠᠨ ᠠᠰᠢᠭᠯᠠᠵᠠᠢ᠃ ᠤᠴᠢᠷ ᠨᠢ ︽ᠮᠤᠩᠭᠤᠯ ᠬᠢᠲᠠᠳ ᠬᠠᠷᠢᠴᠠᠭᠤᠯᠤᠭᠰᠠᠨ ᠤᠷᠳᠤᠰ ᠠᠷᠠᠳ ᠤᠨ ᠮᠢᠩᠭᠠᠨ ᠳᠠᠭᠤᠤ︾ ᠭᠡᠭᠦ ᠨᠤᠮ ᠢ ᠪᠠᠷᠯᠠᠵᠤ ᠪᠦᠷᠢᠨᠰᠢᠭᠦᠯᠬᠦ ᠳᠤ ᠯᠤᠳᠤ ᠬᠦᠳᠡᠯᠮᠦᠷᠢ᠂ ᠴᠠᠭ ᠵᠠᠷᠤᠴᠠᠭᠤᠯᠳᠠᠭ ᠠᠴᠠ ᠪᠤᠯᠤᠭᠰᠠᠨ ᠶᠤᠮ᠃ ᠠᠵᠢᠯ ᠤᠨ ᠴᠠᠭ ᠲᠤ ᠪᠦᠬᠦ ᠬᠦᠴᠦ ᠪᠠᠨ ᠰᠢᠪᠬᠠᠨ ᠬᠢᠳᠡᠭ ᠮᠦᠷᠳᠡᠭᠡᠨ ᠠᠵᠢᠯᠯᠠᠵᠤ ᠪᠠᠶᠢᠬᠤ ᠦᠶ᠎ᠡ ᠳᠤ ᠪᠠᠨ ᠦᠬᠡ ᠪᠠᠷᠤᠭ ᠶᠠᠷᠢᠯᠴᠠᠳᠠᠭ ᠦᠭᠡᠢ᠃ ᠢᠩᠬᠢᠵᠤ ᠠᠵᠢᠯᠯᠠᠵᠤ ᠪᠠᠶᠢᠭᠰᠠᠨ ᠴᠤ ᠭᠤᠷᠪᠠᠨ ᠵᠢᠯ ᠳᠤ ᠪᠠᠷᠠᠬᠤ ᠶᠤᠮ ᠪᠢᠰᠢ᠃ ᠲᠡᠭᠦᠰᠬᠡᠯ ᠨᠢ ᠦᠵᠡᠭᠳᠡᠬᠦ ᠦᠭᠡᠢ ᠠᠵᠢᠯ ᠳᠤ ᠵᠤᠷᠢᠭ ᠮᠤᠬᠤᠵᠤ ᠶᠠᠭ ᠰᠢᠨᠠᠷᠠᠭᠰᠠᠨ ᠪᠠᠶᠢᠳᠠᠯ ᠲᠠᠢ ᠪᠠᠶᠢᠭᠰᠠᠨ ᠴᠤ ᠪᠠᠭᠰᠢ ᠳᠤ ᠪᠠᠨ ᠮᠡᠳᠡᠭᠳᠡᠬᠦ ᠪᠠᠨ ᠬᠢᠴᠢᠶᠡᠵᠦ ᠪᠠᠶᠢᠯ᠎ᠠ᠃        — ᠴᠢ ᠨᠢᠭᠡ ᠬᠦᠮᠦᠨ ᠤᠯ ᠪᠠ︕ ᠪᠤᠯᠪᠠᠯ ᠴᠢᠮ᠎ᠠ ᠠᠴᠠ ᠨᠠᠰᠤ ᠪᠠᠷ ᠪᠠᠭ᠎ᠠ᠂ ᠴᠢᠨᠤ ᠬᠢᠷᠢ ᠠᠵᠢᠯ ᠤᠨ ᠴᠢᠳᠠᠪᠤᠷᠢ ᠲᠠᠢ ᠪᠤᠯ ᠪᠤᠯᠤᠨ᠎ᠠ︕        — ᠶᠠᠭᠠᠬᠢᠭᠠᠳ ᠨᠠᠰᠤ ᠪᠠᠷ ᠪᠠᠭ᠎ᠠ ᠶᠢ ᠨᠢ ᠤᠯᠳᠠᠭ ᠪᠤᠢ︖        — ᠴᠢᠮ᠎ᠠ ᠠᠴᠠ ᠨᠠᠰᠤ ᠪᠠᠷ ᠪᠠᠭ᠎ᠠ ᠪᠤᠯ ᠴᠢ ᠵᠢᠭᠠᠵᠤ ᠲᠤᠬᠢᠬᠤ ᠳᠤ ᠠᠮᠠᠷ᠂ ᠨᠠᠳᠠ ᠳᠤ ᠴᠠᠭ ᠠᠷᠪᠢᠯᠠᠨ᠎ᠠ ᠪᠠ︕ ᠮᠥᠨ ᠴᠤ ᠵᠠᠯᠠᠭᠤ ᠨᠢᠭᠡ ᠦᠶ᠎ᠡ ᠶᠢᠨ ᠬᠦᠮᠦᠰ ᠢ ᠪᠤᠯᠪᠠᠰᠤᠷᠠᠭᠤᠯᠤᠨ ᠭᠠᠷᠭᠠᠬᠤ ᠴᠢᠬᠤᠯᠠ ᠲᠠᠢ ᠰᠢᠤ︕        ᠦᠨᠳᠦᠰᠦᠲᠡᠨ ᠤ ᠪᠠᠨ ᠰᠤᠶᠤᠯ ᠤᠨ ᠤᠯᠠᠮᠵᠢᠯᠠᠯ ᠢ ᠦᠪᠡᠷ ᠤᠨ ᠬᠦᠴᠦᠨ ᠴᠢᠳᠠᠯ᠂ ᠠᠵᠤ ᠠᠬᠤᠢ ᠪᠠᠷ ᠢᠶᠠᠨ ᠳᠤᠯᠭᠠᠭᠤᠷᠢᠯᠠᠵᠤ᠂ ᠦᠷᠦᠭᠡᠯ ᠤᠨ ᠬᠡᠦᠬᠡᠳ ᠢ ᠦᠪᠡᠷ ᠤᠨ ᠠᠴᠢᠷ ᠲᠠᠢ ᠠᠳᠠᠯᠢ ᠪᠠᠷ ᠬᠦᠮᠤᠵᠢᠬᠦᠯᠵᠤ᠂ ᠤᠯᠤᠰ ᠦᠨᠳᠦᠰᠦᠲᠡᠨ ᠳᠤ ᠪᠠᠨ ᠦᠢᠯᠡᠴᠢᠯᠡᠭᠦᠯᠦᠨ᠎ᠡ ᠭᠡᠳᠡᠭ ᠬᠡᠳᠦᠢ ᠬᠤᠯᠠ ᠶᠢᠨ ᠪᠤᠳᠤᠯ᠂ ᠬᠡᠭᠡᠷᠡᠭᠰᠡᠨ ᠤᠬᠠᠭᠠᠨ ᠲᠠᠢ ᠬᠦᠮᠤᠨ ᠪᠤᠢ︕ ᠪᠢᠰᠢᠷᠡᠭᠦ ᠦᠭᠡᠢ ᠪᠠᠶᠢᠬᠤ ᠶᠢᠨ ᠠᠷᠭ᠎ᠠ ᠦᠭᠡᠢ ᠰᠢᠤ︕ ᠪᠢ ᠴᠦ ᠬᠡᠰᠡᠨ ᠰᠠᠨᠠᠭᠠᠨ ᠳᠤ ᠪᠠᠨ ᠬᠦᠷᠬᠦ ᠵᠤᠷᠢᠯᠭ᠎ᠠ ᠪᠠᠷ ᠡᠷᠢᠵᠤ ᠰᠤᠷᠠᠭᠯᠠᠵᠤ ᠪᠠᠶᠢᠭᠠᠤᠨ 2017 ᠤᠨ ᠤ 10 ᠰᠠᠷ᠎ᠠ ᠳᠤ ᠭᠠᠩᠰᠦ᠋ᠭᠡ ᠶᠢ ᠪᠠᠭᠰᠢ ᠲᠠᠢ ᠵᠤᠯᠭᠠᠭᠤᠯᠤᠭᠰᠠᠨ ᠳᠤ ᠨᠠᠲᠠ ᠲᠠᠢ ᠬᠠᠮᠲᠤ ᠠᠵᠢᠯᠯᠠᠬᠤ ᠶᠢ ᠵᠦᠪᠰᠢᠶᠡᠷᠡᠨ᠂ ᠪᠢᠳᠠ ᠬᠤᠶᠠᠭᠤᠯᠠ ᠪᠠᠨ ᠠᠵᠢᠯ ᠤᠶᠢᠯᠡᠰ ᠲᠤ ᠪᠠᠨ ᠮᠠᠬᠠᠷᠠᠨ ᠴᠢᠷᠮᠠᠶᠢᠵᠤ᠂ ᠰᠠᠶᠢᠨ ᠲᠠᠢ ᠲᠠᠯ᠎ᠠ ᠪᠠᠨ ᠬᠤᠪᠢᠶᠠᠯᠴᠠᠨ ᠲᠤᠲᠠᠭᠲᠠᠯ ᠲᠠᠢ ᠲᠠᠯ᠎ᠠ ᠪᠠᠨ ᠨᠦᠬᠦᠵᠦ᠂ ᠪᠠᠭᠰᠢ ᠶᠢᠨ ᠵᠢᠭᠠᠨ ᠵᠢᠯᠤᠭᠤᠳᠤᠯᠭ᠎ᠠ ᠪᠠᠷ ᠡᠷᠴᠢᠮ ᠲᠠᠢ ᠠᠵᠢᠯᠯᠠᠵᠤ᠂ 2018 ᠤᠨ ᠤ 8 ᠰᠠᠷ᠎ᠠ ᠳᠤ ᠠᠵᠢᠯ ᠢᠶᠠᠨ ᠪᠠᠷᠤᠭ ᠳᠠᠭᠤᠰᠬᠠᠨ ᠪᠠᠶᠢᠬᠤ ᠦᠶᠡᠰ ᠪᠠᠭᠰᠢ ᠠᠵᠢᠯᠯᠠᠬᠤ ᠪᠠᠷ ᠰᠢᠷᠡᠭᠡᠨ ᠳᠤ ᠪᠠᠨ ᠰᠠᠭᠤᠭᠠᠳ ᠪᠤᠳᠤᠯ ᠪᠤᠯᠵᠤ ᠪᠠᠶᠢᠭᠰᠠᠨ ᠢᠶᠠᠨ ᠭᠡᠨᠡᠳᠲᠡ ᠮᠠᠨ ᠤ ᠬᠤᠶᠠᠷ ᠤᠨ ᠵᠦᠭ ᠪᠡᠶ᠎ᠡ ᠡᠷᠬᠢᠵᠦ᠄        — ᠤᠳᠤ ᠠᠵᠢᠯ ᠶᠠ ᠰᠡᠭᠦᠯ ᠰᠢᠪᠲᠤᠷᠤᠯ᠎ᠠ︕ ᠬᠡᠳᠦᠬᠦᠯᠡ ᠵᠦᠭᠡᠷ ᠴᠠᠭᠠᠨ ᠪᠤᠳᠠᠭ᠎ᠠ ᠪᠠᠷᠠᠭᠠᠳ ᠪᠠᠶᠢᠵᠤ ᠪᠤᠯᠬᠤ ᠦᠭᠡᠢ ᠪᠠ︕ ᠠᠶ᠎ᠠ ᠵᠢᠭᠠᠬᠠᠨ ᠤᠷᠦ᠋ᠢᠲᠠᠴᠢᠬᠠᠯ᠎ᠠ᠂ ᠪᠢ ᠤᠳᠤ ᠨᠢᠭᠡ ᠠᠵᠢᠯ ᠡᠬᠢᠯᠡᠭᠦᠯᠬᠦ ᠰᠠᠨᠠᠭ᠎ᠠ ᠲᠠᠢ᠂ ᠲᠠᠨ ᠤ ᠬᠤᠶᠠᠷ ᠲᠤ ᠬᠢᠬᠦ ᠵᠤᠷᠢᠭ ᠪᠠᠶᠢᠨ᠎ᠠ ᠦᠦ ᠦᠭᠡᠢ ᠦᠦ︖        — ᠬᠢᠨ᠎ᠡ︕ ᠨᠠᠳᠠ ᠳᠤ ᠪᠤᠯ ᠵᠤᠷᠢᠭ ᠪᠠᠶᠢᠨ᠎ᠠ᠂ ᠶᠠᠭ ᠪᠤᠯᠬᠤ ᠦᠭᠡᠢ ᠪᠤᠯ ᠪᠢᠳᠠ ᠬᠦᠴᠦᠨ ᠢᠶᠠᠨ ᠭᠠᠷᠭᠠᠶ᠎ᠠ᠂ ᠪᠠᠭᠰᠢ ᠵᠢᠭᠠᠨ ᠵᠢᠯᠤᠭᠤᠳᠤᠭᠠᠳ ᠰᠠᠭᠤᠵᠤ ᠪᠠᠶᠢᠶ᠎ᠠ ᠪᠤᠯᠤᠨ᠎ᠠ︕ ᠭᠡᠬᠦ ᠳᠤ ᠭᠠᠩᠰᠦ᠋ᠬᠡ ᠴᠤ ᠲᠤᠯᠤᠭᠠᠢ ᠲᠤᠬᠢᠵᠤ ᠪᠠᠶᠢᠯ᠎ᠠ᠃        — ᠲᠠᠨᠤᠰ ᠲᠠᠷᠡ ᠸᠠᠩ ᠵᠤ᠋ ᠰᠢ ᠶᠢᠨ ᠪᠢᠴᠢᠭᠰᠡᠨ ︽新部首大字典︾ ᠭᠡᠳᠡᠭ ᠲᠤᠯᠢ ᠪᠢᠴᠢᠭ ᠢ ᠦᠵᠡᠵᠦ ᠦᠩᠭᠡᠷᠡᠪᠡ ᠦᠦ︖ ᠡᠨᠡ ᠲᠤᠯᠢᠨ ᠳᠤ ᠤᠯᠳᠠᠳᠠᠭ ᠦᠭᠡᠢ ᠦᠰᠦᠭ ᠪᠦᠷ ᠪᠠᠶᠢᠨ᠎ᠠ᠃ ᠡᠨᠡ ᠶᠡᠭᠡ ᠰᠠᠶᠢᠨ ᠲᠤᠯᠢ ᠰᠢᠤ᠃ ᠭᠡᠪᠡᠴᠤ ᠮᠠᠨ ᠤ ᠮᠤᠩᠭᠤᠯ ᠲᠤᠯᠢᠨ ᠳᠤ ᠡᠶᠢᠮᠦ ᠶᠠᠭᠤᠮ᠎ᠠ ᠪᠠᠶᠢᠬᠤ ᠦᠭᠡᠢ ᠰᠢᠤ᠃ ᠮᠢᠨᠤ ᠮᠡᠳᠡᠬᠦ ᠪᠠᠷ ᠬᠤᠶᠡᠷ ᠪᠠᠭᠰᠢ ᠡᠨᠡ ᠲᠠᠯ᠎ᠠ ᠪᠠᠷ ᠠᠵᠢᠯᠯᠠᠭᠰᠠᠨ ᠪᠤᠯᠪᠠᠴᠤ ᠬᠢᠵᠦ ᠪᠠᠷᠠᠭᠰᠠᠨ ᠦᠭᠡᠢ ᠪᠠᠷ ᠨᠠᠰᠤ ᠪᠠᠷᠠᠭᠰᠠᠨ ᠶᠤᠮ᠃ ᠲᠡᠷᠡ ᠮᠦᠷᠳᠡᠭᠡᠨ ᠵᠠᠯᠭᠠᠵᠤ ᠬᠢᠬᠦ ᠬᠦᠮᠦᠨ ᠢᠶᠠᠨ ᠰᠤᠩᠭᠤᠭᠰᠠᠨ ᠦᠭᠡᠢ᠃ ᠲᠡᠳᠡᠨ ᠪᠦᠷ ᠺᠠᠷᠲ ᠳᠡᠭᠡᠷ᠎ᠡ ᠪᠢᠴᠢᠵᠡᠢ᠃ ᠲᠡᠷᠡ ᠨᠢᠭᠡᠨᠲᠡ ᠴᠠᠭ ᠠᠴᠠ ᠬᠤᠴᠤᠷᠤᠭᠰᠠᠨ ᠠᠷᠭ᠎ᠠ ᠪᠤᠯᠵᠠᠢ᠃ ᠪᠢ ᠤᠳᠤ ᠬᠢᠪᠡᠯ ᠺᠤᠮᠫᠢᠦ᠋ᠲ᠋ᠧᠷ ᠢ ᠠᠰᠢᠭᠯᠠᠬᠤ ᠴᠢᠬᠤᠯᠠᠲᠠᠢ ᠰᠢᠤ︕        — ᠪᠠᠭᠰᠢ ᠤᠷᠢᠳ ᠬᠤᠵᠢᠳ ᠨᠡᠶᠢᠲᠡ ᠲᠠᠪᠤᠨ ᠲᠤᠯᠢ ᠨᠠᠶᠢᠷᠠᠭᠤᠯᠬᠤ ᠠᠵᠢᠯ ᠳᠤ ᠤᠷᠤᠯᠴᠠᠵᠤ᠂ ᠪᠡᠶ᠎ᠡ ᠪᠠᠨ ᠳᠠᠭᠠᠭᠠᠵᠤ ᠬᠤᠶᠠᠷ ᠲᠤᠯᠢ ᠬᠢᠭᠰᠡᠨ ᠪᠦᠭᠡᠳ ᠲᠠᠪᠢᠨ ᠬᠡᠳᠦᠨ ᠨᠤᠮ ᠪᠢᠴᠢᠭᠰᠡᠨ ᠬᠦᠮᠦᠨ᠃ ᠪᠠᠭᠰᠢ ᠡᠨᠡ ᠠᠵᠢᠯ ᠢ ᠲᠤᠯᠤᠭᠠᠢᠢᠯᠠᠨ ᠬᠢᠬᠦ ᠴᠠᠭ ᠨᠢ ᠨᠢᠭᠡᠨᠲᠡ ᠪᠤᠯᠤᠭᠰᠠᠨ ᠰᠢᠤ︕        — ᠲᠠᠨ ᠤ ᠬᠤᠶᠠᠷ ᠪᠤᠳᠤᠵᠤ ᠪᠠᠢ ᠡ︕ ᠬᠦᠬᠡᠬᠤᠲᠠ ᠳᠤ ᠶᠠᠪᠤᠬᠤ ᠲᠠᠭᠠᠷᠠᠪᠠᠯ ᠪᠢ ᠶᠠᠮᠠᠷ ᠶᠠ ᠪᠡᠶ᠎ᠡ ᠪᠠᠷ ᠢᠶᠠᠨ ᠶᠠᠪᠤᠵᠤ ᠬᠡᠳᠦᠨ ᠪᠠᠭᠰᠢ ᠠᠵᠢᠯᠲᠠᠨ ᠲᠠᠢ ᠨᠢᠭᠤᠷᠳᠠᠨ ᠶᠠᠷᠢᠯᠴᠠᠭᠠᠳ ᠪᠤᠯᠤᠶ᠎ᠡ︕ ᠭᠡᠳ ᠬᠡᠳᠦᠨ ᠲᠤᠯᠢ ᠬᠢᠳᠡᠭ ᠪᠠᠭᠰᠢ ᠨᠠᠷ ᠲᠠᠢ ᠨᠢᠬᠡᠤᠨ ᠨᠢᠬᠡ ᠪᠠᠷ ᠤᠲᠠᠰᠤ ᠠᠪᠴᠤ ᠶᠠᠷᠢᠯᠴᠠᠯ᠎ᠠ᠃         ᠳᠡᠷᠠ ᠡᠳᠦᠷ ᠠᠴᠠ ᠬᠤᠶᠢᠰᠢ ᠪᠠᠭᠰᠢ ᠲᠤᠯᠢ ᠨᠠᠶᠢᠷᠠᠭᠤᠯᠬᠤ ᠲᠤᠬᠠᠢ ᠤᠯᠠᠨ ᠲᠠᠯ᠎ᠠ ᠶᠢᠨ ᠮᠠᠲ᠋ᠧᠷᠢᠶᠠᠯ ᠴᠤᠭᠯᠠᠭᠤᠯᠵᠤ᠂ ᠡᠯ᠎ᠡ ᠬᠦᠷᠢᠶ᠎ᠡ ᠴᠠᠷᠠᠭᠠᠨ ᠤ ᠬᠦᠮᠦᠰ ᠲᠠᠢ ᠬᠠᠷᠢᠯᠴᠠᠵᠤ ᠪᠠᠶᠢᠬᠤ ᠳᠤ ᠪᠢᠳᠠ ᠬᠤᠶᠠᠭᠤᠯᠠ ︽ᠮᠤᠩᠭᠤᠯ ᠬᠢᠲᠠᠳ ᠬᠠᠷᠢᠴᠠᠭᠤᠯᠤᠭᠰᠠᠨ ᠤᠷᠳᠤᠰ ᠠᠷᠠᠳ ᠤᠨ ᠮᠢᠩᠭᠠᠨ ᠳᠠᠭᠤᠤ︾ ᠶᠢ ᠬᠡᠪᠯᠡᠯ ᠤᠨ ᠬᠤᠷᠢᠶᠠᠨ ᠤ ᠨᠠᠶᠢᠷᠠᠭᠤᠯᠤᠭᠴᠢ ᠶᠢᠨ ᠱᠠᠭᠠᠷᠳᠠᠯᠭ᠎ᠠ ᠶᠤᠰᠤᠭᠠᠷ ᠵᠠᠰᠠᠵᠤ ᠪᠠᠷᠠᠭᠠᠪᠠ᠃ ᠠᠵᠢᠯ ᠳᠠᠭᠤᠰᠤᠭᠰᠠᠨ ᠠᠴᠠ ᠪᠠᠭᠰᠢ ᠪᠢᠳᠠ ᠭᠤᠷᠪᠠᠭᠤᠯᠠ ᠥᠪᠥᠷ ᠮᠤᠩᠭᠤᠯ ᠤᠨ ᠠᠷᠠᠳ ᠤᠨ ᠬᠡᠪᠯᠡᠯ ᠤᠨ ᠬᠤᠷᠢᠶᠠᠨ ᠳᠤ ᠤᠴᠢᠵᠤ ᠬᠡᠪᠯᠡᠬᠦᠯᠬᠦ ᠠᠵᠢᠯ ᠢ ᠲᠤᠬᠢᠷᠠᠭᠠᠬᠤ ᠪᠠ ᠨᠠᠶᠢᠷᠠᠭᠤᠯᠬᠤ ᠪᠠᠷ ᠵᠤᠷᠢᠭ ᠰᠢᠭᠤᠳᠤᠭᠰᠠᠨ ᠳᠤᠯᠢ ᠪᠢᠴᠢᠭ  ᠤᠨ ᠲᠤᠬᠠᠢ ᠡᠯ᠎ᠡ ᠪᠠᠭᠰᠢ ᠨᠠᠷ ᠲᠠᠢ ᠨᠢᠭᠤᠷᠳᠠᠨ ᠶᠠᠷᠢᠯᠴᠠᠬᠤ ᠪᠠᠷ ᠪᠤᠯᠪᠠ᠃ ᠡᠨᠡ ᠦᠶ᠎ᠡ ᠶᠠᠭ ᠰᠠᠶᠢᠬᠠᠨ ᠨᠠᠮᠤᠷ ᠤᠨ ᠰᠡᠭᠦᠯᠴᠢ ᠪᠤᠯᠵᠤ ᠪᠠᠶᠢᠭᠰᠠᠨ ᠪᠢᠯᠡ᠃        ︽ᠮᠤᠩᠭᠤᠯ ᠬᠢᠲᠠᠳ ᠬᠠᠷᠢᠴᠠᠭᠤᠯᠤᠭᠰᠠᠨ ᠤᠷᠳᠤᠰ ᠠᠷᠠᠳ ᠤᠨ ᠮᠢᠩᠭᠠᠨ ᠳᠠᠭᠤᠤ︾ ᠬᠡᠬᠦ ᠨᠤᠮ ᠢᠶᠠᠨ ᠬᠡᠪᠯᠡᠭᠦᠯᠬᠦ ᠠᠵᠢᠯ ᠤᠷᠤᠭᠰᠢᠲᠠᠢ  ᠪᠤᠯᠤᠭᠰᠠᠨ ᠮᠦᠷᠳᠡᠬᠡᠨ ᠪᠠᠭᠰᠢ ᠪᠢᠳᠠᠨ ᠢ ᠳᠠᠭᠠᠭᠤᠯᠤᠨ ᠰᠠᠴᠤᠷᠠᠯᠲᠤ ᠡᠷᠬᠢᠯᠡᠭᠴᠢ᠂ ᠭᠤᠨᠴᠤᠭᠰᠦ᠋ᠷᠦᠩ᠂ ᠰᠦᠮᠪᠦᠷᠪᠠᠲᠤ᠂ ᠴᠢ᠊ · ᠰᠡᠴᠡᠨ᠂ ᠪᠡᠰᠦᠲᠡᠢ ᠬᠠᠰᠪᠢᠯᠢᠭ᠌ ᠵᠡᠷᠭᠡ ᠪᠠᠭᠰᠢ ᠨᠠᠷ ᠲᠤ ᠵᠤᠯᠭᠠᠵᠤ ᠳᠤᠯᠢ ᠪᠢᠴᠢᠭ ᠨᠠᠶᠢᠷᠠᠭᠤᠯᠬᠤ ᠲᠦᠰᠦᠪ ᠲᠦᠯᠦᠪᠯᠡᠭᠡ᠂ ᠦᠨ᠎ᠡ ᠴᠠᠨ᠎ᠠ ᠪᠠᠨ ᠲᠠᠨᠢᠯᠴᠠᠭᠤᠯᠤᠨ ᠵᠦᠪᠯᠡᠮᠵᠢ ᠠᠪᠬᠤ ᠳᠤ ᠪᠦᠬᠦᠳᠡᠭᠡᠷ ᠰᠠᠨᠠᠯ ᠨᠢᠭᠡᠲᠡᠢ ᠪᠠᠷ ᠳᠡᠮᠵᠢᠵᠦ᠂ ᠤᠳᠤ ᠦᠪᠦᠷ ᠮᠤᠩᠭᠤᠯ ᠳᠤ ᠡᠭᠦᠨ ᠢ ᠬᠦᠳᠡᠯᠭᠡᠵᠦ ᠬᠢᠬᠦ ᠵᠤᠷᠢᠭ ᠲᠠᠢ ᠬᠦᠮᠦᠨ ᠵᠦᠪᠬᠡᠨ ᠪᠠᠭᠰᠢ ᠯᠠ ᠦᠯᠡᠳᠡᠵᠦ ᠪᠠᠶᠢᠨ᠎ᠠ ᠬᠡᠵᠤ ᠬᠦᠴᠤᠨ ᠦᠭᠴᠤ ᠵᠤᠷᠢᠭ ᠨᠡᠮᠡᠵᠤ ᠪᠢᠯᠡ᠃        — ᠪᠢ ᠡᠶᠢᠮᠦ ᠨᠢᠭᠡ ᠲᠤᠯᠢ ᠪᠢᠴᠢᠭ ᠨᠠᠶᠢᠷᠠᠭᠤᠯᠬᠤ ᠠᠵᠢᠯ ᠢ ᠪᠤᠯ ᠡᠬᠢᠯᠡᠭᠦᠯᠦᠭᠡᠳ ᠬᠢᠬᠦ ᠨᠢ ᠴᠤ ᠬᠢᠴᠢᠭᠡᠬᠦ︕ ᠦᠬᠦᠬᠦ ᠳᠤ ᠪᠠᠨ ᠦᠭᠡᠷ ᠫᠤᠤ ᠲᠠᠯᠪᠢᠪᠠ ᠭᠡᠭᠴᠢ ᠶᠢ ᠪᠢ ᠪᠠᠰᠠ ᠨᠢᠭᠡ ᠨᠢ ᠪᠤᠯᠬᠤ ᠶᠠ︕ ᠲᠡᠨᠤᠰ ᠢᠩᠬᠢᠵᠦ ᠵᠦᠬᠡᠷ ᠠᠮᠠ ᠪᠢᠯᠡᠬᠦᠳᠡᠬᠦ ᠶᠤᠮ ᠪᠤᠯ ᠶᠠᠮᠠᠷ ᠬᠡᠷᠡᠭ ᠪᠠᠶᠢᠨ᠎ᠠ︕ ᠪᠤᠳᠠᠳᠠᠢ ᠪᠠᠷ ᠳᠡᠮᠵᠢᠬᠦ ᠤᠬᠠᠭᠠᠨ ᠢ ᠪᠠᠰᠠ ᠬᠢᠬᠦ ᠴᠢᠬᠤᠯᠠᠲᠠᠢ︕        — ᠪᠠᠭᠰᠢ ᠤᠷᠢᠳ ᠢᠶᠠᠷ ᠡᠭᠢᠯᠡᠭᠦᠯᠦᠨ ᠬᠢᠵᠦ ᠪᠠᠢ︕ ᠠᠶᠠᠨᠳᠠᠭᠠᠨ ᠤᠬᠠᠭᠠᠨ ᠭᠠᠷᠬᠤ ᠶᠤᠮ︕ ᠨᠢᠭᠡ ᠬᠡᠰᠡᠭ ᠬᠢᠭᠡᠳ ᠭᠠᠷᠬᠤ ᠳᠤ ᠵᠢᠱᠢᠭ ᠡᠨᠡ ᠲᠡᠷᠡ ᠶᠠ ᠭᠠᠷᠤᠭᠠᠳ ᠢᠷᠡᠴᠢᠭᠡᠬᠦ︕ ᠳᠠᠷᠠ ᠦᠶ᠎ᠡ ᠳᠤ ᠲᠠᠬᠢᠨ ᠵᠦᠪᠯᠡᠶ᠎ᠡ ᠭᠡᠵᠦ ᠬᠡᠳᠦᠨ ᠪᠠᠭᠰᠢ ᠰᠠᠨᠠᠯ ᠨᠢᠭᠡᠲᠡᠢ ᠬᠡᠯᠡᠪᠡ᠃ᠵᠦᠭ ᠢᠶᠠᠨ ᠤᠯᠵᠤ ᠪᠤᠳᠤᠯ ᠢᠶᠠᠨ ᠲᠤᠭᠲᠠᠭᠠᠭᠰᠠᠨ ᠪᠢᠳᠠ ᠭᠤᠷᠪᠠᠭᠤᠯᠠ ᠪᠤᠴᠠᠬᠤ ᠵᠠᠮ ᠢᠶᠠᠨ ᠡᠯᠭᠦᠵᠡᠢ᠃ ᠬᠠᠷᠢᠵᠤ ᠢᠷᠡᠭᠡᠳ ᠦᠨᠦ ᠨᠡᠷ᠎ᠡ ᠦᠭᠡᠢ᠂ ᠭᠠᠷᠴᠠᠭ ᠦᠭᠡᠢ ᠲᠤᠯᠢ ᠪᠢᠴᠢᠭ ᠲᠤ ᠨᠡᠷ᠎ᠡ ᠮᠢᠨᠳᠠᠭ ᠵᠢᠱᠢᠭ ᠡᠨᠡ ᠲᠡᠷᠡ ᠭᠡᠳ ᠶᠠᠭᠠᠷᠠᠪᠠ᠃ ᠪᠢᠳᠠ ᠬᠤᠶᠠᠷ ᠪᠠᠭᠰᠢ ᠪᠠᠨ ᠬᠠᠪᠰᠤᠷᠤᠨ ᠲᠤᠯᠢ ᠪᠢᠴᠢᠭ ᠨᠠᠶᠢᠷᠠᠭᠤᠯᠬᠤ ᠪᠡᠯᠡᠳᠭᠡᠯ ᠢᠶᠠᠨ ᠬᠢᠵᠦ ᠡᠬᠢᠯᠡᠬᠦ ᠳᠤ ᠪᠠᠨ ︽ᠮᠤᠩᠭᠤᠯ ᠦᠭᠡ ᠶᠢᠨ ᠳᠠᠯᠠᠢ︾ ︵ᠲᠦᠷ ᠲᠤᠭᠲᠠᠭᠰᠠᠨ ᠨᠡᠷ᠎ᠡ︶ ᠭᠡᠬᠦ ᠭᠠᠷᠴᠠᠭ ᠠᠪᠴᠤ᠂ ᠺᠤᠮᠫᠢᠦ᠋ᠲ᠋ᠧᠷ ᠪᠠᠷᠯᠠᠯ ᠢ ᠶᠠᠭᠠᠬᠢᠵᠦ ᠬᠢᠬᠦ᠂ ᠶᠡᠷᠦᠩᠬᠡᠢ ᠡᠬᠡ ᠵᠢᠱᠢᠭ ᠢᠶᠠᠨ ᠶᠠᠭᠠᠬᠢᠵᠦ ᠲᠤᠭᠲᠠᠭᠠᠬᠤ ᠵᠡᠷᠭᠡ ᠠᠵᠢᠯ ᠤᠳ ᠢ ᠬᠢᠵᠦ ᠪᠠᠶᠢᠭᠠᠳ ᠵᠢᠯ ᠤᠨ ᠡᠴᠦᠰ ᠪᠤᠯᠭᠠᠵᠠᠢ᠃        2019 ᠤᠨ ᠤ ᠴᠠᠭᠠᠨ ᠰᠠᠷ᠎ᠠ ᠶᠢᠨ ᠰᠢᠨ᠎ᠡ ᠶᠢᠨ ᠳᠦᠷᠪᠡᠨ ᠤ ᠦᠷᠯᠦᠭᠡ ᠪᠠᠭᠰᠢ ᠨᠠᠳᠠ ᠳᠤ ᠤᠲᠠᠰᠤ ᠢᠷᠡᠭᠦᠯᠵᠤ ᠠᠵᠢᠯᠯᠠᠬᠤ ᠶᠢ ᠱᠠᠭᠠᠷᠳᠠᠪᠠ᠃ ᠤᠴᠢᠷ ᠶᠠᠭᠤᠨ ᠭᠡᠪᠡᠯ ︽ᠮᠤᠩᠭᠤᠯ ᠦᠭᠡ ᠶᠢᠨ ᠳᠠᠯᠠᠢ︾ ᠶᠢᠨ ᠵᠢᠱᠢᠭ ᠢ ᠪᠦᠷᠢᠨᠰᠢᠭᠦᠯᠬᠦ ᠮᠦᠷᠳᠡᠭᠡᠨ 50 ᠤᠷᠴᠢᠮ ᠨᠢᠭᠤᠷ ᠤᠨ ᠬᠡᠪ ᠵᠠᠭᠪᠤᠷ ᠢ ᠭᠠᠷᠭᠠᠬᠤ ᠴᠢᠬᠤᠯᠠ ᠲᠠᠢ᠃ ᠢᠩᠬᠢᠮᠡᠨᠵᠢᠨ ᠪᠢᠳᠠ ᠨᠢᠳᠦᠨ ᠳᠤ ᠦᠵᠡᠭᠳᠡᠬᠦ ᠶᠠᠭᠤᠮ᠎ᠠ ᠪᠠᠨ ᠪᠠᠷᠢᠵᠤ ᠲᠡᠳᠡᠨ ᠲᠠᠢ ᠶᠠᠷᠢᠯᠴᠠᠵᠤ ᠰᠠᠭᠤᠷᠢ ᠪᠠᠨ ᠭᠠᠷᠭᠠᠬᠤ ᠴᠢᠬᠤᠯᠠ ᠲᠠᠢ᠃ ᠦᠳᠡ ᠪᠤᠯᠬᠤ ᠳᠤ ᠪᠢ ᠨᠤᠮ ᠤᠨ ᠠᠰᠠᠷ ᠲᠤ ᠪᠠᠨ ᠠᠵᠢᠯᠯᠠᠬᠤ ᠪᠠᠷ ᠢᠷᠡᠬᠦ ᠳᠤ ᠪᠠᠭᠰᠢ ᠠᠯᠪᠠᠨ ᠭᠡᠷ ᠲᠤ ᠪᠠᠨ ᠰᠠᠭᠤᠵᠤ᠂ ᠨᠠᠳᠠ ᠳᠤ ᠨᠤᠤᠷᠠᠭ ᠭᠠᠷᠭᠠᠵᠤ ᠪᠠᠶᠢᠯ᠎ᠠ᠃ ᠪᠢᠳᠠ ᠬᠤᠶᠠᠷ ᠠᠵᠢᠯᠯᠠᠵᠤ ᠰᠢᠨ᠎ᠡ ᠶᠢᠨ ᠳᠤᠯᠤᠭᠠᠨ ᠪᠤᠯᠬᠤ ᠳᠤ ᠭᠠᠩᠰᠦ᠋ᠭᠡ ᠢᠷᠡᠵᠦ ᠬᠠᠮᠵᠢᠯᠴᠠᠨ ᠴᠠᠭᠠᠨ ᠰᠠᠷ᠎ᠠ ᠶᠢᠨ ᠠᠷᠪᠠᠨ ᠲᠠᠪᠤᠨ ᠪᠤᠯᠬᠤ ᠳᠤ ᠦᠨᠳᠦᠰᠤᠨ ᠳᠤ ᠪᠠᠨ ᠪᠠᠷᠠᠭᠠᠪᠠ᠃ ᠪᠠᠭᠰᠢ ᠴᠤ ᠤᠯᠵᠤ ᠠᠪᠤᠨ᠎ᠠ ᠭᠡᠰᠡᠨ ᠵᠦᠢᠯ ᠢᠶᠠᠨ ᠤᠯᠤᠭᠰᠠᠨ ᠪᠤᠯᠬᠤᠷ ᠶᠡᠭᠡ ᠪᠠᠶᠠᠷᠲᠠᠢ ᠪᠠᠶᠢᠯ᠎ᠠ᠃ ᠴᠠᠭᠠᠨ ᠰᠠᠷ᠎ᠠ ᠶᠢᠨ ᠠᠷᠪᠠᠨ ᠳᠤᠯᠤᠭᠠᠨ ᠳᠤ ᠠᠯᠲᠠᠨᠪᠤᠤ ᠡᠷᠬᠢᠯᠡᠭᠴᠢ ᠲᠠᠢ ᠬᠠᠮᠲᠤ ᠪᠢᠳᠠ ᠬᠦᠬᠡᠬᠤᠲᠠ ᠶᠢ ᠴᠢᠭᠯᠡᠪᠡ᠃ ᠡᠨᠡ ᠤᠳᠠᠭ᠎ᠠ ᠪᠢᠳᠠ ᠨᠢᠭᠡᠨᠲᠡ ᠵᠢᠩᠬᠢᠨᠢ ᠪᠠᠷ ᠠᠵᠢᠯ ᠳᠤ ᠪᠠᠨ ᠤᠷᠤᠭᠰᠠᠨ ᠢᠶᠠᠨ ᠮᠡᠳᠡᠭᠳᠡᠵᠦ᠂ ᠪᠤᠳᠠᠲᠠᠢ ᠬᠢᠭᠰᠡᠨ ᠵᠦᠢᠯ ᠢᠶᠠᠨ ᠦᠵᠡᠬᠦᠯᠦᠨ ᠶᠠᠷᠢᠯᠴᠠᠵᠤ ᠪᠠᠶᠢᠭᠠᠳ ︽ᠮᠤᠩᠭᠤᠯ ᠦᠭᠡ ᠶᠢᠨ ᠪᠦᠷᠢᠨ ᠲᠤᠯᠢ︾ ᠭᠡᠬᠦ ᠭᠠᠷᠴᠠᠭ ᠲᠤᠭᠲᠠᠭᠠᠬᠤ ᠶᠢᠨ ᠳᠠᠭᠠᠤ ᠲᠤᠯᠢ ᠪᠢᠴᠢᠭ ᠨᠠᠶᠢᠷᠠᠭᠤᠯᠬᠤ ᠠᠵᠢᠯ ᠤᠨ ᠲᠤᠬᠠᠢ ᠪᠠᠰᠠ ᠨᠢᠭᠡ ᠨᠡᠭᠡᠭᠡᠯᠲᠡ ᠶᠢᠨ ᠶᠤᠰᠤᠯᠠᠯ ᠬᠢᠬᠦ ᠪᠠᠷ ᠵᠦᠪᠳᠡᠵᠦ᠂ 3 ᠰᠠᠷ᠎ᠠ ᠶᠢᠨ 9 ᠳᠤ ᠨᠡᠭᠡᠭᠡᠯᠲᠡ ᠶᠢᠨ ᠶᠤᠰᠤᠯᠠᠯ ᠢᠶᠠᠨ ᠤᠲᠤᠭ ᠤᠨ ᠡᠮᠦᠨᠡᠲᠦ ᠬᠤᠰᠢᠭᠤᠨ ᠳᠤ ᠪᠠᠨ ᠬᠢᠬᠦ ᠪᠠᠷ ᠪᠤᠯᠵᠤᠪᠠ᠃        — ᠤᠳᠤ ᠬᠤᠶᠠᠭᠤᠯᠠ ᠨᠢᠭᠡ ᠭᠠᠵᠠᠷ ᠤᠴᠢᠶ᠎ᠠ︕ ᠴᠢᠮᠠᠳᠤ ᠬᠡᠯᠡᠵᠦ ᠪᠠᠶᠢᠭᠰᠠᠨ ᠨᠢᠳᠤᠨ ᠰᠢᠯ ᠲᠠᠭᠠᠷᠠᠭᠤᠯᠳᠠᠭ ᠭᠠᠵᠠᠷ ᠤᠴᠢᠶ᠎ᠠ︕ ᠮᠢᠨᠤ ᠨᠢᠳᠦ ᠤᠳᠤ ᠶᠠᠭ ᠤᠯᠢᠭ ᠲᠠᠢ ᠦᠵᠡᠵᠦ ᠳᠡᠶᠢᠯᠬᠦ ᠦᠭᠡᠢ ᠪᠤᠯᠴᠢᠬᠠᠯ᠎ᠠ᠃ ᠨᠢᠳᠤᠨ ᠰᠢᠯ ᠵᠡᠭᠦᠵᠦ ᠪᠠᠶᠢᠯ᠎ᠠ ᠭᠡᠳ ᠵᠠᠷᠢᠮ ᠳᠤ ᠪᠠᠨ  ᠶᠠᠭᠤ ᠶᠠ ᠤᠯᠵᠤ ᠦᠵᠡᠬᠦ ᠦᠭᠡᠢ︕ ᠲᠡᠨᠲᠡ ᠨᠢᠭᠡ ᠰᠠᠶᠢᠨ ᠰᠢᠯ ᠪᠠᠶᠢᠨ᠎ᠠ ᠭᠡᠰᠡᠨ᠂ ᠲᠧᠯᠸᠢᠰ ᠳᠡᠭᠡᠷ᠎ᠡ ᠵᠢᠶᠠᠩ ᠳ᠋ᠠ ᠸᠧᠢ ᠶᠢᠨ ᠵᠠᠷᠯᠠᠭᠰᠠᠨ ᠰᠢᠯ ᠰᠢᠤ︕        — ᠦ︕ ᠲᠡᠷᠡ ᠭᠠᠵᠠᠷ ᠢ ᠪᠢ ᠮᠡᠳᠡᠨ᠎ᠡ᠂ ᠶᠠᠭ ᠪᠠᠭᠰᠢ ᠶᠢᠨ ᠬᠡᠯᠡᠵᠦ ᠪᠠᠶᠢᠬᠤ ᠳᠡᠯᠭᠡᠬᠦᠷ ᠢ ᠪᠤᠯ ᠮᠡᠳᠡᠬᠦ ᠦᠭᠡᠢ᠃ ᠤᠴᠢᠪᠠᠯ ᠪᠠᠷᠤᠭ ᠤᠬᠠᠭᠠᠨ ᠪᠠᠶᠢᠬᠤ︕ ᠭᠡᠳ ᠬᠦᠳᠡᠯᠦᠯ᠎ᠡ᠃        ᠤᠴᠢᠭᠰᠠᠨ ᠴᠢᠨᠢ ᠳᠡᠯᠭᠡᠬᠦᠷ ᠤᠨ ᠬᠦᠮᠦᠨ ᠨᠢ ᠮᠦᠷᠭᠦᠭᠰᠡᠨ ᠲᠤᠬᠢᠭᠰᠠᠨ ᠲᠠᠢ ᠶᠡᠭᠡ ᠬᠠᠯᠠᠭᠤᠮᠰᠤᠭ︕ ᠨᠠᠰᠤᠲᠠᠢ ᠨᠠᠰᠤ ᠦᠭᠡᠢ ᠪᠢᠳᠠ ᠬᠤᠶᠠᠷ ᠢ ᠨᠢᠭᠡᠨ ᠵᠡᠷᠭᠡ ᠬᠦᠨᠳᠦᠯᠡᠵᠦ ᠠᠪᠤᠭᠠᠳ ᠪᠠᠭᠰᠢ ᠶᠢᠨ ᠨᠢᠳᠦ ᠶᠢ ᠰᠢᠯᠭᠠᠯ᠎ᠠ︕ ᠰᠢᠯᠭᠠᠭᠰᠠᠨ ᠳ᠋ᠦᠩ ᠢᠶᠠᠨ ᠦᠨᠳᠦᠰᠦᠯᠡᠭᠡᠳ ᠰᠢᠯ ᠢᠶᠠᠨ ᠳᠠᠨᠢᠯᠴᠠᠭᠤᠯᠬᠤ ᠳᠤ ᠳᠦᠷᠪᠠᠨ ᠮᠢᠩᠭᠠᠨ ᠲᠦᠭᠦᠷᠢᠭ ᠠᠴᠠ ᠬᠤᠶᠠᠷ ᠲᠦᠮᠡᠨ ᠲᠠᠪᠤᠨ ᠮᠢᠩᠭᠠᠨ ᠲᠦᠭᠦᠷᠢᠭ ᠬᠦᠷᠲᠡᠯ᠎ᠡ ᠬᠡᠳᠤᠨ ᠳᠡᠰ ᠤᠨ ᠬᠢ ᠪᠠᠶᠢᠯ᠎ᠠ᠃        — ᠴᠢ ᠦᠵᠡᠪᠡᠯ ᠬᠡᠳᠦᠢ ᠵᠤᠭᠤᠰᠤᠨ ᠤ ᠰᠢᠯ ᠢ ᠠᠪᠤᠪᠠᠯ ᠵᠤᠬᠢᠬᠤ ᠶᠤᠮ ᠪᠠᠶᠢᠨ᠎ᠠ︖        — ᠮᠢᠨᠤ ᠦᠵᠡᠬᠦ ᠪᠠᠷ ᠵᠢᠷᠭᠤᠭᠠᠨ ᠮᠢᠩᠭᠠᠨ ᠤ ᠲᠡᠷᠡ ᠰᠢᠯ ᠢ ᠠᠪᠤᠪᠠᠯ ᠪᠤᠯᠴᠢᠬᠠᠨ᠎ᠠ᠂ ᠲᠡᠷᠡ ᠶᠠ ᠶᠡᠭᠡ ᠦᠨ᠎ᠡ ᠲᠠᠢ ᠪᠠᠶᠢᠨ᠎ᠠ ᠰᠢᠤ ᠭᠡᠬᠦ ᠳᠤ ᠦᠢᠯᠡᠴᠢᠯᠡᠭᠴᠢ᠄         — ᠦᠨ᠎ᠡ ᠦᠭᠡᠢ ᠰᠢᠤ︕ ᠮᠠᠨ ᠤ ᠬᠠᠮᠤᠭ ᠰᠠᠶᠢᠨ ᠰᠢᠯ ᠬᠤᠶᠠᠷ ᠲᠦᠮᠡᠨ ᠲᠠᠪᠤᠨ ᠮᠢᠩᠭᠠᠨ ᠤ ᠬᠢ ᠴᠤ ᠪᠠᠶᠢᠨ᠎ᠠ ᠰᠢᠤ︕  ᠳᠡᠰ ᠦᠰᠬᠦ ᠲᠤᠰᠤᠮ ᠦᠢᠯᠡᠳᠦᠯ ᠨᠢ ᠨᠡᠩ ᠰᠠᠶᠢᠨ᠂ ᠨᠢᠳᠤ ᠶᠢ ᠴᠢᠨᠢ ᠪᠠᠰᠠ ᠬᠠᠮᠠᠭᠠᠯᠠᠴᠢᠬᠠᠨ᠎ᠠ︕ ᠬᠡᠵᠤ ᠲᠤᠬᠢᠷᠠᠭᠤᠯᠤᠭᠰᠠᠨ ᠰᠢᠯ ᠢᠶᠠᠨ ᠠᠪᠴᠢᠷᠠᠵᠤ ᠵᠡᠭᠦᠯᠭᠡᠯ᠎ᠡ᠃        — ᠨᠠᠳᠠ ᠳᠤ ᠤᠳᠤ ᠨᠢᠳᠤ ᠬᠠᠮᠠᠭᠠᠯᠠᠬᠤ ᠨᠢ ᠴᠢᠬᠤᠯᠠ ᠪᠢᠰᠢ︕ ᠰᠠᠶᠢᠨ ᠤᠯᠵᠤ ᠦᠵᠡᠬᠦ ᠨᠢ ᠴᠢᠬᠤᠯᠠ ᠰᠢᠤ︕ ᠶᠠᠮᠠᠷ ᠡᠶᠢᠮᠦ ᠤᠬᠠᠭᠠᠨ ᠢ ᠨᠢ ᠤᠯᠳᠠᠭ ᠦᠭᠡᠢ ᠬᠦᠮᠦᠨ ᠪᠤᠢ ᠠ︕        — ᠨᠢᠳᠦ ᠪᠠᠨ ᠬᠠᠮᠠᠭᠠᠯᠠᠬᠤ ᠦᠭᠡᠢ ᠪᠤᠯᠬᠤ ᠦᠭᠡᠢ ᠰᠢᠤ︕ ᠡᠨᠡ ᠰᠢᠯ ᠨᠢᠳᠦ ᠬᠠᠮᠠᠭᠠᠯᠠᠬᠤ ᠨᠢ ᠲᠦᠮᠡ ᠨᠠᠢᠮᠠᠨ ᠮᠢᠩᠭᠠᠨ ᠤ ᠬᠢ ᠳᠤ ᠬᠦᠷᠬᠦ ᠦᠭᠡᠢ ᠰᠢᠤ︕        — ᠲᠡᠷᠡ ᠲᠦᠮᠡ ᠨᠠᠢᠮᠠᠨ ᠮᠢᠩᠭᠠᠨ ᠤ ᠰᠢᠯ ᠢᠶᠠᠷ ᠤᠯᠵᠤ ᠦᠵᠡᠬᠦ ᠨᠢ ᠡᠭᠦᠨ ᠠᠴᠠ ᠲᠤᠳᠤ ᠦᠦ︖        — ᠲᠤᠳᠤ ᠡ︕ ᠲᠡᠷᠡ ᠮᠦᠷᠳᠡᠭᠡᠨ ᠡᠭᠦᠨ ᠠᠴᠠ ᠴᠢᠨᠠᠷ ᠨᠢ ᠴᠤ ᠰᠠᠶᠢᠨ᠂ ᠲᠡᠷᠡ ᠬᠠᠮᠤᠭ ᠦᠨ᠎ᠡ ᠲᠠᠢ ᠬᠤᠶᠠᠷ ᠲᠦᠮᠡᠨ ᠲᠠᠪᠤᠨ ᠮᠢᠩᠭᠠᠨ ᠤ ᠰᠢᠯ ᠢ ᠲᠠᠭᠠᠷᠠᠭᠤᠯᠪᠠᠯ ᠬᠤᠶᠢᠰᠢᠳᠠ ᠶᠠᠮᠠᠷ ᠪᠤᠯᠤᠶ᠎ᠠ ᠬᠠᠮᠢᠶ᠎ᠠ ᠦᠭᠡᠢ᠂ ᠮᠠᠨ ᠤ ᠳᠡᠯᠭᠡᠭᠦᠷ ᠠᠴᠠ ᠰᠢᠯ ᠢ ᠴᠢᠨᠢ ᠦᠨ᠎ᠡ ᠲᠦᠯᠦᠪᠦᠷᠢ ᠦᠭᠡᠢ ᠪᠠᠷ ᠲᠠᠭᠠᠷᠠᠭᠤᠯᠬᠤ ᠦᠭᠭᠦᠨ᠎ᠡ᠃        — ᠬᠤᠷᠸ᠎ᠠ ᠡ︕ ᠲᠡᠷᠡ ᠬᠠᠮᠤᠭ ᠦᠨᠡᠲᠡᠢ ᠨᠢ ᠰᠠᠶᠢᠨ ᠭᠡᠵᠦ ᠬᠡᠯᠡᠵᠦ ᠪᠠᠶᠢᠬᠤ ᠳᠤ ᠲᠡᠭᠦᠨ ᠢ ᠠᠪᠤᠪᠠᠯ ᠳᠡᠬᠡᠷ᠎ᠡ ᠪᠢᠰᠢ ᠤᠤ︖        — ᠪᠠᠭᠰᠢ ᠶᠢᠨ ᠨᠢᠳᠦᠨ ᠬᠠᠷᠠᠯᠭᠠᠨ ᠤ ᠤᠴᠢᠷ ᠢ ᠰᠢᠢᠳᠪᠦᠷᠢᠯᠡᠬᠦ ᠨᠢ ᠵᠢᠷᠭᠤᠭᠠᠨ ᠮᠢᠩᠭᠠᠨ ᠤ ᠲᠡᠷᠡ ᠰᠢᠯ ᠪᠤᠯ ᠬᠦᠷᠴᠢᠭᠡᠨ᠎ᠡ︕ ᠲᠡᠶᠢᠮᠦ ᠦᠨᠡᠲᠠᠢ ᠰᠢᠯ ᠠᠪᠤᠭᠠᠳ ᠰᠤᠨᠢᠨ ᠬᠡᠷᠡᠭ ᠲᠤ ᠬᠦᠷᠬᠦ ᠦᠭᠡᠢ ᠪᠤᠯ ᠬᠠᠶᠢᠷᠠᠨ ᠪᠢᠰᠢ ᠦᠦ︖        — ᠮᠡᠬᠡᠯᠡᠭᠳᠡᠬᠦ ᠶᠠ ᠤᠳᠤ ᠬᠡᠳᠦ᠋ᠢᠬᠡᠨ ᠮᠡᠬᠡᠯᠡᠭᠳᠡᠬᠦ ᠳ᠋ᠤᠤ︕ ᠲᠡᠷᠡ ᠬᠠᠮᠤᠭ ᠦᠨᠡᠲᠡᠢ ᠠᠴᠠ ᠨᠢ ᠠᠪᠤᠶ᠎ᠠ ᠭᠡᠳ ᠵᠤᠭᠤᠰ ᠢᠶᠠᠨ ᠭᠠᠷᠭᠠᠯ᠎ᠠ᠃        ᠡᠨᠡ ᠰᠦᠨᠢ ᠬᠦᠬᠡᠬᠤᠲᠠ ᠳᠤ ᠬᠤᠨᠤᠭᠯᠠᠬᠤ ᠪᠠᠷ ᠪᠤᠯᠪᠠ᠃ ᠭᠠᠳᠠᠭᠰᠢ ᠭᠠᠷᠤᠭᠰᠠᠨ ᠬᠦᠮᠦᠨ ᠵᠠᠮ ᠳᠤ ᠪᠠᠨ ᠬᠤᠨᠤᠭ ᠲᠠᠯᠪᠢᠬᠤ ᠨᠢ ᠡᠩ ᠤᠨ ᠶᠠᠪᠤᠳᠠᠯ᠂ ᠭᠠᠶᠢᠬᠠᠮᠠᠷ ᠤᠴᠢᠷ ᠦᠭᠡᠢ᠃ ᠭᠡᠲᠡᠯ᠎ᠡ ᠨᠢᠭᠡ ᠨᠠᠰᠤᠨ ᠳᠤ ᠪᠠᠨ ᠲᠠᠯ᠎ᠠ ᠦᠩᠭᠡ ᠲᠠᠢ ᠶᠠᠪᠤᠭᠰᠠᠨ ᠪᠠᠭᠰᠢ ᠮᠢᠨᠢ ︽ᠮᠤᠩᠭᠤᠯ ᠦᠭᠡ ᠶᠢᠨ ᠪᠦᠷᠢᠨ ᠲᠤᠯᠢ︾ ᠶᠢ ᠰᠡᠲᠦᠵᠦ ᠨᠠᠶᠢᠷᠠᠭᠤᠯᠬᠤ ᠠᠴᠠ ᠡᠬᠢᠯᠡᠨ ᠵᠠᠷᠤᠳᠠᠯ ᠮᠦᠩᠬᠦ ᠪᠠᠨ ᠶᠡᠭᠡ ᠪᠠᠷ ᠠᠷᠪᠢᠯᠠᠵᠤ᠂ ᠲᠤᠯᠢ ᠪᠢᠴᠢᠭ ᠨᠠᠶᠢᠷᠠᠭᠤᠯᠬᠤ ᠳᠤ ᠮᠦᠩᠬᠦ ᠵᠤᠭᠤᠰ ᠶᠡᠭᠡ ᠬᠡᠷᠡᠭᠲᠡᠢ ᠬᠡᠮᠡᠨ ᠨᠦᠭᠡᠴᠡᠯᠡᠳᠡᠭ ᠪᠤᠯᠤᠭᠰᠠᠨ ᠨᠢ ᠶᠤᠮ᠃ ᠭᠠᠳᠠᠭᠰᠢ ᠲᠤᠲᠤᠭᠰᠢ ᠶᠠᠪᠤᠬᠤ ᠳᠤ ᠰᠦᠢᠳᠬᠡᠯ ᠦᠭᠡᠢ ᠵᠠᠮ ᠢ ᠬᠠᠶᠢᠵᠤ᠂ ᠬᠤᠨᠤᠵᠤ ᠰᠠᠭᠤᠬᠤ ᠳᠤ ᠪᠠᠨ ᠴᠤ ᠬᠠᠮᠤᠭ ᠬᠦᠩᠬᠡᠨ ᠠᠴᠠ ᠨᠢ ᠰᠤᠩᠭᠤᠨ᠂ ᠢᠳᠡᠵᠤ ᠤᠤᠭᠤᠬᠤ ᠪᠠᠨ ᠴᠤ ᠬᠡᠮᠨᠡᠵᠤ᠂ ᠠᠷᠪᠢᠯᠠᠵᠤ ᠪᠤᠯᠬᠤ ᠵᠦᠢᠯ ᠳᠤ ᠴᠦᠮ ᠭᠠᠷ ᠳᠠᠳᠠᠳᠠᠭ ᠪᠤᠯᠤᠯ᠎ᠠ᠃ ᠭᠠᠩᠰᠦ᠋ᠬᠡ ᠪᠠᠭᠰᠢ ᠲᠠᠢ ᠬᠠᠮᠲᠤ ᠬᠤᠨᠤᠭᠯᠠᠵᠤ ᠪᠢ ᠨᠠᠶᠢᠵᠠ ᠶᠢᠨ ᠳᠤ ᠪᠠᠨ ᠬᠤᠨᠤᠭ ᠲᠠᠯᠪᠢᠬᠤ ᠪᠠᠷ ᠲᠤᠬᠢᠷᠠᠵᠠᠢ᠃ ᠦᠳᠡᠰᠢ ᠨᠢ ᠦᠶ᠎ᠡ ᠬᠤᠷᠠᠭ ᠤᠨ ᠬᠡᠳᠤᠨ ᠨᠠᠶᠢᠵᠠ ᠲᠠᠢ ᠪᠠᠨ ᠬᠠᠮᠲᠤ ᠶᠠᠷᠢᠯᠴᠠᠵᠤ ᠪᠠᠶᠢᠬᠤ ᠳᠤ ᠨᠢᠭᠡ ᠨᠢ᠄        — ᠴᠢ ᠲᠡᠶᠢᠮᠦ ᠨᠠᠰᠤ ᠪᠤᠯᠤᠭᠰᠠᠨ ᠬᠦᠮᠦᠨ ᠢ ᠳᠠᠭᠠᠵᠤ ᠭᠠᠳᠠᠭᠰᠢ ᠲᠤᠲᠤᠭᠰᠢ ᠶᠠᠪᠤᠭᠠᠳ ᠠᠶᠤᠬᠤ ᠦᠭᠡᠢ ᠪᠠᠶᠢᠨ᠎ᠠ ᠦᠦ︖ ᠳᠠᠬᠢᠪᠠᠯ ᠴᠢ ᠦᠭᠡᠷ᠎ᠡ ᠶᠠᠭᠤ ᠶᠢ ᠬᠢᠵᠦ ᠪᠤᠯᠬᠤ ᠦᠭᠡᠢ ᠪᠤᠢ︖ ᠵᠠᠪᠠᠯ ᠴᠡᠶᠢᠮᠤ ᠨᠠᠰᠤᠲᠠᠢ ᠬᠦᠮᠦᠨ ᠢ ᠳᠠᠭᠠᠵᠤ ᠠᠵᠢᠯ ᠬᠢᠳᠡᠭ ᠨᠢ︖        — ᠪᠠᠭᠰᠢ ᠮᠢᠨᠢ ᠮᠤᠩᠭᠤᠯ ᠰᠤᠶᠤᠯ ᠤᠨ ᠲᠦᠯᠦᠭᠡ ᠨᠠᠰᠤ ᠪᠠᠷ ᠢᠶᠠᠨ ᠵᠢᠤᠨᠬᠦᠵᠤ᠂ ᠰᠤᠶᠤᠯ ᠢᠶᠠᠨ ᠬᠡᠵᠤ ᠪᠠᠶᠢᠭ᠎ᠠ ᠬᠡᠨ ᠨᠢᠭᠡᠨ ᠢ ᠨᠢᠭᠡᠨ ᠠᠳᠠᠯᠢᠬᠠᠨ ᠬᠦᠨᠳᠦᠳᠭᠡᠳᠡᠭ᠃ ᠲᠡᠷᠡ ᠮᠦᠷᠳᠡᠭᠡᠨ ᠤᠳᠤ ᠲᠡᠯᠡᠬᠡᠢ ᠳᠤ ᠦᠭᠡᠢ ︽ᠮᠤᠩᠭᠤᠯ ᠦᠭᠡ ᠶᠢᠨ ᠪᠦᠷᠢᠨ ᠲᠤᠯᠢ︾ ᠶᠢ ᠨᠠᠶᠢᠷᠠᠭᠤᠯᠵᠤ ᠪᠠᠶᠢᠨ᠎ᠠ︕ ᠦᠭᠡᠷ᠎ᠡ ᠡᠭᠦᠨ ᠢ ᠡᠬᠢᠯᠡᠭᠦᠯᠵᠦ ᠬᠢᠬᠦ ᠵᠤᠷᠢᠭ ᠲᠠᠢ᠂ ᠳᠤᠷᠰᠢᠯᠭ᠎ᠠ ᠲᠠᠢ ᠬᠦᠮᠤᠨ ᠬᠡᠨ ᠪᠠᠶᠢᠨ᠎ᠠ ᠤᠤ︖ ᠡᠶᠢᠮᠦ ᠴᠢᠳᠠᠯᠲᠠᠢ ᠬᠦᠮᠦᠨ ᠢ ᠳᠠᠭᠠᠵᠤ᠂ ᠰᠤᠷᠴᠤ ᠬᠢᠵᠤ ᠶᠠᠪᠤᠨ᠎ᠠ ᠬᠡᠭᠴᠢ ᠴᠠᠭᠯᠠᠰᠢ ᠦᠬᠡᠢ ᠵᠠᠪᠰᠢᠶᠠᠨ᠂ ᠶᠠᠭᠤ ᠬᠡᠵᠤ ᠵᠠᠶᠢᠯᠠᠬᠤ ᠪᠢᠯᠡ︖        — ᠡᠶᠢᠮᠦ ᠰᠠᠶᠢᠬᠠᠨ ᠶᠠᠭᠤᠮ᠎ᠠ ᠬᠢᠵᠦ ᠪᠠᠶᠢᠬᠤ ᠶᠤᠮ ᠦᠦ︖ ᠪᠢ ᠴᠢᠨᠢ ᠴᠢᠮ᠎ᠠ ᠶᠢ ᠵᠦᠬᠡᠷ ᠠᠰᠠᠷᠠᠵᠤ ᠶᠠᠪᠤᠵᠤ ᠪᠠᠶᠢᠨ᠎ᠠ ᠭᠡᠵᠦ ᠪᠤᠳᠤᠯ᠎ᠠ ᠰᠢᠤ︕ ᠡᠪ ᠦᠭᠡᠢ ᠪᠤᠯᠤᠯ᠎ᠠ︕        — ᠳᠠᠷᠠ ᠬᠠᠮᠢᠶ᠎ᠠ ᠦᠭᠡᠢ᠂ ᠤᠳᠠᠯ ᠦᠭᠡᠢ ︽ᠮᠤᠩᠭᠤᠯ ᠦᠭᠡ ᠶᠢᠨ ᠪᠦᠷᠢᠨ ᠲᠤᠯᠢ︾ ᠶᠢ ᠨᠠᠶᠢᠷᠠᠭᠤᠯᠬᠤ ᠨᠡᠭᠡᠭᠡᠯᠲᠡ ᠶᠢᠨ ᠶᠤᠰᠤᠯᠠᠯ ᠢ ᠬᠢᠬᠦ ᠪᠤᠯᠤᠨ᠎ᠠ᠂ ᠳᠡᠬᠡᠬᠦ ᠳᠤ ᠨᠠᠶᠢᠬᠡᠮ ᠳᠠᠶᠠᠭᠠᠷ ᠲᠤ ᠮᠡᠳᠡᠷᠡᠭᠳᠡᠬᠦ ᠶᠤᠮ ᠡ︕        ᠳᠤᠯᠢ ᠪᠢᠴᠢᠭ ᠨᠠᠶᠢᠷᠠᠭᠤᠯᠵᠤ ᠪᠢᠴᠢᠬᠦ ᠨᠡᠭᠡᠭᠡᠯᠲᠡ ᠶᠢᠨ ᠶᠤᠰᠤᠯᠠᠯ ᠢ ᠤᠲᠤᠭ ᠤᠨ ᠡᠮᠦᠨᠡᠲᠦ ᠬᠤᠰᠢᠭᠤᠨ ᠤ ᠨᠢᠭᠡᠳᠦᠮᠡᠯ ᠹᠷᠤᠨᠲ ᠤᠨ ᠬᠡᠯᠲᠡᠰ ᠤᠨ ᠳᠠᠷᠤᠭ᠎ᠠ ᠲᠤᠳᠢ ᠡᠷᠬᠢᠯᠡᠵᠦ᠂ ᠦᠪᠦᠷ ᠮᠤᠩᠭᠤᠯ ᠤᠨ ᠦᠨᠳᠦᠰᠦᠲᠡᠨ ᠤ ᠬᠡᠷᠡᠭ ᠡᠷᠬᠢᠯᠡᠬᠦ ᠵᠦᠪᠯᠡᠯ ᠤᠨ ᠳᠡᠳ᠋ ᠡᠷᠬᠢᠯᠡᠭᠴᠢ ᠰᠠᠴᠤᠷᠠᠯᠲᠤ᠂ ᠦᠪᠦᠷ ᠮᠤᠩᠭᠤᠯ ᠤᠨ ᠬᠡᠪᠯᠡᠯ ᠤᠨ ᠬᠤᠷᠢᠶᠠᠨ ᠤ ᠳᠠᠷᠤᠭ᠎ᠠ ᠵᠢᠷᠤᠮᠲᠤ᠂ ︽ᠮᠤᠩᠭᠤᠯ ᠬᠡᠯᠡ ᠪᠢᠴᠢᠭ︾ ᠰᠡᠳᠬᠦᠯ ᠤᠨ ᠶᠡᠷᠦᠩᠬᠡᠢ ᠨᠠᠶᠢᠷᠠᠭᠤᠯᠤᠭᠴᠢ ᠯᠤᠪᠰᠠᠩᠳᠤᠩᠷᠤᠪ᠂ ᠲᠤᠯᠢ ᠪᠢᠴᠢᠭ ᠨᠠᠶᠢᠷᠠᠭᠤᠯᠬᠤ ᠬᠡᠯᠲᠡᠰ ᠤᠨ ᠡᠷᠬᠢᠯᠡᠭᠴᠢ ᠸᠠᠩ ᠱᠤ᠋ ᠴᠢᠨ᠂ ᠬᠤᠳᠠ ᠶᠢᠨ ᠦᠨᠳᠤᠰᠤᠳᠠᠨ ᠤ ᠬᠡᠷᠡᠭ ᠡᠷᠬᠢᠯᠡᠬᠦ ᠵᠦᠪᠯᠡᠯ ᠤᠨ ᠳᠡᠳ᠋ ᠡᠷᠬᠢᠯᠡᠭᠴᠢ ᠮᠦᠩᠬᠡᠴᠡᠴᠡᠭ ᠵᠡᠷᠭᠡ ᠬᠠᠮᠢᠶ᠎ᠠ ᠪᠦᠬᠦᠢ ᠤᠳᠤᠷᠢᠳᠤᠯᠭ᠎ᠠ᠂ ᠡᠷᠳᠡᠮᠲᠡᠨ ᠪᠠᠭᠰᠢ ᠨᠠᠷ ᠮᠤᠷᠢᠯᠠᠨ ᠰᠠᠭᠠᠲᠠᠵᠤ ᠡᠷᠬᠢᠮ ᠨᠠᠨᠳᠢᠨ ᠰᠠᠨᠠᠯ ᠵᠦᠪᠯᠡᠯᠬᠡ ᠪᠠᠨ ᠳᠤᠷᠠᠤᠨᠴᠠᠢ᠃ ᠢᠩᠬᠢᠵᠤ ᠮᠠᠨ ᠤ ᠲᠤᠯᠢ ᠪᠢᠴᠢᠭ ᠨᠠᠶᠢᠷᠠᠭᠤᠯᠬᠤ ᠠᠵᠢᠯ ᠵᠢᠩᠬᠢᠨᠢ ᠪᠠᠷ ᠡᠭᠦᠳᠡ ᠪᠠᠨ ᠨᠡᠭᠡᠭᠡᠵᠦ ᠡᠷᠦᠭᠡ ᠪᠠᠨ ᠰᠡᠭᠦᠭᠰᠡᠨ ᠶᠤᠮ᠃ ᠪᠠᠭᠰᠢ ᠠᠴᠠ ᠲᠦᠮᠡᠨ ᠳᠠᠪᠬᠤᠷ ᠠᠰᠠᠷ ᠪᠠᠶᠢᠪᠠᠴᠤ ᠰᠠᠭᠤᠷᠢ ᠨᠢ ᠴᠢᠬᠤᠯᠠ ᠰᠢᠤ︕ ᠡᠨᠡ ᠨᠡᠭᠡᠭᠡᠯᠲᠡ ᠶᠢᠨ ᠶᠤᠰᠤᠯᠠᠯ ᠢ ᠬᠢᠭᠰᠡᠨ ᠪᠤᠯᠬᠤᠷ ᠬᠤᠶᠢᠰᠢᠳᠠ ᠶᠢᠨ ᠠᠵᠢᠯ ᠢᠯᠭᠤᠮ ᠤᠷᠤᠭᠰᠢᠲᠠᠢ ᠶᠠᠪᠤᠭᠳᠠᠵᠤ ᠴᠢᠳᠠᠨ᠎ᠠ ᠭᠡᠯ᠎ᠡ︕        ᠶᠤᠰᠤᠯᠠᠯ ᠤᠨ ᠳᠠᠷᠠᠭ᠎ᠠ ᠪᠢᠳᠠᠨ ᠴᠤ ᠤᠷᠮ᠎ᠡ ᠲᠡᠭᠦᠯᠳᠡᠷ ᠠᠵᠢᠯ ᠳᠤ ᠪᠠᠨ ᠤᠷᠤᠵᠤ᠂ ᠤᠲᠤᠭ ᠤᠨ ᠡᠮᠦᠨᠡᠲᠦ ᠬᠤᠰᠢᠭᠤᠨ ᠤ ᠤᠷᠴᠢᠭᠤᠯᠭ᠎ᠠ ᠶᠢᠨ ᠲᠦᠪ ᠤᠨ ᠪᠠᠲᠤᠴᠢᠯᠠᠭᠤ ᠪᠠᠭᠰᠢ ᠶᠢ ᠤᠷᠢᠵᠤ᠂ ᠬᠢᠨᠠᠬᠤ ᠠᠵᠢᠯ ᠢ ᠲᠤᠬᠢᠷᠠᠭᠠᠬᠤ ᠶᠢᠨ ᠬᠠᠮᠲᠤ ᠨᠡᠶᠢᠭᠡᠮ ᠠᠴᠠ ᠰᠢᠯᠢᠳᠡᠭ ᠵᠠᠯᠠᠭᠤᠴᠤᠳ ᠢ ᠡᠯᠰᠡᠵᠤ᠂ ᠤᠲᠤᠭ ᠤᠨ ᠡᠮᠦᠨᠡᠲᠤ ᠬᠤᠰᠢᠭᠤᠨ ᠤ ᠬᠠᠮᠢᠶ᠎ᠠ ᠪᠦᠬᠦᠢ ᠤᠳᠤᠷᠢᠳᠤᠯᠭ᠎ᠠ ᠶᠢᠨ ᠳᠡᠮᠵᠢᠯᠭᠡ ᠪᠠᠷ ᠠᠯᠪᠠᠯᠠᠬᠤ ᠺᠤᠮᠫᠢᠦ᠋ᠲ᠋ᠧᠷ᠂ ᠴᠠᠯᠢᠩ ᠮᠦᠩᠬᠦᠨ ᠤ ᠠᠰᠠᠭᠤᠳᠠᠯ ᠢ ᠴᠤ ᠰᠢᠢᠳᠪᠦᠷᠢᠯᠡᠨ ᠳᠡᠮᠵᠢᠭᠰᠡᠨ ᠶᠤᠮ᠃ ᠡᠭᠦᠨ ᠤ ᠳᠠᠭᠠᠤ ᠮᠤᠩᠭᠤᠯ ᠰᠤᠹᠲ ᠮᠡᠷᠭᠡᠵᠢᠯ ᠢᠶᠠᠷ ᠠᠵᠢᠯᠯᠠᠵᠤ ᠪᠠᠶᠢᠭ᠎ᠠ ᠵᠠᠩᠬᠢ ᠮᠡᠷᠭᠡᠵᠢᠯ ᠤᠨ ᠭᠠᠷᠮᠠᠭᠠᠢ ᠴᠢᠳᠠᠪᠤᠷᠢᠲᠠᠨ ᠤᠷᠬᠤᠨ ᠺᠤᠮᠫᠠᠨᠢ ᠶᠢᠨ ᠤᠷᠬᠢᠯ ᠵᠠᠬᠢᠷᠤᠯ᠂ ᠠᠴᠢᠲᠠᠢ ᠰᠢᠨᠵᠢᠯᠡᠭᠡ ᠮᠡᠷᠭᠡᠵᠢᠯ ᠤᠨ ᠺᠤᠮᠫᠠᠨᠢ ᠶᠢᠨ ᠪᠠᠶ᠋ᠬᠠᠭᠤᠯᠠ ᠵᠠᠬᠢᠷᠤᠯ ᠵᠡᠷᠭᠡ ᠬᠦᠮᠦᠰ ᠤᠨ ᠬᠠᠯᠠᠭᠤᠨ ᠳᠡᠮᠵᠢᠯᠬᠡ ᠶᠢ ᠤᠯᠤᠭᠰᠠᠨ ᠶᠤᠮ᠃ 2019 ᠤᠨ ᠤ ᠵᠢᠯ ᠤᠨ ᠡᠴᠦᠰ ᠪᠤᠯᠬᠤ ᠳᠤ ᠪᠢᠳᠠ ᠰᠠᠭᠤᠷᠢ ᠠᠵᠢᠯ ᠢᠶᠠᠨ ᠦᠨᠳᠦᠰᠦᠨ ᠳᠤ ᠪᠠᠨ ᠳᠠᠭᠤᠰᠬᠠᠵᠤ ᠪᠠᠶᠢᠭᠰᠠᠨ ᠪᠤᠯᠬᠤᠷ ᠪᠠᠭᠰᠢ ᠲᠤᠬᠢᠶᠠᠯ ᠲᠠᠭᠠᠷᠠᠪᠠᠯ ᠬᠦᠬᠡᠬᠤᠲᠠ ᠳᠤ ᠤᠴᠢᠵᠤ ᠪᠠᠶᠢᠳᠠᠯ ᠢᠶᠠᠨ ᠬᠠᠷᠢᠭᠤ ᠮᠡᠳᠡᠭᠦᠯᠦᠨ ᠠᠵᠢᠯ ᠤᠨ ᠠᠮᠵᠢᠯᠲᠠ ᠪᠠᠨ ᠦᠵᠡᠭᠦᠯᠦᠨ᠎ᠡ ᠭᠡᠵᠦ ᠲᠦᠯᠦᠪᠯᠡᠵᠦ ᠪᠠᠶᠢᠭᠰᠠᠨ ᠶᠤᠮ᠃ ᠰᠠᠶᠢᠨ ᠶᠠᠪᠤᠳᠠᠯ ᠤᠨ ᠴᠠᠭ ᠬᠦᠭ ᠲᠠᠭᠠᠷᠠᠬᠤ ᠶᠢᠨ ᠰᠠᠶᠢᠬᠠᠨ ᠢ ᠦᠬᠦᠯᠡᠬᠦ ᠶᠠᠭᠤᠨ ᠪᠠᠶᠢᠬᠤ ᠳ᠋ᠠ︕ ᠶᠠᠭ ᠰᠠᠶᠢᠬᠠᠨ ᠦᠭᠡᠯᠵᠢᠨ ᠰᠠᠷ᠎ᠠ ᠶᠢᠨ ᠬᠤᠷᠢᠨ ᠬᠤᠶᠠᠷ ᠤᠨ ᠥᠷᠯᠦᠭᠡ ︽ᠮᠤᠩᠭᠤᠯ ᠬᠢᠲᠠᠳ ᠬᠠᠷᠢᠴᠠᠭᠤᠯᠤᠭᠰᠠᠨ ᠤᠷᠳᠤᠰ ᠠᠷᠠᠳ ᠤᠨ ᠮᠢᠩᠭᠠᠨ ᠳᠠᠭᠤᠤ︾ ᠶᠢ ᠬᠡᠪᠯᠡᠵᠦ ᠳᠠᠭᠤᠰᠤᠯ᠎ᠠ ᠭᠡᠰᠡᠨ ᠴᠢᠮᠡᠭᠡ ᠤᠯᠵᠡᠢ᠃        2020 ᠤᠨ ᠤ 1 ᠰᠠᠷ᠎ᠠ ᠶᠢᠨ 17 ︵ᠰᠢᠷᠠᠭᠴᠢᠨ ᠭᠠᠭ᠋ᠠᠢ ᠵᠢᠯ ᠤᠨ ᠦᠭᠡᠯᠵᠢᠨ ᠰᠠᠷ᠎ᠠ ᠶᠢᠨ ᠬᠤᠷᠢᠨ ᠭᠤᠷᠪᠠᠨ︶ ᠳᠤ ᠪᠢᠳᠠ ᠭᠤᠷᠪᠠᠭᠤᠯᠠ ᠬᠦᠬᠡᠬᠤᠲᠠ ᠶᠢ ᠵᠤᠷᠢᠯ᠎ᠠ᠃ ᠡᠨᠡ ᠰᠢᠨ᠎ᠡ ᠬᠠᠭᠤᠴᠢᠨ ᠤ ᠵᠠᠭᠠᠭ ᠵᠠᠪᠰᠠᠷ ᠢᠶᠠᠷ ᠭᠠᠳᠠᠭᠰᠢ ᠲᠤᠲᠤᠭᠰᠢ ᠶᠠᠪᠤᠳᠠᠭ ᠶᠠᠮᠠᠷ ᠬᠦᠮᠦᠰ ᠶᠤᠮ ᠭᠡᠵᠦ ᠵᠠᠮ ᠳᠤ ᠲᠠᠭᠠᠷᠠᠭᠰᠠᠨ ᠤᠯᠠᠨ ᠤ ᠰᠢᠭᠦᠮᠵᠢᠯᠡᠯ᠂ ᠱᠤᠭ ᠪᠤᠯᠵᠤ ᠪᠠᠶᠢᠳᠠᠭ ᠤᠨ ᠤᠴᠢᠷ ᠭᠡᠪᠡᠯ ᠬᠡᠪᠯᠡᠬᠦ ᠦᠢᠯᠡᠳᠪᠦᠷᠢ ᠬᠤᠶᠠᠷ ᠬᠤᠨᠤᠭ ᠠᠴᠠ ᠴᠠᠭᠠᠨ ᠰᠠᠷ᠎ᠠ ᠶᠢᠨ ᠴᠢᠯᠦᠭᠡ ᠲᠠᠯᠪᠢᠨ᠎ᠠ᠃ ᠲᠡᠭᠡᠬᠦᠯᠡᠷ ᠪᠢᠳᠠ ᠡᠨᠡ ᠴᠠᠭ ᠢ ᠠᠮᠵᠢᠬᠤ ᠦᠭᠡᠢ ᠪᠠᠶᠢᠬᠤ ᠶᠢᠨ ᠠᠷᠭ᠎ᠠ ᠦᠭᠡᠢ ᠪᠤᠯᠤᠭᠰᠠᠨ ᠶᠤᠮ᠃ ᠴᠠᠭᠠᠨ ᠰᠠᠷ᠎ᠠ ᠦᠩᠭᠡᠷᠡᠭᠡᠳ ᠠᠪᠤᠨ᠎ᠡ ᠭᠡᠬᠦᠯᠡᠷ ᠪᠠᠷᠤᠭ ᠰᠠᠷ᠎ᠠ ᠰᠢᠬᠠᠮ ᠬᠦᠯᠢᠶᠡᠬᠦ ᠮᠦᠷᠳᠡᠭᠡᠨ ᠬᠢᠵᠢᠭ ᠡᠪᠡᠳᠴᠢᠨ ᠤ ᠲᠤᠬᠠᠢ ᠬᠡᠯᠡᠯᠴᠡᠵᠦ ᠪᠠᠶᠢᠭᠰᠠᠨ ᠪᠤᠯᠬᠤᠷ ᠭᠡᠨᠡᠳᠲᠡ ᠶᠢᠨ ᠪᠠᠶᠢᠳᠠᠯ ᠭᠠᠷᠴᠤ ᠨᠤᠮ ᠢᠶᠠᠨ ᠠᠪᠬᠤ ᠴᠠᠭ ᠬᠡᠳᠡᠷᠬᠡᠯᠡᠬᠦ ᠠᠴᠠ ᠪᠤᠯᠭᠤᠮᠵᠢᠯᠠᠵᠤ ᠪᠢᠯᠡ᠃ ᠨᠤᠮ ᠢᠶᠠᠨ ᠲᠠᠲᠠᠵᠤ ᠬᠠᠷᠢᠬᠤ ᠤᠴᠢᠷ ᠢᠶᠠᠨ ᠰᠢᠢᠳᠪᠦᠷᠢᠯᠡᠭᠡᠳ ᠪᠠᠰᠦᠲᠡᠢ ᠬᠠᠰᠪᠢᠯᠢᠭ᠌᠂ ᠸᠠᠩ ᠱᠤ᠋ ᠴᠢᠨ ᠵᠡᠷᠭᠡ ᠪᠠᠭᠰᠢ ᠨᠠᠷ ᠲᠤ ᠠᠵᠢᠯ ᠤᠨ ᠬᠠᠷᠢᠭᠤ ᠮᠡᠳᠡᠭᠦᠯᠦᠯᠲᠡ ᠪᠠᠨ ᠬᠢᠵᠦ᠂ ︽ᠮᠤᠩᠭᠤᠯ ᠦᠭᠡ ᠶᠢᠨ ᠪᠦᠷᠢᠨ ᠲᠤᠯᠢ︾ ᠨᠠᠶᠢᠷᠠᠭᠤᠯᠬᠤ ᠶᠠᠪᠤᠴᠠ ᠳᠤ  ᠳᠤᠯᠭᠠᠷᠠᠵᠤ ᠪᠠᠶᠢᠭ᠎ᠠ ᠮᠠᠳᠠᠭ ᠲᠠᠢ ᠵᠦᠢᠯ ᠢᠶᠠᠨ ᠶᠠᠷᠢᠯᠴᠠᠬᠤ ᠶᠢᠨ ᠬᠠᠮᠲᠤ ︽ᠮᠤᠩᠭᠤᠯ ᠵᠦᠪ ᠪᠢᠴᠢᠯᠭᠡ ᠶᠢᠨ ᠲᠤᠯᠢ︾ ︵ᠨᠡᠮᠡᠨ ᠵᠠᠰᠠᠭᠰᠠᠨ ᠳᠡᠪᠲᠡᠷ︶ ᠳᠤ ᠢᠯᠡᠷᠡᠭᠦᠯᠦᠭᠰᠡᠨ ᠠᠰᠠᠭᠤᠳᠠᠯ ᠢᠶᠠᠨ ᠲᠤᠰᠬᠠᠵᠠᠢ᠃ ᠤᠴᠢᠷ ᠨᠢ ᠤᠳᠠᠯ ᠦᠭᠡᠢ ᠲᠤᠰ ᠲᠤᠯᠢ  ᠪᠢᠴᠢᠭ ᠲᠤ ᠵᠠᠰᠠᠪᠤᠷᠢ ᠤᠷᠤᠭᠤᠯᠤᠨ ᠴᠢᠨᠠᠷᠯᠢᠭ ᠬᠡᠪᠯᠡᠬᠦᠯᠬᠦ ᠡᠭᠦᠳᠡᠨ ᠠᠴᠠ ᠬᠠᠷᠢᠯᠴᠠᠨ ᠨᠢᠭᠡ ᠨᠢᠭᠡᠨ ᠤ ᠪᠠᠨ ᠠᠵᠢᠯ ᠢ ᠳᠡᠮᠵᠢᠵᠦ ᠪᠠᠶᠢᠭ᠎ᠠ ᠨᠢ ᠡᠨᠡ ᠪᠢᠯᠡ᠃         ᠰᠢᠯ ᠵᠡᠭᠦᠭᠡᠳ ᠬᠤᠷᠢ ᠬᠤᠨᠤᠭᠰᠠᠨ ᠦᠭᠡᠢ ᠪᠠᠷ ᠰᠠᠶ᠋ᠢᠬᠢ ᠦᠨᠡᠲᠡᠢ ᠰᠢᠯ ᠶᠠᠭ ᠬᠡᠷᠡᠭ ᠦᠭᠡᠢ ᠪᠤᠯᠴᠢᠬᠠᠯ᠎ᠠ᠃ ᠪᠠᠷᠤᠭ ᠨᠢᠭᠡ ᠮᠡᠭᠡᠯᠡᠭᠳᠡᠴᠢᠭᠡᠯ᠎ᠡ︕ ᠬᠦᠬᠡᠬᠤᠲᠠ ᠤᠷᠤᠪᠠᠯ ᠰᠠᠶ᠋ᠢᠬᠢ ᠰᠢᠯ ᠤᠨ ᠳᠡᠯᠭᠡᠬᠦᠷ ᠲᠤ ᠤᠴᠢᠵᠤ ᠲᠠᠬᠢᠵᠤ ᠨᠢᠭᠡ ᠰᠤᠯᠢᠭᠤᠯᠤᠶ᠎ᠠ ᠭᠡᠵᠦ ᠪᠠᠶᠢᠭᠰᠠᠨ ᠢᠶᠠᠨ ᠡᠨᠡ ᠤᠳᠠᠭ᠎ᠠ ᠨᠢᠳᠤᠨ ᠰᠢᠯ ᠤᠨ ᠳᠡᠯᠭᠡᠭᠦᠷ ᠲᠤ ᠲᠠᠬᠢᠨ ᠤᠴᠢᠯ᠎ᠠ᠃        — ᠨᠢᠳᠦ ᠪᠠᠨ ᠬᠡᠷᠡᠭᠯᠡᠵᠤ ᠦᠵᠡᠬᠦ ᠶᠢᠨ ᠲᠦᠯᠦᠭᠡ ᠠᠪᠤᠭᠰᠠᠨ ᠰᠢᠯ ᠶᠠᠮᠠᠷ ᠶᠠ ᠬᠡᠷᠡᠭ ᠦᠭᠡᠢ᠂ ᠪᠢ ᠬᠠᠮᠠᠭᠠᠯᠠᠳᠠᠭ ᠢ ᠨᠢ ᠠᠪᠬᠤ ᠦᠭᠡᠢ᠂ ᠦᠵᠡᠳᠡᠭ ᠢ ᠨᠢ ᠠᠪᠤᠶ᠎ᠠ︕        — ᠪᠢ ᠨᠢᠭᠡ ᠪᠠᠶᠢᠴᠠᠭᠠᠵᠤ ᠦᠵᠡᠶ᠎ᠡ ᠠ︕        — ᠲᠠᠨ ᠤ ᠨᠢᠳᠤ ᠨᠢᠭᠡᠨᠲᠡ ᠬᠦᠭᠰᠢᠷᠡᠭᠡᠳ ᠡᠭᠦᠨ ᠠᠴᠠ ᠳᠤᠳᠤ ᠦᠵᠡᠬᠦ ᠪᠤᠯᠤᠮᠵᠢ ᠦᠭᠡᠢ ᠪᠤᠯᠤᠭᠰᠠᠨ᠂ ᠤᠳᠤ ᠶᠢᠨ ᠡᠨᠡ ᠪᠠᠶᠢᠳᠠᠯ ᠢᠶᠠᠷ ᠰᠠᠶᠢᠨ ᠬᠠᠮᠠᠭᠠᠯᠠᠬᠤ ᠯᠠ ᠴᠢᠬᠤᠯᠠᠲᠠᠢ᠃ ᠦᠭᠡᠢ ᠪᠤᠯ ᠡᠭᠦᠨ ᠤ ᠬᠢᠷᠢ ᠴᠤ ᠦᠵᠡᠵᠦ ᠳᠡᠶᠢᠯᠬᠦ ᠦᠭᠡᠢ ᠪᠤᠯᠴᠢᠬᠠᠪᠠᠯ ᠬᠡᠳᠦᠢ ᠬᠠᠶᠢᠷᠠᠨ ᠪᠤᠢ︖        — ᠵᠠ᠂ ᠴᠢ ᠦᠵᠡᠭᠦᠢ︕ ᠳᠡᠭᠡᠷ᠎ᠡ ᠤᠳᠠᠭ᠎ᠠ ᠴᠢᠨᠤ ᠬᠡᠯᠡᠭᠰᠡᠨ ᠢᠶᠠᠷ ᠬᠦᠩᠭᠡᠨ ᠰᠢᠭ ᠢ ᠨᠢ ᠠᠪᠤᠭᠰᠠᠨ ᠪᠤᠯ ᠲᠠᠭᠠᠷᠠᠬᠤ ᠪᠠᠶᠢᠵᠠᠢ︕ ᠤᠳᠤ ᠶᠠᠪᠤᠶ᠎ᠠ ᠭᠡᠳ ᠨᠢᠷᠤᠭᠤ ᠪᠠᠨ ᠡᠭᠦᠷᠴᠦ ᠢᠰᠭᠡᠷᠦᠭᠡᠳ ᠳᠡᠯᠭᠡᠭᠦᠷ ᠠᠴᠠ ᠭᠠᠷᠤᠭᠰᠠᠨ ᠶᠤᠮ᠃        ᠨᠢᠭᠡ ᠮᠡᠳᠡᠬᠦ ᠳᠤ ᠪᠠᠭᠰᠢ ᠲᠠᠢ ᠬᠠᠮᠲᠤ ᠠᠵᠢᠯ ᠠᠮᠢᠳᠤᠷᠠᠯ ᠢᠶᠠᠨ ᠬᠢᠬᠡᠳ ᠳᠦᠷᠪᠡᠨ ᠵᠢᠯ ᠤᠨ ᠨᠢᠭᠤᠷ ᠢ ᠦᠵᠡᠵᠡᠢ᠃ ᠡᠳᠡᠭᠡᠷ ᠴᠠᠭ ᠮᠦᠴᠡ ᠳᠤ ᠬᠠᠮᠲᠤ ᠳᠤ ᠪᠠᠨ ᠢᠨᠢᠶᠡᠯᠴᠡᠵᠤ ᠬᠦᠬᠡᠷᠤᠯᠳᠤᠵᠤ᠂ ᠴᠤᠤᠬᠢᠯᠴᠠᠵᠤ ᠶᠤᠷᠬᠢᠯᠴᠠᠵᠤ ᠪᠠᠶᠢᠭᠰᠠᠨ ᠴᠤ ᠬᠢᠨ᠎ᠡ ᠭᠡᠵᠦ ᠰᠠᠨᠠᠭᠰᠠᠨ ᠵᠦᠢᠯ ᠢᠶᠠᠨ ᠭᠦᠢᠴᠡᠳᠭᠡᠵᠦ ᠰᠡᠳᠬᠢᠯ ᠬᠠᠩᠭᠠᠯᠤᠭᠤᠨ ᠶᠠᠪᠤᠵᠡᠢ᠃ ᠡᠨᠡ ᠨᠢ ᠪᠠᠭᠰᠢ ᠱᠠᠪᠢ ᠶᠢᠨ ᠬᠤᠭᠤᠷᠤᠨᠳᠤᠬᠢ ᠦᠶ᠎ᠡ ᠵᠠᠭᠠᠭ ᠤᠨ ᠡᠷᠡᠭᠡ ᠵᠢᠷᠤᠭ᠎ᠠ ᠶᠢ ᠦᠬᠡᠶᠢᠰᠬᠡᠵᠤ᠂ ᠰᠠᠨᠠᠭᠰᠠᠨ ᠪᠤᠳᠤᠭᠰᠠᠨ ᠢᠶᠠᠨ ᠰᠢᠭᠤᠳ ᠰᠤᠯᠢᠯᠴᠠᠬᠤ ᠪᠤᠯᠭᠠᠵᠠᠢ᠃ ᠡᠨᠡ ᠦᠶᠡᠰ ᠪᠤᠯᠬᠤ ᠳᠤ ᠬᠢᠨ᠎ᠡ ᠭᠡᠵᠦ ᠰᠠᠨᠠᠭᠰᠠᠨ ᠵᠦᠢᠯ ᠢᠶᠠᠨ ᠬᠢᠬᠦ ᠳᠤ ᠶᠤᠰᠤᠲᠠᠢ ᠲᠠᠪᠢ ᠶᠢᠨ ᠤᠬᠠᠭ᠎ᠠ ᠬᠤᠷᠢᠨ ᠲᠠᠪᠤ ᠶᠢᠨ ᠬᠦᠴᠦ ᠪᠦᠷᠢᠳᠦᠭᠰᠡᠨ ᠡᠩᠨᠡᠭᠡ ᠭᠡᠵᠦ ᠪᠤᠯᠬᠤ ᠶᠤᠮ᠃ ᠪᠠᠭᠰᠢ ᠶᠢᠨ ᠬᠠᠷᠠᠴᠠ᠂ ᠬᠦᠳᠡᠯᠬᠦ ᠠᠬᠤᠢ ᠪᠠᠶᠢᠳᠠᠯ ᠠᠴᠠ ᠨᠢ ᠶᠠᠭᠤ ᠬᠢᠬᠦ᠂ ᠶᠠᠭᠤ ᠰᠠᠨᠠᠵᠤ ᠪᠠᠶᠢᠬᠤ ᠶᠢ ᠨᠢ ᠭᠠᠳᠠᠷᠯᠠᠬᠤ ᠪᠤᠯᠤᠭᠰᠠᠨ ᠤ ᠳᠡᠭᠡᠷ᠎ᠡ ᠠᠮᠢᠳᠤᠷᠠᠯ ᠳᠤ ᠪᠠᠨ ᠨᠠᠳᠠ ᠠᠴᠠ ᠰᠠᠯᠵᠤ ᠴᠢᠳᠠᠬᠤ ᠦᠭᠡᠢ ᠬᠡᠮᠵᠢᠶᠡᠨ ᠳᠤ ᠬᠦᠷᠴᠡᠢ᠃        ᠨᠠᠰᠤᠲᠠᠢ ᠪᠤᠯᠤᠭᠰᠠᠨ ᠬᠦᠮᠦᠨ ᠶᠡᠭᠡ ᠭᠠᠭᠴᠠᠭᠠᠷᠳᠠᠳᠠᠭ ᠶᠤᠮ ᠪᠠᠶᠢᠨ᠎ᠠ᠃ ᠵᠤᠨ ᠤ ᠠᠭᠤᠷ ᠤᠷᠤᠬᠤ ᠦᠶ᠎ᠡ ᠪᠠᠷ᠂ ᠦᠳᠡ ᠶᠢᠨ ᠬᠤᠶᠢᠨ᠎ᠠ ᠠᠵᠢᠯ ᠢᠶᠠᠨ ᠪᠠᠷᠠᠭᠠᠭᠠᠳ ᠨᠤᠮ ᠤᠨ ᠠᠰᠠᠷ ᠠᠴᠠ ᠪᠠᠭᠤᠬᠤ ᠳᠤ ᠪᠠᠭᠰᠢ ᠠᠰᠠᠷ ᠤᠨ ᠭᠠᠳᠠᠨ᠎ᠠ ᠱᠠᠲᠤᠨ ᠳᠡᠭᠡᠷ᠎ᠡ ᠰᠡᠭᠦᠳᠡᠷᠯᠡᠵᠦ ᠵᠡᠭᠡᠯᠢ ᠶᠢᠨ ᠵᠤᠷᠴᠢᠬᠴᠢᠳ ᠢ ᠭᠠᠶᠢᠬᠠᠨ ᠰᠠᠭᠤᠵᠤ ᠪᠠᠶᠢᠪᠠ᠃ ᠬᠠᠵᠠᠭᠤ ᠳᠤ ᠨᠢ ᠢᠷᠡᠵᠦ ᠰᠠᠭᠤᠬᠤᠯᠠᠷ᠄        — ᠬᠠᠷᠢᠵᠤ ᠪᠤᠳᠠᠭ᠎ᠠ ᠪᠠᠨ ᠴᠢᠨᠠᠬᠤ ᠦᠭᠡᠢ ᠶᠤᠮ ᠦᠦ︖ ᠴᠢ ᠴᠢᠨᠢ ᠡᠷᠡᠭᠲᠡᠢ ᠭᠡᠷ ᠤᠨ ᠡᠵᠡᠭᠲᠡᠢ ᠭᠡᠳᠡᠭ ᠸᠠ︖ ᠭᠡᠳ ᠰᠢᠩᠬᠡᠨ ᠬᠤᠭᠤᠯᠠᠢ ᠪᠠᠷ ᠢᠨᠢᠶᠡᠵᠦ ᠪᠠᠶᠢᠯ᠎ᠠ᠃        — ᠦᠭᠡᠢ ᠯᠠ᠂ ᠴᠠᠭ ᠡᠷᠲᠡ ᠪᠠᠶᠢᠨ᠎ᠠ᠂ ᠡ᠊ᠨᠳᠡ ᠪᠠᠭᠰᠢ ᠲᠠᠢ ᠶᠠᠷᠢᠯᠴᠠᠵᠤ ᠰᠠᠭᠤᠭᠠᠳ ᠡᠬᠡᠨᠡᠷ ᠠᠵᠢᠯ ᠠᠴᠠ ᠪᠠᠨ ᠪᠠᠭᠤᠬᠤ ᠶᠢ ᠨᠢ  ᠬᠦᠯᠢᠶᠡᠶ᠎ᠡ᠃        — ᠠᠶ ᠶᠠ︕ ᠲᠡᠷᠡ ︽ᠵᠢᠷᠠ ᠶᠢᠨ ᠡᠭᠦᠰᠬᠡᠯ ᠲᠡᠭᠦᠰᠭᠡᠯ︾ ᠭᠡᠰᠡᠨ ᠨᠤᠮ ᠳᠤ ᠨᠢᠭᠡ ᠬᠦᠰᠦᠨᠦᠭ ᠪᠠᠶᠢᠬᠤ᠂ ᠲᠡᠭᠦᠨ ᠤ ᠲᠤᠳᠤᠷ᠎ᠠ ᠨᠢᠭᠡ ᠬᠦᠮᠦᠨ ᠤ ᠲᠤᠬᠠᠢ ᠠᠰᠠᠭᠤᠭᠠᠳ ᠦᠭᠭᠦᠶ᠎ᠡ ᠭᠡᠰᠡᠨ ᠴᠢᠨᠢ ᠠᠰᠠᠭᠤᠬᠤ ᠬᠦᠮᠦᠨ ᠶᠡ ᠤᠯᠳᠠᠳᠠᠭ ᠴᠤ ᠦᠭᠡᠢ᠂ ᠭᠡᠴᠡᠭᠦᠦ ᠪᠠᠶᠢᠨ᠎ᠠ ᠰᠢᠤ︕        — ᠶᠠᠭᠠᠬᠢᠴᠢᠬᠠᠪᠠ︖ ᠵᠢᠷᠠ ᠨᠤᠲᠤᠭ ᠤᠨ ᠬᠦᠮᠦᠨ ᠪᠠᠶᠢᠬᠤ ᠯᠠ ᠪᠠ ᠳ᠋ᠠ︕ ᠨᠠᠰᠤᠲᠠᠢ ᠬᠦᠮᠦᠨ ᠢ ᠤᠯᠵᠤ ᠠᠰᠠᠭᠤᠪᠠᠯ ᠮᠡᠳᠡᠴᠢᠭᠡᠬᠦ ᠪᠢᠰᠢ ᠦᠦ︖        — ᠠᠢ︕ ᠴᠢ ᠨᠢᠭᠡ ᠶᠠᠭᠤᠮ᠎ᠠ ᠶᠢ ᠮᠡᠳᠡᠵᠦ ᠠᠪ︕ ᠨᠢᠭᠡ ᠦᠶ᠎ᠡ ᠶᠢᠨ ᠬᠦᠮᠦᠨ ᠦᠬᠦᠭᠡᠳ ᠪᠠᠷᠠᠭᠳᠠᠬᠤ ᠳᠤ ᠦᠯᠡᠳᠡᠭᠰᠡᠨ ᠨᠢᠭᠡ ᠨᠢ ᠶᠡᠭᠡ ᠭᠠᠭᠴᠠᠭᠠᠷᠳᠠᠨ᠎ᠠ︕ ᠶᠠᠷᠢᠯᠴᠠᠬᠤ ᠦᠭᠡ ᠴᠤ ᠦᠭᠡᠢ ᠪᠤᠯᠴᠢᠬᠠᠨ᠎ᠠ᠂ ᠦᠭᠡ ᠬᠠᠮᠠᠷ ᠶᠠ ᠨᠡᠶᠢᠯᠡᠵᠦ ᠢᠷᠡᠬᠦ ᠶᠤᠮ ᠪᠢᠰᠢ ᠪᠠᠶᠢᠨ᠎ᠠ︕ ᠨᠠᠳᠠ ᠠᠴᠠ ᠵᠢᠭᠠᠬᠠᠨ ᠪᠠᠭ᠎ᠠ ᠰᠢᠭ᠋ ᠨᠢᠭᠡᠨ ᠠᠴᠠ ᠨᠢ ᠠᠰᠠᠭᠤᠬᠤ ᠳᠤ ᠮᠡᠳᠡᠳᠡᠭ ᠬᠦᠮᠦᠨ ᠦᠭᠡᠢ︕        — ᠤᠳᠤ ᠪᠤᠯᠤᠭᠰᠠᠨ ᠬᠤᠶᠢᠨ᠎ᠠ ᠲᠡᠭᠦᠨ ᠳᠤ ᠠᠷᠭ᠎ᠠ ᠪᠠᠶᠢᠬᠤ ᠦᠭᠡᠢ︕ ᠤᠳᠤ ᠴᠤ ᠶᠡᠭᠡ ᠵᠦᠭᠡᠷ ᠪᠠᠶᠢᠨ᠎ᠠ ᠰᠢᠳᠠ︕ ᠭᠠᠯ ᠨᠠᠰᠤᠨ ᠳᠤ ᠪᠠᠨ ᠪᠠᠶᠢᠬᠤ ᠵᠠᠯᠠᠭᠤᠴᠤᠳ ᠤᠨ ᠳᠤᠮᠳᠠ ᠬᠦᠭᠡᠷᠴᠦ ᠨᠠᠰᠤ ᠪᠠᠨ ᠮᠠᠷᠲᠠᠴᠢᠬᠠᠭᠰᠠᠨ᠂ ᠦᠪᠡᠷ ᠤᠨ ᠰᠠᠨᠠᠭᠰᠠᠨ ᠵᠦᠢᠯᠡᠰ ᠢᠶᠠᠨ ᠬᠢᠵᠦ ᠪᠠᠶᠢᠬᠤ ᠳᠤ ᠰᠡᠳᠬᠢᠯ ᠳᠦᠬᠦᠷᠡᠩ ᠪᠠᠶᠢᠬᠤ ᠨᠢ ᠲᠠᠭᠠᠷᠠᠨ᠎ᠠ ᠰᠢᠤ︕         — ᠠᠢ︕ ᠴᠢᠨᠤ ᠢᠩᠬᠢᠵᠦ ᠬᠡᠯᠡᠵᠦ ᠪᠠᠶᠢᠬᠤ ᠨᠢ ᠴᠤ ᠰᠠᠶᠢᠨ ᠰᠠᠨᠠᠭ᠎ᠠ︕ ᠡᠭᠦᠨ ᠢ ᠪᠢ ᠮᠡᠳᠡᠵᠦ ᠪᠠᠶᠢᠨ᠎ᠠ︕ 85 ᠦᠩᠭᠡᠷᠡᠭᠰᠡᠭᠡᠷ ᠪᠡᠶ᠎ᠡ ᠮᠠᠭᠤᠳᠠᠭᠠᠳ ᠴᠠᠭᠠᠨ᠎ᠠ ᠪᠠᠨ ᠭᠤᠷᠢ ᠦᠭᠡᠢ ᠪᠤᠯᠴᠢᠬᠠᠯ᠎ᠠ᠃ ᠤᠳᠤ ᠬᠡᠳᠦᠢ ᠳᠡᠰᠬᠦ ᠳ᠋ᠤᠤ︕ ᠪᠢ ᠠᠮᠢᠳᠤ ᠪᠠᠶᠢᠬᠤᠯᠠᠷ ᠴᠢ ᠪᠡᠯᠡᠨ ᠠᠰᠠᠭᠤᠬᠤ ᠬᠦᠮᠦᠨ ᠲᠠᠢ ᠪᠠᠶᠢᠨ᠎ᠠ ᠭᠡᠵᠦ ᠪᠤᠳᠤᠵᠤ ᠪᠠᠶᠢᠨ᠎ᠠ ᠪᠠ︕ ᠪᠢ ᠶᠠᠮᠠᠷ ᠮᠦᠩᠭᠡᠷᠡᠬᠦ ᠴᠤ ᠪᠢᠰᠢ᠂ ᠨᠢᠭᠡ ᠡᠳᠦᠷ ᠦᠭᠡᠢ ᠪᠤᠯᠴᠢᠬᠠᠪᠠᠯ ᠴᠢᠮ᠎ᠠ ᠳᠤ ᠠᠰᠠᠭᠤᠵᠤ ᠰᠤᠷᠠᠭᠠᠳ ᠦᠭᠬᠦ ᠬᠦᠮᠦᠨ ᠶᠡ ᠳᠡᠮᠡᠢ ᠬᠡᠳᠦ ᠦᠭᠡᠢ ᠪᠤᠯᠴᠢᠬᠠᠬᠤ︕ ᠮᠠᠨᠤᠰ ᠤᠨ ᠦᠶ᠎ᠡ᠂ ᠳᠤᠤᠷᠠᠳᠤ ᠦᠶ᠎ᠡ ᠶᠢᠨ ᠬᠢᠨ ᠪᠠᠷᠤᠭ ᠶᠠᠪᠤᠭᠠᠳ ᠪᠠᠷᠠᠭᠳᠠᠴᠢᠬᠠᠨ᠎ᠠ︕ ᠤᠳᠠᠯ ᠦᠭᠡᠢ ᠰᠢᠲᠦ ᠨᠢ ᠰᠡᠲᠡᠷᠡᠬᠦ ᠬᠦᠮᠦᠰ ᠨᠤᠲᠤᠭ ᠲᠤ ᠪᠠᠨ ᠦᠯᠡᠳᠡᠬᠦ ᠨᠢ ᠴᠦᠭᠡᠷᠡᠬᠦ ᠪᠠᠶᠢᠬᠤ︕ ᠡᠨᠡ ᠦᠶ᠎ᠡ ᠳᠤ ᠴᠢᠮ᠎ᠠ ᠳᠤ ᠳᠤᠰᠠ ᠪᠤᠯᠬᠤ ᠨᠢ ᠡᠳᠡᠭᠡᠷ ᠨᠤᠮ ᠮᠠᠲ᠋ᠧᠷᠢᠶᠠᠯ ᠰᠢᠤ︕ ᠠᠢ︕        ᠪᠢ ᠲᠡᠷᠡ ᠳᠤᠤᠷ᠎ᠠ ᠨᠢ ᠮᠡᠯ ᠭᠠᠶᠢᠬᠠᠵᠤ ᠪᠤᠳᠤᠯ ᠪᠤᠯᠤᠨ ᠰᠠᠭᠤᠯ᠎ᠠ᠃ ᠦᠪᠡᠷ ᠤᠨ ᠭᠠᠭᠴᠠᠭᠠᠷᠳᠠᠯ ᠢᠶᠠᠨ ᠪᠤᠳᠤᠭᠰᠠᠨ ᠪᠢᠰᠢ ᠬᠠᠷᠢᠨ ᠬᠤᠶᠢᠴᠢ ᠦᠶ᠎ᠡ ᠶᠢᠨ ᠬᠢᠨ ᠳᠤ ᠲᠠᠭᠠᠷᠠᠵᠤ ᠮᠡᠳᠡᠬᠦ ᠠᠰᠠᠭᠤᠳᠠᠯ ᠢ ᠪᠤᠳᠤᠯᠬᠢᠯᠠᠵᠤ ᠤᠷᠢᠳᠴᠢᠯᠠᠨ ᠭᠠᠭᠴᠠᠭᠠᠷᠳᠠᠭᠰᠠᠨ ᠪᠠᠶᠢᠬᠤ ᠰᠢᠨᠵᠢ ᠲᠠᠢ᠃ ᠶᠠᠮᠠᠷ ᠬᠤᠯᠠ ᠶᠢᠨ ᠬᠠᠷᠠᠴᠠ ᠪᠤᠢ ︕ ᠵᠠᠯᠠᠭᠤ ᠦᠶ᠎ᠡ ᠶᠢᠨ ᠨᠤᠮ ᠪᠢᠴᠢᠭ ᠤᠨ ᠲᠠᠯ᠎ᠠ ᠪᠠᠷ ᠠᠵᠢᠯ ᠬᠢᠭᠰᠡᠨ ᠬᠦᠮᠦᠰ ᠲᠤ ᠬᠢᠵᠦ ᠳᠡᠶᠢᠯᠬᠦ ᠪᠦᠬᠦᠨ ᠢᠶᠠᠨ ᠬᠢᠵᠦ ᠦᠯᠡᠳᠡᠭᠡᠶ᠎ᠡ ᠭᠡᠰᠡᠨ ᠠᠯᠤᠰ ᠬᠤᠯᠠ ᠶᠢᠨ ᠪᠤᠳᠤᠯ ᠪᠠᠶᠢᠵᠠᠢ᠃ ᠡᠭᠦᠨ ᠢ ᠡᠷᠳᠡ ᠨᠢᠭᠡᠨ ᠡᠳᠦᠷ ᠪᠤᠳᠤᠵᠤ ᠤᠯᠤᠭᠰᠠᠨ ᠪᠤᠯ ᠢᠯᠡᠭᠦᠦ ᠬᠦᠴᠦ ᠤᠬᠠᠭᠠᠨ ᠢᠶᠠᠨ ᠭᠠᠷᠭᠠᠵᠤ ᠡᠭᠦᠨ ᠠᠴᠠ ᠢᠯᠡᠬᠦᠦ ᠶᠢ ᠬᠢᠵᠦ ᠪᠤᠯᠬᠤ ᠪᠦᠬᠦᠨ ᠢ ᠱᠠᠯᠠᠪᠳᠠᠭᠤᠯᠤᠭᠰᠠᠨ ᠪᠠᠶᠢᠪᠠᠯ ᠵᠤᠬᠢᠬᠤ ᠪᠠᠶᠢᠵᠠᠢ᠃ ᠪᠠᠭᠰᠢ ᠶᠢᠨ ᠪᠠᠶᠢᠬᠤ ᠴᠠᠭ ᠢ ᠠᠰᠢᠭᠯᠠᠨ ᠨᠡᠩ ᠢᠯᠡᠭᠦᠦ ᠴᠢᠷᠮᠠᠶᠢᠬᠤ ᠯᠠ ᠬᠡᠷᠡᠭᠲᠡᠢ ᠶᠤᠮ ᠪᠠᠶᠢᠨ᠎ᠠ︕        — ᠴᠢ ᠨᠢᠭᠡ ᠶᠡᠭᠡ ᠪᠤᠳᠤᠯ ᠪᠤᠯᠤᠭᠰᠠᠨ ᠤ ᠬᠡᠷᠡᠭ ᠦᠭᠡᠢ︕ ᠮᠢᠨᠤ ᠡᠨᠡ ᠪᠡᠶ᠎ᠡ ᠶᠢᠨ ᠪᠠᠶᠢᠳᠠᠯ ᠢᠶᠠᠷ ᠲᠤᠯᠢ ᠪᠢᠴᠢᠭ ᠢᠶᠠᠨ ᠬᠢᠵᠦ ᠪᠠᠷᠠᠭᠠᠵᠤ ᠳᠡᠶᠢᠯᠬᠦ ᠮᠠᠶ᠋ᠢᠭ ᠦᠭᠡᠢ ᠪᠤᠯᠴᠢᠬᠠᠯ᠎ᠠ᠃ ᠤᠳᠠᠯ ᠦᠭᠡᠢ ᠲᠠᠨᠤᠰ ᠢ ᠲᠤᠰᠬᠠᠢ ᠬᠦᠬᠡᠬᠤᠲᠠ ᠳᠤ ᠳᠠᠭᠠᠭᠤᠯᠤᠨ ᠶᠠᠪᠤᠵᠤ ᠵᠠᠮ ᠢ ᠨᠢ ᠳᠡᠪᠢᠰᠴᠦ ᠲᠠᠯᠪᠢᠬᠤ ᠦᠭᠡᠢ ᠪᠤᠯᠬᠤ ᠦᠭᠡᠢ᠃ ᠪᠠᠲᠤᠴᠢᠯᠠᠭᠤ᠂ ᠭᠠᠩᠰᠦ᠋ᠬᠡ ᠲᠠᠨ ᠤ ᠭᠤᠷᠪᠠ ᠢᠯᠡᠭᠦᠦ ᠬᠦᠴᠦ ᠭᠠᠷᠴᠤ ᠵᠠᠯᠠᠭᠤᠴᠤᠳ ᠢᠶᠠᠨ ᠳᠠᠭᠠᠭᠤᠯᠤᠨ ᠬᠢᠬᠦ ᠴᠢᠬᠤᠯᠠᠲᠠᠢ ᠪᠤᠯᠤᠯ᠎ᠠ︕ ᠮᠢᠨᠤ ᠲᠠᠷᠢᠬᠢ ᠶᠠ ᠬᠦᠷᠬᠦ ᠦᠭᠡᠢ ᠪᠤᠯᠴᠢᠬᠠᠯ᠎ᠠ︕ ᠲᠠᠷᠠᠭ᠎ᠠ ᠵᠢᠯ ᠤᠨ ᠰᠢᠨ᠎ᠡ ᠶᠢᠨ ᠨᠢᠭᠡᠨ ᠠᠴᠠ ᠪᠢ ᠲᠠᠨᠤᠰ ᠤᠨ ᠬᠢᠵᠦ ᠪᠠᠶᠢᠭ᠎ᠠ ᠳᠤ ᠭᠠᠷ ᠳᠦᠷᠦᠬᠦ ᠦᠭᠡᠢ ᠯᠠ︕ ᠵᠦᠪ ᠶᠠᠭᠤᠮ᠎ᠠ ᠶᠢ ᠪᠤᠷᠤᠭᠤ ᠪᠠᠷ ᠵᠠᠰᠠᠳᠠᠭ ᠦᠵᠡᠭᠳᠡᠯ ᠵᠦᠩᠳᠡᠭᠡᠨ ᠭᠠᠷᠳᠠᠭ ᠪᠤᠯᠤᠯ᠎ᠠ᠃ ᠢᠩᠬᠢᠵᠦ ᠪᠤᠯᠬᠤ ᠦᠭᠡᠢ ᠰᠢᠤ᠂ ᠡᠨᠡ ᠴᠢᠨᠢ ᠲᠤᠯᠢ ᠪᠢᠴᠢᠭ ᠰᠢᠤ︕        — ᠪᠠᠭᠰᠢ ᠲᠡᠶᠢᠮᠦ ᠤᠯᠠᠨ ᠢ ᠪᠤᠳᠤᠵᠤ ᠪᠡᠶ᠎ᠡ ᠰᠡᠳᠬᠢᠯ ᠢᠶᠠᠨ ᠵᠤᠪᠠᠭᠠᠭᠠᠳ ᠶᠠᠭᠤ ᠬᠢᠨ᠎ᠡ ᠳ᠋ᠠ︕ ᠮᠠᠨᠤᠰ ᠴᠠᠭ ᠵᠠᠢ ᠪᠠᠨ ᠰᠢᠬᠠᠨ ᠢᠯᠡᠭᠦᠦ ᠰᠠᠶᠢᠨ ᠠᠵᠢᠯᠯᠠᠬᠤ ᠪᠠᠨ ᠪᠠᠲᠤᠯᠠᠪᠠᠯ ᠪᠠᠷᠠᠭᠠᠴᠢᠬᠠᠨ᠎ᠠ᠃ ᠪᠠᠭᠰᠢ ᠰᠠᠨᠠᠭ᠎ᠠ ᠠᠮᠤᠷ ᠬᠢᠨᠠᠵᠤ ᠶᠡᠷᠦᠩᠬᠡᠢ ᠵᠢᠯᠤᠭᠤᠳᠤᠯᠭ᠎ᠠ ᠪᠠᠨ ᠬᠢᠴᠢᠬᠡᠭᠰᠡᠨ ᠰᠠᠭᠤᠨ᠎ᠠ ᠰᠢᠤ ᠳ᠋ᠠ︕ ᠬᠡᠳ ᠬᠤᠶᠠᠭᠤᠯᠠ ᠪᠠᠨ ᠭᠡᠰᠡᠭ ᠳᠠᠭᠤ ᠦᠭᠡᠢ ᠰᠠᠭᠤᠵᠤ ᠪᠠᠶᠢᠬᠤᠯᠠᠷ ᠡᠬᠡᠨᠡᠷ ᠢᠷᠡᠵᠦ ᠪᠢᠳᠠ ᠬᠤᠶᠠᠭᠤᠯᠠ ᠭᠡᠷ ᠵᠦᠭ ᠢᠶᠠᠨ ᠶᠠᠪᠤᠯ᠎ᠠ᠃        ᠤᠯᠤᠰ ᠤᠨ ᠪᠠᠶᠠᠷ ᠤᠨ ᠴᠢᠯᠦᠭᠡᠨ ᠤ ᠳᠡᠷᠡᠭᠠᠬᠠᠨ ᠤ ᠤᠴᠢᠷ ᠪᠢᠯᠡ᠃ ᠦᠪᠦᠷ ᠮᠤᠩᠭᠤᠯ ᠤᠨ ᠲᠧᠯᠸᠢᠰ ᠬᠤᠷᠢᠶᠠᠨ ᠤ ᠰᠤᠶᠤᠯ ᠡᠷᠳᠡᠨᠢ ᠲᠡᠯᠭᠡᠴᠡ ᠶᠢᠨ ᠬᠢᠨ ᠪᠠᠭᠰᠢ ᠶᠢ ᠰᠤᠷᠪᠤᠯᠵᠢᠯᠠᠨ ᠲᠤᠰᠬᠠᠢ ᠹᠢᠯᠢᠮ ᠬᠢᠬᠦ ᠰᠠᠨᠠᠭ᠎ᠠ ᠲᠠᠢ ᠭᠡᠵᠦ ᠤᠲᠠᠰᠤ ᠢᠷᠡᠭᠦᠯᠦᠭᠰᠡᠨ ᠢ ᠪᠠᠭᠰᠢ ᠳᠤ ᠳᠠᠮᠵᠢᠭᠤᠯᠪᠠ᠃        — ᠬᠡᠵᠢᠶ᠎ᠡ ᠢᠷᠡᠨ᠎ᠡ ᠭᠡᠨ᠎ᠡ︖ ᠬᠡᠳᠦᠢ ᠤᠳᠠᠭᠠᠨ ᠴᠠᠭ ᠵᠠᠷᠤᠴᠠᠭᠤᠯᠬᠤ ᠪᠤᠢ︖        — ᠬᠤᠶᠠᠷ ᠡᠳᠦᠷ ᠠᠴᠠ ᠢᠷᠡᠨ᠎ᠡ︕ ᠨᠡᠶᠢᠲᠡ ᠪᠠᠷᠤᠭ ᠭᠤᠷᠪᠠᠨ ᠡᠳᠦᠷ ᠪᠤᠯᠬᠤ ᠪᠠᠶᠢᠳᠠᠯ ᠲᠠᠢ ᠭᠡᠵᠡᠢ᠃        — ᠴᠢ ᠤᠳᠤ ᠮᠡᠳᠡᠵᠦ ᠪᠠᠶᠢᠨ᠎ᠠ ᠦᠦ ᠦᠭᠡᠢ ᠦᠦ︖ ᠤᠤᠯ ᠳᠤ ᠪᠠᠨ ᠪᠢ ᠴᠠᠭ ᠢ ᠡᠳᠦᠷ ᠢᠶᠠᠷ ᠲᠤᠭᠠᠴᠠᠳᠠᠭ ᠪᠠᠶᠢᠯ᠎ᠠ᠂ ᠤᠳᠤ ᠪᠢ ᠴᠠᠭ ᠢ ᠮᠢᠨᠦ᠋ᠲ  ᠢᠶᠠᠷ ᠲᠤᠭᠠᠯᠠᠵᠤ ᠪᠠᠶᠢᠨ᠎ᠠ ᠰᠢᠤ︕ ᠪᠠᠰᠠ ᠭᠤᠷᠪᠠᠨ ᠡᠳᠦᠷ ᠭᠡᠨ᠎ᠡ᠂ ᠶᠠᠮᠠᠷ ᠡᠴᠢᠭᠡ ᠪᠠᠨ ᠬᠢᠬᠦ ᠶᠤᠮ︖        — ᠡᠨᠡ ᠤᠳᠠᠭ᠎ᠠ ᠪᠤᠰᠤᠳ ᠰᠤᠷᠪᠤᠯᠵᠢᠯᠠᠭ᠎ᠠ ᠲᠠᠢ ᠠᠳᠠᠯᠢ ᠦᠭᠡᠢ᠃ ᠪᠠᠭᠰᠢ ᠳᠤ ᠲᠤᠰᠬᠠᠢ ᠹᠢᠯᠢᠮ ᠬᠢᠵᠦ ᠨᠡᠪᠲᠡᠷᠡᠭᠦᠯᠭᠡ ᠬᠢᠨ᠎ᠡ ᠭᠡᠵᠦ ᠪᠠᠶᠢᠨ᠎ᠠ᠃ ᠡᠭᠦᠨ ᠢ ᠬᠦᠯᠢᠶᠠᠨ ᠠᠪᠬᠤ ᠬᠡᠷᠡᠭᠲᠡᠢ᠂ ᠪᠠᠭᠰᠢ ᠶᠢᠨ ᠡᠬᠢᠯᠡᠭᠦᠯᠦᠨ ᠬᠢᠭᠰᠡᠨ ᠲᠤᠯᠢ ᠪᠢᠴᠢᠭ ᠢᠶᠠᠨ ᠨᠡᠶᠢᠭᠡᠮ ᠨᠡᠶᠢᠲᠡ ᠳᠤ ᠪᠠᠰᠠ ᠨᠢᠭᠡ ᠤᠳᠠᠭ᠎ᠠ ᠮᠡᠳᠡᠭᠡᠯᠡᠯ ᠬᠦᠷᠭᠡᠴᠢᠬᠡᠬᠦ ᠪᠢᠰᠢ ᠦᠦ︖        — ᠦ︕ ᠵᠠ ᠲᠡᠭᠡᠪᠡᠯ ᠴᠢ ᠲᠤᠬᠢᠷᠠᠭ᠎ᠠ ᠪᠠ︕ ᠭᠡᠳ ᠱᠠᠪᠢ ᠨᠠᠷ ᠤᠨ ᠠᠵᠢᠯᠯᠠᠬᠤ ᠭᠡᠷ ᠵᠦᠭ ᠬᠡᠯᠳᠤᠷᠢᠬᠢᠯᠡᠯ᠎ᠡ᠃ ᠴᠠᠭ ᠢ ᠢᠩᠬᠢᠵᠦ ᠲᠤᠭᠠᠴᠠᠯᠠᠨ ᠴᠢᠷᠮᠠᠶᠢᠳᠠᠭ ᠪᠠᠭᠰᠢ ᠳᠤ ︽ᠰᠤᠶᠤᠯ ᠡᠷᠳᠡᠨᠢ︾ ᠳᠡᠯᠭᠡᠴᠡ ᠶᠢᠨ ᠬᠢᠨ ᠨᠢᠭᠡᠨ ᠰᠠᠶᠢᠨ ᠴᠢᠨᠠᠷᠵᠢᠭᠤᠨ ᠪᠦᠲᠦᠭᠡᠯ ᠢ ᠦᠢᠯᠡᠳᠦᠭᠰᠡᠨ ᠶᠤᠮ᠃         ᠳᠡᠬᠦᠨ ᠠᠴᠠ ᠬᠤᠶᠢᠰᠢ ᠳᠡᠮᠡᠢ ᠤᠳᠠᠭᠰᠠᠨ ᠴᠤ ᠦᠭᠡᠢ᠂ ᠳᠠᠷᠤᠢ 2020 ᠤᠨ ᠤ 5 ᠰᠠᠷ᠎ᠠ ᠶᠢᠨ 9 ᠤ ᠦᠳᠡ ᠶᠢᠨ ᠬᠤᠶᠢᠨ᠎ᠠ ᠮᠠᠨ ᠳᠤ ᠵᠢᠭᠠᠪᠤᠷᠢ ᠪᠠᠭᠤᠯᠭᠠᠯ᠎ᠠ᠄ ᠵᠠ︕ ᠪᠠᠲᠤᠴᠢᠯᠠᠭᠤ᠂ ᠬᠤᠷᠸ᠎ᠠ᠂ ᠰᠦᠭᠡ ᠲᠠ ᠭᠤᠷᠪᠠ ᠶᠠᠭᠤᠮ᠎ᠠ ᠪᠠᠨ ᠪᠡᠯᠡᠳᠬᠡ︕ ᠮᠠᠷᠭᠠᠰᠢ ᠬᠦᠬᠡᠬᠤᠲᠠ ᠳᠤ ᠶᠠᠪᠤᠶ᠎ᠠ︕ ᠮᠠᠨ ᠤ ᠳᠦᠷᠪᠡᠭᠦᠯᠡ ᠶᠠᠪᠤᠨ᠎ᠠ︕ ᠲᠠᠨ ᠤ ᠬᠡᠳᠤᠬᠦᠯᠡ ᠭᠡᠷ ᠢᠶᠠᠨ ᠮᠠᠨᠠᠵᠤ ᠪᠠᠢ︕ ᠬᠦᠮᠦᠨ ᠢᠷᠡᠪᠡᠯ ᠶᠠᠮᠠᠷ ᠶᠠ ᠬᠤᠭᠤᠰᠤᠨ ᠶᠠᠪᠤᠭᠤᠯᠬᠤ ᠦᠭᠡᠢ ᠪᠠᠷ ᠠᠵᠢᠯᠯᠠᠵᠤ ᠬᠢᠳᠡᠭ ᠢᠶᠠᠨ ᠬᠢᠵᠦ ᠪᠠᠢ︕ ᠪᠢᠲᠡᠬᠡᠢ ᠵᠦᠬᠡᠷ ᠰᠠᠭᠤ︕        ᠲᠡᠷᠭᠡᠨ ᠳᠤ ᠭᠠᠷᠤᠭᠠᠳ ᠪᠠᠭᠰᠢ᠄        — ᠦᠤᠰᠢᠨ ᠬᠤᠰᠢᠭᠤ ᠪᠠᠷ ᠶᠠᠪᠤᠨ᠎ᠠ︕ ᠵᠠᠮ ᠳᠤ ᠪᠠᠨ ᠮᠦᠩᠬᠡᠳᠠᠯᠠᠢ ᠶᠢᠨ ︽ᠮᠤᠩᠭᠤᠯ ᠲᠤᠯᠢ ᠪᠢᠴᠢᠭ ᠤᠨ ᠬᠦᠷᠢᠶᠡᠯᠡᠩ︾ ᠳᠤ ᠤᠴᠢᠵᠤ ᠲᠠᠨᠤᠰ ᠢ ᠲᠠᠨᠢᠯᠴᠠᠭᠤᠯᠤᠨ᠂ ᠮᠠᠨ ᠳᠤ ᠭᠡᠷᠡᠭ ᠲᠠᠢ ᠮᠠᠨᠤᠰ ᠤᠨ ᠭᠠᠷ ᠲᠤ ᠪᠠᠶᠢᠬᠤ ᠦᠭᠡᠢ ᠲᠤᠯᠢ ᠪᠢᠴᠢᠭ ᠪᠠᠶᠢᠬᠤ ᠡᠰᠡᠬᠦ ᠶᠢ ᠦᠵᠡᠵᠦ᠂ ᠬᠡᠷᠪᠡ ᠪᠠᠶᠢᠪᠠᠯ ᠶᠠᠭᠠᠬᠢᠵᠤ ᠠᠰᠢᠭᠯᠠᠨ ᠵᠠᠷᠤᠬᠤ ᠤᠬᠠᠭᠠᠨ ᠢᠶᠠᠨ ᠬᠢᠬᠦ ᠴᠢᠬᠤᠯᠠᠲᠠᠢ︕ ᠲᠡᠨᠳᠡ ᠦᠳᠡᠯᠡᠭᠡᠳ ᠰᠢᠭᠤᠳ ᠬᠦᠬᠡᠬᠤᠳᠠ ᠳᠤ ᠤᠴᠢᠵᠤ ᠠᠮᠠᠷᠠᠨ᠎ᠠ︕        — ᠵᠠ᠂ ᠪᠤᠯᠤᠨ᠎ᠠ ᠭᠡᠳ ᠲᠡᠷᠭᠡ ᠪᠠᠨ ᠵᠢᠯᠤᠭᠤᠳᠤᠯ᠎ᠠ᠃ ᠶᠡᠷᠦ ᠳᠤ ᠪᠠᠨ ᠦᠤᠰᠢᠨ ᠬᠤᠰᠢᠭᠤ ᠪᠠᠷ ᠶᠠᠪᠤᠳᠠᠭ ᠦᠭᠡᠢ ᠪᠠᠭᠰᠢ ᠦᠨᠦᠳᠦᠷ ᠦᠤᠰᠢᠨ ᠬᠤᠰᠢᠭᠤ ᠪᠠᠷ ᠶᠠᠪᠤᠨ᠎ᠠ ᠭᠡᠰᠡᠨ ᠨᠢ ᠡᠶᠢᠮᠦ ᠵᠤᠷᠢᠯᠭ᠎ᠠ ᠲᠠᠢ ᠪᠠᠶᠢᠵᠠᠢ᠃ ᠳᠡᠭᠡᠷ᠎ᠡ ᠤᠳᠠᠭ᠎ᠠ ᠨᠠᠳᠠ ᠳᠤ ᠬᠡᠯᠡᠵᠦ ᠪᠠᠶᠢᠭᠰᠠᠨ ᠢᠶᠠᠨ ᠪᠠᠷᠤᠭ ᠡᠨᠡ ᠤᠳᠠᠭ᠎ᠠ ᠬᠢᠵᠦ ᠪᠠᠶᠢᠬᠤ ᠰᠢᠨᠵᠢ ᠲᠠᠢ ᠪᠤᠯᠤᠯ᠎ᠠ᠃ ᠶᠠᠮᠠᠷ ᠪᠤᠯᠤᠭᠰᠠᠨ ᠴᠤ ᠪᠠᠭᠰᠢ ᠶᠢᠨ ᠰᠠᠨᠠᠭᠰᠠᠨ ᠵᠦᠢᠯ ᠢ ᠬᠢᠵᠦ ᠲᠠᠯᠪᠢᠬᠤ ᠯᠠ ᠴᠢᠬᠤᠯᠠ ᠪᠤᠯᠵᠠᠢ︕        — ᠵᠠ᠂ ᠠᠮᠤᠷ︕ ᠪᠠᠭᠰᠢ ᠱᠠᠪᠢ ᠨᠠᠷ ᠲᠠᠢ ᠪᠠᠨ ᠰᠠᠶᠢᠨ ᠮᠤᠷᠢᠯᠠᠨ ᠰᠠᠭᠠᠲᠠᠪᠠ ᠦᠦ︖        — ᠰᠠᠶᠢᠨ᠂ ᠰᠠᠶᠢᠨ᠂ ᠴᠢ ᠨᠢᠭᠡ ᠬᠠᠩᠬᠢ ᠰᠢᠭ᠋ ᠶᠠᠭᠤᠮ᠎ᠠ ᠬᠢᠵᠦ ᠪᠠᠶᠢᠬᠤ ᠪᠠᠷ ᠬᠡᠯᠡᠵᠦ ᠪᠠᠶᠢᠭᠰᠠᠨ᠂ ᠦᠨᠦᠳᠦᠷ ᠪᠢᠳᠠᠨᠤᠰ ᠵᠠᠮ ᠲᠠᠭᠠᠷᠠᠭᠠᠳ ᠬᠦᠯ ᠢᠶᠠᠷ ᠲᠠᠭᠠᠷᠢᠭᠠᠳ ᠦᠵᠡᠭᠡᠳ ᠶᠠᠪᠤᠶ᠎ᠠ ᠭᠡᠰᠡᠨ ᠶᠤᠮ︕        — ᠬᠠᠩᠬᠢ ᠭᠡᠵᠦ ᠶᠠᠭᠤ ᠪᠠᠶᠢᠬᠤ ᠪᠤᠢ︕ ᠬᠢᠨ᠎ᠡ ᠭᠡᠰᠡᠨ ᠢᠶᠠᠨ ᠵᠤᠷᠢᠵᠤ ᠯᠠ ᠪᠠᠶᠢᠭ᠎ᠠ ᠭᠡᠷᠡᠭ ᠰᠢᠤ︕ ᠭᠡᠳ ᠪᠢᠳᠠᠨ ᠢ ᠲᠤᠲᠤᠭᠰᠢ ᠵᠠᠯᠠᠯ᠎ᠠ᠃        — ᠵᠠ᠂ ᠮᠠᠨ ᠤ ᠵᠠᠯᠠᠭᠤᠴᠤᠳ ᠰᠠᠶᠢᠨ ᠦᠵᠡ᠂ ᠨᠠᠳᠠ ᠳᠤ ᠨᠢᠭᠡ ᠰᠠᠨᠳᠠᠯᠢ ᠠᠪᠤᠭᠠᠳ ᠢᠷ᠎ᠡ᠂ ᠪᠢ ᠵᠢᠭᠠᠬᠠᠨ ᠰᠠᠭᠤᠶ᠎ᠠ︕ᠪᠢᠳᠠ ᠬᠡᠳᠦᠭᠦᠯᠡ ᠪᠠᠷᠤᠭ ᠨᠢᠭᠡ ᠴᠠᠭ ᠲᠤᠭᠤᠷᠢᠨ ᠦᠵᠡᠯ᠎ᠡ᠃ ᠲᠡᠷᠡ ᠮᠦᠷᠳᠡᠭᠡᠨ ᠬᠢᠨᠠᠭᠤᠷ ᠦᠵᠡᠵᠦ ᠰᠡᠭᠦᠳᠡᠷᠯᠡᠨ᠂ ᠮᠠᠨ ᠳᠤ ᠪᠠᠶᠢᠬᠤ ᠦᠭᠡᠢ ᠲᠤᠯᠢ ᠪᠢᠴᠢᠭ ᠢᠶᠠᠨ ᠪᠦᠷᠢᠳᠬᠡᠨ ᠪᠠᠭᠰᠢ ᠳᠤ ᠬᠡᠯᠡᠬᠡᠳ ᠦᠷᠭᠦᠯᠵᠢᠯᠡᠨ ᠰᠤᠨᠢᠷᠬᠠᠵᠤ ᠪᠠᠷᠠᠬᠤ ᠳᠤ ᠪᠠᠭᠰᠢ ᠮᠥᠩᠭᠡᠳᠠᠯᠠᠢ ᠪᠠᠭᠰᠢ ᠲᠠᠢ ᠡᠨᠡ ᠲᠡᠷᠡ ᠶᠢ ᠶᠠᠷᠢᠯᠴᠠᠨ ᠰᠠᠭᠤᠵᠤ ᠪᠠᠶᠢᠯ᠎ᠠ᠃ ᠮᠠᠨᠤᠰ ᠶᠠᠪᠤᠭᠠᠳ ᠶᠠᠭ ᠬᠠᠵᠠᠭᠤ ᠳᠤ ᠨᠢ ᠤᠴᠢᠬᠤᠯᠠᠷ᠄        — ᠴᠢ ᠴᠠᠯᠢᠩ ᠮᠦᠩᠬᠦ ᠴᠤ ᠦᠭᠡᠢ ᠬᠦᠮᠦᠨ᠂ ᠡᠳᠡᠭᠡᠷ ᠢ ᠢᠩᠬᠢᠵᠦ ᠨᠢᠭᠡ ᠳᠤᠤᠷ᠎ᠠ ᠴᠤᠭᠯᠠᠷᠠᠭᠤᠯᠤᠨ᠎ᠠ ᠭᠡᠭᠴᠢ ᠠᠮᠠᠷᠬᠠᠨ ᠶᠠᠭᠤᠮ᠎ᠠ ᠪᠢᠰᠢ᠂ ᠪᠦᠷᠢᠯᠭᠡᠵᠦ ᠪᠠᠷᠠᠬᠤ ᠳᠤ ᠰᠠᠶ᠋ᠢ ᠰᠢᠤ᠃ ᠤᠭ ᠲᠤ ᠪᠠᠨ ᠪᠢ ᠴᠢᠨᠤ ᠲᠤᠯᠢ ᠪᠢᠴᠢᠭ ᠮᠢᠨᠤ ᠬᠢᠷᠢ ᠪᠠᠷᠤᠭ ᠪᠠᠶᠢᠬᠤ ᠦᠭᠡᠢ ᠭᠡᠵᠦ ᠪᠤᠳᠤᠯ᠎ᠠ᠃ ᠪᠤᠷᠤᠭᠤᠳᠠᠭᠰᠠᠨ ᠶᠤᠮ ᠪᠠᠶᠢᠨ᠎ᠠ᠂ ᠪᠢ ᠬᠤᠳᠳᠤᠭ ᠤᠨ ᠮᠡᠯᠡᠬᠡᠢ ᠪᠠᠶᠢᠵᠠᠢ︕        — ᠪᠠᠭᠰᠢ ᠲᠡᠭᠡᠵᠦ ᠪᠤᠳᠤᠭᠰᠠᠨ ᠤ ᠭᠡᠷᠡᠭ ᠦᠭᠡᠢ᠂ ᠪᠢ ᠴᠢᠨᠢ ᠲᠤᠰᠬᠠᠢ ᠡᠭᠦᠨ ᠳᠤ ᠬᠠᠨᠳᠤᠯᠭ᠎ᠠ ᠲᠠᠢ ᠪᠤᠯᠬᠤᠷ ᠡᠶᠢᠮᠦ ᠯᠠ ᠰᠢᠤ ᠳ᠋ᠠ︕ ᠪᠠᠭᠰᠢ ᠶᠢᠨ ᠬᠡᠯᠡᠬᠦ ᠲᠠᠭᠠᠷᠠᠨ᠎ᠠ᠂ ᠡᠳᠡᠭᠡᠷ ᠢ ᠴᠤᠭᠯᠠᠭᠤᠯᠤᠨ ᠮᠦᠩᠬᠦ ᠲᠦᠭᠦᠷᠢᠭ ᠢᠶᠠᠨ ᠪᠠᠷᠠᠵᠤ ᠡ᠊ᠨᠳᠡ ᠲᠡᠨᠳᠡ ᠶᠠᠪᠤᠵᠤ ᠪᠠᠶᠢᠬᠤ ᠳᠤ ᠨᠠᠶᠢᠵᠠ ᠨᠦᠬᠦᠳ ᠲᠠᠢ ᠪᠠᠨ ᠲᠠᠭᠠᠷᠠᠭᠠᠳ ᠪᠤᠳᠠᠭ᠎ᠠ ᠢᠳᠡᠭᠦᠯᠦᠭᠡᠳ ᠶᠠᠪᠤᠭᠤᠯᠤᠶ᠎ᠠ ᠭᠡᠬᠦ ᠳᠤ ᠴᠤ ᠪᠤᠯᠵᠤ ᠦᠭᠳᠡᠭ ᠦᠭᠡᠢ᠂ ᠨᠦᠬᠦᠳ ᠢᠶᠠᠨ ᠪᠠᠷᠠᠭᠰᠠᠨ ᠰᠢᠭ᠋ ᠬᠤᠪᠢᠨᠴᠢᠷ ᠬᠦᠮᠦᠨ ᠪᠤᠯᠤᠭᠰᠠᠨ ᠰᠢᠭ᠋ ᠪᠤᠳᠤᠭᠳᠠᠭᠠᠳ ᠁ ᠭᠡᠳ ᠨᠢᠳᠦᠨ ᠠᠴᠠ ᠪᠠᠨ ᠨᠢᠯᠪᠤᠰᠤ ᠪᠦᠮᠪᠦᠷᠢᠭᠦᠯᠵᠦ ᠪᠠᠶᠢᠯ᠎ᠠ᠃        ᠪᠢᠳᠠ ᠬᠠᠮᠲᠤ ᠶᠢᠨ ᠰᠡᠭᠦᠳᠡᠷ ᠲᠠᠲᠠᠵᠤ ᠳᠤᠷᠠᠰᠬᠠᠯ ᠪᠤᠯᠭᠠᠭᠠᠳ ᠲᠡᠷᠭᠡᠨ ᠳᠤ ᠭᠠᠷᠴᠤ ᠵᠠᠮ ᠢᠶᠠᠨ ᠡᠯᠭᠦᠯ᠎ᠡ᠃ ᠪᠠᠭᠰᠢ ᠪᠢᠳᠠᠨ ᠢ ᠬᠤᠶᠢᠰᠢᠳᠠ ᠡ᠊ᠨᠳᠡ ᠠᠴᠠ ᠴᠢᠬᠤᠯᠠᠲᠠᠢ ᠮᠠᠲ᠋ᠧᠷᠢᠶᠠᠯ ᠢᠶᠠᠨ ᠤᠯᠵᠤ ᠬᠡᠷᠡᠭᠯᠡᠬᠦ ᠤᠴᠢᠷ ᠢ ᠰᠠᠶᠢᠬᠠᠨ ᠰᠢᠢᠳᠪᠦᠷᠢᠯᠡᠵᠦ ᠦᠭᠭᠦᠭᠰᠡᠨ ᠪᠦᠭᠡᠳ ᠪᠤᠯᠤᠮᠵᠢ ᠲᠠᠢ ᠪᠤᠯ ᠲᠠᠨᠤᠰ ᠴᠤ ᠬᠦᠴᠦᠨ ᠢᠶᠠᠨ ᠭᠠᠷᠭᠠᠵᠤ ᠡᠭᠦᠨ ᠳᠤ ᠬᠠᠮ ᠳᠡᠮ ᠪᠤᠯᠵᠤ ᠪᠤᠯᠤᠨ᠎ᠠ ᠰᠢᠤ ᠬᠡᠮᠡᠨ ᠨᠠᠶᠢᠳᠠᠯ᠎ᠠ︕        ᠨᠠᠷᠠ ᠵᠢᠷᠭᠠᠬᠤ ᠶᠢᠨ ᠦᠶ᠎ᠡ ᠪᠠᠷ ᠪᠢᠳᠠ ᠦᠪᠦᠷ ᠮᠤᠩᠭᠤᠯ ᠤᠨ ᠠᠷᠠᠳ ᠤᠨ ᠬᠡᠪᠯᠡᠯ ᠤᠨ ᠬᠤᠷᠢᠶᠠᠨ ᠤ ᠤᠢᠢᠷᠠᠯᠴᠠᠭ᠎ᠠ ᠪᠠᠶᠢᠬᠤ ᠨᠢᠭᠡ ᠪᠠᠭᠤᠳᠠᠯ ᠳᠤ ᠪᠠᠭᠤᠯ᠎ᠠ᠃ ᠤᠷᠤᠨ ᠳᠡᠭᠡᠷ᠎ᠡ ᠪᠠᠨ ᠱᠠᠬᠠᠢ ᠪᠠᠨ ᠴᠤ ᠲᠠᠶᠢᠯᠤᠭᠰᠠᠨ ᠦᠭᠡᠢ ᠪᠠᠷ ᠨᠢᠳᠤ ᠪᠠᠨ ᠠᠨᠢᠨ ᠬᠡᠪᠲᠡᠯ᠎ᠠ᠃        — ᠠᠶ᠎ᠠ︕ ᠨᠢᠭᠡ ᠡᠷ᠎ᠡ ᠬᠦᠮᠦᠨ ᠨᠢᠯᠪᠤᠰᠤ ᠪᠦᠮᠪᠦᠷᠢᠭᠦᠯᠬᠦ ᠭᠡᠭᠴᠢ ᠠᠮᠠᠷᠬᠠᠨ ᠬᠢᠳᠡᠯ ᠪᠢᠰᠢ ᠰᠢᠤ︕ ᠬᠡᠳᠦᠢ ᠴᠤ ᠬᠦᠴᠦ ᠬᠦᠳᠡᠯᠮᠦᠷᠢ ᠴᠢᠷᠮᠠᠶᠢᠯᠭ᠎ᠠ ᠭᠠᠷᠭᠠᠵᠤ ᠶᠠᠮᠠᠷ ᠶᠠᠮᠠᠷ ᠬᠦᠴᠢᠷ ᠲᠠᠭᠠᠷᠠᠳᠠᠭ ᠪᠠᠶᠢᠬᠤ ᠶᠤᠮ ᠪᠢᠯᠡ︕ ᠬᠦᠭᠡᠷᠦᠬᠦᠢ︕ ᠨᠢᠭᠡ ᠶᠠᠭᠤᠮ᠎ᠠ ᠶᠢ ᠪᠦᠲᠦᠭᠡᠨ᠎ᠡ ᠭᠡᠭᠴᠢ ᠠᠮᠠᠷᠬᠠᠨ ᠶᠠᠭᠤᠮ᠎ᠠ ᠪᠢᠰᠢ ᠰᠢᠤ︕        — ᠬᠠᠷᠢᠨ ᠲᠡᠶᠢᠮᠦ ᠪᠠᠶᠢᠨ᠎ᠠ᠃ ᠭᠠᠳᠠᠭᠠᠳᠤ ᠲᠤᠲᠤᠭᠠᠳᠤ ᠶᠢᠨ ᠤᠯᠠᠨ ᠬᠡᠯᠡᠨ ᠤ ᠤᠷᠴᠢᠭᠤᠯᠭ᠎ᠠ ᠶᠢᠨ ᠬᠢ ᠴᠤ ᠪᠠᠶᠢᠨ᠎ᠠ᠃ ᠪᠠᠭᠰᠢ ᠲᠡᠶᠢᠮᠦ ᠤᠯᠠᠨ ᠢ ᠴᠤᠭᠯᠠᠭᠤᠯᠤᠨ᠂ ᠲᠡᠳᠦᠢ ᠤᠯᠠᠨ ᠨᠤᠮ ᠬᠡᠪᠯᠡᠭᠦᠯᠬᠦ ᠳᠤ ᠶᠠᠮᠠᠷ ᠪᠠᠶᠢᠪᠠ︖        — ᠮᠢᠨᠤ ᠴᠤᠭᠯᠠᠭᠤᠯᠬᠤ ᠨᠢ ᠵᠢᠭᠠᠬᠠᠨ ᠤᠷᠦ᠋ᠢᠬᠠᠨ ᠰᠢᠭ᠋᠃ ᠲᠡᠷᠡ ᠦᠶ᠎ᠡ ᠳᠤ ᠬᠡᠦᠬᠡᠳ ᠤᠯᠠᠨ᠂ ᠠᠮᠢᠳᠤᠷᠠᠯ ᠶᠠ ᠬᠦᠴᠢᠷ ᠲᠠᠢ᠃ ᠪᠢ ᠬᠤᠶᠠᠷ ᠤᠳᠠᠭ᠎ᠠ ᠲᠠᠮᠠᠬᠢ ᠪᠠᠨ ᠬᠠᠶᠠᠭᠰᠠᠨ ᠰᠢᠤ︕ ᠠᠩᠬᠠᠨ ᠤ ᠤᠳᠠᠭ᠎ᠠ ᠲᠠᠮᠠᠬᠢ ᠪᠠᠨ ᠬᠠᠶᠠᠬᠤ ᠳᠤ ᠲᠠᠪᠤᠨ ᠡᠳᠦᠷ ᠪᠤᠯᠤᠭᠰᠠᠨ ᠶᠤᠮ ᠪᠠ᠃ ᠪᠤᠳᠤᠭᠳᠠᠬᠤ ᠪᠠᠨ ᠴᠤ ᠪᠠᠶᠢᠯ᠎ᠠ᠃ ᠬᠤᠰᠢᠭᠤ ᠬᠤᠪᠢᠶᠠᠭᠰᠠᠨ ᠤ ᠳᠠᠷᠠᠭ᠎ᠠ ᠲᠠᠬᠢᠨ ᠲᠠᠮᠠᠬᠢ ᠲᠠᠲᠠᠵᠤ ᠡᠬᠢᠯᠡᠯ᠎ᠡ᠃ ᠬᠡᠳᠦᠨ ᠵᠢᠯ ᠲᠠᠲᠠᠭᠰᠠᠨ ᠪᠠ᠂ ᠬᠡᠦᠬᠡᠳ ᠤᠳ ᠶᠡᠭᠡ ᠪᠤᠯᠤᠭᠰᠠᠨ ᠲᠠᠢ ᠵᠠᠷᠤᠳᠠᠯ ᠶᠡᠬᠡᠳᠡᠭᠰᠡᠨ ᠲᠠᠢ ᠶᠠᠭ ᠪᠤᠯᠬᠤ ᠪᠠᠨ ᠪᠠᠶᠢᠯ᠎ᠠ᠃ ᠲᠡᠭᠡᠬᠦ ᠳᠤ ᠲᠠᠮᠠᠬᠢ ᠪᠠᠨ ᠬᠠᠶᠠᠨ᠎ᠠ ᠭᠡᠰᠡᠨ ᠴᠢᠨᠢ ᠪᠠᠶᠢᠨ᠎ᠠ ᠦᠦ︖ ᠤᠳᠠᠬᠤ ᠦᠭᠡᠢ ᠰᠠᠰᠠ ᠪᠠᠨ ᠲᠡᠮᠲᠡᠷᠢᠨ᠎ᠡ᠂ ᠤᠳᠠᠬᠤ ᠦᠭᠡᠢ ᠰᠢᠷᠭᠤᠭᠤᠯ ᠢᠶᠠᠨ ᠲᠡᠲᠡᠨ᠎ᠡ᠂ ᠠᠶ ᠶᠠ ᠦᠢᠯᠡ ᠦᠵᠡᠭᠰᠡᠨ ᠰᠢᠤ᠃ ᠶᠠᠭ ᠬᠠᠭᠠᠰ ᠰᠠᠷ᠎ᠠ ᠪᠤᠯᠤᠮᠠᠨᠵᠢᠨ ᠰᠠᠶ᠋ᠢ ᠲᠡᠮᠲᠡᠷᠢᠬᠦ ᠪᠠᠨ  ᠠᠶᠠᠳᠠᠭᠰᠠᠨ ᠰᠢᠤ︕ ᠴᠤᠭᠯᠠᠭᠤᠯᠤᠭᠰᠠᠨ ᠪᠢᠴᠢᠭᠰᠡᠨ ᠵᠦᠢᠯ ᠢ ᠤᠳᠤ ᠨᠡᠶᠢᠭᠡᠮ ᠳᠠᠶᠠᠭᠠᠷ ᠪᠦᠷ ᠮᠡᠳᠡᠭᠰᠡᠨ ᠬᠡᠷᠡᠭ᠂ ᠶᠠᠭ ᠦᠨᠡᠨ ᠢᠶᠠᠷ ᠨᠢ ᠪᠢᠴᠢᠵᠦ ᠬᠡᠯᠡᠭᠰᠡᠨ ᠪᠠᠶᠢᠨ᠎ᠠ ᠯᠠᠢ︕ ᠵᠢᠭᠠᠬᠠᠨ ᠰᠠᠨᠳᠤᠷᠠᠭᠠᠭᠰᠠᠨ ᠨᠢ ᠲᠠᠮᠠᠬᠢ ᠪᠠᠨ ᠬᠠᠶᠠᠬᠤ ᠳᠤ ᠰᠢᠤ︕ ᠲᠠᠨᠤᠰ ᠶᠠᠮᠠᠷ ᠶᠠ ᠪᠢᠲᠡᠬᠡᠢ ᠲᠠᠮᠠᠬᠢ ᠲᠠᠲᠠᠵᠤ ᠰᠤᠷ︕ ᠠᠷᠢᠬᠢ ᠶᠢ ᠶᠠ ᠬᠡᠮ ᠯᠠᠩ ᠲᠠᠢ ᠤᠤᠭᠤ︕ ᠪᠢᠲᠡᠬᠡᠢ ᠲᠡᠭᠦᠨ ᠳᠤ ᠤᠷᠤᠴᠢᠬ᠎ᠠ︕ ᠲᠡᠭᠡᠪᠡᠯ ᠴᠤ ᠨᠢᠭᠡ ᠨᠠᠰᠤᠨ ᠪᠠᠷᠠᠭᠰᠠᠨ ᠭᠡᠷᠡᠭ ᠡ︕ ᠭᠡᠳ ᠬᠠᠮᠠᠷ ᠲᠠᠲᠠᠨ ᠤᠨᠲᠠᠯ᠎ᠠ᠃        ᠦᠳᠡᠰᠢ ᠰᠠᠶᠢᠬᠠᠨ ᠠᠮᠠᠷᠠᠭᠰᠠᠨ ᠪᠤᠯᠬᠤᠷ ᠪᠠᠭᠰᠢ ᠶᠢᠨ ᠴᠢᠷᠠᠢ ᠶᠡᠭᠡ ᠰᠠᠶᠢᠨ ᠪᠠᠶᠢᠯ᠎ᠠ᠃ ᠥᠷᠯᠦᠭᠡ ᠴᠠᠢ ᠪᠠᠨ ᠤᠤᠭᠤᠭᠠᠳ ᠪᠢᠳᠠᠨ ᠢ ᠳᠠᠭᠠᠭᠤᠯᠤᠨ ᠦᠪᠦᠷ ᠮᠤᠩᠭᠤᠯ ᠤᠨ ᠠᠷᠠᠳ ᠤᠨ ᠬᠡᠪᠯᠡᠯ ᠤᠨ ᠬᠤᠷᠢᠶᠠᠨ ᠳᠤ ᠬᠦᠷᠦᠯ᠎ᠡ᠃        — ᠵᠠ ᠠᠮᠤᠷ︕ ᠪᠠᠭᠰᠢ ᠰᠠᠶᠢᠨ ᠢᠷᠡᠪᠠ ᠦᠦ︖        — ᠰᠠᠶᠢᠨ ᠰᠠᠶᠢᠨ︕ ᠡᠨᠡ ᠵᠢᠯ ᠴᠢ ᠨᠤᠮ ᠤᠨ ᠤᠪᠤᠭᠠᠨ ᠳᠤ ᠪᠠᠨ ᠤᠴᠢᠵᠤ ᠲᠠᠬᠢᠯᠭ᠎ᠠ ᠬᠢᠬᠦ ᠪᠤᠯ ᠦᠦ︖ ᠭᠡᠵᠦ ᠪᠡᠰᠦᠲᠡᠢ  ᠬᠠᠰᠪᠢᠯᠢᠭ᠌ ᠪᠠᠭᠰᠢ ᠠᠴᠠ ᠠᠰᠠᠭᠤᠬᠤ ᠳᠤ ︽ᠴᠤᠯᠮᠤᠨ︾ ᠰᠡᠳᠬᠦᠯ ᠤᠨ ᠨᠠᠶᠢᠷᠠᠭᠤᠯᠤᠭᠴᠢ ᠨᠠᠷ ᠪᠠᠭᠰᠢ ᠶᠢᠨ ᠵᠤᠭᠰᠤᠭᠰᠠᠨ ᠬᠡᠪ ᠨᠠᠮᠪᠠ᠂ ᠢᠰᠭᠡᠷᠴᠦ ᠲᠠᠯᠢᠭ ᠮᠠᠯᠢᠭ ᠭᠡᠵᠦ ᠤᠷᠤᠵᠤ ᠢᠷᠡᠭᠰᠡᠨ ᠲᠠᠢ ᠨᠢ ᠳᠠᠭᠤᠷᠢᠶᠠᠵᠤ ᠢᠨᠢᠶᠡᠳᠦᠮ ᠱᠤᠭ ᠭᠠᠷᠭᠠᠵᠤ ᠪᠠᠶᠢᠯ᠎ᠠ᠃ ᠡᠨᠡ ᠪᠤᠯ ᠨᠢᠭᠡ ᠨᠠᠰᠤᠨ ᠤ ᠬᠢ ᠨᠢ ᠵᠤᠷᠰᠢᠭᠰᠠᠨ ᠦᠵᠡᠭᠳᠡᠯ᠂ ᠤᠴᠢᠭᠰᠠᠨ ᠭᠠᠵᠠᠷ ᠪᠤᠯᠭᠠᠨ ᠢᠨᠢᠶᠡᠳᠦ ᠴᠠᠯᠬᠢᠯᠠᠭᠤᠯᠤᠨ᠂ ᠶᠡᠭᠡ ᠪᠠᠭ᠎ᠠ ᠭᠡᠰᠡᠨ ᠦᠭᠡᠢ ᠴᠦᠮ ᠡᠶ᠎ᠡ ᠨᠠᠶᠢᠷ ᠲᠠᠢ ᠶᠠᠪᠤᠯᠴᠠᠳᠠᠭ ᠶᠤᠮ ᠳ᠋ᠠ︕        — ᠲᠠᠨᠤᠰ ᠨᠠᠳᠠ ᠪᠠᠷ ᠱᠤᠭ ᠬᠢᠬᠦ ᠳᠤ ᠪᠠᠨ᠂ ᠡᠨᠡ ᠤᠳᠠᠭ᠎ᠠ ᠪᠠᠷᠤᠭ ᠬᠠᠮᠤᠭ ᠰᠡᠭᠦᠯᠴᠢ ᠶᠢᠨ ᠱᠤᠭ ᠨᠢ ᠪᠤᠯᠤᠯ᠎ᠠ ᠪᠠ︕ ᠤᠳᠤ ᠪᠢ ᠲᠠᠬᠢᠵᠦ ᠲᠠᠨ ᠤ ᠡᠨᠡ ᠬᠦᠬᠡᠬᠤᠲᠠ ᠳᠤ ᠢᠷᠡᠬᠦ ᠦᠭᠡᠢ᠂ ᠪᠡᠶ᠎ᠡ᠂ ᠲᠠᠷᠢᠬᠢ ᠶᠠ ᠪᠤᠯᠬᠤ ᠦᠭᠡᠢ ᠪᠤᠯᠤᠯ᠎ᠠ︕ ᠬᠤᠶᠢᠰᠢᠳᠠ ᠶᠢᠨ ᠤᠴᠢᠷ ᠶᠠᠪᠤᠳᠠᠯ ᠢ ᠡᠨᠡ ᠤᠳᠠᠭ᠎ᠠ ᠳᠠᠭᠠᠭᠤᠯᠵᠤ ᠢᠷᠡᠭᠰᠡᠨ ᠡᠳᠡᠭᠡᠷ ᠲᠠᠨᠤᠰ ᠲᠠᠢ ᠬᠠᠷᠢᠯᠴᠠᠬᠤ︕ ᠪᠢ ᠨᠤᠭᠳᠦ᠋ᠢᠴᠢᠬᠠᠪᠠᠯ ᠲᠠᠨᠤᠰ ᠶᠠᠮᠠᠷ ᠶᠠ ᠨᠢᠭᠡ ᠴᠠᠭᠠᠷᠢᠭ ᠴᠡᠴᠡᠭ ᠬᠦᠷᠭᠡᠴᠢᠭᠡᠵᠦ ᠦᠦ︕ ᠬᠡᠮᠡᠨ ᠢᠨᠢᠶᠡᠳᠦᠮ ᠱᠤᠭ ᠬᠢᠯ᠎ᠡ᠃        — ᠪᠠᠭᠰᠢ ᠶᠢᠨ ᠪᠡᠶ᠎ᠡ ᠴᠢᠬᠢᠷᠠᠭ ᠪᠠᠶᠢᠨ᠎ᠠ︕ ᠡᠨᠡ ᠲᠤᠯᠢ ᠪᠢᠴᠢᠭ ᠢᠶᠠᠨ ᠬᠢᠵᠦ ᠪᠠᠷᠡᠭᠠᠬᠤ ᠳᠤ ᠠᠰᠠᠭᠤᠳᠠᠯ ᠦᠭᠡᠢ︕        — ᠦᠭᠡᠢ ᠰᠢᠤ︕ ᠴᠠᠭᠠᠨ᠎ᠠ ᠪᠠᠨ ᠭᠤᠷᠢ ᠦᠭᠡᠢ ᠪᠤᠯᠴᠢᠬᠠᠯ᠎ᠠ᠃ ᠲᠠᠷᠢᠬᠢ ᠶᠠ ᠬᠦᠷᠬᠦ ᠦᠭᠡᠢ᠂ ᠨᠢᠳᠦ ᠶᠠ ᠤᠯᠢᠭ ᠲᠠᠢ ᠦᠵᠡᠬᠦ ᠦᠭᠡᠢ᠂ ᠬᠢᠨᠠᠵᠤ ᠵᠠᠰᠠᠵᠤ ᠪᠠᠶᠢᠲᠠᠷ ᠵᠦᠪ ᠢ ᠨᠢ ᠪᠤᠷᠤᠭᠤ ᠪᠤᠯᠭᠠᠭᠠᠳ ᠵᠠᠰᠠᠴᠢᠬᠠᠨ᠎ᠠ᠃ ᠡᠨᠡ ᠪᠤᠯᠬᠤ ᠦᠭᠡᠢ ᠰᠢᠤ᠂ ᠬᠦᠮᠦᠨ ᠭᠡᠳᠡᠭ ᠴᠢᠨᠢ ᠪᠡᠶ᠎ᠡ ᠪᠠᠨ ᠮᠡᠳᠡᠵᠦ ᠪᠠᠶᠢᠬᠤ ᠭᠡᠷᠡᠭᠲᠡᠢ︕ ᠢᠩᠬᠢᠵᠦ ᠠᠵᠢᠯᠯᠠᠪᠠᠯ ᠭᠡᠳᠡᠷᠬᠦ ᠪᠠᠨ ᠯᠠᠭᠠᠷ ᠲᠠᠳᠠᠬᠤ ᠠᠴᠠ ᠪᠢᠰᠢ ᠬᠡᠷᠡᠭ ᠲᠤ ᠬᠦᠷᠴᠦ ᠳᠡᠶᠢᠯᠬᠦ ᠦᠭᠡᠢ ᠪᠤᠯᠴᠢᠬᠠᠨ᠎ᠠ︕ ᠢᠩᠬᠢᠬᠦ ᠪᠠᠷ ᠢᠶᠠᠨ ᠨᠤᠮ ᠤᠨ ᠠᠰᠠᠷ ᠲᠤ ᠪᠠᠨ ᠰᠠᠭᠤᠵᠤ ᠡᠳᠡᠨ ᠢ ᠶᠠᠮᠠᠷ ᠶᠠ ᠦᠬᠦᠲᠡᠯ᠎ᠡ ᠪᠠᠨ ᠵᠢᠭᠠᠬᠠᠨ ᠵᠢᠯᠤᠭᠤᠳᠴᠤ᠂ ᠠᠰᠠᠭᠤᠬᠤ ᠳᠤ ᠬᠠᠵᠠᠭᠤ ᠳᠤ ᠨᠢ ᠪᠠᠶᠢᠵᠤ ᠪᠠᠶᠢᠪᠠᠯ ᠪᠠᠰᠠ ᠵᠢᠭᠠᠬᠠᠨ ᠦᠢᠯᠡᠳᠦᠯ ᠢᠶᠠᠨ ᠭᠠᠷᠭᠠᠴᠢᠬᠠᠬᠤ︕ ᠪᠠᠷᠠᠭᠤᠨ ᠬᠤᠶᠢᠰᠢ ᠭᠤᠨᠦ᠋ᠢᠬᠤ ᠶᠢᠨ ᠤᠷᠢᠳ ᠢᠶᠠᠷ ᠶᠠᠮᠠᠷ ᠶᠠ ᠲᠠᠨᠤᠰ ᠲᠤ ᠦᠷᠭᠦᠯᠵᠢᠯᠡᠭᠦᠯᠦᠨ ᠬᠢᠬᠦ ᠵᠠᠯᠠᠭᠤᠴᠤᠳ ᠢᠶᠠᠨ ᠲᠠᠨᠢᠯᠴᠠᠭᠤᠯᠤᠶ᠎ᠠ︕ ᠦᠭᠡᠢ ᠪᠤᠯ ᠨᠢᠭᠡ ᠮᠡᠳᠡᠬᠦ ᠳᠤ ᠭᠤᠨᠦ᠋ᠢᠴᠢᠬᠠᠪᠠᠯ ᠡᠨᠡ ᠴᠢᠨᠢ ᠲᠠᠯᠠᠷᠠᠴᠢᠬᠠᠨ᠎ᠠ ᠪᠠ ᠳ᠋ᠠ︕ ᠶᠠᠮᠠᠷ ᠶᠠ ᠡᠵᠡᠨ ᠲᠠᠢ ᠪᠤᠯᠴᠢᠬᠠᠪᠠᠯ ᠡᠨᠡ ᠴᠢᠨᠢ ᠪᠠᠳᠤᠯᠠᠭ᠎ᠠ ᠲᠠᠢ ᠪᠠ ᠳ᠋ᠠ︕        — ᠡᠳᠡᠨᠦᠰ ᠤᠳᠤ ᠡᠶ᠎ᠡ ᠠᠶ᠎ᠠ ᠶᠢ ᠤᠯᠴᠢᠬᠠᠭᠰᠠᠨ ᠪᠠᠶᠢᠨ᠎ᠠ ᠯᠠᠢ︕ ᠰᠠᠨᠠᠭ᠎ᠠ ᠠᠮᠤᠷ ᠵᠢᠯᠤᠭᠤᠳᠤᠯᠭ᠎ᠠ ᠪᠠᠨ ᠬᠢᠬᠦ ᠨᠢ ᠵᠦᠪ᠂ ᠤᠳᠤ ᠪᠡᠶ᠎ᠡ ᠪᠠᠨ ᠬᠠᠶᠢᠷᠠᠯᠠᠬᠤ ᠪᠤᠯᠤᠭᠰᠠᠨ ᠰᠢᠤ︕ ᠭᠡᠳ ᠸᠠᠩ ᠱᠤ᠋ ᠴᠢᠨ᠂ ᠠᠷᠢᠭᠤᠨᠲᠠᠨ᠎ᠠ ᠵᠡᠷᠭᠡ ᠪᠠᠭᠰᠢ ᠶᠢ ᠤᠷᠢᠵᠤ ᠬᠤᠷᠠᠯ ᠳᠤ ᠤᠷᠤᠯᠴᠠᠭᠤᠯᠪᠠ᠃ ᠬᠠᠮᠤᠭ ᠤᠷᠢᠳ ᠢᠶᠠᠷ ᠪᠢᠳᠠ ᠭᠤᠷᠪᠠᠭᠤᠯᠠ ᠶᠢ ᠲᠠᠨᠢᠯᠴᠠᠭᠤᠯᠤᠨ ᠬᠤᠶᠢᠰᠢᠳᠠ ᠶᠢᠨ ᠬᠠᠮᠵᠢᠯᠴᠠᠬᠤ ᠤᠴᠢᠷ ᠢ ᠨᠠᠶᠢᠳᠠᠵᠤ᠂ ᠳᠠᠷᠠᠭ᠎ᠠ ᠨᠢ ᠪᠢᠳᠠᠨ ᠤ ᠬᠢᠵᠦ ᠪᠠᠶᠢᠭ᠎ᠠ ︽ᠮᠤᠩᠭᠤᠯ ᠦᠭᠡ ᠶᠢᠨ ᠪᠦᠷᠢᠨ ᠲᠤᠯᠢ︾ ᠳᠤ ᠠᠰᠢᠭᠯᠠᠵᠤ ᠪᠠᠶᠢᠭ᠎ᠠ ᠠᠷᠭ᠎ᠠ ᠬᠡᠯᠪᠡᠷᠢ᠂ ᠤᠴᠠᠷᠠᠭᠰᠠᠨ ᠠᠰᠠᠭᠤᠳᠠᠯ ᠢᠶᠠᠨ ᠶᠠᠷᠢᠯᠴᠠᠵᠤ ᠪᠢᠯᠡ᠃ ᠬᠠᠷᠢᠵᠤ ᠢᠷᠡᠭᠰᠡᠨ ᠤ ᠳᠠᠷᠠᠭ᠎ᠠ ᠪᠢᠳᠠᠨ ᠨᠡᠩ ᠰᠢᠷᠭᠠᠭᠤ ᠠᠵᠢᠯᠯᠠᠵᠤ᠂ ᠪᠠᠭᠰᠢ ᠶᠢᠨ ᠠᠮᠢᠳᠤ ᠰᠡᠷᠡᠭᠦᠨ ᠪᠠᠶᠢᠬᠤ ᠴᠠᠭ ᠢ ᠠᠮᠵᠢᠨ ᠨᠢᠭᠡ ᠲᠤᠯᠤᠭᠠᠢ ᠦᠭᠡ ᠶᠢ ᠴᠤ ᠬᠢᠨᠠᠭᠤᠯᠵᠤ ᠠᠮᠵᠢᠪᠠᠯ ᠠᠮᠠᠷ ᠦᠭᠡᠢ ᠰᠠᠶᠢᠨ ᠠᠮᠵᠢᠯᠲᠠ ᠭᠡᠵᠦ ᠪᠦᠬᠦᠳᠡᠭᠡᠷ ᠶᠡᠭᠡ ᠴᠢᠷᠮᠠᠶᠢᠵᠤ ᠪᠠᠶᠢᠭᠰᠠᠨ ᠶᠤᠮ᠃ᠴᠢᠷᠮᠠᠶᠢᠯᠭ᠎ᠠ ᠬᠦᠮᠦᠨ ᠢ ᠬᠦᠰᠡᠷᠳᠡᠭᠦᠯᠳᠡᠭ ᠦᠭᠡᠢ ᠭᠡᠭᠴᠢ ᠪᠠᠷ ᠪᠠᠭᠰᠢ ᠪᠠᠷ ᠲᠤᠯᠤᠭᠠᠢᠢᠯᠠᠭᠤᠯᠤᠭᠰᠠᠨ ︽ᠤᠷᠳᠤᠰ ᠤᠨ ᠬᠤᠤᠰ ᠬᠡᠯᠡᠨ ᠤ ᠲᠤᠯᠢ ᠪᠢᠴᠢᠭ ᠤᠨ ᠰᠤᠳᠤᠯᠭᠠᠨ ᠤ ᠴᠢᠳᠠᠪᠤᠷᠢᠲᠠᠨ ᠤ ᠪᠦᠯᠬᠦᠮ︾ ᠨᠢ ᠤᠲᠤᠭ ᠤᠨ ᠡᠮᠦᠨᠡᠲᠦ ᠬᠤᠰᠢᠭᠤᠨ ᠤ ︽2020 ᠤᠨ ᠤ ᠠᠵᠤ ᠦᠢᠯᠡᠰ ᠤᠨ ᠰᠢᠨ᠎ᠡ ᠶᠢ ᠡᠭᠦᠳᠬᠦ ᠴᠢᠳᠠᠪᠤᠷᠢᠲᠠᠨ ᠤ ᠪᠦᠯᠬᠦᠮ︾ ᠤᠨ ᠨᠢᠭᠡᠳᠦᠭᠡᠷ ᠳᠡᠰ ᠲᠤ ᠰᠢᠯᠭᠠᠷᠠᠵᠤ᠂ ᠪᠠᠭᠰᠢ ᠤᠲᠤᠭ ᠤᠨ ᠡᠮᠦᠨᠡᠲᠦ ᠬᠤᠰᠢᠭᠤᠨ ᠤ ︽ᠴᠠᠬᠢᠷᠮ᠎ᠠ ᠴᠢᠳᠠᠪᠤᠷᠢᠲᠠᠨ︾ ᠤ ᠨᠢᠭᠡᠳᠦᠭᠡᠷ ᠳᠡᠰ ᠲᠤ ᠲᠤᠳᠤᠷᠠᠭᠰᠠᠨ ᠪᠢᠯᠡ᠃         ᠨᠠᠰᠤᠲᠠᠢ ᠬᠦᠮᠦᠨ ᠦᠪᠡᠷ ᠤᠨ ᠪᠠᠶᠢᠳᠠᠯ ᠢᠶᠠᠨ ᠤᠷᠢᠳᠴᠢᠯᠠᠨ ᠮᠡᠳᠡᠴᠢᠭᠡᠳᠡᠭ ᠶᠤᠮ ᠪᠤᠯ ᠦᠦ︖ 2021 ᠤᠨ ᠤ 1 ᠰᠠᠷ᠎ᠠ ᠶᠢᠨ 5 ᠠᠴᠠ ᠡᠬᠢᠯᠡᠨ ᠬᠡᠪ ᠶᠤᠰᠤᠭᠠᠷ ᠠᠵᠢᠯᠯᠠᠵᠤ ᠳᠡᠶᠢᠯᠬᠦ ᠦᠭᠡᠢ ᠪᠤᠯᠤᠯ᠎ᠠ᠃ ᠡᠨᠡ ᠦᠶ᠎ᠡ ᠳᠤ ᠬᠡᠦᠬᠡᠳ ᠤᠳ ᠨᠢ ᠡᠮᠨᠡᠯᠭᠡ ᠳᠤ ᠪᠠᠶᠢᠴᠠᠭᠠᠯᠭᠠᠵᠤ ᠡᠮᠨᠡᠭᠦᠯᠦᠭᠰᠡᠨ ᠪᠤᠯᠪᠠᠴᠤ ᠠᠮᠢᠨ ᠳᠤ ᠤᠷᠤᠬᠤ ᠡᠪᠡᠳᠴᠢᠨ ᠭᠡᠵᠦ ᠦᠭᠡᠢ᠃ ᠠᠭᠰᠠᠭ᠎ᠠ ᠪᠤᠯᠤᠨ ᠲᠡᠷᠢᠬᠢ ᠴᠢᠰᠤᠨ ᠰᠤᠳᠠᠯ ᠳᠤ ᠲᠦᠭᠵᠢᠷᠡᠯ ᠲᠠᠢ ᠭᠡᠵᠦ ᠯᠠ ᠪᠠᠶᠢᠪᠠ᠃ ᠡᠨᠡ ᠡᠳᠦᠷ ᠠᠴᠠ ᠡᠬᠢᠯᠡᠨ ᠮᠠᠨ ᠲᠠᠢ ᠬᠠᠮᠲᠤ ᠠᠵᠢᠯᠯᠠᠵᠤ ᠳᠡᠶᠢᠯᠦᠭᠰᠡᠨ ᠦᠭᠡᠢ᠃ ᠭᠡᠪᠡᠴᠤ ᠤᠭ ᠲᠤ ᠪᠠᠨ ᠬᠡᠯᠡᠵᠦ ᠪᠠᠶᠢᠭᠰᠠᠨ ᠦᠭᠡᠨ ᠳᠤ ᠪᠠᠨ ᠬᠦᠷᠦᠭᠰᠡᠨ ᠰᠢᠦ︕ ᠨᠤᠮ ᠤᠨ ᠠᠰᠠᠷ ᠲᠤ ᠪᠠᠨ ᠬᠡᠪᠲᠡᠵᠦ ᠪᠢᠳᠠᠨ ᠢ ᠵᠢᠭᠠᠨ ᠵᠢᠯᠤᠭᠤᠳᠴᠤ᠂ ᠮᠡᠳᠡᠬᠦ ᠦᠭᠡᠢ ᠵᠦᠢᠯ ᠢᠶᠠᠨ ᠠᠰᠠᠭᠤᠬᠤ ᠳᠤ ᠤᠯᠬᠤ ᠮᠠᠲ᠋ᠧᠷᠢᠶᠠᠯ᠂ ᠮᠡᠳᠡᠬᠦ ᠵᠦᠢᠯ ᠢᠶᠠᠨ ᠬᠡᠯᠡᠵᠤ ᠶᠠᠷᠢᠵᠤ ᠪᠠᠶᠢᠪᠠ᠃ ᠵᠢᠯ ᠤᠨ ᠨᠢᠭᠡ ᠨᠠᠭᠠᠳᠠᠭ ᠰᠡᠭᠦᠳᠡᠷ ᠲᠤ ᠪᠠᠨ 2020 ᠤᠨ ᠤ ᠬᠢ ᠳᠤ ᠵᠠᠪᠠᠯ ︽ᠴᠠᠬᠢᠷᠮ᠎ᠠ ᠴᠢᠳᠠᠪᠤᠷᠢᠲᠠᠨ︾ ᠤ ᠱᠠᠩᠨᠠᠯ ᠲᠠᠢ ᠰᠡᠭᠦᠳᠡᠷ ᠠᠪᠤᠨ᠎ᠠ ᠭᠡᠵᠦ ᠬᠡᠪᠲᠡᠷᠢ ᠳᠤ ᠪᠠᠶᠢᠭᠰᠠᠨ ᠴᠤ ᠪᠠᠷᠢᠮᠲᠠᠯᠠᠯ ᠢᠶᠠᠨ ᠠᠯᠳᠠᠭ᠎ᠠ ᠦᠭᠡᠢ᠃         ᠬᠠᠩᠰᠢ ᠶᠢᠨ ᠴᠢᠯᠦᠭᠡ ᠲᠠᠯᠪᠢᠬᠤ ᠳᠤ ᠪᠠᠭᠰᠢ ᠭᠡᠷ ᠲᠤ ᠪᠠᠨ ᠬᠠᠷᠢᠨ᠎ᠠ ᠭᠡᠰᠡᠨ ᠠᠴᠠ ᠬᠤᠶᠢᠰᠢ ᠲᠠᠬᠢᠵᠤ ᠨᠤᠮ ᠤᠨ ᠠᠰᠠᠷ ᠲᠤ ᠪᠠᠨ ᠭᠠᠷᠤᠭᠰᠠᠨ ᠦᠭᠡᠢ᠃ ᠪᠡᠶ᠎ᠡ ᠨᠢ ᠬᠠᠲᠠᠵᠤ ᠶᠠᠳᠠᠷᠠᠭᠰᠠᠨ ᠴᠤ ᠨᠠᠷᠠᠨ ᠳᠤ ᠭᠠᠷᠬᠤ ᠳᠤ ᠪᠠᠨ ᠵᠠᠪᠠᠯ ᠨᠤᠮ ᠤᠨ ᠠᠰᠠᠷ ᠤᠨ ᠳᠤᠤᠷ᠎ᠠ ᠵᠢᠭᠠᠬᠠᠨ ᠰᠠᠭᠤᠵᠤ ᠪᠠᠶᠢᠭᠠᠳ ᠪᠤᠴᠠᠳᠠᠭ ᠪᠤᠯᠤᠯ᠎ᠠ᠃ ᠡᠷᠬᠢᠵᠦ ᠲᠤᠭᠤᠷᠢᠵᠤ ᠦᠵᠡᠬᠦ ᠪᠠᠷ ᠢᠷᠡᠭᠰᠡᠨ ᠬᠦᠮᠦᠨ ᠲᠠᠢ ᠨᠠᠭᠠᠳᠤᠮ ᠲᠤᠭᠯᠠᠭᠠᠮ ᠤᠨ ᠦᠭᠡ ᠬᠡᠯᠡᠬᠦ ᠪᠠᠨ ᠮᠠᠷᠳᠠᠭ᠎ᠠ ᠦᠭᠡᠢ᠃        — ᠪᠢ ᠪᠠᠷᠠᠭᠤᠨ ᠬᠤᠶᠢᠰᠢ ᠶᠠᠪᠤᠴᠢᠬᠠᠪᠠᠯ ᠶᠠᠮᠠᠷ ᠶᠠ ᠴᠠᠭᠠᠨ ᠵᠤᠭᠤᠰᠤᠨ ᠬᠢᠷᠢ ᠴᠠᠭᠠᠷᠢᠭ ᠴᠡᠴᠡᠭ ᠬᠦᠷᠭᠡᠴᠢᠭᠡ ᠳ᠋ᠠ︕        — ᠴᠢ ᠪᠠᠷᠠᠭᠤᠨ ᠬᠤᠶᠢᠰᠢ ᠪᠠᠨ ᠶᠠᠪᠤᠭᠰᠠᠨ ᠦᠭᠡᠢ ᠪᠠᠷ ᠨᠠᠮ᠎ᠠ ᠬᠦᠯᠢᠶᠡᠵᠦ ᠪᠠᠶᠢᠨ᠎ᠠ ᠦᠦ︖        — ᠪᠢ ᠴᠢᠨᠤ ᠤᠷᠢᠲᠠᠢ ᠶᠠᠪᠤᠵᠤ ᠵᠠᠮ ᠮᠦᠷ ᠢ ᠨᠢ ᠤᠯᠵᠤ ᠴᠢᠮ᠎ᠠ ᠳᠤ ᠬᠠᠷᠢᠴᠠᠭᠠᠨ ᠤ ᠠᠰᠠᠭᠤᠳᠠᠯ ᠢ ᠰᠢᠢᠳᠪᠦᠷᠢᠯᠡᠵᠦ ᠪᠠᠶᠢᠶ᠎ᠠ︕        — ᠪᠢ ᠨᠢᠭᠡ ᠨᠠᠰᠤᠨ ᠠᠮᠢᠳᠤᠷᠠᠭᠠᠳ ᠦᠷᠲᠡᠭ ᠲᠤ ᠪᠠᠨ ᠬᠦᠷᠦᠭᠰᠡᠨ᠂ ᠤᠴᠢᠭᠠᠳ ᠴᠢᠮ᠎ᠠ ᠬᠦᠯᠢᠶᠡᠵᠦ ᠪᠠᠶᠢᠶ᠎ᠠ︕ ᠬᠡᠬᠦ ᠮᠡᠲᠦ ᠶᠢᠨ ᠲᠤᠭᠯᠠᠭᠠᠮ ᠬᠢᠴᠢᠭᠡᠭᠰᠡᠨ ᠬᠡᠪᠲᠡᠲᠡᠭ᠃ ᠦᠬᠦᠯ ᠢ ᠵᠡᠭᠦᠨ ᠪᠠᠷᠠᠭᠤᠨ ᠭᠡᠷ ᠤᠨ ᠡᠭᠦᠳᠡᠨ ᠪᠤᠱᠤᠭ᠎ᠠ ᠪᠠᠷ ᠠᠯᠬᠤᠵᠤ ᠤᠷᠤᠬᠤ ᠶᠢᠨ ᠲᠡᠳᠦᠢ ᠰᠠᠨᠠᠵᠤ ᠠᠶᠤᠩᠭᠤᠷᠢ ᠦᠭᠡᠢ ᠲᠠᠶᠢᠪᠤᠩ ᠲᠤᠭᠲᠠᠭᠤᠨ ᠢᠶᠠᠷ ᠢᠶᠠᠨ ᠪᠠᠶᠢᠳᠠᠬ ᠪᠤᠯᠬᠤᠷ ᠰᠡᠳᠬᠢᠯ ᠳᠤ ᠶᠡᠭᠡ ᠲᠠᠭᠠᠲᠠᠶᠢᠬᠠᠨ ᠲᠦᠷᠦᠭᠳᠡᠯ ᠦᠭᠴᠦ ᠠᠶᠤᠵᠤ ᠰᠤᠴᠢᠷᠳᠠᠬᠤ ᠰᠡᠳᠬᠢᠯ ᠮᠢᠨᠢ ᠠᠶᠠᠨᠳᠠᠭᠠᠨ ᠨᠠᠮᠳᠠᠬᠤ ᠪᠤᠯᠤᠭᠰᠠᠨ ᠢ ᠦᠪᠡᠷ ᠢᠶᠠᠨ ᠶᠡᠭᠡ  ᠭᠠᠶᠢᠬᠠᠳᠠᠭ ᠪᠤᠯᠤᠯ᠎ᠠ᠃ ᠪᠦᠬᠦ᠋ᠢᠯᠡ ᠨᠢᠭᠡ ᠨᠠᠰᠤᠨ ᠤ ᠠᠵᠢᠯ ᠢᠶᠠᠨ ᠶᠠᠭ ᠪᠦᠷᠢᠨ ᠬᠦᠢᠴᠡᠳ ᠪᠡᠶᠡᠯᠡᠭᠦᠯᠦᠭᠰᠡᠨ ᠰᠢᠭ᠂ ᠪᠦᠬᠦᠳᠡ ᠤᠯᠠᠨ ᠤ ᠰᠡᠳᠬᠢᠯ ᠤᠨ ᠡᠮᠵᠡᠭᠯᠡᠯ ᠢ ᠤᠷᠢᠳ ᠠᠴᠠ ᠨᠢ ᠡᠬᠢᠯᠡᠨ ᠰᠡᠷᠭᠡᠶᠢᠯᠡᠭᠡ ᠬᠢᠭᠰᠡᠨ ᠰᠢᠭ᠂ ᠪᠦᠬᠦᠰᠢ ᠦᠭᠡᠢ ᠭᠠᠯ ᠤᠨ ᠴᠤᠭ ᠮᠡᠲᠦ ᠳᠤᠯᠠᠭᠠᠬᠠᠨ ᠢᠶᠠᠷ ᠢᠶᠠᠨ ᠪᠠᠶᠢᠳᠠᠭ ᠰᠢᠭ᠋᠂ ᠪᠦᠷᠢᠯᠸ᠎ᠠ ᠶᠢᠨ ᠬᠤᠪᠢᠯᠭᠠᠨ ᠢᠶᠠᠷ ᠲᠦᠮᠡᠨ ᠳᠤ ᠪᠠᠨ ᠰᠤᠶᠤᠷᠬᠠᠭᠳᠠᠭᠰᠠᠨ ᠰᠢᠭ᠋ ᠭᠡᠭᠡᠨ ᠳᠦᠷᠢ ᠶᠢ ᠱᠤᠭᠤᠨ ᠪᠦᠲᠦᠭᠡᠵᠡᠢ᠃        2021 ᠤᠨ ᠤ 6 ᠰᠠᠷ᠎ᠠ ᠶᠢᠨ 28 ᠤ ᠦᠲᠡᠰᠢ ᠪᠠᠭᠰᠢ ᠦᠨᠡᠨ ᠤ ᠭᠠᠵᠠᠷ ᠲᠤ ᠪᠠᠨ ᠤᠳᠤᠯ᠎ᠠ᠃ ᠬᠤᠶᠢᠨ᠎ᠠ ᠠᠴᠠ ᠨᠢ ᠪᠤᠷᠬᠠᠨ ᠳᠡᠭᠷᠢ ᠶᠠᠭ ᠡᠮᠵᠡᠭᠯᠡᠨ ᠮᠡᠭᠰᠢᠵᠦ ᠪᠠᠶᠢᠭ᠎ᠠ ᠭᠡᠨ ᠨᠢᠭᠡᠨ ᠮᠡᠲᠦ ᠭᠡᠰᠡᠭᠬᠡᠨ ᠵᠠᠭᠤᠷ᠎ᠠ ᠬᠤᠷ᠎ᠠ ᠬᠠᠶᠢᠷᠠᠯᠠᠵᠤ ᠪᠠᠶᠢᠭᠰᠠᠨ ᠢᠶᠠᠨ ᠲᠦᠳᠡᠬᠡᠨ ᠴᠡᠯᠮᠡᠭᠰᠢᠯ᠎ᠠ᠃ ᠪᠠᠭᠰᠢ ᠦᠨᠡᠬᠡᠷ ᠶᠡᠭᠡ ᠤᠲᠤ ᠲᠠᠢ ᠬᠦᠮᠦᠨ ᠪᠠᠶᠢᠭᠰᠠᠨ ᠰᠠᠨᠵᠠᠢ᠃ ᠪᠠᠭᠰᠢ ᠲᠠᠢ ᠪᠠᠨ ᠤᠴᠠᠷᠠᠵᠤ ᠱᠠᠪᠢᠯᠠᠭᠰᠠᠨ ᠴᠠᠭ ᠮᠢᠨᠢ ᠪᠠᠰᠠ ᠵᠢᠭᠠᠬᠠᠨ ᠤᠷᠲᠤ ᠪᠠᠶᠢᠭᠰᠠᠨ ᠪᠤᠯ ᠬᠡᠳᠦᠢ ᠰᠠᠶᠢᠬᠠᠨ ᠪᠤᠢ︕ ᠡᠨᠡᠬᠡᠨ ᠨᠠᠰᠤᠨ ᠳᠤ ᠮᠢᠨᠢ ᠬᠤᠪᠤᠷᠬᠠᠨ ᠳᠤᠬᠢᠶᠠᠭᠰᠠᠨ  ᠬᠠᠮᠤᠭ ᠤᠨ ᠲᠤᠮᠤ ᠤᠯᠵᠠᠷᠬᠠᠯ᠂ ᠠᠵᠠ ᠪᠤᠶᠠᠨ ᠪᠠᠶᠢᠬᠤ ᠯᠠ ᠶᠤᠰᠤᠲᠠᠢ᠃        ᠪᠠᠭᠰᠢ ᠮᠢᠨᠢ ᠪᠤᠷᠬᠠᠨ ᠪᠤᠯᠤᠭᠰᠠᠨ ᠪᠤᠯᠪᠠᠴᠤ᠂ ᠤᠯᠤᠰ ᠦᠨᠳᠦᠰᠦᠲᠡᠨ ᠳᠤ ᠪᠠᠨ ᠭᠡᠵᠦ ᠵᠤᠷᠢᠭᠤᠯᠤᠭᠰᠠᠨ ︽ᠮᠤᠩᠭᠤᠯ ᠦᠭᠡ ᠶᠢᠨ ᠪᠦᠷᠢᠨ ᠲᠤᠯᠢ︾ ᠶᠢ ᠱᠠᠪᠢ ᠪᠤᠯᠤᠭᠰᠠᠨ ᠪᠢᠳᠠ ᠨᠠᠷ ᠵᠠᠬᠢᠶᠠᠰᠤ ᠶᠤᠰᠤᠭᠠᠷ ᠵᠠᠯᠭᠠᠵᠤ ᠬᠢᠭᠰᠡᠬᠡᠷ ᠪᠠᠶᠢᠨ᠎ᠠ᠃ ᠢᠷᠡᠬᠦ ᠨᠢᠭᠡᠨ ᠡᠳᠤᠷ ︽ᠮᠤᠩᠭᠤᠯ ᠦᠭᠡ ᠶᠢᠨ ᠪᠦᠷᠢᠨ ᠲᠤᠯᠢ︾ ᠮᠡᠨᠳᠦᠯᠡᠵᠦ᠂ ᠪᠠᠭᠰᠢ ᠮᠢᠨᠢ ᠪᠤᠷᠬᠠᠨ ᠤ ᠤᠷᠤᠨ ᠠᠴᠠ ᠰᠡᠤᠨᠬᠢᠯ ᠲᠡᠨᠢᠢᠨ ᠪᠠᠶᠠᠰᠬᠤ ᠪᠤᠯᠤᠭᠠᠰᠠᠢ︕ 
ᠢᠷᠡᠯᠲᠡ᠄ ᠵᠤᠬᠢᠶᠠᠭᠴᠢ ᠠᠴᠠ