ᠪᠣᠷᠣᠪᠠᠯᠭᠠᠰᠣ ᠪᠠᠯᠭᠠᠰᠣ ᠣᠷᠳᠣᠰ ᠬᠤᠳᠠ ᠶᠢᠨ ᠪᠠᠷᠠᠭᠤᠨ ᠡᠮᠦᠨᠡᠳᠦ ᠬᠡᠰᠡᠭ ᠳᠠᠬᠢ ᠦᠪᠦᠷ ᠮᠣᠩᠭᠤᠯ᠂ ᠱᠠᠨᠰᠢ᠂ ᠨᠢᠩᠰᠢᠶᠠ ᠭᠤᠷᠪᠠᠨ ᠮᠣᠵᠢ ︵ᠣᠷᠣᠨ︶ | ᠤ ᠠᠭᠤᠯᠵᠠᠷ᠂ ᠰᠢᠷᠬᠤᠰᠣᠨ ᠭᠤᠣᠯ ᠤᠨ ᠲᠡᠭᠡᠳᠦ ᠣᠷᠣᠰᠬᠠᠯ ᠳᠤ ᠪᠠᠶᠢᠷᠢᠯᠠᠵᠣ᠂ ᠵᠡᠭᠦᠨᠰᠢ ᠪᠠᠨ ᠦᠣᠰᠢᠨ ᠬᠤᠰᠢᠭᠤᠨ ᠤ ᠰᠢᠷᠬᠤᠰᠣᠨ ᠪᠠᠯᠭᠠᠰᠣ ᠲᠠᠢ | ᠬᠦᠷᠰᠢᠯᠡᠵᠣ᠂ ᠡᠮᠦᠨᠡᠰᠢ ᠪᠠᠨ ᠱᠠᠨᠰᠢ ᠮᠣᠵᠢ ᠶᠢᠨ ᠪᠣᠷᠣ ᠬᠤᠳᠠ ᠰᠢᠶᠠᠨ ᠤ ᠰᠣᠬᠠᠢ ᠶᠢᠨ ᠪᠠᠶᠢᠰᠢᠩ ᠪᠠᠯᠭᠠᠰᠦ᠂ ᠵᠡᠬᠦᠨ ᠪᠠᠶᠠᠨ ᠲᠦᠬᠦᠮ ᠪᠠᠯᠭᠠᠰᠣ᠂ ᠶᠡᠭᠡ ᠮᠠᠰᠢᠩ | ᠰᠢᠶᠠᠨ ᠤ ᠪᠡᠢ ᠶᠢᠨ ᠰᠢᠯᠢ ᠰᠢᠶᠠᠩ᠂ ᠪᠠᠶᠠᠨ ᠲᠦᠬᠦᠮ ᠪᠠᠯᠭᠠᠰᠦ ᠲᠠᠢ ᠵᠠᠯᠭᠠᠯᠳᠣᠵᠣ᠂ ᠪᠠᠷᠠᠭᠤᠰᠢ ᠪᠠᠨ ᠨᠢᠩᠰᠢᠶᠠ ᠶᠢᠨ ᠲᠡᠷᠬᠡ ᠰᠢᠶᠠᠨ ᠲᠠᠢ ᠰᠠᠪᠠᠯᠠᠵᠣ᠂ ᠣᠮᠠᠷᠠᠰᠢ | ᠪᠠᠨ ᠣᠯᠵᠠᠴᠢ ᠪᠠᠯᠭᠠᠰᠣ᠂ ᠨᠠᠩᠰᠣ ᠪᠠᠯᠭᠠᠰᠦ ᠲᠠᠢ ᠲᠦᠰᠢᠯᠴᠡᠵᠣ᠂ ᠦᠪᠡᠷᠳᠡᠭᠡᠨ ᠵᠠᠰᠠᠬᠤ ᠣᠷᠣᠨ ᠤ ︽ᠡᠮᠦᠨ᠎ᠡ ᠬᠠᠭᠠᠯᠭ᠎ᠠ︾ ᠬᠡᠮᠡᠬᠦ ᠨᠡᠷᠡᠶᠢᠳᠦᠯ ᠲᠠᠢ᠃ ᠲᠠᠩ | ᠣᠯᠣᠰ ᠤᠨ ᠦᠶ᠎ᠡ ᠶᠢᠨ ᠶᠢᠣᠵᠸᠣ ᠬᠤᠳᠠ ᠶᠢᠨ ᠪᠠᠭᠤᠷᠢ ᠶᠢᠨ ᠠᠳᠡ ᠪᠠᠶᠢᠬᠤ ᠮᠦᠷᠳᠡᠭᠡᠨ ᠬᠤᠶᠠᠷ ᠱᠣᠷᠣᠯᠵᠢᠨ ᠡᠯᠡᠰᠣᠨ ᠤ ᠲᠣᠮᠳᠠ ᠪᠠᠶᠢᠷᠢᠰᠢᠳᠠᠭ ᠠᠴᠠ | ᠪᠣᠷᠣᠪᠠᠯᠭᠠᠰᠣ ᠭᠡᠳᠡᠭ᠃ ᠪᠣᠷᠣᠪᠠᠯᠭᠠᠰᠣ ᠪᠠᠯᠭᠠᠰᠦ ᠦᠨᠢ ᠣᠳᠠᠭᠠᠨ ᠲᠡᠣᠬᠡ ᠲᠠᠢ᠂ ᠣᠷᠣᠨ ᠪᠠᠶᠢᠷᠢ ᠶᠢᠨ ᠲᠠᠪᠠᠭᠤᠯᠢᠭ ᠢᠶᠠᠷ ᠢᠯᠡᠳᠳᠡ᠂ ᠡᠳ᠋ ᠠᠭᠤᠷᠠᠰᠣᠨ ᠡᠯᠪᠡᠭ | ᠲᠡᠯᠪᠡᠭ᠂ ᠰᠣᠶᠣᠯ ᠤᠨ ᠰᠠᠭᠤᠷᠢ ᠵᠣᠵᠠᠭᠠᠨ᠂ ᠡᠷᠳᠡᠨ ᠤ ︽ᠪᠣᠷᠣᠲᠣᠬᠤᠢ ᠬᠦᠮᠦᠨ︾ ᠤ ᠪᠣᠯᠪᠠᠰᠣᠨ ᠠᠳᠡ ᠠᠴᠠ ᠡᠭᠦᠰᠦᠯᠳᠡᠢ᠂ ᠬᠠᠨ ᠣᠯᠣᠰ ᠲᠠᠩ ᠣᠯᠣᠰ ᠤᠨ | ᠰᠣᠶᠣᠯ ᠤᠨ ᠴᠡᠴᠡᠭᠯᠡᠯᠳᠡ ᠶᠢᠨ ᠭᠠᠵᠠᠷ᠂ ᠦᠪᠦᠷ ᠮᠣᠩᠭᠤᠯ ᠤᠨ ᠦᠪᠡᠷᠳᠡᠭᠡᠨ ᠵᠠᠰᠠᠬᠤ ᠣᠷᠣᠨ ᠤ ᠬᠠᠮᠤᠭ ᠤᠨ ᠠᠩᠬᠠᠨ ᠤ ᠬᠤᠪᠢᠰᠬᠠᠯ ᠤᠨ ᠰᠠᠭᠤᠷᠢᠨ ᠭᠠᠵᠠᠷ | ᠤᠨ ᠨᠢᠭᠡ ᠨᠢ ᠪᠣᠯᠣᠨ᠎ᠠ᠂ ᠪᠠᠶᠢᠭᠠᠯᠢ ᠶᠢᠨ ᠦᠵᠡᠮᠵᠢ ᠭᠤᠶᠢᠳᠠ ᠰᠠᠶᠢᠬᠠᠨ᠂ ᠵᠢᠭᠤᠯᠴᠢᠯᠠᠯ ᠤᠨ ᠡᠬᠢ ᠪᠠᠶᠠᠯᠢᠭ ᠦᠪᠡᠷᠮᠢᠴᠡ᠂ ᠦᠪᠦᠷ ᠮᠣᠩᠭᠤᠯ ᠱᠠᠨᠰᠢ ᠨᠢᠩᠰᠢᠶᠠ | ᠭᠤᠷᠪᠠᠨ ᠮᠣᠵᠢ ᠣᠷᠣᠨ ᠤ ᠠᠭᠤᠯᠵᠠᠷ ᠲᠠᠬᠢ ᠠᠮᠢᠵᠢᠷᠠᠯ ᠤᠨ ᠬᠦᠴᠦᠨ ᠢᠶᠠᠷ ᠪᠢᠯᠬᠠᠮ᠎ᠠ᠂ ᠣᠶᠢᠷ᠎ᠠ ᠬᠠᠪᠢ ᠳᠠᠭᠠᠨ ᠨᠦᠯᠦᠭᠡ ᠲᠠᠢ ᠪᠣᠳᠠᠰ ᠤᠨ ᠰᠣᠯᠢᠯᠴᠠᠭᠠᠨ ᠤ | ᠲᠦᠪ ᠪᠣᠯᠣᠨ᠎ᠠ᠃ | 2000 ᠣᠨ ᠤ 7 ᠰᠠᠷ᠎ᠠ ᠳᠤ ᠰᠣᠮᠣ ᠶᠢ ᠦᠭᠡᠶᠢᠰᠬᠡᠨ ᠪᠠᠯᠭᠠᠰᠦ ᠪᠣᠯᠭᠠᠵᠣ᠂ ᠪᠣᠷᠣᠪᠠᠯᠭᠠᠰᠦ ᠰᠣᠮᠣ ᠶᠢ ᠪᠣᠷᠣᠪᠠᠯᠭᠠᠰᠣ ᠪᠠᠯᠭᠠᠰᠣ ᠪᠣᠯᠭᠠᠨ ᠦᠭᠡᠷᠡᠴᠢᠯᠡᠵᠣ᠂ | 2005 ᠣᠨ ᠤ 10 ᠰᠠᠷ᠎ᠠ ᠳᠤ ᠰᠣᠮᠣ ᠶᠢ ᠦᠭᠡᠶᠢᠰᠢᠬᠡᠨ ᠪᠠᠯᠭᠠᠰᠦ ᠶᠢ ᠨᠡᠶᠢᠯᠡᠭᠦᠯᠵᠣ᠂ ᠣᠣᠯ ᠤᠨ ᠪᠣᠷᠣᠪᠠᠯᠭᠠᠰᠣ᠂ ᠢᠮᠠᠭᠠᠯᠠᠢ ᠰᠢᠶᠡᠩ᠂ ᠵᠣᠤᠬ᠎ᠠ ᠰᠣᠮᠣ ᠶᠢ | ᠬᠠᠮᠳᠣᠳᠬᠠᠨ ᠪᠣᠷᠣᠪᠠᠯᠭᠠᠰᠦ ᠪᠠᠯᠭᠠᠰᠣ ᠪᠣᠯᠭᠠᠨ ᠪᠠᠶᠢᠭᠤᠯᠣᠭᠰᠠᠨ ᠠᠴᠠ ᠵᠡᠭᠦᠨᠰᠢ ᠪᠠᠷᠠᠭᠤᠰᠢ ᠪᠠᠨ 140 ᠺᠢᠯᠣᠮᠧᠲᠷ ᠣᠷᠳᠦ᠂ ᠣᠷᠣᠭᠰᠢ ᠬᠤᠶᠢᠰᠢ ᠪᠠᠨ 75 | ᠺᠢᠯᠣᠮᠧᠲᠷ ᠦᠷᠭᠡᠨ ᠪᠣᠯᠵᠣ᠂ ᠭᠠᠵᠠᠷ ᠰᠢᠷᠣᠢ ᠶᠢᠨ ᠪᠦᠬᠦ ᠲᠠᠯᠠᠪᠠᠢ 2418 ᠲᠡᠭᠰᠢ ᠲᠦᠷᠪᠡᠯᠵᠢᠨ ᠺᠢᠯᠣᠮᠧᠲᠷ ᠬᠦᠷᠪᠡ᠃ ᠬᠠᠷᠢᠶᠠᠨ ᠳᠤᠨᠢ 3 ᠨᠡᠶᠢᠭᠡᠮ ᠲᠣᠭᠤᠷᠢᠭ᠂ | 29 ᠭᠠᠴᠠᠭ᠎ᠠ ᠲᠣᠰᠬᠤᠨ᠂ 126 ᠲᠠᠷᠢᠶᠠᠯᠠᠩ ᠮᠠᠯ ᠠᠵᠣ ᠠᠬᠤᠢ ᠶᠢᠨ ᠬᠤᠷᠰᠢᠶ᠎ᠠ ᠲᠠᠢ᠂ ᠨᠡᠶᠢᠳᠡ 8415 ᠡᠷᠦᠬᠡ 24448 ᠬᠦᠮᠦᠨ ᠬᠦᠮᠦᠨ ᠠᠮᠠ ᠲᠠᠢ᠂ | ᠬᠢᠳᠠᠳ ᠦᠨᠳᠦᠰᠦᠳᠡᠨ ᠣᠯᠠᠩᠬᠢ ᠲᠤᠭ᠎ᠠ ᠶᠢ ᠡᠵᠡᠯᠡᠭᠰᠡᠨ ᠴᠦᠭᠡᠨ ᠲᠣᠭᠠᠳᠦ ᠦᠨᠳᠦᠰᠦᠳᠡᠨ ᠲᠦᠪᠯᠡᠷᠡᠨ ᠰᠠᠭᠤᠷᠢᠰᠢᠭᠰᠠᠨ ᠣᠷᠣᠨ ᠪᠣᠯᠣᠨ᠎ᠠ᠃ ᠪᠦᠬᠦ ᠪᠠᠯᠭᠠᠰᠣᠨ | ᠤ ᠲᠠᠷᠢᠶᠠᠨ ᠭᠠᠵᠠᠷ ᠤᠨ ᠲᠠᠯᠠᠪᠠᠢ 45 ᠲᠦᠮᠡᠨ ᠮᠣ᠋᠂ ᠣᠢ ᠶᠢᠨ ᠭᠠᠵᠠᠷ ᠤᠨ ᠲᠠᠯᠠᠪᠠᠢ 165 ᠲᠦᠮᠡᠨ ᠮᠣ᠋᠂ ᠨᠣᠳᠤᠭ ᠪᠡᠯᠴᠢᠭᠡᠷ ᠤᠨ ᠲᠠᠯᠠᠪᠠᠢ 163 ᠲᠦᠮᠡᠨ | ᠮᠣ᠋᠂ ᠣᠰᠣᠨ ᠤ ᠡᠬᠢ ᠰᠣᠷᠪᠣᠯᠵᠢ 7804 ᠲᠦᠮᠡᠨ ᠪᠣᠰᠤᠭ᠎ᠠ ᠲᠦᠷᠪᠡᠯᠵᠢᠨ ᠮᠧᠲᠷ᠂ ᠣᠷᠭᠤᠮᠠᠯ ᠤᠨ ᠪᠦᠷᠬᠦᠴᠡ ᠶᠢᠨ ᠨᠣᠷᠮ᠎ᠠ 90% ᠳᠤ ᠬᠦᠷᠴᠦ᠂ ᠵᠢᠯ ᠤᠨ | ᠮᠠᠯ ᠤᠨ ᠲᠤᠭ᠎ᠠ ᠲᠣᠯᠣᠭᠠᠢ 75 ᠲᠦᠮᠡᠨ ᠳᠤ ᠬᠦᠷᠦᠭᠰᠡᠨ ᠨᠡᠶᠢᠳᠡᠯᠢᠭ ᠮᠠᠯ ᠲᠠᠷᠢᠶᠠᠯᠠᠩ ᠤᠨ ᠠᠵᠣ ᠠᠬᠤᠢ ᠶᠢᠨ ᠶᠡᠭᠡ ᠪᠠᠯᠭᠠᠰᠦ ᠪᠣᠯᠣᠨ᠎ᠠ᠃ |