ᠨᠢᠭᠡᠳᠦᠭᠡᠷ ᠱᠦᠵᠢ ᠬᠦᠴᠦᠯᠡᠨ ᠨᠡᠶᠢᠭᠡᠮ ᠤᠨ ᠬᠦᠮᠦᠰ ᠬᠠᠮᠵᠢᠨ ᠮᠠᠯᠴᠢᠳ ᠲᠤ ᠪᠣᠭᠤᠯᠳᠠ ᠡᠪᠡᠰᠦ ᠬᠤᠪᠢᠶᠠᠯ᠎ᠡ
ᠨᠡᠶᠢᠲᠡᠯᠡᠭᠰᠡᠨ ᠴᠠᠭ᠄
2022/3/4
    ᠣᠳᠠᠯ ᠦᠭᠡᠢ ᠬᠠᠪᠣᠷ ᠤᠨ ᠭᠤᠷᠪᠠᠨ ᠰᠠᠷ᠎ᠠ ᠶᠢᠨ ᠬᠠᠰᠢᠶᠠᠯᠠᠭ᠎ᠠ ᠡᠬᠢᠯᠡᠬᠦ ᠲᠣᠯᠠ ᠮᠠᠯᠴᠢᠳ ᠤᠨ ᠡᠪᠡᠰᠦ ᠪᠣᠷᠳᠣᠭᠠᠨ ᠤ ᠪᠡᠯᠡᠳᠬᠡᠮᠵᠢ ᠭᠦᠢᠴᠡᠳ ᠡᠰᠡᠬᠦ ᠨᠢ ᠨᠢᠭᠡ ᠵᠢᠯ ᠤᠨ ᠣᠷᠣᠯᠭ᠎ᠠ ᠶᠢ ᠨᠦᠯᠦᠭᠡᠯᠡᠭᠦ ᠴᠢᠬᠤᠯᠠ ᠵᠣᠶᠢᠯ ᠪᠣᠯᠵᠣ ᠪᠠᠶᠢᠯ᠎ᠠ᠃ ᠣᠶᠢᠷ᠎ᠠ ᠳᠤ ᠣᠳᠤᠭ ᠤᠨ ᠡᠮᠦᠨᠡᠳᠦ ᠬᠤᠰᠢᠭᠤᠨ ᠤ ᠨᠢᠭᠡᠳᠦᠮᠡᠯ ᠹᠷᠣᠨᠲ ᠤᠨ ᠬᠡᠯᠳᠡᠰ ᠤᠨ ᠭᠠᠴᠠᠭᠠᠨ ᠳᠤ ᠲᠣᠮᠢᠯᠠᠭᠰᠠᠨ ᠠᠵᠢᠯᠯᠠᠬᠤ ᠠᠩᠬᠢ ᠶᠢᠨ ᠬᠢᠨ ᠨᠡᠶᠢᠭᠡᠮ ᠤᠨ ᠬᠠᠯᠠᠭᠤᠨ ᠰᠡᠳᠬᠢᠯ ᠲᠠᠢ ᠬᠦᠮᠦᠰ ᠲᠠᠢ ᠬᠠᠷᠢᠴᠠᠵᠣ ᠮᠠᠯᠴᠢᠳ ᠲᠤ 2000 ᠭᠠᠷᠣᠢ ᠪᠣᠭᠤᠯᠳᠠ ᠡᠪᠡᠰᠦ ᠲᠣᠰᠠᠯᠠᠭᠰᠠᠨ ᠪᠠᠶᠢᠨ᠎ᠠ᠃
    ᠨᠠᠩᠰᠦ ᠪᠠᠯᠭᠠᠰᠣᠨ ᠤ ᠬᠦᠷᠢᠶ᠎ᠡ ᠭᠠᠴᠠᠭᠠᠨ ᠤ ᠮᠠᠯᠴᠢᠨ ᠪᠣᠶᠠᠨᠳᠡᠭᠦᠰ ᠭᠡᠷ ᠲᠤ ᠪᠠᠨ  ᠬᠤᠶᠠᠷ ᠵᠠᠭᠤ ᠭᠠᠷᠦᠢ ᠪᠣᠭ ᠮᠠᠯ᠂ ᠠᠷᠪᠠ ᠭᠠᠷᠣᠢ ᠪᠣᠳᠠ ᠮᠠᠯ ᠲᠡᠵᠢᠭᠡᠵᠣ ᠪᠠᠶᠢᠬᠤ ᠲᠣᠯᠠ ᠡᠪᠡᠰᠦ ᠪᠣᠷᠳᠣᠭᠠᠨ ᠤ ᠱᠠᠭᠠᠷᠳᠠᠯᠭ᠎ᠠ ᠲᠣᠩ ᠶᠡᠭᠡ ᠪᠠᠶᠢᠪᠠ᠃ ᠲᠡᠷᠠ ᠡᠨᠡ ᠣᠳᠠᠭᠠᠨ ᠤ ᠠᠵᠢᠯᠯᠠᠭ᠎ᠠ ᠳᠤ 50 ᠪᠣᠭᠤᠯᠳᠠ ᠡᠪᠡᠰᠦ ᠬᠤᠪᠢᠳᠠᠨ ᠣᠯᠵᠠᠢ᠃
    ᠨᠢᠳᠣᠨᠣᠨ ᠵᠢᠯ ᠭᠠᠩ ᠲᠠᠢ ᠪᠣᠯᠬᠤᠷ ᠮᠠᠯᠴᠢᠳ ᠮᠠᠯ ᠰᠦᠷᠦᠭ ᠢᠶᠠᠨ ᠪᠠᠷᠤᠭ ᠨᠠᠮᠣᠷ ᠤᠨ ᠰᠡᠭᠦᠯᠴᠢ ᠠᠴᠠ ᠡᠬᠢᠯᠡᠨ ᠡᠪᠡᠰᠦ ᠪᠣᠷᠳᠣᠭᠠᠨ ᠳᠤ ᠣᠷᠣᠭᠤᠯᠵᠣ᠂ ᠣᠳᠦ ᠪᠣᠯᠳᠠᠯ᠎ᠠ ᠨᠢᠭᠡᠨᠳᠡ ᠲᠦᠷᠪᠡ ᠲᠠᠪᠣᠨ ᠰᠠᠷ᠎ᠠ ᠲᠡᠵᠢᠭᠡᠭᠰᠡᠨ ᠪᠣᠯᠬᠤᠷ ᠣᠯᠠᠩᠬᠢ ᠠᠶᠢᠯ ᠡᠨᠡ ᠬᠠᠪᠣᠷ ᠤᠨ ᠭᠤᠷᠪᠠᠨ ᠰᠠᠷ᠎ᠠ ᠶᠢᠨ ᠬᠠᠰᠢᠶᠠᠯᠠᠭ᠎ᠠ ᠳᠤ ᠡᠪᠡᠰᠦ ᠪᠣᠷᠳᠤᠭ᠎ᠠ ᠬᠦᠴᠦᠯᠴᠡᠬᠦ ᠦᠭᠡᠢ ᠪᠠᠶᠢᠳᠠᠯ ᠢᠯᠡᠷᠡᠭᠰᠡᠨ ᠪᠠᠶᠢᠨ᠎ᠠ᠃ ᠡᠨᠡ ᠪᠠᠶᠢᠳᠠᠯ ᠳᠤ ᠴᠢᠭᠯᠡᠭᠦᠯᠣᠨ ᠨᠠᠩᠰᠦ ᠪᠠᠯᠭᠠᠰᠣᠨ ᠤ ᠬᠦᠷᠢᠶ᠎ᠡ ᠭᠠᠴᠠᠭᠠᠨ ᠳᠤ ᠲᠣᠮᠢᠯᠠᠨ ᠪᠠᠭᠤᠯᠭᠠᠭᠰᠠᠨ ᠨᠢᠭᠡᠳᠦᠭᠡᠷ ᠱᠦᠵᠢ ᠰᠢᠨᠵᠢᠯᠡᠳᠦ ᠪᠠᠶᠢᠭᠤᠯᠭ᠎ᠠ ᠳᠤ ᠪᠠᠨ ᠬᠠᠷᠢᠭᠤ ᠮᠡᠳᠡᠭᠦᠯᠵᠣ᠂ ᠬᠠᠮᠳᠦ ᠪᠠᠷ ᠬᠠᠮᠵᠢᠯᠴᠠᠨ ᠨᠡᠶᠢᠭᠡᠮ ᠤᠨ ᠬᠠᠯᠠᠭᠤᠨ ᠰᠡᠳᠬᠢᠯᠳᠦ ᠬᠦᠮᠦᠰ ᠲᠠᠢ ᠬᠠᠷᠢᠴᠠᠵᠣ᠂ ᠲᠠᠭᠠᠭᠠᠴᠢᠯᠠᠨ ᠲᠡᠳᠭᠦᠵᠣ ᠪᠠᠶᠢᠭ᠎ᠠ ᠭᠠᠴᠠᠭᠠᠨ ᠳᠤ ᠪᠠᠨ 2000 ᠪᠣᠭᠤᠯᠳᠠ ᠡᠪᠡᠰᠦ ᠵᠣᠬᠢᠴᠠᠭᠤᠯᠣᠨ ᠦᠭᠴᠦ ᠮᠠᠯ ᠬᠠᠰᠢᠶᠠᠯᠠᠭ᠎ᠠ ᠶᠢᠨ ᠠᠵᠢᠯ ᠳᠤ ᠦᠴᠦᠭᠡᠨ ᠴᠣ᠋ ᠭᠡᠰᠡᠨ ᠨᠡᠮᠡᠷᠢ ᠭᠠᠷᠭᠠᠭᠰᠠᠨ ᠪᠠᠶᠢᠨ᠎ᠠ᠃
 
ᠢᠷᠡᠯᠲᠡ᠄ ᠣᠳᠤᠭ ᠤᠨ ᠡᠮᠦᠨᠡᠳᠦ ᠬᠤᠰᠢᠭᠤᠨ ᠤ ᠨᠡᠶᠢᠳᠡᠯᠡᠯ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号