︽2022 ᠤᠨ ᠤ ᠤᠳᠤᠭ ᠤᠨ ᠡᠮᠤᠨᠡᠳᠤ ᠬᠤᠰᠢᠭᠤᠨ ᠤ ᠰᠢᠷ᠎ᠠ ᠪᠤᠷᠴᠠᠭ ᠡᠷᠳᠡᠨᠢ ᠰᠢᠰᠢ ᠶᠢᠨ | ᠪᠦᠰᠡᠯᠢᠭ ᠨᠠᠶᠢᠯᠡᠮᠡᠯ ᠳᠠᠷᠢᠯᠳᠠ ᠶᠢ ᠲᠦᠬᠡᠮᠡᠯᠵᠢᠬᠦᠯᠬᠦ ᠠᠵᠢᠯ ᠤᠨ ᠬᠡᠷᠡᠭᠵᠢᠬᠦᠯᠬᠦ | ᠲᠦᠰᠤᠯ︾ ᠢ ᠳᠠᠷᠤᠮᠠᠯᠯᠠᠨ ᠳᠠᠷᠬᠠᠭᠠᠬᠤ ᠳᠤᠬᠠᠢ ᠤᠳᠤᠭ ᠤᠨ ᠡᠮᠤᠨᠡᠳᠤ ᠬᠤᠰᠢᠭᠤᠨ ᠤ | ᠠᠷᠠᠤᠨ ᠤᠨ ᠵᠠᠰᠠᠭ ᠤᠨ ᠤᠷᠳᠤᠨ ᠤ ᠠᠯᠪᠠᠨ ᠬᠡᠷ ᠤᠨ ᠮᠡᠳᠡᠭᠳᠡᠯ | | | ᠡᠯ᠎ᠡ ᠪᠠᠯᠭᠠᠰᠤ ᠶᠢᠨ ᠠᠷᠠᠤᠨ ᠤᠨ ᠵᠠᠰᠠᠭ ᠤᠨ ᠤᠷᠳᠤᠨ᠂ ᠬᠤᠰᠢᠭᠤ ᠰᠢᠭᠤᠤᠨ ᠬᠠᠷᠢᠶ᠎ᠠ ᠡᠯ᠎ᠡ ᠬᠠᠮᠢᠶ᠎ᠠ ᠪᠦᠬᠦᠢ | ᠰᠠᠯᠠᠭ᠎ᠠ ᠮᠦᠴᠢᠷ᠂ ᠡᠯ᠎ᠡ ᠰᠢᠭᠤᠤᠨ ᠬᠠᠷᠢᠶ᠎ᠠ ᠨᠢᠬᠡᠴᠠ᠂ ᠡᠯ᠎ᠡ ᠠᠵᠤ ᠠᠬᠤᠶᠢᠯᠠᠯ ᠠᠵᠢᠯ ᠤᠶᠢᠯᠡᠰ ᠤᠨ ᠨᠢᠬᠡᠴᠠ ᠳᠤ᠄ | ᠡᠳᠤᠬᠡ ᠲᠠᠨᠠᠷ ᠲᠤ ︽2022 ᠤᠨ ᠤ ᠤᠳᠤᠭ ᠤᠨ ᠡᠮᠤᠨᠡᠳᠤ ᠬᠤᠰᠢᠭᠤᠨ ᠤ ᠰᠢᠷ᠎ᠠ ᠪᠤᠷᠴᠠᠭ ᠡᠷᠳᠡᠨᠢ | ᠰᠢᠰᠢ ᠶᠢᠨ ᠪᠦᠰᠡᠯᠢᠭ ᠨᠠᠶᠢᠯᠡᠮᠡᠯ ᠳᠠᠷᠢᠯᠳᠠ ᠶᠢ ᠲᠦᠬᠡᠮᠡᠯᠵᠢᠬᠦᠯᠬᠦ ᠠᠵᠢᠯ ᠤᠨ ᠬᠡᠷᠡᠭᠵᠢᠬᠦᠯᠬᠦ ᠲᠦᠰᠤᠯ︾ ᠢ | ᠳᠠᠷᠤᠮᠠᠯᠯᠠᠨ ᠳᠠᠷᠬᠠᠭᠠᠯ᠎ᠠ᠂ ᠪᠤᠳᠠᠳᠤ ᠪᠠᠶᠢᠳᠠᠯ ᠲᠠᠢ ᠪᠠᠨ ᠤᠶᠠᠯᠳᠤᠭᠤᠯᠤᠨ ᠨᠠᠷᠢᠨ ᠬᠢᠨᠠᠮᠠᠭᠠᠢ ᠳᠤᠤᠱᠯᠠᠭᠤᠯᠤᠨ | ᠬᠡᠷᠡᠭᠵᠢᠬᠦᠯᠰᠤᠬᠡᠢ᠃ | ᠤᠳᠤᠭ ᠤᠨ ᠡᠮᠤᠨᠡᠳᠤ ᠬᠤᠰᠢᠭᠤᠨ ᠤ ᠠᠷᠠᠤᠨ ᠤᠨ ᠵᠠᠰᠠᠭ ᠤᠨ ᠤᠷᠳᠤᠨ ᠤ ᠠᠯᠪᠠᠨ ᠬᠡᠷ | 2022 ᠤᠨ ᠤ 3 ᠰᠠᠷ᠎ᠠ ᠶᠢᠨ 4 ᠤ ᠡᠳᠤᠷ | | | 2022 ᠤᠨ ᠤ ᠤᠳᠤᠭ ᠤᠨ ᠡᠮᠤᠨᠡᠳᠤ ᠬᠤᠰᠢᠭᠤᠨ ᠤ ᠰᠢᠷ᠎ᠠ ᠪᠤᠷᠴᠠᠭ ᠡᠷᠳᠡᠨᠢ ᠰᠢᠰᠢ ᠶᠢᠨ | ᠪᠦᠰᠡᠯᠢᠭ ᠨᠠᠶᠢᠯᠡᠮᠡᠯ ᠳᠠᠷᠢᠯᠳᠠ ᠶᠢ ᠲᠦᠬᠡᠮᠡᠯᠵᠢᠬᠦᠯᠬᠦ ᠠᠵᠢᠯ ᠤᠨ ᠬᠡᠷᠡᠭᠵᠢᠬᠦᠯᠬᠦ ᠲᠦᠰᠤᠯ | ᠶᠡᠷᠤᠩᠬᠡᠢ ᠱᠦᠵᠢ ᠰᠢ ᠶᠢᠨ ᠫᠢᠩ ᠤᠨ ᠠᠮᠤ ᠪᠤᠳᠠᠭ᠎ᠠ ᠪᠠ ᠰᠢᠷ᠎ᠠ ᠪᠤᠷᠴᠠᠭ ᠤᠨ ᠤᠶᠢᠯᠡᠤᠨᠪᠤᠷᠢᠯᠡᠯ ᠤᠨ | ᠴᠢᠬᠤᠯᠠ ᠵᠢᠭᠠᠪᠤᠷᠢ ᠶᠢᠨ ᠵᠤᠷᠢᠭ ᠰᠠᠨᠠᠭ᠎ᠠ ᠶᠢ ᠬᠦᠨᠵᠡᠬᠡᠢ ᠳᠤᠤᠱᠯᠠᠭᠤᠯᠤᠨ᠂ ᠲᠦᠪ ᠤᠨ ᠬᠦᠳᠡᠭᠡ ᠳᠤᠰᠬᠤᠨ ᠤ | ᠠᠵᠢᠯ ᠤᠨ ᠬᠤᠷᠠᠯᠳᠤᠭᠠᠨ᠂ ᠪᠦᠬᠦ ᠤᠯᠤᠰ ᠤᠨ ᠮᠠᠯ ᠳᠠᠷᠢᠶᠠᠯᠠᠩ ᠬᠦᠳᠡᠭᠡ ᠳᠤᠰᠬᠤᠨ ᠤ ᠲᠢᠩᠬᠢᠮ ᠳᠤᠪᠴᠢᠶᠠᠨ | ᠳᠠᠷᠤᠭ᠎ᠠ ᠨᠠᠷ ᠤᠨ ᠬᠤᠷᠠᠯ ᠤᠨ ᠵᠤᠷᠢᠭ ᠰᠠᠨᠠᠭ᠎ᠠ ᠪᠠ ᠦᠪᠡᠷᠳᠡᠬᠡᠨ ᠵᠠᠰᠠᠬᠤ ᠤᠷᠤᠨ ᠤ ᠵᠠᠰᠠᠭ ᠤᠨ ᠤᠷᠳᠤᠨ ᠤ | ᠠᠵᠢᠯ ᠤᠨ ᠢᠯᠡᠤᠨᠬᠡᠯ ᠵᠢᠴᠢ ᠦᠪᠡᠷᠳᠡᠬᠡᠨ ᠵᠠᠰᠠᠬᠤ ᠤᠷᠤᠨ ᠤ ᠮᠠᠯᠵᠢᠬᠤ ᠳᠠᠷᠢᠶᠠᠯᠠᠬᠤ ᠤᠷᠤᠨ ᠤ ᠬᠤᠷᠠᠯ ᠤᠨ | ᠵᠤᠷᠢᠭ ᠰᠠᠨᠠᠭ᠎ᠠ ᠶᠢ ᠬᠦᠨᠵᠡᠬᠡᠢ ᠨᠠᠶᠢᠳᠠᠪᠤᠷᠢᠵᠢᠭᠤᠯᠬᠤ ᠶᠢᠨ ᠲᠦᠯᠤᠬᠡ᠂ ᠮᠠᠯ ᠳᠠᠷᠢᠶᠠᠯᠠᠩ ᠬᠦᠳᠡᠭᠡ ᠳᠤᠰᠬᠤᠨ ᠤ | ᠶᠠᠮᠤᠨ᠂ ᠦᠪᠡᠷᠳᠡᠬᠡᠨ ᠵᠠᠰᠠᠬᠤ ᠤᠷᠤᠨ ᠤ ᠮᠠᠯ ᠳᠠᠷᠢᠶᠠᠯᠠᠩ ᠤᠨ ᠲᠢᠩᠬᠢᠮ᠂ ᠬᠤᠳᠠ ᠶᠢᠨ ᠨᠠᠮ ᠤᠨ ᠬᠤᠷᠢᠶ᠎ᠠ᠂ | ᠵᠠᠰᠠᠭ ᠤᠨ ᠤᠷᠳᠤᠨ᠂ ᠬᠤᠳᠠ ᠶᠢᠨ ᠮᠠᠯ ᠳᠠᠷᠢᠶᠠᠯᠠᠩ ᠤᠨ ᠳᠤᠪᠴᠢᠶ᠎ᠠ ᠪᠠ ᠬᠤᠰᠢᠭᠤ ᠨᠠᠮ ᠤᠨ ᠬᠤᠷᠢᠶ᠎ᠠ᠂ ᠵᠠᠰᠠᠭ | ᠤᠨ ᠤᠷᠳᠤᠨ ᠤ ᠰᠢᠷ᠎ᠠ ᠪᠤᠷᠴᠠᠭ ᠡᠷᠳᠡᠨᠢ ᠰᠢᠰᠢ ᠶᠢᠨ ᠪᠦᠰᠡᠯᠢᠭ ᠨᠠᠶᠢᠯᠠᠮᠠᠯ ᠳᠠᠷᠢᠯᠳᠠ ᠶᠢᠨ ᠬᠠᠮᠢᠶ᠎ᠠ ᠪᠦᠬᠦᠢ | ᠪᠠᠶᠢᠷᠢᠯᠠᠭᠤᠯᠤᠯᠳᠠ ᠪᠠ ᠱᠠᠭᠠᠷᠳᠠᠯᠭ᠎ᠠ ᠶᠢ ᠦᠨᠳᠤᠰᠤᠯᠡᠨ᠂ 2022 ᠤᠨ ᠤ ᠰᠢᠷ᠎ᠠ ᠪᠤᠷᠴᠠᠭ ᠡᠷᠳᠡᠨᠢ ᠰᠢᠰᠢ ᠶᠢᠨ | ᠪᠦᠰᠡᠯᠢᠭ ᠨᠠᠶᠢᠯᠡᠮᠡᠯ ᠳᠠᠷᠢᠯᠳᠠ ᠶᠢᠨ ᠮᠡᠷᠬᠡᠵᠢᠯ ᠢ ᠳᠡᠯᠬᠡᠷᠡᠬᠦᠯᠬᠦ ᠡᠬᠦᠷᠬᠡ ᠶᠢ ᠴᠢᠨᠠᠷᠯᠢᠭ ᠪᠦᠳᠤᠮᠵᠢᠳᠠᠢ ᠪᠡᠶᠡᠯᠡᠬᠦᠯᠬᠦ | ᠶᠢᠨ ᠳᠤᠰᠠᠳᠠ᠂ ᠮᠠᠨ ᠤ ᠬᠤᠰᠢᠭᠤᠨ ᠤ ᠪᠤᠳᠠᠳᠤ ᠪᠠᠶᠢᠳᠠᠯ ᠲᠠᠢ ᠤᠶᠠᠯᠳᠤᠭᠤᠯᠤᠨ᠂ ᠤᠨᠴᠠᠭᠠᠶᠢᠯᠠᠨ ᠳᠤᠰ ᠲᠦᠰᠤᠯ | ᠢ ᠳᠤᠭᠳᠠᠭᠠᠪᠠ᠃ | ᠨᠢᠬᠡ᠂ ᠦᠨᠳᠤᠰᠤᠨ ᠵᠠᠷᠴᠢᠮ | ︵ᠨᠢᠬᠡ︶ ᠤᠷᠤᠯᠭ᠎ᠠ ᠶᠢ ᠳᠤᠭᠳᠠᠪᠤᠷᠢᠵᠢᠭᠤᠯᠤᠨ ᠬᠠᠩᠭᠠᠯᠭ᠎ᠠ ᠶᠢ ᠪᠠᠳᠤᠯᠠᠬᠤ ᠶᠢ ᠪᠠᠷᠢᠮᠳᠠᠯᠠᠨ᠎ᠠ᠃ ᠪᠦᠰᠡᠯᠢᠭ | ᠨᠠᠶᠢᠯᠡᠮᠡᠯ ᠳᠠᠷᠢᠯᠳᠠ ᠶᠢᠨ ᠬᠦᠪᠡᠭᠡ ᠵᠠᠬ᠎ᠠ ᠶᠢᠨ ᠳᠠᠪᠠᠭᠤᠯᠢᠭ ᠢ ᠬᠦᠢᠴᠡᠤᠨ ᠪᠠᠳᠠᠷᠠᠭᠤᠯᠤᠨ᠂ ᠡᠷᠳᠡᠨᠢ ᠰᠢᠰᠢ ᠶᠢᠨ | ᠴᠢᠬᠢ ᠶᠢ ᠬᠠᠮᠠᠭᠠᠯᠠᠬᠤ ᠨᠢᠭᠳᠠᠴᠠ ᠪᠠ ᠬᠦᠢᠴᠡᠤᠨ ᠪᠤᠷᠳᠤᠭᠤᠷ ᠤᠨ ᠤᠷᠤᠭᠤᠯᠤᠯᠳᠠ ᠶᠢ ᠭᠤᠤᠯᠳᠠᠯᠭ᠎ᠠ ᠲᠠᠢ | ᠠᠤᠨᠬᠤᠵᠤ᠂ ᠡᠷᠳᠡᠨᠢ ᠰᠢᠰᠢ ᠶᠢᠨ ᠤᠨᠠᠯᠳᠠ ᠶᠢ ᠪᠠᠭᠠᠰᠬᠠᠬᠤ ᠦᠬᠡᠢ ᠪᠤᠶᠤ ᠪᠠᠭ᠎ᠠ ᠪᠠᠭᠠᠰᠬᠠᠬᠤ ᠪᠠᠷ ᠴᠢᠷᠮᠠᠶᠢᠨ᠂ | ᠰᠢᠷ᠎ᠠ ᠪᠤᠷᠴᠠᠭ ᠤᠨ ᠤᠷᠤᠯᠭ᠎ᠠ ᠨᠡᠮᠡᠭᠳᠡᠬᠦᠯᠵᠤ᠂ ᠤᠷᠤᠯᠭ᠎ᠠ ᠶᠢ ᠪᠠᠭᠠᠰᠬᠠᠬᠤ ᠦᠬᠡᠢ ᠶᠢ ᠦᠨᠳᠤᠰᠤᠨ ᠳᠡᠭᠡᠨ | ᠪᠡᠶᠡᠯᠡᠬᠦᠯᠤᠨ᠎ᠠ᠃ | ︵ᠬᠤᠶᠠᠷ︶ ᠰᠢᠨ᠎ᠠ ᠬᠡᠯᠪᠡᠷᠢ ᠶᠢᠨ ᠡᠵᠡᠩᠨᠡᠯᠳᠠ ᠶᠢᠨ ᠭᠤᠤᠯ ᠴᠤᠭᠴᠠ ᠶᠢᠨ ᠤᠳᠤᠷᠢᠳᠤᠮᠵᠢ ᠶᠢ ᠪᠠᠷᠢᠮᠳᠠᠯᠠᠨ᠎ᠠ᠃ | ᠲᠦᠪᠯᠡᠷᠡᠩᠬᠦᠢ ᠵᠠᠯᠭᠠᠯᠳᠤᠭᠰᠡᠨ ᠳᠡᠯᠬᠡᠷᠡᠬᠦᠯᠤᠯᠳᠠ ᠶᠢ ᠦᠷᠨᠢᠬᠦᠯᠤᠨ᠂ ᠮᠡᠷᠬᠡᠵᠢᠯ ᠤᠨ ᠨᠤᠷᠮ᠎ᠠ ᠶᠢ ᠳᠡᠬᠡᠭᠰᠢᠯᠡᠬᠦᠯᠵᠤ᠂ | ᠮᠠᠯᠴᠢᠨ ᠳᠠᠷᠢᠶᠠᠴᠢᠨ ᠤ ᠰᠠᠨᠠᠯ ᠢ ᠬᠦᠨᠳᠤᠤᠨᠬᠡᠭᠰᠡᠨ ᠰᠠᠭᠤᠷᠢᠨ ᠳᠡᠬᠡᠷ᠎ᠡ᠂ ᠢᠳᠡᠪᠬᠢᠵᠢᠯ ᠪᠦᠬᠦᠢ ᠳᠠᠷᠢᠮᠠᠯ ᠤᠨ ᠳᠤᠮᠤ | ᠡᠷᠤᠬᠡ᠂ ᠬᠤᠷᠰᠢᠶᠠᠵᠢᠯ ᠪᠠ ᠬᠡᠷ ᠪᠦᠯᠢ ᠶᠢᠨ ᠮᠠᠯᠵᠢᠯ ᠳᠠᠷᠢᠶᠠᠯᠠᠩ ᠤᠨ ᠳᠠᠯᠠᠪᠤᠷ ᠢ ᠰᠤᠩᠭᠤᠵᠤ ᠠᠴᠢᠶᠠᠯᠠᠪᠤᠷᠢ ᠶᠢᠨ | ᠭᠤᠤᠯ ᠴᠤᠭᠴᠠ ᠪᠤᠯᠭᠠᠨ᠎ᠠ᠃ | ︵ᠭᠤᠷᠪᠠ︶ ᠤᠳᠤ ᠶᠢᠨ ᠪᠠᠶᠢᠭ᠎ᠠ ᠳᠠᠷᠢᠶᠠᠯᠠᠩ ᠤᠨ ᠮᠠᠰᠢᠨ ᠳᠤᠨᠤᠭᠯᠠᠯ ᠢ ᠦᠬᠡᠷᠡᠴᠢᠯᠡᠬᠦ ᠪᠠᠷ ᠭᠤᠤᠯ | ᠪᠤᠯᠭᠠᠬᠤ ᠶᠢ ᠪᠠᠷᠢᠮᠳᠠᠯᠠᠨ᠎ᠠ᠃ ᠬᠠᠪᠤᠷ ᠤᠨ ᠲᠠᠷᠢᠶᠠᠯᠠᠭ᠎ᠠ ᠶᠢᠨ ᠦᠶ᠎ᠡ ᠪᠠᠷ ︽ᠤᠷᠤᠨ ᠨᠤᠳᠤᠭ ᠪᠠ ᠬᠠᠷᠢ ᠶᠢ | ᠤᠶᠠᠯᠳᠤᠭᠤᠯᠬᠤ︾ ᠶᠢ ᠪᠠᠷᠢᠮᠳᠠᠯᠠᠵᠤ᠂ ᠤᠳᠤ ᠶᠢᠨ ᠪᠠᠶᠢᠭ᠎ᠠ ᠳᠠᠷᠢᠯᠳᠠ ᠶᠢᠨ ᠮᠠᠰᠢᠨ ᠢ ᠬᠦᠢᠴᠡᠤᠨ ᠠᠰᠢᠭᠯᠠᠬᠤ ᠶᠢ | ᠵᠤᠷᠢᠭᠵᠢᠭᠤᠯᠤᠨ᠂ ᠨᠠᠶᠢᠯᠡᠮᠡᠯ ᠳᠠᠷᠢᠯᠳᠠ ᠶᠢᠨ ᠪᠦᠰᠡᠯᠢᠭ ᠬᠡᠯᠪᠡᠷᠢ ᠵᠢᠴᠢ ᠴᠢᠬᠢ ᠶᠢᠨ ᠵᠠᠢ ᠪᠠ ᠪᠤᠷᠳᠤᠭᠤᠷ | ᠤᠷᠤᠭᠤᠯᠬᠤ ᠬᠡᠮᠵᠢᠶ᠎ᠡ ᠶᠢᠨ ᠱᠠᠭᠠᠷᠳᠠᠯᠭ᠎ᠠ ᠶᠤᠰᠤᠭᠠᠷ ᠳᠤᠬᠢᠷᠠᠮᠵᠢᠳᠠᠢ ᠦᠬᠡᠷᠡᠴᠢᠯᠡᠨ ᠤᠭᠰᠠᠷᠠᠵᠤ᠂ ᠨᠠᠶᠢᠯᠡᠮᠡᠯ | ᠳᠠᠷᠢᠯᠳᠠ ᠶᠢᠨ ᠤᠶᠢᠯᠡᠤᠨᠪᠤᠷᠢᠯᠡᠯ ᠤᠨ ᠬᠡᠷᠡᠭᠴᠡᠭᠡ ᠶᠢ ᠬᠠᠩᠭᠠᠨ᠎ᠠ᠃ ᠬᠠᠮᠳᠤ ᠳᠤ ᠨᠢ᠂ ᠬᠤᠰᠢᠭᠤ ᠮᠠᠯ ᠳᠠᠷᠢᠶᠠᠯᠠᠩ | ᠤᠨ ᠳᠤᠪᠴᠢᠶ᠎ᠠ ᠪᠤᠳᠠᠳᠤ ᠪᠠᠶᠢᠳᠠᠯ ᠢᠶᠠᠨ ᠦᠨᠳᠤᠰᠤᠯᠡᠨ᠂ ᠨᠢᠬᠡ ᠴᠤᠭᠴᠠᠵᠢᠭᠰᠡᠨ ᠳᠤᠰᠬᠠᠢ ᠳᠠᠷᠢᠯᠳᠠ ᠶᠢᠨ ᠮᠠᠰᠢᠨ | ᠬᠤᠳᠠᠯᠳᠤᠨ ᠠᠪᠴᠤ᠂ ᠳᠠᠷᠢᠬᠤ᠂ ᠡᠪᠡᠰᠤ ᠠᠷᠢᠯᠭᠠᠬᠤ᠂ ᠬᠤᠷᠢᠶᠠᠬᠤ ᠵᠡᠷᠬᠡ ᠰᠢᠨ᠎ᠠ ᠮᠠᠰᠢᠨ ᠢ ᠰᠤᠳᠤᠯᠤᠨ | ᠤᠶᠢᠯᠡᠳᠤᠨᠠ᠃ | ᠬᠤᠶᠠᠷ᠂ ᠡᠬᠦᠷᠬᠡ ᠬᠠᠷᠠᠯᠳᠠ ᠪᠠ ᠮᠡᠷᠬᠡᠵᠢᠯ ᠤᠨ ᠱᠠᠭᠠᠷᠳᠠᠯᠭ᠎ᠠ | ︵ᠨᠢᠬᠡ︶ ᠭᠤᠤᠯ ᠡᠬᠦᠷᠬᠡ᠃ ᠬᠤᠳᠠ ᠶᠢᠨ ᠮᠠᠯ ᠳᠠᠷᠢᠶᠠᠯᠠᠩ ᠤᠨ ᠳᠤᠪᠴᠢᠶ᠎ᠠ ᠶᠢᠨ ᠨᠢᠬᠡᠳᠤᠯᠳᠠᠢ | ᠳᠤᠬᠢᠷᠠᠭᠤᠯᠭ᠎ᠠ ᠶᠤᠰᠤᠭᠠᠷ᠂ 2022 ᠤᠨ ᠳᠤ ᠪᠦᠬᠦ ᠬᠤᠰᠢᠭᠤᠨ ᠳᠤ ᠨᠠᠶᠢᠳᠠ 1 ᠲᠦᠮᠡᠨ ᠮᠤ᠋ ᠶᠢᠨ ᠰᠢᠷ᠎ᠠ | ᠪᠤᠷᠴᠠᠭ ᠡᠷᠳᠡᠨᠢ ᠰᠢᠰᠢ ᠶᠢᠨ ᠪᠦᠰᠡᠯᠢᠭ ᠨᠠᠶᠢᠯᠡᠮᠡᠯ ᠳᠠᠷᠢᠯᠳᠠ ᠶᠢ ᠳᠡᠯᠬᠡᠷᠡᠬᠦᠯᠬᠦ ᠡᠬᠦᠷᠬᠡ ᠲᠠᠢ᠂ ᠪᠦᠬᠦ ᠬᠤᠰᠢᠭᠤᠨ ᠤ | 4 ᠪᠠᠯᠭᠠᠰᠤ ᠲᠠᠢ ᠬᠤᠯᠪᠤᠭᠳᠠᠨ᠎ᠠ᠃ ᠡᠬᠦᠨ ᠳᠤ᠄ ᠪᠤᠷᠤᠪᠠᠯᠭᠠᠰᠤ ᠪᠠᠯᠭᠠᠰᠤ 0.4 ᠲᠦᠮᠡᠨ ᠮᠤ᠋᠂ ᠤᠯᠵᠠᠴᠢ | ᠪᠠᠯᠭᠠᠰᠤ 0.2 ᠲᠦᠮᠡᠨ ᠮᠤ᠋᠂ ᠨᠠᠩᠰᠤ ᠪᠠᠯᠭᠠᠰᠤ 0.2 ᠲᠦᠮᠡᠨ ᠮᠤ᠋᠂ ᠱᠠᠩᠬᠠᠢ ᠶᠢᠨ ᠰᠦᠮ᠎ᠠ ᠪᠠᠯᠭᠠᠰᠤ 0.2 | ᠲᠦᠮᠡᠨ ᠮᠤ᠋᠃ ᠵᠠᠷᠴᠢᠮ ᠳᠡᠬᠡᠷ᠎ᠡ ᠪᠠᠨ ᠠᠵᠤ ᠠᠬᠤᠶᠢᠯᠠᠯ᠂ ᠬᠤᠷᠰᠢᠶᠠᠵᠢᠯ᠂ ᠳᠠᠷᠢᠮᠠᠯ ᠤᠨ ᠳᠤᠮᠤ ᠡᠷᠤᠬᠡ ᠶᠢᠨ | ᠬᠠᠷᠢᠴᠠᠩᠭᠤᠢ ᠪᠠᠷ ᠲᠦᠪᠯᠡᠷᠡᠭᠰᠡᠨ ᠬᠠᠤᠯᠢ ᠶᠤᠰᠤᠨ ᠤ ᠳᠠᠷᠢᠶᠠᠨ ᠭᠠᠵᠠᠷ ᠲᠤ ᠳᠠᠷᠢᠬᠤ ᠶᠢ ᠱᠠᠭᠠᠷᠳᠠᠨ᠎ᠠ᠃ | ︵ᠬᠤᠶᠠᠷ︶ ᠵᠢᠱᠢᠭᠰᠡᠨ ᠬᠠᠷᠠᠯᠳᠠ᠃ ᠰᠢᠷ᠎ᠠ ᠪᠤᠷᠴᠠᠭ ᠡᠷᠳᠡᠨᠢ ᠰᠢᠰᠢ ᠶᠢᠨ ᠪᠦᠰᠡᠯᠢᠭ ᠨᠠᠶᠢᠯᠡᠮᠡᠯ ᠳᠠᠷᠢᠯᠳᠠ | ᠶᠢᠨ ᠮᠡᠷᠬᠡᠵᠢᠯ ᠤᠨ ᠱᠠᠭᠠᠷᠳᠠᠯᠭ᠎ᠠ ᠶᠤᠰᠤᠭᠠᠷ᠂ ᠲᠦᠷᠤᠯ ᠡᠬᠦᠯᠳᠡᠷ ᠢ ᠰᠤᠩᠭᠤᠨ ᠳᠤᠬᠢᠷᠠᠭᠤᠯᠬᠤ᠂ ᠵᠠᠢ ᠶᠢ | ᠦᠷᠬᠡᠤᠨᠬᠡᠨ ᠬᠡᠷᠡᠯ ᠤᠨ ᠳᠤᠰᠤᠯᠳᠠ ᠶᠢ ᠨᠡᠮᠡᠭᠳᠡᠬᠦᠯᠬᠦ᠂ ᠴᠢᠬᠢ ᠶᠢᠨ ᠵᠠᠢ ᠶᠢ ᠪᠠᠭᠠᠰᠬᠠᠨ ᠨᠢᠭᠳᠠᠴᠠ ᠶᠢ ᠪᠠᠳᠤᠯᠠᠬᠤ | ᠪᠠᠷ ᠳᠠᠮᠵᠢᠨ᠂ ᠳᠠᠷᠢᠶᠠᠨ ᠭᠠᠵᠠᠷ ᠢ ᠳᠡᠭᠰᠢᠯᠡᠬᠦ ᠪᠠ ᠳᠠᠷᠢᠶᠠᠨ ᠭᠠᠵᠠᠷ ᠤᠨ ᠬᠠᠮᠢᠶᠠᠷᠤᠯᠳᠠ ᠶᠢ ᠴᠢᠩᠭᠠᠤᠨᠬᠠᠵᠤ᠂ | ᠶᠡᠷᠤᠩᠬᠡᠢ ᠮᠡᠷᠬᠡᠵᠢᠯ ᠤᠨ ᠨᠤᠷᠮ᠎ᠠ ᠶᠢ ᠳᠡᠬᠡᠭᠰᠢᠯᠡᠬᠦᠯᠤᠨ᠂ ᠮᠤ᠋ ᠪᠦᠷᠢ ᠶᠢᠨ ᠨᠠᠶᠢᠯᠡᠮᠡᠯ ᠳᠠᠷᠢᠯᠳᠠ ᠶᠢᠨ ᠭᠠᠵᠠᠷ ᠤᠨ | ᠡᠷᠳᠡᠨᠢ ᠰᠢᠰᠢ ᠶᠢᠨ ᠤᠨᠠᠯᠳᠠ ᠶᠢ ᠦᠨᠳᠤᠰᠤᠨ ᠳᠤ ᠪᠠᠨ ᠳᠤᠭᠳᠠᠭᠤᠨ ᠪᠠᠶᠢᠯᠭᠠᠵᠤ᠂ ᠤᠰᠤᠯᠠᠯᠳᠠ ᠶᠢᠨ ᠭᠠᠵᠠᠷ ᠲᠤ | 150 ᠵᠢᠩ ᠤᠷᠴᠢᠮ ᠤᠨ ᠰᠢᠷ᠎ᠠ ᠪᠤᠷᠴᠠᠭ ᠤᠨ ᠤᠷᠤᠯᠭ᠎ᠠ ᠨᠡᠮᠡᠭᠳᠡᠬᠦᠯᠬᠦ ᠶᠢ ᠪᠠᠳᠤᠯᠠᠨ᠎ᠠ︔ ᠨᠤᠭᠤᠭᠠᠨ ᠳᠠᠷᠤᠰᠢ | ᠶᠢᠨ ᠭᠠᠵᠠᠷ ᠲᠤ 1000 ᠵᠢᠩ ᠤᠷᠴᠢᠮ ᠤᠨ ᠠᠮᠢᠳᠤ ᠪᠤᠳᠠᠰ ᠤᠨ ᠬᠡᠮᠵᠢᠶ᠎ᠡ ᠶᠢ ᠨᠡᠮᠡᠭᠳᠡᠬᠦᠯᠤᠨ᠎ᠠ᠃ | ︵ᠭᠤᠷᠪᠠ︶ ᠮᠡᠷᠬᠡᠵᠢᠯ ᠤᠨ ᠱᠠᠭᠠᠷᠳᠠᠯᠭ᠎ᠠ᠃ ᠨᠠᠶᠢᠮᠡᠯᠡᠯ ᠳᠠᠷᠢᠯᠳᠠ ᠶᠢᠨ ᠡᠷᠳᠡᠨᠢ ᠰᠢᠰᠢ ᠶᠢᠨ ᠬᠦᠪᠡᠭᠡ ᠵᠠᠬ᠎ᠠ | ᠶᠢᠨ ᠳᠠᠪᠠᠭᠤᠯᠢᠭ ᠢ ᠬᠠᠮᠤᠭ ᠶᠡᠭᠡ ᠬᠡᠮᠵᠢᠶ᠎ᠠ ᠪᠠᠷ ᠪᠠᠳᠠᠷᠠᠭᠤᠯᠬᠤ ᠮᠡᠷᠬᠡᠵᠢᠯ ᠤᠨ ᠱᠠᠭᠠᠷᠳᠠᠯᠭ᠎ᠠ ᠶᠤᠰᠤᠭᠠᠷ᠂ ᠡᠯ᠎ᠡ | ᠪᠠᠯᠭᠠᠰᠤ ᠤᠶᠢᠯᠡᠤᠨᠪᠤᠷᠢᠯᠡᠯ ᠤᠨ ᠪᠤᠳᠠᠳᠤ ᠪᠠᠶᠢᠳᠠᠯ ᠪᠠ ᠡᠳᠤᠬᠡ ᠪᠠᠶᠢᠭ᠎ᠠ ᠮᠠᠰᠢᠨ ᠳᠤᠨᠤᠭᠯᠠᠯ ᠤᠨ ᠪᠠᠶᠢᠳᠠᠯ ᠢᠶᠠᠨ | ᠦᠨᠳᠤᠰᠤᠯᠡᠨ ᠭᠠᠵᠠᠷ ᠤᠷᠤᠨ ᠳᠤ ᠨᠢ ᠳᠤᠬᠢᠷᠠᠭᠤᠯᠤᠨ 2 ᠮᠦᠷ ᠪᠤᠶᠤ 4 ᠮᠦᠷ ᠰᠢᠷ᠎ᠠ ᠪᠤᠷᠴᠠᠭ᠂ 4 ᠮᠦᠷ | ᠡᠷᠳᠡᠨᠢ ᠰᠢᠰᠢ ᠶᠢᠨ ᠴᠢᠯᠤᠬᠡᠳᠤ ᠰᠤᠩᠭᠤᠯᠳᠠ ᠪᠠᠷ ᠪᠦᠰᠡᠯᠢᠭ ᠬᠡᠯᠪᠡᠷᠢ ᠶᠢ ᠳᠤᠭᠳᠠᠭᠠᠵᠤ ᠪᠤᠯᠤᠨ᠎ᠠ᠃ | ᠤᠶᠢᠯᠡᠤᠨᠪᠤᠷᠢᠯᠡᠯ ᠳᠤᠮᠳᠠ ᠰᠢᠷ᠎ᠠ ᠪᠤᠷᠴᠠᠭ ᠪᠠ ᠡᠷᠳᠠᠨᠢ ᠰᠢᠰᠢ ᠶᠢᠨ ᠳᠤᠬᠢᠷᠠᠮᠵᠢᠳᠠᠢ ᠲᠦᠷᠤᠯ ᠡᠬᠦᠯᠳᠡᠷ ᠢ | ᠭᠤᠤᠯᠳᠠᠯᠭ᠎ᠠ ᠲᠠᠢ ᠰᠤᠩᠭᠤᠵᠤ᠂ ᠠᠳᠠᠯᠢ ᠪᠤᠰᠤ ᠶᠢᠨ ᠪᠦᠰᠡᠯᠢᠭ ᠳᠤᠤᠷ᠎ᠠ ᠡᠷᠳᠡᠨᠢ ᠰᠢᠰᠢ ᠶᠢᠨ ᠳᠠᠷᠢᠯᠳᠠ ᠶᠢᠨ | ᠨᠢᠭᠳᠠᠴᠠ ᠶᠢ ᠪᠠᠷᠢᠮᠵᠢᠶ᠎ᠠ ᠳᠤ ᠨᠠᠶᠢᠴᠡᠬᠦᠯᠵᠤ᠂ ᠤᠰᠤ ᠪᠤᠷᠳᠤᠭᠤᠷ ᠤᠨ ᠬᠠᠮᠢᠶᠠᠷᠤᠯᠳᠠ ᠶᠢ ᠤᠨᠤᠪᠴᠢᠳᠠᠢ ᠪᠠᠶᠢᠯᠭᠠᠨ᠂ | ᠡᠪᠡᠰᠤ ᠠᠷᠢᠯᠭᠠᠬᠤ ᠪᠠ ᠡᠪᠡᠤᠨᠴᠢᠨ ᠬᠤᠷᠤᠬᠠᠢ ᠶᠢᠨ ᠬᠦᠨᠤᠬᠡᠯ ᠢ ᠰᠡᠷᠬᠡᠶᠢᠯᠡᠨ ᠵᠠᠰᠠᠬᠤ ᠮᠡᠷᠬᠡᠵᠢᠯ ᠢ | ᠨᠠᠶᠢᠳᠠᠪᠤᠷᠢᠵᠢᠭᠤᠯᠬᠤ ᠶᠢ ᠪᠠᠳᠤᠯᠠᠨ᠎ᠠ ︵ᠨᠠᠷᠢᠨ ᠪᠠᠶᠢᠳᠠᠯ ᠢ ᠳᠠᠷᠢᠯᠳᠠ ᠶᠢᠨ ᠮᠡᠷᠬᠡᠵᠢᠯ ᠤᠨ ᠶᠠᠪᠤᠴᠠ ᠠᠴᠠ | ᠦᠵᠡᠬᠡᠷᠡᠢ︶᠃ | ᠭᠤᠷᠪᠠ᠂ ᠠᠵᠢᠯ ᠤᠨ ᠠᠬᠢᠴᠠ | ᠬᠤᠰᠢᠭᠤ ᠰᠢᠷ᠎ᠠ ᠪᠤᠷᠴᠠᠭ ᠡᠷᠳᠡᠨᠢ ᠰᠢᠰᠢ ᠶᠢᠨ ᠪᠦᠰᠡᠯᠢᠭ ᠨᠠᠶᠢᠯᠡᠮᠡᠯ ᠳᠠᠷᠢᠯᠳᠠ ᠶᠢᠨ ᠮᠡᠷᠬᠡᠵᠢᠯ ᠤᠨ ᠠᠵᠢᠯ | ᠤᠨ ᠳᠤᠰᠬᠠᠢ ᠪᠠᠭ ᠠᠴᠠ ᠳᠤᠬᠢᠷᠠᠭᠤᠯᠬᠤ᠂ ᠶᠠᠷᠤᠩᠬᠡᠶᠢᠯᠡᠨ ᠵᠤᠬᠢᠴᠠᠭᠤᠯᠬᠤ ᠠᠵᠢᠯ ᠢ ᠬᠠᠷᠢᠭᠤᠴᠠᠨ᠎ᠠ᠃ ᠬᠤᠰᠢᠭᠤ | ᠰᠢᠷ᠎ᠠ ᠪᠤᠷᠴᠠᠭ ᠡᠷᠳᠡᠨᠢ ᠰᠢᠰᠢ ᠶᠢᠨ ᠪᠦᠰᠡᠯᠢᠭ ᠨᠠᠶᠢᠯᠡᠮᠡᠯ ᠳᠠᠷᠢᠯᠳᠠ ᠶᠢᠨ ᠮᠡᠷᠬᠡᠵᠢᠯ ᠤᠨ ᠠᠵᠢᠯ ᠤᠨ ᠳᠤᠰᠬᠠᠢ | ᠮᠡᠷᠬᠡᠵᠢᠯᠳᠠᠨ ᠤ ᠵᠢᠯᠤᠭᠤᠤᠨᠬᠤ ᠳᠤᠭᠤᠶᠢᠯᠠᠩ ᠠᠴᠠ ᠪᠤᠯᠪᠠᠰᠤᠷᠠᠯ ᠢ ᠵᠤᠬᠢᠶᠠᠨ ᠪᠠᠶᠢᠭᠤᠯᠬᠤ ᠪᠠ ᠮᠡᠷᠬᠡᠵᠢᠯ ᠤᠨ | ᠤᠶᠢᠯᠡᠴᠢᠯᠡᠬᠡᠨ ᠤ ᠵᠢᠯᠤᠭᠤᠳᠤᠯᠭ᠎ᠠ ᠶᠢ ᠬᠠᠷᠢᠭᠤᠴᠠᠨ᠎ᠠ᠃ | ᠬᠠᠪᠤᠷ ᠤᠨ ᠳᠠᠷᠢᠯᠭ᠎ᠠ ᠠᠴᠠ ᠡᠮᠤᠨ᠎ᠡ᠄ ᠡᠯ᠎ᠡ ᠪᠠᠯᠭᠠᠰᠤ ᠡᠬᠦᠷᠬᠡ ᠪᠠᠨ ᠪᠤᠳᠠᠳᠠᠢ ᠭᠠᠵᠠᠷ ᠲᠤ ᠨᠢ | ᠨᠠᠶᠢᠳᠠᠪᠤᠷᠢᠵᠢᠭᠤᠯᠤᠨ᠂ ᠮᠡᠷᠬᠡᠵᠢᠯ ᠢᠶᠠᠨ ᠪᠤᠳᠠᠳᠤ ᠬᠦᠮᠤᠨ ᠳᠤ ᠨᠢ ᠡᠵᠡᠮᠳᠡᠬᠦᠯᠵᠤ᠂ ᠲᠦᠷᠤᠯ ᠡᠬᠦᠯᠳᠡᠷ ᠢ ᠡᠷᠤᠬᠡ | ᠳᠤ ᠨᠢ ᠨᠦᠬᠡᠴᠡᠯᠡᠬᠦ ᠶᠢ ᠪᠠᠳᠤᠯᠠᠨ᠎ᠠ᠃ | 3 ᠰᠠᠷ᠎ᠠ ᠶᠢᠨ 15 ᠠᠴᠠ ᠡᠮᠤᠨ᠎ᠡ᠄ ᠡᠯ᠎ᠡ ᠪᠠᠯᠭᠠᠰᠤ ᠭᠤᠤᠯ ᠴᠤᠭᠴᠠ᠂ ᠭᠠᠵᠠᠷ ᠰᠢᠷᠤᠢ᠂ ᠪᠦᠰᠡᠯᠢᠭ ᠤᠨ | ᠬᠡᠯᠪᠡᠷᠢ᠂ ᠲᠦᠷᠤᠯ ᠡᠬᠦᠯᠳᠡᠷ ᠢᠶᠠᠨ ᠳᠤᠭᠳᠠᠭᠠᠵᠤ᠂ ᠰᠢᠷ᠎ᠠ ᠪᠤᠷᠴᠠᠭ ᠤᠨ ᠦᠷ᠎ᠠ ᠶᠢᠨ ᠨᠦᠬᠡᠴᠡᠯᠡᠯᠳᠠ ᠶᠢᠨ ᠪᠠᠶᠢᠳᠠᠯ | ᠪᠠ ᠬᠠᠩᠭᠠᠯᠭ᠎ᠠ ᠶᠢᠨ ᠳᠤᠳᠠᠭᠤᠳᠠᠯ ᠢᠶᠠᠨ ᠴᠠᠭ ᠳᠤᠬᠠᠢ ᠳᠤ ᠨᠢ ᠳᠤᠬᠢᠷᠠᠭᠤᠯᠤᠨ᠂ ᠳᠤᠬᠢᠷᠠᠮᠵᠢᠳᠠᠢ ᠰᠢᠷ᠎ᠠ ᠪᠤᠷᠴᠠᠭ ᠢ | ᠤᠷᠢᠤᠨᠴᠢᠯᠡᠨ ᠬᠤᠳᠠᠯᠳᠤᠨ ᠠᠪᠴᠤ ᠨᠦᠬᠡᠴᠡᠯᠡᠵᠤ᠂ ᠬᠠᠤᠯᠢ ᠳᠤᠭᠳᠠᠭᠠᠯ ᠳᠤ ᠨᠠᠶᠢᠴᠡᠭᠰᠡᠨ ᠰᠢᠯᠢᠳᠡᠭ ᠦᠷ᠎ᠠ ᠶᠢᠨ | ᠬᠦᠢᠴᠡᠤᠨ ᠬᠠᠩᠭᠠᠯᠭ᠎ᠠ ᠶᠢ ᠪᠠᠳᠤᠯᠠᠨ᠎ᠠ᠃ | 3 ᠰᠠᠷ᠎ᠠ ᠶᠢᠨ ᠰᠡᠬᠦᠯᠴᠢ ᠠᠴᠠ ᠡᠮᠤᠨ᠎ᠡ᠄ ᠤᠷᠤᠨ ᠪᠦᠰᠡ ᠬᠤᠪᠢᠶᠠᠨ ᠳᠠᠷᠢᠬᠤ ᠮᠠᠰᠢᠨ ᠮᠧᠬᠠᠨᠢᠭ ᠤᠨ | ᠪᠤᠯᠪᠠᠰᠤᠷᠠᠯ ᠤᠨ ᠦᠵᠡᠬᠦᠯᠬᠡ ᠶᠢ ᠦᠷᠨᠢᠬᠦᠯᠤᠨ᠂ ᠳᠠᠷᠢᠯᠳᠠ ᠶᠢᠨ ᠮᠠᠰᠢᠨ ᠮᠧᠬᠠᠨᠢᠭ ᠢ ᠦᠬᠡᠷᠡᠴᠢᠯᠡᠨ | ᠨᠠᠶᠢᠳᠠᠪᠤᠷᠢᠵᠢᠭᠤᠯᠤᠨ᠎ᠠ︔ ᠳᠠᠷᠢᠯᠳᠠ ᠶᠢᠨ ᠡᠷᠤᠬᠡ ᠳᠤ ᠪᠤᠯᠪᠠᠰᠤᠷᠠᠯ ᠤᠨ ᠪᠦᠬᠦ ᠪᠦᠷᠬᠦᠴᠠ ᠶᠢ ᠪᠡᠶᠡᠯᠡᠬᠦᠯᠵᠤ᠂ | ᠳᠤᠰᠬᠠᠢ ᠮᠡᠷᠬᠡᠵᠢᠯ ᠢᠶᠠᠷ ᠪᠠᠭᠤᠷᠠᠢ ᠭᠠᠵᠠᠷ ᠤᠷᠤᠨ ᠳᠤ ᠳᠤᠬᠠᠢ ᠶᠢᠨ ᠭᠠᠵᠠᠷ ᠤᠨ ᠵᠢᠯᠤᠭᠤᠳᠤᠯᠭ᠎ᠠ ᠪᠠ ᠪᠤᠯᠪᠠᠰᠤᠷᠠᠯ | ᠢ ᠠᠳᠠᠭ ᠲᠤ ᠪᠠᠨ 2 ᠤᠳᠠᠭ᠎ᠠ ᠬᠢᠨ᠎ᠠ᠃ | 4 ᠰᠠᠷ᠎ᠠ ᠶᠢᠨ ᠳᠤᠮᠳᠠᠴᠢ ᠠᠴᠠ ᠡᠮᠤᠨ᠎ᠡ᠄ ᠳᠠᠷᠢᠯᠳᠠ ᠶᠢᠨ ᠮᠠᠰᠢᠨ ᠢᠶᠠᠨ ᠳᠠᠷᠢᠶᠠᠨ ᠭᠠᠵᠠᠷ ᠲᠤ ᠳᠤᠷᠰᠢᠵᠤ᠂ | ᠳᠠᠷᠢᠭᠴᠢ ᠶᠢ ᠪᠤᠯᠪᠠᠰᠤᠷᠠᠭᠤᠯᠤᠨ᠂ ᠳᠠᠷᠢᠯᠳᠠ ᠶᠢᠨ ᠮᠠᠰᠢᠨ ᠮᠡᠷᠬᠡᠵᠢᠯ ᠤᠨ ᠱᠠᠭᠠᠷᠳᠠᠯᠭ᠎ᠠ ᠶᠤᠰᠤᠭᠠᠷ ᠠᠵᠢᠯᠯᠠᠵᠤ᠂ | ᠳᠠᠷᠢᠭᠴᠢ ᠲᠦᠷᠢᠮᠵᠢᠬᠦᠨ ᠠᠵᠢᠯᠯᠠᠵᠤ ᠴᠢᠳᠠᠬᠤ ᠪᠤᠯᠬᠤ ᠬᠡᠷᠡᠭᠳᠠᠢ᠃ | ᠳᠠᠷᠢᠯᠳᠠ ᠶᠢᠨ ᠬᠤᠭᠤᠴᠠᠭ᠎ᠠ᠄ ᠳᠠᠷᠢᠯᠳᠠ ᠶᠢᠨ ᠮᠠᠰᠢᠨ ᠢ ᠨᠠᠶᠢᠳᠠᠪᠤᠷᠢᠵᠢᠭᠤᠯᠤᠨ᠂ ᠳᠤᠬᠢᠷᠠᠮᠵᠢᠳᠠᠢ ᠴᠠᠭ ᠲᠤ | ᠳᠠᠷᠢᠵᠤ ᠳᠠᠷᠢᠯᠳᠠ ᠶᠢᠨ ᠴᠢᠨᠠᠷ ᠢ ᠪᠠᠳᠤᠯᠠᠨ᠎ᠠ᠃ | ᠦᠰᠤᠯᠳᠠ ᠶᠢᠨ ᠤᠯᠠᠷᠢᠯ᠄ ᠳᠠᠷᠢᠶ᠎ᠠ ᠠᠷᠴᠢᠬᠤ᠂ ᠤᠷᠭᠤᠴᠠ ᠶᠢ ᠬᠠᠮᠠᠭᠠᠯᠠᠬᠤ ᠮᠠᠰᠢᠨ ᠢ | ᠪᠤᠳᠠᠳᠠᠶᠢᠵᠢᠭᠤᠯᠤᠨ᠎ᠠ︔ ᠳᠠᠷᠢᠶ᠎ᠠ ᠠᠷᠴᠢᠬᠤ᠂ ᠡᠪᠡᠰᠤ ᠠᠷᠢᠯᠭᠠᠬᠤ᠂ ᠪᠤᠷᠳᠤᠭᠤᠷ ᠤᠷᠤᠭᠤᠯᠬᠤ᠂ ᠤᠰᠤᠯᠠᠬᠤ᠂ | ᠡᠪᠡᠤᠨᠴᠢᠨ ᠬᠤᠷᠤᠬᠠᠢ ᠶᠢᠨ ᠬᠦᠨᠤᠬᠡᠯ ᠢ ᠰᠡᠷᠬᠡᠶᠢᠯᠡᠨ ᠵᠠᠰᠠᠬᠤ ᠵᠡᠷᠬᠡ ᠭᠤᠭᠴᠤᠭ᠎ᠠ ᠶᠢᠨ ᠪᠦᠬᠦ ᠶᠠᠪᠤᠴᠠ ᠶᠢ | ᠮᠦᠷᠳᠡᠨ ᠵᠢᠯᠤᠭᠤᠳᠤᠨ᠎ᠠ᠃ ᠳᠤᠭᠤᠷᠢᠨ ᠦᠵᠡᠭᠦᠯᠦᠯᠭᠡ ᠶᠢᠨ ᠪᠤᠯᠪᠠᠰᠤᠷᠠᠭᠤᠯᠤᠯ ᠵᠢᠴᠢ ᠤᠬᠠᠭᠤᠯᠭ᠎ᠠ ᠶᠢ ᠵᠤᠬᠢᠶᠠᠨ | ᠪᠠᠶᠢᠭᠤᠯᠤᠨ ᠦᠷᠨᠢᠬᠦᠯᠤᠨ᠎ᠠ᠃ | ᠬᠤᠷᠢᠶᠠᠯᠳᠠ ᠶᠢᠨ ᠤᠯᠠᠷᠢᠯ᠄ ᠬᠤᠷᠢᠶᠠᠯᠳᠠ ᠶᠢᠨ ᠮᠠᠰᠢᠨ ᠢ ᠨᠠᠶᠢᠳᠠᠪᠤᠷᠢᠵᠢᠭᠤᠯᠤᠨ᠂ ᠤᠨᠠᠯᠳᠠ ᠶᠢ ᠬᠡᠮᠵᠢᠬᠦ ᠪᠠ | ᠳᠤᠭ᠎ᠠ ᠮᠠᠭᠠᠤᠨ ᠴᠤᠭᠯᠠᠭᠤᠯᠬᠤ ᠶᠢ ᠰᠠᠶᠢᠳᠤᠷ ᠬᠢᠵᠤ᠂ ᠬᠠᠳᠠᠭᠠᠯᠠᠬᠤ ᠳᠡᠬᠡᠬᠡᠪᠤᠷᠢᠯᠡᠬᠦ ᠪᠤᠷᠤᠯᠠᠭᠤᠯᠬᠤ ᠵᠡᠷᠬᠡ | ᠠᠰᠠᠭᠤᠳᠠᠯ ᠢ ᠵᠤᠬᠢᠴᠠᠭᠤᠯᠤᠨ ᠰᠢᠢᠤᠨᠪᠤᠷᠢᠯᠡᠨ᠎ᠡ᠃ | ᠲᠦᠷᠪᠡ᠂ ᠪᠠᠳᠤᠯᠠᠭ᠎ᠠ ᠶᠢᠨ ᠠᠷᠭ᠎ᠠ ᠠᠪᠴᠠᠯ | ︵ᠨᠢᠬᠡ︶ ᠵᠤᠬᠢᠶᠠᠨ ᠪᠠᠶᠢᠭᠤᠯᠤᠯᠳᠠ ᠶᠢᠨ ᠤᠳᠤᠷᠢᠳᠤᠯᠭ᠎ᠠ ᠪᠠᠨ ᠴᠢᠩᠭᠠᠤᠨᠬᠠᠨ᠎ᠠ᠃ ᠡᠯ᠎ᠡ ᠪᠠᠯᠭᠠᠰᠤ ᠶᠢᠨ ᠬᠢᠨ | ᠠᠵᠢᠯ ᠤᠨ ᠳᠤᠰᠬᠠᠢ ᠪᠠᠭ ᠪᠠᠶᠢᠭᠤᠯᠤᠨ᠂ ᠨᠠᠮ ᠵᠠᠰᠠᠭ ᠠᠳᠠᠯᠢ ᠬᠠᠷᠢᠭᠤᠴᠠᠯᠭ᠎ᠠ ᠲᠠᠢ ᠪᠠᠷ ᠨᠢᠬᠡᠳᠤᠯᠳᠠᠢ | ᠲᠦᠯᠤᠪᠵᠢᠬᠦᠯᠤᠨ ᠠᠬᠢᠭᠤᠯᠬᠤ ᠶᠢ ᠪᠠᠷᠢᠮᠳᠠᠯᠠᠵᠤ᠂ ᠡᠯ᠎ᠡ ᠵᠦᠢᠯ ᠤᠨ ᠠᠷᠭ᠎ᠠ ᠠᠪᠴᠠᠯ ᠢ ᠨᠠᠶᠢᠳᠠᠪᠤᠷᠢᠵᠢᠭᠤᠯᠵᠤ | ᠪᠤᠳᠠᠳᠠᠶᠢᠵᠢᠭᠤᠯᠤᠨ᠂ ᠨᠠᠶᠢᠯᠡᠮᠡᠯ ᠳᠠᠷᠢᠯᠳᠠ ᠶᠢᠨ ᠡᠬᠦᠷᠬᠡ ᠶᠢ ᠴᠢᠨᠠᠷᠯᠢᠭ ᠪᠡᠶᠡᠯᠡᠬᠦᠯᠬᠦ ᠳᠤ ᠵᠤᠬᠢᠶᠠᠨ ᠪᠠᠶᠢᠭᠤᠯᠤᠯᠳᠠ | ᠶᠢᠨ ᠬᠦᠴᠤᠳᠤ ᠪᠠᠳᠤᠯᠠᠭ᠎ᠠ ᠬᠠᠩᠭᠠᠨ᠎ᠠ᠃ | ︵ᠬᠤᠶᠠᠷ︶ ᠪᠤᠯᠪᠠᠰᠤᠷᠠᠯ ᠵᠢᠯᠤᠭᠤᠳᠤᠯᠭ᠎ᠠ ᠶᠢ ᠴᠢᠩᠭᠠᠤᠨᠬᠠᠨ᠎ᠠ᠃ ᠡᠯ᠎ᠡ ᠪᠠᠯᠭᠠᠰᠤ ᠶᠢᠨ ᠬᠢᠨ ᠮᠡᠷᠬᠡᠵᠢᠯ ᠤᠨ | ᠵᠢᠯᠤᠭᠤᠳᠤᠯᠭ᠎ᠠ ᠶᠢᠨ ᠳᠤᠭᠤᠶᠢᠯᠠᠩ ᠪᠠᠶᠢᠭᠤᠯᠤᠨ᠂ ᠦᠪᠡᠷᠳᠡᠬᠡᠨ ᠵᠠᠰᠠᠬᠤ ᠤᠷᠤᠨ᠂ ᠬᠤᠳᠠ᠂ ᠬᠤᠰᠢᠭᠤᠨ ᠤ ᠰᠢᠷ᠎ᠠ | ᠪᠤᠷᠴᠠᠭ ᠡᠷᠳᠡᠨᠢ ᠰᠢᠰᠢ ᠶᠢᠨ ᠪᠦᠰᠡᠯᠢᠭ ᠨᠠᠶᠢᠯᠡᠮᠡᠯ ᠳᠠᠷᠢᠯᠳᠠ ᠶᠢᠨ ᠠᠵᠢᠯ ᠤᠨ ᠳᠤᠰᠬᠠᠢ ᠮᠡᠷᠬᠡᠵᠢᠯᠳᠠᠨ ᠤ | ᠵᠢᠯᠤᠭᠤᠤᠨᠬᠤ ᠳᠤᠭᠤᠶᠢᠯᠠᠩ ᠲᠠᠢ ᠬᠠᠮᠵᠢᠯᠴᠠᠨ ᠳᠤᠰ ᠭᠠᠵᠠᠷ ᠤᠷᠤᠨ ᠤ ᠪᠠᠨ ᠮᠡᠷᠬᠡᠵᠢᠯ ᠤᠨ ᠵᠠᠭᠪᠤᠷ ᠢ | ᠨᠠᠷᠢᠯᠢᠭᠵᠢᠭᠤᠯᠤᠨ ᠳᠡᠬᠦᠯᠳᠡᠷᠵᠢᠬᠦᠯᠵᠤ᠂ ᠳᠠᠷᠢᠯᠳᠠ ᠳᠤᠮᠳᠠ ᠤᠷᠤᠰᠢᠵᠤ ᠪᠠᠶᠢᠭ᠎ᠠ ᠪᠤᠳᠠᠳᠤ ᠠᠰᠠᠭᠤᠳᠠᠯ ᠪᠠ | ᠬᠦᠴᠢᠷᠳᠠᠯ ᠢ ᠪᠦᠬᠦ ᠬᠦᠴᠤᠨ ᠢᠶᠠᠷ ᠰᠢᠢᠤᠨᠪᠤᠷᠢᠯᠡᠨ᠂ ᠮᠡᠷᠬᠡᠵᠢᠯ ᠤᠨ ᠵᠢᠯᠤᠭᠤᠳᠤᠯᠭ᠎ᠠ ᠶᠢ ᠪᠦᠬᠦᠶᠢᠯᠡ ᠬᠡᠷᠡᠭᠵᠢᠬᠦᠯᠵᠤ | ᠪᠠᠶᠢᠭ᠎ᠠ ᠭᠤᠤᠯ ᠴᠤᠭᠴᠠ ᠪᠠ ᠳᠠᠷᠢᠵᠤ ᠪᠠᠶᠢᠭ᠎ᠠ ᠡᠷᠤᠬᠡ ᠳᠤ ᠲᠦᠬᠡᠮᠡᠯᠵᠢᠬᠦᠯᠬᠦ ᠶᠢ ᠪᠠᠳᠤᠯᠠᠨ᠎ᠠ᠃ ᠬᠠᠮᠳᠤ ᠳᠤ ᠨᠢ | ᠴᠢᠨᠠᠷ ᠰᠠᠶᠢᠳᠠᠢ ᠦᠨᠳᠤᠷ ᠪᠦᠳᠤᠮᠵᠢᠳᠠᠢ ᠪᠠᠷ ᠠᠮᠤ ᠪᠤᠳᠠᠭᠠᠨ ᠤ ᠤᠨᠠᠯᠳᠠ ᠶᠢ ᠨᠡᠮᠡᠭᠳᠡᠬᠦᠯᠬᠦ ᠳᠠᠭᠤᠷᠢᠶᠠᠯ ᠠᠵᠢᠯᠯᠠᠭ᠎ᠠ | ᠲᠠᠢ ᠤᠶᠠᠯᠳᠤᠭᠤᠯᠤᠨ᠂ ᠡᠯ᠎ᠡ ᠪᠠᠯᠭᠠᠰᠤ ᠶᠢᠨ ᠬᠢᠨ ᠰᠢᠷ᠎ᠠ ᠪᠤᠷᠴᠠᠭ ᠡᠷᠳᠡᠨᠢ ᠰᠢᠰᠢ ᠶᠢᠨ ᠪᠦᠰᠡᠯᠢᠭ ᠨᠠᠶᠢᠯᠡᠮᠡᠯ | ᠳᠠᠷᠢᠯᠳᠠ ᠶᠢᠨ ᠳᠤᠷᠰᠢᠯᠳᠠ ᠶᠢᠨ ᠳᠠᠭᠤᠷᠢᠶᠠᠯ ᠢ ᠳᠤᠬᠢᠷᠠᠭᠤᠯᠵᠤ᠂ ᠨᠢᠬᠡ ᠪᠦᠯᠦᠭ ᠤᠷᠤᠨ ᠨᠤᠳᠤᠭ ᠤᠨ ᠴᠢᠨᠠᠷ ᠢᠶᠠᠷ | ᠴᠢᠩᠭ᠎ᠠ᠂ ᠤᠨᠠᠯᠳᠠ ᠪᠠᠷ ᠰᠠᠶᠢᠨ᠂ ᠠᠵᠤ ᠠᠬᠤᠢ ᠶᠢᠨ ᠦᠷ᠎ᠠ ᠪᠦᠳᠤᠮᠵᠢ ᠪᠠᠷ ᠦᠨᠳᠤᠷ ᠰᠢᠷ᠎ᠠ ᠪᠤᠷᠴᠠᠭ — | ᠡᠷᠳᠡᠨᠢ ᠰᠢᠰᠢ ᠶᠢᠨ ᠪᠦᠰᠡᠯᠢᠭ ᠨᠠᠶᠢᠯᠡᠮᠡᠯ ᠳᠠᠷᠢᠯᠳᠠ ᠶᠢᠨ ᠮᠡᠷᠬᠡᠵᠢᠯ ᠤᠨ ᠵᠠᠭᠪᠤᠷ ᠢ ᠰᠤᠩᠭᠤᠨ ᠭᠠᠷᠭᠠᠨ᠎ᠠ᠃ | ︵ᠭᠤᠷᠪᠠ︶ ᠪᠡᠯᠡ ᠮᠦᠩᠬᠦ ᠶᠢᠨ ᠪᠠᠳᠤᠯᠠᠭ᠎ᠠ ᠶᠢ ᠴᠢᠩᠭᠠᠤᠨᠬᠠᠨ᠎ᠠ᠃ ᠳᠠᠷᠢᠯᠳᠠ ᠶᠢᠨ ᠳᠠᠯᠠᠪᠠᠢ ᠪᠠᠷ | ᠤᠶᠢᠯᠡᠤᠨᠪᠤᠷᠢᠯᠡᠭᠴᠢ ᠳᠤ ᠡᠷᠳᠡᠨᠢ ᠰᠢᠰᠢ᠂ ᠰᠢᠷ᠎ᠠ ᠪᠤᠷᠴᠠᠭ ᠤᠨ ᠨᠦᠬᠦᠪᠤᠷᠢ ᠶᠢ ᠡᠳ᠋ᠯᠡᠬᠦᠯᠵᠤ᠂ ᠪᠤᠳᠠᠳᠤ ᠪᠠᠶᠢᠳᠠᠯ | ᠲᠠᠢ ᠪᠠᠨ ᠤᠶᠠᠯᠳᠤᠭᠤᠯᠤᠨ᠂ ᠡᠳ᠋ ᠤᠨ ᠵᠠᠰᠠᠭ ᠤᠨ ᠰᠠᠯᠠᠭ᠎ᠠ ᠮᠦᠴᠢᠷ ᠲᠠᠢ ᠢᠳᠡᠪᠬᠢᠳᠠᠢ ᠬᠠᠷᠢᠯᠴᠠᠵᠤ᠂ | ᠤᠶᠢᠯᠡᠤᠨᠪᠤᠷᠢᠯᠡᠭᠴᠢ ᠶᠢᠨ ᠰᠢᠷ᠎ᠠ ᠪᠤᠷᠴᠠᠭ ᠪᠠ ᠡᠷᠳᠡᠨᠢ ᠰᠢᠰᠢ ᠶᠢᠨ ᠨᠦᠬᠦᠪᠤᠷᠢ ᠶᠢᠨ ᠵᠦᠷᠢᠶ᠎ᠡ ᠶᠢ ᠶᠡᠬᠡᠰᠬᠡᠬᠦ | ᠮᠦᠷᠳᠡᠬᠡᠨ ᠤᠯᠤᠰ ᠠᠴᠠ ᠪᠠᠰᠠ ᠱᠠᠭᠠᠷᠳᠠᠯᠭ᠎ᠠ ᠳᠤ ᠨᠡᠶᠢᠴᠡᠭᠰᠡᠨ ᠰᠢᠷ᠎ᠠ ᠪᠤᠷᠴᠠᠭ ᠡᠷᠳᠡᠨᠢ ᠰᠢᠰᠢ ᠶᠢᠨ ᠪᠦᠰᠡᠯᠢᠭ | ᠨᠠᠶᠢᠯᠡᠮᠡᠯ ᠳᠠᠷᠢᠯᠳᠠ ᠳᠤ ᠨᠦᠬᠦᠪᠤᠷᠢ ᠤᠯᠭᠤᠨ᠎ᠠ᠃ ᠳᠠᠷᠢᠶᠠᠯᠠᠩ ᠤᠨ ᠮᠠᠰᠢᠨ ᠤ ᠬᠤᠳᠠᠯᠳᠤᠨ ᠠᠪᠤᠯᠳᠠ ᠪᠠ | ᠬᠡᠷᠡᠭᠯᠡᠬᠡᠨ ᠤ ᠨᠦᠬᠦᠪᠤᠷᠢ ᠶᠢᠨ ᠬᠦᠷᠢᠶ᠎ᠡ ᠬᠡᠪᠴᠢᠶᠡᠨ ᠳᠠᠬᠢ ᠰᠢᠷ᠎ᠠ ᠪᠤᠷᠴᠠᠭ ᠡᠷᠳᠡᠨᠢ ᠰᠢᠰᠢ ᠶᠢᠨ ᠪᠦᠰᠡᠯᠢᠭ | ᠨᠠᠶᠢᠯᠡᠮᠡᠯ ᠳᠠᠷᠢᠯᠳᠠ ᠶᠢᠨ ᠵᠠᠭᠪᠤᠷ ᠲᠤ ᠨᠠᠶᠢᠴᠡᠬᠦ ᠳᠠᠷᠢᠶᠠᠯᠠᠩ ᠤᠨ ᠮᠠᠰᠢᠨ ᠤ ᠨᠦᠬᠦᠪᠤᠷᠢ ᠶᠢᠨ ᠲᠦᠰᠤᠬᠡᠯᠡᠨ | ᠪᠤᠳᠤᠬᠤ ᠬᠠᠷᠢᠴᠠᠯ ᠢ ᠤᠤᠯ ᠤᠨ 30% ᠳᠤ ᠬᠦᠷᠬᠦ ᠦᠬᠡᠢ ᠪᠠᠶᠢᠭᠰᠡᠨ ᠢ ᠳᠡᠬᠡᠭᠰᠢᠯᠡᠬᠦᠯᠤᠬᠡᠤᠨ 35% ᠳᠤ | ᠬᠦᠷᠬᠡᠵᠤ᠂ ᠡᠩ ᠳᠡᠷᠢᠬᠦᠨ ᠳᠤ ᠨᠦᠬᠦᠪᠤᠷᠢᠯᠡᠬᠦ ᠶᠢ ᠬᠡᠷᠡᠭᠵᠢᠬᠦᠯᠤᠨ᠎ᠠ᠃ ᠡᠬᠦᠨ ᠤ ᠬᠠᠮᠳᠤ᠂ ᠮᠠᠯ ᠳᠠᠷᠢᠶᠠᠯᠠᠩ ᠤᠨ | ᠤᠶᠢᠯᠡᠰ ᠤᠨ ᠨᠠᠶᠢᠬᠡᠮᠴᠢᠯᠡᠭᠰᠡᠨ ᠤᠶᠢᠯᠡᠴᠢᠯᠡᠭᠡ᠂ ᠦᠷ᠎ᠠ ᠡᠬᠦᠯᠳᠡᠷ ᠤᠨ ᠤᠶᠢᠯᠡᠰ᠂ ᠪᠤᠬᠢᠷᠳᠤᠯ ᠦᠬᠡᠢ ᠴᠢᠨᠠᠷ | ᠰᠠᠶᠢᠳᠠᠢ ᠦᠨᠳᠤᠷ ᠪᠦᠳᠤᠮᠵᠢᠳᠠᠢ᠂ ᠳᠠᠷᠢᠶᠠᠯᠠᠩ ᠤᠨ ᠮᠡᠷᠬᠡᠵᠢᠯ ᠤᠨ ᠳᠡᠯᠬᠡᠷᠡᠬᠦᠯᠤᠯᠳᠠ ᠶᠢᠨ ᠨᠦᠬᠦᠪᠤᠷᠢ᠂ ᠦᠨᠳᠤᠷ | ᠬᠡᠪ ᠴᠢᠨᠠᠷᠳᠤ ᠮᠠᠯᠴᠢᠨ ᠳᠠᠷᠢᠶᠠᠴᠢᠨ ᠤ ᠪᠤᠯᠪᠠᠰᠤᠷᠠᠯ ᠵᠡᠷᠬᠡ ᠲᠦᠷᠤᠯ ᠵᠦᠢᠯ ᠢ ᠨᠠᠶᠢᠯᠡᠮᠡᠯ ᠳᠠᠷᠢᠯᠳᠠ ᠶᠢᠨ ᠡᠬᠦᠷᠬᠡ ᠶᠢ | ᠡᠬᠦᠷᠬᠡᠯᠡᠵᠤ ᠪᠠᠶᠢᠭ᠎ᠠ ᠬᠦᠷᠢᠶ᠎ᠡ ᠴᠠᠷᠠᠭ᠎ᠠ ᠳᠡᠰᠢ ᠬᠡᠯᠪᠡᠶᠢᠯᠬᠡᠵᠤ᠂ ᠰᠢᠷ᠎ᠠ ᠪᠤᠷᠴᠠᠭ ᠡᠷᠳᠡᠨᠢ ᠰᠢᠰᠢ ᠶᠢᠨ ᠪᠦᠰᠡᠯᠢᠭ | ᠨᠠᠶᠢᠯᠡᠮᠡᠯ ᠳᠠᠷᠢᠯᠳᠠ ᠶᠢᠨ ᠪᠦᠷᠢᠮᠤᠰᠤᠨ ᠦᠪᠡᠷ ᠤᠨ ᠦᠷᠳᠡᠭ ᠤᠨ ᠳᠠᠭᠠᠤᠨᠬᠠᠯ ᠢ ᠢᠳᠡᠪᠬᠢᠳᠠᠢ ᠦᠷᠨᠢᠬᠦᠯᠤᠨ᠎ᠠ᠃ | ︵ᠲᠦᠷᠪᠡ︶ ᠠᠵᠢᠯ ᠤᠨ ᠠᠷᠭ᠎ᠠ ᠠᠪᠴᠠᠯ ᠢ ᠨᠠᠷᠢᠯᠢᠭᠵᠢᠭᠤᠯᠤᠨ᠎ᠠ᠃ ᠳᠠᠩᠰᠠᠴᠢᠯᠠᠭᠰᠡᠨ ᠬᠠᠮᠢᠶᠠᠷᠤᠯᠳᠠ ᠶᠢ | ᠬᠡᠷᠡᠭᠵᠢᠬᠦᠯᠤᠨ᠂ ᠡᠯ᠎ᠡ ᠪᠡᠯᠭᠠᠰᠤ ᠡᠬᠦᠷᠬᠡ ᠪᠠᠨ ᠠᠯᠢ ᠲᠦᠷᠬᠡᠨ ᠢᠶᠠᠷ ᠡᠷᠤᠬᠡ ᠳᠤ ᠬᠦᠷᠳᠡᠯ᠎ᠠ ᠭᠠᠵᠠᠷ ᠲᠤ ᠬᠦᠷᠳᠡᠯ᠎ᠡ | ᠨᠠᠶᠢᠳᠠᠪᠤᠷᠢᠵᠢᠭᠤᠯᠵᠤ᠂ ᠳᠠᠷᠢᠶᠠᠨ ᠦᠷ᠎ᠠ ᠪᠠᠨ ᠢᠳᠡᠪᠬᠢᠳᠠᠢ ᠪᠡᠯᠡᠤᠨᠬᠡᠨ᠂ ᠠᠵᠢᠯ ᠤᠨ ᠳᠠᠩᠰᠠ ᠪᠠᠶᠢᠭᠤᠯᠤᠨ᠎ᠠ᠃ | ᠬᠤᠰᠢᠭᠤ ᠮᠠᠯ ᠳᠠᠷᠢᠶᠠᠯᠠᠩ ᠤᠨ ᠤᠶᠢᠯᠡᠰ ᠤᠨ ᠮᠡᠷᠬᠡᠵᠢᠯ ᠤᠨ ᠳᠡᠯᠬᠡᠷᠡᠬᠦᠯᠤᠯᠳᠠ ᠶᠢᠨ ᠲᠦᠪ ᠳᠤᠰᠬᠠᠢ | ᠨᠡᠶᠢᠬᠡᠮᠴᠢᠯᠡᠭᠰᠡᠨ ᠤᠶᠢᠯᠡᠴᠢᠯᠡᠬᠡᠨ ᠤ ᠵᠤᠬᠢᠶᠠᠨ ᠪᠠᠶᠢᠭᠤᠯᠤᠯᠳᠠ ᠶᠢ ᠳᠡᠮᠵᠢᠨ ᠳᠠᠷᠢᠬᠤ᠂ ᠤᠷᠭᠤᠴᠠ ᠶᠢ ᠬᠠᠮᠠᠭᠠᠯᠠᠬᠤ᠂ | ᠬᠤᠷᠢᠶᠠᠬᠤ ᠵᠡᠷᠬᠡ ᠨᠢᠬᠡᠳᠤᠯᠳᠠᠢ ᠨᠠᠶᠢᠬᠡᠮᠴᠢᠯᠡᠭᠰᠡᠨ ᠤᠶᠢᠯᠡᠴᠢᠯᠡᠭᠡ ᠦᠷᠨᠢᠬᠦᠯᠵᠤ᠂ ᠠᠵᠢᠯ ᠤᠨ ᠪᠦᠳᠤᠮᠵᠢ ᠪᠠ | ᠠᠵᠢᠯ ᠤᠨ ᠴᠢᠨᠰᠠᠭ᠎ᠠ ᠪᠠᠨ ᠪᠦᠳᠤᠮᠵᠢᠳᠠᠢ ᠳᠡᠬᠡᠭᠰᠢᠯᠡᠬᠦᠯᠤᠨ᠎ᠠ︔ ᠡᠬᠦᠨ ᠤ ᠬᠠᠮᠳᠤ ᠳᠠᠷᠢᠶᠠᠨ ᠦᠷ᠎ᠠ ᠶᠢᠨ | ᠬᠡᠷᠡᠭᠴᠡᠭᠡ ᠶᠢ ᠴᠠᠭ ᠳᠤᠬᠠᠢ ᠳᠤ ᠨᠢ ᠳᠤᠬᠢᠷᠠᠭᠤᠯᠵᠤ᠂ ᠦᠷ᠎ᠠ ᠶᠢᠨ ᠢᠷᠠᠯᠳᠠ ᠶᠢᠨ ᠪᠠᠶᠢᠭ᠎ᠠ ᠭᠠᠵᠠᠷ ᠲᠠᠢ | ᠬᠠᠷᠢᠯᠴᠠᠨ᠂ ᠳᠤᠬᠢᠷᠠᠮᠵᠢᠳᠠᠢ ᠦᠷ᠎ᠠ ᠶᠢᠨ ᠲᠦᠷᠤᠯ ᠤᠨ ᠳᠠᠩᠰᠠ ᠪᠡᠯᠡᠤᠨᠬᠡᠯ ᠵᠡᠷᠬᠡ ᠠᠵᠢᠯ ᠢ ᠲᠦᠷᠬᠡᠨ | ᠪᠡᠶᠡᠯᠡᠬᠦᠯᠤᠨ᠎ᠠ︔ ᠬᠤᠰᠢᠭᠤ ᠳᠠᠷᠢᠶᠠᠯᠠᠩ ᠤᠨ ᠮᠠᠰᠢᠨ ᠤ ᠤᠶᠢᠯᠡᠴᠢᠯᠡᠬᠡᠨ ᠤ ᠲᠦᠪ ᠤᠨ ᠬᠢᠨ ᠳᠠᠷᠢᠶᠠᠯᠠᠩ ᠤᠨ | ᠮᠠᠰᠢᠨ ᠢ ᠰᠤᠳᠤᠯᠬᠤ ᠤᠶᠢᠯᠡᠤᠨᠪᠤᠷᠢᠯᠡᠬᠦ ᠪᠠ ᠦᠬᠡᠷᠡᠴᠢᠯᠡᠬᠦ ᠶᠢ ᠵᠢᠯᠤᠭᠤᠤᠨᠴᠤ᠂ ᠳᠠᠷᠢᠬᠤ᠂ ᠪᠤᠷᠳᠤᠭᠤᠷ | ᠤᠷᠤᠭᠤᠯᠬᠤ᠂ ᠤᠷᠭᠤᠴᠠ ᠶᠢ ᠬᠠᠮᠠᠭᠠᠯᠠᠬᠤ᠂ ᠬᠤᠷᠢᠶᠠᠬᠤ ᠭᠤᠭᠴᠤᠭ᠎ᠠ ᠶᠢᠨ ᠮᠧᠬᠠᠨᠢᠭᠵᠢᠭᠤᠯᠤᠯᠳᠠ ᠶᠢ | ᠭᠤᠤᠯᠳᠠᠯᠭ᠎ᠠ ᠲᠠᠢ ᠰᠠᠶᠢᠳᠤᠷ ᠬᠢᠵᠤ᠂ ᠮᠠᠰᠢᠨ ᠲᠦᠬᠦᠬᠡᠷᠤᠮᠵᠢ ᠶᠢᠨ ᠬᠠᠩᠭᠠᠮᠵᠢᠳᠠᠢ ᠪᠠᠶᠢᠬᠤ ᠶᠢ ᠪᠠᠳᠤᠯᠠᠨ᠎ᠠ︔ | ᠬᠤᠰᠢᠭᠤ ᠮᠠᠯ ᠳᠠᠷᠢᠶᠠᠯᠠᠩ ᠤᠨ ᠤᠶᠢᠯᠡᠰ ᠤᠨ ᠮᠡᠷᠬᠡᠵᠢᠯ ᠤᠨ ᠳᠡᠯᠬᠡᠷᠡᠬᠦᠯᠤᠯᠳᠠ ᠶᠢᠨ ᠲᠦᠪ ᠪᠠ ᠡᠯ᠎ᠡ ᠪᠠᠯᠭᠠᠰᠤ | ᠶᠢᠨ ᠶᠡᠷᠤᠩᠬᠡᠶᠢᠯᠡᠭᠰᠡᠨ ᠪᠠᠳᠤᠯᠠᠭ᠎ᠠ ᠪᠠ ᠮᠡᠷᠬᠡᠵᠢᠯ ᠤᠨ ᠳᠡᠯᠬᠡᠷᠡᠬᠦᠯᠤᠯᠳᠠ ᠶᠢᠨ ᠲᠦᠪ ᠠᠴᠠ ᠳᠠᠷᠢᠯᠳᠠ ᠶᠢᠨ ᠡᠷᠤᠬᠡ | ᠶᠢᠨ ᠪᠤᠯᠪᠠᠰᠤᠷᠠᠯ ᠢ ᠢᠳᠡᠪᠬᠢᠳᠠᠢ ᠬᠠᠪᠰᠤᠷᠤᠨ ᠵᠤᠬᠢᠶᠠᠨ ᠪᠠᠶᠢᠭᠤᠯᠤᠨ᠎ᠠ᠃ | ︵ᠳᠠᠪᠤ︶ ᠪᠦᠳᠤᠮᠵᠢ ᠶᠢᠨ ᠬᠢᠨᠠᠨ ᠰᠢᠯᠭᠠᠯᠳᠠ ᠶᠢ ᠴᠢᠩᠭᠠᠤᠨᠬᠠᠨ᠎ᠠ᠃ ᠪᠦᠰᠡᠯᠢᠭ ᠨᠠᠶᠢᠯᠡᠮᠡᠯ ᠳᠠᠷᠢᠯᠳᠠ ᠶᠢ ᠠᠮᠤ | ᠪᠤᠳᠠᠭᠠᠨ ᠤ ᠠᠮᠤᠷ ᠲᠦᠪᠰᠢᠨ ᠤ ᠨᠠᠮ ᠵᠠᠰᠠᠭ ᠤᠨ ᠬᠠᠮᠳᠤ ᠶᠢᠨ ᠬᠠᠷᠢᠭᠤᠴᠠᠯᠭ᠎ᠠ ᠶᠢᠨ ᠬᠢᠨᠠᠨ ᠰᠢᠯᠭᠠᠯᠳᠠ ᠶᠢᠨ | ᠭᠤᠤᠯ ᠠᠭᠤᠯᠭ᠎ᠠ ᠪᠤᠯᠭᠠᠵᠤ᠂ ᠡᠯ᠎ᠡ ᠪᠠᠯᠭᠠᠰᠤ ᠶᠢᠨ ᠬᠢᠨ ᠳᠤᠭᠳᠠᠭᠠᠭᠰᠡᠨ ᠭᠤᠤᠯ ᠴᠤᠭᠴᠠ᠂ ᠳᠠᠯᠠᠪᠠᠢ ᠪᠠᠨ 5 | ᠰᠠᠷ᠎ᠠ ᠶᠢᠨ 20 ᠤ ᠡᠳᠤᠷ ᠠᠴᠠ ᠡᠮᠤᠨ᠎ᠡ ᠬᠤᠰᠢᠭᠤ ᠮᠠᠯ ᠳᠠᠷᠢᠶᠠᠯᠠᠩ ᠤᠨ ᠳᠤᠪᠴᠢᠶ᠎ᠠ ᠳᠤ ᠮᠡᠳᠡᠬᠦᠯᠬᠦ ᠮᠦᠷᠳᠡᠬᠡᠨ | ᠳᠠᠷᠢᠯᠳᠠ ᠶᠢᠨ ᠭᠠᠵᠠᠷ ᠤᠨ ᠲᠦᠷᠪᠡᠨ ᠵᠠᠬ᠎ᠠ ᠶᠢᠨ ᠮᠡᠳᠡᠭᠡ ᠵᠠᠩᠬᠢ ᠪᠠᠨ 7 ᠰᠠᠷ᠎ᠠ ᠶᠢᠨ 1 ᠤ ᠡᠳᠤᠷ ᠠᠴᠠ ᠡᠮᠤᠨ᠎ᠡ | ᠬᠤᠰᠢᠭᠤ ᠮᠠᠯ ᠳᠠᠷᠢᠶᠠᠯᠠᠩ ᠤᠨ ᠳᠤᠪᠴᠢᠶ᠎ᠠ ᠳᠤ ᠮᠡᠳᠡᠬᠦᠯᠤᠨ᠎ᠠ᠃ ᠬᠤᠰᠢᠭᠤ ᠮᠠᠯ ᠳᠠᠷᠢᠶᠠᠯᠠᠩ ᠤᠨ ᠳᠤᠪᠴᠢᠶ᠎ᠠ ᠡᠯ᠎ᠡ | ᠪᠠᠯᠭᠠᠰᠤᠨ ᠤ ᠰᠢᠷ᠎ᠠ ᠪᠤᠷᠴᠠᠭ ᠡᠷᠳᠡᠨᠢ ᠰᠢᠰᠢ ᠶᠢᠨ ᠪᠦᠰᠡᠯᠢᠭ ᠨᠠᠶᠢᠯᠡᠮᠡᠯ ᠳᠠᠷᠢᠯᠳᠠ ᠶᠢᠨ ᠳᠠᠯᠠᠪᠠᠢ ᠶᠢᠨ | ᠨᠠᠶᠢᠳᠠᠪᠤᠷᠢᠵᠢᠭᠤᠯᠤᠯᠳᠠ ᠶᠢ ᠤᠯᠠᠨ ᠵᠦᠢᠯ ᠤᠨ ᠠᠷᠭ᠎ᠠ ᠪᠠᠷᠢᠯ ᠢᠶᠠᠷ ᠬᠢᠨᠠᠨ ᠪᠠᠶᠢᠴᠠᠭᠠᠵᠤ᠂ ᠡᠬᠦᠷᠬᠡ ᠪᠠᠨ | ᠪᠡᠶᠡᠯᠡᠬᠦᠯᠦᠭᠰᠡᠨ ᠪᠠᠶᠢᠳᠠᠯ ᠢ ᠬᠢᠨᠠᠨ ᠰᠢᠯᠭᠠᠬᠤ ᠮᠦᠷᠳᠡᠬᠡᠨ ᠠᠵᠢᠯ ᠤᠨ ᠠᠬᠢᠭᠤᠯᠤᠯᠳᠠ ᠶᠢᠨ ᠪᠠᠶᠢᠳᠠᠯ᠂ | ᠪᠡᠶᠡᠯᠡᠬᠦᠯᠦᠭᠰᠡᠨ ᠴᠢᠨᠰᠠᠭ᠎ᠠ ᠶᠢ ᠴᠤ ᠬᠢᠨᠠᠨ ᠰᠢᠯᠭᠠᠨ᠎ᠠ᠃ ᠡᠯ᠎ᠡ ᠪᠠᠯᠭᠠᠰᠤ ᠪᠡᠯᠡ ᠮᠦᠩᠬᠦ᠂ ᠮᠡᠷᠬᠡᠵᠢᠯ ᠪᠠ ᠳᠠᠯᠠᠪᠠᠢ | ᠶᠢᠨ ᠨᠠᠶᠢᠳᠠᠪᠤᠷᠢᠵᠢᠭᠤᠯᠤᠯᠳᠠ ᠶᠢ ᠠᠬᠢᠭᠤᠯᠵᠤ᠂ ᠠᠵᠢᠯ ᠤᠨ ᠳᠠᠩᠰᠠ ᠡᠪᠬᠡᠮᠡᠯ᠂ ᠨᠦᠬᠦᠪᠤᠷᠢ ᠶᠢᠨ ᠳᠠᠩᠰᠠ ᠶᠢ | ᠪᠦᠷᠢᠨᠰᠢᠬᠦᠯᠤᠨ᠂ ᠳᠠᠷᠢᠯᠳᠠ ᠶᠢᠨ ᠭᠠᠵᠠᠷ᠂ ᠳᠠᠷᠢᠭᠰᠡᠨ ᠳᠠᠯᠠᠪᠠᠢ ᠪᠠ ᠲᠦᠷᠪᠡᠨ ᠵᠠᠬ᠎ᠠ ᠶᠢᠨ ᠮᠡᠳᠡᠭᠡ ᠵᠠᠩᠬᠢ ᠶᠢ | ᠳᠡᠮᠳᠡᠭᠯᠡᠵᠤ᠂ ᠨᠠᠷᠢᠯᠢᠭ ᠤᠨᠤᠪᠴᠢᠳᠠᠢ ᠬᠢᠨᠠᠯᠳᠠ ᠬᠠᠮᠢᠶᠠᠷᠤᠯᠳᠠ ᠶᠢ ᠨᠠᠶᠢᠳᠠᠪᠤᠷᠢᠵᠢᠭᠤᠯᠤᠨ᠂ ᠪᠡᠯᠡ ᠮᠦᠩᠬᠦ ᠶᠢᠨ | ᠬᠠᠮᠢᠶᠠᠷᠤᠯᠳᠠ ᠶᠢ ᠴᠢᠩᠭᠠᠤᠨᠬᠠᠵᠤ᠂ ᠦᠯᠡᠳᠡᠬᠡᠬᠦ᠂ ᠨᠡᠬᠦᠯᠬᠡᠬᠦ᠂ ᠰᠢᠯᠵᠢᠬᠦᠯᠬᠦ ᠵᠡᠷᠬᠡ ᠬᠠᠤᠯᠢ ᠲᠦᠷᠢᠮ ᠢ | ᠵᠦᠷᠢᠴᠡᠭᠰᠡᠨ ᠪᠠᠶᠢᠳᠠᠯ ᠢᠯᠡᠷᠡᠬᠦ ᠶᠢ ᠡᠷᠡᠰ ᠰᠡᠷᠬᠡᠶᠢᠯᠡᠨ᠎ᠡ᠃ | ︵ᠵᠢᠷᠭᠤᠭ᠎ᠠ︶ ᠶᠠᠷᠢᠶ᠎ᠠ ᠬᠡᠯᠡᠯᠴᠡᠬᠡᠨ ᠤ ᠵᠢᠯᠤᠭᠤᠳᠤᠯᠭ᠎ᠠ ᠶᠢ ᠴᠢᠩᠭᠠᠤᠨᠬᠠᠨ᠎ᠠ᠃ ᠡᠯ᠎ᠡ ᠪᠠᠯᠭᠠᠰᠤ ᠷᠠᠳᠢᠤ᠋᠂ | ᠲᠧᠯᠸᠢᠰ᠂ ᠰᠦᠯᠵᠢᠶ᠎ᠡ᠂ ᠤᠬᠤᠷ ᠴᠢᠮᠡᠭᠡ ᠵᠡᠷᠬᠡ ᠤᠯᠠᠨ ᠵᠦᠢᠯ ᠤᠨ ᠬᠡᠯᠪᠡᠷᠢ ᠪᠠᠷ ᠰᠢᠷ᠎ᠠ ᠪᠤᠷᠴᠠᠭ ᠡᠷᠳᠡᠨᠢ ᠰᠢᠰᠢ | ᠶᠢᠨ ᠪᠦᠰᠡᠯᠢᠭ ᠨᠠᠶᠢᠯᠡᠮᠡᠯ ᠳᠠᠷᠢᠯᠳᠠ ᠶᠢᠨ ᠲᠦᠷᠤ ᠶᠢᠨ ᠪᠤᠳᠤᠯᠭ᠎ᠠ ᠶᠢ ᠤᠬᠠᠭᠤᠯᠵᠤ᠂ ᠳᠤᠰ ᠮᠡᠷᠬᠡᠵᠢᠯ ᠤᠨ ︽ᠨᠢᠬᠡ | ᠭᠠᠵᠠᠷ ᠢᠶᠠᠷ ᠤᠯᠠᠨ ᠬᠤᠷᠢᠶᠠᠬᠤ᠂ ᠨᠢᠬᠡ ᠵᠦᠢᠯ ᠢᠶᠠᠷ ᠤᠯᠠᠨ ᠠᠰᠢᠭ ᠤᠯᠬᠤ᠂ ᠨᠢᠬᠡ ᠤᠯᠠᠷᠢᠯ ᠳᠤ ᠤᠯᠠᠨ ᠬᠡᠷᠡᠭᠯᠡᠬᠦ︾ | ᠵᠡᠷᠬᠡ ᠳᠠᠪᠠᠭᠤᠯᠢᠭ ᠤᠨ ᠤᠬᠠᠭᠤᠯᠭ᠎ᠠ ᠪᠠ ᠪᠤᠯᠪᠠᠰᠤᠷᠠᠯ ᠢ ᠴᠢᠩᠭᠠᠤᠨᠬᠠᠨ᠂ ᠳᠠᠷᠢᠯᠳᠠ ᠶᠢᠨ ᠳᠤᠮᠤ ᠡᠷᠤᠬᠡ᠂ | ᠬᠤᠷᠰᠢᠶᠠᠵᠢᠯ ᠢ ᠵᠢᠯᠤᠭᠤᠳᠤᠨ ᠳᠤᠰ ᠲᠦᠷᠤᠯ ᠤᠨ ᠮᠡᠷᠬᠡᠵᠢᠯ ᠤᠨ ᠳᠠᠨᠢᠯᠳᠠ ᠶᠢ ᠤᠯᠠᠮ ᠳᠡᠬᠡᠭᠰᠢᠯᠡᠬᠦᠯᠤᠨ᠎ᠠ᠃ | ᠳᠠᠷᠢᠶᠠᠯᠠᠩ ᠤᠨ ᠤᠶᠢᠯᠡᠰ ᠤᠨ ᠵᠠᠩᠬᠢᠯᠠᠭ᠎ᠠ ᠶᠢᠨ ᠬᠤᠭᠤᠴᠠᠭᠠᠨ ᠳᠤ ᠳᠤᠬᠠᠢ ᠶᠢᠨ ᠳᠠᠯᠠᠪᠤᠷ ᠤᠨ ᠦᠵᠡᠬᠦᠯᠤᠯᠬᠡ ᠶᠢᠨ | ᠪᠤᠯᠪᠠᠰᠤᠷᠠᠯ ᠤᠨ ᠬᠤᠷᠠᠯ ᠢ ᠴᠠᠭ ᠳᠤᠬᠠᠢ ᠳᠤ ᠨᠢ ᠵᠤᠬᠢᠶᠠᠨ ᠪᠠᠶᠢᠭᠤᠯᠵᠤ᠂ ᠨᠠᠶᠢᠬᠡᠮ ᠤᠨ ᠡᠯ᠎ᠡ ᠡᠳᠡᠬᠡᠤᠨ ᠤᠨ ᠬᠢᠨ | ᠢ ᠵᠢᠯᠤᠭᠤᠳᠤᠨ ᠰᠢᠷ᠎ᠠ ᠪᠤᠷᠴᠠᠭ ᠡᠷᠳᠡᠨᠢ ᠰᠢᠰᠢ ᠶᠢᠨ ᠪᠦᠰᠡᠯᠢᠭ ᠨᠠᠶᠢᠯᠡᠮᠡᠯ ᠳᠠᠷᠢᠯᠳᠠ ᠶᠢ ᠬᠠᠯᠠᠮᠵᠢᠯᠠᠨ ᠳᠡᠮᠵᠢᠵᠤ᠂ | ᠨᠠᠶᠢᠳᠡᠯᠢᠭ ᠵᠢᠱᠢᠶ᠎ᠠ᠂ ᠰᠤᠨᠢᠨ ᠮᠡᠳᠡᠬᠡᠨ ᠤ ᠮᠡᠳᠡᠬᠡᠯᠡᠯ ᠵᠡᠷᠬᠡ ᠠᠷᠭ᠎ᠠ ᠪᠠᠷ ᠤᠬᠠᠭᠤᠯᠭ᠎ᠠ ᠶᠢᠨ ᠪᠦᠳᠤᠮᠵᠢ ᠪᠠᠨ | ᠶᠡᠬᠡᠤᠨᠬᠡᠨ᠂ ᠤᠬᠢ ᠰᠠᠶᠢᠨ ᠶᠠᠷᠢᠶ᠎ᠠ ᠬᠡᠯᠡᠯᠴᠡᠭᠡᠨ ᠤ ᠤᠷᠴᠢᠨ ᠢ ᠪᠤᠢ ᠪᠤᠯᠭᠠᠨ᠎ᠠ᠃ | ᠳᠠᠭᠠᠯᠳᠤᠭᠤᠯᠤᠯ᠄ ᠤᠳᠤᠭ ᠤᠨ ᠡᠮᠤᠨᠡᠳᠤ ᠬᠤᠰᠢᠭᠤᠨ ᠤ ᠰᠢᠷ᠎ᠠ ᠪᠤᠷᠴᠠᠭ ᠡᠷᠳᠡᠨᠢ ᠰᠢᠰᠢ ᠶᠢᠨ ᠪᠦᠰᠡᠯᠢᠭ | ᠨᠠᠶᠢᠯᠡᠮᠡᠯ ᠳᠠᠷᠢᠯᠳᠠ ᠶᠢᠨ ᠮᠡᠷᠬᠡᠵᠢᠯ ᠤᠨ ᠲᠦᠷᠢᠮ | ᠳᠠᠭᠠᠯᠳᠤᠭᠤᠯᠤᠯ | ᠤᠳᠤᠭ ᠤᠨ ᠡᠮᠤᠨᠡᠳᠤ ᠬᠤᠰᠢᠭᠤᠨ ᠤ ᠰᠢᠷ᠎ᠠ ᠪᠤᠷᠴᠠᠭ ᠡᠷᠳᠡᠨᠢ ᠰᠢᠰᠢ ᠶᠢᠨ ᠪᠦᠰᠡᠯᠢᠭ ᠨᠠᠶᠢᠯᠡᠮᠡᠯ ᠳᠠᠷᠢᠯᠳᠠ ᠶᠢᠨ | ᠮᠡᠷᠬᠡᠵᠢᠯ ᠤᠨ ᠲᠦᠷᠢᠮ | ᠨᠢᠬᠡ᠂ ᠭᠠᠵᠠᠷ ᠰᠤᠩᠭᠤᠵᠤ ᠭᠠᠵᠠᠷ ᠳᠡᠭᠰᠢᠯᠡᠬᠦ᠃ ᠤᠰᠤᠯᠠᠯᠳᠠ ᠶᠢᠨ ᠨᠦᠬᠦᠴᠡᠯ ᠲᠠᠢ᠂ ᠳᠤᠰᠤᠯᠭᠠᠨ | ᠤᠰᠤᠯᠠᠯᠳᠠ ᠬᠢᠵᠤ ᠪᠤᠯᠬᠤ ᠭᠠᠵᠠᠷ ᠢ ᠰᠤᠩᠭᠤᠵᠤ᠂ ᠡᠷᠳᠡᠨᠢ ᠰᠢᠰᠢ᠂ ᠰᠢᠷ᠎ᠠ ᠪᠤᠷᠴᠠᠭ ᠤᠨ ᠳᠠᠷᠢᠯᠳᠠ ᠶᠢᠨ ᠶᠠᠪᠤᠴᠠ | ᠳᠠᠬᠢ ᠪᠤᠷᠳᠤᠭᠤᠷ ᠤᠰᠤ ᠶᠢ ᠳᠤᠬᠢᠷᠠᠭᠤᠯᠤᠨ ᠡᠵᠡᠮᠳᠡᠬᠦ ᠳᠤ ᠲᠦᠬᠦᠮ ᠪᠤᠯᠭᠠᠨ᠎ᠠ᠃ ᠭᠠᠵᠠᠷ ᠤᠨ ᠦᠩ ᠰᠢᠮ᠎ᠠ ᠨᠢ | ᠳᠤᠮᠳᠠ ᠠᠴᠠ ᠳᠡᠬᠡᠭᠰᠢ᠂ ᠭᠠᠵᠠᠷ ᠤᠨ ᠬᠦᠴᠤ ᠨᠢ ᠵᠢᠭᠳᠡ᠂ ᠬᠦᠷᠤᠰᠤᠨ ᠤ ᠳᠠᠪᠬᠤᠷᠭ᠎ᠠ ᠨᠢ ᠵᠤᠵᠠᠭᠠᠨ᠂ ᠤᠰᠤ | ᠭᠠᠳᠠᠭᠰᠢᠯᠠᠭᠤᠯᠬᠤ ᠨᠢ ᠰᠠᠶᠢᠨ ᠪᠠᠶᠢᠬᠤ ᠬᠡᠷᠡᠭᠳᠠᠢ᠃ ᠲᠦᠷᠤᠬᠦᠴᠢ ᠶᠢᠨ ᠳᠠᠷᠢᠮᠠᠯ ᠢ ᠬᠤᠷᠢᠶᠠᠭᠰᠡᠨ ᠤ ᠳᠠᠷᠠᠭ᠎ᠠ᠂ | ᠡᠰᠢ ᠰᠦᠷᠡᠯ ᠢ ᠨᠢ ᠴᠠᠭ ᠳᠤᠬᠠᠢ ᠳᠤ ᠨᠢ ᠪᠤᠭᠤᠵᠢᠯᠠᠨ ᠬᠤᠷᠢᠶᠠᠵᠤ᠂ ᠦᠯᠡᠳᠡᠭᠳᠡᠯ ᠰᠦᠯᠢᠶᠤᠤ ᠪᠦᠷᠬᠦᠪᠴᠢ ᠶᠢ ᠨᠢ | ᠴᠡᠪᠡᠷᠯᠡᠵᠤ ᠠᠷᠢᠯᠭᠠᠨ᠂ ᠬᠦᠷᠤᠰᠤ ᠶᠢ 30 ᠰᠠᠨᠲ᠋ᠢᠮᠧᠲᠷ ᠠᠴᠠ ᠬᠦᠨ ᠤᠷᠪᠠᠭᠤᠯᠵᠤ᠂ ᠡᠪᠡᠰᠤ ᠶᠢ ᠠᠷᠢᠯᠭᠠᠨ | ᠬᠤᠷᠤᠬᠠᠢ ᠶᠢ ᠬᠢᠵᠠᠭᠠᠷᠯᠠᠵᠤ ᠡᠪᠡᠤᠨᠴᠢᠨ ᠢ ᠰᠡᠷᠬᠡᠶᠢᠯᠡᠨ᠂ ᠬᠠᠪᠤᠷ ᠡᠷᠳᠠ ᠤᠷᠭᠠᠨᠢᠭ ᠪᠤᠷᠳᠤᠭᠤᠷ ᠤᠷᠤᠭᠤᠯᠬᠤ᠂ | ᠤᠷᠪᠠᠭᠤᠯᠬᠤ᠂ ᠳᠠᠷᠤᠰᠢᠭᠤᠯᠬᠤ ᠶᠢ ᠵᠠᠯᠭᠠᠪᠠᠷ ᠪᠡᠶᠡᠯᠡᠬᠦᠯᠵᠤ᠂ ᠬᠡᠰᠡᠭᠳᠤ ᠰᠢᠷᠤᠢ ᠪᠠᠶᠢᠯᠭᠠᠯ ᠦᠬᠡᠢ ᠪᠠᠷ ᠦᠨᠳᠤᠰᠤ | ᠡᠰᠢ ᠶᠢ ᠨᠢ ᠨᠠᠷᠢᠯᠢᠭᠵᠢᠭᠤᠯᠵᠤ ᠰᠤᠶᠢᠷᠡᠬᠦᠯᠤᠨ᠂ ᠪᠤᠷᠳᠤᠭᠤᠷ ᠢ ᠵᠢᠭᠳᠡ ᠤᠷᠤᠭᠤᠯᠵᠤ᠂ ᠭᠠᠵᠠᠷ ᠢ ᠳᠡᠭᠰᠢ | ᠪᠠᠶᠢᠯᠭᠠᠬᠤ ᠪᠡᠷᠢᠮᠵᠢᠶ᠎ᠡ ᠳᠤ ᠬᠦᠷᠬᠡᠨ᠎ᠡ᠃ | ᠬᠤᠶᠠᠷ᠂ ᠰᠠᠶᠢᠨ ᠡᠬᠦᠯᠳᠡᠷ ᠢ ᠰᠤᠩᠭᠤᠵᠤ ᠬᠡᠷᠡᠭᠯᠡᠬᠦ᠃ ᠤᠯᠤᠰ᠂ ᠦᠪᠡᠷᠳᠡᠬᠡᠨ ᠵᠠᠰᠠᠬᠤ ᠤᠷᠤᠨ ᠤ ᠬᠢᠨᠠᠨ | ᠳᠤᠭᠳᠠᠭᠠᠭᠰᠡᠨ ᠪᠤᠶᠤ ᠤᠷᠳᠤᠰ ᠬᠤᠳᠠ ᠶᠢᠨ ᠤᠷᠤᠭᠤᠯᠤᠨ ᠳᠠᠩᠰᠠᠯᠠᠭᠰᠡᠨ ᠲᠦᠷᠤᠯ ᠡᠬᠦᠯᠳᠡᠷ ᠢ ᠰᠤᠩᠭᠤᠨ᠎ᠠ᠃ | ᠦᠰᠤᠯᠳᠠ ᠶᠢᠨ ᠬᠤᠭᠤᠴᠠᠭ᠎ᠠ ᠨᠢ ᠳᠤᠬᠢᠷᠠᠮᠵᠢᠳᠠᠢ᠂ ᠰᠤᠶᠤᠭᠠᠯᠠᠯ ᠨᠢ ᠵᠢᠭᠳᠡ᠂ ᠨᠢᠭᠳᠠ ᠳᠠᠷᠢᠬᠤ ᠳᠤ ᠳᠤᠬᠢᠳᠠᠢ᠂ | ᠮᠠᠰᠢᠨᠴᠢᠯᠠᠯᠳᠠ ᠪᠠᠷ ᠬᠤᠷᠢᠶᠠᠬᠤ ᠳᠤ ᠳᠤᠬᠢᠷᠠᠮᠵᠢᠳᠠᠢ ᠦᠨᠳᠤᠷ ᠤᠨᠠᠯᠳᠠ ᠲᠠᠢ ᠡᠷᠳᠡᠨᠢ ᠰᠢᠰᠢ ᠶᠢᠨ ᠲᠦᠷᠤᠯ | ᠡᠬᠦᠯᠳᠡᠷ ᠪᠤᠶᠤ ᠳᠠᠷᠤᠰᠢᠭᠤᠯᠬᠤ ᠡᠷᠳᠡᠨᠢ ᠰᠢᠰᠢ ᠶᠢᠨ ᠲᠦᠷᠤᠯ ᠡᠬᠦᠯᠳᠡᠷ ᠢ ᠰᠤᠩᠭᠤᠨ᠎ᠠ᠃ ᠳᠤᠮᠳᠠ ᠵᠡᠷᠬᠡ ᠶᠢᠨ | ᠪᠤᠯᠪᠠᠰᠤᠷᠠᠯᠳᠠ ᠨᠢ ᠡᠷᠳᠠ ︵115 — 120 ᠡᠳᠤᠷ︶᠂ ᠳᠡᠳ᠋ ᠬᠢᠵᠠᠭᠠᠷ ᠲᠠᠢ ᠪᠤᠶᠤ ᠬᠢᠵᠠᠭᠠᠷ ᠲᠠᠢ | ᠬᠤᠩᠭᠤᠷᠴᠠᠭᠯᠠᠬᠤ᠂ ᠰᠡᠬᠦᠳᠡᠷ ᠲᠤ ᠳᠠᠭᠠᠭᠠᠴᠠ ᠲᠠᠢ ᠠᠮᠠᠷᠬᠠᠨ ᠬᠤᠭᠤᠷᠠᠬᠤ ᠦᠬᠡᠢ᠂ ᠮᠠᠰᠢᠨ ᠢᠶᠠᠷ ᠬᠤᠷᠢᠶᠠᠬᠤ | ᠳᠤ ᠲᠦᠬᠦᠮ ᠦᠨᠳᠤᠷ ᠤᠨᠠᠯᠳᠠ ᠲᠠᠢ ᠰᠢᠷ᠎ᠠ ᠪᠤᠷᠴᠠᠭ ᠤᠨ ᠲᠦᠷᠤᠯ ᠡᠬᠦᠯᠳᠡᠷ᠂ ᠵᠢᠱᠢᠶᠡᠯᠡᠪᠡᠯ᠄ ᠵᠦᠩ ᠬᠤᠸᠠᠩ | 30᠂ ᠵᠦᠩ ᠬᠤᠸᠠᠩ 318᠂ ᠵᠦᠩ ᠬᠤᠸᠠᠩ 322᠂ ᠵᠢᠢ ᠢᠦᠢ 441᠂ ᠵᠦᠩ ᠬᠤᠸᠠᠩ 35᠂ ᠴᠠᠩ | ᠨᠥᠩ 30᠂ ᡂᠢ ᠳ᠋ᠧᠦ 5᠂ ᠾᠧ ᠨᠥᠩ 71᠂ ᠮᠧᠩ ᠺᠧ ᠳ᠋ᠧᠦ 12 ᠨᠤᠮᠧᠷᠳᠤ᠂ ᠮᠧᠩ ᠳ᠋ᠧᠦ 15᠂ ᠾᠧ | ᠨᠥᠩ 75᠂ ᠾᠧ ᠹᠧᠩ 50᠂ ᠾᠧ ᠨᠥᠩ 85 ᠵᠡᠷᠬᠡ ᠳᠤᠮᠳᠠ ᠤᠷᠤᠢ ᠪᠤᠯᠪᠠᠰᠤᠷᠠᠬᠤ ᠲᠦᠷᠤᠯ ᠡᠬᠦᠯᠳᠡᠷ ᠢ | ᠰᠤᠩᠭᠤᠵᠤ᠂ ᠨᠤᠭᠤᠭᠠᠨ ᠳᠠᠷᠤᠰᠢ ᠳᠤ ᠳᠡᠵᠢᠬᠡᠯ ᠪᠤᠷᠳᠤᠭᠠᠨ ᠤ ᠲᠦᠷᠤᠯ ᠡᠬᠦᠯᠳᠡᠷ ᠢ ᠰᠤᠩᠭᠤᠨ᠎ᠠ᠃ ᠳᠡᠬᠡᠷᠡᠬᠢ | ᠪᠤᠯ ᠵᠦᠪᠬᠡᠨ ᠰᠠᠨᠠᠭᠤᠯᠭ᠎ᠠ ᠶᠢᠨ ᠲᠦᠷᠤᠯ ᠡᠬᠦᠯᠳᠡᠷ ᠪᠤᠯᠤᠨ᠎ᠠ᠂ ᠡᠯ᠎ᠡ ᠪᠠᠯᠭᠠᠰᠤ ᠰᠤᠩᠭᠤᠨ ᠳᠠᠷᠢᠬᠤ ᠵᠠᠷᠴᠢᠮ ᠵᠢᠴᠢ | ᠭᠠᠵᠠᠷ ᠤᠷᠤᠨ ᠤ ᠠᠮᠢ ᠠᠬᠤᠢ ᠶᠢᠨ ᠲᠦᠷᠤᠯ ᠢᠯᠭᠠᠯ᠂ ᠬᠤᠷᠠᠮᠠᠯ ᠳᠤᠯᠠᠭᠠᠨ ᠤ ᠬᠡᠮᠵᠢᠶ᠎ᠡ ᠵᠡᠷᠬᠡ ᠪᠤᠳᠠᠳᠤ | ᠨᠦᠬᠦᠴᠡᠯ ᠢᠶᠠᠨ ᠦᠨᠳᠤᠰᠤᠯᠡᠨ ᠳᠤᠬᠢᠷᠠᠮᠵᠢᠳᠠᠢ ᠲᠦᠷᠤᠯ ᠡᠬᠦᠯᠳᠡᠷ ᠢᠶᠠᠨ ᠰᠤᠩᠭᠤᠵᠤ᠂ ᠤᠷᠤᠨ ᠠᠯᠤᠰᠯᠠᠨ ᠳᠠᠷᠢᠬᠤ | ᠶᠢ ᠡᠷᠡᠰ ᠴᠠᠭᠠᠵᠠᠯᠠᠨ᠎ᠠ᠃ | ᠭᠤᠷᠪᠠ᠂ ᠪᠦᠰᠡᠯᠢᠭ ᠬᠡᠯᠪᠡᠷᠢ ᠶᠢ ᠰᠤᠩᠭᠤᠬᠤ᠃ ᠨᠠᠶᠢᠯᠡᠮᠡᠯ ᠳᠠᠷᠢᠯᠳᠠ ᠶᠢᠨ ᠡᠷᠳᠡᠨᠢ ᠰᠢᠰᠢ ᠶᠢᠨ ᠵᠠᠬ᠎ᠠ | ᠬᠦᠪᠡᠭᠡ ᠶᠢᠨ ᠳᠠᠪᠠᠭᠤᠯᠢᠭ ᠢ ᠬᠠᠮᠤᠭ ᠶᠡᠭᠡ ᠬᠡᠮᠵᠢᠶ᠎ᠡ ᠪᠠᠷ ᠪᠠᠳᠠᠷᠠᠭᠤᠯᠬᠤ ᠮᠡᠷᠬᠡᠵᠢᠯ ᠤᠨ ᠱᠠᠭᠠᠷᠳᠠᠯᠭ᠎ᠠ ᠶᠤᠰᠤᠭᠠᠷ᠂ | ᠠᠮᠢ ᠠᠬᠤᠢ ᠶᠢᠨ ᠨᠦᠬᠦᠴᠡᠯ᠂ ᠲᠦᠷᠤᠯ ᠡᠬᠦᠯᠳᠡᠷ ᠤᠨ ᠦᠪᠡᠷᠮᠢᠴᠠ ᠤᠨᠴᠠᠯᠢᠭ᠂ ᠤᠷᠤᠭᠤᠯᠤᠯᠳᠠ ᠶᠢᠨ ᠲᠦᠪᠰᠢᠨ | ᠵᠢᠴᠢ ᠭᠠᠵᠠᠷ ᠤᠨ ᠬᠦᠴᠤ ᠵᠡᠷᠬᠡ ᠶᠡᠷᠤᠩᠬᠡᠢ ᠡᠯᠧᠮᠧᠨ᠋ᠲ ᠶᠢ ᠵᠡᠷᠬᠡ ᠪᠠᠷ ᠴᠢᠬᠤᠯᠠᠴᠢᠯᠠᠨ᠂ ᠰᠢᠷ᠎ᠠ ᠪᠤᠷᠴᠠᠭ ᠡᠷᠳᠡᠨᠢ | ᠰᠢᠰᠢ ᠶᠢᠨ 4+4᠂ 2+4 ᠪᠦᠰᠡᠯᠢᠭ ᠬᠡᠯᠪᠡᠷᠢ ᠶᠢ ᠭᠤᠤᠯᠳᠠᠯᠭ᠎ᠠ ᠲᠠᠢ ᠳᠡᠯᠬᠡᠷᠡᠬᠦᠯᠤᠨᠠ᠃ | 4+4 ᠪᠦᠰᠡᠯᠢᠭ ᠬᠡᠯᠪᠡᠷᠢ ᠶᠢᠨ ᠵᠠᠭᠪᠤᠷ᠄ ᠰᠢᠷ᠎ᠠ ᠪᠤᠷᠴᠠᠭ ᠢ 30 ᠰᠠᠨᠲ᠋ᠢᠮᠧᠲᠷ ᠤᠨ ᠵᠠᠢ ᠲᠠᠢ ᠳᠡᠩᠴᠡᠬᠦᠤ | ᠪᠠᠷ ᠳᠠᠷᠢᠨ᠎ᠠ᠃ ᠡᠷᠳᠡᠨᠢ ᠰᠢᠰᠢ ᠶᠢ ᠦᠷᠬᠡᠨ ᠨᠠᠷᠢᠨ ᠮᠦᠷ ᠢᠶᠠᠷ ᠳᠠᠷᠢᠵᠤ᠂ ᠳᠤᠮᠳᠠᠬᠢ ᠬᠤᠶᠠᠷ ᠮᠦᠷ ᠤᠨ ᠵᠠᠢ ᠨᠢ | 60 ᠰᠠᠨᠲ᠋ᠢᠮᠧᠲᠷ᠂ ᠵᠡᠬᠦᠨ ᠪᠠᠷᠠᠭᠤᠨ ᠬᠤᠶᠠᠷ ᠳᠠᠯ᠎ᠠ ᠶᠢᠨ ᠵᠠᠢ ᠨᠢ 40 ᠰᠠᠨᠲ᠋ᠢᠮᠧᠲᠷ᠂ ᠰᠢᠷ᠎ᠠ ᠪᠤᠷᠴᠠᠭ ᠪᠠ ᠡᠷᠳᠡᠨᠢ | ᠰᠢᠰᠢ ᠶᠢᠨ ᠵᠠᠢ ᠨᠢ 60 ᠰᠠᠨᠲ᠋ᠢᠮᠧᠲᠷ᠃ ᠰᠢᠷ᠎ᠠ ᠪᠤᠷᠴᠠᠭ ᠤᠨ ᠬᠤᠭᠤᠷᠤᠨᠳᠤᠬᠢ ᠵᠠᠢ ᠨᠢ 16 — 18 | ᠰᠠᠨᠲ᠋ᠢᠮᠧᠲᠷ᠂ ᠰᠠᠭᠤᠷᠢ ᠪᠦᠷᠢ ᠳᠤ 2 — 3 ᠴᠢᠬᠢ ᠳᠠᠷᠢᠨ᠎ᠠ︔ ᠡᠷᠳᠡᠨᠢ ᠰᠢᠰᠢ ᠶᠢᠨ ᠰᠠᠭᠤᠷᠢ ᠶᠢᠨ ᠵᠠᠢ ᠨᠢ | 12 — 14 ᠰᠠᠨᠲ᠋ᠢᠮᠧᠲᠷ᠃ ᠰᠢᠷ᠎ᠠ ᠪᠤᠷᠴᠠᠭ ᠤᠨ ᠳᠤᠮᠳᠠᠴᠢ ᠨᠢᠭᠳᠠᠴᠠ ᠨᠢ 11000 ᠰᠠᠭᠤᠷᠢ/ ᠮᠤ᠋ ᠠᠴᠠ | ᠳᠤᠤᠷ᠎ᠠ ᠪᠠᠶᠢᠵᠤ ᠪᠤᠯᠬᠤ ᠦᠬᠡᠢ᠂ ᠡᠷᠳᠡᠨᠢ ᠰᠢᠰᠢ ᠶᠢᠨ ᠳᠤᠮᠳᠠᠴᠢ ᠨᠢᠭᠳᠠᠴᠠ ᠶᠢ 5400 — 6300 | ᠰᠠᠭᠤᠷᠢ/ ᠮᠤ᠋ ︵ᠳᠤᠰ ᠨᠢᠭᠳᠠᠴᠠ ᠪᠤᠯ ᠬᠤᠶᠠᠷ ᠵᠦᠢᠯ ᠤᠨ ᠨᠠᠶᠢᠯᠡᠮᠡᠯ ᠳᠠᠷᠢᠯᠳᠠ ᠶᠢᠨ 1 ᠮᠤ᠋ ᠭᠠᠵᠠᠷ ᠳᠡᠬᠡᠷᠡᠬᠢ | ᠰᠠᠭᠤᠷᠢ ᠶᠢᠨ ᠳᠤᠭ᠎ᠠ ᠪᠤᠯᠤᠨ᠎ᠠ᠂ ᠭᠠᠭᠴᠠ ᠭᠠᠭᠴᠠ ᠪᠠᠷ ᠳᠠᠷᠢᠬᠤ ᠨᠢᠭᠳᠠᠴᠠ ᠪᠢᠰᠢ︶ ᠪᠠᠶᠢᠯᠭᠠᠨ᠎ᠠ᠃ | 2+4 ᠪᠦᠰᠡᠯᠢᠭ ᠬᠡᠯᠪᠡᠷᠢ ᠶᠢᠨ ᠵᠠᠭᠪᠤᠷ᠄ ᠰᠢᠷ᠎ᠠ ᠪᠤᠷᠴᠠᠭ ᠢ 30 ᠰᠠᠨᠲ᠋ᠢᠮᠧᠲᠷ ᠤᠨ ᠵᠠᠢ ᠲᠠᠢ ᠳᠡᠩᠴᠡᠬᠦᠤ | ᠪᠠᠷ ᠳᠠᠷᠢᠨ᠎ᠠ᠃ ᠡᠷᠳᠡᠨᠢ ᠰᠢᠰᠢ ᠶᠢ ᠦᠷᠬᠡᠨ ᠨᠠᠷᠢᠨ ᠮᠦᠷ ᠢᠶᠠᠷ ᠳᠠᠷᠢᠵᠤ᠂ ᠳᠤᠮᠳᠠᠬᠢ ᠬᠤᠶᠠᠷ ᠮᠦᠷ ᠤᠨ ᠵᠠᠢ ᠨᠢ | 60 ᠰᠠᠨᠲ᠋ᠢᠮᠧᠲᠷ᠂ ᠵᠡᠬᠦᠨ ᠪᠠᠷᠠᠭᠤᠨ ᠬᠤᠶᠠᠷ ᠳᠠᠯ᠎ᠠ ᠶᠢᠨ ᠵᠠᠢ ᠨᠢ 40 ᠰᠠᠨᠲ᠋ᠢᠮᠧᠲᠷ᠂ ᠰᠢᠷ᠎ᠠ ᠪᠤᠷᠴᠠᠭ ᠪᠠ ᠡᠷᠳᠡᠨᠢ | ᠰᠢᠰᠢ ᠶᠢᠨ ᠵᠠᠢ ᠨᠢ 60 ᠰᠠᠨᠲ᠋ᠢᠮᠧᠲᠷ᠃ ᠰᠢᠷ᠎ᠠ ᠪᠤᠷᠴᠠᠭ ᠤᠨ ᠬᠤᠭᠤᠷᠤᠨᠳᠤᠬᠢ ᠵᠠᠢ ᠨᠢ 16 ᠰᠠᠨᠲ᠋ᠢᠮᠧᠲᠷ᠂ | ᠰᠠᠭᠤᠷᠢ ᠪᠦᠷᠢ ᠳᠤ 2 — 3 ᠴᠢᠬᠢ ᠳᠠᠷᠢᠨ᠎ᠠ︔ ᠡᠷᠳᠡᠨᠢ ᠰᠢᠰᠢ ᠶᠢᠨ ᠰᠠᠭᠤᠷᠢ ᠶᠢᠨ ᠵᠠᠢ ᠨᠢ 14 | ᠰᠠᠨᠲ᠋ᠢᠮᠧᠲᠷ᠃ ᠰᠢᠷ᠎ᠠ ᠪᠤᠷᠴᠠᠭ ᠤᠨ ᠳᠤᠮᠳᠠᠴᠢ ᠨᠢᠭᠳᠠᠴᠠ ᠶᠢ 7200 ᠰᠠᠭᠤᠷᠢ/ ᠮᠤ᠋ ᠠᠴᠠ ᠳᠤᠤᠷ᠎ᠠ | ᠪᠠᠶᠢᠯᠭᠠᠵᠤ ᠪᠤᠯᠬᠤ ᠦᠬᠡᠢ᠂ ᠡᠷᠳᠡᠨᠢ ᠰᠢᠰᠢ ᠶᠢᠨ ᠳᠤᠮᠳᠠᠴᠢ ᠨᠢᠭᠳᠠᠴᠠ ᠶᠢ 6500 ᠰᠠᠭᠤᠷᠢ/ ᠮᠤ᠋ ︵ᠳᠤᠰ | ᠨᠢᠭᠳᠠᠴᠠ ᠪᠤᠯ ᠬᠤᠶᠠᠷ ᠵᠦᠢᠯ ᠤᠨ ᠨᠠᠶᠢᠯᠡᠮᠡᠯ ᠳᠠᠷᠢᠯᠳᠠ ᠶᠢᠨ 1 ᠮᠤ᠋ ᠭᠠᠵᠠᠷ ᠳᠡᠬᠡᠷᠡᠬᠢ ᠰᠠᠭᠤᠷᠢ ᠶᠢᠨ ᠳᠤᠭ᠎ᠠ | ᠪᠤᠯᠤᠨ᠎ᠠ᠂ ᠭᠠᠭᠴᠠ ᠭᠠᠭᠴᠠ ᠪᠠᠷ ᠳᠠᠷᠢᠬᠤ ᠨᠢᠭᠳᠠᠴᠠ ᠪᠢᠰᠢ︶ ᠪᠠᠶᠢᠯᠭᠠᠨ᠎ᠠ᠃ | ᠲᠦᠷᠪᠡ᠂ ᠳᠤᠬᠢᠷᠠᠮᠵᠢᠳᠠᠢ ᠬᠤᠭᠤᠴᠠᠭᠠᠨ ᠳᠤ ᠳᠠᠷᠢᠬᠤ᠃ 5 — 10 ᠰᠠᠨᠲ᠋ᠢᠮᠧᠲᠷ ᠤᠨ ᠬᠦᠷᠤᠰᠤᠨ | ᠳᠠᠪᠬᠤᠷᠭ᠎ᠠ ᠶᠢᠨ ᠳᠤᠯᠠᠭᠠᠨ ᠤ ᠬᠡᠮᠵᠢᠶ᠎ᠡ 8 — 10 ᠭᠷᠠᠳᠦ᠋ᠰ᠂ ᠬᠦᠷᠤᠰᠤᠨ ᠤ ᠤᠰᠤᠨ ᠠᠭᠤᠯᠤᠭᠳᠠᠴᠠ ︵ | ᠴᠢᠨᠠᠷ ᠤᠨ ᠤᠰᠤᠨ ᠠᠭᠤᠯᠤᠭᠳᠠᠴᠠ︶ 20% ᠤᠷᠴᠢᠮ ᠪᠤᠯᠬᠤ ᠳᠤ ᠡᠷᠳᠡᠨᠢ ᠰᠢᠰᠢ᠂ ᠰᠢᠷ᠎ᠠ ᠪᠤᠷᠴᠠᠭ ᠳᠠᠷᠢᠬᠤ | ᠳᠤ ᠳᠤᠬᠢᠷᠠᠮᠵᠢᠳᠠᠢ᠂ ᠤᠳᠤᠭ ᠤᠨ ᠡᠮᠤᠨᠡᠳᠤ ᠬᠤᠰᠢᠭᠤᠨ ᠤ ᠭᠠᠵᠠᠷ ᠤᠷᠤᠨ ᠳᠤ 4 ᠳ᠋ᠤᠭᠠᠷ ᠰᠠᠷ᠎ᠠ ᠶᠢᠨ ᠰᠡᠬᠦᠯᠴᠢ | ᠠᠴᠠ 5 ᠳ᠋ᠤᠭᠠᠷ ᠰᠠᠷ᠎ᠠ ᠶᠢᠨ ᠡᠬᠢᠨ ᠢᠶᠠᠷ ᠳᠠᠷᠢᠬᠤ ᠶᠢ ᠰᠠᠨᠠᠭᠠᠴᠢᠯᠠᠵᠤ᠂ ᠡᠴᠤᠰ ᠤᠨ ᠬᠢᠷᠠᠭᠤ ᠠᠴᠠ ᠵᠠᠶᠢᠯᠠᠭᠰᠡᠨ ᠤ | ᠳᠠᠷᠠᠭ᠎ᠠ᠂ ᠨᠢᠭᠳᠠ ᠳᠠᠷᠢᠵᠤ ᠬᠤᠪᠢᠶᠠᠨ ᠡᠵᠡᠮᠳᠡᠵᠤ ᠪᠤᠷᠳᠤᠭᠤᠷ ᠤᠷᠤᠭᠤᠯᠤᠨ ᠳᠠᠷᠢᠬᠤ ᠮᠠᠰᠢᠨ ᠢᠶᠠᠷ ᠡᠷᠳᠡᠨᠢ ᠰᠢᠰᠢ | ᠰᠢᠷ᠎ᠠ ᠪᠤᠷᠴᠠᠭ ᠢ ᠵᠡᠷᠬᠡᠪᠡᠷ ᠳᠠᠷᠢᠵᠤ᠂ ᠳᠠᠷᠢᠯᠳᠠ ᠶᠢᠨ ᠬᠦᠨᠴᠠ ᠶᠢ ᠡᠷᠳᠡᠨᠢ ᠰᠢᠰᠢ 4 — 5 ᠰᠠᠨᠲ᠋ᠢᠮᠧᠲᠷ᠂ | ᠰᠢᠷ᠎ᠠ ᠪᠤᠷᠴᠠᠭ 3 — 4 ᠰᠠᠨᠲ᠋ᠢᠮᠧᠲᠷ ᠪᠠᠶᠢᠯᠭᠠᠨ᠎ᠠ᠃ ᠠᠯᠢ ᠴᠢᠳᠠᠬᠤ ᠪᠠᠷ ᠰᠢᠷ᠎ᠠ ᠪᠤᠷᠴᠠᠭ ᠪᠠ ᠡᠷᠳᠡᠨᠢ ᠰᠢᠰᠢ | ᠶᠢ ᠵᠡᠷᠬᠡᠪᠡᠷ ᠳᠠᠷᠢᠨ᠎ᠠ᠂ ᠬᠡᠷᠪᠡ ᠡᠴᠤᠰ ᠤᠨ ᠬᠢᠷᠠᠭᠤ ᠬᠡᠳᠤᠷᠬᠡᠢ ᠤᠷᠤᠢ ᠠᠴᠠ ᠪᠤᠯᠵᠤ ᠵᠡᠷᠬᠡᠪᠡᠷ ᠳᠠᠷᠢᠵᠤ ᠳᠠᠶᠢᠯᠬᠦ | ᠦᠬᠡᠢ ᠪᠤᠯ᠂ ᠤᠷᠢᠳᠠᠪᠠᠷ ᠡᠷᠳᠡᠨᠢ ᠰᠢᠰᠢ ᠶᠢ ᠳᠠᠷᠢᠵᠤ᠂ ᠡᠴᠤᠰ ᠤᠨ ᠬᠢᠷᠠᠭᠤ ᠦᠩᠬᠡᠷᠡᠭᠰᠡᠨ ᠤ ᠳᠠᠷᠠᠭ᠎ᠠ ᠰᠢᠷ᠎ᠠ | ᠪᠤᠷᠴᠠᠭ ᠢᠶᠠᠨ ᠳᠠᠷᠢᠨ᠎ᠠ᠃ ᠡᠷᠳᠡᠨᠢ ᠰᠢᠰᠢ ᠶᠢ ᠳᠠᠷᠢᠬᠤ ᠦᠶᠡᠰ ᠬᠤᠭᠤᠷᠤᠨᠳᠤᠬᠢ ᠵᠡᠢ ᠶᠢ ᠨᠢ ᠰᠠᠶᠢᠳᠤᠷ ᠡᠵᠡᠮᠳᠡᠵᠤ᠂ | ᠰᠢᠷ᠎ᠠ ᠪᠤᠷᠴᠠᠭ ᠳᠠᠷᠢᠬᠤ ᠳᠤ ᠬᠦᠢᠴᠡᠤᠨ ᠤᠷᠤᠨ ᠵᠠᠢ ᠦᠯᠡᠳᠡᠬᠡᠨ᠂ ᠬᠠᠮᠤᠭ ᠰᠠᠶᠢᠨ ᠨᠢ GPS ᠪᠤᠶᠤ ᠳᠤᠬᠢᠭᠤᠷ | ᠳᠤᠯᠤᠭ᠎ᠠ ᠵᠠᠮᠴᠢᠯᠠᠬᠤ ᠰᠢᠰᠲ᠋ᠧᠮ ᠲᠠᠢ ᠳᠠᠷᠢᠬᠤ ᠮᠠᠰᠢᠨ ᠢᠶᠠᠷ ᠳᠠᠷᠢᠪᠠᠯ ᠳᠠᠷᠢᠯᠳᠠ ᠶᠢᠨ ᠶᠠᠰᠤ ᠴᠢᠨᠠᠷ ᠢ | ᠳᠡᠬᠡᠭᠰᠢᠯᠡᠬᠦᠯᠬᠦ ᠳᠤ ᠠᠰᠢᠭᠳᠠᠢ ᠶᠤᠮ᠃ | ᠳᠠᠪᠤ᠂ ᠬᠢᠮᠢ ᠶᠢᠨ ᠠᠷᠭ᠎ᠠ ᠪᠠᠷ ᠡᠪᠡᠰᠤ ᠠᠷᠢᠯᠭᠠᠬᠤ᠃ ᠳᠠᠷᠢᠭᠰᠡᠨ ᠤ ᠳᠠᠷᠠᠭ᠎ᠠ ᠨᠠᠬᠢᠶᠠᠯᠠᠬᠤ ᠠᠴᠠ ᠡᠮᠤᠨ᠎ᠡ | 96% ᠶᠢᠨ ᠨᠠᠷᠢᠯᠢᠭ ᠢᠽᠤᠫᠷᠤᠫᠢᠯ ᠮᠧᠲ᠋ᠢᠯ ᠤᠺᠰᠠᠮ ᠠᠮᠢᠨ ︵ᠵᠢᠨᠳᠤᠤᠷ︶ ᠢ 80 — 100 ᠮᠢᠯᠢᠯᠢᠲᠷ/ | ᠮᠤ᠋ ᠬᠡᠷᠡᠭᠯᠡᠵᠤ᠂ ᠬᠡᠷᠪᠡ ᠠᠷᠪᠠᠨ ᠲᠢᠤᠹᠧᠨ ᠬᠦᠬᠦᠷᠡᠨᠢᠯ ᠵᠡᠷᠬᠡ ᠡᠮ ᠢᠶᠠᠷ ᠬᠦᠷᠤᠰᠤ ᠶᠢ ᠪᠢᠳᠡᠬᠦᠮᠵᠢᠯᠡᠵᠤ | ᠰᠢᠢᠤᠨᠪᠤᠷᠢᠯᠡᠪᠡᠯ᠂ ᠪᠢᠳᠡᠬᠦᠮᠵᠢᠯᠡᠵᠤ ᠡᠪᠡᠰᠤ ᠠᠷᠢᠯᠭᠠᠬᠤ ᠳᠤ ᠪᠠᠨ ᠬᠦᠷᠤᠰᠤ ᠴᠢᠬᠢᠭᠯᠢᠭ ᠨᠦᠬᠦᠴᠡᠯ ᠳᠤᠤᠷ᠎ᠠ ᠬᠢᠬᠦ | ᠪᠦᠬᠡᠤᠨ 2 ᠡᠳᠤᠷ ᠤᠨ ᠳᠤᠳᠤᠷ᠎ᠠ ᠳᠠᠭᠤᠰᠬᠠᠵᠤ᠂ ᠡᠪᠡᠰᠤ ᠠᠷᠢᠯᠭᠠᠬᠤ ᠪᠦᠳᠤᠮᠵᠢ ᠶᠢ ᠪᠠᠳᠤᠯᠠᠨ᠎ᠠ᠃ | ᠪᠢᠳᠡᠬᠦᠮᠵᠢᠯᠡᠨ ᠡᠪᠡᠰᠤ ᠠᠷᠢᠯᠭᠠᠭᠰᠡᠨ ᠪᠦᠳᠤᠮᠵᠢ ᠪᠠᠷ ᠠᠨᠠᠢ ᠭᠠᠵᠠᠷ ᠲᠤ᠂ ᠴᠢᠬᠢᠯᠡᠭᠰᠡᠨ ᠤ ᠳᠠᠷᠠᠭ᠎ᠠ ᠡᠷᠳᠡᠨᠢ ᠰᠢᠰᠢ᠂ | ᠰᠢᠷ᠎ᠠ ᠪᠤᠷᠴᠠᠭ ᠤᠨ ᠡᠪᠡᠰᠤ ᠠᠷᠢᠯᠭᠠᠬᠤ ᠳᠤᠰᠬᠠᠢ ᠡᠮ ᠢ ᠴᠠᠭ ᠳᠤᠬᠠᠢ ᠳᠤ ᠨᠢ ᠬᠡᠷᠡᠭᠯᠡᠨ ᠳᠤᠭᠳᠠᠭᠰᠡᠨ ᠴᠢᠭᠯᠡᠯ | ᠢᠶᠠᠷ ᠳᠤᠰᠭᠠᠷᠯᠠᠨ ᠡᠪᠡᠰᠤ ᠠᠷᠢᠯᠭᠠᠵᠤ᠂ ᠡᠪᠡᠰᠤ ᠠᠷᠢᠯᠭᠠᠬᠤ ᠬᠤᠭᠤᠴᠠᠭ᠎ᠠ ᠶᠢ ᠡᠷᠳᠡᠨᠢ ᠰᠢᠰᠢ ᠶᠢ ᠶᠡᠷᠤ ᠳᠤ ᠪᠠᠨ | 3 — 5 ᠨᠠᠪᠴᠢ ᠶᠢᠨ ᠬᠤᠭᠤᠴᠠᠭ᠎ᠠ᠂ ᠬᠤᠭ ᠡᠪᠡᠰᠤ ᠶᠢ 2 — 3 ᠨᠠᠪᠴᠢ ᠶᠢᠨ ᠬᠤᠭᠤᠴᠠᠭ᠎ᠠ᠂ ᠰᠢᠷ᠎ᠠ | ᠪᠤᠷᠴᠠᠭ ᠢ 2 — 3 ᠨᠠᠶᠢᠯᠡᠮᠡᠯ ᠨᠠᠪᠴᠢ ᠶᠢᠨ ᠬᠤᠭᠤᠴᠠᠭ᠎ᠠ᠂ ᠬᠤᠭ ᠡᠪᠡᠰᠤ ᠶᠢ 3 — 4 ᠨᠠᠪᠴᠢ ᠶᠢᠨ | ᠬᠤᠭᠤᠴᠠᠭ᠎ᠠ ᠳᠤ ᠡᠪᠡᠰᠤ ᠠᠷᠢᠯᠭᠠᠬᠤ ᠶᠢ ᠠᠩᠬᠠᠷᠤᠨ᠎ᠠ᠃ | ᠵᠢᠷᠭᠤᠭ᠎ᠠ᠂ ᠪᠤᠷᠳᠤᠭᠤᠷ ᠢ ᠳᠤᠬᠢᠷᠠᠭᠤᠯᠤᠨ ᠤᠷᠭᠤᠴᠠ ᠶᠢ ᠬᠢᠵᠠᠭᠠᠷᠯᠠᠨ᠎ᠠ᠃ ᠡᠷᠳᠡᠨᠢ ᠰᠢᠰᠢ ᠶᠢ ᠳᠤᠬᠠᠢ ᠶᠢᠨ | ᠭᠠᠵᠠᠷ ᠤᠨ ᠴᠡᠪᠡᠷ ᠡᠷᠳᠡᠨᠢ ᠰᠢᠰᠢ ᠶᠢᠨ ᠳᠠᠷᠢᠯᠳᠠ ᠶᠢᠨ ᠪᠤᠷᠳᠤᠭᠤᠷ ᠤᠷᠤᠭᠤᠯᠬᠤ ᠪᠠᠷᠢᠮᠵᠢᠶ᠎ᠠ ᠪᠠᠷ ᠪᠤᠷᠳᠤᠭᠤᠷ | ᠤᠷᠤᠭᠤᠯᠵᠤ᠂ ᠤᠨᠠᠯᠳᠠ ᠶᠢᠨ ᠬᠡᠮᠵᠢᠶ᠎ᠡ ᠨᠢ 800 ᠺᠢᠯᠦᠭᠷᠠᠮ/ ᠮᠤ᠋ ᠠᠴᠠ ᠳᠡᠬᠡᠭᠰᠢᠬᠢ ᠭᠠᠵᠠᠷ ᠲᠤ᠂ ᠪᠦᠬᠦᠶᠢᠯᠡ | ᠤᠷᠭᠤᠯᠳᠠ ᠶᠢᠨ ᠬᠤᠭᠤᠴᠠᠭ᠎ᠠ ᠳᠤ ᠴᠡᠪᠡᠷ ᠠᠽᠤᠲ ︵N︶ 15 — 18 ᠺᠢᠯᠦᠭᠷᠠᠮ/ ᠮᠤ᠋᠂ ᠹᠤᠰᠹᠤᠷ 10 | — 11 ᠺᠢᠯᠦᠭᠷᠠᠮ/ ᠮᠤ᠋᠂ ᠺᠠᠯᠢ 6 — 7 ᠺᠢᠯᠦᠭᠷᠠᠮ/ ᠮᠤ᠋ ᠬᠡᠷᠡᠭᠯᠡᠵᠤ᠂ ᠤᠨᠠᠯᠳᠠ ᠶᠢᠨ ᠬᠡᠮᠵᠢᠶ᠎ᠡ ᠨᠢ | 800 ᠺᠢᠯᠦᠭᠷᠠᠮ/ ᠮᠤ᠋ ᠠᠴᠠ ᠳᠤᠷᠤᠭᠰᠢ ᠭᠠᠵᠠᠷ ᠲᠤ ᠪᠠᠶᠢᠳᠠᠯ ᠢᠶᠠᠨ ᠦᠵᠡᠨ ᠬᠡᠮᠵᠢᠶ᠎ᠡ ᠶᠢ ᠨᠢ ᠪᠠᠭᠠᠰᠬᠠᠨ | ᠪᠤᠷᠳᠤᠭᠤᠷ ᠤᠷᠤᠭᠤᠯᠬᠤ ᠶᠢ ᠰᠠᠨᠠᠭᠠᠴᠢᠯᠠᠨ᠎ᠠ᠃ ᠠᠽᠤᠲ ᠪᠤᠷᠳᠤᠭᠤᠷ ᠤᠨ 40%᠂ ᠹᠤᠰᠹᠤᠷ ᠪᠤᠷᠳᠤᠭᠤᠷ᠂ ᠺᠠᠯᠢ | ᠪᠤᠷᠳᠤᠭᠤᠷ ᠢ ᠪᠦᠷ ᠳᠠᠷᠢᠬᠤ ᠦᠶ᠎ᠡ ᠳᠤ ᠬᠡᠷᠡᠭᠯᠡᠨ᠎ᠡ︔ ᠦᠯᠡᠳᠡᠭᠰᠡᠨ 60% ᠶᠢᠨ ᠠᠽᠤᠲ ᠪᠤᠷᠳᠤᠭᠤᠷ ᠢ | 3᠄ 6᠄1 ᠶᠢᠨ ᠬᠠᠷᠢᠴᠠᠯ ᠢᠶᠠᠷ ᠦᠶᠡᠯᠡᠬᠦ ᠬᠤᠭᠤᠴᠠᠭ᠎ᠠ᠂ ᠳᠡᠯᠬᠡᠷᠡᠬᠦ ᠬᠤᠭᠤᠴᠠᠭ᠎ᠠ ᠪᠠ ᠡᠬᠡᠳᠡᠭ ᠤᠨ ᠳᠤᠮᠳᠠ | ᠬᠤᠭᠤᠴᠠᠭ᠎ᠠ ᠳᠤ ᠳᠤᠰᠤᠯᠭᠠᠨ ᠤᠰᠤᠯᠠᠯᠳᠠ ᠪᠠᠷ ᠨᠡᠮᠡᠵᠤ ᠤᠷᠤᠭᠤᠯᠤᠨ᠎ᠠ᠃ ᠰᠢᠷ᠎ᠠ ᠪᠤᠷᠴᠠᠭ ᠢ ᠮᠤ᠋ ᠪᠦᠷᠢ ᠳᠤ | 100 ᠺᠢᠯᠦᠭᠷᠠᠮ ᠤᠨ ᠤᠨᠠᠯᠳᠠ ᠶᠢᠨ ᠲᠦᠪᠰᠢᠨ ᠢᠶᠠᠷ ᠴᠡᠪᠡᠷ ᠠᠽᠤᠲ ᠢ 2.0 — 2.5 ᠺᠢᠯᠦᠭᠷᠠᠮ/ ᠮᠤ᠋᠂ | ᠹᠤᠰᠹᠤᠷ ᠢ 2.0 — 2.5 ᠺᠢᠯᠦᠭᠷᠠᠮ/ ᠮᠤ᠋᠂ ᠺᠠᠯᠢ ᠶᠢ 1.0 — 1.5 ᠺᠢᠯᠦᠭᠷᠠᠮ/ ᠮᠤ᠋ ᠤᠷᠤᠭᠤᠯᠵᠤ᠂ | ᠳᠠᠷᠢᠬᠤ ᠦᠶᠡᠰ ᠦᠷ᠎ᠠ ᠶᠢᠨ ᠪᠤᠷᠳᠤᠭᠤᠷ ᠢᠶᠠᠷ ᠨᠢᠬᠡᠯᠡ ᠤᠳᠠᠭ᠎ᠠ ᠳᠤ ᠪᠦᠬᠦᠳᠠ ᠶᠢ ᠤᠷᠤᠭᠤᠯᠤᠨ᠎ᠠ᠃ ᠡᠷᠳᠡᠨᠢ | ᠰᠢᠰᠢ ᠰᠢᠷ᠎ᠠ ᠪᠤᠷᠴᠠᠭ ᠤᠨ ᠦᠪᠡᠷ ᠦᠪᠡᠷ ᠤᠨ ᠬᠢᠨᠢ ᠤᠷᠭᠤᠯᠳᠠ ᠶᠢᠨ ᠤᠨᠴᠠᠯᠢᠭ ᠢ ᠦᠨᠳᠤᠰᠤᠯᠠᠨ ᠳᠤᠰᠪᠤᠷᠢ | ᠪᠤᠷᠳᠤᠭᠤᠷ ᠤᠷᠤᠭᠤᠯᠵᠤ ᠬᠠᠮᠢᠶᠠᠷᠤᠨ᠂ ᠨᠠᠶᠢᠯᠡᠬᠦᠯᠤᠨ ᠪᠤᠷᠳᠤᠭᠤᠷ ᠤᠷᠤᠭᠤᠯᠵᠤ ᠨᠠᠶᠢᠯᠡᠬᠦᠯᠤᠨ ᠬᠠᠮᠢᠶᠠᠷᠬᠤ ᠠᠴᠠ | ᠵᠠᠶᠢᠯᠠᠰᠬᠢᠵᠤ᠂ ᠰᠢᠷ᠎ᠠ ᠪᠤᠷᠴᠠᠭ ᠲᠤ ᠪᠤᠷᠳᠤᠭᠤᠷ ᠶᠡᠭᠡ ᠬᠡᠷᠡᠭᠯᠡᠬᠦ ᠠᠴᠠ ᠪᠤᠯᠵᠤ ᠬᠡᠳᠤᠷᠬᠡᠢ ᠤᠷᠭᠤᠬᠤ ᠶᠢ | ᠰᠡᠷᠬᠡᠶᠢᠯᠡᠨ᠎ᠡ᠃ ᠡᠷᠳᠡᠨᠢ ᠰᠢᠰᠢ ᠰᠢᠷ᠎ᠠ ᠪᠤᠷᠴᠠᠭ ᠶᠢᠨ ᠯᠠᠪᠯᠠᠯᠳᠠ ᠪᠤᠯᠬᠤ ᠪᠤᠷᠳᠤᠭᠤᠷ ᠬᠡᠷᠡᠭᠯᠡᠬᠦ ᠲᠦᠰᠤᠯ ᠳᠤᠤᠷᠠᠬᠢ | ᠮᠡᠳᠤ᠃ | ᠡᠷᠳᠡᠨᠢ ᠰᠢᠰᠢ᠄ | ᠦᠷ᠎ᠠ ᠶᠢᠨ ᠪᠤᠷᠳᠤᠭᠤᠷ᠄ ᠰᠢᠮ᠎ᠠ ᠳᠡᠵᠢᠬᠡᠯ ᠤᠨ ᠬᠡᠷᠡᠭᠯᠡᠬᠦ ᠬᠡᠮᠵᠢᠶ᠎ᠠ ᠨᠢ ᠮᠤ᠋ ᠪᠦᠷᠢ ᠳᠤ ᠠᠽᠤᠲ 6 — 7. | 2 ᠺᠢᠯᠦᠭᠷᠠᠮ᠂ ᠹᠤᠰᠹᠤᠷ 10 — 11 ᠺᠢᠯᠦᠭᠷᠠᠮ᠂ ᠺᠠᠯᠢ 6— 7 ᠺᠢᠯᠦᠭᠷᠠᠮ︔ ᠪᠤᠷᠳᠤᠭᠤᠷ ᠤᠨ ᠬᠡᠷᠡᠭᠯᠡᠬᠦ | ᠬᠡᠮᠵᠢᠶ᠎ᠡ ᠨᠢ ᠮᠤ᠋ ᠪᠦᠷᠢ ᠳᠤ ᠹᠤᠰᠹᠤᠷ ᠬᠦᠴᠢᠯ ᠤᠨ ᠬᠤᠶᠠᠷᠴᠢ ᠠᠮᠮᠤᠨᠢ 35 — 40 ᠺᠢᠯᠦᠭᠷᠠᠮ᠂ ᠬᠦᠬᠦᠷ | ᠬᠦᠴᠢᠯ ᠤᠨ ᠺᠠᠯᠢ 12 — 14 ᠺᠢᠯᠦᠭᠷᠠᠮ ᠬᠡᠷᠡᠭᠯᠡᠨ᠎ᠡ | ᠨᠡᠮᠡᠯᠳᠠ ᠪᠤᠷᠳᠤᠭᠤᠷ᠄ ᠦᠶᠡᠯᠡᠬᠦ ᠬᠤᠭᠤᠴᠠᠭᠠᠨ ᠳᠤ ᠳᠤᠰᠤᠯᠭᠠᠨ ᠤᠰᠤᠯᠠᠯᠳᠠ ᠲᠠᠢ ᠤᠶᠠᠯᠳᠤᠭᠤᠯᠤᠨ | ᠨᠡᠮᠡᠯᠳᠠ ᠪᠤᠷᠳᠤᠭᠤᠷ ᠤᠷᠤᠭᠤᠯᠤᠨ᠎ᠠ᠂ ᠰᠢᠮ᠎ᠠ ᠳᠡᠵᠢᠬᠡᠯ ᠤᠨ ᠬᠡᠷᠡᠭᠯᠡᠬᠦ ᠬᠡᠮᠵᠢᠶ᠎ᠡ ᠨᠢ ᠮᠤ᠋ ᠪᠦᠷᠢ ᠳᠤ ᠠᠽᠤᠲ 2.7 | — 3.2 ᠺᠢᠯᠦᠭᠷᠠᠮ︔ ᠪᠤᠷᠳᠤᠭᠤᠷ ᠤᠨ ᠬᠡᠷᠡᠭᠯᠡᠬᠦ ᠬᠡᠮᠵᠢᠶ᠎ᠡ ᠨᠢ ᠮᠤ᠋ ᠪᠦᠷᠢ ᠳᠤ 6 — 7 ᠺᠢᠯᠦᠭᠷᠠᠮ | ᠰᠢᠬᠡᠰᠦᠯᠢᠭ ᠡᠳ᠋ ᠬᠡᠷᠡᠭᠯᠡᠨ᠎ᠡ | ᠳᠡᠯᠬᠡᠷᠡᠬᠦ ᠬᠤᠭᠤᠴᠠᠭᠠᠨ ᠳᠤ ᠳᠤᠰᠤᠯᠭᠠᠨ ᠤᠰᠤᠯᠠᠯᠳᠠ ᠲᠠᠢ ᠤᠶᠠᠯᠳᠤᠭᠤᠯᠤᠨ ᠨᠠᠮᠠᠯᠳᠠ ᠪᠤᠷᠳᠤᠭᠤᠷ | ᠤᠷᠤᠭᠤᠯᠤᠨ᠎ᠠ᠂ ᠰᠢᠮ᠎ᠠ ᠳᠡᠵᠢᠬᠡᠯ ᠤᠨ ᠬᠡᠷᠡᠭᠯᠡᠬᠦ ᠬᠡᠮᠵᠢᠶ᠎ᠡ ᠨᠢ ᠮᠤ᠋ ᠪᠦᠷᠢ ᠳᠤ ᠠᠽᠤᠲ 5.4 — 6.5 | ᠺᠢᠯᠦᠭᠷᠠᠮ︔ ᠪᠤᠷᠳᠤᠭᠤᠷ ᠤᠨ ᠬᠡᠷᠡᠭᠯᠡᠬᠦ ᠬᠡᠮᠵᠢᠶ᠎ᠡ ᠨᠢ ᠮᠤ᠋ ᠪᠦᠷᠢ ᠳᠤ ᠰᠢᠬᠡᠰᠦᠯᠢᠭ ᠡᠳ᠋ 12 — 14 ᠺᠢᠯᠦᠭᠷᠠᠮ | ᠬᠡᠷᠡᠭᠯᠡᠨ᠎ᠡ᠃ | ᠡᠬᠡᠳᠡᠭ ᠤᠨ ᠬᠤᠭᠤᠴᠠᠭᠠᠨ ᠳᠤ ᠳᠤᠰᠤᠯᠭᠠᠨ ᠤᠰᠤᠯᠠᠯᠳᠠ ᠲᠠᠢ ᠤᠶᠠᠯᠳᠤᠭᠤᠯᠤᠨ ᠪᠤᠷᠳᠤᠭᠤᠷ ᠤᠷᠤᠭᠤᠯᠤᠨ᠎ᠠ᠂ | ᠰᠢᠮ᠎ᠠ ᠳᠡᠵᠢᠬᠡᠯ ᠤᠨ ᠬᠡᠷᠡᠭᠯᠡᠬᠦ ᠬᠡᠮᠵᠢᠶ᠎ᠡ ᠨᠢ ᠮᠤ᠋ ᠪᠦᠷᠢ ᠳᠤ ᠠᠽᠤᠲ 1 ᠺᠢᠯᠦᠭᠷᠠᠮ ᠤᠷᠴᠢᠮ︔ ᠪᠤᠷᠳᠤᠭᠤᠷ ᠤᠨ | ᠬᠡᠷᠡᠭᠯᠡᠬᠦ ᠬᠡᠮᠵᠢᠶ᠎ᠡ ᠨᠢ ᠮᠤ᠋ ᠪᠦᠷᠢ ᠳᠤ ᠰᠢᠬᠡᠰᠦᠯᠢᠭ ᠡᠳ᠋ 2 ᠺᠢᠯᠦᠭᠷᠠᠮ ᠤᠷᠴᠢᠮ ᠬᠡᠷᠡᠭᠯᠡᠨ᠎ᠡ᠃ | ᠰᠢᠷ᠎ᠠ ᠪᠤᠷᠴᠠᠭ᠄ | ᠦᠷ᠎ᠠ ᠶᠢᠨ ᠪᠤᠷᠳᠤᠭᠤᠷ᠄ ᠰᠢᠮ᠎ᠠ ᠳᠡᠵᠢᠬᠡᠯ ᠤᠨ ᠬᠡᠷᠡᠭᠯᠡᠬᠦ ᠬᠡᠮᠵᠢᠶ᠎ᠡ ᠨᠢ ᠮᠤ᠋ ᠪᠦᠷᠢ ᠳᠤ ᠠᠽᠤᠲ 2.0 — | 2.5 ᠺᠢᠯᠦᠭᠷᠠᠮ᠂ ᠹᠤᠰᠹᠤᠷ 2.0 — 2.5 ᠺᠢᠯᠦᠭᠷᠠᠮ᠂ ᠺᠠᠯᠢ 1.0 — 1.5 ᠺᠢᠯᠦᠭᠷᠠᠮ︔ ᠪᠤᠷᠳᠤᠭᠤᠷ | ᠤᠨ ᠬᠡᠷᠡᠭᠯᠡᠬᠦ ᠬᠡᠮᠵᠢᠶ᠎ᠡ ᠨᠢ ᠮᠤ᠋ ᠪᠦᠷᠢ ᠳᠤ ᠹᠤᠰᠹᠤᠷ ᠬᠦᠴᠢᠯ ᠤᠨ ᠬᠤᠶᠠᠷᠴᠢ ᠠᠮᠮᠤᠨᠢ 7 — 9 ᠺᠢᠯᠦᠭᠷᠠᠮ᠂ | ᠰᠢᠬᠡᠰᠦᠯᠢᠭ ᠡᠳ᠋ 1.5 — 2 ᠺᠢᠯᠦᠭᠷᠠᠮ᠂ ᠬᠦᠬᠦᠷ ᠬᠦᠴᠢᠯ ᠤᠨ ᠺᠠᠯᠢ 2 — 3 ᠺᠢᠯᠦᠭᠷᠠᠮ ᠬᠡᠷᠡᠭᠯᠡᠨ᠎ᠡ | ᠤᠷᠭᠤᠯᠳᠠ ᠶᠢᠨ ᠪᠠᠶᠢᠳᠠᠯ ᠢ ᠦᠨᠳᠤᠰᠤᠯᠡᠨ ᠰᠢᠷ᠎ᠠ ᠪᠤᠷᠴᠠᠭ ᠢ 3 — 5 ᠨᠠᠪᠴᠢ ᠶᠢᠨ ᠬᠤᠭᠤᠴᠠᠭᠠᠨ ᠳᠤ | ᠮᠤ᠋ ᠪᠦᠷᠢ ᠳᠤ 5% ᠶᠢᠨ ᠠᠯᠺᠸᠠ ᠤᠺᠰᠠᠽᠤᠯ ᠤᠨ ᠴᠢᠬᠢᠭᠯᠢᠭ ᠨᠤᠨᠳᠠᠭ ᠡᠮ 20 — 50 ᠭᠷᠠᠮ ︵ᠬᠡᠷᠡᠭᠯᠡᠬᠦ | ᠬᠡᠮᠵᠢᠶ᠎ᠡ ᠨᠢ ᠰᠢᠷ᠎ᠠ ᠪᠤᠷᠴᠠᠭ ᠤᠨ ᠲᠦᠷᠤᠯ ᠡᠬᠦᠯᠳᠡᠷ ᠤᠨ ᠬᠤᠭᠤᠷᠠᠬᠤ ᠶᠢ ᠡᠰᠡᠷᠬᠦᠴᠡᠬᠦ ᠴᠢᠨᠠᠷ ᠵᠢᠴᠢ ᠬᠡᠷᠡᠭᠯᠡᠯᠳᠠ | ᠶᠢᠨ ᠡᠷᠳᠠ ᠤᠷᠤᠢ ᠶᠢ ᠦᠨᠳᠤᠰᠤᠯᠡᠨ ᠳᠤᠭᠳᠠᠭᠠᠨ᠎ᠠ᠂ ᠬᠤᠭᠤᠷᠠᠬᠤ ᠶᠢ ᠡᠰᠡᠷᠬᠦᠴᠡᠬᠦ ᠴᠢᠨᠠᠷ ᠢᠶᠠᠷ ᠤᠯᠠᠮ ᠰᠠᠶᠢᠨ | ᠬᠡᠷᠡᠭᠯᠡᠬᠦ ᠨᠢ ᠤᠯᠠᠮ ᠡᠷᠳᠠ ᠪᠤᠯ ᠬᠡᠷᠡᠭᠯᠡᠬᠦ ᠬᠡᠮᠵᠢᠶ᠎ᠡ ᠨᠢ ᠤᠯᠠᠮ ᠪᠠᠭ᠎ᠠ︶ ᠢ 30 — 50 ᠺᠢᠯᠦᠭᠷᠠᠮ ᠤᠰᠤᠨ | ᠳᠤ ᠨᠠᠶᠢᠷᠠᠭᠤᠯᠵᠤ᠂ ᠡᠰᠢ ᠨᠠᠪᠴᠢ ᠳᠤ ᠨᠢ ᠰᠦᠷᠴᠢᠵᠤ ᠬᠡᠳᠤᠷᠬᠡᠢ ᠤᠷᠭᠤᠬᠤ ᠶᠢ ᠬᠢᠵᠠᠭᠠᠷᠯᠠᠨ᠎ᠠ᠂ ᠪᠠᠰᠠ ᠠᠯᠺᠸᠠ | ᠤᠺᠰᠠᠽᠣᠯ ᠢ ᠦᠷ᠎ᠠ ᠲᠠᠢ ᠬᠤᠯᠢᠨ ᠳᠠᠷᠢᠵᠤ ᠪᠤᠯᠤᠨ᠎ᠠ᠂ ᠨᠢᠬᠡ ᠺᠢᠯᠦᠭᠷᠠᠮ ᠦᠷ᠎ᠠ ᠳᠤ 16 — 20 ᠮᠢᠯᠢᠭᠷᠡᠮ | ᠤᠨ 5% ᠶᠢᠨ ᠠᠯᠺᠸᠠ ᠤᠺᠰᠠᠽᠤᠯ ᠢ ᠨᠡᠮᠡᠨ᠎ᠡ᠃ | ᠳᠤᠯᠤᠭ᠎ᠠ᠂ ᠵᠦᠢ ᠵᠤᠬᠢᠰᠳᠠᠢ ᠤᠰᠤᠯᠠᠨ᠎ᠠ᠃ ᠡᠷᠳᠡᠨᠢ ᠰᠢᠰᠢ ᠶᠢᠨ ᠪᠦᠬᠦᠶᠢᠯᠠ ᠤᠷᠭᠤᠯᠳᠠ ᠶᠢᠨ | ᠬᠤᠭᠤᠴᠠᠭᠠᠨ ᠳᠤ 180 — 220 ᠪᠤᠰᠤᠭ᠎ᠠ ᠲᠦᠷᠪᠡᠯᠵᠢᠨ ᠮᠧᠲᠷ/ ᠮᠤ᠋ ᠤᠰᠤᠯᠠᠵᠤ᠂ ᠰᠢᠷ᠎ᠠ ᠪᠤᠷᠴᠠᠭ ᠤᠨ | ᠪᠦᠬᠦᠶᠢᠯᠠ ᠤᠷᠭᠤᠯᠳᠠ ᠶᠢᠨ ᠬᠤᠭᠤᠴᠠᠭᠠᠨ ᠳᠤ 70 — 80 ᠪᠤᠰᠤᠭ᠎ᠠ ᠲᠦᠷᠪᠡᠯᠵᠢᠨ ᠮᠧᠲᠷ/ ᠮᠤ᠋ ᠤᠰᠤ | ᠬᠡᠷᠡᠭᠯᠡᠬᠦ ᠶᠢ ᠰᠠᠨᠠᠭᠠᠴᠢᠯᠠᠨ᠎ᠠ᠃ ᠡᠷᠳᠡᠨᠢ ᠰᠢᠰᠢ ᠶᠢᠨ ᠪᠦᠬᠦᠶᠢᠯᠡ ᠤᠷᠭᠤᠯᠳᠠ ᠶᠢᠨ ᠬᠤᠭᠤᠴᠠᠭᠠᠨ ᠳᠤ 9 ᠤᠳᠠᠭ᠎ᠠ | ᠤᠷᠴᠢᠮ ᠳᠤᠰᠤᠯᠭᠠᠨ ᠤᠰᠤᠯᠠᠵᠤ᠂ ᠳᠠᠷᠢᠭᠰᠡᠨ ᠤ ᠳᠠᠷᠠᠭ᠎ᠠ ᠴᠠᠭ ᠳᠤᠬᠠᠢ ᠳᠤ ᠨᠢ ᠤᠰᠤᠯᠠᠨ᠂ ᠦᠷ᠎ᠠ ᠶᠢᠨ | ᠨᠠᠬᠢᠶᠠᠯᠠᠵᠤ ᠭᠠᠷᠬᠤ ᠶᠢ ᠪᠠᠳᠤᠯᠠᠵᠤ᠂ ᠬᠡᠷᠪᠡ ᠳᠤᠯᠠᠭᠠᠨ ᠤ ᠬᠡᠮᠵᠢᠶ᠎ᠡ ᠳᠤᠶᠢᠯ ᠤᠨ ᠳᠤᠤᠷ᠎ᠠ ᠡᠳᠤᠷ ᠳᠤᠬᠢᠶᠠᠯᠳᠤᠪᠠᠯ | ᠳᠤᠤᠷ᠎ᠠ ᠳᠤᠯᠠᠭᠠᠨ ᠳᠤ ᠤᠰᠤᠯᠠᠬᠤ ᠠᠴᠠ ᠵᠠᠶᠢᠯᠠᠰᠬᠢᠬᠦ ᠬᠡᠷᠡᠭᠳᠠᠢ᠃ ᠪᠤᠶᠢᠵᠢᠯᠳᠠ ᠶᠢᠨ ᠬᠤᠭᠤᠴᠠᠭᠠᠨ ᠳᠤ᠂ | ᠤᠰᠤᠯᠠᠬᠤ ᠬᠡᠮᠵᠢᠶ᠎ᠡ ᠶᠢ ᠪᠤᠷᠤᠭᠠᠨ ᠤ ᠪᠠᠶᠢᠳᠠᠯ ᠢ ᠦᠨᠳᠤᠰᠤᠯᠠᠵᠤ ᠳᠤᠭᠳᠠᠭᠠᠨ᠎ᠠ᠃ ᠡᠩ ᠤᠨ ᠪᠠᠶᠢᠳᠠᠯ ᠳᠤ 6 | ᠰᠠᠷ᠎ᠠ ᠶᠢᠨ ᠳᠤᠮᠳᠠᠴᠢ ᠰᠡᠬᠦᠯᠴᠢ ᠪᠠᠷ ᠦᠶᠡᠯᠡᠬᠦ ᠦᠶ᠎ᠡ ᠳᠤ ᠤᠰᠤᠯᠠᠨ᠎ᠠ᠂ ᠰᠡᠬᠦᠯᠡᠷ ᠨᠢ ᠳᠠᠷᠢᠶᠠᠨ ᠭᠠᠵᠠᠷ ᠤᠨ | ᠤᠰᠤᠨ ᠤ ᠬᠠᠳᠠᠭᠠᠯᠠᠭᠳᠠᠴᠠ ᠶᠢᠨ ᠬᠡᠮᠵᠢᠶ᠎ᠡ 70% ᠠᠴᠠ ᠳᠤᠤᠷ᠎ᠠ ᠪᠤᠯᠬᠤ ᠦᠶ᠎ᠡ ᠳᠤ ᠴᠠᠭ ᠳᠤᠬᠠᠢ ᠳᠤ ᠨᠢ | ᠤᠰᠤᠯᠠᠵᠤ᠂ ᠢᠯᠠᠩᠭᠤᠶ᠎ᠠ ᠡᠷᠳᠡᠨᠢ ᠰᠢᠰᠢ ᠶᠢᠨ ᠴᠡᠴᠡᠭ ᠳᠡᠯᠬᠡᠷᠡᠬᠦ ᠬᠤᠭᠤᠴᠠᠭᠠᠨ ᠳᠤ ᠤᠰᠤᠨ ᠤ ᠬᠠᠩᠭᠠᠯᠭ᠎ᠠ ᠶᠢ | ᠵᠠᠪᠠᠯ ᠪᠠᠳᠤᠯᠠᠨ᠂ ᠤᠳᠠᠭ᠎ᠠ ᠪᠦᠷᠢ 20 ᠪᠤᠰᠤᠭ᠎ᠠ ᠲᠦᠷᠪᠡᠯᠵᠢᠨ ᠮᠧᠲᠷ ᠤᠷᠴᠢᠮ/ ᠮᠤ᠋ ᠳᠤ ᠳᠤᠰᠤᠯᠭᠠᠨ | ᠤᠰᠤᠯᠠᠯᠳᠠ ᠬᠢᠵᠤ᠂ 9 ᠰᠠᠷ᠎ᠠ ᠶᠢᠨ ᠳᠤᠮᠳᠠᠴᠢ ᠪᠠᠷ ᠤᠰᠤ ᠵᠤᠭᠰᠤᠭᠠᠨ᠎ᠠ᠃ ᠰᠢᠷ᠎ᠠ ᠪᠤᠷᠴᠠᠭ ᠢ ᠳᠠᠷᠢᠭᠰᠡᠨ ᠤ | ᠳᠠᠷᠠᠭ᠎ᠠ ᠴᠠᠭ ᠳᠤᠬᠠᠢ ᠳᠤ ᠨᠢ ᠳᠤᠰᠤᠯᠭᠠᠨ ᠤᠰᠤᠯᠠᠵᠤ᠂ ᠦᠷ᠎ᠠ ᠶᠢᠨ ᠨᠠᠬᠢᠶᠠᠯᠠᠬᠤ ᠶᠢ ᠪᠠᠳᠤᠯᠠᠨ᠎ᠠ᠃ ᠴᠡᠴᠡᠭ | ᠳᠡᠯᠬᠡᠷᠡᠨ ᠬᠤᠩᠭᠤᠷᠴᠤᠭᠯᠠᠬᠤ ᠬᠤᠭᠤᠴᠠᠭ᠎ᠠ ᠪᠤᠯ ᠰᠢᠷ᠎ᠠ ᠪᠤᠷᠴᠠᠭ ᠤᠨ ᠤᠰᠤᠨ ᠬᠡᠷᠡᠭᠴᠡᠭᠡ ᠬᠠᠮᠤᠭ ᠶᠡᠭᠡ ᠦᠶ᠎ᠡ᠂ | ᠮᠦᠨᠴᠤ ᠬᠠᠮᠤᠭ ᠤᠨ ᠰᠡᠷᠬᠡᠭ ᠬᠤᠭᠤᠴᠠᠭ᠎ᠠ ᠪᠤᠯᠬᠤᠷ ᠡᠨᠡᠬᠦ ᠬᠤᠭᠤᠴᠠᠭᠠᠨ ᠤ ᠤᠰᠤᠨ ᠤ ᠬᠦᠢᠴᠡᠤᠨ ᠬᠠᠩᠭᠠᠯᠭ᠎ᠠ | ᠶᠢ ᠪᠠᠳᠤᠯᠠᠬᠤ ᠶᠢᠨ ᠬᠠᠮᠳᠤ ᠪᠤᠷᠴᠠᠭ ᠰᠠᠭᠤᠬᠤ ᠬᠤᠭᠤᠴᠠᠭᠠᠨ ᠤ ᠰᠢᠷ᠎ᠠ ᠪᠤᠷᠴᠠᠭ ᠤᠨ ᠤᠰᠤᠨ ᠬᠡᠷᠡᠭᠴᠡᠭᠡ ᠮᠦᠨ | ᠯᠠ ᠶᠡᠭᠡ ᠤᠴᠢᠷ ᠠᠴᠠ ᠬᠡᠳᠤᠷᠬᠡᠢ ᠡᠷᠳᠠ ᠤᠰᠤ ᠵᠤᠭᠰᠤᠭᠠᠵᠤ ᠪᠤᠯᠬᠤ ᠦᠬᠡᠢ᠃ ᠰᠢᠷ᠎ᠠ ᠪᠤᠷᠴᠠᠭ᠂ ᠡᠷᠳᠡᠨᠢ ᠰᠢᠰᠢ | ᠶᠢ ᠬᠤᠪᠢᠶᠠᠨ ᠤᠰᠤᠯᠠᠵᠤ᠂ ᠴᠢᠬᠢᠭᠳᠦᠴᠠ ᠶᠢᠨ ᠬᠠᠮᠢᠶᠠᠷᠤᠯᠳᠠ ᠶᠢ ᠳᠤᠰ ᠳᠤᠰ ᠳᠤ ᠨᠢ ᠶᠠᠪᠤᠭᠳᠠᠭᠤᠯᠤᠨ᠎ᠠ᠃ | ᠨᠠᠢᠮᠠ᠂ ᠡᠪᠡᠤᠨᠴᠢᠨ ᠢ ᠰᠡᠷᠬᠡᠶᠢᠯᠡᠨ ᠬᠤᠷᠤᠬᠠᠢ ᠶᠢ ᠬᠢᠵᠠᠭᠠᠷᠯᠠᠨ᠎ᠠ᠃ ᠰᠢᠷ᠎ᠠ ᠪᠤᠷᠴᠠᠭ ᠤᠨ ᠪᠤᠷᠤ ᠳᠤᠯᠪᠤᠳᠤ | ᠡᠪᠡᠤᠨᠴᠢᠨ᠂ ᠮᠦᠬᠦ ᠶᠢᠨ ᠴᠦᠮ᠎ᠠ ᠡᠪᠡᠤᠨᠴᠢᠨ᠂ ᠪᠤᠷᠭᠤᠢ ᠬᠤᠷᠤᠬᠠᠢ᠂ ᠪᠠᠭᠠᠷᠠᠩ ᠬᠤᠷᠤᠬᠠᠢ ᠵᠡᠷᠬᠡ ᠡᠪᠡᠤᠨᠴᠢᠨ | ᠬᠤᠷᠤᠬᠠᠢ ᠶᠢᠨ ᠬᠦᠨᠤᠬᠡᠯ ᠢ ᠭᠤᠤᠯᠳᠠᠯᠭ᠎ᠠ ᠲᠠᠢ ᠰᠡᠷᠬᠡᠶᠢᠯᠡᠵᠤ᠂ ᠳᠠᠷᠢᠶᠠᠨ ᠳᠤᠮᠳᠠ ᠪᠤᠷᠤ ᠳᠤᠯᠪᠤᠳᠤ ᠡᠪᠡᠤᠨᠴᠢᠨ | ᠢᠯᠡᠷᠡᠪᠡᠯ ᠴᠠᠭ ᠳᠤᠬᠠᠢ ᠳᠤ ᠨᠢ 75% ᠶᠢᠨ ᠪᠠᠢ ᠵᠢᠶᠦ᠋ᠨ ᠴᠢᠩ ᠴᠢᠬᠢᠭᠯᠢᠭ ᠨᠤᠨᠳᠠᠭ ᠡᠮ ᠤᠨ 700 — | 800 ᠳᠠᠬᠢᠨ ᠤ ᠰᠢᠩᠬᠡᠨ ᠪᠤᠶᠤ 50% ᠶᠢᠨ ᠳ᠋ᠥᠸᠧ ᠵᠢᠶᠦ᠋ᠨ ᠯᠢᠩ ᠴᠢᠬᠢᠭᠯᠢᠭ ᠨᠤᠨᠳᠠᠭ ᠡᠮ ᠤᠨ 1000 | ᠳᠠᠬᠢᠨ ᠤ ᠰᠢᠩᠬᠡᠨ ᠢ ᠰᠦᠷᠴᠢᠨ ᠵᠠᠰᠠᠵᠤ᠂ 10 ᠡᠳᠤᠷ ᠠᠯᠤᠰᠯᠠᠭᠠᠤᠨ 1 ᠤᠳᠠᠭ᠎ᠠ ᠰᠦᠷᠴᠢᠨ᠂ 2 — 3 | ᠤᠳᠠᠭ᠎ᠠ ᠰᠦᠷᠴᠢᠨ᠎ᠠ᠂ ᠮᠦᠬᠦ ᠶᠢᠨ ᠴᠦᠮ᠎ᠠ ᠡᠪᠡᠤᠨᠴᠢᠨ ᠢ ᠰᠡᠷᠬᠡᠶᠢᠯᠡᠨ ᠵᠠᠰᠠᠬᠤ ᠬᠠᠮᠤᠭ ᠰᠠᠶᠢᠨ ᠴᠠᠭ ᠪᠤᠯ ᠰᠢᠷ᠎ᠠ | ᠪᠤᠷᠴᠠᠭ ᠤᠨ ᠴᠡᠴᠡᠭ ᠳᠡᠯᠬᠡᠷᠡᠬᠦ ᠡᠬᠢᠨ ᠤ ᠬᠤᠭᠤᠴᠠᠭ᠎ᠠ ᠠᠴᠠ ᠬᠤᠩᠭᠤᠷᠴᠤᠭ ᠤᠨ ᠡᠬᠢᠨ ᠤ ᠬᠤᠭᠤᠴᠠᠭ᠎ᠠ ᠪᠤᠯᠤᠨ᠎ᠠ᠃ | ᠮᠤ᠋ ᠪᠦᠷᠢ ᠳᠤ 80% ᠶᠢᠨ ᠳ᠋ᠥᠸᠧ ᠵᠢᠶᠦ᠋ᠨ ᠯᠢᠩ ᠪᠢᠴᠢᠯ ᠮᠦᠬᠦᠯᠢᠭ ᠡᠮ ᠢ 50 ᠭᠷᠠᠮ ᠪᠤᠶᠤ 50% ᠶᠢᠨ | ᠳ᠋ᠥᠸᠧ ᠵᠢᠶᠦ᠋ᠨ ᠯᠢᠩ ᠴᠢᠬᠢᠭᠯᠢᠭ ᠨᠤᠨᠳᠠᠭ ᠡᠮ ᠢ 100 ᠭᠷᠠᠮ ᠪᠤᠶᠤ 40% ᠶᠢᠨ ᠳ᠋ᠥᠸᠧ ᠵᠢᠶᠦ᠋ᠨ ᠯᠢᠩ | ᠴᠠᠪᠠᠤᠯᠢᠭ ᠡᠮ ᠢ 100 ᠮᠢᠯᠢᠯᠢᠲᠷ ᠰᠦᠷᠴᠢᠵᠤ ᠵᠠᠰᠠᠨ᠎ᠠ᠃ 7 ᠰᠠᠷ᠎ᠠ ᠶᠢᠨ ᠰᠡᠬᠦᠯᠴᠢ ᠠᠴᠠ 8 ᠰᠠᠷ᠎ᠠ ᠶᠢᠨ ᠡᠬᠢᠨ | ᠤ ᠪᠤᠷᠭᠤᠢ ᠬᠤᠷᠤᠬᠠᠢ ᠶᠡᠬᠡᠪᠡᠷ ᠪᠦᠳᠤᠬᠦ ᠬᠤᠭᠤᠴᠠᠭᠠᠨ ᠳᠤ ᠰᠢᠦ ᠴᠢᠩ ᠵᠢᠦᠢ ᡁᠢ ᠶᠢ ᠮᠤ᠋ ᠪᠦᠷᠢ ᠳᠤ 30 ᠭᠷᠠᠮ | ᠢ 40 — 50 ᠺᠢᠯᠦᠭᠷᠠᠮ ᠤᠰᠤ ᠲᠠᠢ ᠬᠤᠯᠢᠨ ᠤᠷᠤᠢ ᠶᠢᠨ 4 — 7 ᠴᠠᠭ ᠲᠤ ᠨᠠᠪᠴᠢᠨ ᠤ ᠭᠠᠳᠠᠷᠭᠤ | ᠳᠤ ᠰᠦᠷᠴᠢᠨ᠂ 10 ᠡᠳᠤᠷ ᠲᠤ ᠨᠢᠬᠡ ᠤᠳᠠᠭ᠎ᠠ ᠰᠦᠷᠴᠢᠵᠤ᠂ ᠵᠠᠯᠭᠠᠪᠠᠷ 2 — 3 ᠤᠳᠠᠭ᠎ᠠ ᠰᠦᠷᠴᠢᠪᠡᠯ | ᠡᠪᠡᠰᠤᠳᠤ ᠭᠠᠵᠠᠷ ᠤᠨ ᠮᠢᠩ ᠬᠤᠷᠤᠬᠠᠢ ᠶᠢ ᠬᠠᠮᠳᠤ ᠳᠤ ᠨᠢ ᠵᠠᠰᠠᠵᠤ ᠪᠤᠯᠤᠨ᠎ᠠ᠃ ᠰᠢᠷ᠎ᠠ ᠪᠤᠷᠴᠠᠭ ᠤᠨ ᠪᠠᠭᠠᠷᠠᠩ | ᠬᠤᠷᠤᠬᠠᠢ ᠶᠢᠨ ᠳᠤᠯᠪᠤ ᠡᠬᠦᠰᠬᠦ ᠪᠤᠶᠤ ᠤᠷᠭᠤᠮᠠᠯ ᠤᠨ ᠪᠠᠭᠠᠷᠠᠩ ᠬᠤᠷᠤᠬᠠᠢ ᠶᠢᠨ ᠨᠤᠷᠮ᠎ᠠ 50% ᠬᠦᠷᠬᠦ ᠦᠶᠡᠰ | 3% ᠶᠢᠨ ᠳ᠋ᠢᠩ ᠴᠦᠩ ᠮᠢ ᠴᠢᠳᠡᠮᠯᠢᠭ ᠳᠤᠰᠤ ᠶᠢ 15 — 20 ᠮᠢᠯᠢᠯᠢᠲᠷ/ ᠮᠤ᠋ ᠬᠡᠷᠡᠭᠯᠡᠵᠤ᠂ ᠬᠡᠷᠡᠭᠯᠡᠬᠦ | ᠡᠮ ᠤᠨ ᠳᠤᠤᠷ᠎ᠠ ᠬᠢᠵᠠᠭᠠᠷ ᠲᠤ 40 ᠺᠢᠯᠦᠭᠷᠠᠮ ᠤᠰᠤ ᠬᠤᠯᠢᠵᠤ᠂ ᠬᠡᠷᠡᠭᠯᠡᠬᠦ ᠡᠮ ᠤᠨ ᠳᠡᠬᠡᠳᠤ ᠬᠢᠵᠠᠭᠠᠷ ᠲᠤ 50 | ᠺᠢᠯᠦᠭᠷᠠᠮ ᠤᠰᠤ ᠬᠤᠯᠢᠵᠤ ᠰᠦᠷᠴᠢᠨ ᠵᠠᠰᠠᠨ᠎ᠠ᠃ ᠡᠷᠳᠡᠨᠢ ᠰᠢᠰᠢ ᠶᠢᠨ ᠳᠤᠮᠤ ᠳᠤᠯᠪᠤᠳᠤ ᠡᠪᠡᠤᠨᠴᠢᠨ ᠳᠤ ᠳ᠋ᠥᠸᠧ | ᠵᠢᠶᠦ᠋ᠨ ᠯᠢᠩ᠂ ᠳ᠋ᠠᠢ ᠰᠧᠨ ᠮᠧᠩ ᠰᠢᠨ᠂ ᠵᠢᠶᠠ ᠵᠢᠢ ᠯᠢᠦ ᠵᠢᠶᠦ᠋ᠨ ᠯᠢᠩ᠂ ᠫᠧᠨ᠋ᠲ᠋ᠠᠽᠤᠯ ᠠᠯᠺᠤᠤᠯ ᠵᠡᠷᠬᠡ ᠴᠢᠬᠢᠭᠯᠢᠭ | ᠨᠤᠨᠳᠠᠭ ᠡᠮ ᠢ ᠬᠡᠷᠡᠭᠯᠡᠵᠤ ᠳᠤᠳᠤᠷᠬᠠᠶᠢᠯᠠᠯᠳᠠ ᠶᠢᠨ ᠪᠢᠴᠢᠭ ᠶᠤᠰᠤᠭᠠᠷ ᠬᠡᠷᠡᠭᠯᠡᠬᠦ ᠬᠡᠮᠵᠢᠶ᠎ᠡ ᠪᠠᠷ ᠤᠰᠤ ᠬᠤᠯᠢᠵᠤ | ᠰᠦᠷᠴᠢᠨ ᠵᠠᠰᠠᠨ᠎ᠠ︔ ᠨᠠᠩᠬᠢ ᠬᠤᠷᠤᠬᠠᠢ᠂ ᠡᠪᠡᠰᠤᠳᠤ ᠭᠠᠵᠠᠷ ᠤᠨ ᠮᠢᠩ ᠬᠤᠷᠤᠬᠠᠢ᠂ ᠬᠦᠪᠤᠩ ᠤᠨ | ᠬᠤᠩᠭᠤᠷᠴᠠᠭ ᠤᠨ ᠢᠳᠤᠭᠠᠨ᠂ ᠰᠢᠷᠤᠢ ᠶᠢᠨ ᠵᠢᠵᠢᠭ ᠬᠦᠷᠢ᠂ ᠡᠷᠳᠡᠨᠢ ᠰᠢᠰᠢ ᠶᠢᠨ ᠤᠯᠠᠭᠠᠨ ᠠᠭᠠᠯᠵᠢ ᠵᠡᠷᠬᠡ ᠳᠤ | ᠦᠨᠳᠤᠷ ᠪᠦᠳᠤᠮᠵᠢᠳᠠᠢ᠂ ᠬᠤᠤᠷ ᠪᠠᠭ᠎ᠠ᠂ ᠦᠯᠡᠳᠡᠭᠳᠡᠯ ᠪᠠᠭ᠎ᠠ ᠲᠠᠢ ᠬᠤᠷᠤᠬᠠᠢ ᠠᠯᠠᠬᠤ ᠡᠮ ᠪᠤᠶᠤ ᠠᠮᠢᠳᠤ ᠪᠤᠳᠠᠰ | ᠤᠨ ᠳᠠᠷᠢᠶᠠᠨ ᠡᠮ ᠢ ᠳᠤᠳᠤᠷᠬᠠᠶᠢᠯᠠᠯᠳᠠ ᠶᠢᠨ ᠪᠢᠴᠢᠭ ᠤᠨ ᠳᠠᠨᠢᠯᠴᠠᠭᠤᠯᠭ᠎ᠠ ᠶᠤᠰᠤᠭᠠᠷ ᠬᠡᠷᠡᠭᠯᠡᠬᠦ ᠬᠡᠮᠵᠢᠶ᠎ᠡ ᠪᠠᠷ | ᠤᠰᠤ ᠬᠤᠯᠢᠭᠰᠡᠨ ᠤ ᠳᠠᠷᠠᠭ᠎ᠠ ᠰᠦᠷᠴᠢᠨ ᠵᠠᠰᠠᠨ᠎ᠠ᠃ | ᠶᠢᠰᠤ᠂ ᠵᠤᠬᠢᠬᠤ ᠬᠤᠭᠤᠴᠠᠭᠠᠨ ᠳᠤ ᠨᠢ ᠬᠤᠷᠢᠶᠠᠨ᠎ᠠ᠃ 9 ᠰᠠᠷ᠎ᠠ ᠶᠢᠨ ᠰᠡᠬᠦᠯᠴᠢ 10 ᠰᠠᠷ᠎ᠠ ᠶᠢᠨ ᠡᠬᠢᠨ ᠤ | ᠬᠤᠭᠤᠴᠠᠭᠠᠨ ᠳᠤ ᠡᠷᠳᠡᠨᠢ ᠰᠢᠰᠢ᠂ ᠰᠢᠷ᠎ᠠ ᠪᠤᠷᠴᠠᠭ ᠤᠨ ᠪᠤᠯᠪᠠᠰᠤᠷᠠᠯᠳᠠ ᠶᠢᠨ ᠡᠮᠤᠨ᠎ᠡ ᠬᠤᠶᠢᠨ᠎ᠠ ᠳᠠᠷᠠᠭᠠᠯᠠᠯ ᠢ | ᠦᠨᠳᠤᠰᠤᠯᠡᠨ ᠬᠤᠷᠢᠶᠠᠬᠤ ᠳᠡᠰ ᠳᠠᠷᠠᠭ᠎ᠠ ᠪᠠᠨ ᠳᠤᠭᠳᠠᠭᠠᠨ᠎ᠠ᠃ ᠰᠢᠷ᠎ᠠ ᠪᠤᠷᠴᠠᠭ ᠤᠨ ᠨᠠᠪᠴᠢ ᠨᠢ ᠪᠦᠬᠦᠨ ᠢᠶᠠᠷ | ᠢᠶᠠᠨ ᠬᠤᠪᠬᠤᠷᠠᠨ ᠤᠨᠠᠵᠤ᠂ ᠡᠰᠢᠨ ᠳᠤ ᠨᠢ ᠤᠤᠯ ᠲᠦᠷᠤᠯ ᠤᠨ ᠳᠤᠭᠳᠠᠮᠠᠯ ᠦᠩᠬᠡ ᠢᠯᠡᠷᠡᠨ᠂ ᠮᠦᠬᠦᠯᠢᠭ ᠤᠨ | ᠤᠰᠤᠨ ᠤ ᠠᠭᠤᠯᠤᠭᠳᠠᠴᠠ ᠨᠢ ᠪᠠᠭᠤᠷᠠᠭᠠᠤᠨ 15% ᠤᠷᠴᠢᠮ ᠪᠤᠯᠬᠤ ᠦᠶ᠎ᠡ ᠳᠤ ᠮᠠᠰᠢᠨ ᠢᠶᠠᠷ ᠬᠤᠷᠢᠶᠠᠨ᠎ᠠ᠃ | ᠡᠷᠳᠡᠨᠢ ᠰᠢᠰᠢ ᠶᠢᠨ 90% ᠠᠴᠠ ᠳᠡᠬᠡᠭᠰᠢᠬᠢ ᠵᠢᠮᠢᠰ ᠤᠨ ᠲᠦᠷᠤᠬᠦᠤ ᠶᠢᠨ ᠪᠠᠭᠯᠠᠭᠴᠢ ᠨᠠᠪᠴᠢ ᠨᠢ ᠬᠤᠪᠬᠠᠶᠢᠷᠠᠨ | ᠴᠠᠶᠢᠷᠠᠵᠤ᠂ ᠮᠦᠬᠦᠯᠢᠭ ᠨᠢ ᠬᠠᠳᠠᠭᠤᠷᠠᠨ᠂ ᠰᠦᠨ ᠱᠤᠭᠤᠮ ᠨᠢ ᠠᠷᠢᠯᠵᠤ᠂ ᠰᠠᠭᠤᠷᠢ ᠬᠡᠰᠡᠭ ᠲᠤ ᠨᠢ ᠬᠠᠷ᠎ᠠ | ᠦᠩᠬᠡᠳᠠᠢ ᠳᠡᠪᠬᠤᠷᠭ᠎ᠠ ᠢᠯᠡᠷᠡᠨ᠂ ᠤᠰᠤ ᠠᠭᠤᠯᠬᠤ ᠨᠤᠷᠮ᠎ᠠ ᠨᠢ 30% ᠤᠷᠴᠢᠮ ᠪᠤᠯᠬᠤ ᠦᠶ᠎ᠡ ᠳᠤ ᠡᠷᠳᠡᠨᠢ | ᠰᠢᠰᠢ ᠶᠢᠨ ᠬᠠᠮ ᠬᠠᠳᠤᠵᠤ ᠬᠤᠷᠢᠶᠠᠬᠤ ᠮᠠᠰᠢᠨ ᠢᠶᠠᠷ ᠬᠤᠷᠢᠶᠠᠨ᠎ᠠ᠃ ᠡᠷᠳᠡᠨᠢ ᠰᠢᠰᠢ ᠰᠢᠷ᠎ᠠ ᠪᠤᠷᠴᠠᠭ ᠢ | ᠨᠠᠶᠢᠯᠡᠬᠦᠯᠤᠨ ᠳᠠᠷᠤᠰᠢᠭᠤᠯᠬᠤ ᠳᠤ᠂ ᠰᠢᠷ᠎ᠠ ᠪᠤᠷᠴᠠᠭ ᠤᠨ ᠬᠡᠩᠬᠡᠷᠬᠡᠨ ᠮᠦᠬᠦᠯᠢᠭ ᠤᠨ ᠰᠡᠬᠦᠯᠴᠢ ᠶᠢᠨ ᠬᠤᠭᠤᠴᠠᠭᠠᠨ | ᠳᠤ᠂ ᠡᠷᠳᠡᠨᠢ ᠰᠢᠰᠢ ᠶᠢᠨ ᠰᠢᠷᠠᠯᠠᠬᠤ ᠡᠬᠢᠨ ᠤ ᠬᠤᠭᠤᠴᠠᠭᠠᠨ ᠳᠤ ᠬᠠᠮᠳᠤ ᠳᠤ ᠨᠢ ᠬᠤᠷᠢᠶᠠᠭᠰᠡᠨ ᠤ ᠰᠡᠬᠦᠯᠡᠷ | ᠪᠤᠭᠤᠵᠢᠯᠠᠵᠤ ᠪᠦᠷᠬᠦᠬᠦᠯ ᠤᠷᠤᠭᠤᠯᠬᠤ ᠮᠦᠷᠳᠡᠬᠡᠨ ᠤᠪᠤᠭᠠᠯᠠᠨ ᠳᠠᠯᠪᠢᠵᠤ ᠳᠠᠷᠤᠰᠢᠭᠤᠯᠬᠤ ᠪᠤᠶᠤ ᠰᠢᠭᠤᠤᠨ | ᠳᠠᠷᠤᠰᠢᠭᠤᠯᠵᠤ᠂ ᠨᠤᠭᠤᠭᠠᠨ ᠳᠠᠷᠤᠰᠢ ᠶᠢᠨ ᠵᠤᠭᠤᠷᠢᠨ ᠳᠤ ᠪᠢᠳᠡᠬᠦᠮᠵᠢᠯᠡᠵᠤ ᠬᠠᠳᠠᠭᠠᠯᠠᠨ᠎ᠠ᠃ | ᠠᠷᠪᠠ᠂ ᠠᠩᠬᠠᠷᠬᠤ ᠵᠦᠢᠯ᠃ ᠡᠷᠳᠡᠨᠢ ᠰᠢᠰᠢ ᠰᠢᠷ᠎ᠠ ᠪᠤᠷᠴᠠᠭ ᠤᠨ ᠪᠦᠰᠡᠯᠢᠭ ᠨᠠᠶᠢᠯᠡᠮᠡᠯ ᠳᠠᠷᠢᠯᠳᠠ ᠪᠤᠯ ᠨᠢᠬᠡ | ᠲᠦᠷᠤᠯ ᠤᠨ ᠨᠠᠷᠢᠯᠢᠭ ᠤᠨᠤᠪᠴᠢᠳᠠᠢ ᠮᠡᠷᠬᠡᠵᠢᠯ ᠪᠤᠯᠤᠨ᠎ᠠ᠂ ᠬᠡᠷᠪᠡ ᠰᠠᠶᠢᠳᠤᠷ ᠡᠵᠡᠮᠳᠡᠵᠤ ᠳᠠᠶᠢᠯᠬᠦ ᠦᠬᠡᠢ ᠪᠤᠯ | ᠤᠨᠠᠯᠳᠠ ᠪᠠᠭᠠᠰᠬᠤ ᠪᠤᠯᠤᠨ᠎ᠠ᠂ ᠭᠤᠤᠯᠳᠠᠭᠤ ᠳᠤᠤᠷᠠᠬᠢ 3 ᠳᠠᠯ᠎ᠠ ᠶᠢ ᠠᠩᠬᠠᠷᠬᠤ ᠬᠡᠷᠡᠭᠳᠠᠢ᠃ | 1. ᠨᠢᠭᠳᠠᠴᠠ ᠶᠢ ᠪᠠᠳᠤᠯᠠᠬᠤ ᠪᠤᠯ ᠤᠨᠠᠯᠳᠠ ᠶᠢ ᠳᠤᠭᠳᠠᠪᠤᠷᠢᠵᠢᠭᠤᠯᠤᠨ ᠤᠨᠠᠯᠳᠠ ᠶᠢ ᠨᠡᠮᠡᠭᠳᠡᠬᠦᠯᠬᠦ ᠶᠢᠨ | ᠰᠠᠭᠤᠷᠢ ᠪᠤᠯᠤᠨ᠎ᠠ᠃ ᠳᠤᠰ ᠮᠡᠷᠬᠡᠵᠢᠯ ᠤᠨ ᠭᠤᠤᠯᠳᠠᠯᠭ᠎ᠠ ᠪᠤᠯ ᠨᠢᠭᠳᠠ ᠳᠠᠷᠢᠯᠳᠠ ᠳᠤ ᠳᠠᠭᠠᠭᠠᠮᠠᠭᠠᠢ ᠦᠷ᠎ᠠ ᠶᠢ | ᠰᠤᠩᠭᠤᠬᠤ ᠪᠠᠷ ᠳᠠᠮᠵᠢᠨ ᠳᠠᠷᠢᠯᠳᠠ ᠶᠢᠨ ᠨᠢᠭᠳᠠᠴᠠ ᠶᠢ ᠨᠡᠮᠡᠭᠳᠡᠬᠦᠯᠤᠨ᠂ ᠨᠢᠬᠡ ᠮᠤ᠋ ᠭᠠᠵᠠᠷ ᠳᠡᠬᠡᠷᠡᠬᠢ ᠡᠷᠳᠡᠨᠢ | ᠰᠢᠰᠢ ᠶᠢᠨ ᠭᠠᠵᠠᠷ ᠡᠵᠡᠯᠡᠬᠦ ᠳᠠᠯᠠᠪᠠᠢ ᠶᠢ ᠪᠠᠭᠠᠰᠬᠠᠬᠤ ᠠᠴᠠ ᠪᠢᠰᠢ ᠰᠠᠭᠤᠷᠢ ᠳᠤᠭ᠎ᠠ ᠶᠢ ᠪᠠᠭᠠᠰᠬᠠᠬᠤ ᠦᠬᠡᠢ | ᠪᠠᠶᠢᠬᠤ ᠶᠢ ᠪᠠᠳᠤᠯᠠᠨ᠎ᠠ᠃ ᠬᠦᠪᠡᠭᠡ ᠵᠠᠬ᠎ᠠ ᠶᠢᠨ ᠳᠠᠪᠠᠭᠤᠯᠢᠭ ᠢ ᠬᠦᠢᠴᠡᠤᠨ ᠠᠰᠢᠭᠯᠠᠨ᠂ ᠰᠠᠯᠬᠢ ᠬᠡᠷᠡᠯ ᠨᠡᠪᠳᠡᠷᠡᠬᠦ | ᠶᠢ ᠨᠡᠮᠡᠭᠳᠡᠬᠦᠯᠵᠤ᠂ ᠨᠢᠬᠡ ᠮᠤ᠋ ᠭᠠᠵᠠᠷ ᠤᠨ ᠡᠷᠳᠡᠨᠢ ᠰᠢᠰᠢ ᠶᠢᠨ ᠤᠨᠠᠯᠳᠠ ᠶᠢ ᠪᠠᠭᠠᠰᠬᠠᠬᠤ ᠦᠬᠡᠢ ᠤᠷᠢᠳᠠᠯ ᠳᠤᠤᠷ᠎ᠠ | ᠪᠠᠰᠠ ᠨᠢᠬᠡ ᠪᠦᠯᠦᠭ ᠰᠢᠷ᠎ᠠ ᠪᠤᠷᠴᠠᠭ ᠢᠶᠠᠷ ᠤᠷᠤᠯᠭ᠎ᠠ ᠪᠠᠨ ᠨᠡᠮᠡᠭᠳᠡᠬᠦᠯᠤᠨ᠎ᠠ᠃ ᠳᠠᠷᠤᠢ ᠨᠢᠬᠡ ᠮᠤ᠋ ᠭᠠᠵᠠᠷ ᠢ ᠬᠤᠶᠠᠷ | ᠮᠤ᠋ ᠭᠠᠵᠠᠷ ᠪᠤᠯᠭᠠᠨ ᠠᠰᠢᠭᠯᠠᠵᠤ᠂ ᠨᠢᠬᠡ ᠭᠠᠵᠠᠷ ᠠᠴᠠ ᠬᠤᠶᠠᠷ ᠤᠷᠤᠯᠭ᠎ᠠ ᠤᠯᠬᠤ ᠶᠢ ᠪᠡᠶᠡᠯᠡᠬᠦᠯᠤᠨ᠎ᠠ᠃ ᠬᠡᠷᠪᠡ | ᠡᠷᠳᠡᠨᠢ ᠰᠢᠰᠢ ᠶᠢᠨ ᠨᠢᠭᠳᠠᠴᠠ ᠬᠦᠷᠤᠯᠴᠡᠬᠦ ᠦᠬᠡᠢ ᠪᠤᠯ ᠡᠷᠳᠡᠨᠢ ᠰᠢᠰᠢ ᠶᠢᠨ ᠭᠠᠵᠠᠷ ᠡᠵᠡᠯᠡᠬᠦ ᠳᠠᠯᠠᠪᠠᠢ ᠶᠢᠨ | ᠪᠠᠭᠠᠰᠤᠯᠳᠠ ᠠᠴᠠ ᠤᠨᠠᠯᠳᠠ ᠪᠠᠭᠠᠰᠬᠤ ᠪᠤᠯᠤᠨ᠎ᠠ᠃ ᠨᠠᠶᠢᠯᠡᠮᠡᠯ ᠳᠠᠷᠢᠯᠳᠠ ᠶᠢᠨ ᠨᠦᠬᠦᠴᠡᠯ ᠳᠤᠤᠷ᠎ᠠ ᠡᠷᠳᠡᠨᠢ ᠰᠢᠰᠢ | ᠶᠢᠨ ᠨᠢᠭᠳᠠᠴᠠ ᠶᠢ ᠳ᠋ᠠᠩ ᠢᠶᠠᠷ ᠳᠠᠷᠢᠬᠤ ᠨᠢᠭᠳᠠᠴᠠ ᠲᠠᠢ ᠠᠳᠠᠯᠢ ᠪᠤᠶᠤ ᠳ᠋ᠠᠩ ᠢᠶᠠᠷ ᠳᠠᠷᠢᠬᠤ ᠨᠢᠭᠳᠠᠴᠠ ᠶᠢᠨ | 80% ᠠᠴᠠ ᠳᠡᠬᠡᠭᠰᠢ ᠳᠤ ᠬᠦᠷᠬᠡᠵᠤ᠂ ᠰᠢᠷ᠎ᠠ ᠪᠤᠷᠴᠠᠭ ᠤᠨ ᠨᠢᠭᠳᠠᠴᠠ ᠶᠢ ᠳ᠋ᠠᠩ ᠢᠶᠠᠷ ᠳᠠᠷᠢᠬᠤ ᠨᠢᠭᠳᠠᠴᠠ ᠶᠢᠨ | 70% ᠠᠴᠠ ᠳᠡᠬᠡᠭᠰᠢ ᠳᠤ ᠬᠦᠷᠬᠡᠬᠦ ᠬᠡᠷᠡᠭᠳᠠᠢ᠃ | 2. ᠨᠠᠷᠢᠯᠢᠭ ᠤᠨᠤᠪᠴᠢᠳᠠᠢ ᠪᠠᠷ ᠪᠤᠷᠳᠤᠭᠤᠷ ᠤᠷᠤᠭᠤᠯᠬᠤ ᠪᠤᠯ ᠤᠨᠠᠯᠳᠠ ᠶᠢ ᠳᠤᠭᠳᠠᠪᠤᠷᠢᠵᠢᠭᠤᠯᠤᠨ | ᠤᠨᠠᠯᠳᠠ ᠶᠢ ᠨᠡᠮᠡᠭᠳᠡᠬᠦᠯᠬᠦ ᠶᠢᠨ ᠵᠠᠩᠬᠢᠯᠠᠭ᠎ᠠ ᠪᠤᠯᠤᠨ᠎ᠠ᠃ ᠨᠠᠶᠢᠯᠡᠮᠡᠯ ᠳᠠᠷᠢᠯᠳᠠ ᠶᠢᠨ ᠨᠦᠬᠦᠴᠡᠯ ᠳᠤᠤᠷ᠎ᠠ ᠡᠷᠳᠡᠨᠢ | ᠰᠢᠰᠢ ᠶᠢᠨ ᠳᠠᠯᠠᠪᠠᠢ ᠬᠡᠳᠤᠶᠢᠪᠡᠷ ᠪᠠᠭᠠᠰᠤᠭᠰᠡᠨ ᠴᠤ ᠰᠠᠭᠤᠷᠢ ᠶᠢᠨ ᠳᠤᠭ᠎ᠠ ᠨᠢ ᠪᠠᠭᠠᠰᠤᠭᠰᠡᠨ ᠦᠬᠡᠢ᠂ ᠤᠨᠠᠯᠳᠠ | ᠶᠢ ᠪᠠᠭᠤᠷᠠᠭᠤᠯᠬᠤ ᠦᠬᠡᠢ ᠪᠠᠶᠢᠯᠭᠠᠬᠤ ᠬᠡᠪᠡᠯ᠂ ᠨᠠᠶᠢᠯᠡᠮᠡᠯ ᠳᠠᠷᠢᠯᠳᠠ ᠳᠠᠬᠢ ᠡᠷᠳᠡᠨᠢ ᠰᠢᠰᠢ ᠶᠢᠨ ᠪᠤᠷᠳᠤᠭᠤᠷ | ᠤᠷᠤᠭᠤᠯᠬᠤ ᠬᠡᠮᠵᠢᠶ᠎ᠡ ᠶᠢ ᠳ᠋ᠠᠩ ᠢᠶᠠᠷ ᠡᠷᠳᠡᠨᠢ ᠰᠢᠰᠢ ᠳᠠᠷᠢᠬᠤ ᠦᠶ᠎ᠡ ᠲᠠᠢ ᠠᠳᠠᠯᠢ ᠪᠠᠶᠢᠯᠭᠠᠬᠤ ᠬᠡᠷᠡᠭᠳᠠᠢ᠂ ᠡᠷᠳᠡᠨᠢ | ᠰᠢᠰᠢ ᠶᠢᠨ ᠳ᠋ᠠᠩ ᠳᠠᠷᠢᠯᠳᠠ ᠶᠢᠨ ᠨᠢᠬᠡ ᠮᠤ᠋ ᠭᠠᠵᠠᠷ ᠳᠡᠬᠡᠷᠡᠬᠢ ᠪᠤᠷᠳᠤᠭᠤᠷ ᠤᠷᠤᠭᠤᠯᠤᠯᠳᠠ ᠶᠢ ᠤᠳᠤ ᠶᠢᠨ ᠬᠠᠭᠠᠰ | ᠮᠤ᠋ ᠭᠠᠵᠠᠷ ᠲᠤ ᠤᠷᠤᠭᠤᠯᠤᠨ᠎ᠠ᠂ ᠢᠩᠬᠢᠵᠤ ᠬᠢᠬᠦ ᠳᠤ ᠳᠠᠷᠢᠵᠤ ᠪᠤᠷᠳᠤᠭᠤᠷ ᠤᠷᠤᠭᠤᠯᠬᠤ ᠮᠠᠰᠢᠨ ᠳᠤ ᠨᠠᠩ ᠶᠡᠭᠡ | ᠪᠤᠷᠳᠤᠭᠤᠷ ᠤᠷᠤᠭᠤᠯᠬᠤ ᠬᠦᠴᠤᠯᠡᠴᠠ ᠲᠠᠢ ᠪᠠᠶᠢᠯᠭᠠᠵᠤ᠂ ᠪᠤᠷᠳᠤᠭᠤᠷ ᠤᠷᠤᠭᠤᠯᠬᠤ ᠬᠦᠴᠤᠯᠡᠴᠠ ᠬᠦᠢᠴᠡᠤᠨ | ᠪᠠᠶᠢᠬᠤ ᠶᠢ ᠪᠠᠳᠤᠯᠠᠬᠤ ᠶᠢᠨ ᠲᠦᠯᠤᠬᠡ᠂ ᠳᠠᠷᠢᠵᠤ ᠪᠤᠷᠳᠤᠭᠤᠷ ᠤᠷᠤᠭᠤᠯᠬᠤ ᠮᠠᠰᠢᠨ ᠳᠤ ᠠᠰᠳᠠᠭᠠᠨ ᠨᠢᠬᠡ | ᠪᠤᠷᠳᠤᠭᠤᠷ ᠤᠷᠤᠭᠤᠯᠬᠤ ᠬᠤᠭᠤᠯᠠᠢ ᠨᠡᠮᠡᠵᠤ ᠤᠭᠰᠠᠷᠠᠬᠤ ᠪᠤᠶᠤ ᠪᠤᠷᠳᠤᠭᠤᠷ ᠤᠷᠤᠭᠤᠯᠬᠤ ᠠᠮᠠᠰᠠᠷ ᠢ ᠶᠡᠬᠡᠰᠬᠡᠵᠤ | ᠪᠠᠶᠢᠭᠠᠤᠨ ᠪᠤᠷᠳᠤᠭᠤᠷ ᠤᠷᠤᠭᠤᠯᠬᠤ ᠬᠡᠮᠵᠢᠶ᠎ᠡ ᠶᠢᠨ ᠬᠠᠷᠠᠯᠳᠠ ᠳᠤ ᠬᠦᠷᠬᠡᠨ᠎ᠡ᠃ ᠡᠬᠦᠨ ᠠᠴᠠ ᠭᠠᠳᠠᠨ᠎ᠠ᠂ ᠡᠷᠳᠡᠨᠢ | ᠰᠢᠰᠢ ᠰᠢᠷ᠎ᠠ ᠪᠤᠷᠴᠠᠭ ᠤᠨ ᠪᠤᠷᠳᠤᠭᠤᠷ ᠤᠨ ᠱᠠᠭᠠᠷᠳᠠᠯᠭ᠎ᠠ ᠶᠢᠨ ᠬᠡᠮᠵᠢᠶ᠎ᠡ ᠪᠠ ᠱᠠᠭᠠᠷᠳᠠᠯᠭ᠎ᠠ ᠶᠢᠨ ᠵᠢᠮ᠎ᠠ ᠶᠤᠰᠤ ᠨᠢ | ᠮᠠᠰᠢ ᠶᠡᠭᠡ ᠵᠦᠷᠢᠶ᠎ᠡ ᠲᠠᠢ ᠪᠤᠯᠬᠤᠷ ᠪᠤᠷᠳᠤᠭᠤᠷ ᠤᠨ ᠬᠠᠮᠢᠶᠠᠷᠤᠯᠳᠠ ᠶᠢ ᠠᠰᠳᠠᠭᠠᠨ ᠶᠠᠪᠤᠭᠳᠠᠭᠤᠯᠤᠨ᠎ᠠ᠃ | ᠢᠯᠠᠩᠭᠤᠶ᠎ᠠ ᠡᠷᠳᠡᠨᠢ ᠰᠢᠰᠢ ᠳᠤ ᠠᠽᠤᠲ ᠪᠤᠷᠳᠤᠭᠤᠷ ᠨᠡᠮᠡᠵᠤ ᠤᠷᠤᠭᠤᠯᠬᠤ ᠳᠠᠭᠠᠨ ᠪᠦᠬᠦ ᠳᠠᠷᠢᠶᠠᠨ ᠳᠤ ᠰᠠᠴᠤᠬᠤ | ᠪᠠ ᠨᠠᠯᠤᠩᠬᠡᠢ ᠤᠰᠤᠯᠠᠬᠤ ᠶᠠᠪᠤᠳᠠᠯ ᠢ ᠴᠢᠩᠭ᠎ᠠ ᠴᠡᠬᠡᠷᠡᠯᠬᠦ ᠬᠡᠷᠡᠭᠳᠠᠢ᠂ ᠡᠰᠡ ᠳᠡᠬᠡᠪᠡᠯ ᠰᠢᠷ᠎ᠠ ᠪᠤᠷᠴᠠᠭ ᠠᠽᠤᠲ | ᠪᠤᠷᠳᠤᠭᠤᠷ ᠤᠨ ᠢᠯᠡᠬᠦᠳᠠᠯ ᠠᠴᠠ ᠪᠤᠯᠵᠤ ᠬᠡᠳᠤᠷᠬᠡᠢ ᠤᠷᠭᠤᠨ᠂ ᠤᠨᠠᠯᠳᠠ ᠶᠢ ᠬᠦᠨᠳᠤ ᠨᠤᠴᠢᠳᠠᠢ ᠪᠠᠭᠤᠷᠠᠭᠤᠯᠬᠤ | ᠪᠤᠯᠤᠨ᠎ᠠ᠃ | 3. ᠳᠤᠰᠭᠠᠷᠯᠠᠵᠤ ᠡᠪᠡᠰᠤ ᠠᠷᠢᠯᠭᠠᠬᠤ ᠪᠤᠯ ᠤᠨᠠᠯᠳᠠ ᠶᠢ ᠳᠤᠭᠳᠠᠪᠤᠷᠢᠵᠢᠭᠤᠯᠤᠨ ᠤᠨᠠᠯᠳᠠ ᠶᠢ ᠨᠡᠮᠡᠭᠳᠡᠬᠦᠯᠬᠦ | ᠪᠠᠳᠤᠯᠠᠭ᠎ᠠ ᠪᠤᠯᠤᠨ᠎ᠠ᠃ ᠰᠢᠷ᠎ᠠ ᠪᠤᠷᠴᠠᠭ᠂ ᠡᠷᠳᠡᠨᠢ ᠰᠢᠰᠢ ᠳᠤᠰᠪᠤᠷᠢ ᠪᠤᠷᠴᠠᠭ ᠤᠨ ᠢᠵᠠᠭᠤᠷ ᠪᠠ ᠦᠶᠡᠳᠤ | ᠤᠷᠭᠤᠮᠠᠯ ᠤᠨ ᠢᠵᠠᠭᠤᠷ ᠲᠤ ᠬᠠᠷᠢᠶᠠᠯᠠᠭᠳᠠᠬᠤ ᠳᠤᠯᠠ ᠡᠪᠡᠰᠤ ᠠᠷᠢᠯᠭᠠᠬᠤ ᠡᠮ ᠢ ᠬᠠᠮᠳᠤ ᠳᠤ ᠨᠢ ᠬᠡᠷᠡᠭᠯᠡᠵᠤ | ᠪᠤᠯᠬᠤ ᠦᠬᠡᠢ ᠤᠴᠢᠷ ᠠᠴᠠ ᠬᠢᠮᠢ ᠶᠢᠨ ᠠᠷᠭ᠎ᠠ ᠪᠠᠷ ᠡᠪᠡᠰᠤ ᠠᠷᠢᠯᠭᠠᠬᠤ ᠶᠠᠪᠤᠴᠠ ᠳᠤ ᠡᠷᠬᠡᠪᠰᠢ ᠳᠤᠰᠭᠠᠷᠯᠠᠨ | ᠬᠠᠯᠬᠠᠯᠠᠬᠤ ᠠᠵᠢᠯ ᠢ ᠰᠠᠶᠢᠳᠤᠷ ᠬᠢᠵᠤ᠂ ᠠᠯᠢ ᠴᠢᠳᠠᠬᠤ ᠪᠠᠷ ᠬᠦᠪᠤᠨ ᠰᠢᠯᠵᠢᠬᠦ ᠶᠢ ᠰᠡᠷᠬᠡᠶᠢᠯᠡᠬᠦ ᠰᠦᠷᠴᠢᠬᠦᠷ | ᠬᠡᠷᠡᠭᠯᠡᠨ᠂ ᠰᠢᠷ᠎ᠠ ᠪᠤᠷᠴᠠᠭ ᠡᠷᠳᠡᠨᠢ ᠰᠢᠰᠢ ᠬᠠᠷᠢᠯᠴᠠᠨ ᠡᠮ ᠤᠨ ᠬᠤᠤᠷᠳᠠᠯ ᠠᠴᠠ ᠪᠤᠯᠵᠤ ᠤᠨᠠᠯᠳᠠ ᠬᠠᠰᠤᠭᠳᠠᠬᠤ | ᠠᠴᠠ ᠰᠡᠷᠬᠡᠶᠢᠯᠡᠬᠦ ᠬᠡᠷᠡᠭᠳᠠᠢ᠃ | | |