5 ᠳ᠋ᠤᠭᠠᠷ ᠰᠠᠷ᠎ᠠ ᠶᠢᠨ 30 ᠤ ᠡᠳᠤᠷ᠂ ᠤᠷᠳᠤᠰ ᠳᠤᠭᠠᠯᠠᠯ ᠤᠨ ᠨᠠᠢᠮᠠᠨ ᠰᠠᠷ᠎ᠠ ᠶᠢᠨ ᠰᠢᠨ᠎ᠠ ᠶᠢᠨ ᠨᠢᠬᠡᠨ | ᠳᠤ᠂ ᠬᠠᠷᠭᠠᠨᠠᠳᠤ ᠭᠠᠴᠠᠭᠠᠨ ᠤ ᠮᠠᠯᠴᠢᠨ ᠲᠦᠮᠡᠨ ᠵᠤᠷᠰᠢᠯ ᠶᠤᠰᠤᠭᠠᠷ ᠬᠠᠶᠢᠯᠠᠰᠤᠨ ᠱᠠᠩᠰᠢ ᠪᠠᠨ ᠳᠠᠬᠢᠯᠠ᠃ | ᠦᠷᠯᠤᠬᠡᠨ ᠤ ᠠᠷᠪᠠᠨ ᠴᠠᠭ ᠭᠠᠷᠤᠢ ᠠᠴᠠ ᠡᠬᠢᠯᠡᠵᠤ᠂ ᠮᠠᠯᠴᠢᠨ ᠲᠦᠮᠡᠨ ᠲᠦᠷᠪᠡᠨ ᠵᠦᠭ ᠨᠠᠢᠮᠠᠨ ᠵᠤᠪᠬᠢᠰ ᠠᠴᠠ | ᠰᠢᠨ᠎ᠠ ᠰᠠᠭᠠᠯᠢ ᠶᠢᠨ ᠳᠡᠬᠡᠵᠢ᠂ ᠰᠢᠮᠡᠳᠤ ᠢᠳᠡᠬᠡᠨ ᠤ ᠵᠤᠶᠢᠯᠡᠰ ᠢᠶᠠᠨ ᠠᠪᠴᠢᠷᠠᠵᠤ᠂ ᠬᠠᠶᠢᠯᠠᠰᠤᠨ ᠱᠠᠩᠰᠢ ᠶᠢᠨ | ᠡᠮᠤᠨ᠎ᠡ ᠰᠦᠬᠦᠳᠤᠨ ᠰᠠᠭᠤᠵᠤ᠂ ᠢᠷᠤᠬᠡᠯ ᠳᠠᠭᠠᠤᠨᠬᠠᠯ ᠠᠶᠢᠯᠠᠤᠨᠬᠠᠨ᠂ ᠬᠤᠷ᠎ᠠ ᠪᠤᠷᠤᠭᠠᠨ ᠬᠦᠰᠡᠵᠤ᠂ ᠬᠦᠮᠤᠨ | ᠪᠠᠶᠢᠭᠠᠯᠢ ᠡᠶ᠎ᠡ ᠨᠠᠶᠢᠷᠠᠮᠳᠠᠭᠤ ᠪᠠᠶᠢᠬᠤ ᠶᠢ ᠪᠡᠯᠬᠡᠳᠠᠨ᠂ ᠬᠠᠶᠢᠯᠠᠰᠤᠨ ᠱᠠᠩᠰᠢ ᠶᠢ ᠳᠤᠭᠤᠷᠢᠨ ᠭᠤᠷᠪᠠ ᠤᠳᠠᠭ᠎ᠠ | ᠰᠠᠷᠵᠢᠮ ᠡᠷᠬᠦᠵᠤ᠂ ᠬᠦᠰᠡᠯ ᠳᠠᠭᠠᠤᠨᠬᠠᠯ ᠢᠶᠠᠨ ᠡᠷᠬᠦᠭᠰᠡᠨ ᠪᠠᠶᠢᠨ᠎ᠠ᠃ | ᠤᠶᠢᠯᠠᠭᠠᠭᠰᠡᠨ ᠢᠶᠠᠷ᠂ ᠡᠨᠡᠬᠦ ᠬᠠᠶᠢᠯᠠᠰᠤᠨ ᠱᠠᠩᠰᠢ ᠨᠢ ᠪᠠᠷᠤᠭ 1652 ᠤᠨ ᠳᠤ ᠬᠠᠷᠭᠠᠨᠠᠳᠤ ᠶᠢᠨ | ᠰᠦᠮ᠎ᠠ ᠶᠢ ᠠᠩᠬ᠎ᠠ ᠪᠠᠶᠢᠭᠤᠯᠬᠤ ᠦᠶᠡᠰ ᠲᠤ ᠵᠠᠶᠢᠯᠠᠭᠰᠡᠨ ᠬᠠᠶᠢᠯᠠᠰᠤᠨ ᠮᠤᠳᠤᠨ ᠠᠴᠠ ᠢᠷᠡᠯᠳᠠᠢ ᠪᠠᠶᠢᠵᠤ᠂ | 2008 ᠤᠨ ᠠᠴᠠ ᠡᠬᠢᠯᠡᠨ ᠨᠤᠳᠤᠭ ᠤᠨ ᠬᠦᠮᠤᠰ ᠰᠦᠵᠦᠭᠯᠡᠨ ᠳᠠᠭᠠᠤᠨᠬᠠᠵᠤ ᠤᠩᠭᠤᠯᠠᠭᠰᠡᠨ ᠪᠦᠬᠡᠤᠨ ᠵᠢᠯ | ᠪᠤᠯᠭᠠᠨ ᠤ ᠤᠷᠳᠤᠰ ᠳᠤᠭᠠᠯᠠᠯ ᠤᠨ ᠨᠠᠢᠮᠠᠨ ᠰᠠᠷ᠎ᠠ ᠶᠢᠨ ᠰᠢᠨ᠎ᠠ ᠶᠢᠨ ᠨᠢᠬᠡᠨ ᠳᠤ ᠰᠢᠨ᠎ᠠ ᠰᠠᠭᠠᠯᠢ ᠶᠢᠨ ᠳᠡᠬᠡᠵᠢ ᠪᠠᠨ | ᠠᠪᠴᠢᠷᠠᠵᠤ᠂ ᠴᠠᠭᠠᠨ ᠢᠶᠠᠷ ᠳᠠᠬᠢᠭᠰᠠᠭᠠᠷ ᠢᠷᠡᠭᠰᠡᠨ ᠳᠡᠤᠬᠡ ᠲᠠᠢ᠃ ᠤᠳᠤ ᠪᠤᠯᠬᠤ ᠳᠤ ᠳᠤᠰ ᠳᠠᠬᠢᠯᠭ᠎ᠠ ᠨᠢ | ᠨᠤᠳᠤᠭ ᠤᠨ ᠬᠦᠮᠤᠰ ᠤᠨ ᠳᠤᠮᠳᠠ ᠦᠷᠬᠡᠵᠢᠨ ᠳᠡᠯᠬᠡᠷᠡᠵᠤ᠂ ᠬᠠᠶᠢᠯᠠᠰᠤᠨ ᠱᠠᠩᠰᠢ ᠶᠢ ᠬᠦᠮᠤᠰ ︽ᠤᠩᠭᠤᠨ | ᠬᠠᠶᠢᠯᠠᠰᠤ︾ ᠬᠡᠮᠡᠨ ᠰᠦᠵᠦᠭᠯᠡᠨ ᠨᠡᠷᠡᠯᠡᠵᠤ᠂ ᠪᠦᠬᠦ ᠭᠠᠴᠠᠭᠠᠨ ᠤ ᠬᠡᠪᠴᠢᠶᠡᠨ ᠳᠤ ᠠᠶᠢᠯ ᠪᠤᠯᠭᠠᠨ ᠠᠮᠢ ᠠᠬᠤᠢ | ᠪᠠᠨ ᠬᠠᠮᠠᠭᠠᠯᠠᠨ ᠤᠢ ᠮᠤᠳᠤ ᠳᠠᠷᠢᠵᠤ᠂ ᠬᠦᠮᠤᠨ ᠪᠦᠬᠦᠨ ᠨᠤᠳᠤᠭ ᠤᠰᠤ ᠪᠠᠨ ᠨᠤᠭᠤᠭᠠᠷᠠᠭᠤᠯᠤᠨ ᠤᠷᠭᠤᠮᠠᠯ ᠤᠨ | ᠬᠤᠴᠢᠯᠭ᠎ᠠ ᠶᠢ ᠰᠠᠶᠢᠵᠢᠷᠠᠭᠤᠯᠤᠭᠰᠡᠨ ᠰᠠᠶᠢᠬᠠᠨ ᠪᠠᠶᠢᠳᠠᠯ ᠢᠯᠡᠷᠡᠭᠰᠡᠨ ᠪᠦᠬᠡᠤᠨ ᠡᠨᠡᠬᠦ ︽ᠤᠩᠭᠤᠨ ᠬᠠᠶᠢᠯᠠᠰᠤ︾ | ᠨᠢ ᠴᠤ ᠬᠠᠷᠭᠠᠨᠠᠳᠤ ᠭᠠᠴᠠᠭᠠᠨ ᠤ ᠠᠮᠢ ᠠᠬᠤᠢ ᠤᠯᠠᠮ ᠰᠠᠶᠢᠵᠢᠷᠠᠵᠤ᠂ ᠠᠷᠠᠤᠨ ᠲᠦᠮᠡᠨ ᠪᠠᠶᠠᠵᠢᠨ ᠳᠡᠭᠵᠢᠷᠡᠬᠦ ᠶᠢᠨ | ᠵᠦᠩ ᠪᠡᠯᠬᠡ ᠪᠤᠯᠵᠤ᠂ ᠳᠠᠬᠢᠯᠭ᠎ᠠ ᠶᠢᠨ ᠤᠤᠠᠬ᠎ᠠ ᠠᠭᠤᠯᠭ᠎ᠠ ᠨᠢ ᠴᠤ ᠤᠯᠠᠮ ᠢᠶᠠᠷ ᠬᠦᠨᠵᠡᠬᠡᠶᠢᠷᠡᠭᠰᠡᠨ ᠪᠠᠶᠢᠨ᠎ᠠ᠃ | | | | | | | | | | |