ᠭᠤᠷᠪᠠᠨ ᠠᠵᠤ ᠠᠬᠤᠶᠢᠯᠠᠯ ᠤᠳᠤᠭ ᠤᠨ ᠡᠮᠤᠨᠡᠳᠤ ᠬᠤᠰᠢᠭᠤᠨ ᠳᠤ 500 ᠲᠦᠮᠡᠨ ᠲᠦᠬᠦᠷᠢᠭ ᠤᠨ ᠰᠤᠷᠭᠠᠨ ᠬᠦᠮᠤᠵᠢᠯ ᠢ ᠳᠡᠤᠨᠬᠦᠬᠦ ᠮᠦᠩᠬᠦ ᠬᠠᠨᠳᠢᠪᠯᠠᠪᠠ
ᠨᠡᠶᠢᠲᠡᠯᠡᠭᠰᠡᠨ ᠴᠠᠭ᠄
2022/6/24
     6 ᠳ᠋ᠤᠭᠠᠷ ᠰᠠᠷ᠎ᠠ ᠶᠢᠨ 22 ᠤᠨ ᠡᠳᠤᠷ᠂ ᠤᠳᠤᠭ ᠤᠨ ᠡᠮᠤᠨᠳᠤ ᠬᠤᠰᠢᠭᠤᠨ ᠤ ︽ᠨᠠᠮ ᠤᠨ ᠬᠤᠷᠢᠳᠤᠭᠠᠷ ᠶᠡᠭᠡ ᠬᠤᠷᠠᠯ ᠢ ᠤᠭᠳᠤᠵᠤ᠂ ᠰᠤᠷᠭᠠᠨ ᠬᠦᠮᠤᠵᠢᠯ ᠢ ᠬᠠᠯᠠᠮᠵᠢᠯᠠᠵᠤ᠂ ᠰᠤᠷᠤᠯᠭ᠎ᠠ ᠶᠢ ᠳᠡᠤᠨᠬᠦᠬᠦ︾ ᠪᠡᠯᠡ ᠮᠦᠩᠬᠦ ᠬᠠᠨᠳᠢᠪᠯᠠᠬᠤ ᠶᠤᠰᠤᠯᠠᠯ ᠳᠤᠯᠤᠩ ᠤᠷᠳᠤᠨ ᠳᠤ ᠶᠠᠪᠤᠭᠳᠠᠪᠠ᠃ ᠬᠤᠰᠢᠭᠤᠨ ᠤ ᠤᠳᠤᠷᠢᠳᠤᠯᠭ᠎ᠠ ᠵᠤᠤ ᠱᠤᠸᠠᠨ ᠶᠤᠰᠤᠯᠠᠯ ᠳᠤ ᠤᠷᠤᠯᠴᠠᠨ ᠪᠠᠶᠠᠷ ᠤᠨ ᠦᠬᠡ ᠶᠠᠷᠢᠵᠤ᠂ ᠴᠢᠤ ᠯᠢᠨ ᠶᠤᠰᠤᠯᠠᠯ ᠢ ᠡᠷᠬᠢᠯᠡᠵᠤ᠂ ᠸᠠᠩ ᠯᠢᠨ᠂ ᠢᠤᠢ ᠭᠥᠸᠧ ᠴᠢᠶᠠᠩ᠂ ᠦᠪᠤᠷ ᠮᠤᠩᠭᠤᠯ ᠤᠨ ᠰᠢᠩ ᠭᠤᠸᠠᠩ ᠨᠡᠬᠦᠷᠡᠰᠤᠨ ᠤ ᠪᠦᠯᠦᠭᠯᠡᠯ ᠤᠨ ᠬᠢᠵᠠᠭᠠᠷᠳᠤ ᠬᠠᠷᠢᠭᠤᠴᠠᠯᠭᠠᠳᠤ ᠺᠤᠮᠫᠠᠨᠢ ᠶᠢᠨ ᠬᠡᠷᠡᠭ ᠮᠡᠳᠡᠭᠴᠢᠥᠨ ᠤᠨ ᠳᠠᠷᠤᠭ᠎ᠠ ᠭᠤᠤ ᠸᠧᠨ ᡁᠢ᠂ ᠤᠳᠤᠭ ᠬᠤᠰᠢᠭᠤᠨ ᠤ ᠪᠠᠶ᠋ᠬᠠᠤᠰᠤ ᠨᠡᠬᠦᠷᠡᠰᠤᠨ ᠠᠭᠤᠷᠬᠠᠢ ᠶᠢᠨ ᠬᠡᠷᠡᠭ ᠮᠡᠳᠡᠭᠴᠢᠤᠨ ᠤᠨ ᠳᠠᠷᠤᠭ᠎ᠠ ᠴᠧᠨ ᠳ᠋ᠧ ᠮᠧᠩ᠂ ᠦᠪᠤᠷ ᠮᠤᠩᠭᠤᠯ  ᠤᠨ ᠴᠠᠩ ᠴᠧᠩ ᠪᠠᠷᠢᠯᠭ᠎ᠠ ᠶᠢᠨ ᠺᠤᠮᠫᠠᠨᠢ ᠶᠢᠨ ᠬᠡᠷᠡᠭ ᠮᠡᠳᠡᠭᠴᠢᠤᠨ ᠤᠨ ᠳᠠᠷᠤᠭ᠎ᠠ ᠸᠠᠩ ᠹᠧᠢ ᠫᠢᠩ ᠶᠤᠰᠤᠯᠠᠯ ᠳᠤ ᠤᠷᠤᠯᠴᠠᠪᠠ᠃       ᠶᠤᠰᠤᠯᠠᠯ ᠳᠡᠬᠡᠷ᠎ᠡ ᠤᠳᠤᠭ ᠤᠨ ᠡᠮᠤᠨᠡᠳᠤ ᠬᠤᠰᠢᠭᠤᠨ ᠤ ᠰᠤᠷᠭᠠᠨ ᠬᠦᠮᠤᠵᠢᠯ ᠤᠨ ᠬᠦᠭᠵᠢᠯᠳᠠ ᠶᠢᠨ ᠰᠠᠭᠤᠷᠢ ᠮᠦᠩᠬᠦᠨ ᠤ ᠨᠠᠶᠢᠬᠡᠮᠯᠢᠭ ᠲᠤ ᠦᠪᠤᠷ ᠮᠤᠩᠭᠤᠯ ᠤᠨ ᠰᠢᠩ ᠭᠤᠸᠠᠩ ᠨᠡᠬᠦᠷᠡᠰᠤᠨ ᠤ ᠪᠦᠯᠦᠭᠯᠡᠯ ᠤᠨ ᠬᠢᠵᠠᠭᠠᠷᠳᠤ ᠬᠠᠷᠢᠭᠤᠴᠠᠯᠭᠠᠳᠤ ᠺᠤᠮᠫᠠᠨᠢ ᠠᠴᠠ 300 ᠲᠦᠮᠡᠨ ᠲᠦᠬᠦᠷᠢᠭ᠂ ᠤᠳᠤᠭ ᠬᠤᠰᠢᠭᠤᠨ ᠤ ᠪᠠᠶ᠋ᠬᠠᠤᠰᠤ ᠨᠡᠬᠦᠷᠡᠰᠤᠨ ᠠᠭᠤᠷᠬᠠᠢ ᠠᠴᠠ 100 ᠲᠦᠮᠡᠨ ᠲᠦᠬᠦᠷᠢᠭ᠂ ᠦᠪᠤᠷ ᠮᠤᠩᠭᠤᠯ ᠤᠨ ᠴᠠᠩ ᠴᠧᠩ ᠪᠠᠷᠢᠯᠭ᠎ᠠ ᠶᠢᠨ ᠺᠤᠮᠫᠠᠨᠢ ᠠᠴᠠ 100 ᠲᠦᠮᠡᠨ ᠲᠦᠬᠦᠷᠢᠭ ᠬᠠᠨᠳᠢᠪᠯᠡᠪᠠ᠃ ᠡᠨᠡ ᠤᠳᠠᠭ᠎ᠠ ᠬᠠᠨᠳᠢᠪᠯᠠᠭᠰᠡᠨ 500 ᠲᠦᠮᠡᠨ ᠲᠦᠬᠦᠷᠢᠭ ᠢ ᠬᠡᠷ ᠪᠦᠯᠢ ᠶᠢᠨ ᠠᠮᠢᠳᠤᠷᠠᠯ ᠨᠢ ᠬᠦᠴᠢᠷᠳᠠᠯᠳᠠᠢ ᠰᠤᠷᠤᠭᠴᠢᠤᠨ ᠤᠨ ᠰᠤᠷᠤᠯᠭ᠎ᠠ ᠶᠢ ᠳᠡᠤᠨᠬᠦᠬᠦ ᠪᠠ ᠰᠤᠷᠭᠠᠨ ᠬᠦᠮᠤᠵᠢᠯ ᠤᠨ ᠤᠶᠢᠯᠡᠰ ᠤᠨ ᠦᠬᠡᠷᠡᠴᠢᠯᠡᠯᠳᠠ ᠬᠦᠭᠵᠢᠯᠳᠠ ᠳᠤ ᠳᠤᠯᠭᠠᠷᠠᠭᠰᠡᠨ ᠤᠨᠴᠠᠭᠠᠢ ᠬᠦᠴᠢᠷᠳᠠᠯ ᠢ ᠳᠡᠮᠵᠢᠨ ᠰᠢᠢᠤᠨᠪᠤᠷᠢᠯᠡᠬᠦ ᠳᠤ ᠵᠠᠷᠤᠴᠠᠭᠤᠯᠬᠤ ᠪᠠ ᠰᠤᠷᠭᠠᠨ ᠬᠦᠮᠤᠵᠢᠯ ᠤᠨ ᠤᠶᠢᠯᠡᠰ ᠤᠨ ᠦᠬᠡᠷᠡᠴᠢᠯᠡᠯᠳᠠ ᠬᠦᠭᠵᠢᠯᠳᠠ ᠳᠤ ᠬᠤᠪᠢ ᠨᠡᠮᠡᠷᠢ ᠦᠵᠡᠬᠦᠯᠦᠭᠰᠡᠨ ᠬᠤᠪᠢ ᠬᠦᠮᠤᠨ ᠪᠠ ᠪᠠᠶᠢᠭᠤᠯᠭ᠎ᠠ ᠨᠢᠬᠡᠴᠠ ᠶᠢ ᠱᠠᠩᠨᠠᠨ ᠬᠦᠬᠢᠬᠦᠯᠬᠦ ᠳᠤ ᠵᠠᠷᠤᠴᠠᠭᠤᠯᠬᠤ ᠪᠠᠷ ᠪᠠᠶᠢᠨ᠎ᠠ᠃
 
ᠢᠷᠡᠯᠲᠡ᠄ ᠣᠳᠤᠭ ᠤᠨ ᠡᠮᠦᠨᠡᠳᠦ ᠬᠤᠰᠢᠭᠤᠨ ᠤ ᠨᠡᠶᠢᠳᠡᠯᠡᠯ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号