︽ᠭᠠᠵᠠᠷ ᠳᠣᠣᠷᠠᠬᠢ ᠣᠰᠣᠨ ᠤ ᠬᠡᠲᠦ ᠠᠰᠢᠭᠯᠠᠯᠲᠠ ᠶᠢᠨ ᠣᠷᠣᠨ ᠤ ᠲᠠᠷᠢᠮᠠᠯ ᠤᠨ ᠪᠦᠲᠦᠴᠡ ᠶᠢᠨ | ᠲᠤᠬᠢᠷᠠᠭᠤᠯᠤᠯᠲᠠ ᠵᠢᠴᠢ ᠳᠦᠬᠦᠬᠡᠷᠦᠮᠵᠢᠲᠦ ᠲᠠᠷᠢᠶᠠᠯᠠᠩ ᠤᠨ ᠦᠢᠯᠡᠰ ᠤᠨ ᠬᠦᠭᠵᠢᠯᠲᠡ ᠶᠢᠨ | ᠬᠡᠷᠡᠭᠵᠢᠬᠦᠯᠬᠦ ᠲᠦᠰᠦᠯ︾ ᠢ ᠳᠠᠷᠤᠮᠠᠯᠯᠠᠨ ᠲᠠᠷᠬᠠᠭᠠᠬᠤ ᠲᠤᠬᠠᠢ ᠣᠲᠤᠭ ᠤᠨ ᠡᠮᠦᠨᠡᠲᠦ | ᠬᠤᠰᠢᠭᠤᠨ ᠤ ᠠᠷᠠᠳ ᠤᠨ ᠵᠠᠰᠠᠭ ᠤᠨ ᠣᠷᠳᠣᠨ ᠤ ᠮᠡᠳᠡᠭᠳᠡᠯ | | | ᠣᠯᠵᠠᠴᠢ ᠪᠠᠯᠭᠠᠰᠣᠨ ᠤ ᠠᠷᠠᠳ ᠤᠨ ᠵᠠᠰᠠᠭ ᠤᠨ ᠣᠷᠳᠣᠨ᠂ ᠬᠤᠰᠢᠭᠤ ᠰᠢᠭᠤᠳ ᠬᠠᠷᠢᠶ᠎ᠠ ᠡᠯ᠎ᠡ ᠰᠠᠯᠠᠭ᠎ᠠ ᠮᠦᠴᠢᠷ᠄ | ︽ᠭᠠᠵᠠᠷ ᠳᠣᠣᠷᠠᠬᠢ ᠣᠰᠣᠨ ᠤ ᠬᠡᠲᠦ ᠠᠰᠢᠭᠯᠠᠯᠲᠠ ᠶᠢᠨ ᠣᠷᠣᠨ ᠤ ᠲᠠᠷᠢᠮᠠᠯ ᠤᠨ ᠪᠦᠲᠦᠴᠡ ᠶᠢᠨ ᠲᠤᠬᠢᠷᠠᠭᠤᠯᠤᠯᠲᠠ ᠵᠢᠴᠢ ᠳᠦᠬᠦᠬᠡᠷᠦᠮᠵᠢᠲᠦ | ᠲᠠᠷᠢᠶᠠᠯᠠᠩ ᠤᠨ ᠦᠢᠯᠡᠰ ᠤᠨ ᠬᠦᠭᠵᠢᠯᠲᠡ ᠶᠢᠨ ᠬᠡᠷᠡᠭᠵᠢᠬᠦᠯᠬᠦ ᠲᠦᠰᠦᠯ︾ ᠢ ᠬᠤᠰᠢᠭᠤ ᠠᠷᠠᠳ ᠤᠨ ᠵᠠᠰᠠᠭ ᠤᠨ ᠣᠷᠳᠣᠨ ᠠᠴᠠ ᠰᠣᠳᠣᠯᠣᠨ ᠵᠦᠪᠰᠢᠶᠡᠷᠡᠭᠡᠳ᠂ | ᠡᠳᠦᠬᠡ ᠲᠠᠨᠠᠷ ᠲᠤ ᠳᠠᠷᠤᠮᠠᠯᠯᠠᠨ ᠲᠠᠷᠬᠠᠭᠠᠯ᠎ᠠ᠂ ᠪᠤᠲᠠᠲᠠᠢ ᠲᠠᠢ ᠪᠠᠨ ᠣᠶᠠᠯᠳᠣᠭᠤᠯᠵᠣ᠂ ᠬᠢᠨᠠᠮᠠᠭᠠᠢ ᠲᠤᠤᠱᠯᠠᠭᠤᠯᠤᠨ ᠬᠡᠷᠡᠭᠵᠢᠬᠦᠯᠰᠦᠬᠡᠢ᠃ | | ᠣᠲᠤᠭ ᠤᠨ ᠡᠮᠦᠨᠡᠲᠦ ᠬᠤᠰᠢᠭᠤᠨ ᠤ ᠠᠷᠠᠳ ᠤᠨ ᠵᠠᠰᠠᠭ ᠤᠨ ᠣᠷᠳᠣᠨ | 2022 ᠣᠨ ᠤ 2 ᠰᠠᠷ᠎ᠠ ᠶᠢᠨ 24 ᠤ ᠡᠳᠦᠷ | | | ᠭᠠᠵᠠᠷ ᠳᠣᠣᠷᠠᠬᠢ ᠣᠰᠣᠨ ᠤ ᠬᠡᠲᠦ ᠠᠰᠢᠭᠯᠠᠯᠲᠠ ᠶᠢᠨ ᠣᠷᠣᠨ ᠤ ᠲᠠᠷᠢᠮᠠᠯ ᠤᠨ | ᠪᠦᠲᠦᠴᠡ ᠶᠢᠨ ᠲᠤᠬᠢᠷᠠᠭᠤᠯᠤᠯᠲᠠ ᠵᠢᠴᠢ ᠳᠦᠬᠦᠬᠡᠷᠦᠮᠵᠢᠲᠦ ᠲᠠᠷᠢᠶᠠᠯᠠᠩ ᠤᠨ | ᠦᠢᠯᠡᠰ ᠤᠨ ᠬᠦᠭᠵᠢᠯᠲᠡ ᠶᠢᠨ ᠬᠡᠷᠡᠭᠵᠢᠬᠦᠯᠬᠦ ᠲᠦᠰᠦᠯ | | ᠰᠢ ᠶᠢᠨ ᠫᠢᠩ ᠤᠨ ᠠᠮᠢ ᠠᠬᠤᠢ ᠶᠢᠨ ᠪᠤᠯᠪᠠᠰᠣᠨ ᠤ ᠦᠵᠡᠯ ᠰᠠᠨᠠᠭ᠎ᠠ ᠶᠢ ᠬᠦᠨᠵᠡᠬᠡᠢ ᠲᠤᠤᠱᠯᠠᠭᠤᠯᠤᠨ ᠨᠠᠶᠢᠲᠠᠪᠤᠷᠢᠵᠢᠭᠤᠯᠵᠤ᠂ ᠣᠯᠵᠠᠴᠢ ᠪᠠᠯᠭᠠᠰᠣ᠂ | ᠲᠠᠬᠢᠯᠲᠤ ᠶᠢᠨ ᠭᠠᠵᠠᠷ ᠳᠣᠣᠷᠠᠬᠢ ᠣᠰᠣᠨ ᠤ ᠬᠡᠲᠦ ᠠᠰᠢᠭᠯᠠᠯᠲᠠ ᠶᠢᠨ ᠣᠷᠣᠨ ᠤ ᠲᠠᠷᠢᠮᠠᠯ ᠤᠨ ᠪᠦᠲᠦᠴᠡ ᠶᠢᠨ ᠲᠤᠬᠢᠷᠠᠭᠤᠯᠤᠯᠲᠠ ᠶᠢ ᠲᠦᠷᠭᠡᠳᠬᠡᠵᠦ᠂ ᠭᠠᠵᠠᠷ | ᠳᠣᠣᠷᠠᠬᠢ ᠣᠰᠣᠨ ᠤ ᠬᠡᠲᠦ ᠠᠰᠢᠭᠯᠠᠯᠲᠠ ᠶᠢᠨ ᠣᠷᠣᠨ ᠤ ᠵᠠᠰᠠᠯᠲᠠ ᠶᠢᠨ ᠪᠦᠲᠦᠮᠵᠢ ᠶᠢ ᠪᠦᠲᠦᠮᠵᠢᠲᠡᠢ ᠪᠠᠬᠢᠵᠢᠬᠦᠯᠬᠦ ᠶᠢᠨ ᠲᠤᠰᠠᠳᠠ᠂ ᠪᠦᠬᠦ ᠬᠤᠰᠢᠭᠤᠨ ᠤ | ᠭᠠᠵᠠᠷ ᠳᠣᠣᠷᠠᠬᠢ ᠣᠰᠣᠨ ᠤ ᠬᠡᠲᠦ ᠠᠰᠢᠭᠯᠠᠯᠲᠠ ᠶᠢᠨ ᠣᠷᠣᠨ ᠤ ᠪᠤᠲᠠᠲᠠᠢ ᠲᠠᠢ ᠤᠶᠠᠯᠳᠣᠭᠤᠯᠵᠣ᠂ ᠰᠢᠨ᠎ᠡ ᠪᠠᠶᠢᠳᠠᠯ ᠳᠣᠣᠷᠠᠬᠢ ᠣᠯᠣᠰ ᠤᠨ ᠠᠮᠣ ᠪᠣᠳᠠᠭᠠᠨ ᠤ | ᠠᠮᠣᠷ ᠳᠦᠪᠰᠢᠨ ᠤ ᠪᠠᠶᠢᠯᠳᠣᠬᠤ ᠪᠣᠳᠣᠯᠭ᠎ᠠ᠂ ᠣᠯᠣᠰ ᠤᠨ ᠰᠢᠷ᠎ᠠ ᠪᠤᠷᠴᠠᠭ ᠤᠨ ᠬᠦᠭᠵᠢᠬᠦᠯᠦᠯᠲᠡ ᠶᠢᠨ ᠲᠦᠯᠦᠪᠵᠢᠬᠦᠯᠬᠡ ᠪᠠ ᠣᠲᠤᠭ ᠤᠨ ᠡᠮᠦᠨᠡᠲᠦ ᠬᠤᠰᠢᠭᠤᠨ | ᠤ ᠮᠠᠯ ᠲᠠᠷᠢᠶᠠᠯᠠᠩ ᠤᠨ ᠦᠢᠯᠡᠰ ᠤᠨ ᠴᠢᠨᠠᠷᠯᠢᠭ ᠬᠦᠭᠵᠢᠯᠲᠡ ᠶᠢ ᠬᠠᠮᠲᠤ ᠳᠤᠨᠢ ᠬᠠᠷᠠᠭᠠᠯᠵᠠᠬᠤ ᠪᠠᠷ ᠣᠨᠴᠠᠭᠠᠶᠢᠯᠠᠨ ᠲᠤᠰ ᠲᠦᠰᠦᠯ ᠢ ᠲᠤᠭᠲᠠᠭᠠᠪᠠ᠃ | ᠨᠢᠭᠡ᠂ ᠶᠠᠷᠦᠩᠬᠡᠢ ᠱᠠᠭᠠᠷᠳᠠᠯᠭ᠎ᠠ | ᠰᠢ ᠶᠢᠨ ᠫᠢᠩ ᠤᠨ ᠰᠢᠨ᠎ᠡ ᠴᠠᠭ ᠦᠶ᠎ᠡ ᠶᠢᠨ ᠳᠣᠮᠳᠠᠳᠣ ᠣᠯᠣᠰ ᠤᠨ ᠣᠨᠴᠠᠯᠢᠭ ᠲᠠᠢ ᠨᠠᠶᠢᠬᠡᠮ ᠵᠢᠷᠤᠮ ᠤᠨ ᠦᠵᠡᠯ ᠰᠠᠨᠠᠭ᠎ᠠ ᠪᠠᠷ ᠵᠢᠯᠤᠭᠤᠳᠤᠯᠭ᠎ᠠ ᠪᠤᠯᠭᠠᠵᠤ | ᠂ ᠶᠡᠷᠦᠩᠬᠡᠢ ᠱᠦᠵᠢ ᠰᠢ ᠶᠢᠨ ᠫᠢᠩ ᠤᠨ ᠬᠠᠲᠤᠨ ᠭᠤᠤᠯ ᠤᠨ ᠰᠠᠪᠠ ᠭᠠᠵᠠᠷ ᠤᠨ ᠠᠮᠢ ᠠᠬᠤᠢ ᠶᠢᠨ ᠬᠠᠮᠠᠭᠠᠯᠠᠯᠲᠠ ᠪᠠ ᠴᠢᠨᠠᠷᠯᠢᠭ ᠬᠦᠭᠵᠢᠯᠲᠡ ᠶᠢᠨ ᠰᠠᠭᠤᠳᠠᠯ | ᠤᠨ ᠬᠤᠷᠠᠯ ᠳᠡᠭᠡᠷᠡᠬᠢ ᠴᠢᠬᠤᠯᠠ ᠶᠠᠷᠢᠶ᠎ᠠ ᠪᠠ ᠵᠢᠭᠠᠪᠤᠷᠢ ᠶᠢᠨ ᠵᠤᠷᠢᠭ ᠰᠠᠨᠠᠭ᠎ᠠ ᠶᠢ ᠪᠦᠬᠦ ᠲᠠᠯ᠎ᠠ ᠪᠠᠷ ᠲᠤᠤᠱᠯᠠᠭᠤᠯᠵᠤ ᠨᠠᠶᠢᠲᠠᠪᠤᠷᠢᠵᠢᠭᠤᠯᠤᠨ᠂ ︽ᠣᠰᠣ ᠪᠠᠷ | ᠬᠤᠲᠠ᠂ ᠭᠠᠵᠠᠷ᠂ ᠬᠦᠮᠦᠨ᠂ ᠦᠢᠯᠡᠳᠪᠦᠷᠢᠯᠡᠯ ᠢ ᠲᠤᠭᠲᠠᠭᠠᠬᠤ︾ ᠶᠢ ᠣᠰᠣᠨ ᠤ ᠡᠬᠢ ᠰᠣᠷᠪᠣᠯᠵᠢ ᠶᠢᠨ ᠬᠠᠮᠤᠭ ᠤᠨ ᠴᠢᠩᠳᠠ ᠴᠢᠨᠠᠷᠲᠠᠢ ᠬᠢᠵᠠᠭᠠᠷᠯᠠᠯ ᠪᠣᠯᠭᠠᠵᠤ᠂ | ︽ᠣᠰᠣ ᠠᠷᠪᠢᠯᠠᠬᠤ ᠶᠢ ᠲᠡᠷᠢᠬᠦᠨ ᠳᠤ ᠲᠠᠯᠪᠢᠬᠤ᠂ ᠣᠷᠣᠨ ᠵᠠᠢ ᠶᠢ ᠲᠡᠩᠴᠡᠬᠦᠷᠢᠰᠢᠬᠦᠯᠬᠦ᠂ ᠰᠢᠰᠲ᠋ᠧᠮ ᠲᠠᠢ ᠵᠠᠰᠠᠬᠤ᠂ ᠬᠤᠶᠠᠷ ᠲᠠᠯ᠎ᠠ ᠪᠠᠷ ᠬᠦᠴᠦᠯᠡᠬᠦ︾ ᠣᠰᠣ | ᠵᠠᠰᠠᠬᠤ ᠴᠢᠭᠯᠡᠯᠲᠡ ᠶᠢ ᠢᠳᠡᠪᠬᠢᠲᠡᠢ ᠪᠠᠷ ᠦᠢᠯᠡᠳᠦᠯᠬᠡᠵᠢᠬᠦᠯᠦᠨ᠂ ᠣᠰᠣᠨ ᠤ ᠡᠬᠢ ᠰᠣᠷᠪᠣᠯᠵᠢ ᠶᠢᠨ ᠲᠦᠬᠦᠷᠴᠢᠯᠡᠯᠲᠡ ᠶᠢ ᠰᠢᠯᠢᠳᠡᠭᠵᠢᠬᠦᠯᠵᠦ᠂ ᠣᠰᠣᠨ ᠤ ᠡᠬᠢ | ᠰᠣᠷᠪᠣᠯᠵᠢ ᠶᠢᠨ ᠲᠤᠬᠢᠷᠠᠭᠤᠯᠤᠯᠲᠠ ᠶᠢ ᠴᠢᠩᠭᠠᠳᠬᠠᠨ᠂ ᠣᠰᠣᠨ ᠤ ᠡᠬᠢ ᠰᠣᠷᠪᠣᠯᠵᠢ ᠶᠢᠨ ᠬᠡᠷᠡᠭᠴᠡᠭᠡᠨ ᠤ ᠬᠠᠮᠢᠶᠠᠷᠤᠯᠲᠠ ᠶᠢ ᠴᠢᠩᠭᠠᠳᠬᠠᠨ᠎ᠠ᠃ ᠭᠠᠵᠠᠷ | ᠳᠣᠣᠷᠠᠬᠢ ᠤᠰᠣᠨ ᠤ ᠬᠡᠲᠦ ᠠᠰᠢᠭᠯᠠᠯᠲᠠ ᠶᠢᠨ ᠶᠡᠷᠦᠩᠬᠡᠶᠢᠯᠡᠭᠰᠡᠨ ᠵᠠᠰᠠᠯᠲᠠ ᠶᠢᠨ ᠬᠤᠯᠪᠤᠭᠳᠠᠯ ᠪᠦᠬᠦᠢ ᠰᠢᠢᠳᠪᠦᠷᠢᠲᠦ ᠪᠠᠶᠢᠷᠢᠯᠠᠭᠤᠯᠤᠯᠲᠠ ᠶᠢ ᠬᠢᠨᠠᠮᠠᠭᠠᠢ | ᠨᠠᠶᠢᠲᠠᠪᠤᠷᠢᠵᠢᠭᠤᠯᠵᠤ᠂ ᠭᠤᠤᠯᠳᠠᠯᠭᠠᠲᠤ ᠣᠷᠣᠨ ᠪᠦᠰᠡ ᠶᠢ ᠳᠣᠪᠣᠶᠢᠯᠭᠠᠨ᠂ ᠠᠮᠢ ᠠᠬᠤᠢ ᠶᠢ ᠲᠠᠷᠢᠬᠦᠨ ᠳᠤ ᠲᠠᠯᠪᠢᠬᠤ ᠶᠢ ᠪᠠᠷᠢᠮᠲᠠᠯᠠᠵᠤ᠂ ᠲᠦᠷᠦ ᠶᠢᠨ ᠪᠤᠳᠤᠯᠭ᠎ᠠ | ᠶᠢᠨ ᠳᠡᠮᠵᠢᠯᠭᠡ ᠶᠢ ᠴᠢᠩᠭᠠᠳᠬᠠᠨ᠂ ᠲᠦᠬᠦᠬᠡᠷᠦᠮᠵᠢᠲᠦ ᠲᠠᠷᠢᠶᠠᠯᠠᠩ ᠵᠡᠷᠭᠡ ᠦᠨᠳᠦᠷ ᠪᠦᠲᠦᠮᠵᠢᠲᠡᠢ ᠮᠦᠷᠲᠡᠭᠡᠨ ᠣᠨᠴᠠᠯᠢᠭᠲᠤ ᠲᠠᠷᠢᠮᠠᠯ ᠤᠨ ᠵᠠᠭᠪᠤᠷ ᠢ | ᠬᠦᠭᠵᠢᠬᠦᠯᠵᠦ᠂ ᠨᠠᠷᠢᠮᠦ᠂ ᠰᠢᠷ᠎ᠠ ᠪᠤᠷᠴᠠᠭ᠂ ᠠᠮᠣ᠂ ᠰᠠᠭᠠᠭ ᠵᠡᠷᠭᠡ ᠭᠠᠩ ᠳᠤ ᠲᠡᠰᠪᠤᠷᠢᠲᠡᠢ ᠮᠦᠷᠲᠡᠭᠡᠨ ᠣᠰᠣ ᠠᠷᠪᠢᠯᠠᠬᠤ ᠲᠠᠷᠢᠮᠠᠯ ᠢ ᠲᠦᠬᠡᠮᠡᠯᠵᠢᠬᠦᠯᠦᠨ᠂ ᠭᠠᠩ | ᠳᠠᠭᠠᠭᠠᠨ ᠴᠢᠬᠢᠭ ᠬᠠᠮᠠᠭᠠᠯᠠᠬᠤ ᠲᠠᠷᠢᠯᠲᠠ ᠶᠢᠨ ᠮᠡᠷᠭᠡᠵᠢᠯ ᠢ ᠬᠦᠢᠴᠡᠳ ᠠᠰᠢᠭᠯᠠᠵᠤ᠂ ᠣᠰᠣ ᠬᠢᠵᠠᠭᠠᠷᠯᠠᠬᠤ ᠲᠠᠷᠢᠮᠠᠯ ᠤᠨ ᠳᠦᠷᠢᠮ ᠢ ᠪᠠᠶᠢᠭᠤᠯᠤᠨ᠂ ᠵᠢᠯ ᠤᠨ | ᠭᠠᠵᠠᠷ ᠳᠣᠣᠷᠠᠬᠢ ᠣᠰᠣᠨ ᠤ ᠠᠰᠢᠭᠯᠠᠯᠲᠠ ᠶᠢᠨ ᠬᠡᠮᠵᠢᠶ᠎ᠡ ᠶᠢ ᠪᠠᠭᠠᠰᠬᠠᠬᠤ ᠡᠬᠦᠷᠬᠡ ᠶᠢᠨ ᠪᠡᠶᠡᠯᠡᠬᠦᠯᠦᠯᠲᠡ ᠶᠢ ᠪᠠᠲᠤᠯᠠᠵᠤ᠂ ᠴᠢᠨᠠᠷᠯᠢᠭ ᠬᠦᠭᠵᠢᠯᠲᠡ ᠪᠠ ᠣᠰᠣᠨ ᠤ | ᠡᠬᠢ ᠰᠣᠷᠪᠣᠯᠵᠢ᠂ ᠣᠰᠣᠨ ᠤ ᠠᠮᠢ ᠠᠬᠤᠢ᠂ ᠣᠰᠣᠨ ᠤ ᠣᠷᠴᠢᠨ ᠲᠤᠭᠤᠷᠢᠨ ᠤ ᠠᠴᠢᠶᠠᠯᠠᠪᠤᠷᠢ ᠶᠢᠨ ᠴᠢᠳᠠᠪᠤᠷᠢ ᠬᠠᠷᠢᠯᠴᠠᠨ ᠵᠤᠬᠢᠴᠠᠬᠤ ᠶᠢ ᠠᠬᠢᠭᠤᠯᠤᠨ᠎ᠠ᠃ | ᠬᠤᠶᠠᠷ᠂ ᠦᠨᠳᠦᠰᠦᠨ ᠵᠠᠷᠴᠢᠮ | ︵ᠨᠢᠭᠡ︶ ᠰᠢᠨᠵᠢᠯᠡᠭᠡ ᠮᠡᠷᠭᠡᠵᠢᠯ ᠤᠨ ᠬᠡᠷᠡᠭᠯᠡᠯᠲᠡ ᠶᠢ ᠳᠣᠪᠣᠶᠢᠯᠭᠠᠨ᠎ᠠ᠃ ᠭᠠᠵᠠᠷ ᠳᠣᠣᠷᠠᠬᠢ ᠣᠰᠣᠨ ᠤ ᠬᠡᠲᠦ ᠠᠰᠢᠭᠯᠠᠯᠲᠠ ᠶᠢᠨ ᠣᠷᠣᠨ ᠤ ᠮᠠᠯᠴᠢᠨ | ᠲᠠᠷᠢᠶᠠᠴᠢᠨ ᠬᠦᠯᠡᠮᠵᠢ ᠶᠢᠨ ᠢᠳᠡᠰᠢᠨ ᠨᠤᠭᠤᠭ᠎ᠠ ᠲᠠᠷᠢᠬᠤ᠂ ᠭᠠᠩ ᠳᠤ ᠲᠡᠰᠪᠤᠷᠢᠲᠡᠢ ᠲᠠᠷᠢᠮᠠᠯ ᠤᠨ ᠪᠦᠲᠦᠭᠡᠭᠳᠡᠬᠦᠨ ᠨᠠᠷᠢᠮᠦ᠂ ᠰᠢᠷ᠎ᠠ ᠪᠤᠷᠴᠠᠭ᠂ ᠠᠮᠤ᠂ ᠰᠠᠭᠠᠭ | ᠵᠡᠷᠭᠡ ᠡᠯᠳᠡᠪ ᠠᠮᠣ ᠲᠠᠷᠢᠬᠤ ᠶᠢ ᠵᠤᠷᠢᠭᠵᠢᠭᠤᠯᠵᠤ᠂ ᠲᠠᠷᠢᠶᠠᠯᠠᠩ ᠤᠨ ᠮᠠᠰᠢᠨ ᠲᠠᠷᠢᠶᠠᠯᠠᠩ ᠤᠨ ᠮᠡᠷᠭᠡᠵᠢᠯ ᠤᠨ ᠣᠶᠠᠯᠳᠣᠭᠤᠯᠣᠯ ᠢ ᠪᠠᠷᠢᠮᠲᠠᠯᠠᠨ᠂ ᠣᠰᠣ | ᠠᠷᠪᠢᠯᠠᠬᠤ᠂ ᠭᠠᠩ ᠳᠠᠭᠠᠭᠠᠬᠤ᠂ ᠪᠣᠷᠣᠭᠠᠨ ᠢ ᠠᠰᠢᠭᠯᠠᠬᠤ᠂ ᠴᠢᠬᠢᠭ ᠢ ᠬᠠᠮᠠᠭᠠᠯᠠᠬᠤ ᠵᠡᠷᠭᠡ ᠲᠠᠷᠢᠬᠤ ᠮᠡᠷᠭᠡᠵᠢᠯ ᠪᠠ ᠲᠠᠷᠢᠶᠠᠯᠠᠬᠤ ᠠᠷᠭ᠎ᠠ ᠮᠠᠶ᠋ᠢᠭ ᠢ ᠬᠡᠷᠡᠭᠵᠢᠬᠦᠯᠵᠦ᠂ | ᠲᠤᠰᠬᠠᠢ ᠮᠡᠷᠬᠡᠵᠢᠯ ᠤᠨ ᠰᠠᠯᠠᠭ᠎ᠠ ᠮᠦᠴᠢᠷ ᠠᠴᠠ ᠭᠤᠤᠯ ᠲᠠᠷᠢᠮᠠᠯ ᠤᠨ ᠲᠦᠷᠦᠯ ᠢ ᠲᠠᠨᠢᠯᠴᠠᠭᠤᠯᠤᠨ᠂ ᠨᠠᠶᠢᠷᠠᠯᠭ᠎ᠠ ᠲᠠᠢ ᠪᠤᠷᠳᠣᠭᠤᠷ᠂ ᠣᠷᠭᠠᠨᠢᠭ ᠪᠤᠷᠳᠣᠭᠤᠷ ᠢ | ᠲᠦᠬᠡᠮᠡᠯᠵᠢᠬᠦᠯᠵᠦ᠂ ᠬᠠᠣᠯᠢ ᠳᠤ ᠨᠡᠶᠢᠴᠡᠬᠦ ᠣᠰᠣᠯᠠᠯᠲᠠ ᠶᠢᠨ ᠭᠠᠵᠠᠷ ᠤᠨ ᠶᠠᠰᠣ ᠴᠢᠨᠠᠷ᠂ ᠣᠰᠣ ᠬᠠᠮᠠᠭᠠᠯᠠᠬᠤ ᠴᠢᠳᠠᠪᠤᠷᠢ ᠶᠢ ᠳᠡᠭᠡᠭᠰᠢᠯᠡᠬᠦᠯᠦᠨ᠂ ᠬᠤᠷ᠎ᠠ | ᠳᠣᠨᠳᠠᠰᠣ ᠶᠢ ᠬᠦᠢᠴᠡᠳ ᠠᠰᠢᠭᠯᠠᠵᠤ᠂ ᠭᠠᠵᠠᠷ ᠳᠣᠣᠷᠠᠬᠢ ᠣᠰᠣ ᠶᠢ ᠠᠰᠢᠭᠯᠠᠬᠤ ᠦᠬᠡᠢ ᠪᠤᠶᠤ ᠴᠦᠬᠡᠨ ᠠᠰᠢᠭᠯᠠᠬᠤ ᠶᠢ ᠪᠠᠲᠤᠯᠠᠨ᠎ᠠ᠃ | ︵ᠬᠤᠶᠠᠷ︶ ᠮᠠᠯᠴᠢᠨ ᠲᠠᠷᠢᠶᠠᠴᠢᠨ ᠤ ᠠᠰᠢᠭ ᠲᠤᠰᠠ ᠶᠢ ᠲᠤᠭᠲᠠᠭᠤᠨ ᠪᠠᠶᠢᠯᠭᠠᠨ᠎ᠠ᠃ ᠵᠠᠰᠠᠭ ᠤᠨ ᠣᠷᠳᠣᠨ ᠤ ᠵᠢᠯᠤᠭᠤᠳᠤᠯᠭ᠎ᠠ ᠪᠠᠷ ᠳᠠᠮᠵᠢᠭᠤᠯᠤᠨ᠂ | ᠮᠠᠯᠴᠢᠨ ᠲᠠᠷᠢᠶᠠᠴᠢᠨ ᠤ ᠲᠠᠷᠢᠮᠠᠯ ᠤᠨ ᠪᠦᠲᠦᠴᠡ ᠪᠠᠨ ᠰᠢᠯᠢᠳᠡᠭᠵᠢᠬᠦᠯᠬᠦ ᠶᠢ ᠬᠦᠢᠴᠡᠳ ᠳᠠᠶᠢᠴᠢᠯᠠᠵᠤ᠂ ᠲᠠᠷᠢᠬᠤ ᠵᠠᠭᠪᠤᠷ ᠢᠶᠠᠨ ᠪᠠᠶᠠᠯᠢᠭᠵᠢᠭᠤᠯᠤᠨ᠂ ᠲᠦᠷᠦ ᠶᠢᠨ | ᠪᠤᠳᠤᠯᠭ᠎ᠠ ᠶᠢᠨ ᠳᠡᠮᠵᠢᠯᠬᠡ ᠶᠢ ᠲᠠᠰᠣᠷᠠᠯᠲᠠ ᠦᠬᠡᠢ ᠴᠢᠩᠭᠠᠳᠬᠠᠵᠤ᠂ ᠦᠷ᠎ᠡ ᠠᠰᠢᠭ ᠤᠨ ᠨᠦᠬᠦᠪᠦᠷᠢ ᠶᠢᠨ ᠲᠤᠭᠲᠠᠴᠠ ᠶᠢ ᠪᠠᠶᠢᠭᠤᠯᠤᠨ᠂ ᠰᠦᠯᠢᠶᠤᠤ ᠬᠦᠯᠡᠮᠵᠢ | ᠪᠠᠶᠢᠭᠤᠯᠤᠨ ᠢᠳᠡᠰᠢᠨ ᠨᠤᠭᠤᠭ᠎ᠠ ᠲᠠᠷᠢᠭᠰᠠᠨ᠂ ᠰᠠᠶᠢᠨ ᠳᠣᠷ᠎ᠠ ᠠᠴᠠ ᠪᠠᠨ ᠣᠰᠣ ᠬᠢᠵᠠᠭᠠᠷᠯᠠᠬᠤ ᠨᠠᠷᠢᠮᠣ᠂ ᠰᠢᠷ᠎ᠡ ᠪᠣᠷᠴᠠᠭ᠂ ᠠᠮᠣ᠂ ᠰᠠᠭᠠᠭ ᠵᠡᠷᠭᠡ ᠡᠯᠳᠡᠪ ᠠᠮᠣ | ᠰᠣᠩᠭᠤᠨ ᠲᠠᠷᠢᠭᠰᠠᠨ ᠮᠠᠯᠴᠢᠨ ᠲᠠᠷᠢᠶᠠᠴᠢᠨ ᠳᠤ ᠲᠤᠭᠲᠠᠭᠰᠠᠨ ᠨᠦᠬᠦᠪᠦᠷᠢ ᠦᠭᠴᠦ᠂ ᠲᠦᠷᠦᠯ ᠵᠦᠢᠯ ᠤᠨ ᠣᠷᠣᠨ ᠤ ᠮᠠᠯᠴᠢᠨ ᠲᠠᠷᠢᠶᠠᠴᠢᠨ ᠤ ᠣᠷᠣᠯᠭ᠎ᠠ | ᠨᠦᠯᠦᠬᠡᠯᠡᠯ ᠪᠠᠭᠠᠲᠠᠢ ᠪᠠᠶᠢᠬᠤ ᠶᠢ ᠪᠠᠲᠤᠯᠠᠨ᠎ᠠ᠃ | ︵ᠭᠤᠷᠪᠠ︶ ᠪᠦᠬᠦᠶᠢᠯᠡ ᠴᠤᠭᠴᠠ ᠪᠠᠷ ᠵᠤᠬᠢᠶᠠᠨ ᠪᠠᠶᠢᠭᠤᠯᠤᠨ ᠬᠡᠷᠡᠭᠵᠢᠬᠦᠯᠦᠨ᠎ᠡ᠃ ᠭᠠᠵᠠᠷ ᠳᠣᠣᠷᠠᠬᠢ ᠣᠰᠣᠨ ᠤ ᠬᠡᠲᠦ ᠠᠰᠢᠭᠯᠠᠯᠲᠠ ᠶᠢᠨ ᠣᠷᠣᠨ ᠳᠤ | ᠲᠤᠬᠠᠢ ᠶᠢᠨ ᠭᠠᠵᠠᠷ ᠲᠤ ᠨᠢ ᠲᠤᠬᠢᠷᠠᠭᠤᠯᠤᠨ᠂ ᠪᠦᠬᠦᠯᠢ ᠴᠤᠭᠴᠠ ᠪᠠᠷ ᠠᠬᠢᠭᠤᠯᠵᠤ᠂ ᠭᠠᠵᠠᠷ ᠳᠣᠣᠷᠠᠬᠢ ᠣᠰᠣᠨ ᠤ ᠬᠠᠮᠢᠶᠠᠷᠤᠯᠲᠠ ᠶᠢ ᠴᠢᠩᠭ᠎ᠠ ᠬᠡᠷᠡᠭᠵᠢᠬᠦᠯᠦᠨ᠂ | ᠨᠢᠭᠡᠳᠦᠯᠲᠡᠢ ᠲᠦᠯᠦᠪᠵᠢᠬᠦᠯᠦᠨ ᠠᠬᠢᠭᠤᠯᠤᠨ᠎ᠠ᠃ | ︵ᠳᠦᠷᠪᠡ︶ ᠡᠮᠬᠢᠲᠡᠢ ᠮᠦᠷᠲᠡᠭᠡᠨ ᠳᠦᠷᠢᠮᠵᠢᠬᠦᠨ ᠠᠵᠢᠯᠯᠠᠭᠤᠯᠤᠨ᠎ᠠ᠃ ᠲᠦᠷᠦᠯ ᠵᠦᠢᠯ ᠤᠨ ᠬᠠᠮᠢᠶᠠᠷᠤᠯᠲᠠ ᠶᠢ ᠴᠢᠩᠭᠠᠳᠬᠠᠵᠤ᠂ ᠲᠦᠷᠦᠯ ᠵᠦᠢᠯ ᠤᠨ | ᠬᠡᠷᠡᠭᠵᠢᠬᠦᠯᠦᠯᠲᠡ ᠶᠢᠨ ᠶᠠᠪᠤᠴᠠ ᠪᠠᠨ ᠴᠢᠩᠭᠠᠳᠬᠠᠨ᠂ ᠲᠦᠷᠦᠯ ᠵᠦᠢᠯ ᠤᠨ ᠠᠵᠢᠯᠯᠠᠮᠵᠢ ᠶᠢ ᠳᠦᠷᠢᠮᠵᠢᠬᠦᠯᠵᠦ᠂ ᠢᠯᠡ ᠪᠤᠯᠭᠠᠬᠤ ᠳᠦᠷᠢᠮ ᠢ ᠬᠡᠷᠡᠭᠵᠢᠬᠦᠯᠦᠨ᠂ | ᠣᠯᠠᠨ ᠲᠦᠮᠡᠨ ᠤ ᠬᠢᠨᠠᠯᠲᠠ ᠶᠢ ᠬᠦᠯᠢᠶᠡᠨ ᠠᠪᠤᠨ᠎ᠠ᠃ ᠬᠤᠳᠳᠤᠭ ᠢ ᠬᠢᠵᠠᠭᠠᠷᠯᠠᠨ ᠲᠡᠷᠢᠶ᠎ᠡ ᠶᠢ ᠪᠠᠭᠠᠰᠬᠠᠬᠤ ᠠᠷᠭ᠎ᠠ ᠠᠪᠴᠠᠯ ᠢ ᠨᠠᠶᠢᠲᠠᠪᠤᠷᠢᠵᠢᠭᠤᠯᠵᠤ᠂ ᠣᠰᠣ | ᠠᠷᠪᠢᠯᠠᠬᠤ ᠬᠠᠷᠠᠯᠲᠠ ᠶᠢ ᠲᠤᠲᠤᠷᠬᠠᠶᠢᠯᠠᠨ᠂ ᠣᠰᠣ ᠬᠢᠵᠠᠭᠠᠷᠯᠠᠬᠤ ᠨᠠᠷᠢᠮᠣ᠂ ᠰᠢᠷ᠎ᠡ ᠪᠣᠷᠴᠠᠭ᠂ ᠠᠮᠣ᠂ ᠰᠠᠭᠠᠭ ᠵᠡᠷᠭᠡ ᠡᠯᠳᠡᠪ ᠠᠮᠣ ᠲᠡᠷᠢᠬᠤ ᠲᠦᠷᠦᠯ ᠵᠦᠢᠯ ᠤᠨ | ᠬᠦᠷᠢᠶ᠎ᠡ ᠬᠡᠪᠴᠢᠶᠡᠨ ᠳᠤ ᠬᠠᠮᠠᠭᠠᠯᠠᠯᠲᠠ ᠶᠢᠨ ᠴᠢᠨᠠᠷᠲᠠᠢ ᠠᠷᠭ᠎ᠠ ᠠᠪᠴᠠᠯ ᠢ ᠬᠡᠷᠡᠭᠯᠡᠵᠦ᠂ ᠬᠠᠤᠯᠢ ᠶᠤᠰᠤᠨ ᠤ ᠣᠰᠣᠯᠠᠯᠲᠠ ᠶᠢᠨ ᠭᠠᠵᠠᠷ ᠤᠨ ᠰᠢᠨᠵᠢ ᠴᠢᠨᠠᠷ ᠢ | ᠬᠤᠪᠢᠷᠠᠭᠤᠯᠵᠤ ᠪᠤᠯᠬᠤ ᠦᠬᠡᠢ᠂ ᠡᠬᠦᠷᠭᠡ᠂ ᠨᠦᠬᠦᠪᠦᠷᠢ ᠮᠦᠩᠭᠦ᠂ ᠣᠰᠣ ᠠᠷᠪᠢᠯᠠᠬᠤ ᠬᠡᠮᠵᠢᠶ᠎ᠡ ᠪᠠᠨ ᠡᠷᠦᠬᠡ᠂ ᠭᠠᠵᠠᠷ ᠣᠷᠣᠨ ᠳᠤ ᠨᠠᠷᠢᠯᠢᠭ ᠤᠨᠤᠪᠴᠢᠲᠠᠢ ᠪᠠᠷ | ᠨᠠᠶᠢᠲᠠᠪᠤᠷᠢᠵᠢᠭᠤᠯᠤᠨ᠎ᠠ᠃ | ᠭᠤᠷᠪᠠ᠂ ᠡᠬᠦᠷᠭᠡ ᠬᠠᠷᠠᠯᠲᠠ | 2022 ᠣᠨ ᠳᠤ ᠭᠠᠵᠠᠷ ᠳᠣᠣᠷᠠᠬᠢ ᠣᠰᠣᠨ ᠤ ᠬᠡᠲᠦ ᠠᠰᠢᠭᠯᠠᠯᠲᠠ ᠶᠢᠨ ᠣᠷᠣᠨ ᠭᠤᠷᠪᠠᠨ ᠪᠤᠯᠠᠭ ᠲᠤᠰᠬᠤᠨ᠂ ᠶᠡᠭᠡ ᠲᠤᠯᠤᠨ ᠲᠤᠰᠬᠤᠨ᠂ ᠣᠯᠵᠠᠴᠢ | ᠭᠠᠴᠠᠭ᠎ᠠ᠂ ᠲᠠᠬᠢᠯᠲᠤ ᠲᠤᠰᠬᠤᠨ᠂ ᠠᠳᠣᠭᠤᠨ ᠬᠤᠳᠳᠤᠭ ᠲᠤᠰᠬᠤᠨ᠂ ᠪᠠᠯᠠᠩ ᠤᠨ ᠲᠤᠭᠠᠩ ᠲᠤᠰᠬᠤᠨ᠂ ᠲᠠᠬᠢᠯᠲᠤ ᠨᠡᠶᠢᠬᠡᠮ ᠲᠤᠭᠤᠷᠢᠭ ᠲᠤ 1 ᠲᠦᠮᠡᠨ ᠮᠣ᠋ | ᠬᠠᠣᠯᠢ ᠶᠤᠰᠤᠨ ᠤ ᠣᠰᠣᠯᠠᠯᠲᠠ ᠶᠢᠨ ᠭᠠᠵᠠᠷ ᠤᠨ ᠲᠠᠷᠢᠮᠠᠯ ᠤᠨ ᠪᠦᠲᠦᠴᠡ ᠶᠢᠨ ᠲᠤᠬᠢᠷᠠᠭᠤᠯᠤᠯᠲᠠ ᠶᠢ ᠬᠡᠷᠡᠭᠵᠢᠬᠦᠯᠵᠦ᠂ ᠦᠪᠡᠷᠲᠡᠭᠡᠨ ᠪᠠᠶᠢᠭᠤᠯᠤᠭᠰᠠᠨ | ᠪᠠᠷᠢᠮᠵᠢᠶᠠᠲᠤ ᠰᠦᠯᠢᠶᠤᠤ ᠬᠦᠯᠡᠮᠵᠢ 500 ᠰᠠᠭᠤᠷᠢ ︵400 ᠮᠣ᠋︶᠂ ᠣᠰᠣ ᠬᠢᠵᠠᠭᠠᠷᠯᠠᠬᠤ ᠨᠠᠷᠢᠮᠣ᠂ ᠰᠢᠷ᠎ᠡ ᠪᠣᠷᠴᠠᠭ᠂ ᠠᠮᠣ᠂ ᠰᠠᠭᠠᠭ ᠵᠡᠷᠭᠡ ᠡᠯᠳᠡᠪ ᠠᠮᠣ | 9600 ᠮᠣ᠋ ᠲᠠᠷᠢᠬᠤ ᠪᠠᠷ ᠰᠣᠯᠢᠨ᠂ ᠲᠦᠷᠦᠯ ᠵᠦᠢᠯ ᠤᠨ ᠬᠡᠷᠡᠭᠵᠢᠬᠦᠯᠦᠯᠲᠡ ᠶᠢ ᠬᠤᠶᠠᠷ ᠵᠦᠢᠯ ᠤᠨ ᠵᠠᠭᠪᠤᠷ ᠢᠶᠠᠷ ᠬᠤᠪᠢᠶᠠᠪᠠ᠄ | ᠵᠠᠭᠪᠤᠷ 1᠄ ᠬᠡᠲᠦ ᠠᠰᠢᠭᠯᠠᠯᠲᠠ ᠶᠢᠨ ᠣᠷᠣᠨ ᠤ ᠲᠤᠲᠤᠷ᠎ᠠ ᠠᠴᠠ ᠨᠦᠬᠦᠴᠡᠯ ᠳᠤ ᠨᠡᠶᠢᠴᠡᠭᠰᠡᠨ ᠮᠦᠷᠲᠡᠭᠡᠨ ᠢᠳᠡᠪᠬᠢᠵᠢᠯ ᠪᠦᠬᠦᠢ ᠮᠠᠯᠴᠢᠨ ᠲᠠᠷᠢᠶᠠᠴᠢᠨ ᠤ | 5000 ᠮᠣ᠋ ᠬᠠᠤᠯᠢ ᠶᠤᠰᠤᠨ ᠤ ᠣᠰᠣᠯᠠ᠊ ᠯᠲᠠ ᠶᠢᠨ ᠭᠠᠵᠠᠷ ᠢ ᠰᠣᠩᠭᠤᠵᠣ᠂ 0.8 ᠮᠣ᠋ ᠶᠢᠨ ᠦᠪᠡᠷᠲᠡᠭᠡᠨ ᠪᠠᠶᠢᠭᠤᠯᠤᠭᠰᠠᠨ ᠪᠠᠷᠢᠮᠵᠢᠶᠠᠲᠤ ᠰᠦᠯᠢᠶᠤᠤ ᠬᠦᠯᠡᠮᠵᠢ | 500 ᠰᠠᠭᠤᠷᠢ ︵400 ᠮᠣ᠋ ᠴᠡᠪᠡᠷ ᠦᠢᠯᠡᠳᠪᠦᠷᠢᠯᠡᠯ ᠤᠨ ᠲᠡᠯᠡᠪᠡᠢ︶ ᠪᠠᠷ ᠰᠣᠯᠢᠨ᠂ ᠦᠯᠡᠳᠡᠭᠰᠡᠨ 4600 ᠮᠣ᠋ ᠳᠤ ᠮᠠᠯᠴᠢᠨ ᠲᠠᠷᠢᠶᠠᠴᠢᠨ ᠰᠠᠶᠢᠨ ᠳᠣᠷ᠎ᠠ | ᠠᠴᠠ ᠪᠠᠨ ᠣᠰᠣ ᠬᠢᠵᠠᠭᠠᠷᠯᠠᠬᠤ ᠨᠠᠷᠢᠮᠣ᠂ ᠰᠢᠷ᠎ᠡ ᠪᠣᠷᠴᠠᠭ᠂ ᠠᠮᠣ᠂ ᠰᠠᠭᠠᠭ ᠵᠡᠷᠭᠡ ᠡᠯᠳᠡᠪ ᠠᠮᠣ ᠶᠢ ᠲᠠᠷᠢᠨ᠎ᠠ᠂ 10 ᠮᠣ᠋ ᠬᠠᠤᠯᠢ ᠶᠤᠰᠤᠨ ᠤ ᠣᠰᠣᠯᠠᠯᠲᠠ ᠶᠢᠨ | ᠭᠠᠵᠠᠷ ᠢᠶᠠᠷ ᠵᠢᠱᠢᠶᠡᠯᠡᠪᠡᠯ᠂ ᠲᠡᠬᠦᠨ ᠤ ᠲᠤᠲᠤᠷᠠᠬᠢ 1 ᠮᠣ᠋ ᠬᠠᠤᠯᠢ ᠶᠤᠰᠤᠨ ᠤ ᠣᠰᠣᠯᠠᠯᠲᠠ ᠶᠢᠨ ᠭᠠᠵᠠᠷ ᠢ ᠠᠰᠢᠭᠯᠠᠨ 0.8 ᠮᠣ᠋ ᠰᠦᠯᠢᠶᠣᠣ ᠬᠦᠯᠡᠮᠵᠢ ᠶᠢᠨ | ᠢᠳᠡᠰᠢᠨ ᠨᠣᠭᠤᠭ᠎ᠠ ᠲᠠᠷᠢᠵᠦ᠂ ᠦᠯᠡᠳᠡᠭᠰᠡᠨ 9.2 ᠮᠣ᠋ ᠬᠠᠤᠯᠢ ᠶᠤᠰᠤᠨ ᠤ ᠣᠰᠣᠯᠠᠯᠲᠠ ᠶᠢᠨ ᠭᠠᠵᠠᠷ ᠳᠡᠭᠡᠷ᠎ᠡ ᠰᠠᠶᠢᠨ ᠳᠣᠷ᠎ᠠ ᠠᠴᠠ ᠪᠠᠨ ᠣᠰᠣ ᠬᠢᠵᠠᠭᠠᠷᠯᠠᠬᠤ | ᠨᠠᠷᠢᠮᠣ᠂ ᠰᠢᠷ᠎ᠡ ᠪᠣᠷᠴᠠᠭ᠂ ᠠᠮᠣ᠂ ᠰᠠᠭᠠᠭ ᠵᠡᠷᠭᠡ ᠡᠯᠳᠡᠪ ᠠᠮᠣ ᠶᠢ ᠲᠠᠷᠢᠨ᠂ ᠵᠢᠯ ᠳᠤ 3 ᠣᠳᠠᠭ᠎ᠠ ᠣᠰᠣᠯᠠᠬᠤ ᠪᠠᠷ ᠲᠤᠭᠲᠠᠭᠠᠵᠤ᠂ ᠮᠣ᠋ ᠨᠢᠭᠡᠪᠦᠷᠢ ᠳᠤ 60 | ᠺᠦᠪ ᠮᠧᠲᠷ ᠠᠴᠠ ᠬᠡᠲᠦᠷᠡᠭᠦᠯᠵᠦ ᠪᠤᠯᠬᠤ ᠦᠬᠡᠢ᠃ | ᠵᠠᠭᠪᠤᠷ 2᠄ ᠭᠠᠵᠠᠷ ᠳᠣᠣᠷᠠᠬᠢ ᠣᠰᠣᠨ ᠤ ᠬᠡᠲᠦ ᠠᠰᠢᠭᠯᠠᠯᠲᠠ ᠶᠢᠨ ᠣᠷᠣᠨ ᠤ ᠲᠤᠲᠤᠷ᠎ᠠ ᠠᠴᠠ ᠨᠦᠬᠦᠴᠡᠯ ᠳᠤ ᠨᠡᠶᠢᠴᠡᠭᠰᠡᠨ ᠮᠦᠷᠲᠡᠭᠡᠨ ᠢᠳᠡᠪᠬᠢᠵᠢᠯ | ᠪᠦᠬᠦᠢ ᠮᠠᠯᠴᠢᠨ ᠲᠠᠷᠢᠶᠠᠴᠢᠨ ᠤ 5000 ᠮᠣ᠋ ᠬᠠᠤᠯᠢ ᠶᠤᠰᠤᠨ ᠤ ᠣᠰᠣᠯᠠᠯᠲᠠ ᠶᠢᠨ ᠭᠠᠵᠠᠷ ᠢ ᠰᠣᠩᠭᠤᠵᠣ᠂ ᠰᠠᠶᠢᠨ ᠳᠣᠷ᠎ᠠ ᠠᠴᠠ ᠪᠠᠨ ᠣᠰᠣ ᠬᠢᠵᠠᠭᠠᠷᠯᠠᠬᠤ | ᠨᠠᠷᠢᠮᠣ᠂ ᠰᠢᠷ᠎ᠡ ᠪᠣᠷᠴᠠᠭ᠂ ᠠᠮᠣ᠂ ᠰᠠᠭᠠᠭ ᠵᠡᠷᠭᠡ ᠡᠯᠳᠡᠪ ᠠᠮᠣ ᠲᠠᠷᠢᠪᠠᠯ ᠵᠢᠯ ᠳᠤ 3 ᠣᠳᠠᠭ᠎ᠠ ᠣᠰᠣᠯᠠᠬᠤ ᠪᠠᠷ ᠲᠤᠭᠲᠠᠭᠠᠨ᠂ ᠮᠣ᠋ ᠨᠢᠭᠡᠪᠦᠷᠢ ᠳᠤ 60 ᠺᠦᠪ | ᠮᠧᠲᠷ ᠠᠴᠠ ᠬᠡᠲᠦᠷᠡᠭᠦᠯᠵᠦ ᠪᠤᠯᠬᠤ ᠦᠬᠡᠢ᠃ ᠭᠠᠵᠠᠷ ᠳᠣᠣᠷᠠᠬᠢ ᠣᠰᠣᠨ ᠤ ᠬᠡᠲᠦ ᠠᠰᠢᠭᠯᠠᠯᠲᠠ ᠶᠢᠨ ᠣᠷᠣᠨ ᠤ 5000 ᠮᠣ᠋ ᠬᠠᠤᠯᠢ ᠶᠤᠰᠤᠨ ᠤ ᠣᠰᠣᠯᠠᠯᠲᠠ | ᠶᠢᠨ ᠭᠠᠵᠠᠷ ᠲᠤ ᠣᠰᠣ ᠬᠢᠵᠠᠭᠠᠷᠯᠠᠬᠤ ᠨᠠᠷᠢᠮᠤ᠂ ᠰᠢᠷ᠎ᠠ ᠪᠤᠷᠴᠠᠭ᠂ ᠠᠮᠣ᠂ ᠰᠠᠭᠠᠭ ᠵᠡᠷᠭᠡ ᠡᠯᠳᠡᠪ ᠠᠮᠣ ᠶᠢᠨ ᠲᠠᠷᠢᠶᠠᠯᠠᠭ᠎ᠠ ᠶᠢ ᠬᠡᠷᠡᠭᠵᠢᠬᠦᠯᠵᠦ᠂ ᠡᠰᠢ ᠰᠦᠷᠡᠯ ᠢ | ᠨᠢ ᠮᠠᠯᠴᠢᠨ ᠲᠠᠷᠢᠶᠠᠴᠢᠨ ᠳᠤ ᠦᠭᠭᠦᠨ᠎ᠡ᠃ | ᠳᠦᠷᠪᠡ᠂ ᠪᠡᠯᠡ ᠮᠦᠩᠭᠦᠨ ᠤ ᠬᠡᠷᠡᠭᠯᠡᠯᠲᠡ | ︵ᠨᠢᠬᠡ︶ ᠨᠦᠬᠦᠪᠦᠷᠢᠯᠡᠬᠦ ᠬᠦᠷᠢᠶ᠎ᠡ ᠬᠡᠪᠴᠢᠶ᠎ᠡ ᠪᠠ ᠡᠲᠡᠭᠡᠳ᠃ ᠨᠦᠬᠦᠪᠦᠷᠢᠯᠡᠬᠦ ᠬᠦᠷᠢᠶ᠎ᠡ ᠬᠡᠪᠴᠢᠶ᠎ᠡ ᠶᠢ ᠣᠯᠵᠠᠴᠢ ᠪᠠᠯᠭᠠᠰᠣᠨ ᠤ ᠭᠠᠵᠠᠷ ᠳᠣᠣᠷᠠᠬᠢ ᠣᠰᠣᠨ | ᠤ ᠬᠡᠲᠦ ᠠᠰᠢᠭᠯᠠᠯᠲᠠ ᠶᠢᠨ ᠣᠷᠣᠨ ᠤ ᠰᠠᠶᠢᠨ ᠳᠣᠷ᠎ᠠ ᠠᠴᠠ ᠪᠠᠨ ᠣᠰᠣ ᠬᠢᠵᠠᠭᠠᠷᠯᠠᠬᠤ ᠨᠠᠷᠢᠮᠣ᠂ ᠰᠢᠷ᠎ᠡ ᠪᠣᠷᠴᠠᠭ᠂ ᠠᠮᠣ᠂ ᠰᠠᠭᠠᠭ ᠵᠡᠷᠭᠡ ᠡᠯᠳᠡᠪ ᠠᠮᠣ ᠪᠠ | ᠰᠦᠯᠢᠶᠣᠣ ᠬᠦᠯᠡᠮᠵᠢ ᠲᠠᠢ ᠤᠶᠠᠯᠳᠣᠭᠤᠯᠣᠨ ᠣᠰᠣ ᠬᠢᠵᠠᠭᠠᠷᠯᠠᠬᠤ ᠨᠠᠷᠢᠮᠣ᠂ ᠰᠢᠷ᠎ᠡ ᠪᠣᠷᠴᠠᠭ᠂ ᠠᠮᠣ᠂ ᠰᠠᠭᠠᠭ ᠵᠡᠷᠭᠡ ᠡᠯᠳᠡᠪ ᠠᠮᠣ ᠲᠠᠷᠢᠭᠰᠠᠨ ᠬᠠᠤᠯᠢ ᠶᠤᠰᠤᠨ ᠤ | ᠣᠰᠣᠯᠠᠯᠲᠠ ᠶᠢᠨ ᠭᠠᠵᠠᠷ ᠢᠶᠠᠷ ᠬᠢᠵᠠᠭᠠᠷᠯᠠᠨ᠎ᠠ᠃ ᠨᠦᠬᠦᠪᠦᠷᠢᠯᠡᠬᠦ ᠡᠳᠡᠭᠡᠳ ᠪᠣᠯ ᠲᠤᠭᠲᠠᠭᠠᠯ ᠶᠤᠰᠤᠭᠠᠷ ᠰᠠᠶᠢᠨ ᠳᠣᠷ᠎ᠠ ᠠᠴᠠ ᠪᠠᠨ ᠣᠰᠣ ᠬᠢᠵᠠᠭᠠᠷᠯᠠᠬᠤ ᠨᠠᠷᠢᠮᠣ᠂ | ᠰᠢᠷ᠎ᠡ ᠪᠣᠷᠴᠠᠭ᠂ ᠠᠮᠣ᠂ ᠰᠠᠭᠠᠭ ᠵᠡᠷᠭᠡ ᠡᠯᠳᠡᠪ ᠠᠮᠣ ᠪᠠ ᠰᠦᠯᠢᠶᠣᠣ ᠬᠦᠯᠡᠮᠵᠢ ᠲᠠᠢ ᠤᠶᠠᠯᠳᠣᠭᠤᠯᠣᠨ ᠣᠰᠣ ᠬᠢᠵᠠᠭᠠᠷᠯᠠᠬᠤ ᠨᠠᠷᠢᠮᠣ᠂ ᠰᠢᠷ᠎ᠡ ᠪᠣᠷᠴᠠᠭ᠂ ᠠᠮᠣ᠂ | ᠰᠠᠭᠠᠭ ᠵᠡᠷᠭᠡ ᠡᠯᠳᠡᠪ ᠠᠮᠣ ᠲᠡᠷᠢᠭ᠌ᠰᠠᠨ ᠮᠠᠯᠴᠢᠨ ᠲᠠᠷᠢᠶᠠᠴᠢᠨ ᠪᠤᠯᠤᠨ᠎ᠠ᠃ | ︵ᠬᠤᠶᠠᠷ︶ ᠨᠦᠬᠦᠪᠦᠷᠢ ᠶᠢᠨ ᠪᠠᠷᠢᠮᠵᠢᠶ᠎ᠠ᠃ ᠦᠪᠡᠷᠲᠡᠭᠡᠨ ᠪᠠᠶᠢᠭᠤᠯᠤᠭᠰᠠᠨ ᠪᠠᠷᠢᠮᠵᠢᠶᠠᠲᠤ ᠰᠦᠯᠢᠶᠤᠤ ᠬᠦᠯᠡᠮᠵᠢ 500 ᠰᠠᠭᠤᠷᠢ ︵400 ᠮᠣ᠋ ᠲᠡᠯᠡᠪᠡᠢ︶ | ᠶᠢ ᠰᠣᠯᠢᠬᠤ ᠳᠤ ᠬᠡᠷᠡᠭᠯᠡᠪᠡᠯ᠂ ᠰᠠᠭᠤᠷᠢ ᠪᠤᠯᠭᠠᠨ ᠳᠤ 1.5 ᠲᠦᠮᠡᠨ ᠲᠦᠬᠦᠷᠢᠭ ᠨᠦᠬᠦᠪᠦᠷᠢᠯᠡᠵᠦ᠂ ᠦᠯᠡᠳᠡᠭᠰᠡᠨ 4600 ᠮᠣ᠋ ᠳᠤ ᠰᠠᠶᠢᠨ ᠳᠣᠷ᠎ᠠ ᠠᠴᠠ ᠪᠠᠨ | ᠣᠰᠣ ᠬᠢᠵᠠᠭᠠᠷᠯᠠᠬᠤ ᠨᠠᠷᠢᠮᠣ᠂ ᠰᠢᠷ᠎ᠡ ᠪᠣᠷᠴᠠᠭ᠂ ᠠᠮᠣ᠂ ᠰᠠᠭᠠᠭ ᠵᠡᠷᠭᠡ ᠡᠯᠳᠡᠪ ᠠᠮᠣ ᠲᠠᠷᠢᠪᠠᠯ ᠮᠣ᠋ ᠨᠢᠭᠡᠪᠦᠷᠢ ᠳᠤ 0.01 ᠲᠦᠮᠡᠨ ᠲᠦᠬᠦᠷᠢᠭ ᠨᠦᠬᠦᠪᠦᠷᠢᠯᠡᠨ᠎ᠡ︔ | ᠰᠠᠶᠢᠨ ᠳᠣᠷ᠎ᠠ ᠠᠴᠠ ᠪᠠᠨ ᠣᠰᠣ ᠬᠢᠵᠠᠭᠠᠷᠯᠠᠬᠤ ᠨᠠᠷᠢᠮᠣ᠂ ᠰᠢᠷ᠎ᠡ ᠪᠣᠷᠴᠠᠭ᠂ ᠠᠮᠣ᠂ ᠰᠠᠭᠠᠭ ᠵᠡᠷᠭᠡ ᠡᠯᠳᠡᠪ ᠠᠮᠣ ᠲᠠᠷᠢᠭᠰᠠᠨ 5000 ᠮᠣ᠋ ᠭᠠᠵᠠᠷ ᠲᠤ ᠮᠣ᠋ | ᠨᠢᠭᠡᠪᠦᠷᠢ ᠳᠤ 0.07 ᠲᠦᠮᠡᠨ ᠲᠦᠬᠦᠷᠢᠭ ᠨᠦᠬᠦᠪᠦᠷᠢᠯᠡᠨ᠎ᠡ᠃ | ︵ᠭᠤᠷᠪᠠ︶ ᠨᠦᠬᠦᠪᠦᠷᠢᠯᠡᠬᠦ ᠶᠠᠪᠤᠴᠠ᠃ ᠬᠡᠷᠡᠭᠵᠢᠬᠦᠯᠦᠭᠰᠡᠨ ᠤ ᠳᠠᠷᠠᠭ᠎ᠠ ᠨᠦᠬᠦᠪᠦᠷᠢ ᠮᠦᠩᠭᠦ ᠦᠭᠭᠦ ᠵᠠᠷᠴᠢᠮ ᠶᠤᠰᠤᠭᠠᠷ᠂ ᠢᠯᠡ ᠨᠡᠶᠢᠲᠡᠯᠡᠭᠡᠳ ᠤᠨᠳᠣᠣ | ᠰᠠᠨᠠᠯ ᠦᠬᠡᠢ ᠮᠦᠷᠲᠡᠭᠡᠨ ᠬᠤᠰᠢᠭᠤᠨ ᠤ ᠪᠠᠶᠢᠴᠠᠭᠠᠯᠲᠠ ᠳᠤ ᠬᠢᠷᠢ ᠲᠡᠩᠴᠡᠭᠰᠡᠨ ᠪᠠᠶᠢᠪᠠᠯ ᠨᠢᠭᠡ ᠺᠠᠷᠲ ᠢᠶᠠᠷ ᠳᠠᠮᠵᠢᠭᠤᠯᠤᠨ ᠨᠦᠬᠦᠪᠦᠷᠢᠯᠡᠬᠦ ᠡᠳᠡᠭᠡᠳ ᠲᠤ | ᠣᠯᠭᠤᠨ᠎ᠠ᠃ | 1. ᠭᠠᠴᠠᠭ᠎ᠠ ᠲᠤᠰᠬᠤᠨ ᠠᠴᠠ ᠳᠠᠩᠰᠠᠯᠠᠨ᠎ᠠ᠃ ᠬᠡᠲᠦ ᠠᠰᠢᠭᠯᠠᠯᠲᠠ ᠶᠢᠨ ᠣᠷᠣᠨ ᠤ ᠭᠠᠴᠠᠭ᠎ᠠ ᠲᠤᠰᠬᠤᠨ ︵ᠨᠡᠶᠢᠬᠡᠮ ᠲᠤᠭᠤᠷᠢᠭ︶ ᠠᠴᠠ ᠨᠦᠬᠦᠪᠦᠷᠢᠯᠡᠬᠦ | ᠡᠳᠡᠭᠡᠳ᠂ ᠲᠠᠷᠢᠮᠠᠯ ᠤᠨ ᠲᠡᠯᠡᠪᠡᠢ ᠵᠡᠷᠭᠡ ᠱᠠᠭᠠᠷᠳᠠᠯᠭ᠎ᠠ ᠶᠤᠰᠤᠭᠠᠷ᠂ ᠰᠦᠯᠢᠶᠤᠤ ᠬᠦᠯᠡᠮᠵᠢ ᠵᠢᠴᠢ ᠨᠠᠷᠢᠮᠤ᠂ ᠰᠢᠷ᠎ᠠ ᠪᠤᠷᠴᠠᠭ᠂ ᠠᠮᠣ᠂ ᠰᠠᠭᠠᠭ ᠵᠡᠷᠭᠡ ᠡᠯᠳᠡᠪ ᠠᠮᠣ | ᠲᠡᠷᠢᠬᠰᠡᠨ ᠡᠷᠦᠬᠡ ᠪᠣᠯᠭᠠᠨ ᠢ ᠳᠠᠩᠰᠠᠯᠠᠵᠤ᠂ ᠢᠯᠡ ᠨᠡᠶᠢᠲᠡᠯᠡᠭᠡᠳ ᠣᠨᠳᠣᠣ ᠰᠠᠨᠠᠯ ᠦᠬᠡᠢ ᠪᠠᠶᠢᠪᠠᠯ ᠣᠯᠵᠠᠴᠢ ᠪᠠᠯᠭᠠᠰᠣᠨ ᠤ ᠠᠷᠠᠳ ᠤᠨ ᠵᠠᠰᠠᠭ ᠤᠨ ᠣᠷᠳᠣᠨ | ᠳᠤ ᠮᠡᠳᠡᠬᠦᠯᠦᠨ᠎ᠡ᠃ | 2. ᠪᠠᠯᠭᠠᠰᠣᠨ ᠠᠴᠠ ᠠᠩᠬᠠᠨ ᠤ ᠬᠠᠷᠭᠤᠭᠤᠯᠤᠯᠲᠠ ᠬᠢᠨ᠎ᠡ᠃ ᠣᠯᠵᠠᠴᠢ ᠪᠠᠯᠭᠠᠰᠣᠨ ᠤ ᠵᠠᠰᠠᠭ ᠤᠨ ᠣᠷᠳᠣᠨ ᠠᠴᠠ ᠬᠡᠲᠦ ᠠᠰᠢᠭᠯᠠᠯᠲᠠ ᠶᠢᠨ ᠣᠷᠣᠨ ᠤ | ᠭᠠᠴᠠᠭ᠎ᠠ ᠲᠤᠰᠬᠤᠨ ︵ᠨᠡᠶᠢᠬᠡᠮ ᠲᠤᠭᠤᠷᠢᠭ︶ ᠤ ᠳᠡᠭᠡᠭᠰᠢ ᠮᠡᠳᠡᠬᠦᠯᠦᠭᠰᠡᠨ ᠲᠠᠷᠢᠮᠠᠯ ᠤᠨ ᠡᠷᠦᠬᠡ᠂ ᠲᠠᠷᠢᠮᠠᠯ ᠤᠨ ᠲᠡᠯᠡᠪᠡᠢ ᠶᠢ ᠬᠠᠷᠭᠤᠭᠤᠯᠵᠤ᠂ ᠢᠯᠡᠰᠢᠬᠦᠯᠦᠯᠲᠡ | ᠳᠤ ᠠᠯᠳᠠᠭ᠎ᠠ ᠪᠤᠷᠤᠭᠤ ᠦᠬᠡᠢ ᠪᠠᠶᠢᠪᠠᠯ ᠪᠢᠴᠢᠭ ᠮᠡᠲ᠋ᠧᠷᠢᠶᠡᠯ ᠤᠨ ᠬᠡᠯᠪᠡᠷᠢ ᠪᠠᠷ ᠬᠤᠰᠢᠭᠤ ᠮᠠᠯ ᠲᠠᠷᠢᠶᠠᠯᠠᠩ ᠤᠨ ᠲᠤᠪᠴᠢᠶ᠎ᠠ ᠪᠠ ᠡᠳ᠋ ᠤᠨ ᠵᠠᠰᠠᠭ ᠤᠨ ᠲᠤᠪᠴᠢᠶᠠᠨ | ᠳᠤ ᠮᠡᠳᠡᠬᠦᠯᠦᠨ᠎ᠡ᠃ | 3. ᠰᠠᠯᠠᠭ᠎ᠠ ᠮᠦᠴᠢᠷ ᠠᠴᠠ ᠨᠣᠲᠠᠯᠠᠨ᠎ᠠ᠃ ᠬᠤᠰᠢᠭᠤ ᠮᠠᠯ ᠲᠠᠷᠢᠶᠠᠯᠠᠩ ᠤᠨ ᠲᠤᠪᠴᠢᠶ᠎ᠠ ᠡᠳ᠋ ᠤᠨ ᠵᠠᠰᠠᠭ ᠤᠨ ᠲᠤᠪᠴᠢᠶ᠎ᠠ ᠲᠠᠢ ᠬᠠᠮᠲᠤᠷᠠᠨ ᠣᠯᠵᠠᠴᠢ | ᠪᠠᠯᠭᠠᠰᠣᠨ ᠤ ᠮᠡᠳᠡᠬᠦᠯᠦᠭᠰᠡᠨ ᠲᠤᠭ᠎ᠠ ᠪᠠᠷᠢᠮᠲᠠ ᠳᠤ ᠲᠠᠰᠢᠷᠠᠮ ᠢᠶᠠᠷ ᠰᠣᠩᠭᠤᠨ ᠪᠠᠶᠢᠴᠠᠭᠠᠵᠤ᠂ ᠨᠦᠬᠦᠪᠦᠷᠢ ᠣᠯᠬᠤ ᠲᠠᠷᠢᠮᠠᠯ ᠤᠨ ᠲᠡᠯᠡᠪᠡᠢ ᠦᠨᠡᠨ ᠪᠤᠲᠠᠲᠠᠢ ᠡᠰᠡᠬᠦ | ᠶᠢ ᠬᠠᠷᠭᠤᠭᠤᠯᠵᠤ ᠦᠵᠡᠨ᠎ᠡ᠃ | 4. ᠨᠦᠬᠦᠪᠦᠷᠢ ᠣᠯᠬᠤ ᠲᠠᠷᠢᠮᠠᠯ ᠤᠨ ᠲᠡᠯᠡᠪᠡᠢ ᠶᠢ ᠳᠡᠭᠡᠭᠰᠢ ᠮᠡᠳᠡᠬᠦᠯᠦᠨ᠎ᠡ᠃ ᠬᠤᠰᠢᠭᠤ ᠡᠳ᠋ ᠤᠨ ᠵᠠᠰᠠᠭ ᠤᠨ ᠲᠤᠪᠴᠢᠶ᠎ᠠ ᠮᠠᠯ ᠲᠠᠷᠢᠶᠠᠯᠠᠩ ᠤᠨ ᠲᠤᠪᠴᠢᠶ᠎ᠠ | ᠲᠠᠢ ᠬᠠᠮᠲᠤᠷᠠᠨ ᠨᠦᠬᠦᠪᠦᠷᠢ ᠣᠯᠬᠤ ᠮᠠᠯᠴᠢᠨ ᠲᠠᠷᠢᠶᠠᠴᠢᠨ᠂ ᠲᠠᠷᠢᠮᠠᠯ ᠤᠨ ᠲᠡᠯᠡᠪᠡᠢ᠂ ᠨᠦᠬᠦᠪᠦᠷᠢ ᠮᠦᠩᠭᠦ ᠶᠢ ᠬᠤᠰᠢᠭᠤ ᠠᠷᠠᠳ ᠤᠨ ᠵᠠᠰᠠᠭ ᠤᠨ ᠣᠷᠳᠣᠨ ᠳᠤ | ᠮᠡᠳᠡᠬᠦᠯᠵᠦ᠂ ᠨᠦᠬᠦᠪᠦᠷᠢ ᠮᠦᠩᠭᠦ ᠶᠢ ᠨᠢᠭᠡ ᠺᠠᠷᠲ ᠢᠶᠠᠷ ᠳᠠᠮᠵᠢᠭᠤᠯᠤᠨ ᠡᠷᠦᠬᠡ ᠳᠤ ᠣᠯᠭᠤᠨ᠎ᠠ᠃ | ︵ᠳᠦᠷᠪᠡ︶ ᠪᠡᠯᠡ ᠮᠦᠩᠭᠦᠨ ᠤ ᠬᠤᠪᠢᠶᠠᠷᠢᠯᠠᠯᠲᠠ᠃ ᠣᠲᠤᠭ ᠤᠨ ᠡᠮᠦᠨᠡᠲᠦ ᠬᠤᠰᠢᠭᠤᠨ ᠤ ᠭᠠᠵᠠᠷ ᠳᠣᠣᠷᠠᠬᠢ ᠣᠰᠣᠨ ᠤ ᠬᠡᠲᠦ ᠠᠰᠢᠭᠯᠠᠯᠲᠠ ᠶᠢᠨ | ᠣᠷᠣᠨ ᠤ ᠲᠠᠷᠢᠮᠠᠯ ᠤᠨ ᠪᠦᠲᠦᠴᠡ ᠶᠢᠨ ᠲᠤᠬᠢᠷᠠᠭᠤᠯᠤᠯᠲᠠ ᠪᠠ ᠳᠦᠬᠦᠬᠡᠷᠦᠮᠵᠢᠲᠦ ᠲᠠᠷᠢᠶᠠᠯᠠᠩ ᠤᠨ ᠦᠢᠯᠡᠰ ᠤᠨ ᠬᠦᠭᠵᠢᠯᠲᠡ ᠶᠢ ᠠᠬᠢᠭᠤᠯᠬᠤ ᠨᠦᠬᠦᠪᠦᠷᠢ | ᠮᠦᠩᠭᠦ ᠶᠢ ᠨᠡᠶᠢᠲᠡ 1146 ᠲᠦᠮᠡᠨ ᠲᠦᠬᠦᠷᠢᠭ ᠢᠶᠠᠷ ᠲᠦᠯᠦᠪᠯᠡᠵᠦ ᠪᠤᠢ᠃ | 1. ᠣᠯᠵᠠᠴᠢ ᠪᠠᠯᠭᠠᠰᠣᠨ ᠤ ᠭᠠᠵᠠᠷ ᠳᠣᠣᠷᠠᠬᠢ ᠣᠰᠣᠨ ᠤ ᠬᠡᠲᠦ ᠠᠰᠢᠭᠯᠠᠯᠲᠠ ᠶᠢᠨ ᠣᠷᠣᠨ ᠳᠤ ᠣᠰᠣ ᠬᠢᠵᠠᠭᠠᠷᠯᠠᠬᠤ ᠨᠠᠷᠢᠮᠣ᠂ ᠰᠢᠷ᠎ᠡ ᠪᠣᠷᠴᠠᠭ᠂ ᠠᠮᠣ᠂ | ᠰᠠᠭᠠᠭ ᠵᠡᠷᠭᠡ ᠡᠯᠳᠡᠪ ᠠᠮᠣ ᠵᠡᠷᠭᠡ ᠲᠠᠷᠢᠮᠠᠯ ᠢ ᠨᠡᠶᠢᠲᠡ 4970 ᠮᠣ᠋ ᠨᠠᠶᠢᠲᠠᠪᠤᠷᠢᠵᠢᠭᠤᠯᠵᠤ᠂ 526.3 ᠲᠦᠮᠡᠨ ᠲᠦᠬᠦᠷᠢᠭ ᠪᠡᠯᠡ ᠮᠦᠩᠭᠦ ᠨᠦᠬᠦᠪᠦᠷᠢᠯᠡᠨ᠎ᠡ᠃ | ᠡᠬᠦᠨ ᠳᠤ᠂ ᠰᠣᠯᠢᠬᠤ ᠳᠤ ᠬᠡᠷᠡᠭᠯᠡᠬᠦ ᠦᠪᠡᠷᠲᠡᠭᠡᠨ ᠪᠠᠶᠢᠭᠤᠯᠤᠭᠰᠠᠨ 200 ᠰᠠᠭᠤᠷᠢ ︵160 ᠮᠣ᠋ ᠴᠡᠪᠡᠷ ᠦᠢᠯᠡᠳᠪᠦᠷᠢᠯᠡᠯ ᠤᠨ ᠲᠡᠯᠡᠪᠡᠢ︶ ᠪᠠᠷᠢᠮᠵᠢᠶᠠᠲᠤ | ᠰᠦᠯᠢᠶᠤᠤ ᠬᠦᠯᠡᠮᠵᠢ ᠶᠢᠨ ᠰᠠᠭᠤᠷᠢ ᠪᠤᠯᠭᠠᠨ ᠳᠤ 1.5 ᠲᠦᠮᠡᠨ ᠲᠦᠬᠦᠷᠢᠭ᠂ ᠨᠠᠶᠢᠲᠠ 300 ᠲᠦᠮᠡᠨ ᠲᠦᠬᠦᠷᠢᠭ ᠨᠦᠬᠦᠪᠦᠷᠢᠯᠡᠨ᠎ᠡ᠃ ᠦᠯᠡᠳᠡᠭᠰᠡᠨ 1840 | ᠮᠣ᠋ ᠣᠰᠣ ᠬᠢᠵᠠᠭᠠᠷᠯᠠᠬᠤ ᠭᠠᠵᠠᠷ ᠤᠨ ᠨᠠᠷᠢᠮᠣ᠂ ᠰᠢᠷ᠎ᠡ ᠪᠤᠷᠴᠠᠭ᠂ ᠠᠮᠣ᠂ ᠰᠠᠭᠠᠭ ᠵᠡᠷᠭᠡ ᠡᠯᠳᠡᠪ ᠠᠮᠤ ᠶᠢᠨ ᠮᠣ᠋ ᠨᠢᠭᠡᠪᠦᠷᠢ ᠶᠢᠨ ᠲᠠᠷᠢᠮᠠᠯ ᠳᠤ 0.01 ᠲᠦᠮᠡᠨ | ᠲᠦᠬᠦᠷᠢᠭ᠂ ᠨᠠᠶᠢᠲᠠ 18.4 ᠲᠦᠮᠡᠨ ᠲᠦᠬᠦᠷᠢᠭ ᠨᠦᠬᠦᠪᠦᠷᠢᠯᠡᠨ᠎ᠡ︔ 2970 ᠮᠣ᠋ ᠣᠰᠣ ᠬᠢᠵᠠᠭᠠᠷᠯᠠᠬᠤ ᠭᠠᠵᠠᠷ ᠤᠨ ᠨᠠᠷᠢᠮᠤ᠂ ᠰᠢᠷ᠎ᠠ ᠪᠤᠷᠴᠠᠭ᠂ ᠠᠮᠤ᠂ | ᠰᠠᠭᠠᠭ ᠵᠡᠷᠭᠡ ᠡᠯᠳᠡᠪ ᠠᠮᠤ ᠶᠢᠨ ᠮᠣ᠋ ᠨᠢᠭᠡᠪᠦᠷᠢ ᠳᠤ 0.07 ᠲᠦᠮᠡᠨ ᠲᠦᠬᠦᠷᠢᠭ᠂ ᠨᠠᠶᠢᠲᠠ 207.9 ᠲᠦᠮᠡᠨ ᠲᠦᠬᠦᠷᠢᠭ ᠨᠦᠬᠦᠪᠦᠷᠢᠯᠡᠨ᠎ᠡ᠃ | 2. ᠳᠠᠬᠢᠯᠲᠤ ᠲᠤᠰᠬᠤᠨ ᠤ ᠭᠠᠵᠠᠷ ᠳᠣᠣᠷᠠᠬᠢ ᠤᠰᠤᠨ ᠤ ᠬᠡᠲᠦ ᠠᠰᠢᠭᠯᠠᠯᠲᠠ ᠶᠢᠨ ᠣᠷᠣᠨ ᠳᠤ 3000 ᠮᠣ᠋ ᠲᠠᠯᠠᠪᠠᠢ ᠶᠢ ᠨᠠᠶᠢᠲᠠᠪᠤᠷᠢᠵᠢᠭᠤᠯᠵᠤ᠂ 477. | 6 ᠲᠦᠮᠡᠨ ᠲᠦᠬᠦᠷᠢᠭ ᠪᠡᠯᠡ ᠮᠦᠩᠭᠦ ᠨᠦᠬᠦᠪᠦᠷᠢᠯᠡᠨ᠂ ᠡᠬᠦᠨ ᠳᠤ ᠰᠣᠯᠢᠬᠤ ᠳᠤ ᠬᠡᠷᠡᠭᠯᠡᠬᠦ ᠦᠪᠡᠷᠲᠡᠭᠡᠨ ᠪᠠᠶᠢᠭᠤᠯᠤᠭᠰᠠᠨ 300 ᠰᠠᠭᠤᠷᠢ ︵240 ᠮᠣ᠋ ᠴᠡᠪᠡᠷ | ᠦᠢᠯᠡᠳᠪᠦᠷᠢᠯᠡᠯ ᠤᠨ ᠲᠡᠯᠡᠪᠡᠢ︶ ᠪᠠᠷᠢᠮᠵᠢᠶᠠᠲᠤ ᠰᠦᠯᠢᠶᠤᠤ ᠬᠦᠯᠡᠮᠵᠢ ᠶᠢᠨ ᠰᠠᠭᠤᠷᠢ ᠪᠤᠯᠭᠠᠨ ᠳᠤ 1.5 ᠲᠦᠮᠡᠨ ᠲᠦᠬᠦᠷᠢᠭ᠂ ᠨᠠᠶᠢᠲᠠ 450 ᠲᠦᠮᠡᠨ | ᠲᠦᠬᠦᠷᠢᠭ ᠨᠦᠬᠦᠪᠦᠷᠢᠯᠡᠨ᠎ᠡ᠃ ᠦᠯᠡᠳᠡᠭᠰᠡᠨ 2760 ᠮᠤ᠋ ᠣᠰᠣ ᠬᠢᠵᠠᠭᠠᠷᠯᠠᠬᠤ ᠭᠠᠵᠠᠷ ᠤᠨ ᠨᠠᠷᠢᠮᠣ᠂ ᠰᠢᠷ᠎ᠡ ᠪᠤᠷᠴᠠᠭ᠂ ᠠᠮᠣ᠂ ᠰᠠᠭᠠᠭ ᠵᠡᠷᠭᠡ ᠡᠯᠳᠡᠪ ᠠᠮᠤ | ᠲᠠᠯᠠᠪᠠᠢ ᠶᠢᠨ ᠮᠣ᠋ ᠨᠢᠭᠡᠪᠦᠷᠢ ᠳᠤ 0.01 ᠲᠦᠮᠡᠨ ᠲᠦᠬᠦᠷᠢᠭ᠂ ᠨᠡᠶᠢᠲᠡ 27.6 ᠲᠦᠮᠡᠨ ᠲᠦᠬᠦᠷᠢᠭ ᠨᠦᠬᠦᠪᠦᠷᠢᠯᠡᠨ᠎ᠡ᠃ | 3 ᠲᠠᠬᠢᠯᠲᠤ ᠨᠠᠶᠢᠬᠡᠮ ᠲᠤᠭᠤᠷᠢᠭ ︵ᠨᠡᠬᠦᠳᠡᠯ ᠠᠷᠠᠳ ᠤᠨ ᠲᠠᠷᠢᠮᠠᠯ ᠤᠨ ᠤᠷᠣᠨ︶ ᠤᠨ 2030 ᠮᠤ᠋ ᠣᠰᠣ ᠬᠢᠵᠠᠭᠠᠷᠯᠠᠬᠤ ᠭᠠᠵᠠᠷ ᠤᠨ ᠨᠠᠷᠢᠮᠣ᠂ ᠰᠢᠷ᠎ᠡ | ᠪᠤᠷᠴᠠᠭ᠂ ᠠᠮᠣ᠂ ᠰᠠᠭᠠᠭ ᠵᠡᠷᠭᠡ ᠡᠯᠳᠡᠪ ᠠᠮᠤ ᠶᠢᠨ ᠮᠣ᠋ ᠨᠢᠭᠡᠪᠦᠷᠢ ᠳᠤ 0.07 ᠲᠦᠮᠡᠨ ᠲᠦᠬᠦᠷᠢᠭ᠂ ᠨᠡᠶᠢᠲᠡ 142.1 ᠲᠦᠮᠡᠨ ᠲᠦᠬᠦᠷᠢᠭ ᠨᠦᠬᠦᠪᠦᠷᠢᠯᠡᠨ᠎ᠡ᠃ | ᠲᠠᠪᠤ᠂ ᠴᠠᠭ ᠤᠨ ᠲᠤᠬᠢᠷᠠᠭᠤᠯᠤᠯᠲᠠ ᠪᠠ ᠠᠵᠢᠯ ᠤᠨ ᠠᠬᠢᠴᠠ | 2022 ᠣᠨ ᠤ 2 — 3 ᠰᠠᠷ᠎ᠠ᠂ ᠡᠬᠦᠷᠭᠡ ᠶᠢ ᠪᠠᠯᠭᠠᠰᠣ᠂ ᠭᠠᠴᠠᠭ᠎ᠠ ᠲᠤᠰᠬᠤᠨ᠂ ᠡᠷᠦᠬᠡ᠂ ᠭᠠᠵᠠᠷ ᠲᠤ ᠬᠦᠷᠲᠡᠯ᠎ᠡ ᠲᠤᠲᠤᠷᠬᠠᠶᠢᠯᠠᠵᠤ᠂ ᠬᠤᠰᠢᠭᠤ | ᠱᠠᠲᠤᠨ ᠤ ᠬᠡᠷᠡᠭᠵᠢᠬᠦᠯᠬᠦ ᠲᠦᠰᠦᠯ ᠢ ᠲᠤᠭᠲᠠᠭᠠᠨ᠂ ᠮᠠᠯᠴᠢᠨ ᠲᠠᠷᠢᠶᠠᠴᠢᠨ ᠱᠠᠭᠠᠷᠳᠠᠯᠭ᠎ᠠ ᠶᠤᠰᠤᠭᠠᠷ ᠰᠦᠯᠢᠶᠤᠤ ᠬᠦᠯᠡᠮᠵᠢ ᠶᠢᠨ ᠪᠠᠶᠢᠭᠤᠯᠤᠯᠲᠠ ᠶᠢᠨ ᠭᠠᠵᠠᠷ | ᠬᠡᠷᠡᠭᠯᠡᠬᠦ ᠴᠤᠬᠤᠯᠠᠪᠤᠷᠢᠯᠠᠯᠲᠠ ᠶᠢᠨ ᠭᠠᠷᠳᠠᠮ ᠢᠶᠠᠨ ᠬᠦᠢᠴᠡᠳᠬᠡᠨ᠎ᠡ᠃ | 2022 ᠣᠨ ᠤ 3 ᠰᠠᠷ᠎ᠠ ᠶᠢᠨ ᠡᠬᠢ ᠪᠠᠷ᠂ ᠲᠦᠷᠦᠯ ᠵᠦᠢᠯ ᠤᠨ ᠪᠠᠯᠭᠠᠰᠣ ᠶᠢᠨ ᠬᠢᠨ ᠲᠤᠰᠬᠠᠢ ᠮᠡᠷᠭᠡᠵᠢᠯᠲᠡᠨ ᠢ ᠵᠤᠬᠢᠶᠠᠨ ᠪᠠᠶᠢᠭᠤᠯᠵᠤ᠂ ᠲᠤᠰ ᠭᠠᠵᠠᠷ | ᠣᠷᠣᠨ ᠳᠤ ᠢᠳᠡᠰᠢᠨ ᠨᠤᠭᠤᠭᠠᠨ ᠤ ᠬᠦᠯᠡᠮᠵᠢ ᠶᠢ ᠬᠦᠭᠵᠢᠬᠦᠯᠬᠦ᠂ ᠨᠠᠷᠢᠮᠣ᠂ ᠰᠢᠷ᠎ᠠ ᠪᠤᠷᠴᠠᠭ ᠤᠨ ᠲᠦᠷᠦᠯ ᠡᠬᠦᠯᠳᠡᠷ ᠲᠠᠷᠢᠬᠤ ᠪᠠ ᠰᠢᠨ᠎ᠡ ᠲᠠᠷᠢᠶᠠᠯᠠᠩ ᠤᠨ | ᠳᠦᠷᠢᠮ ᠵᠡᠷᠭᠡ ᠳᠤ ᠴᠢᠭᠯᠡᠬᠦᠯᠦᠨ ᠤᠬᠠᠭᠤᠯᠭ᠎ᠠ ᠪᠤᠯᠪᠠᠰᠣᠷᠠᠯ ᠢ ᠵᠤᠬᠢᠶᠠᠨ ᠪᠠᠶᠢᠭᠤᠯᠤᠨ᠎ᠠ᠃ | 2022 ᠣᠨ ᠤ 3 ᠰᠠᠷ᠎ᠠ ᠶᠢᠨ ᠰᠡᠬᠦᠯᠴᠢ ᠠᠴᠠ ᠡᠮᠦᠨ᠎ᠡ᠂ ᠡᠬᠦᠷᠭᠡ ᠪᠠᠨ ᠮᠠᠯᠴᠢᠨ ᠲᠠᠷᠢᠶᠠᠴᠢᠨ ᠪᠠ ᠭᠠᠵᠠᠷ ᠲᠤ ᠬᠦᠷᠲᠡᠯ᠎ᠡ ᠨᠠᠷᠢᠯᠢᠭ ᠨᠠᠶᠢᠲᠠᠪᠤᠷᠢᠵᠢᠭᠤᠯᠵᠤ | ᠂ ᠪᠠᠯᠭᠠᠰᠣ ᠪᠠ ᠭᠠᠴᠠᠭ᠎ᠠ ᠲᠤᠰᠬᠤᠨ ᠠᠴᠠ ᠮᠠᠯᠴᠢᠨ ᠲᠠᠷᠢᠶᠠᠴᠢᠨ ᠲᠠᠢ ᠵᠦᠪᠯᠡᠯᠴᠡᠬᠡᠷ ᠪᠠᠶᠢᠭᠤᠯᠤᠨ᠎ᠠ᠃ | 2022 ᠣᠨ ᠤ 4 — 9 ᠰᠠᠷ᠎ᠠ᠂ ᠲᠦᠷᠦᠯ ᠵᠦᠢᠯ ᠤᠨ ᠲᠦᠬᠦᠷᠴᠢᠯᠡᠭᠰᠡᠨ ᠢᠳᠡᠰᠢᠨ ᠨᠤᠭᠤᠭ᠎ᠠ ᠶᠢᠨ ᠰᠦᠯᠢᠶᠣᠣ ᠬᠦᠯᠡᠮᠵᠢ ᠪᠠ ᠣᠰᠣ ᠬᠢᠵᠠᠭᠠᠷᠯᠠᠬᠤ | ᠲᠠᠷᠢᠮᠠᠯ ᠢ ᠨᠠᠶᠢᠲᠠᠪᠤᠷᠢᠵᠢᠭᠤᠯᠤᠨ᠎ᠠ᠃ 5 ᠰᠠᠷ᠎ᠠ᠂ 7 ᠰᠠᠷ᠎ᠠ ᠳᠤ ᠬᠤᠰᠢᠭᠤ᠂ ᠪᠠᠯᠭᠠᠰᠣ ᠬᠤᠶᠠᠷ ᠱᠠᠲᠤᠨ ᠠᠴᠠ ᠲᠦᠷᠦᠯ ᠵᠦᠢᠯ ᠤᠨ ᠬᠡᠷᠡᠭᠵᠢᠬᠦᠯᠦᠯᠲᠡ ᠶᠢᠨ | ᠪᠠᠶᠢᠳᠠᠯ ᠢ ᠬᠤᠶᠠᠷ ᠣᠳᠠᠭ᠎ᠠ ᠪᠠᠶᠢᠴᠠᠭᠠᠵᠤ᠂ 8 ᠰᠠᠷ᠎ᠠ ᠶᠢᠨ ᠰᠡᠬᠦᠯᠴᠢ ᠠᠴᠠ ᠡᠮᠦᠨ᠎ᠡ ᠪᠠᠯᠭᠠᠰᠣᠨ ᠱᠠᠲᠣᠨ ᠤ ᠦᠪᠡᠷ ᠤᠨ ᠪᠠᠶᠢᠴᠠᠭᠠᠯᠲᠠ ᠶᠢ ᠪᠡᠶᠡᠯᠡᠬᠦᠯᠦᠨ᠂ | ᠪᠠᠶᠢᠴᠠᠭᠠᠯᠲᠠ ᠶᠢᠨ ᠦᠷ᠎ᠡ ᠳ᠋ᠦᠩ ᠢᠶᠠᠨ ᠬᠤᠰᠢᠭᠤ ᠮᠠᠯ ᠲᠠᠷᠢᠶᠠᠯᠠᠩ᠂ ᠡᠳ᠋ ᠤᠨ ᠵᠠᠰᠠᠭ ᠤᠨ ᠰᠠᠯᠠᠭ᠎ᠠ ᠮᠦᠴᠢᠷ ᠲᠤ ᠮᠡᠳᠡᠬᠦᠯᠦᠨ᠎ᠡ᠃ | ᠵᠢᠷᠭᠤᠭ᠎ᠠ᠂ ᠬᠡᠷᠡᠭᠵᠢᠬᠦᠯᠦᠯᠲᠡ ᠶᠢᠨ ᠠᠯᠬᠤᠮ ᠳᠠᠷᠠᠭ᠎ᠠ ᠪᠠ ᠴᠢᠬᠤᠯᠠ ᠭᠤᠭᠴᠤᠭ᠎ᠠ | ︵ᠨᠢᠬᠡ︶ ᠡᠬᠦᠷᠭᠡ ᠪᠠᠨ ᠬᠤᠪᠢᠶᠠᠷᠢᠯᠠᠨ᠎ᠠ᠃ ᠬᠤᠰᠢᠭᠤᠨ ᠠᠴᠠ ᠪᠠᠯᠭᠠᠰᠣᠨ ᠳᠤ ᠬᠤᠪᠢᠶᠠᠷᠢᠯᠠᠭᠰᠠᠨ ᠵᠢᠯ ᠤᠨ ᠡᠬᠦᠷᠭᠡ ᠪᠠᠨ ᠦᠨᠳᠦᠰᠦᠯᠡᠵᠦ᠂ ᠬᠤᠰᠢᠭᠤ | ᠱᠠᠲᠤᠨ ᠠᠴᠠ ᠵᠢᠯᠤᠭᠤᠳᠣᠨ᠂ ᠪᠠᠯᠭᠠᠰᠣᠨ ᠤ ᠬᠢᠨ ᠲᠤᠷᠰᠢᠯᠲᠠ ᠶᠢᠨ ᠡᠬᠦᠷᠭᠡ ᠪᠠᠨ ᠭᠠᠴᠠᠭ᠎ᠠ ᠲᠤᠰᠬᠤᠨ᠂ ᠮᠠᠯᠴᠢᠨ ᠲᠠᠷᠢᠶᠠᠴᠢᠨ᠂ ᠭᠠᠵᠠᠷ ᠲᠤ ᠬᠦᠷᠲᠡᠯ᠎ᠡ | ᠨᠠᠷᠢᠯᠢᠭ ᠬᠤᠪᠢᠶᠠᠷᠢᠯᠠᠵᠤ ᠨᠠᠶᠢᠲᠠᠪᠤᠷᠢᠵᠢᠭᠤᠯᠤᠨ᠎ᠠ᠃ | ︵ᠬᠤᠶᠠᠷ︶ ᠲᠦᠰᠦᠯ ᠲᠤᠭᠲᠠᠭᠠᠨ᠎ᠠ᠃ ᠡᠬᠦᠷᠭᠡᠯᠡᠵᠦ ᠪᠦᠬᠦᠢ ᠪᠠᠯᠭᠠᠰᠣᠨ ᠠᠴᠠ ᠬᠡᠷᠡᠭᠵᠢᠬᠦᠯᠬᠦ ᠲᠦᠰᠦᠯ ᠢᠶᠠᠨ ᠲᠤᠭᠲᠠᠭᠠᠵᠤ᠂ ᠲᠦᠷᠦᠯ ᠵᠦᠢᠯ ᠤᠨ ᠣᠷᠣᠨ | ᠪᠦᠰᠡ ᠶᠢᠨ ᠲᠠᠶᠢᠯᠪᠣᠷᠢ ᠵᠢᠷᠤᠭ ᠢ ᠲᠦᠰᠦᠪᠯᠡᠨ᠂ ᠲᠠᠷᠢᠮᠠᠯ ᠤᠨ ᠲᠠᠯᠠᠪᠠᠢ᠂ ᠬᠤᠳᠳᠤᠭ ᠢ ᠬᠢᠵᠠᠭᠠᠷᠯᠠᠨ ᠲᠡᠷᠢᠶ᠎ᠡ ᠶᠢ ᠪᠠᠭᠠᠰᠬᠠᠬᠤ ᠠᠷᠭ᠎ᠠ ᠠᠪᠴᠠᠯ ᠵᠡᠷᠭᠡ | ᠬᠤᠯᠪᠤᠭᠳᠠᠯ ᠪᠦᠬᠦᠢ ᠱᠠᠭᠠᠷᠳᠠᠯᠭ᠎ᠠ ᠶᠢ ᠲᠤᠲᠤᠷᠬᠠᠶᠢᠯᠠᠵᠤ᠂ ᠪᠠᠯᠭᠠᠰᠣᠨ ᠱᠠᠲᠤᠨ ᠤ ᠬᠡᠷᠡᠭᠵᠢᠬᠦᠯᠬᠦ ᠲᠦᠰᠦᠯ ᠢᠶᠠᠨ ᠬᠤᠰᠢᠭᠤ ᠱᠠᠲᠤᠨ ᠳᠤ ᠮᠡᠳᠡᠬᠦᠯᠵᠦ ᠬᠢᠨᠠᠨ | ᠵᠦᠪᠰᠢᠶᠡᠷᠡᠬᠦᠯᠦᠭᠰᠡᠨ ᠤ ᠳᠠᠷᠠᠭ᠎ᠠ ᠬᠡᠷᠡᠭᠵᠢᠬᠦᠯᠦᠨ᠎ᠡ᠃ | ︵ᠭᠤᠷᠪᠠ︶ ᠲᠠᠷᠢᠮᠠᠯ ᠤᠨ ᠲᠡᠯᠡᠪᠡᠢ ᠶᠢ ᠪᠤᠲᠠᠲᠠᠢ ᠬᠠᠷᠭᠤᠭᠤᠯᠤᠨ᠎ᠠ᠃ ᠪᠠᠯᠭᠠᠰᠣᠨ ᠠᠴᠠ ᠭᠠᠴᠠᠭ᠎ᠠ ᠲᠤᠰᠬᠤᠨ᠂ ᠡᠷᠦᠬᠡ᠂ ᠭᠠᠵᠠᠷ ᠪᠤᠯᠭᠠᠨ ᠤ ᠲᠠᠷᠢᠮᠠᠯ ᠤᠨ | ᠲᠠᠯᠠᠪᠠᠢ ᠶᠢ ᠬᠠᠷᠭᠤᠭᠤᠯᠵᠤ᠂ ᠰᠦᠯᠢᠶᠤᠤ ᠬᠦᠯᠡᠮᠵᠢ ᠲᠠᠢ ᠤᠶᠠᠯᠳᠣᠭᠤᠯᠭᠰᠠᠨ ᠣᠰᠣ ᠬᠢᠵᠠᠭᠠᠷᠯᠠᠬᠤ ᠨᠠᠷᠢᠮᠣ᠂ ᠰᠢᠷ᠎ᠡ ᠪᠣᠷᠴᠠᠭ᠂ ᠠᠮᠣ᠂ ᠰᠠᠭᠠᠭ ᠵᠡᠷᠭᠡ ᠡᠯᠳᠡᠪ | ᠠᠮᠣ ᠲᠠᠷᠢᠬᠤ ᠲᠦᠷᠦᠯ ᠵᠦᠢᠯ ᠤᠨ ᠲᠠᠷᠢᠮᠠᠯ ᠤᠨ ᠲᠠᠯᠠᠪᠠᠢ ᠶᠢ ᠬᠠᠷᠭᠤᠭᠤᠯᠬᠤ ᠨᠠᠷᠢᠨ ᠳᠠᠩᠰᠠ ︵ᠳᠠᠭᠠᠯᠳᠣᠭᠤᠯᠣᠯ 4︶ ᠶᠢ ᠲᠠᠭᠯᠠᠨ᠂ ᠪᠠᠯᠭᠠᠰᠣᠨ ᠤ ᠵᠠᠰᠠᠭ ᠤᠨ | ᠣᠷᠳᠣᠨ ᠤ ᠭᠤᠤᠯ ᠬᠠᠷᠢᠭᠤᠴᠠᠯᠭᠠᠲᠠᠨ᠂ ᠭᠠᠴᠠᠭ᠎ᠠ ᠲᠤᠰᠬᠤᠨ ᠤ ᠠᠷᠠᠳ ᠤᠨ ᠵᠦᠪᠯᠡᠯ ᠤᠨ ᠬᠠᠷᠢᠭᠤᠴᠠᠯᠭᠠᠲᠠᠨ ᠪᠠ ᠮᠠᠯᠴᠢᠨ ᠲᠠᠷᠢᠶᠠᠴᠢᠨ ᠭᠤᠷᠪᠠᠨ ᠲᠠᠯ᠎ᠠ ᠠᠴᠠ | ᠭᠠᠷ ᠤᠨ ᠦᠰᠦᠭ ᠵᠢᠷᠤᠵᠤ ᠨᠣᠲᠠᠯᠠᠬᠤ ᠶᠢᠨ ᠬᠠᠮᠲᠤ ᠪᠠᠯᠭᠠᠰᠣᠨ ᠤ ᠵᠠᠰᠠᠭ ᠤᠨ ᠣᠷᠳᠣᠨ ᠪᠠ ᠭᠠᠴᠠᠭ᠎ᠠ ᠲᠤᠰᠬᠤᠨ ᠤ ᠠᠷᠠᠳ ᠤᠨ ᠵᠦᠪᠯᠡᠯ ᠠᠴᠠ ᠲᠠᠮᠠᠭ᠎ᠠ | ᠳᠠᠷᠤᠨ᠎ᠠ᠃ ᠪᠠᠯᠭᠠᠰᠣ᠂ ᠭᠠᠴᠠᠭ᠎ᠠ ᠲᠤᠰᠬᠤᠨ ᠤ ᠱᠠᠲᠤᠨ ᠤ ᠲᠤᠭ᠎ᠠ ᠪᠠᠷᠢᠮᠲᠠ ᠶᠢ ᠬᠤᠷᠢᠶᠠᠩᠭᠤᠶᠢᠯᠠᠭᠰᠠᠨ ᠤ ᠳᠠᠷᠠᠭ᠎ᠠ᠂ ᠭᠠᠴᠠᠭ᠎ᠠ ᠲᠤᠰᠬᠤᠨ ᠤ ᠶᠠᠪᠤᠳᠠᠯ ᠢ | ᠢᠯᠡᠰᠢᠬᠦᠯᠬᠦ ᠪᠤᠯᠤᠩ ᠳᠡᠭᠡᠷ᠎ᠡ 7 ᠡᠳᠦᠷ ᠨᠠᠶᠢᠲᠠᠯᠠᠬᠦ ᠶᠢᠨ ᠬᠠᠮᠲᠤ ᠢᠯᠡ ᠪᠤᠯᠭᠠᠭᠰᠠᠨ ᠲᠦᠷᠰᠦ ᠰᠢᠩᠬᠡᠬᠡᠯᠲᠡ ᠶᠢᠨ ᠮᠡᠲ᠋ᠧᠷᠢᠶᠡᠯ ᠢ ᠦᠯᠡᠳᠡᠬᠡᠵᠦ᠂ ᠢᠯᠡ | ᠨᠠᠶᠢᠲᠠᠯᠡᠭᠡᠳ ᠣᠨᠳᠣᠣ ᠰᠠᠨᠠᠯ ᠦᠬᠡᠢ ᠪᠠᠶᠢᠪᠠᠯ ᠬᠤᠰᠢᠭᠤ ᠮᠠᠯ ᠲᠠᠷᠢᠶᠠᠯᠠᠩ ᠤᠨ ᠲᠤᠪᠴᠢᠶ᠎ᠠ᠂ ᠬᠤᠰᠢᠭᠤ ᠡᠳ᠋ ᠤᠨ ᠵᠠᠰᠠᠭ ᠤᠨ ᠲᠤᠪᠴᠢᠶᠠᠨ ᠳᠤ ᠮᠡᠳᠡᠬᠦᠯᠦᠨ | ᠳᠠᠩᠰᠠᠯᠠᠭᠤᠯᠤᠨ᠎ᠠ᠃ | ︵ᠳᠦᠷᠪᠡ︶ ᠪᠠᠯᠭᠠᠰᠣᠨ ᠱᠠᠲᠤᠨ ᠠᠴᠠ ᠦᠪᠡᠷᠲᠡᠭᠡᠨ ᠪᠠᠶᠢᠴᠠᠭᠠᠨ᠎ᠠ᠃ ᠪᠠᠯᠭᠠᠰᠣᠨ ᠠᠴᠠ ᠬᠤᠯᠪᠤᠭᠳᠠᠯ ᠪᠦᠬᠦᠢ ᠰᠠᠯᠠᠭ᠎ᠠ ᠮᠦᠴᠢᠷ ᠪᠤᠯᠤᠨ ᠭᠠᠴᠠᠭ᠎ᠠ | ᠲᠤᠰᠬᠤᠨ ᠤ ᠠᠷᠠᠳ ᠤᠨ ᠵᠦᠪᠯᠡᠯ ᠢ ᠵᠤᠬᠢᠶᠠᠨ ᠪᠠᠶᠢᠭᠤᠯᠤᠨ ᠦᠪᠡᠷᠲᠡᠭᠡᠨ ᠪᠠᠶᠢᠴᠠᠭᠠᠬᠤ ᠳᠣᠭᠤᠶᠢᠯᠠᠩ ᠢ ᠪᠠᠶᠢᠭᠤᠯᠵᠤ᠂ ᠲᠠᠷᠢᠮᠠᠯ ᠤᠨ ᠲᠠᠯᠠᠪᠠᠢ᠂ ᠡᠬᠦᠷᠭᠡ ᠶᠢᠨ | ᠬᠤᠪᠢᠶᠠᠷᠢᠯᠠᠯᠲᠠ᠂ ᠢᠯᠡ ᠨᠠᠶᠢᠲᠠᠯᠠᠯ᠂ ᠮᠠᠰᠢᠨ ᠬᠤᠳᠳᠤᠭ ᠤᠨ ᠬᠠᠮᠢᠶᠠᠷᠤᠯᠲᠠ᠂ ᠲᠠᠷᠢᠮᠠᠯ ᠤᠨ ᠵᠠᠭᠪᠤᠷ᠂ ᠲᠦᠷᠦ ᠶᠢᠨ ᠪᠤᠳᠣᠯᠭ᠎ᠠ ᠶᠢᠨ ᠠᠷᠭ᠎ᠠ ᠠᠪᠴᠠᠯ ᠤᠨ | ᠨᠠᠶᠢᠲᠠᠪᠤᠷᠢᠵᠢᠭᠤᠯᠤᠯᠲᠠ ᠵᠡᠷᠭᠡ ᠪᠠᠶᠢᠳᠠᠯ ᠢᠶᠠᠨ ᠦᠪᠡᠰᠦᠪᠡᠨ ᠪᠠᠶᠢᠴᠠᠭᠠᠵᠤ᠂ ᠰᠢᠯᠭᠠᠨ ᠬᠤᠷᠢᠶᠠᠭᠰᠠᠨ ᠦᠷ᠎ᠡ ᠳ᠋ᠦᠩ ᠢᠶᠠᠨ ᠰᠠᠯᠠᠭ᠎ᠠ ᠮᠦᠴᠢᠷ ᠤᠨ ᠢᠯᠡ ᠨᠠᠶᠢᠲᠠᠯᠠᠯ | ᠪᠤᠶᠤ ᠵᠠᠰᠠᠭ ᠤᠨ ᠣᠷᠳᠣᠨ ᠤ ᠰᠦᠯᠵᠢᠶ᠎ᠡ ᠵᠡᠷᠭᠡ ᠪᠠᠷ ᠳᠠᠮᠵᠢᠭᠤᠯᠤᠨ ᠨᠠᠶᠢᠲᠠᠯᠠᠵᠤ᠂ 7 ᠡᠳᠦᠷ ᠠᠴᠠ ᠳᠡᠭᠡᠭᠰᠢ ᠢᠯᠡᠰᠢᠬᠦᠯᠦᠨ᠂ ᠣᠨᠳᠣᠣ ᠰᠠᠨᠠᠯ ᠦᠬᠡᠢ ᠪᠠᠶᠢᠪᠠᠯ | ᠬᠤᠰᠢᠭᠤ ᠱᠠᠲᠤᠨ ᠠᠴᠠ ᠰᠢᠯᠭᠠᠨ ᠬᠤᠷᠢᠶᠠᠬᠤ ᠶᠢ ᠭᠤᠶᠤᠴᠢᠯᠠᠨ᠎ᠠ᠂ ᠦᠪᠡᠷᠲᠡᠭᠡᠨ ᠪᠠᠶᠢᠴᠠᠭᠠᠬᠤ ᠠᠷᠭ᠎ᠠ ᠶᠢ ᠬᠤᠰᠢᠭᠤ ᠮᠠᠯ ᠲᠠᠷᠢᠶᠠᠯᠠᠩ ᠤᠨ ᠲᠤᠪᠴᠢᠶᠠᠨ ᠠᠴᠠ | ᠲᠤᠯᠤᠭᠠᠶᠢᠯᠠᠨ ᠲᠤᠭᠲᠠᠭᠠᠨ᠎ᠠ᠃ | ︵ᠲᠠᠪᠤ︶ ᠬᠤᠰᠢᠭᠤ ᠱᠠᠲᠤᠨ ᠠᠴᠠ ᠰᠢᠯᠭᠠᠨ ᠬᠤᠷᠢᠶᠠᠨ᠎ᠠ᠃ ᠬᠤᠰᠢᠭᠤ ᠮᠠᠯ ᠲᠠᠷᠢᠶᠠᠯᠠᠩ ᠤᠨ ᠲᠤᠪᠴᠢᠶ᠎ᠠ ᠠᠴᠠ ᠬᠤᠰᠢᠭᠤ ᠡᠳ᠋ ᠤᠨ ᠵᠠᠰᠠᠭ ᠤᠨ | ᠲᠤᠪᠴᠢᠶ᠎ᠠ᠂ ᠣᠯᠵᠠᠴᠢ ᠪᠠᠯᠭᠠᠰᠣ ᠲᠠᠢ ᠬᠠᠮᠲᠤᠷᠠᠨ ᠰᠢᠯᠭᠠᠨ ᠬᠤᠷᠢᠶᠠᠬᠤ ᠳᠣᠭᠤᠶᠢᠯᠠᠩ ᠪᠠᠶᠢᠭᠤᠯᠵᠤ ᠬᠠᠮᠲᠤ ᠪᠠᠷ ᠲᠦᠷᠦᠯ ᠵᠦᠢᠯ ᠤᠨ ᠠᠵᠢᠯ ᠢ ᠰᠢᠯᠭᠠᠨ | ᠬᠤᠷᠢᠶᠠᠨ᠎ᠠ᠃ ᠰᠢᠯᠭᠠᠨ ᠬᠤᠷᠢᠶᠠᠬᠤ ᠠᠭᠤᠯᠭ᠎ᠠ ᠳᠤ ᠵᠤᠬᠢᠶᠠᠨ ᠪᠠᠶᠢᠭᠤᠯᠤᠯᠲᠠ ᠶᠢᠨ ᠣᠳᠣᠷᠢᠳᠣᠯᠭ᠎ᠠ᠂ ᠬᠡᠷᠡᠭᠵᠢᠬᠦᠯᠬᠦ ᠲᠦᠰᠦᠯ᠂ ᠬᠠᠮᠢᠶᠠᠷᠤᠯᠲᠠ ᠶᠢᠨ ᠳᠦᠷᠢᠮ᠂ | ᠡᠬᠦᠷᠭᠡ ᠶᠢᠨ ᠨᠠᠶᠢᠲᠠᠪᠤᠷᠢᠵᠢᠭᠤᠯᠤᠯᠲᠠ᠂ ᠮᠠᠰᠢᠨ ᠬᠤᠳᠳᠤᠭ ᠤᠨ ᠬᠠᠮᠢᠶᠠᠷᠤᠯᠲᠠ᠂ ᠲᠠᠷᠢᠮᠠᠯ ᠤᠨ ᠵᠠᠭᠪᠤᠷ᠂ ᠮᠡᠷᠭᠡᠵᠢᠯ ᠤᠨ ᠲᠦᠰᠦᠯ᠂ ᠲᠠᠷᠢᠮᠠᠯ ᠤᠨ ᠲᠠᠯᠠᠪᠠᠢ ᠶᠢᠨ | ᠨᠠᠷᠢᠨ ᠳᠠᠩᠰᠠ᠂ ᠰᠦᠯᠢᠶᠤᠤ ᠬᠦᠯᠡᠮᠵᠢ ᠲᠠᠢ ᠲᠦᠬᠦᠷᠴᠢᠯᠡᠭᠰᠡᠨ ᠣᠰᠣ ᠬᠢᠵᠠᠭᠠᠷᠯᠠᠬᠤ ᠨᠠᠷᠢᠮᠣ᠂ ᠰᠢᠷ᠎ᠡ ᠪᠣᠷᠴᠠᠭ᠂ ᠠᠮᠣ᠂ ᠰᠠᠭᠠᠭ ᠵᠡᠷᠭᠡ ᠡᠯᠳᠡᠪ ᠠᠮᠣ ᠲᠠᠷᠢᠬᠤ | ᠲᠦᠷᠦᠯ ᠵᠦᠢᠯ ᠤᠨ ᠣᠷᠣᠨ ᠤ ᠲᠠᠷᠬᠠᠯᠲᠠ ᠶᠢᠨ ᠵᠢᠷᠤᠭ᠂ ᠢᠯᠡ ᠨᠠᠶᠢᠲᠠᠯᠡᠭᠰᠡᠨ ᠪᠠᠶᠢᠳᠠᠯ᠂ ᠪᠠᠯᠭᠠᠰᠣᠨ ᠱᠠᠲᠤᠨ ᠤ ᠦᠪᠡᠷᠲᠡᠭᠡᠨ ᠪᠠᠶᠢᠴᠠᠭᠠᠭᠰᠠᠨ ᠦᠷ᠎ᠡ ᠳ᠋ᠦᠩ | ᠵᠡᠷᠭᠡ ᠪᠠᠭᠲᠠᠵᠤ᠂ ᠰᠢᠯᠭᠠᠨ ᠬᠤᠷᠢᠶᠠᠵᠤ ᠪᠠᠷᠠᠭᠠᠭᠰᠠᠨ ᠤ ᠳᠠᠷᠠᠭ᠎ᠠ ᠰᠢᠯᠭᠠᠨ ᠬᠤᠷᠢᠶᠠᠭᠰᠠᠨ ᠮᠡᠳᠡᠬᠦᠯᠦᠯᠲᠡ ᠭᠠᠷᠭᠠᠨ᠎ᠠ᠃ | ︵ᠵᠢᠷᠭᠤᠭ᠎ᠠ︶ ᠨᠦᠬᠦᠪᠦᠷᠢ ᠮᠦᠩᠭᠦ ᠣᠯᠭᠤᠨ᠎ᠠ᠃ ᠬᠤᠰᠢᠭᠤ ᠱᠠᠲᠤᠨ ᠤ ᠦᠪᠡᠷᠲᠡᠭᠡᠨ ᠪᠠᠶᠢᠴᠠᠭᠠᠭᠰᠠᠨ ᠢᠯᠡ ᠨᠠᠶᠢᠲᠠᠯᠠᠯ ᠳᠤ ᠣᠨᠳᠣᠣ ᠰᠠᠨᠠᠯ ᠦᠬᠡᠢ | ᠪᠠᠶᠢᠪᠠᠯ᠂ ᠨᠦᠬᠦᠪᠦᠷᠢ ᠮᠦᠩᠭᠦ ᠲᠤᠭᠠᠴᠢᠬᠤ ᠪᠠ ᠣᠯᠭᠤᠬᠤ ᠶᠢ ᠬᠦᠢᠴᠡᠳᠬᠡᠵᠦ᠂ ᠨᠢᠭᠡ ᠺᠠᠷᠲ ᠢᠶᠠᠷ ᠳᠠᠮᠵᠢᠭᠤᠯᠤᠨ ᠨᠦᠬᠦᠪᠦᠷᠢ ᠮᠦᠩᠭᠦ ᠶᠢ ᠮᠠᠯᠴᠢᠨ ᠲᠠᠷᠢᠶᠠᠴᠢᠨ | ᠳᠤ ᠣᠯᠭᠤᠨ᠎ᠠ᠃ | ᠳᠣᠯᠤᠭ᠎ᠠ᠂ ᠪᠠᠲᠤᠯᠠᠭ᠎ᠠ ᠶᠢᠨ ᠠᠷᠭ᠎ᠠ ᠠᠪᠴᠠᠯ | ︵ᠨᠢᠭᠡ︶ ᠵᠤᠬᠢᠶᠠᠨ ᠪᠠᠶᠢᠭᠤᠯᠤᠨ ᠣᠳᠣᠷᠢᠳᠬᠤ ᠪᠠᠨ ᠴᠢᠩᠭᠠᠳᠬᠠᠨ᠎ᠠ᠃ ᠲᠠᠷᠢᠮᠠᠯ ᠤᠨ ᠪᠦᠲᠦᠴᠡ ᠶᠢ ᠳᠣᠬᠢᠷᠠᠭᠤᠯᠬᠤ ᠰᠦᠯᠢᠶᠤᠤ ᠬᠦᠯᠡᠮᠵᠢ ᠪᠠ ᠣᠰᠣ | ᠬᠢᠵᠠᠭᠠᠷᠯᠠᠬᠤ ᠭᠠᠵᠠᠷ ᠤᠨ ᠨᠠᠷᠢᠮᠣ᠂ ᠰᠢᠷ᠎ᠡ ᠪᠤᠷᠴᠠᠭ᠂ ᠠᠮᠣ᠂ ᠰᠠᠭᠠᠭ ᠵᠡᠷᠭᠡ ᠡᠯᠳᠡᠪ ᠠᠮᠤ ᠲᠠᠷᠢᠬᠤ ᠲᠦᠷᠦᠯ ᠵᠦᠢᠯ ᠤᠨ ᠣᠳᠣᠷᠢᠳᠬᠤ ᠳᠣᠭᠤᠶᠢᠯᠠᠩ ᠢ | ᠪᠠᠶᠢᠭᠤᠯᠵᠤ᠂ ᠬᠤᠰᠢᠭᠤ ᠠᠷᠠᠳ ᠤᠨ ᠵᠠᠰᠠᠭ ᠤᠨ ᠣᠷᠳᠣᠨ ᠤ ᠬᠤᠪᠢᠳᠠᠨ ᠬᠠᠮᠢᠶᠠᠷᠬᠤ ᠣᠳᠣᠷᠢᠳᠣᠯᠭ᠎ᠠ ᠠᠴᠠ ᠳᠣᠭᠤᠶᠢᠯᠠᠩ ᠤᠨ ᠳᠠᠷᠤᠭ᠎ᠠ ᠶᠢᠨ ᠬᠠᠷᠢᠭᠤᠴᠠᠯᠭ᠎ᠠ | ᠡᠬᠦᠷᠭᠡᠯᠡᠨ᠂ ᠬᠤᠰᠢᠭᠤ ᠬᠦᠭᠵᠢᠬᠦᠯᠦᠯᠲᠡ ᠪᠠ ᠦᠬᠡᠷᠡᠴᠢᠯᠡᠯᠲᠡ ᠶᠢᠨ ᠵᠦᠪᠯᠡᠯ᠂ ᠮᠠᠯ ᠲᠠᠷᠢᠶᠠᠯᠠᠩ ᠤᠨ ᠲᠤᠪᠴᠢᠶ᠎ᠠ᠂ ᠡᠳ᠋ ᠤᠨ ᠵᠠᠰᠠᠭ ᠤᠨ ᠲᠤᠪᠴᠢᠶ᠎ᠠ᠂ ᠣᠢ | ᠰᠢᠭᠤᠢ ᠨᠤᠲᠤᠭ ᠪᠡᠯᠴᠢᠭᠡᠷ ᠤᠨ ᠲᠤᠪᠴᠢᠶ᠎ᠠ᠂ ᠣᠰᠣᠨ ᠠᠰᠢᠭᠯᠠᠯᠲᠠ ᠶᠢᠨ ᠲᠤᠪᠴᠢᠶ᠎ᠠ᠂ ᠣᠯᠵᠠᠴᠢ ᠪᠠᠯᠭᠠᠰᠣ ᠵᠡᠷᠭᠡ ᠰᠠᠯᠠᠭ᠎ᠠ ᠮᠦᠴᠢᠷ ᠪᠠ ᠬᠤᠰᠢᠭᠤ ᠮᠠᠯ | ᠲᠠᠷᠢᠶᠠᠯᠠᠩ ᠤᠨ ᠦᠢᠯᠡᠰ ᠤᠨ ᠮᠡᠷᠬᠡᠵᠢᠯ ᠤᠨ ᠲᠦᠬᠡᠮᠡᠯᠵᠢᠬᠦᠯᠦᠯᠲᠡ ᠶᠢᠨ ᠲᠦᠪ ᠢᠶᠠᠷ ᠪᠦᠷᠢᠯᠳᠦᠬᠦᠨ ᠨᠢᠬᠡᠴᠡ ᠪᠤᠯᠭᠠᠵᠤ᠂ ᠣᠳᠣᠷᠢᠳᠬᠤ ᠳᠣᠭᠤᠶᠢᠯᠠᠩ ᠤᠨ | ᠠᠯᠪᠠᠨ ᠭᠡᠷ ᠢ ᠬᠤᠰᠢᠭᠤ ᠮᠠᠯ ᠲᠠᠷᠢᠶᠠᠯᠠᠩ ᠤᠨ ᠲᠤᠪᠴᠢᠶᠠᠨ ᠳᠤ ᠲᠤᠬᠢᠷᠠᠭᠤᠯᠣᠨ᠎ᠠ᠃ ᠪᠦᠷᠢᠯᠳᠦᠬᠦᠨ ᠨᠢᠬᠡᠴᠡ ᠠᠴᠠ 1 ᠰᠠᠯᠠᠭᠠᠨ ᠲᠡᠰ ᠤᠨ ᠺᠠᠳ᠋ᠷ ᠢ | ᠪᠦᠷᠢᠯᠳᠦᠬᠦᠨ ᠢᠶᠠᠷ ᠲᠤᠭᠲᠠᠭᠠᠬᠤ ᠶᠢᠨ ᠬᠠᠮᠲᠤ 1 ᠬᠠᠷᠢᠯᠴᠠᠬᠤ ᠬᠦᠮᠦᠨ ᠢ ᠲᠤᠭᠲᠠᠭᠠᠵᠤ᠂ ᠡᠯ᠎ᠡ ᠪᠦᠷᠢᠯᠳᠦᠬᠦᠨ ᠨᠢᠬᠡᠴᠡ ᠶᠢᠨ ᠬᠢᠨ ᠬᠠᠷᠢᠯᠴᠠᠭ᠎ᠠ ᠬᠠᠮᠵᠢᠯᠴᠠᠭ᠎ᠠ | ᠪᠠᠨ ᠴᠢᠩᠭᠠᠳᠬᠠᠨ᠂ ᠴᠢᠬᠤᠯᠠ ᠲᠦᠷᠦ ᠶᠢᠨ ᠪᠤᠳᠤᠯᠭ᠎ᠠ ᠶᠢ ᠬᠠᠮᠲᠤ ᠪᠠᠷ ᠰᠣᠳᠣᠯᠵᠣ᠂ ᠭᠤᠤᠯᠳᠠᠯᠭᠠᠲᠤ ᠡᠬᠦᠷᠭᠡ ᠪᠠᠨ ᠨᠢᠭᠡᠳᠦᠯᠲᠡᠢ ᠲᠦᠯᠦᠪᠵᠢᠬᠦᠯᠦᠨ ᠠᠬᠢᠭᠤᠯᠵᠤ | ᠂ ᠴᠢᠬᠤᠯᠠ ᠠᠬᠢᠴᠠ ᠶᠢ ᠲᠤᠭᠲᠠᠭᠰᠠᠨ ᠬᠤᠭᠤᠴᠠᠭ᠎ᠠ ᠲᠠᠢ ᠪᠠᠷ ᠨᠡᠶᠢᠲᠡᠯᠡᠨ᠂ ᠪᠦᠬᠦ ᠲᠠᠯ᠎ᠠ ᠶᠢᠨ ᠤᠬᠠᠮᠰᠠᠷ᠂ ᠬᠠᠷᠢᠭᠤᠴᠠᠯᠭᠠᠲᠤ ᠣᠬᠠᠮᠰᠠᠷ ᠢ ᠪᠠᠲᠤ ᠱᠣᠭᠤᠵᠣ᠂ | ᠬᠢᠨᠠᠮᠠᠭᠠᠢ ᠲᠦᠯᠦᠪᠵᠢᠬᠦᠯᠵᠦ ᠪᠠᠶᠢᠷᠢᠯᠠᠭᠤᠯᠤᠨ᠂ ᠨᠠᠷᠢᠯᠢᠭ ᠵᠤᠬᠢᠶᠠᠨ ᠪᠠᠶᠢᠭᠤᠯᠤᠨ ᠬᠡᠷᠡᠭᠵᠢᠬᠦᠯᠵᠦ᠂ ᠡᠯ᠎ᠡ ᠲᠦᠷᠦᠯ ᠤᠨ ᠠᠵᠢᠯ ᠠᠮᠵᠢᠯᠲᠠᠲᠠᠢ ᠮᠦᠷᠲᠡᠭᠡᠨ ᠡᠮᠬᠢᠲᠡᠢ | ᠠᠬᠢᠭᠤᠯᠤᠭᠳᠠᠬᠤ ᠶᠢ ᠪᠠᠲᠤᠯᠠᠨ᠎ᠠ᠃ | ︵ᠬᠤᠶᠠᠷ︶ ᠡᠬᠦᠷᠭᠡ ᠬᠠᠷᠢᠭᠤᠴᠠᠯᠭ᠎ᠠ ᠶᠢᠨ ᠬᠤᠪᠢᠶᠠᠷᠢᠯᠠᠯ ᠢᠶᠠᠨ ᠲᠤᠲᠤᠷᠬᠠᠶᠢᠯᠠᠨ᠎ᠠ᠃ ᠬᠤᠰᠢᠭᠤ ᠬᠦᠭᠵᠢᠬᠦᠯᠦᠯᠲᠡ ᠪᠠ ᠦᠬᠡᠷᠡᠴᠢᠯᠡᠯᠲᠡ ᠶᠢᠨ ᠵᠦᠪᠯᠡᠯ | ᠠᠴᠠ ᠨᠠᠷᠢᠮᠣ᠂ ᠰᠢᠷ᠎ᠡ ᠪᠤᠷᠴᠠᠭ᠂ ᠠᠮᠣ᠂ ᠰᠠᠭᠠᠭ ᠵᠡᠷᠭᠡ ᠡᠯᠳᠡᠪ ᠠᠮᠤ ᠦᠢᠯᠡᠳᠪᠦᠷᠢᠯᠡᠭᠴᠢ ᠶᠢᠨ ᠦᠪᠡᠷ ᠤᠨ ᠦᠷᠲᠡᠭ ᠤᠨ ᠣᠷᠣᠵᠠ ᠪᠠ ᠵᠠᠬ᠎ᠠ ᠳᠡᠯᠭᠡᠭᠦᠷ ᠤᠨ | ᠦᠨ᠎ᠡ ᠬᠠᠩᠰᠢ ᠶᠢᠨ ᠬᠢᠨᠠᠨ ᠬᠡᠮᠵᠢᠯᠲᠡ ᠶᠢᠨ ᠠᠵᠢᠯ ᠢ ᠬᠠᠷᠢᠭᠤᠴᠠᠬᠤ ᠶᠢᠨ ᠬᠠᠮᠲᠤ ᠣᠬᠠᠭᠤᠯᠭ᠎ᠠ ᠪᠠᠨ ᠰᠠᠶᠢᠲᠤᠷ ᠬᠢᠵᠦ᠂ ᠵᠠᠬ᠎ᠠ ᠳᠡᠯᠭᠡᠭᠦᠷ ᠤᠨ ᠭᠤᠤᠯ ᠴᠤᠭᠴᠠ | ᠶᠢ ᠵᠢᠯᠤᠭᠤᠳᠤᠨ ᠨᠠᠷᠢᠮᠣ᠂ ᠰᠢᠷ᠎ᠡ ᠪᠤᠷᠴᠠᠭ᠂ ᠠᠮᠣ᠂ ᠰᠠᠭᠠᠭ ᠵᠡᠷᠭᠡ ᠡᠯᠳᠡᠪ ᠠᠮᠤ ᠶᠢ ᠢᠳᠡᠪᠬᠢᠲᠡᠢ ᠪᠠᠷ ᠬᠤᠳᠠᠯᠳᠣᠨ ᠠᠪᠤᠨ᠎ᠠ︔ ᠡᠳ᠋ ᠤᠨ ᠵᠠᠰᠠᠭ ᠤᠨ | ᠲᠤᠪᠴᠢᠶᠠᠨ ᠠᠴᠠ ᠨᠦᠬᠦᠪᠦᠷᠢ ᠮᠦᠩᠭᠦ ᠤᠯᠭᠤᠬᠤ ᠪᠠ ᠬᠤᠪᠢᠶᠠᠷᠢᠯᠠᠬᠤ ᠬᠢᠨᠠᠯᠲᠠ ᠵᠢᠯᠤᠭᠤᠳᠤᠯᠭ᠎ᠠ ᠵᠡᠷᠭᠡ ᠠᠵᠢᠯ ᠢ ᠬᠠᠷᠢᠭᠤᠴᠠᠨ᠎ᠠ︔ ᠮᠠᠯ ᠲᠠᠷᠢᠶᠠᠯᠠᠩ ᠤᠨ | ᠲᠤᠪᠴᠢᠶ᠎ᠠ ᠠᠴᠠ ᠬᠠᠷᠭᠤᠭᠤᠯᠬᠤ ᠠᠵᠢᠯ ᠢ ᠬᠠᠷᠢᠭᠤᠴᠠᠨ᠂ ᠲᠤᠰᠬᠠᠢ ᠬᠦᠮᠦᠨ ᠰᠣᠩᠭᠤᠵᠣ ᠪᠦᠬᠦ ᠵᠢᠯ ᠤᠨ ᠲᠠᠷᠢᠮᠠᠯ ᠤᠨ ᠮᠡᠷᠬᠡᠵᠢᠯ ᠤᠨ ᠦᠢᠯᠡᠴᠢᠯᠡᠭᠡ ᠶᠢ | ᠬᠠᠩᠭᠠᠵᠤ᠂ ᠲᠠᠷᠢᠮᠠᠯ ᠤᠨ ᠡᠷᠦᠬᠡ ᠶᠢ ᠬᠠᠪᠰᠣᠷᠴᠣ ᠬᠦᠴᠢᠷ ᠠᠰᠠᠭᠤᠳᠠᠯ ᠢ ᠨᠢ ᠰᠢᠢᠳᠪᠦᠷᠢᠯᠡᠨ᠂ ᠣᠨᠠᠯᠲᠠ ᠶᠢ ᠵᠢᠱᠢᠬᠦ ᠪᠠ ᠶᠠᠰᠣ ᠴᠢᠨᠠᠷ ᠢ ᠰᠣᠩᠭᠤᠨ | ᠪᠠᠶᠢᠴᠠᠭᠠᠬᠤ ᠵᠡᠷᠭᠡ ᠠᠵᠢᠯ ᠢ ᠵᠤᠬᠢᠶᠠᠨ ᠪᠠᠶᠢᠭᠤᠯᠵᠣ᠂ ᠨᠠᠷᠢᠮᠤ᠂ ᠰᠢᠷ᠎ᠠ ᠪᠤᠷᠴᠠᠭ᠂ ᠠᠮᠣ᠂ ᠰᠠᠭᠠᠭ ᠤᠨ ᠲᠠᠷᠢᠮᠠᠯ ᠵᠢᠴᠢ ᠨᠦᠬᠦᠪᠦᠷᠢ ᠣᠯᠭᠤᠬᠤ ᠠᠵᠢᠯ | ᠠᠮᠵᠢᠯᠲᠠᠲᠠᠢ ᠪᠡᠶᠡᠯᠡᠭᠳᠡᠬᠦ ᠶᠢ ᠪᠠᠲᠤᠯᠠᠨ᠎ᠠ᠃ | ︵ᠭᠤᠷᠪᠠ︶ ᠠᠵᠢᠯ ᠤᠨ ᠠᠷᠭ᠎ᠠ ᠠᠪᠴᠠᠯ ᠢᠶᠠᠨ ᠨᠠᠷᠢᠯᠢᠭᠵᠢᠭᠤᠯᠤᠨ᠎ᠠ᠃ ᠰᠦᠯᠢᠶᠤᠤ ᠬᠦᠯᠡᠮᠵᠢ᠂ ᠣᠰᠣ ᠬᠢᠵᠠᠭᠠᠷᠯᠠᠬᠤ ᠨᠠᠷᠢᠮᠣ᠂ ᠰᠢᠷ᠎ᠡ ᠪᠣᠷᠴᠠᠭ᠂ ᠠᠮᠣ᠂ | ᠰᠠᠭᠠᠭ ᠵᠡᠷᠭᠡ ᠡᠯᠳᠡᠪ ᠠᠮᠣ ᠲᠠᠷᠢᠬᠤ ᠲᠦᠯᠦᠪᠵᠢᠬᠦᠯᠬᠡ ᠶᠢᠨ ᠪᠤᠲᠠᠲᠠᠢ ᠡᠬᠦᠷᠭᠡ ᠶᠢᠨ ᠬᠤᠪᠢᠶᠠᠷᠢᠯᠠᠯ ᠢ ᠦᠨᠳᠦᠰᠦᠯᠡᠵᠦ᠂ ᠣᠳᠣᠷᠢᠳᠬᠤ ᠳᠣᠭᠤᠶᠢᠯᠠᠩ ᠠᠴᠠ | ᠠᠵᠢᠯᠯᠠᠮᠵᠢ ᠡᠷᠴᠢᠮᠲᠠᠢ ᠠᠵᠢᠯ ᠤᠨ ᠠᠬᠢᠭᠤᠯᠤᠯᠲᠠ ᠶᠢᠨ ᠴᠢᠩᠭ᠎ᠠ ᠠᠷᠭ᠎ᠠ ᠠᠪᠴᠠᠯ ᠢ ᠰᠣᠳᠣᠯᠵᠣ ᠲᠤᠭᠲᠠᠭᠠᠨ᠂ ᠬᠠᠷᠠᠯᠲᠠ ᠡᠬᠦᠷᠭᠡ᠂ ᠳᠡᠮᠵᠢᠯᠭᠡ ᠶᠢᠨ ᠲᠦᠷᠦ ᠶᠢᠨ | ᠪᠤᠳᠤᠯᠭ᠎ᠠ ᠂ ᠴᠢᠬᠤᠯᠠ ᠠᠭᠤᠯᠭ᠎ᠠ᠂ ᠠᠬᠢᠴᠠ ᠶᠢᠨ ᠲᠤᠬᠢᠷᠠᠭᠤᠯᠤᠯᠲᠠ ᠶᠢ ᠲᠤᠲᠤᠷᠬᠠᠶᠢᠯᠠᠬᠤ ᠶᠢᠨ ᠬᠠᠮᠲᠤ ᠬᠠᠷᠢᠭᠤᠴᠠᠯᠭ᠎ᠠ ᠶᠢᠨ ᠨᠢᠭᠡᠴᠡ ᠪᠠ ᠬᠠᠷᠢᠭᠤᠴᠠᠯᠭᠠᠲᠠᠨ ᠢ | ᠲᠤᠭᠲᠠᠭᠠᠨ᠎ᠠ᠃ ᠣᠯᠵᠠᠴᠢ ᠪᠠᠯᠭᠠᠰᠣ ᠠᠴᠠ ᠪᠠᠶᠢᠭᠤᠯᠤᠯᠲᠠ ᠪᠠ ᠲᠡᠷᠢᠮᠡᠯ ᠤᠨ ᠡᠬᠦᠷᠭᠡ ᠪᠠᠨ ᠭᠠᠴᠠᠭ᠎ᠠ ᠲᠤᠰᠬᠤᠨ ᠳᠤ ᠬᠤᠪᠢᠶᠠᠷᠢᠯᠠᠵᠤ᠂ ᠲᠠᠷᠢᠶᠠᠨ ᠭᠠᠵᠠᠷ ᠲᠤ | ᠨᠠᠶᠢᠲᠠᠪᠤᠷᠢᠵᠢᠭᠤᠯᠬᠤ ᠶᠢᠨ ᠬᠠᠮᠲᠤ ᠬᠠᠷᠠᠭᠠᠯᠵᠠᠭᠰᠠᠨ ᠠᠵᠢᠯ ᠤᠨ ᠲᠦᠰᠦᠯ ᠢ ᠲᠤᠭᠲᠠᠭᠠᠨ᠂ ᠭᠤᠤᠯᠳᠠᠯᠭᠠᠲᠤ ᠠᠷᠭ᠎ᠠ ᠠᠪᠴᠠᠯ ᠢ ᠰᠠᠷ᠎ᠠ ᠪᠠᠷ ᠬᠤᠪᠢᠶᠠᠷᠢᠯᠠᠵᠤ᠂ | ᠴᠠᠭ ᠤᠨ ᠬᠤᠪᠢᠶᠠᠷᠢ ᠪᠠ ᠠᠵᠢᠯ ᠤᠨ ᠵᠢᠷᠤᠭ ᠢ ᠲᠤᠲᠤᠷᠬᠠᠶᠢᠯᠠᠨ᠎ᠠ᠃ | ︵ᠳᠦᠷᠪᠡ︶ ᠦᠢᠯᠡᠴᠢᠯᠡᠭᠡ ᠵᠢᠯᠤᠭᠤᠳᠤᠯᠭ᠎ᠠ ᠶᠢ ᠦᠷᠨᠢᠬᠦᠯᠦᠨ᠎ᠡ᠃ ᠣᠯᠵᠠᠴᠢ ᠪᠠᠯᠭᠠᠰᠣ᠂ ᠮᠠᠯ ᠲᠠᠷᠢᠶᠠᠯᠠᠩ ᠤᠨ ᠲᠤᠪᠴᠢᠶ᠎ᠠ᠂ ᠣᠰᠣᠨ ᠠᠰᠢᠭᠯᠠᠯᠲᠠ ᠶᠢᠨ | ᠲᠤᠪᠴᠢᠶ᠎ᠠ ᠠᠴᠠ ᠭᠠᠵᠠᠷ ᠳᠣᠣᠷᠠᠬᠢ ᠣᠰᠣᠨ ᠤ ᠬᠡᠲᠦ ᠠᠰᠢᠭᠯᠠᠯᠲᠠ ᠶᠢᠨ ᠣᠷᠣᠨ ᠤ ᠰᠦᠯᠢᠶᠤᠤ ᠬᠦᠯᠡᠮᠵᠢ ᠶᠢᠨ ᠪᠠᠶᠢᠭᠤᠯᠤᠯᠲᠠ ᠪᠠ ᠨᠠᠷᠢᠮᠣ᠂ ᠰᠢᠷ᠎ᠡ ᠪᠤᠷᠴᠠᠭ᠂ | ᠠᠮᠣ᠂ ᠰᠠᠭᠠᠭ ᠤᠨ ᠲᠠᠷᠢᠮᠠᠯ᠂ ᠬᠡᠲᠦ ᠠᠰᠢᠭᠯᠠᠯᠲᠠ ᠶᠢᠨ ᠣᠷᠣᠨ ᠤ ᠵᠠᠰᠠᠯᠲᠠ ᠵᠡᠷᠭᠡ ᠬᠠᠮᠢᠶ᠎ᠠ ᠪᠦᠬᠦᠢ ᠲᠦᠷᠦ ᠶᠢᠨ ᠪᠤᠳᠤᠯᠭ᠎ᠠ ᠶᠢᠨ ᠲᠠᠶᠢᠯᠪᠤᠷᠢ ᠶᠢ ᠣᠯᠠᠨ ᠠᠷᠭ᠎ᠠ | ᠵᠠᠮ ᠢᠶᠠᠷ ᠰᠠᠶᠢᠲᠤᠷ ᠬᠢᠵᠦ᠂ ᠲᠠᠷᠢᠶᠠᠯᠠᠬᠤ ᠴᠠᠭ ᠤᠨ ᠵᠠᠩᠭᠢᠯᠠᠭ᠎ᠠ ᠶᠢᠨ ᠤᠯᠠᠷᠢᠯ ᠳᠤ ᠠᠵᠢᠯ ᠤᠨ ᠳᠣᠭᠤᠶᠢᠯᠠᠩ ᠢ ᠪᠠᠶᠢᠭᠤᠯᠵᠤ ᠰᠦᠯᠢᠶᠤᠤ ᠬᠦᠯᠡᠮᠵᠢ ᠪᠠ ᠨᠠᠷᠢᠮᠣ᠂ | ᠰᠢᠷ᠎ᠡ ᠪᠤᠷᠴᠠᠭ᠂ ᠠᠮᠣ᠂ ᠰᠠᠭᠠᠭ ᠰᠣᠯᠢᠨ ᠲᠠᠷᠢᠭᠰᠠᠨ ᠣᠷᠣᠨ ᠳᠤ ᠬᠦᠷᠴᠦ ᠪᠠᠶᠢᠴᠠᠭᠠᠨ ᠰᠣᠳᠣᠯᠣᠯᠲᠠ ᠦᠷᠨᠢᠬᠦᠯᠦᠨ᠂ ᠡᠬᠦᠷᠭᠡ ᠪᠠᠨ ᠮᠦᠷᠳᠡᠨ | ᠨᠠᠶᠢᠲᠠᠪᠤᠷᠢᠵᠢᠭᠤᠯᠵᠤ᠂ ᠪᠤᠲᠠᠲᠠᠢ ᠬᠦᠴᠢᠷ ᠠᠰᠠᠭᠤᠳᠠᠯ ᠢ ᠰᠢᠢᠳᠪᠦᠷᠢᠯᠡᠨ᠎ᠡ᠃ ᠬᠤᠰᠢᠭᠤ ᠮᠠᠯ ᠲᠠᠷᠢᠶᠠᠯᠠᠩ ᠤᠨ ᠦᠢᠯᠡᠰ ᠤᠨ ᠮᠡᠷᠭᠡᠵᠢᠯ ᠤᠨ ᠲᠦᠬᠡᠮᠡᠯᠵᠢᠬᠦᠯᠦᠯᠲᠡ | ᠶᠢᠨ ᠲᠦᠪ ᠠᠴᠠ ᠰᠦᠯᠢᠶᠤᠤ ᠬᠦᠯᠡᠮᠵᠢ ᠶᠢᠨ ᠢᠳᠡᠰᠢᠨ ᠨᠣᠭᠤᠭ᠎ᠠ ᠶᠢᠨ ᠲᠠᠷᠢᠮᠠᠯ ᠪᠠ ᠨᠠᠷᠢᠮᠣ᠂ ᠰᠢᠷ᠎ᠡ ᠪᠤᠷᠴᠠᠭ᠂ ᠠᠮᠣ᠂ ᠰᠠᠭᠠᠭ ᠤᠨ ᠲᠠᠷᠢᠮᠠᠯ ᠤᠨ ᠭᠠᠵᠠᠷ ᠤᠨ | ᠦᠢᠯᠡᠳᠪᠦᠷᠢᠯᠡᠯ ᠤᠨ ᠡᠮᠦᠨ᠎ᠡ᠂ ᠳᠣᠮᠳᠠ᠂ ᠬᠤᠶᠢᠨᠠᠬᠢ ᠮᠡᠷᠬᠡᠵᠢᠯ ᠤᠨ ᠦᠢᠯᠡᠴᠢᠯᠡᠭᠡ ᠶᠢ ᠪᠦᠬᠦ ᠬᠦᠴᠦᠨ ᠢᠶᠠᠷ ᠰᠠᠶᠢᠲᠤᠷ ᠬᠢᠨ᠎ᠡ᠃ ᠨᠠᠷᠢᠮᠣ᠂ ᠰᠢᠷ᠎ᠡ ᠪᠤᠷᠴᠠᠭ᠂ | ᠠᠮᠣ᠂ ᠰᠠᠭᠠᠭ ᠵᠡᠷᠭᠡ ᠡᠯᠳᠡᠪ ᠠᠮᠤ ᠶᠢᠨ ᠬᠤᠷᠢᠶᠠᠯᠲᠠ ᠠᠴᠠ ᠡᠮᠦᠨ᠎ᠡ᠂ ᠬᠤᠰᠢᠭᠤ ᠱᠠᠲᠤᠨ ᠠᠴᠠ ᠲᠤᠰᠬᠠᠢ ᠮᠡᠷᠬᠡᠵᠢᠯᠲᠡᠨ ᠵᠤᠬᠢᠶᠠᠨ ᠪᠠᠶᠢᠭᠤᠯᠵᠤ ᠣᠨᠠᠯᠲᠠ ᠶᠢ | ᠵᠢᠱᠢᠬᠦ ᠪᠠ ᠶᠠᠰᠣ ᠴᠢᠨᠠᠷ ᠢ ᠰᠣᠩᠭᠤᠨ ᠪᠠᠶᠢᠴᠠᠭᠠᠬᠤ ᠵᠡᠷᠭᠡ ᠠᠵᠢᠯ ᠢ ᠦᠷᠨᠢᠬᠦᠯᠦᠨ᠎ᠡ᠃ | ︵ᠲᠠᠪᠤ︶ ᠣᠬᠠᠭᠤᠯᠭ᠎ᠠ ᠵᠢᠯᠤᠭᠤᠳᠤᠯᠭ᠎ᠠ ᠶᠢᠨ ᠡᠷᠴᠢᠮ ᠢᠶᠠᠨ ᠴᠢᠩᠭᠠᠳᠬᠠᠨ᠎ᠠ᠃ ᠷᠠᠳᠢᠤ᠋ ᠨᠡᠪᠲᠡᠷᠡᠬᠦᠯᠬᠡ᠂ ᠲᠧᠯᠸᠢᠰ᠂ ᠲᠤᠤᠷ ᠰᠦᠯᠵᠢᠶ᠎ᠡ ᠵᠡᠷᠭᠡ | ᠵᠠᠭᠤᠴᠢᠯᠠᠭᠤᠷ ᠢ ᠬᠦᠢᠴᠡᠳ ᠠᠰᠢᠭᠯᠠᠵᠤ᠂ ᠰᠦᠯᠢᠶᠤᠤ ᠬᠦᠯᠡᠮᠵᠢ ᠲᠠᠢ ᠣᠶᠠᠯᠳᠣᠭᠤᠯᠣᠭᠰᠠᠨ ᠨᠠᠷᠢᠮᠣ᠂ ᠰᠢᠷ᠎ᠡ ᠪᠤᠷᠴᠠᠭ᠂ ᠠᠮᠣ᠂ ᠰᠠᠭᠠᠭ ᠵᠡᠷᠭᠡ ᠡᠯᠳᠡᠪ ᠠᠮᠤ | ᠲᠠᠷᠢᠬᠤ ᠪᠠ ᠭᠠᠵᠠᠷ ᠳᠣᠣᠷᠠᠬᠢ ᠣᠰᠣᠨ ᠤ ᠬᠡᠲᠦ ᠠᠰᠢᠭᠯᠠᠯᠲᠠ ᠶᠢᠨ ᠣᠷᠣᠨ ᠤ ᠵᠠᠰᠠᠯᠲᠠ ᠶᠢᠨ ᠴᠢᠬᠤᠯᠠ ᠠᠴᠢ ᠬᠤᠯᠪᠤᠭᠳᠠᠯ ᠪᠠ ᠬᠤᠯᠪᠤᠭᠳᠠᠯ ᠪᠦᠬᠦᠢ | ᠱᠠᠭᠠᠷᠳᠠᠯᠭ᠎ᠠ ᠶᠢ ᠣᠬᠠᠭᠤᠯᠤᠨ᠂ ᠠᠬᠤᠢ ᠲᠠᠯᠠᠪᠠᠢ ᠶᠢᠨ ᠦᠵᠡᠬᠦᠯᠬᠡ᠂ ᠲᠤᠷᠰᠢᠯᠭ᠎ᠠ ᠰᠣᠯᠢᠯᠴᠠᠭ᠎ᠠ᠂ ᠨᠡᠶᠢᠲᠡᠯᠢᠭ ᠵᠢᠱᠢᠶ᠎ᠡ ᠵᠡᠷᠭᠡ ᠠᠷᠭ᠎ᠠ ᠮᠠᠶ᠋ᠢᠭ ᠢᠶᠠᠷ ᠳᠠᠮᠵᠢᠭᠤᠯᠤᠨ | ᠣᠰᠣ ᠠᠷᠪᠢᠯᠠᠬᠤ ᠨᠠᠷᠢᠮᠣ᠂ ᠰᠢᠷ᠎ᠡ ᠪᠤᠷᠴᠠᠭ᠂ ᠠᠮᠣ᠂ ᠰᠠᠭᠠᠭ ᠤᠨ ᠦᠢᠯᠡᠳᠪᠦᠷᠢᠯᠡᠯ ᠢ ᠬᠦᠭᠵᠢᠬᠦᠯᠬᠦ ᠳᠤ ᠣᠯᠣᠭᠰᠠᠨ ᠠᠬᠢᠴᠠ ᠪᠠ ᠪᠦᠲᠦᠮᠵᠢ ᠶᠢ ᠣᠬᠠᠭᠤᠯᠵᠦ᠂ | ᠨᠠᠶᠢᠬᠡᠮ ᠤᠨ ᠡᠯ᠎ᠡ ᠡᠲᠡᠭᠡᠳ ᠢ ᠵᠢᠯᠤᠭᠤᠳᠤᠨ ᠬᠠᠭᠤᠷᠠᠢ ᠲᠠᠷᠢᠶᠠᠯᠠᠭ᠎ᠠ ᠶᠢᠨ ᠨᠠᠷᠢᠮᠣ᠂ ᠰᠢᠷ᠎ᠡ ᠪᠤᠷᠴᠠᠭ᠂ ᠠᠮᠣ᠂ ᠰᠠᠭᠠᠭ ᠤᠨ ᠠᠵᠤ ᠦᠢᠯᠡᠰ ᠤᠨ ᠬᠦᠭᠵᠢᠯᠲᠡ ᠶᠢ | ᠬᠠᠯᠠᠮᠵᠢᠯᠠᠨ ᠳᠡᠮᠵᠢᠬᠦ ᠪᠠ ᠬᠡᠲᠦ ᠠᠰᠢᠭᠯᠠᠯᠲᠠ ᠶᠢᠨ ᠣᠷᠣᠨ ᠤ ᠵᠠᠰᠠᠯᠲᠠ ᠶᠢᠨ ᠠᠵᠢᠯ ᠢ ᠪᠠᠬᠢᠵᠢᠬᠦᠯᠦᠨ᠎ᠡ᠃ | ︵ᠵᠢᠷᠭᠤᠭ᠎ᠠ︶ ᠳ᠋ᠦᠩᠨᠡᠯᠲᠡ ᠰᠣᠯᠢᠯᠴᠠᠭ᠎ᠠ ᠪᠠᠨ ᠰᠠᠶᠢᠲᠤᠷ ᠬᠢᠨ᠎ᠠ᠃ ᠡᠯ᠎ᠡ ᠭᠠᠴᠠᠭ᠎ᠠ ᠲᠤᠰᠬᠤᠨ ᠤ ᠬᠠᠭᠤᠷᠠᠢ ᠲᠠᠷᠢᠶᠠᠯᠠᠭ᠎ᠠ ᠶᠢᠨ ᠨᠠᠷᠢᠮᠣ᠂ ᠰᠢᠷ᠎ᠡ ᠪᠤᠷᠴᠠᠭ᠂ | ᠠᠮᠣ᠂ ᠰᠠᠭᠠᠭ ᠤᠨ ᠲᠠᠷᠢᠮᠠᠯ ᠤᠨ ᠬᠡᠷᠡᠭᠵᠢᠬᠦᠯᠦᠯᠲᠡ ᠶᠢᠨ ᠶᠠᠪᠤᠴᠠ ᠳᠣᠮᠳᠠ ᠢᠯᠡᠷᠡᠭᠰᠡᠨ ᠰᠠᠶᠢᠨ ᠠᠷᠭ᠎ᠠ ᠰᠢᠯᠢᠳᠡᠭ ᠲᠤᠷᠰᠢᠯᠭ᠎ᠠ ᠪᠠᠨ ᠳ᠋ᠦᠩᠨᠡᠨ᠎ᠡ᠃ ᠨᠢᠬᠡ ᠪᠦᠯᠦᠭ | ᠬᠤᠷᠢᠶᠠᠯᠲᠠ ᠪᠠᠨ ᠨᠡᠮᠡᠭᠳᠡᠬᠦᠯᠬᠦ ᠳᠠᠯᠲᠠ ᠬᠦᠴᠦᠨ ᠲᠠᠢ ᠦᠨᠳᠦᠷ ᠣᠨᠠᠯᠲᠠ ᠲᠠᠢ ᠮᠦᠷᠲᠡᠭᠡᠨ ᠴᠢᠨᠠᠷ ᠰᠠᠶᠢᠲᠠᠢ ᠦᠷ᠎ᠡ ᠶᠢᠨ ᠲᠦᠷᠦᠯ ᠡᠬᠦᠯᠳᠡᠷ ᠢ ᠲᠠᠨᠢᠯᠴᠠᠭᠤᠯᠵᠤ᠂ | ᠨᠢᠬᠡ ᠪᠦᠯᠦᠭ ᠣᠰᠣ ᠠᠷᠪᠢᠯᠠᠬᠤ ᠪᠦᠬᠡᠳ ᠪᠦᠲᠦᠮᠵᠢᠲᠡᠢ ᠪᠤᠬᠢᠷᠳᠣᠯ ᠦᠬᠡᠢ ᠮᠡᠷᠭᠡᠵᠢᠯ ᠤᠨ ᠵᠠᠭᠪᠤᠷ ᠢ ᠡᠮᠬᠢᠳᠬᠡᠨ᠂ ᠨᠢᠬᠡ ᠪᠦᠯᠦᠭ ᠲᠠᠶᠢᠴᠢᠯᠠᠯᠲᠠ ᠶᠢᠨ | ᠦᠢᠯᠡᠳᠦᠯ ᠢᠶᠠᠷ ᠴᠢᠩᠭ᠎ᠠ ᠬᠠᠭᠤᠷᠠᠢ ᠲᠠᠷᠢᠶᠠᠯᠠᠭ᠎ᠠ ᠶᠢᠨ ᠨᠡᠶᠢᠲᠡᠯᠢᠭ ᠵᠢᠱᠢᠶ᠎ᠡ ᠶᠢ ᠪᠤᠢ ᠪᠤᠯᠭᠠᠨ᠎ᠠ᠃ ᠵᠢᠯ ᠤᠨ ᠡᠴᠦᠰ ᠠᠴᠠ ᠡᠮᠦᠨ᠎ᠡ᠂ ᠬᠤᠰᠢᠭᠤ ᠣᠳᠣᠷᠢᠳᠬᠤ | ᠳᠣᠭᠤᠶᠢᠯᠠᠩ ᠠᠴᠠ ᠰᠦᠯᠢᠶᠤᠤ ᠬᠦᠯᠡᠮᠵᠢ ᠶᠢᠨ ᠲᠠᠷᠢᠮᠠᠯ ᠵᠢᠴᠢ ᠬᠠᠭᠤᠷᠠᠢ ᠲᠠᠷᠢᠶᠠᠯᠠᠭ᠎ᠠ ᠶᠢᠨ ᠨᠠᠷᠢᠮᠣ᠂ ᠰᠢᠷ᠎ᠡ ᠪᠤᠷᠴᠠᠭ᠂ ᠠᠮᠣ᠂ ᠰᠠᠭᠠᠭ ᠤᠨ ᠬᠡᠷᠡᠭᠵᠢᠬᠦᠯᠦᠯᠲᠡ | ᠶᠢᠨ ᠪᠠᠶᠢᠳᠠᠯ ᠢ ᠪᠦᠬᠦ ᠲᠠᠯ᠎ᠠ ᠪᠠᠷ ᠳ᠋ᠦᠩᠨᠡᠵᠦ᠂ ᠵᠢᠯ ᠤᠨ ᠳ᠋ᠦᠩᠨᠡᠯᠲᠡ ᠶᠢᠨ ᠮᠡᠳᠡᠬᠦᠯᠦᠯᠲᠡ ᠶᠢ ᠪᠦᠷᠢᠯᠳᠦᠬᠦᠯᠦᠨ᠂ ᠬᠤᠰᠢᠭᠤ ᠠᠷᠠᠳ ᠤᠨ ᠵᠠᠰᠠᠭ ᠤᠨ ᠣᠷᠳᠣᠨ | ᠳᠤ ᠮᠡᠳᠡᠬᠦᠯᠦᠨ ᠬᠦᠷᠬᠡᠨ᠎ᠡ᠃ | ᠳᠠᠭᠠᠯᠳᠣᠭᠤᠯᠣᠯ ᠨᠢᠬᠡ᠄ | ᠭᠠᠵᠠᠷ ᠳᠣᠣᠷᠠᠬᠢ ᠣᠰᠣᠨ ᠤ ᠬᠡᠲᠦ ᠠᠰᠢᠭᠯᠠᠯᠲᠠ ᠶᠢᠨ ᠣᠷᠣᠨ ᠤ ᠲᠠᠷᠢᠮᠠᠯ ᠤᠨ ᠪᠦᠲᠦᠴᠡ ᠶᠢᠨ ᠲᠤᠬᠢᠷᠠᠭᠤᠯᠤᠯᠲᠠ ᠵᠢᠴᠢ ᠳᠦᠬᠦᠬᠡᠷᠦᠮᠵᠢᠲᠦ ᠲᠠᠷᠢᠶᠠᠯᠠᠩ | ᠤᠨ ᠦᠢᠯᠡᠰ ᠤᠨ ᠲᠦᠷᠦᠯ ᠵᠦᠢᠯ ᠤᠨ ᠬᠦᠭᠵᠢᠬᠦᠯᠦᠯᠲᠡ ᠶᠢᠨ ᠣᠳᠣᠷᠢᠳᠬᠤ ᠳᠣᠭᠤᠶᠢᠯᠠᠩ ᠤᠨ ᠪᠦᠷᠢᠯᠳᠦᠬᠦᠨ ᠤ ᠨᠡᠷᠡᠰ | ᠳᠣᠭᠤᠶᠢᠯᠠᠩ ᠤᠨ ᠳᠠᠷᠤᠭ᠎ᠠ᠄ ᠶᠢᠦ ᠵᠢᠶᠠᠨ ᠴᠢᠩ ᠬᠤᠰᠢᠭᠤ ᠠᠷᠠᠳ ᠤᠨ ᠵᠠᠰᠠᠭ ᠤᠨ ᠣᠷᠳᠣᠨ ᠤ ᠳᠡᠳ᠋ ᠳᠠᠷᠤᠭ᠎ᠠ | ᠳᠣᠭᠤᠶᠢᠯᠠᠩ ᠤᠨ ᠳᠡᠳ᠋ ᠳᠠᠷᠤᠭ᠎ᠠ᠄ ᠡᠷᠳᠡᠨᠢᠪᠢᠯᠢᠭ ᠬᠤᠰᠢᠭᠤ ᠮᠠᠯ ᠲᠠᠷᠢᠶᠠᠯᠠᠩ ᠤᠨ ᠲᠤᠪᠴᠢᠶᠠᠨ ᠤ ᠨᠠᠮ ᠤᠨ ᠣᠳᠣᠷᠢᠳᠬᠤ ᠳᠣᠭᠤᠶᠢᠯᠠᠩ ᠤᠨ ᠱᠦᠵᠢ | ᠰᠢᠦᠸᠡᠢ ᠵᠣᠣ ᠰᠢᠩ ᠬᠤᠰᠢᠭᠤ ᠬᠦᠭᠵᠢᠬᠦᠯᠦᠯᠲᠡ ᠪᠠ ᠦᠭᠡᠷᠡᠴᠢᠯᠡᠯᠲᠡ ᠶᠢᠨ ᠵᠦᠪᠯᠡᠯ ᠤᠨ ᠡᠷᠬᠢᠯᠡᠭᠴᠢ | ᠠᠶᠤᠰᠢ ᠬᠤᠰᠢᠭᠤ ᠡᠳ᠋ ᠤᠨ ᠵᠠᠰᠠᠭ ᠤᠨ ᠲᠤᠪᠴᠢᠶᠠᠨ ᠤ ᠳᠠᠷᠤᠭ᠎ᠠ | ᠯᠢᠶᠠᠩ ᠵᠢᠶᠠᠨ ᠵᠢᠶᠦ᠋ᠨ ᠬᠤᠰᠢᠭᠤ ᠣᠢ ᠰᠢᠭᠤᠢ ᠪᠠ ᠨᠤᠲᠤᠭ ᠪᠡᠯᠴᠢᠭᠡᠷ ᠤᠨ ᠲᠤᠪᠴᠢᠶᠠᠨ ᠤ ᠳᠠᠷᠤᠭ᠎ᠠ | ᠷᠧᠨ ᠫᠧᠩ ᠬᠤᠰᠢᠭᠤ ᠣᠰᠣᠨ ᠠᠰᠢᠭᠯᠠᠯᠲᠠ ᠶᠢᠨ ᠲᠤᠪᠴᠢᠶᠠᠨ ᠤ ᠳᠠᠷᠤᠭ᠎ᠠ | ᠨᠠᠶᠠ ᠣᠯᠵᠠᠴᠢ ᠪᠠᠯᠭᠠᠰᠣᠨ ᠤ ᠠᠷᠠᠳ ᠤᠨ ᠵᠠᠰᠠᠭ ᠤᠨ ᠣᠷᠳᠣᠨ ᠤ ᠪᠠᠯᠭᠠᠰᠣᠨ ᠳᠠᠷᠤᠭ᠎ᠠ | ᠾᠧ ᠫᠢᠩ ᠬᠤᠰᠢᠭᠤ ᠴᠠᠬᠢᠯᠭᠠᠨ ᠬᠠᠩᠭᠠᠯᠭ᠎ᠠ ᠶᠢᠨ ᠬᠤᠪᠢᠶᠠᠷᠢ ᠺᠤᠮᠫᠠᠨᠢ ᠶᠢᠨ ᠳᠠᠭᠠᠭᠠᠮᠠᠯ | ᠪᠦᠷᠢᠯᠳᠦᠬᠦᠨ᠄ ᠠᠭᠤᠯᠠ ᠬᠤᠰᠢᠭᠤ ᠮᠠᠯ ᠲᠠᠷᠢᠶᠠᠯᠠᠩ ᠤᠨ ᠲᠤᠪᠴᠢᠶᠠᠨ ᠤ ᠳᠡᠳ᠋ ᠳᠠᠷᠤᠭ᠎ᠠ | ᠰᠸᠧᠠᠩ ᠬᠤᠰᠢᠭᠤ ᠮᠠᠯ ᠲᠠᠷᠢᠶᠠᠯᠠᠩ ᠤᠨ ᠦᠢᠯᠡᠰ ᠤᠨ ᠶᠡᠷᠦᠩᠬᠡᠶᠢᠯᠡᠭᠰᠡᠨ ᠵᠠᠰᠠᠭ ᠵᠠᠬᠢᠷᠭᠠᠨ ᠤ ᠬᠠᠤᠯᠢ ᠬᠡᠷᠡᠭᠵᠢᠬᠦᠯᠦᠯᠲᠡ ᠶᠢᠨ ᠶᠡᠭᠡ | ᠠᠩᠬᠢ ᠶᠢᠨ ᠳᠠᠷᠤᠭ᠎ᠠ | ᠯᠣ᠋ ᠴᠢ ᠬᠤᠰᠢᠭᠤ ᠮᠠᠯ ᠲᠠᠷᠢᠶᠠᠯᠠᠩ ᠤᠨ ᠦᠢᠯᠡᠰ ᠤᠨ ᠮᠡᠷᠬᠡᠵᠢᠯ ᠤᠨ ᠲᠦᠬᠡᠮᠡᠯᠵᠢᠬᠦᠯᠦᠯᠲᠡ ᠶᠢᠨ ᠲᠦᠪ ᠤᠨ ᠡᠷᠬᠢᠯᠡᠭᠴᠢ | ᠹᠧᠩ ᠢᠦᠢ ᠬᠤᠩ ᠣᠯᠵᠠᠴᠢ ᠪᠠᠯᠭᠠᠰᠣᠨ ᠤ ᠠᠷᠠᠳ ᠤᠨ ᠵᠠᠰᠠᠭ ᠤᠨ ᠣᠷᠳᠣᠨ ᠤ ᠪᠠᠯᠭᠠᠰᠣᠨ ᠳᠡᠳ᠋ ᠳᠠᠷᠤᠭ᠎ᠠ | ᠵᠠᠩ ᠭᠤᠸᠠᠩ ᠪᠢᠨ ᠣᠯᠵᠠᠴᠢ ᠪᠠᠯᠭᠠᠰᠣᠨ ᠤ ᠠᠷᠠᠳ ᠤᠨ ᠵᠠᠰᠠᠭ ᠤᠨ ᠣᠷᠳᠣᠨ ᠤ ᠪᠠᠯᠭᠠᠰᠣᠨ ᠳᠡᠳ᠋ ᠳᠠᠷᠤᠭ᠎ᠠ | ᠢᠦᠢ ᠫᠸᠢ ᡁᠢ ᠣᠯᠵᠠᠴᠢ ᠪᠠᠯᠭᠠᠰᠣᠨ ᠤ ᠶᠠᠷᠦᠩᠬᠡᠢ ᠪᠠᠲᠤᠯᠠᠭ᠎ᠠ ᠪᠠ ᠮᠡᠷᠭᠡᠵᠢᠯ ᠤᠨ ᠲᠦᠬᠡᠮᠡᠯᠵᠢᠬᠦᠯᠦᠯᠲᠡ ᠶᠢᠨ ᠲᠦᠪ ᠤᠨ | ᠡᠷᠬᠢᠯᠡᠭᠴᠢ | ᠵᠢᠶᠠᠩ ᠪᠠᠢ ᠮᠸᠢ ᠬᠤᠰᠢᠭᠤ ᠮᠠᠯ ᠲᠠᠷᠢᠶᠠᠯᠠᠩ ᠤᠨ ᠲᠤᠪᠴᠢᠶᠠᠨ ᠤ ᠲᠠᠷᠢᠶᠠᠯᠠᠩ ᠤᠨ ᠮᠠᠰᠢᠨ ᠤ ᠦᠢᠯᠡᠴᠢᠯᠡᠬᠡᠨ ᠤ ᠲᠦᠪ ᠤᠨ | ᠡᠷᠬᠢᠯᠡᠭᠴᠢ | ᠶᠢᠦ ᠵᠢᠶᠦ᠋ᠨ ᠸᠧᠨ ᠬᠤᠰᠢᠭᠤ ᠮᠠᠯ ᠲᠠᠷᠢᠶᠠᠯᠠᠩ ᠤᠨ ᠦᠢᠯᠡᠰ ᠤᠨ ᠮᠡᠷᠬᠡᠵᠢᠯ ᠤᠨ ᠲᠦᠬᠡᠮᠡᠯᠵᠢᠬᠦᠯᠦᠯᠲᠡ ᠶᠢᠨ ᠲᠦᠪ ᠤᠨ ᠳᠡᠳ᠋ | ᠡᠷᠬᠢᠯᠡᠭᠴᠢ | ᠶᠠᠩ ᠹᠸᠢ ᠬᠤᠰᠢᠭᠤ ᠮᠠᠯ ᠲᠠᠷᠢᠶᠠᠯᠠᠩ ᠤᠨ ᠦᠢᠯᠡᠰ ᠤᠨ ᠮᠡᠷᠬᠡᠵᠢᠯ ᠤᠨ ᠲᠦᠬᠡᠮᠡᠯᠵᠢᠬᠦᠯᠦᠯᠲᠡ ᠶᠢᠨ ᠲᠦᠪ ᠤᠨ ᠠᠵᠢᠯᠲᠠᠨ | ᠯᠢ ᠭᠦᠢ ᠯᠢᠨ ᠬᠤᠰᠢᠭᠤ ᠮᠠᠯ ᠲᠠᠷᠢᠶᠠᠯᠠᠩ ᠤᠨ ᠦᠢᠯᠡᠰ ᠤᠨ ᠮᠡᠷᠬᠡᠵᠢᠯ ᠤᠨ ᠲᠦᠬᠡᠮᠡᠯᠵᠢᠬᠦᠯᠦᠯᠲᠡ ᠶᠢᠨ ᠲᠦᠪ ᠤᠨ ᠠᠵᠢᠯᠲᠠᠨ | ᠵᠢᠢ ᠶᠦᠩ ᠰᠢᠶᠠᠩ ᠬᠤᠰᠢᠭᠤ ᠮᠠᠯ ᠲᠠᠷᠢᠶᠠᠯᠠᠩ ᠤᠨ ᠦᠢᠯᠡᠰ ᠤᠨ ᠮᠡᠷᠬᠡᠵᠢᠯ ᠤᠨ ᠲᠦᠬᠡᠮᠡᠯᠵᠢᠬᠦᠯᠦᠯᠲᠡ ᠶᠢᠨ ᠲᠦᠪ ᠤᠨ | ᠠᠵᠢᠯᠲᠠᠨ | ᠭᠤᠤ ᠱᠣ᠋ ᠬᠠᠢ ᠬᠤᠰᠢᠭᠤ ᠮᠠᠯ ᠲᠠᠷᠢᠶᠠᠯᠠᠩ ᠤᠨ ᠦᠢᠯᠡᠰ ᠤᠨ ᠮᠡᠷᠬᠡᠵᠢᠯ ᠤᠨ ᠲᠦᠬᠡᠮᠡᠯᠵᠢᠬᠦᠯᠦᠯᠲᠡ ᠶᠢᠨ ᠲᠦᠪ ᠤᠨ | ᠠᠵᠢᠯᠲᠠᠨ | ᠣᠳᠣᠷᠢᠳᠬᠤ ᠳᠣᠭᠤᠶᠢᠯᠠᠩ ᠤᠨ ᠠᠯᠪᠠᠨ ᠭᠡᠷ ᠢ ᠬᠤᠰᠢᠭᠤ ᠮᠠᠯ ᠲᠠᠷᠢᠶᠠᠯᠠᠩ ᠤᠨ ᠲᠤᠪᠴᠢᠶᠠᠨ ᠳᠤ ᠲᠤᠬᠢᠷᠠᠭᠤᠯᠵᠤ᠂ ᠠᠯᠪᠠᠨ ᠭᠡᠷ ᠤᠨ ᠡᠷᠬᠢᠯᠡᠭᠴᠢ ᠶᠢᠨ | ᠲᠤᠰᠢᠶᠠᠯ ᠢ ᠬᠤᠰᠢᠭᠤ ᠮᠠᠯ ᠲᠠᠷᠢᠶᠠᠯᠠᠩ ᠤᠨ ᠲᠤᠪᠴᠢᠶᠠᠨ ᠤ ᠨᠠᠮ ᠤᠨ ᠣᠳᠣᠷᠢᠳᠬᠤ ᠳᠣᠭᠤᠶᠢᠯᠠᠩ ᠤᠨ ᠱᠦᠵᠢ ᠡᠷᠳᠡᠨᠢᠪᠢᠯᠢᠭ ᠬᠠᠪᠰᠣᠷᠭᠠᠨ᠂ ᠠᠯᠪᠠᠨ ᠭᠡᠷ ᠤᠨ | ᠬᠠᠷᠢᠯᠴᠠᠬᠤ ᠬᠦᠮᠦᠨ ᠸᠠᠩ ᠵᠣᠣ ᠵᠢᠦᠸᠡᠨ᠂ ᠬᠠᠷᠢᠯᠴᠠᠬᠤ ᠣᠲᠠᠰᠣ 13704772809᠂ ᠢᠮᠧᠯ 670645707@qq.com᠃ | ᠳᠠᠭᠠᠯᠳᠣᠭᠤᠯᠣᠯ 2᠄ | ᠣᠰᠣ ᠬᠢᠵᠠᠭᠠᠷᠯᠠᠬᠤ ᠨᠠᠷᠢᠮᠣ᠂ ᠰᠢᠷ᠎ᠡ ᠪᠣᠷᠴᠠᠭ᠂ ᠠᠮᠣ᠂ ᠰᠠᠭᠠᠭ ᠦᠢᠯᠡᠳᠪᠦᠷᠢᠯᠡᠬᠦ ᠮᠡᠷᠭᠡᠵᠢᠯ ᠤᠨ ᠳᠦᠷᠢᠮ | ᠣᠰᠣ ᠬᠢᠵᠠᠭᠠᠷᠯᠠᠬᠤ ᠨᠠᠷᠢᠮᠣ᠂ ᠰᠢᠷ᠎ᠡ ᠪᠣᠷᠴᠠᠭ ᠤᠨ ᠲᠦᠷᠦᠯ ᠡᠬᠦᠯᠳᠡᠷ ᠤᠨ ᠲᠦᠬᠡᠮᠡᠯᠵᠢᠯ ᠢ ᠲᠦᠷᠭᠡᠳᠬᠡᠨ ᠠᠬᠢᠭᠤᠯᠵᠤ᠂ ᠲᠤᠷᠰᠢᠯᠲᠠ ᠵᠢᠱᠢᠶ᠎ᠡ ᠪᠠ | ᠲᠦᠬᠡᠮᠡᠯᠵᠢᠬᠦᠯᠦᠯᠲᠡ ᠶᠢᠨ ᠪᠦᠲᠦᠮᠵᠢ ᠲᠠᠢ ᠣᠶᠠᠯᠳᠣᠭᠤᠯᠣᠨ᠂ ᠨᠢᠬᠡ ᠪᠦᠯᠦᠭ ᠭᠠᠩ ᠳᠤ ᠳᠡᠰᠪᠦᠷᠢᠲᠡᠢ᠂ ᠳᠠᠴᠢᠷ ᠭᠠᠵᠠᠷ ᠵᠣᠬᠢᠮᠵᠢᠲᠠᠢ᠂ ᠡᠪᠡᠳᠴᠢᠨ ᠢ | ᠡᠰᠡᠷᠬᠦᠴᠡᠬᠦ ᠴᠢᠳᠠᠪᠤᠷᠢ ᠲᠠᠢ᠂ ᠴᠢᠨᠠᠷ ᠰᠠᠶᠢᠲᠠᠢ᠂ ᠦᠨᠳᠦᠷ ᠣᠨᠠᠯᠲᠠ ᠲᠠᠢ ᠬᠠᠭᠤᠷᠠᠢ ᠲᠠᠷᠢᠶᠠᠯᠠᠭ᠎ᠠ ᠶᠢᠨ ᠨᠠᠷᠢᠮᠣ᠂ ᠰᠢᠷ᠎ᠠ ᠪᠤᠷᠴᠠᠭ ᠤᠨ ᠭᠤᠤᠯ ᠲᠦᠷᠦᠯ ᠡᠬᠦᠯᠳᠡᠷ | ᠢ ᠰᠣᠩᠭᠤᠨ ᠪᠦᠷᠢᠯᠳᠦᠬᠦᠯᠵᠦ᠂ ᠬᠠᠭᠤᠷᠠᠢ ᠲᠠᠷᠢᠶᠠᠯᠠᠭ᠎ᠠ ᠶᠢᠨ ᠮᠡᠷᠭᠡᠵᠢᠯ ᠢ ᠲᠦᠬᠡᠮᠡᠯᠵᠢᠬᠦᠯᠦᠨ᠂ ᠬᠠᠭᠤᠷᠠᠢ ᠲᠠᠷᠢᠶᠠᠯᠠᠭ᠎ᠠ ᠶᠢᠨ ᠮᠡᠷᠬᠡᠵᠢᠯ ᠤᠨ ᠰᠢᠨᠡᠴᠢᠯᠡᠯᠲᠡ ᠶᠢᠨ | ᠡᠷᠴᠢᠮ ᠢᠶᠠᠨ ᠴᠢᠩᠭᠠᠳᠬᠠᠬᠤ ᠶᠢᠨ ᠲᠤᠰᠠᠳᠠ᠂ ᠨᠢᠬᠡ ᠪᠦᠯᠦᠭ ᠶᠡᠭᠡ ᠬᠡᠪᠴᠢᠶ᠎ᠠ ᠪᠠᠷ ᠲᠦᠬᠡᠮᠡᠯᠵᠢᠬᠦᠯᠵᠦ ᠪᠤᠯᠬᠤᠶᠢᠴᠠ ᠨᠠᠷᠢᠮᠣ᠂ ᠰᠢᠷ᠎ᠠ ᠪᠤᠷᠴᠠᠭ ᠤᠨ ᠬᠠᠭᠤᠷᠠᠢ | ᠲᠠᠷᠢᠶᠠᠯᠠᠭ᠎ᠠ ᠶᠢ ᠨᠢᠬᠡᠳᠬᠡᠭᠰᠡᠨ ᠮᠡᠷᠬᠡᠵᠢᠯ ᠢ ᠰᠦᠪᠡᠭᠴᠢᠯᠡᠨ ᠪᠦᠷᠢᠯᠳᠦᠬᠦᠯᠦᠨ᠎ᠡ᠃ 2022 ᠣᠨ ᠳᠤ ᠣᠰᠣᠯᠠᠯᠲᠠ ᠶᠢᠨ ᠭᠠᠵᠠᠷ ᠤᠨ ᠲᠠᠷᠢᠮᠠᠯ ᠤᠨ ᠲᠠᠯᠠᠪᠠᠢ ᠶᠢ 1 | ᠲᠦᠮᠡᠨ ᠮᠤ᠋ ᠠᠴᠠ ᠳᠡᠭᠡᠭᠰᠢ ᠪᠠᠭᠠᠰᠬᠠᠨ᠂ ᠭᠠᠵᠠᠷ ᠳᠣᠣᠷᠠᠬᠢ ᠣᠰᠣᠨ ᠤ ᠠᠰᠢᠭᠯᠠᠯᠲᠠ ᠶᠢᠨ ᠬᠡᠮᠵᠢᠶ᠎ᠡ ᠶᠢ 95 ᠲᠦᠮᠡᠨ ᠺᠦᠪ ᠮᠧᠲᠷ ᠠᠴᠠ ᠳᠡᠭᠡᠭᠰᠢ ᠠᠷᠪᠢᠯᠠᠵᠤ᠂ | ᠬᠠᠭᠤᠷᠠᠢ ᠲᠠᠷᠢᠶᠠᠯᠠᠭ᠎ᠠ ᠶᠢᠨ ᠨᠠᠷᠢᠮᠣ᠂ ᠰᠢᠷ᠎ᠠ ᠪᠤᠷᠴᠠᠭ᠂ ᠠᠮᠤ᠂ ᠰᠠᠭᠠᠭ ᠤᠨ ᠲᠠᠷᠢᠮᠠᠯ ᠤᠨ ᠲᠠᠯᠠᠪᠠᠢ ᠶᠢ 9600 ᠮᠣ᠋ ᠠᠴᠠ ᠳᠡᠭᠡᠭᠰᠢ ᠬᠦᠭᠵᠢᠬᠦᠯᠦᠨ᠂ ᠬᠠᠭᠤᠷᠠᠢ | ᠲᠠᠷᠢᠶᠠᠯᠠᠭ᠎ᠠ ᠶᠢᠨ ᠭᠤᠤᠯ ᠲᠦᠷᠦᠯ ᠡᠬᠦᠯᠳᠡᠷ᠂ ᠬᠠᠭᠤᠷᠠᠢ ᠲᠠᠷᠢᠶᠠᠯᠠᠭ᠎ᠠ ᠶᠢᠨ ᠭᠤᠤᠯ ᠮᠡᠷᠭᠡᠵᠢᠯ ᠢ ᠲᠤᠰ ᠲᠤᠰ 4 ᠠᠴᠠ ᠳᠡᠭᠡᠭᠰᠢ ᠪᠦᠷᠢᠯᠳᠦᠬᠦᠯᠦᠨ᠎ᠡ᠃ | ᠨᠢᠬᠡ᠂ ᠨᠠᠷᠢᠮᠣ ᠶᠢᠨ ᠦᠢᠯᠡᠳᠪᠦᠷᠢᠯᠡᠯ ᠤᠨ ᠮᠡᠷᠭᠡᠵᠢᠯ ᠤᠨ ᠳᠦᠷᠢᠮ | ︵ᠨᠢᠭᠡ︶ ᠭᠠᠵᠠᠷ ᠰᠣᠩᠭᠤᠵᠣ ᠳᠡᠭᠰᠢᠯᠡᠨ᠎ᠡ᠃ | 1. ᠭᠠᠵᠠᠷ ᠰᠣᠩᠭᠤᠵᠣ ᠭᠤᠤᠷᠰᠣ ᠡᠬᠡᠯᠵᠢᠯᠡᠨ ᠲᠠᠷᠢᠨ᠎ᠠ᠃ ᠨᠠᠷᠢᠮᠣ ᠲᠠᠷᠢᠬᠤ ᠳᠤ ᠭᠤᠤᠷᠰᠣ ᠰᠣᠯᠢᠬᠤ ᠦᠬᠡᠢ ᠪᠠᠷ ᠲᠠᠷᠢᠵᠦ ᠪᠤᠯᠬᠤ ᠦᠬᠡᠢ ᠲᠤᠯᠠ ᠵᠦᠢ | ᠵᠤᠬᠢᠰᠲᠠᠢ ᠪᠠᠷ ᠭᠤᠤᠷᠰᠣ ᠡᠬᠡᠯᠵᠢᠯᠡᠨ ᠲᠠᠷᠢᠨ᠎ᠠ᠃ ᠨᠠᠷᠢᠮᠣ ᠶᠢᠨ ᠡᠮᠦᠨ᠎ᠡ ᠭᠤᠤᠷᠰᠣᠨ ᠳᠤ ᠲᠦᠮᠦᠰᠦ᠂ ᠰᠢᠷ᠎ᠠ ᠪᠤᠷᠴᠠᠭ᠂ ᠪᠤᠭᠤᠳᠠᠢ ᠵᠡᠷᠭᠡ ᠶᠢ ᠲᠠᠷᠢᠵᠦ᠂ ᠳ᠋ᠸᠤ | ᠬᠤᠸᠠᠩ ᠯᠦᠩ ᠡᠪᠡᠰᠦ ᠠᠷᠢᠯᠭᠠᠬᠤ ᠡᠮ ᠬᠡᠷᠡᠭᠯᠡᠭᠰᠡᠨ ᠭᠠᠵᠠᠷ ᠲᠤ ᠲᠠᠷᠢᠵᠦ ᠪᠤᠯᠬᠤ ᠦᠬᠡᠢ᠂ ᠡᠰᠡᠪᠡᠯ ᠨᠠᠷᠢᠮᠣ ᠶᠢᠨ ᠣᠷᠭᠤᠴᠠ ᠶᠢ ᠨᠣᠴᠢᠲᠠᠢ ᠰᠠᠭᠠᠳᠠᠭᠤᠯᠤᠨᠠ᠃ | ᠨᠠᠷᠢᠮᠣ ᠭᠠᠩ ᠳᠤ ᠲᠡᠰᠪᠤᠷᠢᠲᠡᠢ᠂ ᠣᠰᠣᠳᠣᠯ ᠠᠴᠠ ᠠᠶᠤᠬᠤ᠂ ᠲᠠᠴᠢᠷ ᠭᠠᠵᠠᠷ ᠲᠤ ᠳᠠᠭᠠᠭᠠᠴᠠᠲᠠᠢ ᠣᠷᠭᠤᠮᠠᠯ ᠳᠤ ᠬᠠᠷᠢᠶᠠᠯᠠᠭᠳᠠᠬᠤ ᠪᠤᠯᠬᠤᠷ ᠨᠠᠯᠠᠤ ᠭᠠᠵᠠᠷ ᠪᠠ | ᠪᠠᠶᠢᠴᠠ ᠦᠨᠳᠦᠷ ᠭᠠᠵᠠᠷ ᠲᠠᠷᠢᠬᠤ ᠳᠤ ᠳᠣᠬᠢᠷᠠᠮᠵᠢᠲᠠᠢ᠂ ᠬᠦᠷᠦᠰᠦ ᠰᠢᠷᠤᠢ ᠶᠢᠨ ᠱᠠᠭᠠᠷᠳᠠᠯᠭ᠎ᠠ ᠦᠨᠳᠦᠷ ᠪᠣᠰᠣ ᠪᠤᠯᠬᠤᠷ ᠨᠠᠮᠤᠭ ᠭᠠᠵᠠᠷ᠂ ᠡᠯᠡᠰᠦᠷᠬᠡᠭ ᠭᠠᠵᠠᠷ | ᠠᠴᠠ ᠭᠠᠳᠠᠨ᠎ᠠ ᠶᠠᠮᠠᠷ ᠭᠠᠵᠠᠷ ᠴᠣ᠋ ᠲᠠᠷᠢᠵᠦ ᠪᠤᠯᠤᠨ᠎ᠠ᠃ ᠨᠠᠷᠢᠮᠤ ᠶᠢᠨ ᠦᠨᠳᠦᠷ ᠣᠨᠠᠯᠲᠠ ᠶᠢ ᠪᠠᠲᠤᠯᠠᠬᠤ ᠳᠤ ᠬᠦᠷᠦᠰᠦ ᠰᠢᠷᠤᠢ ᠶᠢᠨ ᠤᠷᠭᠠᠨᠢᠭ ᠴᠢᠨᠠᠷ ᠤᠨ | ᠠᠭᠤᠯᠤᠭᠳᠠᠴᠠ ᠦᠨᠳᠦᠷ᠂ ᠭᠠᠵᠠᠷ ᠨᠢ ᠳᠡᠭᠰᠢᠬᠡᠨ᠂ ᠣᠰᠣ ᠭᠠᠳᠠᠭᠰᠢᠯᠠᠭᠤᠯᠬᠤ ᠳᠤ ᠰᠠᠶᠢᠨ᠂ ᠬᠠᠷ᠎ᠠ ᠬᠦᠷᠦᠰᠦᠲᠦ ᠳᠠᠪᠬᠤᠷᠭ᠎ᠠ ᠵᠤᠵᠠᠭᠠᠨ᠂ ᠰᠦᠪᠡᠷᠬᠡᠭ ᠴᠢᠨᠠᠷᠲᠠᠢ | ᠬᠦᠷᠦᠰᠦ ᠲᠠᠢ ᠭᠠᠵᠠᠷ ᠢ ᠰᠣᠩᠭᠤᠵᠣ᠂ ᠵᠦᠢ ᠵᠤᠬᠢᠰᠲᠠᠢ ᠡᠬᠡᠯᠵᠢᠯᠡᠨ ᠲᠠᠷᠢᠨ᠎ᠠ᠃ | 2. ᠭᠠᠵᠠᠷ ᠳᠡᠭᠰᠢᠯᠡᠵᠦ ᠪᠤᠷᠳᠣᠭᠤᠷ ᠣᠷᠣᠭᠤᠯᠣᠨ᠎ᠠ᠃ ᠭᠠᠵᠠᠷ ᠢᠶᠠᠨ ᠰᠠᠶᠢᠲᠤᠷ ᠰᠣᠩᠭᠤᠭᠰᠠᠨ ᠤ ᠳᠠᠷᠠᠭ᠎ᠠ ᠨᠠᠷᠢᠯᠢᠭ ᠳᠡᠭᠰᠢᠯᠡᠵᠦ ᠨᠠᠷᠠᠭᠳᠠᠨ᠂ ᠨᠠᠷᠢᠮᠤ | ᠴᠢᠬᠢᠯᠡᠬᠦ ᠳᠤ ᠨᠦᠬᠦᠴᠡᠯ ᠪᠦᠷᠢᠯᠳᠦᠬᠦᠯᠦᠨ᠎ᠡ᠃ ᠭᠠᠵᠠᠷ ᠳᠡᠭᠰᠢᠯᠡᠬᠦ ᠳᠤ ᠡᠷᠳᠡ ᠡᠬᠢᠯᠡᠬᠦᠯᠵᠦ᠂ ᠨᠣᠭᠤᠭᠠᠨ ᠪᠣᠷᠳᠣᠭᠤᠷ ᠳᠠᠷᠣᠰᠢᠭᠤᠯᠤᠭᠰᠠᠨ ᠭᠠᠵᠠᠷ᠂ ᠨᠠᠮᠣᠷ | ᠬᠠᠭᠠᠯᠪᠤᠷᠢᠯᠠᠭᠰᠠᠨ ᠭᠠᠵᠠᠷ ᠢ 3 ᠰᠠᠷ᠎ᠠ ᠶᠢᠨ ᠬᠤᠷᠢᠳ ᠪᠣᠶᠣ 4 ᠰᠠᠷ᠎ᠠ ᠶᠢᠨ ᠡᠬᠢᠨ ᠢᠶᠠᠷ ᠨᠠᠷᠠᠭᠳᠠᠵᠤ ᠳᠠᠷᠤᠰᠢᠭᠤᠯᠤᠭᠠᠳ ᠲᠠᠷᠢᠬᠤ ᠪᠠᠷ ᠪᠡᠯᠡᠳᠬᠡᠨ᠎ᠡ᠃ ᠬᠠᠤᠯᠢ | ᠶᠤᠰᠤᠨ ᠤ ᠣᠰᠣᠯᠠᠯᠲᠠ ᠶᠢᠨ ᠭᠠᠵᠠᠷ ᠲᠤ᠂ ᠬᠠᠪᠤᠷ ᠬᠦᠷᠦᠰᠦ ᠰᠢᠷᠤᠢ ᠬᠡᠰᠬᠦ ᠦᠶᠡᠰ ᠣᠷᠪᠠᠭᠤᠯᠤᠨ ᠴᠠᠭ ᠲᠤᠬᠠᠢ ᠳᠤᠨᠢ ᠭᠠᠵᠠᠷ ᠨᠠᠷᠠᠭᠳᠠᠨ ᠳᠡᠭᠰᠢᠯᠡᠵᠦ᠂ | ᠣᠷᠪᠠᠭᠤᠯᠬᠤ᠂ ᠨᠠᠷᠠᠭᠳᠠᠬᠤ᠂ ᠪᠣᠰᠬᠠᠬᠤ᠂ ᠳᠠᠷᠤᠬᠤ ᠠᠵᠢᠯ ᠢ ᠵᠠᠯᠭᠠᠪᠠᠷ ᠬᠢᠨ᠂ ᠰᠢᠬᠡᠭ ᠪᠤᠷᠳᠣᠭᠤᠷ ᠢᠶᠠᠷ ᠭᠤᠤᠯ ᠪᠤᠯᠭᠠᠵᠤ᠂ ᠮᠣ᠋ ᠨᠢᠭᠡᠪᠦᠷᠢ ᠳᠤ 2 — 2.5 | ᠺᠦᠪ ᠮᠧᠲᠷ ᠰᠢᠭᠡᠭ ᠪᠤᠷᠳᠣᠭᠤᠷ ᠣᠷᠣᠭᠤᠯᠣᠨ᠂ ᠦᠷ᠎ᠡ ᠰᠠᠴᠣᠬᠤ ᠠᠴᠠ ᠡᠮᠦᠨ᠎ᠡ ᠬᠦᠨ ᠬᠠᠭᠠᠯᠪᠤᠷᠢᠯᠠᠵᠤ ᠳᠡᠭᠰᠢᠯᠡᠬᠦ ᠲᠠᠢ ᠣᠶᠠᠯᠳᠣᠭᠤᠯᠵᠣ ᠨᠢᠬᠡ ᠯᠡ ᠳᠡᠭᠡᠷ᠎ᠡ | ᠣᠷᠣᠭᠤᠯᠣᠨ᠎ᠠ᠃ 4 ᠰᠠᠷ᠎ᠠ ᠶᠢᠨ ᠳᠣᠮᠳᠠᠴᠢ ᠪᠠᠷ ᠭᠠᠵᠠᠷ ᠢᠶᠠᠨ ᠳᠡᠭᠰᠢᠯᠡᠵᠦ ᠪᠠᠷᠠᠭᠠᠨ᠂ ᠦᠷ᠎ᠡ ᠰᠠᠴᠤᠬᠤ ᠪᠠᠶᠢᠳᠠᠯ ᠳᠤ ᠣᠷᠣᠭᠤᠯᠣᠨ᠎ᠠ᠃ | ︵ᠬᠤᠶᠠᠷ︶ ᠦᠷ᠎ᠡ ᠶᠢᠨ ᠲᠦᠷᠦᠯ ᠰᠣᠩᠭᠤᠬᠤ ᠪᠠ ᠦᠷ᠎ᠡ ᠰᠢᠢᠳᠪᠦᠷᠢᠯᠡᠨ᠎ᠡ᠃ | 1. ᠦᠷ᠎ᠡ ᠶᠢᠨ ᠲᠦᠷᠦᠯ ᠰᠣᠩᠭᠤᠨ᠎ᠠ᠃ ᠴᠢᠨᠠᠷ ᠰᠠᠶᠢᠲᠠᠢ᠂ ᠡᠰᠡᠷᠬᠦᠴᠡᠬᠦ ᠴᠢᠨᠠᠷ ᠢᠶᠠᠷ ᠴᠢᠩᠭ᠎ᠠ ᠦᠨᠳᠦᠷ ᠤᠨᠠᠯᠲᠠ ᠶᠢᠨ ᠰᠢᠨ᠎ᠡ ᠲᠦᠷᠦᠯ ᠢ ᠰᠣᠩᠭᠤᠵᠣ᠂ | ᠵᠢᠱᠢᠶᠡᠯᠡᠪᠡᠯ ᠡᠯᠪᠡᠭ ᠬᠤᠷᠢᠶᠠᠯᠲᠠ ᠶᠢᠨ ᠴᠢᠨᠠᠷᠲᠠᠢ᠂ ᠲᠠᠸᠠᠷ ᠤᠨ ᠴᠢᠨᠠᠷᠲᠠᠢ᠂ ᠰᠢᠮᠡᠯᠢᠭ ᠴᠢᠨᠠᠷ ᠢᠶᠠᠷ ᠨᠡᠯᠢᠶᠡᠳ ᠰᠠᠶᠢᠨ ᠴᠢᠨᠠᠷ ᠰᠠᠶᠢᠲᠠᠢ ᠲᠦᠷᠦᠯ ᠡᠬᠦᠯᠳᠡᠷ ᠪᠤᠯᠬᠤ | ᠴᠢᠭᠤᠯᠤᠯᠲᠤ ᠬᠠᠭᠠᠯᠭ᠎ᠠ ᠶᠢᠨ ᠡᠷᠯᠢᠰᠢᠵᠢᠬᠦᠯᠦᠭᠰᠡᠨ ᠨᠠᠷᠢᠮᠣ 13 ᠨᠣᠮᠧᠷ᠂ 6 ᠨᠣᠮᠧᠷ ᠵᠡᠷᠭᠡ ᠪᠣᠶᠣ 105 — 110 ᠡᠳᠦᠷ ᠤᠨ ᠦᠰᠦᠯᠲᠡ ᠶᠢᠨ ᠬᠤᠭᠤᠴᠠᠭ᠎ᠠ | ᠲᠠᠢ᠂ ᠪᠦᠲᠦᠮᠵᠢᠲᠡᠢ ᠬᠤᠷᠠᠮᠳᠣᠯ ᠳᠣᠯᠠᠭᠠᠨ 2300℃ ᠠᠴᠠ ᠳᠣᠷᠣᠭᠰᠢ ᠲᠦᠷᠦᠯ ᠡᠬᠦᠯᠳᠡᠷ ᠢ ᠰᠣᠩᠭᠤᠨ᠎ᠠ᠃ | 2. ᠦᠷ᠎ᠡ ᠰᠢᠢᠳᠪᠦᠷᠢᠯᠡᠨ᠎ᠡ᠃ ᠦᠷ᠎ᠡ ᠰᠠᠴᠣᠬᠤ ᠠᠴᠠ ᠡᠮᠦᠨ᠎ᠡ ᠡᠮ ᠣᠷᠣᠭᠤᠯᠣᠭᠰᠠᠨ ᠦᠬᠡᠢ ᠦᠷ᠎ᠡ ᠶᠢ ᠰᠢᠢᠳᠪᠦᠷᠢᠯᠡᠵᠦ᠂ ᠦᠷ᠎ᠡ ᠠᠨᠠᠢ ᠶᠢ ᠨᠢ | ᠰᠢᠭᠰᠢᠨ ᠦᠷ᠎ᠡ ᠳᠡᠪᠲᠤᠬᠡᠬᠦ ᠠᠵᠢᠯ ᠬᠢᠨ᠂ ᠳᠠᠪᠤᠰᠣᠲᠠᠢ ᠣᠰᠣᠨ ᠳᠤ ᠦᠷ᠎ᠡ ᠶᠢ ᠳᠡᠪᠲᠤᠬᠡᠵᠦ᠂ ᠬᠠᠲᠠᠵᠤ ᠬᠠᠮᠰᠢᠢᠭᠰᠠᠨ᠂ ᠬᠦᠩᠭᠡᠨ ᠵᠡᠷᠭᠡ ᠮᠠᠭᠤ ᠦᠷ᠎ᠡ ᠶᠢ | ᠰᠢᠯᠢᠵᠦ ᠭᠠᠷᠭᠠᠨ᠂ ᠦᠷ᠎ᠡ ᠶᠢ ᠰᠡᠭᠦᠳᠡᠷ ᠭᠠᠵᠠᠷ ᠬᠠᠲᠠᠭᠠᠭᠰᠠᠨ ᠤ ᠳᠠᠷᠠᠭ᠎ᠠ ᠡᠮ ᠢᠶᠠᠷ ᠰᠢᠢᠳᠪᠦᠷᠢᠯᠡᠨ᠎ᠡ᠃ ᠡᠩ ᠤᠨ ᠪᠠᠶᠢᠳᠠᠯ ᠳᠤ ᠮᠣ᠋ ᠪᠦᠷᠢ 0.3 — 1 | ᠺᠢᠯᠣᠭ᠍ᠷᠠᠮ ᠬᠡᠷᠡᠭᠯᠡᠵᠦ᠂ 50% ᠶᠢᠨ ᠳ᠋ᠦᠸᠧ ᠵᠢᠶᠦ᠋ᠨ ᠯᠢᠩ ᠪᠠᠺᠲ᠋ᠧᠷᠢ ᠠᠯᠠᠬᠤ ᠡᠳ᠋ ᠢ ᠦᠷ᠎ᠡ ᠶᠢᠨ ᠬᠦᠨᠳᠦᠴᠡ ᠶᠢᠨ 0.5% ᠪᠠᠷ ᠨᠠᠶᠢᠷᠠᠭᠤᠯᠤᠨ ᠬᠤᠯᠢᠪᠠᠯ᠂ | ᠦᠷ᠎ᠡ ᠶᠢᠨ ᠮᠦᠬᠦᠯᠢᠭ ᠮᠠᠭᠤᠳᠠᠬᠤ ᠡᠪᠡᠳᠴᠢᠨ ᠠᠴᠠ ᠰᠡᠷᠬᠡᠶᠢᠯᠡᠨ᠎ᠡ︔ 35% ᠶᠢᠨ ᠷᠦᠢ ᠳ᠋ᠦ᠋ ᠮᠧᠢ ᠪᠠᠺᠲ᠋ᠧᠷᠢ ᠠᠯᠠᠬᠤ ᠡᠳ᠋ ᠢ ᠦᠷ᠎ᠡ ᠶᠢᠨ ᠬᠦᠨᠳᠦᠴᠡ ᠶᠢᠨ 0. | 3% — 0.5% ᠪᠠᠷ ᠨᠠᠶᠢᠷᠠᠭᠤᠯᠵᠤ ᠬᠤᠯᠢᠪᠠᠯ᠂ ᠨᠠᠷᠢᠮᠤ ᠶᠢᠨ ᠴᠠᠭᠠᠨ ᠲᠤᠭᠤᠰᠤᠲᠤ ᠡᠪᠡᠳᠴᠢᠨ ᠠᠴᠠ ᠰᠡᠷᠬᠡᠶᠢᠯᠡᠨ᠎ᠡ︔ ᠦᠷ᠎ᠡ ᠶᠢᠨ ᠬᠦᠨᠳᠦᠴᠡ ᠶᠢᠨ 0.1% | — 0.2% ᠪᠠᠷ ᠣᠺᠲ᠋ᠢᠯ ᠹᠣᠰᠹᠣᠷ ᠬᠦᠴᠢᠯ ᠤᠨ ᠬᠤᠷᠤᠬᠠᠢ ᠠᠯᠠᠬᠤ ᠡᠳ᠋ ᠢ ᠦᠷ᠎ᠡ ᠳᠤ ᠰᠦᠷᠴᠢᠪᠡᠯ᠂ ᠭᠠᠵᠠᠷ ᠳᠣᠣᠷᠠᠬᠢ ᠬᠤᠷᠤᠬᠠᠢ ᠠᠴᠠ ᠰᠡᠷᠬᠡᠶᠢᠯᠡᠨ᠎ᠡ᠃ | ᠴᠢᠭᠤᠯᠤᠯᠲᠤ ᠬᠠᠭᠠᠯᠭ᠎ᠠ ᠶᠢᠨ ᠡᠷᠯᠢᠰᠢᠵᠢᠬᠦᠯᠦᠭᠰᠡᠨ ᠨᠠᠷᠢᠮᠣ᠂ ᠽᠣᠣ ᠶᠢᠨ ᠬᠦ ᠵᠡᠷᠭᠡ ᠡᠮ ᠣᠷᠣᠭᠤᠯᠣᠭᠰᠠᠨ ᠦᠷ᠎ᠡ ᠶᠢ ᠰᠢᠢᠳᠪᠦᠷᠢᠯᠡᠬᠦ ᠦᠬᠡᠢ ᠪᠠᠷ ᠬᠡᠷᠡᠭᠯᠡᠨ᠎ᠡ᠃ | ︵ᠭᠤᠷᠪᠠ︶ ᠬᠤᠭᠤᠴᠠᠭ᠎ᠠ ᠬᠦᠷᠪᠡᠯ ᠦᠷ᠎ᠡ ᠰᠠᠴᠣᠨ᠎ᠠ᠃ | ᠨᠠᠷᠢᠮᠣ ᠶᠢᠨ ᠦᠷ᠎ᠡ ᠴᠢᠬᠢᠯᠡᠬᠦ ᠬᠠᠮᠤᠭ ᠤᠨ ᠲᠤᠬᠢᠷᠠᠮᠵᠢᠲᠠᠢ ᠳᠣᠯᠠᠭᠠᠨ ᠤ ᠬᠡᠮᠵᠢᠶ᠎ᠡ ᠪᠤᠯ 12 — 14℃᠂ ᠬᠠᠮᠤᠭ ᠤᠨ ᠳᠣᠣᠷ᠎ᠠ ᠳᠣᠯᠠᠭᠠᠨ ᠤ ᠬᠡᠮᠵᠢᠶ᠎ᠡ ᠪᠤᠯ 7 | — 8℃ ᠪᠣᠯᠣᠨ᠎ᠠ᠂ ᠨᠢᠯᠬ᠎ᠠ ᠴᠢᠬᠢ ᠳᠣᠣᠷ᠎ᠠ ᠳᠣᠯᠠᠭᠠᠨ ᠢ ᠳᠡᠰᠪᠦᠷᠢᠯᠡᠵᠦ ᠳᠡᠶᠢᠯᠬᠦ ᠦᠬᠡᠢ ᠲᠤᠯᠠ ᠦᠷ᠎ᠡ ᠰᠠᠴᠣᠬᠤ ᠬᠤᠭᠤᠴᠠᠭ᠎ᠠ ᠶᠢ ᠲᠤᠬᠠᠢ ᠶᠢᠨ ᠭᠠᠵᠠᠷ ᠤᠨ | ᠪᠠᠶᠢᠳᠠᠯ ᠲᠠᠢ ᠪᠠᠨ ᠲᠤᠬᠢᠷᠠᠭᠤᠯᠬᠤ ᠴᠢᠬᠤᠯᠠᠲᠠᠢ᠃ ᠲᠠᠷᠢᠬᠤ ᠭᠠᠵᠠᠷ ᠤᠨ 10cm ᠤᠨ ᠳᠠᠪᠬᠤᠷᠭ᠎ᠠ ᠶᠢᠨ ᠳᠣᠯᠠᠭᠠᠨ ᠤ ᠬᠡᠮᠵᠢᠶ᠎ᠡ 8℃ᠣᠷᠴᠢᠮ ᠪᠤᠯᠵᠤ | ᠲᠤᠭᠲᠠᠪᠤᠷᠢᠵᠢᠬᠤ ᠦᠶᠡᠰ ᠦᠷ᠎ᠡ ᠰᠠᠴᠣᠵᠣ᠂ ᠬᠠᠭᠤᠷᠠᠢ ᠭᠠᠵᠠᠷ ᠲᠠᠷᠢᠪᠠᠯ ᠴᠢᠬᠢᠭ ᠲᠠᠢ ᠳᠡᠭᠡᠷ᠎ᠡ ᠨᠢ ᠦᠷ᠎ᠡ ᠰᠠᠴᠣᠨ᠂ ᠣᠰᠣᠯᠠᠯᠲᠠ ᠶᠢᠨ ᠭᠠᠵᠠᠷ ᠲᠤ | ᠬᠤᠭᠤᠴᠠᠭᠠᠨᠢ ᠬᠦᠷᠪᠡᠯ ᠦᠷ᠎ᠡ ᠰᠠᠴᠣᠵᠣ᠂ ᠣᠯᠵᠠᠴᠢ ᠪᠠᠯᠭᠠᠰᠣᠨ ᠤ ᠭᠠᠵᠠᠷ ᠣᠷᠣᠨ ᠢᠶᠠᠷ 5 ᠰᠠᠷ᠎ᠠ ᠶᠢᠨ 5 ᠤ ᠡᠳᠦᠷ — 20 ᠤ ᠡᠳᠦᠷ ᠤᠨ ᠬᠤᠭᠤᠷᠤᠨᠲᠤ | ᠦᠷ᠎ᠡ ᠰᠠᠴᠣᠨ᠎ᠠ᠃ ᠬᠠᠭᠤᠷᠠᠢ ᠭᠠᠵᠠᠷ ᠲᠠᠷᠢᠬᠤ ᠳᠤ ᠦᠷ᠎ᠡ ᠰᠠᠴᠣᠬᠤ ᠳᠤ ᠪᠠᠨ ᠬᠦᠷᠦᠰᠦ ᠰᠢᠷᠤᠢ ᠶᠢᠨ ᠴᠢᠬᠢᠭ ᠤᠨ ᠪᠠᠶᠢᠳᠠᠯ ᠢᠶᠠᠷ ᠲᠤᠭᠲᠠᠭᠠᠨ᠂ ᠭᠠᠵᠠᠷ | ᠳᠣᠣᠷᠠᠬᠢ ᠴᠢᠬᠢᠭ ᠰᠠᠶᠢᠨ᠂ ᠭᠠᠳᠠᠷᠭᠤ ᠶᠢᠨ ᠴᠢᠬᠢᠭ ᠪᠠᠷᠤᠭᠲᠠᠢ ᠭᠠᠵᠠᠷ ᠤᠨ ᠬᠠᠭᠤᠷᠠᠢ ᠰᠢᠷᠤᠢ ᠶᠢ ᠨᠢ ᠳᠦᠯᠬᠢᠵᠦ᠂ ᠦᠷ᠎ᠡ ᠶᠢ ᠨᠤᠶᠢᠲᠠᠨ ᠰᠢᠷᠤᠢ ᠳᠡᠭᠡᠷ᠎ᠡ | ᠰᠠᠴᠣᠨ᠎ᠠ︔ ᠬᠦᠷᠦᠰᠦ ᠰᠢᠷᠤᠢ ᠶᠢᠨ ᠴᠢᠬᠢᠭ ᠤᠨ ᠪᠠᠶᠢᠳᠠᠯ ᠪᠠᠷᠤᠭᠲᠠᠢ ᠭᠠᠵᠠᠷ ᠲᠤ ᠦᠷ᠎ᠡ ᠰᠠᠴᠣᠬᠤ ᠠᠴᠠ ᠡᠮᠦᠨ᠎ᠡ 1 — 2 ᠡᠳᠦᠷ ᠲᠤ ᠣᠷᠭᠠᠨᠢᠭ ᠪᠣᠷᠳᠣᠭᠤᠷ | ᠢᠶᠠᠨ ᠲᠡᠪᠳᠦᠬᠡᠬᠦ ᠶᠢᠨ ᠬᠠᠮᠲᠤ ᠣᠷᠣᠭᠤᠯᠵᠣ᠂ ᠴᠢᠬᠢᠭ ᠤᠨ ᠪᠠᠶᠢᠳᠠᠯ ᠢ ᠠᠰᠢᠭᠯᠠᠵᠤ ᠦᠷ᠎ᠡ ᠰᠠᠴᠣᠨ᠂ ᠡᠩ ᠤᠨ ᠪᠠᠶᠢᠳᠠᠯ ᠳᠤ ᠮᠦᠷ ᠤᠨ ᠵᠠᠢ ᠶᠢ 70cm᠂ | ᠬᠦᠨ ᠤ ᠬᠡᠮᠵᠢᠶ᠎ᠡ ᠶᠢ 3 — 4cm ᠪᠠᠶᠢᠯᠭᠠᠵᠤ᠂ ᠮᠣ᠋ ᠨᠢᠭᠡᠪᠦᠷᠢ ᠳᠤ 5500 ᠣᠷᠴᠢᠮ ︵1.5 ᠲᠦᠮᠡ ᠣᠷᠴᠢᠮ ᠴᠢᠬᠢ ᠪᠤᠶᠢᠵᠢᠭᠤᠯᠤᠨ᠎ᠠ︶ ᠰᠠᠭᠤᠷᠢ | ᠳᠣᠬᠢᠷᠠᠭᠤᠯᠤᠨ᠎ᠠ᠃ ᠦᠷ᠎ᠡ ᠰᠠᠴᠣᠭᠰᠠᠨ ᠤ ᠳᠠᠷᠠᠭ᠎ᠠ ᠴᠠᠭ ᠲᠤᠬᠠᠢ ᠳᠤᠨᠢ ᠰᠢᠷᠤᠢ ᠪᠠᠷ ᠬᠤᠴᠢᠵᠦ᠂ ᠴᠢᠬᠢ ᠰᠣᠶᠢᠨ ᠦᠨᠳᠦᠰᠦᠨ ᠤ ᠬᠦᠭᠵᠢᠯᠲᠡ ᠶᠢ ᠠᠬᠢᠭᠤᠯᠤᠨ᠎ᠠ | ᠃ ᠣᠰᠣᠯᠠᠯᠲᠠ ᠶᠢᠨ ᠭᠠᠵᠠᠷ ᠲᠤ ᠪᠦᠷᠬᠦᠪᠴᠢ ᠬᠤᠴᠢᠵᠦ᠂ ᠲᠤᠰᠤᠯᠭᠠᠨ ᠣᠰᠣᠯᠠᠬᠤ ᠭᠤᠤᠷᠰᠣ ᠳᠡᠪᠢᠰᠦᠨ᠂ ᠦᠩᠭᠦᠷᠢᠬᠦᠯ ᠬᠤᠭᠤᠯᠠᠢ ᠪᠠᠷ ᠦᠷ᠎ᠡ ᠰᠠᠴᠣᠵᠣ᠂ | ᠰᠠᠴᠣᠭᠰᠠᠨ ᠤ ᠳᠠᠷᠠᠭ᠎ᠠ ᠨᠢᠬᠡ ᠣᠳᠠᠭ᠎ᠠ ᠳᠠᠷᠤᠵᠤ ᠮᠠᠰᠢᠨ ᠢᠶᠠᠷ ᠲᠠᠷᠢᠬᠤ ᠶᠢ ᠪᠡᠶᠡᠯᠡᠬᠦᠯᠵᠦ᠂ ᠡᠩ ᠤᠨ ᠪᠠᠶᠢᠳᠠᠯ ᠳᠤ ᠮᠦᠷ ᠤᠨ ᠵᠠᠢ ᠶᠢ 50cm᠂ ᠬᠦᠨ ᠤ | ᠬᠡᠮᠵᠢᠶ᠎ᠡ ᠶᠢ 3 — 4cm ᠪᠠᠶᠢᠯᠭᠠᠨ᠂ ᠮᠣ᠋ ᠨᠢᠭᠡᠪᠦᠷᠢ ᠳᠤ 8000 ᠣᠷᠴᠢᠮ ︵1.5 ᠲᠦᠮᠡᠨ ᠣᠷᠴᠢᠮ ᠴᠢᠬᠢ ᠪᠤᠶᠢᠵᠢᠭᠤᠯᠤᠨ᠎ᠠ︶ ᠰᠠᠭᠤᠷᠢ ᠳᠣᠬᠢᠷᠠᠭᠤᠯᠤᠨ᠎ᠠ | ᠃ ᠨᠠᠷᠢᠮᠦ ᠶᠢᠨ ᠴᠢᠬᠢ ᠶᠢᠨ ᠬᠤᠷᠳᠣᠨ ᠴᠢᠬᠢᠯᠡᠵᠦ ᠲᠦᠷᠬᠡᠨ ᠣᠷᠭᠤᠬᠤ ᠶᠢ ᠠᠬᠢᠭᠤᠯᠬᠤ ᠶᠢᠨ ᠲᠦᠯᠦᠭᠡ ᠦᠷ᠎ᠡ ᠰᠠᠴᠣᠬᠤ ᠦᠶᠡᠰ ᠲᠤᠬᠢᠷᠠᠬᠤ ᠬᠡᠮᠵᠢᠶᠡᠨ ᠤ | ᠪᠣᠷᠳᠣᠭᠤᠷ ᠣᠷᠣᠭᠤᠯᠣᠨ᠂ ᠮᠣ᠋ ᠨᠢᠭᠡᠪᠦᠷᠢ ᠳᠤ ᠹᠣᠰᠹᠣᠷ ᠬᠦᠴᠢᠯ ᠤᠨ ᠬᠤᠶᠠᠷ ᠠᠮᠮᠣᠨᠢ ᠶᠢ 10 — 15 ᠺᠢᠯᠤᠭ᠍ᠷᠠᠮ᠂ ᠰᠢᠬᠡᠰᠦᠯᠢᠭ ᠡᠳ᠋ ᠢ 10 ᠺᠢᠯᠤᠭ᠍ᠷᠠᠮ | ᠣᠷᠣᠭᠤᠯᠵᠣ᠂ ᠡᠬᠦᠨ ᠤ ᠬᠠᠮᠲᠤ ᠰᠢᠭᠤᠳ ᠲᠠᠷᠢᠭᠰᠠᠨ ᠤ ᠳᠠᠷᠠᠭ᠎ᠠ ᠴᠠᠭ ᠲᠤᠬᠠᠢ ᠳᠤᠨᠢ ᠲᠣᠰᠣᠯᠭᠠᠵᠤ ᠣᠰᠣᠯᠠᠨ᠎ᠠ᠃ ᠴᠢᠭᠤᠯᠤᠯᠲᠤ ᠬᠠᠭᠠᠯᠭ᠎ᠠ ᠶᠢᠨ | ᠡᠷᠯᠢᠰᠢᠵᠢᠬᠦᠯᠦᠭᠰᠡᠨ ᠨᠠᠷᠢᠮᠣ 13 ᠨᠣᠮᠧᠷ ᠢ ᠮᠣ᠋ ᠪᠦᠷᠢ ᠳᠤ 0.3kg ᠣᠷᠴᠢᠮ᠂ ᠴᠢᠭᠤᠯᠤᠯᠲᠤ ᠬᠠᠭᠠᠯᠭ᠎ᠠ ᠶᠢᠨ ᠡᠷᠯᠢᠰᠢᠵᠢᠬᠦᠯᠦᠭᠰᠡᠨ ᠨᠠᠷᠢᠮᠣ 6 ᠨᠣᠮᠧᠷ ᠢ ᠮᠣ᠋ | ᠪᠦᠢᠷᠢ ᠳᠤ 0.65kg ᠣᠷᠴᠢᠮ᠂ ᠪᠣᠰᠣᠳ ᠲᠦᠷᠦᠯ ᠡᠬᠦᠯᠳᠡᠷ ᠢ ᠮᠣ᠋ ᠨᠢᠭᠡᠪᠦᠷᠢ 0.5kg ᠬᠡᠷᠡᠭᠯᠡᠨ᠎ᠡ᠃ ᠬᠠᠭᠤᠷᠠᠢ ᠭᠠᠵᠠᠷ ᠲᠤ ᠬᠡᠷᠡᠭᠯᠡᠬᠦ ᠦᠷ᠎ᠡ ᠶᠢᠨ ᠬᠡᠮᠵᠢᠶ᠎ᠡ | ᠶᠢ ᠬᠦᠷᠦᠰᠦ ᠰᠢᠷᠤᠢ ᠶᠢᠨ ᠴᠢᠬᠢᠭ ᠤᠨ ᠪᠠᠶᠢᠳᠠᠯ ᠢ ᠦᠨᠳᠦᠰᠦᠯᠡᠵᠦ ᠲᠤᠬᠢᠷᠠᠭᠤᠯᠤᠨ᠎ᠠ᠃ | ︵ᠳᠦᠷᠪᠡ︶ ᠲᠠᠷᠢᠶᠠᠨ ᠭᠠᠵᠠᠷ ᠤᠨ ᠬᠠᠮᠢᠶᠠᠷᠤᠯᠲᠠ᠃ | 1. ᠡᠷᠲᠡ ᠴᠢᠬᠢ ᠨᠦᠬᠦᠵᠦ ᠰᠠᠭᠤᠯᠭᠠᠨ᠎ᠠ᠃ ᠨᠠᠷᠢᠮᠣ ᠴᠢᠬᠢᠯᠡᠭᠰᠡᠨ ᠤ ᠳᠠᠷᠠᠭ᠎ᠠ᠂ ᠬᠤᠶᠠᠷ ᠨᠠᠪᠴᠢ ᠨᠢᠬᠡ ᠴᠢᠬᠢᠨ ᠤ ᠬᠤᠭᠤᠴᠠᠭᠠᠨ ᠳᠤ᠂ ᠴᠢᠬᠢ ᠲᠤᠲᠠᠭᠤ | ᠭᠠᠵᠠᠷ ᠲᠤ ᠴᠢᠬᠢ ᠨᠦᠬᠦᠨ᠎ᠡ᠃ ᠨᠠᠷᠢᠮᠣ ᠶᠢᠨ ᠦᠷ᠎ᠡ ᠰᠠᠴᠤᠬᠤ ᠬᠡᠮᠵᠢᠶ᠎ᠡ ᠶᠡᠭᠡ᠂ ᠨᠢᠭᠲᠠᠴᠠ ᠦᠨᠳᠦᠷ᠂ ᠬᠠᠷᠢᠯᠴᠠᠨ ᠲᠡᠵᠢᠬᠡᠯ ᠪᠤᠯᠢᠶᠠᠯᠳᠣᠳᠠᠭ ᠪᠤᠯᠬᠤᠷ ᠴᠠᠭ | ᠲᠤᠬᠠᠢ ᠳᠤᠨᠢ ᠨᠢᠯᠬ᠎ᠠ ᠴᠢᠬᠢ ᠶᠢ ᠰᠢᠩᠭᠡᠯᠡᠵᠦ ᠴᠢᠬᠢ ᠰᠠᠭᠤᠯᠭᠠᠨ᠂ ᠴᠢᠬᠢ ᠲᠤᠲᠠᠭᠳᠠᠬᠤ ᠠᠴᠠ ᠰᠡᠷᠬᠡᠶᠢᠯᠡᠵᠦ᠂ ᠨᠢᠯᠬ᠎ᠠ ᠴᠢᠬᠢ ᠶᠢ ᠡᠷᠲᠡᠬᠡᠨ ᠰᠢᠩᠭᠡᠯᠡᠨ᠎ᠡ᠃ ᠴᠢᠬᠢ | 3 ᠰᠡᠨᠲ᠋ᠢᠮᠧᠲᠷ ᠪᠤᠯᠬᠤ ᠦᠶᠡᠰ ᠨᠢᠯᠬ᠎ᠠ ᠴᠢᠬᠢ ᠶᠢ ᠰᠢᠩᠭᠡᠯᠡᠨ᠎ᠡ︔ ᠨᠢᠯᠬ᠎ᠠ ᠴᠢᠬᠢ 3 — 5 ᠨᠠᠪᠴᠢᠯᠠᠵᠤ᠂ 5 — 6 ᠰᠡᠨᠲ᠋ᠢᠮᠧᠲᠷ ᠦᠨᠳᠦᠷ ᠪᠤᠯᠬᠤ ᠦᠶᠡᠰ | ᠴᠢᠬᠢ ᠰᠠᠭᠤᠯᠭᠠᠨ᠂ ᠴᠢᠬᠢ ᠰᠠᠭᠤᠯᠭᠠᠬᠤ ᠦᠶᠡᠰ ᠶᠡᠭᠡ᠂ ᠨᠣᠭᠤᠭᠠᠨ᠂ ᠭᠠᠭᠴᠠ ᠶᠢ ᠨᠢ ᠦᠯᠡᠳᠡᠭᠡᠪᠡᠯ ᠪᠤᠲᠠᠯᠠᠬᠤ ᠳᠤ ᠠᠰᠢᠭᠲᠠᠢ ᠶᠤᠮ᠃ | 2. ᠡᠪᠡᠰᠦ ᠠᠷᠢᠯᠭᠠᠨ᠎ᠠ᠃ ᠨᠠᠷᠢᠮᠤ ᠶᠢᠨ ᠴᠢᠬᠢᠯᠡᠬᠦ ᠬᠤᠭᠤᠴᠠᠭᠠᠨ ᠤ ᠦᠨᠳᠦᠰᠦ ᠨᠢ ᠮᠠᠭᠤ᠂ ᠣᠷᠭᠤᠴᠠ ᠨᠢ ᠣᠳᠠᠭᠠᠨ ᠲᠤᠯᠠ ᠠᠮᠠᠷᠬᠠᠨ ᠡᠪᠡᠰᠦᠨ ᠳᠤ | ᠣᠷᠢᠶᠠᠭᠳᠠᠨ ᠮᠠᠭᠤᠳᠠᠬᠤ ᠪᠤᠯᠬᠤᠷ ᠡᠷᠬᠡᠪᠰᠢ ᠡᠪᠡᠰᠦ ᠠᠷᠢᠯᠭᠠᠨ᠂ ᠴᠢᠬᠢᠭ ᠢ ᠨᠢ ᠬᠠᠮᠠᠭᠠᠯᠠᠨ ᠰᠢᠮᠡᠵᠢᠬᠦᠯᠦᠨᠡ᠃ ᠨᠠᠷᠢᠮᠦ ᠶᠢᠨ ᠪᠦᠬᠦ ᠣᠷᠭᠤᠴᠠ ᠶᠢᠨ ᠬᠤᠭᠤᠴᠠᠭᠠᠨ | ᠳᠤ 3 — 4 ᠣᠳᠠᠭ᠎ᠠ ᠡᠪᠡᠰᠦ ᠠᠷᠢᠯᠭᠠᠵᠤ᠂ ᠨᠢᠯᠬ᠎ᠠ ᠴᠢᠬᠢ ᠶᠢᠨ ᠬᠤᠭᠤᠴᠠᠭᠠᠨ ᠳᠤ ᠰᠢᠩᠭᠡᠯᠡᠬᠦ ᠲᠠᠢ ᠣᠶᠠᠯᠳᠣᠭᠤᠯᠬᠤ ᠪᠤᠶᠤ ᠴᠢᠬᠢ ᠰᠠᠭᠤᠯᠭᠠᠭᠰᠠᠨ ᠤ ᠳᠠᠷᠠᠭ᠎ᠠ | ᠡᠪᠡᠰᠦ ᠠᠷᠢᠯᠭᠠᠨ᠎ᠠ︔ ᠦᠶᠡᠯᠡᠬᠦ ᠬᠤᠭᠤᠴᠠᠭᠠᠨ ᠳᠤ ᠪᠣᠷᠳᠣᠭᠤᠷ ᠨᠡᠮᠡᠬᠦ᠂ ᠣᠰᠣᠯᠠᠬᠤ ᠲᠠᠢ ᠣᠶᠠᠯᠳᠣᠭᠤᠯᠣᠨ ᠵᠢᠭᠠᠬᠠᠨ ᠰᠢᠷᠤᠢ ᠨᠡᠮᠡᠨ᠎ᠡ︔ ᠲᠦᠷᠦᠬᠦᠳᠦᠬᠦ | ᠬᠤᠭᠤᠴᠠᠭᠠᠨ ᠳᠤ ᠡᠪᠡᠰᠦ ᠠᠷᠢᠯᠭᠠᠵᠤ ᠰᠢᠷᠤᠢ ᠵᠤᠵᠠᠭᠠᠯᠠᠨ᠎ᠠ᠃ ᠨᠠᠷᠢᠮᠤ ᠶᠢᠨ ᠲᠠᠷᠢᠶᠠᠨ ᠳᠤ ᠭᠤᠤᠯᠳᠠᠭᠤ ᠦᠷᠢ ᠶᠢᠨ ᠰᠡᠬᠦᠯ᠂ ᠣᠯᠠᠭᠠᠨ ᠰᠠᠷᠪᠠᠯᠵᠢ ᠵᠡᠷᠭᠡ ᠡᠪᠡᠰᠦ | ᠣᠯᠠᠨ ᠣᠷᠭᠤᠳᠠᠭ ᠪᠤᠯᠬᠤᠷ ᠨᠠᠮᠤᠷ ᠡᠪᠦᠯ ᠭᠠᠵᠠᠷ ᠣᠷᠪᠠᠭᠤᠯᠬᠤ᠂ ᠬᠠᠭᠠᠯᠪᠤᠷᠢᠯᠠᠬᠤ ᠭᠤᠤᠷᠰᠣ ᠰᠣᠯᠢᠬᠤ ᠳᠤ ᠭᠤᠤᠯ ᠰᠡᠷᠬᠡᠶᠢᠯᠡᠨ᠂ ᠪᠠᠰᠠ ᠨᠠᠷᠢᠮᠣ ᠶᠢᠨ ᠡᠪᠡᠰᠦ | ᠠᠷᠢᠯᠭᠠᠬᠤ ᠲᠤᠰᠬᠠᠢ ᠡᠮ ᠢ ᠰᠣᠩᠭᠤᠨ ᠴᠠᠭ ᠲᠤᠬᠠᠢ ᠳᠤᠨᠢ ᠡᠪᠡᠰᠦ ᠠᠷᠢᠯᠭᠠᠨ᠎ᠠ᠃ | ᠴᠢᠭᠤᠯᠤᠯᠲᠤ ᠬᠠᠭᠠᠯᠭ᠎ᠠ ᠶᠢᠨ ᠡᠷᠯᠢᠰᠢᠵᠢᠬᠦᠯᠦᠭᠰᠡᠨ ᠨᠠᠷᠢᠮᠣ ᠶᠢᠨ ᠰᠢᠷᠢᠰ ᠲᠤ ᠲᠤᠰᠬᠠᠢ ᠡᠪᠡᠰᠦ ᠠᠷᠢᠯᠭᠠᠬᠤ ᠡᠮ ᠪᠠᠶᠢᠳᠠᠭ᠄ ᠳᠠᠷᠤᠢ ᠨᠠ ᠪᠤᠤ ᠵᠢᠩ + ᠬᠤᠶᠠᠷ | ᠮᠧᠲ᠋ᠢᠯ ᠳᠦᠷᠪᠡ ᠡᠾᠯᠦᠷᠲᠦ ᠣᠰᠣᠨ ᠡᠮ ᠪᠤᠯᠤᠨ᠎ᠠ᠂ ᠬᠡᠷᠡᠭᠯᠡᠬᠦ ᠠᠷᠭ᠎ᠠ᠄ ᠨᠠᠷᠢᠮᠣ 5 — 7 ᠨᠠᠪᠴᠢᠯᠠᠬᠤ ᠦᠶᠡᠰ ᠨᠢᠭᠡ ᠣᠳᠠᠭ᠎ᠠ ᠰᠦᠷᠴᠢᠵᠦ᠂ ᠡᠪᠡᠰᠦ ᠣᠯᠠᠨᠲᠠᠢ | ᠦᠶᠡᠰ ᠪᠠᠶᠢᠳᠠᠯ ᠢ ᠨᠢ ᠦᠵᠡᠵᠦ 1.5 ᠳᠠᠬᠢᠨ ᠢᠶᠠᠷ ᠨᠡᠮᠡᠭᠳᠡᠬᠦᠯᠦᠨ᠎ᠡ᠃ | 3. ᠣᠰᠣ ᠪᠣᠷᠳᠣᠭᠤᠷ ᠢ ᠡᠵᠡᠮᠳᠡᠨ᠎ᠡ᠃ ᠨᠠᠷᠢᠮᠣ ᠪᠣᠯ ᠭᠠᠩ ᠳᠤ ᠳᠡᠰᠪᠦᠷᠢᠲᠡᠢ ᠲᠠᠷᠢᠮᠠᠯ ᠪᠤᠯᠤᠨ᠎ᠠ᠂ ᠲᠡᠬᠦᠨ ᠤ ᠣᠰᠣᠨ ᠤ ᠬᠡᠷᠡᠭᠴᠡᠭᠡ ᠶᠢᠨ ᠣᠨᠴᠠᠯᠢᠭ ᠪᠣᠯ᠄ | ᠡᠮᠦᠨ᠎ᠡ ᠬᠤᠭᠤᠴᠠᠭᠠᠨ ᠳᠤ ᠭᠠᠩ ᠳᠤ ᠳᠡᠰᠪᠦᠷᠢᠲᠡᠢ ᠪᠤᠯᠬᠤᠷ ᠣᠰᠣ ᠪᠠᠭ᠎ᠠ ᠬᠡᠷᠡᠭᠯᠡᠵᠦ᠂ ᠳᠣᠮᠳᠠ ᠬᠤᠭᠤᠴᠠᠭᠠᠨ ᠳᠤ ᠭᠠᠩ ᠳᠡᠰᠪᠤᠷᠢᠯᠡᠬᠦ ᠴᠢᠳᠠᠪᠤᠷᠢ ᠮᠠᠭᠤᠳᠠᠬᠤ | ᠪᠤᠯᠬᠤᠷ ᠣᠰᠣ ᠶᠡᠭᠡ ᠬᠡᠷᠡᠭᠯᠡᠨ᠂ ᠬᠤᠶᠢᠨᠠᠬᠢ ᠬᠤᠭᠤᠴᠠᠭᠠᠨ ᠳᠤ ᠣᠰᠣᠳᠣᠬᠤ ᠠᠴᠠ ᠠᠶᠤᠬᠤ ᠲᠣᠯᠠ ᠣᠰᠣ ᠪᠠᠭ᠎ᠠ ᠬᠡᠷᠡᠭᠯᠡᠨ᠎ᠡ᠃ ᠡᠩ ᠤᠨ ᠬᠠᠮᠢᠶᠠᠷᠤᠯᠲᠠ ᠶᠢᠨ | ᠱᠠᠭᠠᠷᠳᠠᠯᠭ᠎ᠠ ᠶᠤᠰᠤᠭᠠᠷ᠂ ᠲᠠᠷᠢᠬᠤ ᠦᠶᠡᠰ ᠲᠤ ᠨᠢᠬᠡ ᠣᠳᠠᠭ᠎ᠠ ᠣᠰᠣᠯᠠᠵᠤ᠂ ᠦᠶᠡᠯᠡᠭᠰᠡᠨ ᠤ ᠳᠠᠷᠠᠭ᠎ᠠ 7 ᠳ᠋ᠣᠭᠠᠷ ᠡᠳᠦᠷ ᠲᠤ ᠨᠢ ᠨᠢᠬᠡ ᠣᠳᠠᠭ᠎ᠠ ᠣᠰᠣᠯᠠᠨ ︵ | ᠴᠢᠬᠢᠯᠡᠭᠰᠡᠨ ᠤ ᠳᠠᠷᠠᠭᠠᠬᠢ 45 ᠡᠳᠦᠷ ᠣᠷᠴᠢᠮ︶᠂ ᠲᠦᠷᠦᠬᠦᠳᠦᠬᠦ ᠬᠤᠭᠤᠴᠠᠭ᠎ᠠ ᠠᠴᠠ ᠵᠠᠯᠠᠭᠠᠯᠠᠬᠤ ᠦᠶ᠎ᠡ ᠪᠤᠯᠲᠠᠯ᠎ᠠ ᠨᠢᠭᠡ ᠤᠳᠠᠭ᠎ᠠ ᠣᠰᠣᠯᠠᠵᠤ᠂ ᠢᠳᠡᠭᠡᠯᠡᠬᠦ | ᠬᠤᠭᠤᠴᠠᠭᠠᠨ ᠳᠤ ᠴᠠᠭ ᠠᠭᠤᠷ ᠤᠨ ᠪᠠᠶᠢᠳᠠᠯ ᠢᠶᠠᠷ ᠳᠣᠬᠢᠷᠠᠮᠵᠢᠲᠠᠢ ᠣᠰᠣᠯᠠᠵᠤ ᠭᠠᠩᠳᠠᠭᠤᠯᠬᠤ ᠦᠬᠡᠢ ᠪᠠᠶᠢᠬᠤ ᠶᠢᠨ ᠬᠠᠮᠲᠤ ᠦᠶᠡᠯᠡᠬᠦ ᠲᠦᠷᠦᠬᠦᠳᠦᠬᠦ ᠦᠶ᠎ᠡ ᠳᠤ | ᠪᠤᠷᠳᠣᠭᠤᠷ ᠨᠡᠮᠡᠨ᠂ ᠮᠣ᠋ ᠲᠤᠲᠤᠮ ᠰᠢᠬᠡᠰᠦᠯᠢᠭ ᠡᠳ᠋ ᠢ 8 — 10 ᠺᠢᠯᠣᠭ᠍ᠷᠠᠮ ᠣᠷᠣᠭᠤᠯᠵᠣ᠂ ᠨᠠᠷᠢᠮᠣ ᠵᠠᠯᠠᠭᠠᠯᠠᠬᠤ ᠢᠳᠡᠭᠡᠯᠡᠬᠦ ᠦᠶ᠎ᠡ ᠳᠤ ᠨᠡᠪᠴᠢᠨ ᠳᠡᠭᠡᠷ᠎ᠡ ᠨᠢ | ᠹᠣᠰᠹᠣᠷ ᠬᠦᠴᠢᠯ ᠤᠨ ᠬᠤᠶᠠᠷ ᠣᠰᠣᠳᠦ᠋ᠷᠦᠭᠴᠢᠲᠤ ᠺᠠᠯᠢ ᠵᠡᠷᠭᠡ ᠪᠣᠷᠳᠣᠭᠤᠷ ᠰᠦᠷᠴᠢᠨ᠂ ᠡᠷᠲᠡ ᠪᠤᠯᠪᠠᠰᠣᠷᠠᠭᠤᠯᠬᠤ ᠪᠠ ᠮᠦᠬᠦᠯᠢᠭ ᠤᠨ ᠬᠦᠨᠳᠦ ᠶᠢ ᠨᠡᠮᠡᠭᠳᠡᠬᠦᠯᠵᠦ | ᠂ ᠶᠠᠰᠣ ᠴᠢᠨᠠᠷ ᠢ ᠳᠡᠭᠡᠭᠰᠢᠯᠡᠬᠦᠯᠦᠨ᠎ᠡ᠃ ᠨᠠᠷᠢᠮᠦ ᠣᠰᠣᠯᠠᠬᠤ ᠳᠤ ᠴᠢᠩᠭ᠎ᠠ ᠬᠡᠷᠡᠯ ᠲᠤᠰᠬᠤ ᠦᠶᠡᠰ ᠪᠣᠶᠣ ᠣᠯᠠᠨ ᠣᠳᠠᠭ᠎ᠠ ᠣᠰᠣᠯᠠᠬᠤ᠂ ᠪᠦᠷᠬᠦᠭ ᠡᠳᠦᠷ | ᠣᠰᠣᠯᠠᠬᠤ᠂ ᠨᠠᠪᠴᠢᠨ ᠳᠡᠭᠡᠷ᠎ᠡ ᠣᠰᠣᠯᠠᠵᠤ ᠪᠣᠯᠬᠤ ᠦᠬᠡᠢ᠂ ᠣᠳᠠᠭ᠎ᠠ ᠪᠦᠷᠢ ᠳᠣᠬᠢᠷᠠᠬᠤ ᠬᠡᠮᠵᠢᠶᠡᠨ ᠤ ᠪᠤᠷᠳᠣᠭᠤᠷ ᠨᠡᠮᠡᠨ᠎ᠡ᠃ | ︵ᠲᠠᠪᠤ︶ ᠡᠪᠡᠳᠴᠢᠨ ᠬᠤᠷᠤᠬᠠᠢ ᠡᠪᠡᠰᠦᠨ ᠤ ᠬᠦᠨᠦᠬᠡᠯ ᠠᠴᠠ ᠰᠡᠷᠬᠡᠶᠢᠯᠡᠨ᠎ᠡ᠃ | 1. ᠵᠢᠪᠡᠷᠡᠬᠦ ᠬᠡᠮ᠃ ᠨᠠᠷᠢᠮᠣ ᠪᠤᠯᠪᠠᠰᠣᠷᠠᠭᠰᠠᠨ ᠤ ᠳᠠᠷᠠᠭ᠎ᠠ ᠣᠯᠠᠨ ᠪᠤᠷᠤᠭᠠᠨ ᠢᠶᠠᠷ ᠴᠢᠬᠢᠭᠳᠡᠬᠦ ᠦᠶᠡᠰ᠂ ᠴᠠᠭ ᠲᠤᠬᠠᠢ ᠳᠤᠨᠢ ᠵᠢᠪᠡᠷᠡᠬᠦ ᠡᠪᠡᠳᠴᠢᠨ ᠢ | ᠰᠡᠷᠬᠡᠶᠢᠯᠡᠨ᠎ᠡ᠃ ᠨᠠᠷᠢᠮᠦ ᠴᠡᠴᠡᠭᠯᠡᠬᠦ ᠪᠤᠶᠤ ᠢᠳᠡᠭᠡᠯᠡᠬᠦ ᠬᠤᠭᠤᠴᠠᠭᠠᠨ ᠳᠤ᠂ ᠨᠠᠪᠴᠢᠨ ᠤ ᠢᠯᠳᠠᠰᠣᠨ ᠳᠤ ᠬᠡᠰᠡᠭ ᠪᠤᠰᠤᠭ ᠵᠢᠪᠡᠷᠡᠬᠦ ᠡᠪᠡᠳᠴᠢᠨ ᠣᠷᠣᠬᠤ ᠦᠶᠡᠰ᠂ | ᠮᠣ᠋ ᠨᠢᠭᠡᠪᠦᠷᠢ ᠳᠤ 15 ᠭᠷᠠᠮ 25% ᠶᠢᠨ ᠹᠧᠨ ᠰᠢᠦ ᠨᠢᠩ ᠢ 15 ᠺᠢᠯᠣᠭ᠍ᠷᠠᠮ ᠣᠰᠣ ᠲᠠᠢ ᠬᠤᠯᠢᠵᠦ᠂ ᠨᠠᠷᠢᠮᠦ ᠶᠢᠨ ᠪᠦᠬᠦ ᠰᠠᠭᠤᠷᠢ ᠳᠤ ᠰᠦᠷᠴᠢᠵᠦ ᠡᠪᠡᠳᠴᠢᠨ | ᠠᠴᠠ ᠰᠡᠷᠬᠡᠶᠢᠯᠡᠨ᠎ᠡ᠃ | 2. ᠣᠯᠠᠭᠠᠨ ᠠᠭᠠᠯᠵᠢ᠃ ᠭᠠᠩ ᠬᠠᠭᠤᠷᠠᠢ ᠦᠶᠡᠰ ᠣᠯᠠᠭᠠᠨ ᠠᠭᠠᠯᠵᠢ ᠠᠴᠠ ᠰᠡᠷᠬᠡᠶᠢᠯᠡᠵᠦ᠂ ᠮᠣ᠋ ᠨᠢᠭᠡᠪᠦᠷᠢ ᠳᠤ 15 ᠭᠷᠠᠮ 15% ᠶᠢᠨ ᠳ᠋ᠠ ᠮᠠᠨ ᠯᠢᠩ | ᠬᠤᠴᠢᠭ ᠣᠰᠠᠳᠬᠠᠬᠤ ᠬᠤᠤᠷ ᠢ 15 ᠺᠢᠯᠣᠭ᠍ᠷᠠᠮ ᠣᠰᠣ ᠲᠠᠢ ᠬᠤᠯᠢᠨ᠂ ᠨᠠᠪᠴᠢᠨ ᠤ ᠠᠷᠤ ᠲᠠᠯ᠎ᠠ ᠳᠤ ᠰᠦᠷᠴᠢᠵᠦ ᠰᠡᠷᠬᠡᠶᠢᠯᠡᠨ᠎ᠡ᠃ | 3. ᠬᠢᠮᠢ ᠶᠢᠨ ᠠᠷᠭ᠎ᠠ ᠪᠠᠷ ᠡᠪᠡᠰᠦ ᠠᠷᠢᠯᠭᠠᠨ᠎ᠠ᠃ ᠦᠷ᠎ᠡ ᠰᠠᠴᠤᠭᠰᠠᠨ ᠤ ᠳᠠᠷᠠᠭ᠎ᠠ ᠴᠢᠬᠢᠯᠡᠬᠦ ᠶᠢᠨ ᠡᠮᠦᠨ᠎ᠡ ᠡᠮ ᠦᠭᠴᠦ᠂ ᠦᠶᠡᠲᠦ ᠣᠷᠭᠤᠮᠠᠯ ᠪᠠ | ᠦᠷᠭᠡᠨ ᠨᠠᠪᠴᠢᠲᠤ ᠡᠪᠡᠰᠦ ᠶᠢ ᠠᠷᠢᠯᠭᠠᠨ᠂ ᠮᠣ᠋ ᠨᠢᠭᠡᠪᠦᠷᠢ ᠳᠤ 50 ᠭᠷᠠᠮ 50% ᠶᠢᠨ ᠫᠦ᠋ ᠽᠣᠣ ᠵᠢᠩ ᠴᠢᠬᠢᠭᠯᠢᠭ ᠴᠢᠨᠠᠷᠲᠠᠢ ᠨᠤᠭᠲᠠᠭ ᠢ 40 — 50 | ᠺᠢᠯᠤᠭ᠍ᠷᠠᠮ ᠣᠰᠣ ᠲᠠᠢ ᠬᠤᠯᠢᠵᠦ᠂ ᠬᠦᠷᠦᠰᠦᠨ ᠤ ᠭᠠᠳᠠᠷᠭᠤ ᠳᠡᠭᠡᠷ᠎ᠡ ᠳᠡᠭᠰᠢᠬᠡᠨ ᠰᠦᠷᠴᠢᠨ᠎ᠡ︔ ᠡᠰᠡᠬᠦᠯ᠎ᠡ 150 ᠭᠷᠠᠮ 50% ᠶᠢᠨ ᠫᠦ᠋ ᠮᠢᠶᠧ ᠶᠢᠨ ᠴᠢᠬᠢᠭᠯᠢᠭ | ᠴᠢᠨᠠᠷᠲᠠᠢ ᠨᠣᠨᠲᠠᠭ ᠢ 40 — 50 ᠺᠢᠯᠣᠭ᠍ᠷᠠᠮ ᠣᠰᠣ ᠲᠠᠢ ᠬᠤᠯᠢᠨ᠂ ᠬᠦᠷᠦᠰᠦᠨ ᠤ ᠭᠠᠳᠠᠷᠭᠤ ᠳᠡᠭᠡᠷ᠎ᠡ ᠰᠦᠷᠴᠢᠵᠦ ᠡᠪᠡᠰᠦ ᠠᠷᠢᠯᠭᠠᠨ᠎ᠠ᠃ ᠴᠢᠬᠢᠯᠡᠭᠰᠡᠨ ᠤ | ᠳᠠᠷᠠᠭ᠎ᠠ ᠡᠮ ᠦᠭᠴᠦ᠂ ᠦᠷᠭᠡᠨ ᠨᠠᠪᠴᠢᠲᠤ ᠡᠪᠡᠰᠦ ᠶᠢ ᠠᠷᠢᠯᠭᠠᠨ᠂ ᠮᠣ᠋ ᠨᠢᠭᠡᠪᠦᠷᠢ ᠳᠤ 40 — 50 ᠮᠢᠯᠢᠯᠢᠲᠷ 72% ᠤᠨ 2.4 — D ᠪᠦᠲ᠋ᠢᠯ ᠠᠯᠺᠣᠣᠯ | ᠢ 30 — 40 ᠺᠢᠯᠣᠭ᠍ᠷᠠᠮ ᠣᠰᠣ ᠲᠠᠢ ᠬᠤᠯᠢᠨ᠂ ᠨᠠᠷᠢᠮᠣ ᠶᠢᠨ ᠴᠢᠬᠢ 4 — 5 ᠨᠠᠪᠴᠢᠯᠠᠬᠤ ᠬᠤᠭᠤᠴᠠᠭᠠᠨ ᠳᠤ᠂ ᠦᠷᠭᠡᠨ ᠨᠠᠪᠴᠢᠲᠤ ᠡᠪᠡᠰᠦ ᠶᠡᠭᠡ ᠲᠦᠯᠦᠪ | ᠵᠢᠭᠳᠡ ᠣᠷᠭᠤᠭᠰᠠᠨ ᠦᠶᠡᠰ ᠰᠦᠷᠴᠢᠵᠦ ᠠᠷᠢᠯᠭᠠᠨ᠎ᠠ᠃ | ︵ᠵᠢᠷᠭᠤᠭ᠎ᠠ︶ ᠳᠣᠬᠢᠷᠠᠮᠵᠢᠲᠠᠢ ᠬᠤᠭᠤᠴᠠᠭᠠᠨ ᠳᠤ ᠬᠤᠷᠢᠶᠠᠨ᠎ᠠ᠃ ᠨᠠᠷᠢᠮᠦ ᠶᠢ ᠬᠡᠲᠦ ᠡᠷᠲᠡ ᠬᠡᠲᠦ ᠪᠤᠶᠤ ᠣᠷᠣᠢ ᠬᠤᠷᠢᠶᠠᠪᠠᠯ ᠶᠠᠰᠣ ᠴᠢᠨᠠᠷ ᠢ | ᠳᠣᠷᠣᠭᠰᠢᠯᠠᠭᠤᠯᠬᠤ ᠶᠢᠨ ᠬᠠᠮᠲᠤ ᠣᠨᠠᠯᠲᠠ ᠶᠢ ᠨᠦᠯᠦᠬᠡᠯᠡᠬᠦ ᠲᠤᠯᠠ ᠬᠠᠮᠤᠭ ᠤᠨ ᠳᠣᠬᠢᠷᠠᠮᠵᠢᠲᠠᠢ ᠬᠤᠭᠤᠴᠠᠭᠠᠨ ᠳᠤ ᠴᠠᠭ ᠲᠤᠬᠠᠢ ᠳᠤᠨᠢ ᠬᠤᠷᠢᠶᠠᠨ᠎ᠠ᠃ | ᠰᠢᠷᠠᠯᠠᠬᠤ ᠬᠤᠭᠤᠴᠠᠭ᠎ᠠ ᠪᠤᠶᠤ ᠪᠦᠷᠢᠮᠦᠰᠦᠨ ᠪᠤᠯᠪᠠᠰᠣᠷᠠᠬᠤ ᠬᠤᠭᠤᠴᠠᠭ᠎ᠠ ᠪᠤᠯ ᠬᠤᠷᠢᠶᠠᠬᠤ ᠬᠠᠮᠤᠭ ᠤᠨ ᠰᠠᠶᠢᠨ ᠬᠤᠭᠤᠴᠠᠭ᠎ᠠ ᠪᠤᠯᠤᠨ᠎ᠠ᠃ ᠨᠠᠷᠢᠮᠣ ᠰᠢᠷᠠᠯᠠᠬᠤ | ᠬᠤᠭᠤᠴᠠᠭᠠᠨ ᠳᠤ ᠬᠠᠳᠣᠵᠣ ᠬᠠᠲᠠᠭᠠᠬᠤ᠂ ᠲᠡᠭᠦᠵᠦ ᠬᠤᠷᠢᠶᠠᠬᠤ ᠠᠷᠭ᠎ᠠ ᠶᠢ ᠬᠡᠷᠡᠭᠯᠡᠨ᠂ ᠨᠠᠷᠢᠮᠤ ᠶᠢᠨ ᠡᠰᠢ ᠮᠦᠴᠢᠷ᠂ ᠬᠠᠯᠢᠰᠦ ᠰᠢᠷᠠᠯᠠᠬᠤ ᠨᠤᠷᠮ᠎ᠠ 95% ᠠᠴᠠ | ᠳᠡᠭᠡᠭᠰᠢ ᠬᠦᠷᠬᠦ ᠦᠶᠡᠰ ᠴᠠᠭ ᠲᠤᠬᠠᠢ ᠳᠤᠨᠢ ᠬᠠᠳᠣᠨ ᠬᠠᠲᠠᠭᠠᠵᠤ᠂ ᠨᠠᠷᠢᠮᠦ ᠪᠠᠨ 5 — 7 ᠡᠳᠦᠷ ᠬᠠᠳᠠᠭᠠᠭᠰᠠᠨ ᠤ ᠳᠠᠷᠠᠭ᠎ᠠ ᠲᠡᠬᠦᠵᠦ ᠬᠤᠷᠢᠶᠠᠨ᠎ᠠ᠃ ᠨᠠᠷᠢᠮᠦ | ᠪᠦᠷᠢᠮᠦᠰᠦᠨ ᠪᠤᠯᠪᠠᠰᠣᠷᠠᠬᠤ ᠳᠤ ᠰᠢᠭᠤᠳ ᠬᠤᠷᠢᠶᠠᠬᠤ ᠠᠷᠭ᠎ᠠ ᠶᠢ ᠬᠡᠷᠡᠭᠯᠡᠨ᠂ ᠴᠠᠭ ᠲᠤᠬᠠᠢ ᠳᠤᠨᠢ ᠳᠡᠬᠦᠵᠦ ᠬᠤᠷᠢᠶᠠᠵᠤ᠂ ᠮᠦᠬᠦᠯᠢᠭ ᠬᠡᠬᠡᠭᠳᠡᠬᠦ ᠠᠴᠠ | ᠰᠡᠷᠬᠡᠶᠢᠯᠡᠨ᠎ᠡ᠃ | ᠬᠤᠶᠠᠷ᠂ ᠰᠢᠷ᠎ᠠ ᠪᠤᠷᠴᠠᠭ ᠤᠨ ᠦᠢᠯᠡᠳᠪᠦᠷᠢᠯᠡᠯ ᠤᠨ ᠮᠡᠷᠭᠡᠵᠢᠯ ᠤᠨ ᠳᠦᠷᠢᠮ | ︵ᠨᠢᠬᠡ︶ ᠵᠦᠢ ᠵᠤᠬᠢᠰᠲᠠᠢ ᠢᠭᠴᠣ ᠰᠠᠭᠤᠯᠭᠠᠵᠤ᠂ ᠰᠠᠭᠤᠷᠢ ᠪᠤᠷᠳᠣᠭᠤᠷ ᠢ ᠰᠠᠶᠢᠲᠤᠷ ᠣᠷᠣᠭᠤᠯᠣᠨ᠂ ᠲᠠᠷᠢᠬᠤ ᠶᠠᠰᠣ ᠴᠢᠨᠠᠷ ᠢ ᠳᠡᠭᠡᠭᠰᠢᠯᠡᠬᠦᠯᠦᠨ᠎ᠡ᠃ | ᠰᠢᠷ᠎ᠠ ᠪᠤᠷᠴᠠᠭ ᠦᠨᠳᠦᠷ ᠣᠨᠠᠯᠲᠠ ᠣᠯᠬᠤ ᠵᠠᠩᠭᠢᠯᠠᠭ᠎ᠠ ᠨᠢ ᠴᠢᠬᠢ ᠪᠦᠷᠢᠨ ᠪᠦᠭᠡᠳ ᠰᠠᠶᠢᠨ ᠴᠢᠬᠢᠯᠡᠬᠦ ᠳᠤ ᠪᠤᠢ᠃ ᠨᠦᠬᠦᠴᠡᠯ ᠲᠠᠢ ᠭᠠᠵᠠᠷ ᠣᠷᠣᠨ | ᠬᠠᠭᠠᠯᠪᠤᠷᠢᠯᠠᠬᠤ ᠦᠬᠡᠢ ᠪᠠᠷ ᠦᠷ᠎ᠡ ᠰᠠᠴᠤᠵᠤ ᠪᠤᠯᠤᠨ᠎ᠠ᠃ ᠦᠷ᠎ᠡ ᠰᠠᠴᠣᠬᠤ᠂ ᠪᠤᠷᠳᠣᠭᠤᠷ ᠣᠷᠣᠭᠤᠯᠬᠤ᠂ ᠳᠠᠷᠤᠰᠢᠭᠤᠯᠬᠤ ᠶᠢ ᠴᠤᠭᠴᠠᠵᠢᠭᠤᠯᠤᠭᠰᠠᠨ ᠮᠠᠰᠢᠨ | ᠢᠶᠠᠷ ᠲᠠᠷᠢᠵᠦ᠂ ᠲᠠᠷᠢᠬᠤ ᠶᠠᠰᠣ ᠴᠢᠨᠠᠷ ᠢ ᠳᠡᠭᠡᠭᠰᠢᠯᠡᠬᠦᠯᠦᠨ᠎ᠡ᠃ ᠡᠩ ᠤᠨ ᠮᠣ᠋ ᠪᠦᠷᠢ ᠶᠢᠨ ᠦᠷ᠎ᠡ ᠬᠡᠷᠡᠭᠯᠡᠬᠦ ᠬᠡᠮᠵᠢᠶ᠎ᠡ 5 — 7 ᠺᠢᠯᠣᠭ᠍ᠷᠠᠮ᠂ ᠮᠣ᠋ ᠨᠢᠭᠡᠪᠦᠷᠢ ᠶᠢᠨ | ᠴᠢᠬᠢ ᠶᠢᠨ ᠨᠢᠭᠲᠠᠴᠠ 11000 ᠨᠦᠬᠡ ᠠᠴᠠ ᠳᠣᠣᠷ᠎ᠠ ᠪᠠᠶᠢᠵᠦ ᠪᠤᠯᠬᠤ ᠦᠬᠡᠢ᠂ ᠨᠦᠬᠡ ᠪᠦᠷᠢ 2 — 2 ᠰᠠᠭᠤᠷᠢ ᠰᠠᠭᠤᠯᠭᠠᠨ᠎ᠠ᠃ ᠮᠦᠷ ᠤᠨ ᠵᠠᠢ | 30cm᠂ ᠨᠦᠬᠡ ᠶᠢᠨ ᠵᠠᠢ 15cm — 18cm᠃ ᠰᠢᠷ᠎ᠠ ᠪᠤᠷᠴᠠᠭ ᠲᠠᠷᠢᠬᠤ ᠬᠦᠨᠴᠡ ᠪᠤᠯ ᠳᠠᠷᠣᠰᠢᠭᠤᠯᠤᠭᠰᠠᠨ ᠤ ᠳᠠᠷᠠᠭ᠎ᠠ 3cm — 4cm᠃ | ᠣᠲᠤᠭ ᠤᠨ ᠡᠮᠦᠨᠡᠲᠦ ᠬᠤᠰᠢᠭᠤᠨ ᠤ ᠬᠠᠤᠯᠢ ᠶᠤᠰᠤᠨ ᠤ ᠣᠰᠣᠯᠠᠯᠲᠠ ᠶᠢᠨ ᠭᠠᠵᠠᠷ ᠤᠨ ᠶᠡᠬᠡᠩᠬᠢ ᠬᠦᠷᠦᠰᠦ ᠰᠢᠷᠤᠢ ᠶᠢᠨ ᠣᠷᠭᠠᠨᠢᠭ ᠴᠢᠨᠠᠷ ᠤᠨ ᠠᠭᠤᠯᠤᠭᠳᠠᠴᠠ | ᠨᠡᠯᠢᠶᠡᠳ ᠳᠣᠣᠷ᠎ᠠ ᠪᠣᠯᠬᠤᠷ ᠡᠯ᠎ᠡ ᠭᠠᠵᠠᠷ ᠤᠨ ᠰᠢᠷ᠎ᠠ ᠪᠤᠷᠴᠠᠭ ᠤᠨ ᠲᠠᠷᠢᠶᠠᠨ ᠳᠤ ᠵᠤᠬᠢᠬᠤ ᠬᠡᠮᠵᠢᠶᠡᠨ ᠤ ᠹᠣᠰᠹᠣᠷ᠂ ᠺᠠᠯᠢ ᠶᠢᠨ ᠪᠤᠷᠳᠣᠭᠤᠷ ᠨᠡᠮᠡᠵᠦ᠂ ᠠᠽᠣᠲ | ᠤᠨ ᠪᠤᠷᠳᠣᠭᠤᠷ ᠪᠠᠭ᠎ᠠ ᠤᠷᠤᠭᠤᠯᠤᠨ᠂ ᠨᠦᠬᠦᠴᠡᠯ ᠲᠠᠢ ᠭᠠᠵᠠᠷ ᠣᠷᠣᠨ ᠳᠤ ᠪᠣᠯᠴᠣᠣ ᠶᠢᠨ ᠨᠢᠶᠠᠨ ᠤ ᠪᠣᠷᠳᠣᠭᠤᠷ ᠢ ᠦᠷ᠎ᠡ ᠲᠠᠢ ᠬᠤᠯᠢᠵᠦ ᠪᠤᠯᠤᠨ᠎ᠠ᠃ ᠲᠠᠷᠢᠬᠤ | ᠦᠶᠡᠰ ᠨᠢᠬᠡ ᠣᠳᠠᠭ᠎ᠠ ᠳᠡᠭᠡᠷ᠎ᠡ ᠰᠠᠭᠤᠷᠢ ᠪᠤᠷᠳᠣᠭᠤᠷ ᠢ ᠬᠦᠢᠴᠡᠳ ᠣᠷᠣᠭᠤᠯᠵᠣ᠂ ᠮᠣ᠋ ᠨᠢᠭᠡᠪᠦᠷᠢ ︵ᠬᠤᠯᠢᠮᠠᠭ ᠪᠤᠷᠳᠣᠭᠤᠷ N : P : K =15 : 15 : | 15︶ 10 — 25 ᠺᠢᠯᠣᠭ᠍ᠷᠠᠮ ᠪᠤᠷᠳᠣᠭᠤᠷ ᠣᠷᠣᠭᠤᠯᠣᠨ᠂ ᠪᠤᠷᠳᠣᠭᠤᠷ ᠢ ᠦᠷ᠎ᠡ ᠶᠢᠨ ᠬᠠᠵᠠᠭᠤ ᠲᠠᠯ᠎ᠠ ᠶᠢᠨ 4 — 6cm ᠭᠠᠵᠠᠷ ᠲᠤ ᠣᠷᠣᠭᠤᠯᠵᠣ᠂ | ᠪᠣᠷᠳᠣᠭᠤᠷ ᠪᠠ ᠦᠷ᠎ᠡ ᠶᠢ ᠠᠰ ᠲᠤ ᠨᠢ ᠪᠠᠶᠢᠯᠭᠠᠨ᠂ ᠴᠢᠬᠢᠯᠡᠬᠦ ᠶᠢ ᠨᠦᠯᠦᠬᠡᠯᠡᠬᠦ ᠠᠴᠠ ᠰᠡᠷᠬᠡᠶᠢᠯᠡᠨ᠎ᠡ᠃ ᠡᠬᠦᠨ ᠠᠴᠠ ᠭᠠᠳᠠᠨ᠎ᠠ᠂ ᠰᠣᠶᠣᠭᠠᠯᠠᠬᠤ ᠨᠤᠷᠮ᠎ᠡ ᠶᠢ | ᠦᠨᠳᠦᠰᠦᠯᠡᠵᠦ ᠲᠠᠷᠢᠬᠤ ᠬᠡᠮᠵᠢᠶ᠎ᠡ ᠪᠠᠨ ᠴᠠᠭ ᠲᠤᠬᠠᠢ ᠳᠤᠨᠢ ᠲᠤᠬᠢᠷᠠᠭᠤᠯᠤᠨ᠎ᠠ᠃ | ︵ᠬᠤᠶᠠᠷ︶ ᠳᠣᠬᠢᠷᠠᠮᠵᠢᠲᠠᠢ ᠲᠦᠷᠦᠯ ᠡᠬᠦᠯᠳᠡᠷ ᠢ ᠰᠣᠩᠭᠤᠨ᠎ᠠ᠃ ᠣᠯᠣᠰ᠂ ᠦᠪᠦᠷ ᠮᠣᠩᠭᠤᠯ ᠤᠨ ᠦᠪᠡᠷᠲᠡᠭᠡᠨ ᠵᠠᠰᠠᠬᠤ ᠤᠷᠤᠨ ᠤ ᠬᠢᠨᠠᠨ | ᠲᠤᠭᠲᠠᠭᠠᠭᠰᠠᠨ ᠪᠤᠶᠤ ᠠᠮᠢ ᠠᠬᠤᠢ ᠶᠢᠨ ᠠᠳᠠᠯᠢ ᠲᠦᠷᠦᠯ ᠤᠨ ᠣᠷᠣᠨ ᠠᠴᠠ ᠣᠷᠣᠭᠤᠯᠣᠨ ᠳᠠᠩᠰᠠᠯᠠᠭᠤᠯᠤᠭᠰᠠᠨ ᠳᠣᠬᠢᠷᠠᠮᠵᠢᠲᠠᠢ ᠰᠢᠷ᠎ᠠ ᠪᠤᠷᠴᠠᠭ ᠤᠨ ᠦᠷ᠎ᠡ ᠶᠢ | ᠰᠣᠩᠭᠤᠵᠣ᠂ ᠭᠠᠩ ᠳᠤ ᠳᠡᠰᠪᠦᠷᠢᠲᠡᠢ᠂ ᠢᠭᠴᠤ ᠲᠠᠷᠢᠬᠤ ᠳᠤ ᠳᠣᠬᠢᠷᠠᠮᠵᠢᠲᠠᠢ᠂ ᠠᠮᠠᠷᠬᠠᠨ ᠬᠤᠭᠤᠷᠬᠤ ᠦᠬᠡᠢ᠂ ᠡᠪᠡᠳᠴᠢᠨ ᠢ ᠡᠰᠡᠷᠬᠦᠴᠡᠬᠦ ᠴᠢᠳᠠᠪᠤᠷᠢ ᠲᠠᠢ᠂ | ᠬᠢᠵᠠᠭᠠᠷᠲᠠᠢ ᠪᠤᠶᠤ ᠳᠡᠳ᠋ ᠬᠢᠵᠠᠭᠠᠷᠲᠠᠢ ᠬᠤᠩᠭᠤᠷᠴᠠᠭᠯᠠᠬᠤ ᠦᠨᠳᠦᠷ ᠣᠨᠠᠯᠲᠠ ᠲᠠᠢ ᠰᠢᠷ᠎ᠠ ᠪᠤᠷᠴᠠᠭ ᠤᠨ ᠲᠦᠷᠦᠯ ᠡᠬᠦᠯᠳᠡᠷ ᠢ ᠰᠣᠩᠭᠤᠨ᠎ᠠ᠃ ᠮᠠᠨ ᠤ ᠬᠤᠰᠢᠭᠤᠨ | ᠤ≥ 10℃ ᠠᠵᠢᠯᠯᠠᠭᠠᠨ ᠤ ᠬᠤᠷᠠᠮᠳᠣᠯ ᠳᠣᠯᠠᠭᠠᠨ 2700℃ ᠠᠴᠠ ᠳᠡᠭᠡᠭᠰᠢ ᠪᠠᠶᠢᠳᠠᠯ ᠢ ᠦᠨᠳᠦᠰᠦᠯᠡᠨ᠂ ᠳᠣᠮᠳᠠᠳᠣ ᠣᠯᠣᠰ ᠤᠨ ᠲᠠᠷᠢᠶᠠᠯᠠᠩ ᠤᠨ ᠦᠢᠯᠡᠰ | ᠤᠨ ᠰᠢᠨᠵᠢᠯᠡᠬᠦ ᠣᠬᠠᠭᠠᠨ ᠤ ᠰᠣᠳᠣᠯᠭᠠᠨ ᠤ ᠬᠦᠷᠢᠶᠡᠯᠡᠩ ᠤᠨ ᠰᠣᠩᠭᠤᠨ ᠪᠤᠶᠢᠵᠢᠭᠤᠯᠤᠭᠰᠠᠨ ᠪᠤᠷᠴᠠᠭ ᠤᠨ ᠲᠦᠷᠦᠯ ᠤᠨ ᠵᠦᠩ ᠬᠤᠸᠠᠩ 30 ᠨᠣᠮᠧᠷ᠂ ᠵᠦᠩ | ᠬᠤᠸᠠᠩ 318 ᠨᠣᠮᠧᠷ᠂ ᠵᠦᠩ ᠬᠤᠸᠠᠩ 322 ᠨᠣᠮᠧᠷ᠂ ᠬᠢᠷᠢᠨ ᠮᠣᠵᠢ ᠶᠢᠨ ᠲᠠᠷᠢᠶᠠᠯᠠᠩ ᠤᠨ ᠦᠢᠯᠡᠰ ᠤᠨ ᠰᠢᠨᠵᠢᠯᠡᠬᠦ ᠤᠬᠠᠭᠠᠨ ᠤ ᠬᠦᠷᠢᠶᠡᠯᠡᠩ ᠤᠨ | ᠪᠤᠶᠢᠵᠢᠭᠤᠯᠤᠭᠰᠠᠨ ᠪᠤᠷᠴᠠᠭ ᠤᠨ ᠲᠦᠷᠦᠯ ᠤᠨ ᠵᠢᠢ ᠢᠦᠢ 441 ᠨᠣᠮᠧᠷ᠂ ᠵᠦᠩ ᠬᠤᠸᠠᠩ 35 ᠨᠣᠮᠧᠷ᠂ ᠴᠠᠩᠴᠦ᠋ᠨ ᠬᠤᠲᠠ ᠶᠢᠨ ᠲᠠᠷᠢᠶᠠᠯᠠᠩ ᠤᠨ ᠦᠢᠯᠡᠰ | ᠤᠨ ᠰᠢᠨᠵᠢᠯᠡᠬᠦ ᠤᠬᠠᠭᠠᠨ ᠤ ᠬᠦᠷᠢᠶᠡᠯᠡᠩ ᠤᠨ ᠪᠤᠶᠢᠵᠢᠭᠤᠯᠤᠭᠰᠠᠨ ᠪᠤᠷᠴᠠᠭ ᠤᠨ ᠲᠦᠷᠦᠯ ᠤᠨ ᠴᠠᠩ ᠨᠦᠩ 30 ᠨᠣᠮᠧᠷ᠂ ᠣᠯᠠᠭᠠᠨᠬᠠᠳᠠ ᠬᠤᠲᠠ ᠶᠢᠨ ᠮᠠᠯ | ᠲᠠᠷᠢᠶᠠᠯᠠᠩ ᠤᠨ ᠰᠢᠨᠵᠢᠯᠡᠬᠦ ᠤᠬᠠᠭᠠᠨ ᠰᠣᠳᠣᠯᠭᠠᠨ ᠤ ᠬᠦᠷᠢᠶᠡᠯᠡᠩ ᠤᠨ ᠪᠤᠶᠢᠵᠢᠭᠤᠯᠤᠭᠰᠠᠨ ᠪᠤᠷᠴᠠᠭ ᠤᠨ ᠲᠦᠷᠦᠯ ᠤᠨ ᡂᠢ ᠳ᠋ᠸᠤ 5 ᠨᠣᠮᠧᠷ᠂ ᠬᠠᠷᠠᠮᠦ᠋ᠷᠡᠨ | ᠮᠣᠵᠢ ᠶᠢᠨ ᠲᠠᠷᠢᠶᠠᠯᠠᠩ ᠤᠨ ᠦᠢᠯᠡᠰ ᠤᠨ ᠰᠢᠨᠵᠢᠯᠡᠬᠦ ᠣᠬᠠᠭᠠᠨ ᠤ ᠬᠦᠷᠢᠶᠡᠯᠡᠩ ᠤᠨ ᠰᠣᠩᠭᠤᠨ ᠪᠤᠶᠢᠵᠢᠭᠤᠯᠤᠭᠰᠠᠨ ᠪᠤᠷᠴᠠᠭ ᠤᠨ ᠲᠦᠷᠦᠯ ᠤᠨ ᠡᠾᠧ ᠨᠦᠩ | 71 ᠨᠣᠮᠧᠷ ᠵᠡᠷᠭᠡ ᠳᠣᠮᠳᠠ ᠣᠷᠣᠢ ᠪᠤᠯᠪᠠᠰᠣᠷᠠᠬᠤ ᠲᠦᠷᠦᠯ ᠡᠬᠦᠯᠳᠡᠷ ᠢ ᠰᠣᠩᠭᠤᠨ᠎ᠠ᠃ | ︵ᠭᠤᠷᠪᠠ︶ ᠦᠷ᠎ᠡ ᠰᠠᠴᠤᠬᠤ ᠬᠤᠭᠤᠴᠠᠭ᠎ᠠ ᠪᠠᠨ ᠵᠦᠪ ᠣᠨᠣᠪᠴᠢᠲᠠᠢ ᠰᠣᠩᠭᠤᠨ᠎ᠠ᠃ ᠪᠤᠷᠤᠭᠠᠨ ᠬᠦᠯᠢᠶᠡᠬᠦ ᠪᠤᠶᠤ ᠴᠢᠬᠢᠭ ᠲᠠᠢ ᠳᠡᠭᠡᠷ᠎ᠡ ᠨᠢ ᠦᠷ᠎ᠡ | ᠰᠠᠴᠣᠨ᠎ᠠ᠃ ᠦᠷ᠎ᠡ ᠰᠠᠴᠤᠬᠤ ᠬᠤᠭᠤᠴᠠᠭ᠎ᠠ ᠪᠠᠨ 5 ᠰᠠᠷ᠎ᠠ ᠶᠢᠨ ᠡᠬᠢ ᠪᠤᠶᠤ ᠳᠣᠮᠳᠠᠴᠢ ᠪᠠᠷ ᠳᠣᠬᠢᠷᠠᠭᠤᠯᠤᠨ᠎ᠠ᠃ ᠦᠷ᠎ᠡ ᠪᠠᠨ ᠬᠡᠲᠦ ᠡᠷᠲᠡ ᠰᠠᠴᠣᠪᠠᠯ ᠳᠣᠣᠷ᠎ᠠ | ᠳᠣᠯᠠᠭᠠᠨ ᠠᠴᠠ ᠪᠤᠯᠵᠤ ᠴᠢᠬᠢᠯᠡᠬᠦ ᠶᠢ ᠨᠦᠯᠦᠬᠡᠯᠡᠬᠦ ᠮᠦᠷᠲᠡᠭᠡᠨ ᠡᠪᠡᠳᠴᠢᠨ ᠬᠤᠷᠤᠬᠠᠢ ᠶᠢᠨ ᠬᠦᠨᠦᠬᠡᠯ ᠳᠤ ᠣᠴᠠᠷᠠᠨ᠎ᠠ︔ ᠬᠡᠲᠦ ᠣᠷᠣᠢ ᠦᠷ᠎ᠡ ᠰᠠᠴᠣᠪᠠᠯ | ᠣᠨᠠᠯᠲᠠ ᠶᠢ ᠨᠦᠯᠦᠬᠡᠯᠡᠵᠦ᠂ ᠦᠷ᠎ᠡ ᠠᠰᠢᠭ ᠢ ᠳᠣᠷᠣᠭᠰᠢᠯᠠᠭᠤᠯᠤᠨ᠎ᠠ᠃ ᠴᠠᠭ ᠠᠭᠤᠷ ᠤᠨ ᠮᠡᠳᠡᠭᠡ ᠶᠢ ᠦᠨᠳᠦᠰᠦᠯᠡᠨ᠂ ᠪᠤᠷᠤᠭᠠᠨ ᠬᠦᠯᠢᠶᠡᠬᠦ ᠪᠤᠶᠤ ᠴᠢᠬᠢᠭ ᠲᠠᠢ | ᠳᠡᠭᠡᠷ᠎ᠡ ᠨᠢ ᠦᠷ᠎ᠡ ᠰᠠᠴᠣᠨ᠎ᠠ᠃ | ︵ᠳᠦᠷᠪᠡ︶ ᠨᠠᠷᠢᠯᠢᠭ ᠣᠨᠣᠪᠴᠢᠲᠠᠢ ᠪᠠᠷ ᠲᠠᠷᠢᠶ᠎ᠠ ᠠᠷᠠᠴᠢᠯᠠᠨ᠎ᠠ᠃ | 1. ᠣᠰᠣ ᠬᠢᠵᠠᠭᠠᠷᠯᠠᠵᠤ ᠬᠤᠷᠤᠭᠳᠠᠯ ᠢ ᠪᠠᠭᠠᠰᠬᠠᠨ᠂ ᠣᠰᠣᠨ ᠤ ᠬᠡᠷᠡᠭᠯᠡᠯᠲᠡ ᠶᠢ ᠪᠠᠭᠠᠰᠬᠠᠨ᠎ᠠ᠃ ᠲᠤᠰᠤᠯᠭᠠᠨ ᠣᠰᠣᠯᠠᠯᠲᠠ ᠪᠠᠷ ᠣᠰᠣᠯᠠᠯᠲᠠ ᠶᠢ | ᠣᠷᠣᠯᠠᠭᠤᠯᠬᠤ᠂ ᠣᠶᠣᠨᠴᠢᠯᠠᠭᠰᠠᠨ ᠲᠤᠰᠤᠯᠭᠠᠨ ᠣᠰᠣᠯᠠᠯᠲᠠ ᠪᠠᠷ ᠡᠩ ᠤᠨ ᠲᠤᠰᠤᠯᠭᠠᠨ ᠣᠰᠣᠯᠠᠯᠲᠠ ᠪᠠᠷ ᠣᠷᠣᠯᠠᠭᠤᠯᠬᠤ ᠶᠢ ᠲᠦᠷᠬᠡᠳᠬᠡᠨ᠎ᠡ᠃ ᠪᠦᠬᠦ | ᠬᠤᠰᠢᠭᠤᠨ ᠤ ᠭᠠᠵᠠᠷ ᠳᠣᠣᠷᠠᠬᠢ ᠣᠰᠣᠨ ᠤ ᠬᠡᠲᠦ ᠠᠰᠢᠭᠯᠠᠯᠲᠠ ᠶᠢᠨ ᠣᠷᠣᠨ ᠤ ᠬᠡᠷᠡᠭᠵᠢᠬᠦᠯᠬᠦ ᠲᠦᠰᠦᠯ ᠤᠨ ᠣᠰᠣ ᠬᠡᠷᠡᠭᠯᠡᠬᠦ ᠱᠠᠭᠠᠷᠳᠠᠯᠭ᠎ᠠ ᠶᠤᠰᠤᠭᠠᠷ᠂ ᠰᠢᠷ᠎ᠠ | ᠪᠤᠷᠴᠠᠭ ᠤᠨ ᠴᠢᠬᠢᠯᠡᠬᠦ ᠨᠤᠷᠮ᠎ᠠ᠂ ᠣᠨᠳᠣᠷᠣᠯᠲᠠ ᠶᠢᠨ ᠨᠣᠷᠮ᠎ᠠ ᠪᠠ ᠣᠨᠠᠯᠲᠠ ᠶᠢᠨ ᠬᠡᠮᠵᠢᠶ᠎ᠡ ᠶᠢ ᠪᠠᠲᠤᠯᠠᠬᠤ ᠶᠢᠨ ᠲᠤᠰᠠᠳᠠ᠂ ᠴᠢᠬᠢᠭ ᠤᠨ ᠪᠠᠶᠢᠳᠠᠯ ᠢ | ᠦᠨᠳᠦᠰᠦᠯᠡᠵᠦ ᠬᠠᠭᠤᠷᠠᠢ ᠲᠠᠷᠢᠶᠠᠯᠠᠭ᠎ᠠ ᠶᠢᠨ ᠰᠢᠷ᠎ᠠ ᠪᠤᠷᠴᠠᠭ ᠤᠨ ᠣᠷᠭᠤᠯᠲᠠ ᠶᠢᠨ ᠬᠤᠭᠤᠴᠠᠭᠠᠨ ᠳᠤ 3 ᠣᠳᠠᠭ᠎ᠠ ᠴᠠᠭ ᠬᠢᠵᠠᠭᠠᠷᠯᠠᠨ ᠣᠰᠣᠯᠠᠵᠤ᠂ ᠲᠤᠰ ᠲᠤᠰ | ᠰᠢᠷ᠎ᠠ ᠪᠤᠷᠴᠠᠭ ᠤᠨ ᠦᠷ᠎ᠡ ᠰᠠᠴᠣᠬᠤ ᠬᠤᠭᠤᠴᠠᠭ᠎ᠠ᠂ ᠴᠡᠴᠡᠭᠯᠡᠬᠦ ᠬᠤᠭᠤᠴᠠᠭ᠎ᠠ᠂ ᠬᠤᠩᠭᠤᠷᠴᠠᠭᠯᠠᠬᠤ ᠬᠤᠭᠤᠴᠠᠭ᠎ᠠ ᠳᠤ ᠣᠰᠣᠯᠠᠨ᠂ ᠣᠳᠠᠭ᠎ᠠ ᠪᠦᠷᠢ ᠶᠢᠨ | ᠣᠰᠣᠯᠠᠯᠲᠠ ᠶᠢᠨ ᠬᠡᠮᠵᠢᠶ᠎ᠡ ᠨᠢ ᠮᠣ᠋ ᠨᠢᠭᠡᠪᠦᠷᠢ ᠶᠢᠨ 20 ᠺᠦᠪ ᠮᠧᠲᠷ ᠣᠷᠴᠢᠮ᠂ ᠪᠦᠬᠦ ᠣᠷᠭᠤᠴᠠ ᠶᠢᠨ ᠬᠤᠭᠤᠴᠠᠭᠠᠨ ᠳᠤ 60 ᠺᠦᠪ ᠮᠧᠲᠷ/ ᠮᠣ᠋ | ᠣᠰᠣᠯᠠᠨ᠎ᠠ᠃ | 2. ᠪᠤᠷᠳᠣᠭᠤᠷ ᠢ ᠬᠢᠵᠠᠭᠠᠷᠯᠠᠨ ᠦᠷ᠎ᠡ ᠠᠰᠢᠭ ᠢ ᠳᠡᠭᠡᠭᠰᠢᠯᠡᠬᠦᠯᠵᠦ᠂ ᠬᠢᠮᠢ ᠶᠢᠨ ᠪᠤᠷᠳᠣᠭᠤᠷ ᠣᠷᠣᠭᠤᠯᠬᠤ ᠬᠡᠮᠵᠢᠶ᠎ᠡ ᠶᠢ ᠪᠠᠭᠠᠰᠬᠠᠨ᠎ᠠ᠃ ᠣᠷᠭᠠᠨᠢᠭ | ᠪᠤᠷᠳᠣᠭᠤᠷ ᠢᠶᠠᠷ ᠬᠢᠮᠢ ᠶᠢᠨ ᠪᠤᠷᠳᠣᠭᠤᠷ ᠢ ᠣᠷᠣᠯᠠᠭᠤᠯᠬᠤ᠂ ᠪᠤᠷᠳᠣᠭᠤᠷ ᠣᠷᠣᠭᠤᠯᠬᠤ ᠠᠷᠭ᠎ᠠ ᠮᠠᠶ᠋ᠢᠭ ᠢ ᠦᠬᠡᠷᠡᠴᠢᠯᠡᠬᠦ᠂ ᠪᠣᠷᠳᠣᠭᠤᠷ ᠣᠷᠣᠭᠤᠯᠬᠤ ᠪᠦᠲᠦᠴᠡ | ᠶᠢ ᠲᠤᠬᠢᠷᠠᠭᠤᠯᠬᠤ ᠵᠡᠷᠭᠡ ᠶᠠᠷᠦᠩᠬᠡᠶᠢᠯᠡᠭᠰᠡᠨ ᠠᠷᠭ᠎ᠠ ᠠᠪᠴᠠᠯ ᠢ ᠠᠪᠴᠣ᠂ ᠬᠠᠭᠤᠷᠠᠢ ᠲᠠᠷᠢᠶᠠᠯᠠᠭ᠎ᠠ ᠶᠢᠨ ᠰᠢᠷ᠎ᠠ ᠪᠤᠷᠴᠠᠭ ᠤᠨ ᠦᠢᠯᠡᠳᠪᠦᠷᠢᠯᠡᠯ ᠢ ᠠᠬᠢᠭᠤᠯᠬᠤ | ᠳᠣᠮᠳᠠ ᠬᠢᠮᠢ ᠶᠢᠨ ᠪᠤᠷᠳᠣᠭᠤᠷ ᠤᠨ ᠬᠡᠷᠡᠭᠯᠡᠯᠲᠡ ᠶᠢᠨ ᠬᠡᠮᠵᠢᠶ᠎ᠡ ᠶᠢ ᠪᠠᠭᠠᠰᠬᠠᠨ᠎ᠠ᠃ ᠬᠠᠮᠢᠶ᠎ᠠ ᠪᠦᠬᠦᠢ ᠲᠦᠷᠦ ᠶᠢᠨ ᠪᠤᠳᠣᠯᠭ᠎ᠠ ᠶᠢᠨ ᠴᠢᠨᠠᠷᠲᠠᠢ ᠲᠦᠷᠦᠯ ᠵᠦᠢᠯ ᠤᠨ | ᠬᠡᠷᠡᠭᠵᠢᠬᠦᠯᠦᠯᠲᠡ ᠲᠠᠢ ᠤᠶᠠᠯᠳᠣᠭᠤᠯᠣᠨ᠂ ᠣᠷᠭᠠᠨᠢᠭ ᠪᠤᠷᠳᠣᠭᠤᠷ ᠨᠡᠮᠡᠵᠦ ᠤᠷᠤᠭᠤᠯᠬᠤ᠂ ᠡᠰᠢ ᠰᠦᠷᠡᠯ᠂ ᠨᠣᠭᠤᠭᠠᠨ ᠪᠤᠷᠳᠣᠭᠤᠷ ᠢ ᠲᠠᠷᠢᠶᠠᠨ ᠳᠤ ᠪᠤᠴᠠᠭᠠᠬᠤ᠂ | ᠬᠦᠨ ᠬᠠᠭᠠᠯᠪᠤᠷᠢᠯᠠᠬᠤ ᠲᠠᠯᠠᠪᠠᠢ ᠶᠢ ᠦᠷᠬᠡᠳᠬᠡᠵᠦ᠂ ᠬᠦᠷᠦᠰᠦ ᠰᠢᠷᠤᠢ ᠶᠢᠨ ᠣᠷᠭᠠᠨᠢᠭ ᠴᠢᠨᠠᠷ ᠢ ᠲᠠᠰᠣᠷᠠᠯᠲᠠ ᠦᠬᠡᠢ ᠨᠡᠮᠡᠭᠳᠡᠬᠦᠯᠦᠨ᠂ ᠬᠦᠷᠦᠰᠦ ᠰᠢᠷᠤᠢ ᠶᠢᠨ | ᠹᠢᠽᠢᠺ ᠬᠢᠮᠢ ᠶᠢᠨ ᠴᠢᠳᠠᠪᠬᠢ ᠶᠢ ᠰᠠᠶᠢᠵᠢᠷᠠᠭᠤᠯᠵᠤ᠂ ᠪᠤᠷᠳᠣᠭᠤᠷ ᠪᠤᠯᠪᠠᠰᠣᠷᠠᠭᠤᠯᠤᠨ ᠭᠠᠵᠠᠷ ᠤᠨ ᠬᠦᠴᠦ ᠶᠢ ᠨᠡᠮᠡᠭᠳᠡᠬᠦᠯᠦᠨ᠎ᠡ᠃ ᠡᠮᠦᠨ᠎ᠡ ᠬᠤᠭᠤᠴᠠᠭᠠᠨ ᠳᠤ | ᠣᠷᠭᠤᠴᠠ ᠨᠢ ᠰᠠᠶᠢᠨ᠂ ᠶᠡᠬᠡᠪᠡᠷ ᠢᠭᠴᠤᠷᠠᠨ ᠣᠷᠭᠤᠬᠤ ᠬᠠᠨᠳᠦᠰᠢ ᠲᠠᠢ ᠲᠠᠷᠢᠶᠠᠨ ᠭᠠᠵᠠᠷ ᠲᠤ ᠴᠡᠴᠡᠭ ᠳᠡᠯᠭᠡᠷᠡᠬᠦ ᠠᠴᠠ ᠡᠮᠦᠨ᠎ᠡ ᠬᠤᠭᠤᠷᠠᠵᠤ ᠣᠨᠠᠬᠤ ᠠᠴᠠ | ᠰᠡᠷᠬᠡᠶᠢᠯᠡᠬᠦ ᠮᠡᠷᠭᠡᠵᠢᠯ ᠢ ᠬᠡᠷᠡᠭᠯᠡᠵᠦ᠂ ᠵᠢᠱᠢᠶᠡᠯᠡᠪᠡᠯ ᠣᠯᠠᠨ ᠦᠢᠯᠡᠳᠦᠯᠲᠦ ᠤᠺᠠᠰᠠᠽᠤᠯ᠂ ᠰᠦᠸᠧ ᠵᠢᠶᠧ ᠠᠨ᠂ ᠪᠤᠭᠤᠨᠢᠰᠢᠷᠠᠭᠤᠯᠬᠤ ᠡᠳ᠋ ᠵᠡᠷᠭᠡ ᠬᠢᠵᠠᠭᠠᠷᠯᠠᠬᠤ | ᠡᠮ ᠢ 1 — 2 ᠣᠳᠠᠭ᠎ᠠ ᠰᠦᠷᠴᠢᠨ᠂ ᠭᠠᠵᠠᠷ ᠳᠡᠭᠡᠷᠡᠬᠢ ᠬᠡᠰᠡᠭ ᠤᠨ ᠣᠷᠭᠤᠴᠠ ᠶᠢ ᠬᠢᠵᠠᠭᠠᠷᠯᠠᠵᠤ᠂ ᠦᠨᠳᠦᠰᠦᠨ ᠤ ᠪᠤᠶᠢᠵᠢᠯᠲᠠ ᠶᠢ ᠠᠬᠢᠭᠤᠯᠤᠨ᠎ᠠ᠃ ᠰᠠᠭᠤᠷᠢ | ᠪᠤᠷᠳᠣᠭᠤᠷ ᠢ ᠬᠦᠢᠴᠡᠳ ᠣᠷᠣᠭᠤᠯᠣᠭᠰᠠᠨ ᠰᠠᠭᠤᠷᠢᠨ ᠳᠡᠭᠡᠷ᠎ᠡ᠂ ᠰᠢᠷ᠎ᠠ ᠪᠤᠷᠴᠠᠭ ᠴᠡᠴᠡᠭᠯᠡᠬᠦ ᠡᠮᠦᠨ᠎ᠡ ᠬᠤᠶᠢᠨ᠎ᠠ ᠬᠤᠭᠤᠴᠠᠭ᠎ᠠ ᠮᠤ᠋ ᠨᠢᠭᠡᠪᠦᠷᠢ ᠳᠤ ᠰᠢᠷ᠎ᠠ ᠪᠤᠷᠴᠠᠭ | ᠤᠨ ᠲᠤᠰᠬᠠᠢ ᠪᠣᠷᠳᠣᠭᠤᠷ ᠪᠤᠶᠤ ᠬᠤᠯᠢᠮᠠᠭ ᠪᠤᠷᠳᠣᠭᠤᠷ ᠢ 10 ᠺᠢᠯᠣᠭ᠍ᠷᠠᠮ ᠣᠷᠣᠭᠤᠯᠣᠨ᠎ᠠ᠃ ᠰᠢᠷ᠎ᠠ ᠪᠤᠷᠴᠠᠭ ᠤᠨ ᠣᠷᠭᠤᠯᠲᠠ ᠶᠢᠨ ᠳᠣᠮᠳᠠ ᠬᠤᠶᠢᠨ᠎ᠠ | ᠬᠤᠭᠤᠴᠠᠭ᠎ᠠ ᠹᠣᠰᠹᠣᠷ ᠬᠦᠴᠢᠯ ᠤᠨ ᠬᠤᠶᠠᠷ ᠣᠰᠣᠳᠦ᠋ᠷᠦᠭᠴᠢᠲᠦ ᠺᠠᠯᠢ᠂ ᠶᠧ ᠮᠢᠶᠡᠨ ᠪᠣᠣ᠂ ᠮᠸᠢ ᠵᠸᠤ ᠰᠢᠩ ᠵᠡᠷᠭᠡ ᠨᠠᠪᠴᠢᠨ ᠪᠣᠷᠳᠣᠭᠤᠷ ᠢ ᠰᠦᠷᠴᠢᠵᠦ | ᠣᠷᠣᠭᠤᠯᠣᠨ᠂ ᠣᠷᠭᠤᠮᠠᠯ ᠤᠨ ᠡᠷᠲᠡ ᠮᠠᠭᠤᠳᠠᠬᠤ ᠶᠢ ᠰᠡᠷᠭᠡᠶᠢᠯᠡᠵᠦ᠂ ᠮᠦᠬᠦᠯᠢᠭ ᠤᠨ ᠬᠦᠨᠳᠦᠴᠡ ᠶᠢ ᠨᠡᠮᠡᠭᠳᠡᠬᠦᠯᠦᠨ᠎ᠡ᠃ | 3. ᠲᠠᠷᠢᠶᠠᠯᠠᠩ ᠤᠨ ᠡᠮ ᠢ ᠬᠢᠵᠠᠭᠠᠷᠯᠠᠨ ᠬᠤᠤᠷ ᠬᠦᠨᠦᠬᠡᠯ ᠢ ᠪᠠᠭᠠᠰᠬᠠᠵᠤ᠂ ᠲᠠᠷᠢᠶᠠᠯᠠᠩ ᠤᠨ ᠡᠮ ᠤᠨ ᠬᠡᠷᠡᠭᠯᠡᠬᠦ ᠬᠡᠮᠵᠢᠶ᠎ᠡ ᠶᠢ ᠪᠠᠭᠠᠰᠬᠠᠨ᠎ᠠ᠃ ᠡᠮ ᠤᠨ | ᠲᠤᠨᠤᠭ ᠳᠦᠬᠦᠬᠡᠷᠦᠮᠵᠢ ᠶᠢ ᠰᠠᠶᠢᠵᠢᠷᠠᠭᠤᠯᠵᠤ᠂ ᠣᠷᠭᠤᠴᠠ ᠬᠠᠮᠠᠭᠠᠯᠠᠯᠲᠠ ᠶᠢᠨ ᠦᠢᠯᠡᠴᠢᠯᠡᠬᠡᠨ ᠤ ᠨᠡᠶᠢᠬᠡᠮᠴᠢᠯᠡᠭᠰᠡᠨ ᠦᠢᠯᠡᠴᠢᠯᠡᠭᠡ ᠶᠢ ᠴᠢᠩᠭᠠᠳᠬᠠᠨ᠂ | ᠨᠢᠬᠡᠳᠦᠯᠲᠡᠢ ᠰᠡᠷᠬᠡᠶᠢᠯᠡᠵᠦ ᠨᠢᠭᠡᠳᠦᠯᠲᠡᠢ ᠵᠠᠰᠠᠬᠤ ᠪᠠ ᠰᠢᠨᠵᠢᠯᠡᠬᠦ ᠤᠬᠠᠭᠠᠨᠴᠢ ᠰᠡᠷᠬᠡᠶᠢᠯᠡᠨ ᠡᠵᠡᠮᠳᠡᠯ ᠢ ᠢᠳᠡᠪᠬᠢᠲᠡᠢ ᠪᠠᠷ ᠦᠷᠨᠢᠬᠦᠯᠵᠦ᠂ ᠲᠠᠷᠢᠶᠠᠯᠠᠩ ᠤᠨ ᠮᠡᠷᠭᠡᠵᠢᠯ | ᠤᠨ ᠡᠮ ᠤᠨ ᠬᠡᠷᠡᠭᠯᠡᠯᠲᠡ ᠶᠢ ᠪᠠᠭᠠᠰᠬᠠᠬᠤ ᠬᠢᠷᠢ ᠳᠦᠪᠰᠢᠨ ᠢ ᠲᠠᠰᠣᠷᠠᠯᠲᠠ ᠦᠬᠡᠢ ᠳᠡᠭᠡᠭᠰᠢᠯᠡᠬᠦᠯᠦᠨ᠎ᠡ᠃ ᠦᠨᠳᠦᠷ ᠪᠦᠲᠦᠮᠵᠢᠲᠦ ᠠᠮᠢᠳᠣ ᠪᠣᠳᠠᠰ ᠤᠨ ᠲᠠᠷᠢᠶᠠᠯᠠᠩ | ᠤᠨ ᠡᠮ ᠢ ᠲᠦᠬᠡᠮᠡᠯᠵᠢᠬᠦᠯᠦᠨ᠂ ᠲᠠᠷᠢᠶᠠᠯᠠᠩ ᠤᠨ ᠬᠢᠮᠢ ᠶᠢᠨ ᠡᠮ ᠤᠨ ᠬᠡᠷᠡᠭᠯᠡᠯᠲᠡ ᠶᠢᠨ ᠬᠡᠮᠵᠢᠶ᠎ᠡ ᠶᠢ ᠪᠠᠭᠠᠰᠬᠠᠨ᠎ᠠ᠃ ᠰᠢᠷ᠎ᠠ ᠪᠤᠷᠴᠠᠭ ᠤᠨ ᠡᠪᠡᠳᠴᠢᠨ ᠬᠤᠷᠤᠬᠠᠢ | ᠶᠢᠨ ᠬᠦᠨᠦᠬᠡᠯ ᠢ ᠬᠢᠨᠠᠨ ᠡᠵᠡᠮᠳᠡᠬᠦ ᠣᠷᠢᠳᠴᠢᠯᠠᠨ ᠰᠡᠷᠡᠮᠵᠢᠯᠡᠬᠦᠯᠬᠦ ᠰᠢᠰᠲ᠋ᠧᠮ ᠢ ᠪᠠᠶᠢᠭᠤᠯᠤᠨ ᠳᠡᠭᠦᠯᠳᠡᠷᠵᠢᠬᠦᠯᠵᠦ᠂ ᠲᠤᠭᠠᠴᠠᠯᠠᠭᠰᠠᠨ ᠮᠡᠳᠡᠭᠡ ᠵᠠᠩᠭᠢᠴᠢᠯᠠᠯᠲᠠ ᠶᠢᠨ | ᠮᠡᠷᠭᠡᠵᠢᠯ ᠢ ᠬᠡᠷᠡᠭᠯᠡᠵᠦ ᠪᠤᠳᠠᠰ ᠤᠨ ᠰᠦᠯᠵᠢᠶᠡᠨ ᠤ ᠠᠦ᠋ᠲ᠋ᠤ᠋ ᠢᠶᠠᠷ ᠬᠢᠨᠠᠨ ᠡᠵᠡᠮᠳᠡᠬᠦ ᠲᠤᠤᠷ ᠢ ᠪᠠᠶᠢᠭᠤᠯᠤᠨ᠎ᠠ᠃ ᠣᠷᠢᠳᠴᠢᠯᠠᠨ ᠰᠡᠷᠡᠮᠵᠢᠯᠡᠬᠦᠯᠬᠦ ᠲᠠᠢ | ᠣᠶᠠᠯᠳᠣᠭᠤᠯᠵᠦ ᠰᠢᠨᠵᠢᠯᠡᠬᠦ ᠤᠬᠠᠭᠠᠨᠴᠢ ᠪᠠᠷ ᠰᠡᠷᠬᠡᠶᠢᠯᠡᠨ ᠡᠵᠡᠮᠳᠡᠵᠦ᠂ ᠲᠠᠷᠢᠭᠴᠢ ᠭᠤᠤᠯ ᠴᠤᠭᠴᠠ ᠶᠢ ᠵᠢᠯᠤᠭᠤᠳᠤᠨ ᠵᠦᠢ ᠵᠤᠬᠢᠰᠲᠠᠢ ᠪᠠᠷ ᠡᠮ ᠬᠡᠷᠡᠭᠯᠡᠵᠦ᠂ ᠡᠮ | ᠬᠡᠷᠡᠭᠯᠡᠬᠦ ᠬᠡᠮᠵᠢᠶ᠎ᠡ ᠶᠢ ᠠᠯᠢ ᠪᠤᠯᠬᠤᠶᠢᠴᠠ ᠪᠠᠭᠠᠰᠬᠠᠨ᠎ᠠ᠃ ᠬᠠᠷ᠎ᠠ ᠬᠦᠷᠡᠩ ᠳ᠋ᠧᠩ᠂ ᠪᠡᠯᠭᠡ ᠶᠢᠨ ᠦᠲᠦᠭᠡᠯᠭᠡ ᠶᠢᠨ ᠡᠳ᠋᠂ ᠬᠤᠷᠤᠬᠠᠢ ᠨᠠᠭᠠᠯᠳᠣᠭᠤᠯᠬᠤ ᠬᠠᠪᠲᠠᠰᠣ | ᠵᠢᠴᠢ ᠢᠳᠡᠭᠡᠨ ᠢᠶᠠᠷ ᠦᠲᠦᠬᠡᠯᠬᠡᠬᠦ ᠡᠳ᠋ ᠵᠡᠷᠭᠡ ᠳᠦᠷᠪᠡᠨ ᠵᠦᠢᠯ ᠤᠨ ᠮᠡᠷᠭᠡᠵᠢᠯ ᠢ ᠰᠣᠩᠭᠤᠨ ᠭᠡᠷᠡᠭᠯᠡᠵᠦ ᠪᠣᠬᠢᠷᠳᠣᠯ ᠦᠬᠡᠢ ᠰᠡᠷᠬᠡᠶᠢᠯᠡᠨ ᠡᠵᠡᠮᠳᠡᠯ ᠢ ᠦᠷᠨᠢᠬᠦᠯᠦᠨ | ᠂ ᠬᠤᠷᠤᠬᠠᠢ ᠶᠢᠨ ᠢᠵᠠᠭᠤᠷ ᠦᠨᠳᠦᠰᠦᠨ ᠤ ᠰᠠᠭᠤᠷᠢ ᠲᠤᠭ᠎ᠠ ᠶᠢ ᠳᠣᠷᠣᠭᠰᠢᠯᠠᠭᠤᠯᠤᠨ᠎ᠠ᠃ ᠰᠢᠷ᠎ᠠ ᠪᠤᠷᠴᠠᠭ ᠤᠨ ᠡᠷᠡᠭᠦᠯ ᠣᠷᠭᠤᠴᠠ ᠶᠢ ᠪᠠᠲᠤᠯᠠᠬᠤ ᠳᠤ | ᠣᠨᠴᠠᠭᠠᠶᠢᠯᠠᠨ ᠰᠢᠷ᠎ᠠ ᠪᠤᠷᠴᠠᠭ ᠤᠨ ᠪᠤᠷᠭᠤᠢ ᠬᠤᠷᠤᠬᠠᠢ ᠶᠢ ᠰᠡᠷᠬᠡᠶᠢᠯᠡᠨ ᠵᠠᠰᠠᠬᠤ ᠶᠢ ᠠᠩᠬᠠᠷᠴᠤ᠂ ᠰᠢᠪᠡᠵᠢ ᠪᠤᠯᠬᠤ ᠬᠤᠭᠤᠴᠠᠭᠠᠨ ᠳᠤ 2.5% ᠶᠢᠨ ᠯᠣ᠋ ᠴᠢᠩ | ᠵᠢᠦᠢ ᡁᠢ ᠲᠤᠰᠤ ᠶᠢ 20ml — 30ml/ᠮᠣ᠋ ᠬᠡᠷᠡᠭᠯᠡᠨ᠂ 25kg ᠣᠰᠣ ᠬᠤᠯᠢᠨ ᠰᠦᠷᠴᠢᠵᠦ ᠰᠡᠷᠬᠡᠶᠢᠯᠡᠨ ᠵᠠᠰᠠᠨ᠎ᠠ᠃ ᠰᠢᠷ᠎ᠠ ᠪᠤᠷᠴᠠᠭ ᠤᠨ ᠰᠫᠣᠷ ᠤᠨ | ᠪᠦᠷᠬᠦᠬᠦᠯ ᠤᠨ ᠣᠲᠠᠰᠣᠯᠢᠭ ᠬᠤᠷᠤᠬᠠᠢ ᠶᠢᠨ ᠡᠪᠡᠳᠴᠢᠨ᠂ ᠦᠨᠳᠦᠰᠦ ᠢᠯᠵᠢᠷᠡᠬᠦ ᠡᠪᠡᠳᠴᠢᠨ ᠢ 62.5g/l ᠵᠢᠩ ᠵᠢᠶᠠ · ᠯᠦᠸᠧ ᠵᠢᠶᠦ᠋ᠨ ᠴᠢᠩ ᠬᠦᠪᠦᠮᠡᠯ | ᠡᠳ᠋ ᠢ 300ml — 400ml ᠬᠢᠭᠰᠡᠨ ᠤ ᠳᠠᠷᠠᠭ᠎ᠠ 100kg ᠦᠷ᠎ᠡ ᠵᠠᠮᠣᠷᠴᠣ ᠰᠡᠷᠬᠡᠶᠢᠯᠡᠨ ᠵᠠᠰᠠᠨ᠎ᠠ᠃ | ︵ᠲᠠᠪᠤ︶ ᠲᠤᠬᠢᠷᠠᠮᠵᠢᠲᠠᠢ ᠬᠤᠭᠤᠴᠠᠭᠠᠨ ᠳᠤ ᠬᠤᠷᠢᠶᠠᠨ᠎ᠠ᠃ ᠰᠢᠷ᠎ᠠ ᠪᠤᠷᠴᠠᠭ ᠪᠦᠷᠢᠮᠣᠰᠣᠨ ᠪᠤᠯᠪᠠᠰᠣᠷᠠᠭᠰᠠᠨ ᠤ ᠳᠠᠷᠠᠭ᠎ᠠ ᠴᠠᠭ ᠲᠤᠬᠠᠢ ᠳᠤᠨᠢ ᠬᠤᠷᠢᠶᠠᠨ᠎ᠠ᠂ | ᠰᠢᠷ᠎ᠠ ᠪᠤᠷᠴᠠᠭ ᠢ ᠶᠡᠷᠦ ᠳᠤ ᠪᠠᠨ 9 ᠰᠠᠷ᠎ᠠ ᠶᠢᠨ ᠰᠡᠬᠦᠯᠴᠢ ᠠᠴᠠ 10 ᠰᠠᠷ᠎ᠠ ᠶᠢᠨ ᠡᠬᠢᠨ ᠢᠶᠠᠷ ᠬᠤᠷᠢᠶᠠᠨ᠎ᠠ᠂ ᠨᠠᠪᠴᠢ ᠪᠦᠬᠦᠨ ᠢᠶᠠᠷ ᠤᠨᠠᠵᠤ᠂ ᠮᠦᠬᠦᠯᠢᠭ ᠨᠢ | ᠲᠤᠰ ᠲᠦᠷᠦᠯ ᠡᠬᠦᠯᠳᠡᠷ ᠤᠨ ᠦᠩᠭᠡ ᠣᠷᠣᠨ᠂ ᠣᠰᠣ ᠠᠭᠤᠯᠬᠤ ᠬᠡᠮᠵᠢᠶ᠎ᠡ 16% ᠠᠴᠠ ᠳᠣᠣᠷ᠎ᠠ ᠪᠤᠯᠬᠤ ᠦᠶᠡᠰ᠂ ᠮᠠᠰᠢᠨ ᠢᠶᠠᠷ ᠬᠤᠷᠢᠶᠠᠵᠦ ᠪᠤᠯᠤᠨ᠎ᠠ᠃ | ᠬᠠᠲᠤᠵᠤ ᠬᠤᠷᠢᠶᠠᠬᠤ ᠮᠠᠰᠢᠨ ᠳᠤ ᠰᠢᠷ᠎ᠠ ᠪᠤᠷᠴᠠᠭ ᠬᠤᠷᠢᠶᠠᠬᠤ ᠲᠤᠰᠬᠠᠢ ᠬᠠᠲᠤᠬᠤ ᠲᠠᠶᠢᠰᠠ ᠪᠠᠶᠢᠷᠢᠯᠠᠭᠤᠯᠤᠭᠰᠠᠨ ᠪᠤᠶᠤ ᠪᠤᠭᠤᠳᠠᠢ ᠬᠠᠳᠣᠵᠣ ᠬᠤᠷᠢᠶᠠᠬᠤ ᠮᠠᠰᠢᠨ | ᠤ ᠬᠠᠳᠣᠬᠤ ᠳᠠᠶᠢᠰᠠ ᠶᠢᠨ ᠦᠨᠳᠦᠷ ᠢ ᠳᠣᠷᠣᠭᠰᠢᠯᠠᠭᠤᠯᠵᠤ᠂ ᠡᠩ ᠤᠨ ᠬᠠᠳᠣᠬᠤ ᠳᠠᠶᠢᠰᠠ ᠶᠢᠨ ᠦᠨᠳᠦᠷ ᠢ 17cm ᠠᠴᠠ ᠳᠠᠪᠠᠭᠤᠯᠵᠤ ᠪᠤᠯᠬᠤ ᠦᠬᠡᠢ᠂ | ᠴᠢᠬᠢ ᠦᠭᠳᠡᠭᠡᠭᠦ ᠬᠦᠷᠳᠦ ᠶᠢᠨ ᠬᠤᠷᠳᠣᠴᠠ ᠶᠢ ᠪᠠᠭᠤᠷᠠᠭᠤᠯᠤᠨ᠂ ᠴᠢᠬᠢ ᠦᠭᠳᠡᠭᠡᠭᠦ ᠬᠦᠷᠳᠦ ᠶᠢᠨ ᠤᠷᠭᠤᠮᠠᠯ ᠵᠤᠳᠤᠬᠤ ᠬᠦᠴᠦ ᠶᠢ ᠬᠦᠩᠭᠡᠷᠡᠬᠦᠯᠵᠦ᠂ | ᠪᠤᠭᠤᠷᠴᠠᠭ ᠤᠨᠠᠬᠤ᠂ ᠮᠦᠬᠦᠯᠢᠭ ᠨᠢ ᠣᠨᠠᠬᠤ ᠬᠤᠬᠢᠷᠠᠯ ᠢ ᠪᠠᠭᠠᠰᠬᠠᠨ᠎ᠠ᠃ ᠮᠦᠬᠦᠯᠢᠭ ᠤᠨᠠᠭᠠᠬᠤ ᠦᠩᠭᠦᠷᠢᠯ ᠤᠨ ᠡᠷᠬᠢᠯᠲᠡ ᠶᠢᠨ ᠬᠤᠷᠳᠣᠴᠠ ᠪᠠ ᠣᠷᠣᠨ ᠵᠠᠢ ᠶᠢ | ᠵᠦᠪ ᠰᠣᠩᠭᠤᠵᠣ ᠲᠤᠬᠢᠷᠠᠭᠤᠯᠤᠨ᠂ ᠮᠦᠬᠦᠯᠢᠭ ᠤᠨᠠᠭᠠᠬᠤ ᠦᠩᠭᠦᠷᠢᠯ ᠤᠨ ᠡᠷᠬᠢᠯᠲᠡ ᠶᠢᠨ ᠬᠤᠷᠳᠣᠴᠠ ᠶᠢ ᠰᠣᠩᠭᠤᠬᠤ ᠳᠤ ᠴᠡᠪᠡᠷ ᠤᠨᠠᠭᠠᠬᠤ ᠪᠠ ᠳᠦᠭᠵᠢᠷᠡᠬᠦ | ᠦᠬᠡᠢ ᠪᠠᠷ ᠵᠠᠷᠴᠢᠮ ᠪᠤᠯᠭᠠᠨ᠂ ᠮᠦᠬᠦᠯᠢᠭ ᠤᠨᠠᠭᠠᠬᠤ ᠣᠷᠣᠨ ᠵᠠᠢ ᠨᠢ ᠰᠠᠯᠤᠭᠰᠠᠨ ᠪᠤᠷᠴᠠᠭ ᠤᠨ ᠡᠰᠢᠨ ᠳᠤ ᠮᠦᠬᠦᠯᠢᠭ ᠦᠯᠡᠳᠡᠬᠦ ᠦᠬᠡᠢ ᠣᠷᠢᠳᠠᠯ ᠨᠦᠬᠦᠴᠡᠯ | ᠳᠣᠣᠷ᠎ᠠ ᠠᠯᠢ ᠴᠢᠳᠠᠬᠤ ᠪᠠᠷ ᠶᠡᠭᠡ ᠪᠤᠯᠭᠠᠵᠤ᠂ ᠰᠢᠷ᠎ᠠ ᠪᠤᠷᠴᠠᠭ ᠤᠨ ᠮᠦᠬᠦᠯᠢᠭ ᠤᠨ ᠰᠣᠶᠢᠳᠬᠦ ᠨᠣᠷᠮ᠎ᠠ ᠶᠢ ᠳᠣᠷᠣᠭᠰᠢᠯᠠᠭᠤᠯᠤᠨ᠎ᠠ᠃ ᠮᠠᠰᠢᠨ ᠢᠶᠠᠷ ᠬᠤᠷᠢᠶᠠᠬᠤ ᠳᠤ | ᠰᠢᠬᠦᠳᠡᠷᠢ ᠲᠠᠢ ᠦᠶᠡᠰ ᠬᠤᠷᠢᠶᠠᠬᠤ ᠠᠴᠠ ᠵᠠᠶᠢᠯᠠᠰᠬᠢᠨ᠂ ᠮᠦᠬᠦᠯᠢᠭ ᠳᠤ ᠰᠢᠪᠡᠷ ᠰᠢᠷᠤᠢ ᠨᠠᠭᠠᠯᠳᠣᠬᠤ ᠠᠴᠠ ᠰᠡᠷᠬᠡᠶᠢᠯᠡᠵᠦ᠂ ᠭᠠᠳᠠᠷ ᠳᠦᠷᠬᠦ ᠶᠢᠨ ᠶᠠᠰᠣ ᠴᠢᠨᠠᠷ ᠢ | ᠨᠦᠯᠦᠬᠡᠯᠡᠬᠦ ᠠᠴᠠ ᠬᠢᠴᠢᠶᠡᠨ᠎ᠡ᠃ | ᠭᠤᠷᠪᠠ᠂ ᠠᠮᠣ ᠶᠢᠨ ᠦᠨᠳᠦᠷ ᠤᠨᠠᠯᠲᠠ ᠣᠯᠬᠤ ᠣᠷᠭᠤᠭᠤᠯᠵᠣ ᠵᠠᠶᠢᠯᠠᠬᠤ ᠮᠡᠷᠭᠡᠵᠢᠯ ᠤᠨ ᠳᠦᠷᠢᠮ | ᠠᠮᠤ ᠪᠤᠯ ᠦᠶᠡᠲᠦ ᠲᠠᠷᠢᠶᠠᠨ ᠤ ᠲᠦᠷᠦᠯ ᠤᠨ ᠲᠠᠷᠢᠮᠠᠯ ᠤᠨ ᠪᠦᠲᠦᠬᠡᠭᠳᠡᠬᠦᠨ ᠤ ᠲᠤᠲᠤᠷᠠᠬᠢ ᠬᠠᠮᠤᠭ ᠤᠨ ᠪᠠᠭ᠎ᠠ ᠣᠰᠣ ᠵᠠᠷᠤᠴᠠᠭᠤᠯᠬᠤ ᠲᠠᠷᠢᠮᠠᠯ ᠪᠤᠯᠤᠨ᠎ᠠ᠂ | ᠳᠡᠭᠦᠨ ᠤ ᠡᠪᠡᠳᠴᠢᠨ ᠬᠤᠷᠤᠬᠠᠢ᠂ ᠬᠤᠵᠢᠷᠯᠢᠭ᠂ ᠳᠠᠴᠢᠷ ᠭᠠᠵᠠᠷ ᠲᠤ ᠳᠠᠭᠠᠭᠠᠴᠠᠲᠠᠢ ᠵᠡᠷᠭᠡ ᠣᠨᠴᠠᠯᠢᠭ ᠨᠢ ᠲᠠᠷᠢᠮᠠᠯ ᠤᠨ ᠳᠣᠮᠳᠠ ᠨᠡᠯᠢᠶᠡᠳ ᠬᠤᠪᠤᠷ ᠪᠤᠯᠬᠤ | ᠶᠤᠮ᠂ ᠭᠠᠵᠠᠷ ᠳᠣᠣᠷᠠᠬᠢ ᠣᠰᠣᠨ ᠤ ᠬᠡᠲᠦ ᠠᠰᠢᠭᠯᠠᠯᠲᠠ ᠶᠢᠨ ᠣᠷᠣᠨ ᠤ ᠵᠠᠰᠠᠯᠲᠠ᠂ ᠲᠠᠷᠢᠶᠠᠯᠠᠬᠤ ᠦᠢᠯᠡᠰ ᠤᠨ ᠪᠦᠲᠦᠴᠡ ᠶᠢᠨ ᠲᠤᠬᠢᠷᠠᠭᠤᠯᠤᠯᠲᠠ ᠶᠢᠨ ᠠᠬᠤᠢ | ᠪᠠᠶᠢᠳᠠᠯ ᠳᠣᠣᠷ᠎ᠠ᠂ ᠠᠮᠤ ᠶᠢᠨ ᠲᠠᠷᠢᠮᠠᠯ ᠢ ᠬᠦᠭᠵᠢᠬᠦᠯᠬᠦ ᠨᠢ ᠮᠠᠨ ᠤ ᠬᠤᠰᠢᠭᠤᠨ ᠤ ᠡᠬᠢ ᠰᠣᠷᠪᠣᠯᠵᠢ ᠶᠢᠨ ᠳᠠᠪᠠᠭᠤᠯᠢᠭ ᠲᠤ ᠪᠠᠨ ᠳᠦᠰᠢᠭᠯᠡᠬᠦ᠂ ᠲᠠᠷᠢᠶᠠᠯᠠᠬᠤ | ᠦᠢᠯᠡᠰ ᠤᠨ ᠲᠠᠷᠢᠮᠠᠯ ᠤᠨ ᠪᠦᠲᠦᠴᠡ ᠶᠢ ᠳᠣᠬᠢᠷᠠᠭᠤᠯᠬᠤ᠂ ᠲᠠᠷᠢᠶᠠᠯᠠᠬᠤ ᠦᠢᠯᠡᠰ ᠤᠨ ᠠᠵᠤ ᠦᠢᠯᠡᠰ ᠤᠨ ᠬᠡᠯᠪᠡᠷᠢ ᠶᠢᠨ ᠬᠤᠪᠢᠷᠠᠭᠤᠯᠤᠯᠲᠠ ᠶᠢ ᠳᠦᠷᠭᠡᠳᠬᠡᠬᠦ | ᠴᠢᠬᠤᠯᠠ ᠠᠭᠤᠯᠭ᠎ᠠ ᠪᠠ ᠰᠢᠪᠲᠤᠯᠤᠯᠲᠠ ᠶᠢᠨ ᠴᠢᠨᠠᠷᠲᠠᠢ ᠲᠦᠷᠦᠯ ᠵᠦᠢᠯ ᠪᠤᠯᠤᠨ᠎ᠠ᠃ | ︵ᠨᠢᠬᠡ︶ ᠲᠠᠷᠢᠬᠤ ᠭᠠᠵᠠᠷ ᠰᠣᠩᠭᠤᠨ᠎ᠠ᠃ ᠬᠦᠷᠦᠰᠦ ᠰᠢᠷᠤᠢ ᠨᠢ ᠡᠯᠡᠰᠦᠷᠬᠡᠭ ᠪᠤᠶᠤ ᠰᠦᠪᠡᠷᠬᠡᠭ ᠭᠠᠵᠠᠷ ᠢ ᠰᠢᠯᠢᠵᠦ᠂ ᠬᠠᠭᠠᠯᠪᠤᠷᠢᠯᠠᠬᠤ ᠭᠠᠳᠠᠷᠭᠤ ᠨᠢ | ᠵᠤᠵᠠᠭᠠᠨ᠂ ᠬᠦᠴᠦ ᠰᠢᠮ᠎ᠡ ᠨᠢ ᠨᠡᠯᠢᠶᠡᠳ ᠦᠨᠳᠦᠷ᠂ ᠣᠰᠣ ᠰᠢᠮ᠎ᠡ ᠶᠢ ᠬᠠᠳᠠᠭᠠᠯᠠᠬᠤ ᠵᠢᠴᠢ ᠣᠰᠣ ᠭᠠᠳᠠᠭᠰᠢᠯᠠᠭᠤᠯᠬᠤ ᠲᠠᠯ᠎ᠠ ᠪᠠᠷ ᠰᠠᠶᠢᠨ ᠭᠠᠵᠠᠷ ᠢ ᠰᠣᠩᠭᠤᠨ᠎ᠠ | ᠃ ᠠᠮᠣ ᠲᠠᠷᠢᠬᠤ ᠳᠤ ᠭᠤᠤᠷᠰᠣ ᠳᠠᠪᠬᠤᠴᠠᠨ ᠲᠠᠷᠢᠵᠦ ᠪᠤᠯᠬᠤ ᠦᠬᠡᠢ᠃ ᠪᠤᠷᠴᠠᠭ ᠤᠨ ᠲᠦᠷᠦᠯ᠂ ᠡᠷᠳᠡᠨᠢ ᠰᠢᠰᠢ᠂ ᠰᠢᠰᠢ᠂ ᠲᠦᠮᠦᠰᠦ ᠵᠡᠷᠭᠡ ᠭᠤᠤᠷᠰᠣᠨ ᠳᠤ | ᠪᠦᠷ ᠲᠠᠷᠢᠵᠦ ᠪᠤᠯᠤᠨ᠎ᠠ᠃ | ︵ᠬᠤᠶᠠᠷ︶ ᠴᠢᠨᠠᠷ ᠰᠠᠶᠢᠲᠠᠢ ᠦᠨᠳᠦᠷ ᠣᠨᠠᠯᠲᠠ ᠶᠢᠨ ᠲᠦᠷᠦᠯ ᠡᠬᠦᠯᠳᠡᠷ ᠢ ᠰᠣᠩᠭᠤᠨ᠎ᠠ᠃ ᠣᠲᠤᠭ ᠤᠨ ᠡᠮᠦᠨᠡᠲᠦ ᠬᠤᠰᠢᠭᠤᠨ ᠤ ᠴᠠᠭ ᠠᠭᠤᠷ ᠤᠨ | ᠣᠨᠴᠠᠯᠢᠭ ᠪᠠ ᠬᠦᠷᠦᠰᠦ ᠰᠢᠷᠤᠢ ᠶᠢᠨ ᠪᠠᠶᠢᠳᠠᠯ ᠳᠤ ᠴᠢᠭᠯᠡᠬᠦᠯᠦᠨ ᠡᠰᠡᠷᠭᠦᠴᠡᠬᠦ ᠴᠢᠨᠠᠷ ᠢᠶᠠᠷ ᠴᠢᠩᠭ᠎ᠠ᠂ ᠳᠠᠴᠢᠷ ᠭᠠᠵᠠᠷ ᠲᠤ ᠳᠠᠭᠠᠭᠠᠴᠠᠲᠠᠢ᠂ ᠦᠨᠳᠦᠷ ᠣᠨᠠᠯᠲᠠ | ᠲᠠᠢ᠂ ᠴᠢᠨᠠᠷ ᠰᠠᠶᠢᠲᠠᠢ ᠠᠮᠣ ᠶᠢᠨ ᠲᠦᠷᠦᠯ ᠡᠬᠦᠯᠳᠡᠷ᠂ ᠵᠢᠱᠢᠶᠡᠯᠡᠪᠡᠯ ᠣᠷᠳᠣᠰ ᠬᠤᠲᠠ ᠶᠢᠨ ᠮᠠᠯ ᠲᠠᠷᠢᠶᠠᠯᠠᠩ ᠤᠨ ᠦᠢᠯᠡᠰ ᠤᠨ ᠰᠢᠨᠵᠢᠯᠡᠬᠦ ᠤᠬᠠᠭᠠᠨ ᠤ | ᠰᠣᠳᠣᠯᠭᠠᠨ ᠤ ᠬᠦᠷᠢᠶᠡᠯᠡᠩ ᠤᠨ ᠪᠤᠶᠢᠵᠢᠭᠤᠯᠤᠭᠰᠠᠨ 8 ᠨᠣᠮᠧᠷ᠂ 9 ᠨᠣᠮᠧᠷ᠂ ᠨᠢᠩᠰᠢᠶᠠ ᠶᠢᠨ ᠬᠤᠲᠤᠩ ᠦᠨᠳᠦᠰᠦᠲᠡᠨ ᠤ ᠦᠪᠡᠷᠲᠡᠭᠡᠨ ᠵᠠᠰᠠᠬᠤ ᠤᠷᠤᠨ ᠤ | ᠲᠠᠷᠢᠶᠠᠯᠠᠩ ᠣᠢ ᠰᠢᠭᠤᠢ ᠶᠢᠨ ᠰᠢᠨᠵᠢᠯᠡᠬᠦ ᠤᠬᠠᠭᠠᠨ ᠤ ᠬᠦᠷᠢᠶᠡᠯᠡᠩ ᠪᠠ ᠦᠪᠦᠷ ᠮᠣᠩᠭᠤᠯ ᠤᠨ ᠦᠪᠡᠷᠲᠡᠭᠡᠨ ᠵᠠᠰᠠᠬᠤ ᠤᠷᠤᠨ ᠤ ᠮᠠᠯ ᠲᠠᠷᠢᠶᠠᠯᠠᠩ ᠤᠨ ᠦᠢᠯᠡᠰ | ᠤᠨ ᠰᠢᠨᠵᠢᠯᠡᠬᠦ ᠤᠬᠠᠭᠠᠨ ᠤ ᠬᠦᠷᠢᠶᠡᠯᠡᠩ ᠤᠨ ᠬᠠᠮᠲᠤᠷᠠᠨ ᠪᠤᠶᠢᠵᠢᠭᠤᠯᠤᠭᠰᠠᠨ ᠠᠮᠣ ᠶᠢᠨ ᠰᠢᠨ᠎ᠡ ᠲᠦᠷᠦᠯ ᠡᠬᠦᠯᠳᠡᠷ 1 ᠨᠣᠮᠧᠷ ᠵᠡᠷᠭᠡ ᠶᠢ ᠰᠣᠩᠭᠤᠨ᠎ᠠ᠃ | ︵ᠭᠤᠷᠪᠠ︶ ᠭᠠᠵᠠᠷ ᠢᠶᠠᠨ ᠨᠠᠷᠢᠯᠢᠭ ᠳᠡᠭᠰᠢᠯᠡᠨ᠎ᠡ᠃ ᠴᠢᠬᠢ ᠪᠦᠷᠢᠨ ᠬᠠᠮᠠᠭᠠᠯᠠᠬᠤ ᠶᠢᠨ ᠲᠤᠰᠠᠳᠠ᠂ ᠡᠩ ᠲᠡᠷᠢᠬᠦᠨ ᠳᠤ ᠭᠠᠵᠠᠷ ᠢᠶᠠᠨ ᠳᠡᠭᠰᠢᠯᠡᠵᠦ᠂ ᠭᠠᠵᠠᠷ | ᠳᠡᠭᠰᠢᠯᠡᠬᠦ ᠠᠴᠠ ᠡᠮᠦᠨ᠎ᠡ ᠲᠠᠷᠢᠮᠠᠯ ᠤᠨ ᠦᠯᠡᠳᠡᠮᠡᠯ ᠭᠤᠤᠷᠰᠣ ᠶᠢ ᠪᠦᠷᠢᠮᠦᠰᠦᠨ ᠠᠷᠢᠯᠭᠠᠨ᠂ ᠪᠤᠲᠠᠲᠠᠢ ᠠᠷᠭ᠎ᠠ ᠪᠤᠯ ᠬᠠᠪᠤᠷ ᠭᠠᠵᠠᠷ ᠢᠶᠠᠨ ᠣᠷᠪᠠᠭᠤᠯᠵᠤ᠂ ᠲᠤᠮᠤ | ᠬᠡᠯᠪᠡᠷᠢ ᠶᠢᠨ ᠲᠠᠷᠢᠶᠠᠯᠠᠩ ᠤᠨ ᠮᠠᠰᠢᠨ ᠢ ᠠᠰᠢᠭᠯᠠᠨ ᠭᠠᠵᠠᠷ ᠳᠡᠭᠰᠢᠯᠡᠵᠦ᠂ ᠮᠠᠯᠲᠠᠬᠤ᠂ ᠨᠠᠷᠠᠭᠳᠠᠬᠤ᠂ ᠳᠠᠷᠤᠬᠤ ᠶᠢ ᠨᠢᠬᠡ ᠣᠳᠠᠭ᠎ᠠ ᠳᠤ ᠪᠡᠶᠡᠯᠡᠬᠦᠯᠦᠨ᠂ ᠳᠡᠭᠰᠢ᠂ | ᠵᠢᠭᠳᠡ᠂ ᠴᠡᠪᠡᠷ᠂ ᠨᠠᠷᠢᠯᠢᠭ ᠬᠡᠮᠵᠢᠶᠡᠨ ᠳᠤ ᠬᠦᠷᠭᠡᠵᠦ᠂ ᠳᠡᠭᠡᠷ᠎ᠡ ᠰᠦᠪᠡᠷᠭᠡᠭ ᠳᠣᠣᠷ᠎ᠠ ᠳᠡᠭᠵᠢᠬᠦᠨ ᠪᠠᠶᠢᠯᠭᠠᠵᠤ᠂ ᠬᠦᠷᠦᠰᠦ ᠰᠢᠷᠤᠢ ᠶᠢᠨ ᠣᠰᠣ ᠬᠠᠳᠠᠭᠠᠯᠠᠬᠤ | ᠴᠢᠳᠠᠪᠤᠷᠢ ᠶᠢ ᠳᠡᠭᠡᠭᠰᠢᠯᠡᠬᠦᠯᠦᠨ᠂ ᠴᠢᠬᠢᠨ ᠤ ᠪᠦᠷᠢᠨ ᠪᠤᠶᠢᠵᠢᠯᠲᠠ ᠶᠢ ᠦᠨᠡᠨ ᠬᠦ ᠪᠠᠲᠤᠯᠠᠨ᠎ᠠ᠃ | ︵ᠳᠦᠷᠪᠡ︶ ᠣᠷᠭᠠᠨᠢᠭ ᠪᠤᠷᠳᠣᠭᠤᠷ ᠢ ᠨᠡᠮᠡᠵᠦ ᠣᠷᠣᠭᠤᠯᠣᠨ᠂ ᠰᠠᠭᠤᠷᠢ ᠪᠤᠷᠳᠣᠭᠤᠷ ᠢ ᠬᠦᠢᠴᠡᠳ ᠣᠷᠣᠭᠤᠯᠣᠨ᠎ᠠ᠃ ᠠᠮᠣ ᠬᠡᠲᠦᠶᠢᠪᠡᠷ ᠳᠠᠴᠢᠷ ᠭᠠᠵᠠᠷ | ᠲᠤ ᠳᠠᠭᠠᠭᠠᠴᠠᠲᠠᠢ ᠣᠨᠴᠠᠯᠢᠭ ᠲᠠᠢ ᠪᠤᠯᠪᠠᠴᠤ ᠦᠨᠳᠦᠷ ᠣᠨᠠᠯᠲᠠ ᠤᠯᠤᠶ᠎ᠠ ᠭᠡᠪᠡᠯ ᠡᠷᠬᠡᠪᠰᠢ ᠪᠤᠷᠳᠣᠭᠤᠷ ᠢ ᠬᠦᠢᠴᠡᠳ ᠣᠷᠣᠭᠤᠯᠵᠣ᠂ ᠠᠮᠣ ᠶᠢᠨ ᠬᠦᠷᠦᠰᠦ ᠰᠢᠷᠤᠢ | ᠶᠢᠨ ᠳᠡᠵᠢᠬᠡᠯ ᠠᠪᠬᠤ ᠱᠠᠭᠠᠷᠳᠠᠯᠭ᠎ᠠ ᠶᠢ ᠬᠠᠩᠭᠠᠨ᠎ᠠ᠃ ᠰᠠᠭᠤᠷᠢ ᠪᠤᠷᠳᠣᠭᠤᠷ ᠳᠤ ᠬᠠᠮᠤᠭ ᠰᠠᠶᠢᠨ ᠨᠢ ᠰᠢᠬᠡᠭ ᠣᠷᠣᠭᠤᠯᠣᠨ᠎ᠠ᠂ ᠭᠠᠭᠴᠠ ᠬᠢᠮᠢ ᠶᠢᠨ ᠪᠤᠷᠳᠣᠭᠤᠷ | ᠬᠡᠷᠡᠭᠯᠡᠪᠡᠯ᠂ ᠠᠮᠣ ᠶᠢᠨ ᠨᠠᠭᠠᠯᠳᠣᠮᠠᠬᠠᠢ ᠴᠢᠨᠠᠷ ᠨᠢ ᠮᠠᠭᠤᠳᠠᠵᠤ᠂ ᠠᠮᠲᠠ ᠨᠢ ᠴᠣ᠋ ᠮᠠᠭᠤᠬᠠᠢ ᠪᠤᠯᠤᠨ᠎ᠠ᠃ ᠲᠠᠴᠢᠷ ᠮᠠᠭᠤᠲᠠᠢ ᠭᠠᠵᠠᠷ ᠤᠨ ᠣᠷᠭᠠᠨᠢᠭ ᠴᠢᠨᠠᠷ ᠤᠨ | ᠠᠭᠤᠯᠤᠭᠳᠠᠴᠠ ᠨᠢ ᠨᠡᠯᠢᠶᠡᠳ ᠳᠣᠣᠷ᠎ᠠ᠂ ᠬᠦᠴᠦ ᠰᠢᠮ᠎ᠡ ᠨᠢ ᠪᠠᠷᠤᠭᠲᠠᠢ ᠪᠤᠯᠬᠤᠷ ᠨᠢᠬᠡ ᠬᠡᠮᠵᠢᠶᠡᠨ ᠤ ᠣᠷᠭᠠᠨᠢᠭ ᠪᠤᠷᠳᠣᠭᠤᠷ ᠣᠷᠣᠭᠤᠯᠬᠤ ᠨᠢ ᠣᠨᠠᠯᠲᠠ ᠶᠢ | ᠳᠡᠭᠡᠭᠰᠢᠯᠡᠬᠦᠯᠬᠦ ᠢᠯᠡᠷᠬᠡᠢ ᠦᠢᠯᠡᠳᠦᠯ ᠲᠠᠢ᠃ ᠣᠷᠭᠠᠨᠢᠭ ᠪᠤᠷᠳᠣᠭᠤᠷ ᠤᠨ ᠣᠷᠣᠭᠤᠯᠣᠯᠲᠠ ᠶᠢᠨ ᠬᠡᠮᠵᠢᠶ᠎ᠡ ᠶᠢ ᠨᠡᠮᠡᠭᠳᠡᠬᠦᠯᠬᠦ ᠶᠢ ᠳᠠᠭᠠᠯᠳᠣᠨ ᠠᠮᠣ ᠶᠢᠨ ᠣᠨᠠᠯᠲᠠ | ᠶᠢᠨ ᠬᠡᠮᠵᠢᠶ᠎ᠡ ᠴᠣ᠋ ᠢᠯᠡᠷᠬᠡᠢ ᠳᠡᠭᠡᠭᠰᠢᠯᠡᠵᠦ᠂ ᠣᠷᠭᠠᠨᠢᠭ ᠪᠤᠷᠳᠣᠭᠤᠷ ᠪᠣᠯᠣᠨ ᠳᠣᠬᠢᠷᠠᠮᠵᠢᠲᠠᠢ ᠬᠡᠮᠵᠢᠶᠡᠨ ᠤ ᠠᠽᠣᠲ᠂ ᠹᠣᠰᠹᠣᠷ ᠤᠨ ᠪᠤᠷᠳᠣᠭᠤᠷ ᠬᠤᠯᠢᠭᠰᠠᠨ | ᠰᠠᠭᠤᠷᠢ ᠪᠤᠷᠳᠣᠭᠤᠷ ᠤᠨ ᠪᠦᠲᠦᠮᠵᠢ ᠨᠢ ᠬᠠᠮᠤᠭ ᠤᠨ ᠰᠠᠶᠢᠨ ᠪᠠᠶᠢᠳᠠᠭ᠃ ᠡᠩ ᠤᠨ ᠣᠷᠭᠠᠨᠢᠭ ᠪᠤᠷᠳᠣᠭᠤᠷ ᠣᠷᠣᠭᠤᠯᠬᠤ ᠬᠠᠷᠢᠴᠠᠯ ᠣᠷᠭᠠᠨᠢᠭ ᠪᠣᠷᠳᠣᠭᠤᠷ | ᠣᠷᠣᠭᠤᠯᠬᠤ ᠦᠬᠡᠢ ᠦᠶᠡᠰ ᠤᠨ ᠣᠨᠠᠯᠲᠠ ᠶᠢ 10% ᠠᠴᠠ ᠳᠡᠭᠡᠭᠰᠢ ᠨᠡᠮᠡᠭᠳᠡᠬᠦᠯᠦᠨ᠎ᠡ᠃ ᠣᠷᠭᠠᠨᠢᠭ ᠪᠤᠷᠳᠣᠭᠤᠷ ᠣᠷᠣᠭᠤᠯᠬᠤ ᠨᠢ ᠬᠦᠷᠦᠰᠦ ᠰᠢᠷᠤᠢ ᠶᠢᠨ | ᠣᠷᠭᠠᠨᠢᠭ ᠴᠢᠨᠠᠷ ᠢ ᠨᠡᠮᠡᠭᠳᠡᠬᠦᠯᠦᠨ᠂ ᠬᠦᠷᠦᠰᠦ ᠰᠢᠷᠤᠢ ᠶᠢᠨ ᠬᠦᠴᠦ ᠰᠢᠮ᠎ᠡ ᠪᠠ ᠬᠦᠷᠦᠰᠦ ᠰᠢᠷᠤᠢ ᠶᠢᠨ ᠬᠦᠴᠦ ᠰᠢᠮ᠎ᠡ ᠬᠠᠩᠭᠠᠬᠤ ᠴᠢᠳᠠᠪᠤᠷᠢ ᠶᠢ | ᠳᠡᠭᠡᠭᠰᠢᠯᠡᠬᠦᠯᠵᠦ᠂ ᠬᠦᠷᠦᠰᠦ ᠰᠢᠷᠤᠢ ᠶᠢᠨ ᠣᠰᠣ ᠬᠠᠳᠠᠭᠠᠯᠠᠬᠤ ᠴᠢᠬᠢᠭ ᠬᠠᠮᠠᠭᠠᠯᠠᠬᠤ ᠴᠢᠳᠠᠪᠤᠷᠢ ᠶᠢ ᠴᠢᠩᠭᠠᠳᠬᠠᠨ᠂ ᠳᠠᠴᠢᠷ ᠮᠠᠭᠤ ᠭᠠᠵᠠᠷ ᠤᠨ ᠠᠮᠣ ᠦᠨᠳᠦᠷ | ᠣᠨᠠᠯᠲᠠ ᠣᠯᠬᠤ ᠳᠤ ᠣᠬᠢ ᠰᠠᠶᠢᠨ ᠰᠠᠭᠤᠷᠢ ᠲᠠᠯᠪᠢᠨ᠎ᠠ᠃ ᠡᠩ ᠤᠨ ᠪᠠᠶᠢᠳᠠᠯ ᠳᠤ ᠮᠣ᠋ ᠨᠢᠭᠡᠪᠦᠷᠢ ᠳᠤ 1000 — 1500kg ᠰᠢᠬᠡᠭ ᠣᠷᠣᠭᠤᠯᠵᠣ᠂ ᠲᠠᠷᠢᠬᠤ | ᠦᠶᠡᠰ᠂ ᠮᠣ᠋ ᠨᠢᠭᠡᠪᠦᠷᠢ ᠳᠤ 25kg ᠬᠤᠯᠢᠮᠠᠭ ᠪᠤᠷᠳᠣᠭᠤᠷ ᠢᠶᠠᠷ ᠰᠠᠭᠤᠷᠢ ᠪᠤᠷᠳᠣᠭᠤᠷ ᠪᠣᠯᠭᠠᠨ᠎ᠠ᠃ | ︵ᠲᠠᠪᠤ︶ ᠳᠣᠬᠢᠷᠠᠮᠵᠢᠲᠠᠢ ᠬᠤᠭᠤᠴᠠᠭᠠᠨ ᠳᠤ ᠲᠠᠷᠢᠵᠦ᠂ ᠵᠦᠢ ᠵᠤᠬᠢᠰᠲᠠᠢ ᠢᠭᠴᠤ ᠰᠠᠭᠤᠯᠭᠠᠨ᠎ᠠ᠃ | 1. ᠦᠷ᠎ᠡ ᠶᠢ ᠰᠢᠢᠳᠪᠦᠷᠢᠯᠡᠬᠦ ᠲᠠᠯ᠎ᠠ ᠪᠠᠷ᠂ ᠣᠳᠣᠬᠠᠨ ᠤ ᠦᠢᠯᠡᠳᠪᠦᠷᠢᠯᠡᠯ ᠳᠡᠭᠡᠷ᠎ᠡ ᠬᠡᠷᠡᠭᠯᠡᠵᠦ ᠪᠠᠶᠢᠭ᠎ᠠ ᠠᠮᠣ ᠶᠢᠨ ᠲᠦᠷᠦᠯ ᠡᠬᠦᠯᠳᠡᠷ ᠤᠨ ᠮᠠᠭᠤᠵᠢᠷᠠᠯᠲᠠ | ᠲᠤᠶᠢᠯ ᠤᠨ ᠬᠦᠨᠳᠦ ᠨᠣᠴᠢᠲᠠᠢ ᠪᠠᠶᠢᠳᠠᠯ ᠳᠤ ᠣᠷᠣᠰᠢᠵᠤ ᠪᠠᠶᠢᠬᠤ ᠪᠤᠯᠬᠤᠷ ᠬᠦᠬᠡᠷᠭᠡ ᠪᠠᠷ ᠰᠣᠩᠭᠤᠬᠤ ᠪᠤᠶᠤ ᠰᠢᠭᠰᠢᠨ ᠰᠣᠩᠭᠤᠬᠤ ᠵᠡᠷᠭᠡ ᠠᠷᠭ᠎ᠠ ᠪᠠᠷ | ᠳᠠᠮᠵᠢᠭᠤᠯᠤᠨ ᠳᠡᠭᠦᠯᠳᠡᠷ ᠮᠦᠷᠲᠡᠭᠡᠨ ᠰᠣᠶᠣᠭᠠᠯᠠᠬᠤ ᠨᠤᠷᠮ᠎ᠠ 95% ᠠᠴᠠ ᠳᠡᠭᠡᠭᠰᠢ ᠦᠷ᠎ᠡ ᠶᠢ ᠰᠣᠩᠭᠤᠵᠣ ᠲᠠᠷᠢᠬᠤ ᠳᠤ ᠪᠡᠯᠡᠳᠬᠡᠨ᠎ᠡ᠃ ᠠᠮᠣ ᠬᠤᠵᠢᠭᠤ | ᠪᠤᠯᠪᠠᠰᠣᠷᠠᠬᠤ ᠦᠢᠯᠡᠳᠦᠯ ᠲᠠᠢ᠂ ᠬᠤᠷᠢᠶᠠᠭᠰᠠᠨ ᠤ ᠳᠠᠷᠠᠭ᠎ᠠ ᠳᠦᠴᠢᠨ ᠡᠳᠦᠷ ᠲᠤ ᠰᠣᠶᠣᠭᠠᠯᠠᠬᠤ ᠨᠤᠷᠮ᠎ᠠ ᠵᠦᠪᠬᠡᠨ 84%ᠪᠠᠶᠢᠵᠦ᠂ 8 ᠰᠠᠷ᠎ᠠ ᠦᠩᠭᠡᠷᠡᠭᠰᠡᠨ | ᠴᠤ ᠲᠡᠭᠦᠨ ᠤ ᠬᠤᠵᠢᠭᠤ ᠪᠤᠯᠪᠠᠰᠣᠷᠠᠬᠤ ᠬᠤᠭᠤᠴᠠᠭ᠎ᠠ ᠪᠠᠰᠠ ᠪᠦᠷᠢᠮᠦᠰᠦᠨ ᠳᠠᠭᠤᠰᠭᠰᠠᠨ ᠳᠠᠭᠤᠰᠣᠭᠰᠠᠨ ᠦᠬᠡᠢ ᠪᠠᠶᠢᠳᠠᠭ᠂ ᠡᠶᠢᠮᠦ ᠠᠴᠠ ᠲᠠᠷᠢᠬᠤ ᠠᠴᠠ ᠡᠮᠦᠨ᠎ᠡ | ᠦᠷ᠎ᠡ ᠪᠠᠨ ᠬᠠᠲᠠᠭᠠᠵᠤ᠂ ᠡᠷᠲᠡ ᠪᠤᠯᠪᠠᠰᠣᠷᠠᠬᠤ ᠶᠢ ᠠᠬᠢᠭᠤᠯᠪᠠᠯ᠂ ᠴᠢᠬᠢ ᠵᠢᠭᠳᠡ ᠮᠦᠷᠲᠡᠭᠡᠨ ᠢᠳᠡᠷᠡᠬᠦᠨ ᠢᠶᠠᠷ ᠣᠷᠭᠤᠬᠤ ᠳᠤ ᠠᠰᠢᠭ ᠲᠠᠢ᠃ ᠦᠷ᠎ᠡ ᠶᠢ | ᠬᠦᠬᠡᠷᠭᠡ ᠪᠠᠷ ᠰᠣᠩᠭᠤᠭᠰᠠᠨ ᠤ ᠳᠠᠷᠠᠭ᠎ᠠ᠂ ᠨᠠᠷᠠᠨ ᠤ ᠳᠣᠣᠷ᠎ᠠ 3 — 4 ᠡᠳᠦᠷ ᠰᠠᠶᠢᠲᠤᠷ ᠡᠬᠡᠬᠡᠵᠦ᠂ ᠳᠠᠷᠠᠭ᠎ᠠ ᠨᠢ 15% ᠶᠢᠨ ᠲᠠᠪᠤᠰᠣᠯᠢᠭ ᠣᠰᠣᠨ | ᠲᠤᠲᠤᠷ᠎ᠠ ᠲᠡᠪᠲᠦᠬᠡᠨ᠂ ᠣᠰᠣᠨ ᠤ ᠭᠠᠳᠠᠷᠭᠤ ᠳᠡᠭᠡᠷ᠎ᠡ ᠬᠦᠪᠦᠭᠰᠡᠨ ᠲᠡᠭᠦᠯᠳᠡᠷ ᠪᠣᠰᠣ ᠦᠷ᠎ᠡ ᠶᠢᠨ ᠮᠦᠬᠦᠯᠢᠭ ᠢ ᠬᠠᠶᠠᠵᠦ᠂ ᠣᠰᠣᠨ ᠳᠤ ᠲᠣᠨᠣᠭᠰᠠᠨ ᠲᠡᠬᠦᠯᠳᠡᠷ | ᠦᠷ᠎ᠡ ᠶᠢᠨ ᠮᠦᠬᠦᠯᠢᠭ ᠢ ᠴᠡᠪᠡᠷ ᠣᠰᠣᠨ ᠳᠤ ᠣᠬᠢᠶᠠᠵᠦ ᠬᠠᠲᠠᠭᠠᠭᠰᠠᠨ ᠤ ᠳᠠᠷᠠᠭ᠎ᠠ ᠲᠠᠷᠢᠨ᠎ᠠ᠃ ᠭᠠᠵᠠᠷ ᠳᠣᠣᠷᠠᠬᠢ ᠬᠤᠤᠷᠲᠤ ᠰᠢᠪᠡᠵᠢ ᠪᠠ ᠠᠮᠣ ᠬᠠᠷᠠᠤ ᠣᠷᠣᠬᠤ | ᠠᠴᠠ ᠰᠡᠷᠬᠡᠶᠢᠯᠡᠬᠦ ᠶᠢᠨ ᠲᠦᠯᠦᠭᠡ᠂ ᠲᠠᠷᠢᠬᠤ ᠠᠴᠠ ᠡᠮᠦᠨ᠎ᠡ ᠡᠷᠬᠡᠪᠰᠢ ᠡᠮ ᠢᠶᠠᠷ ᠦᠷ᠎ᠡ ᠵᠠᠮᠤᠷᠠᠨᠠ᠃ ᠠᠮᠣ ᠬᠠᠷᠠᠤ᠂ ᠬᠦᠷᠡᠩ ᠲᠤᠯᠪᠤᠲᠤ ᠡᠪᠡᠳᠴᠢᠨ ᠣᠷᠣᠬᠤ | ᠨᠣᠷᠮ᠎ᠠ ᠨᠡᠯᠢᠶᠡᠳ ᠦᠨᠳᠦᠷ ᠪᠤᠯᠬᠤᠷ 0.3% ᠶᠢᠨ ᠦᠷ᠎ᠡ ᠵᠠᠮᠤᠷᠬᠤ ᠨᠣᠨᠳᠠᠭ ᠢ ᠬᠡᠷᠡᠭᠯᠡᠵᠦ ᠣᠷᠢᠳᠴᠢᠯᠠᠨ ᠰᠡᠷᠬᠡᠶᠢᠯᠡᠨ᠎ᠡ᠃ ᠭᠠᠵᠠᠷ ᠳᠣᠣᠷᠠᠬᠢ ᠬᠤᠤᠷᠲᠤ ᠰᠢᠪᠡᠵᠢ | ᠢ ᠰᠡᠷᠭᠡᠶᠢᠯᠡᠨ ᠵᠠᠰᠠᠬᠤ ᠳᠤ 50% ᠶᠢᠨ ᠴᠠᠶᠢᠷ ᠬᠦᠴᠢᠯ ᠤᠨ ᠹᠣᠰᠹᠣᠷ ᠢ ᠬᠡᠷᠡᠭᠯᠡᠵᠦ ᠦᠷ᠎ᠡ ᠵᠠᠮᠤᠷᠠᠨ᠂ ᠬᠡᠷᠡᠭᠯᠡᠬᠦ ᠬᠡᠮᠵᠢᠶ᠎ᠡ ᠨᠢ ᠦᠷ᠎ᠡ ᠶᠢᠨ ᠬᠦᠨᠳᠦᠴᠡ ᠶᠢᠨ 0. | 2%~0.3%ᠪᠣᠯᠣᠨ᠎ᠠ᠃ | 2. ᠮᠠᠨ ᠤ ᠬᠤᠰᠢᠭᠤᠨ ᠳᠤ ᠳᠣᠬᠢᠷᠠᠬᠤ ᠠᠮᠣ ᠲᠠᠷᠢᠬᠤ ᠬᠤᠭᠤᠴᠠᠭ᠎ᠠ ᠶᠢ 5 ᠰᠠᠷ᠎ᠠ ᠶᠢᠨ ᠰᠡᠬᠦᠯᠴᠢ ᠠᠴᠠ 6 ᠰᠠᠷ᠎ᠠ ᠶᠢᠨ ᠡᠬᠢᠨ ᠢᠶᠠᠷ ᠲᠤᠭᠲᠠᠭᠠᠭᠳᠠᠵᠤ | ᠪᠤᠯᠤᠨ᠎ᠠ᠃ ᠬᠡᠲᠦ ᠡᠷᠲᠡ ᠲᠠᠷᠢᠪᠠᠯ ᠠᠮᠣ ᠴᠢᠬᠢᠯᠡᠬᠦ ᠬᠤᠭᠤᠴᠠᠭᠠᠨ ᠳᠤ ᠠᠮᠠᠷᠬᠠᠨ ᠭᠠᠩ ᠪᠠ ᠬᠦᠯᠳᠡᠬᠦ ᠭᠠᠮᠰᠢᠭ ᠲᠤ ᠣᠴᠠᠷᠠᠵᠤ᠂ ᠪᠤᠯᠪᠠᠰᠣᠷᠠᠬᠤ ᠬᠤᠭᠤᠴᠠᠭ᠎ᠠ | ᠬᠦᠷᠬᠦ ᠳᠤ ᠮᠦᠬᠦᠯᠢᠭ ᠨᠢ ᠶᠡᠭᠡ ᠬᠡᠮᠵᠢᠶ᠎ᠡ ᠪᠠᠷ ᠣᠨᠠᠨ᠎ᠠ︔ ᠬᠡᠲᠦ ᠣᠷᠣᠢ ᠲᠠᠷᠢᠪᠠᠯ ᠣᠷᠣᠢ ᠪᠤᠯᠪᠠᠰᠣᠷᠠᠵᠤ᠂ ᠡᠷᠲᠡ ᠶᠢᠨ ᠬᠢᠷᠠᠭᠤ ᠳᠤ ᠬᠦᠯᠳᠡᠬᠦ ᠪᠤᠯᠤᠨ᠎ᠠ᠃ | ᠪᠤᠲᠠᠲᠠᠢ ᠲᠠᠷᠢᠬᠤ ᠴᠠᠭ ᠬᠤᠭᠤᠴᠠᠭ᠎ᠠ ᠬᠦᠷᠦᠰᠦ ᠰᠢᠷᠣᠢ ᠶᠢᠨ ᠴᠢᠬᠢᠭ ᠤᠨ ᠪᠠᠶᠢᠳᠠᠯ ᠪᠠ ᠲᠦᠷᠦᠯ ᠡᠭᠦᠯᠳᠡᠷ ᠢᠶᠠᠷ ᠲᠤᠭᠲᠠᠭᠠᠭᠳᠠᠨ᠎ᠠ᠂ ᠬᠡᠪᠡᠴᠦ ᠬᠢᠷᠠᠭᠤ ᠤᠨᠠᠬᠤ | ᠠᠴᠠ ᠡᠮᠦᠨ᠎ᠡ ᠪᠤᠯᠪᠠᠰᠣᠷᠠᠬᠤ ᠶᠢ ᠪᠠᠲᠤᠯᠠᠨ᠎ᠠ᠃ | 3. ᠦᠷ᠎ᠡ ᠰᠠᠴᠤᠬᠤ ᠠᠷᠭ᠎ᠠ ᠮᠠᠶ᠋ᠢᠭ ᠤᠨ ᠲᠠᠯ᠎ᠠ ᠪᠠᠷ᠂ ᠮᠠᠰᠢᠨ ᠢᠶᠠᠷ ᠵᠤᠷᠬᠠᠯᠠᠨ ᠲᠠᠷᠢᠬᠤ ᠠᠷᠭ᠎ᠠ ᠪᠠᠷ ᠦᠷ᠎ᠡ ᠰᠠᠴᠣᠵᠣ᠂ ᠲᠤᠬᠢᠷᠠᠮᠵᠢᠲᠠᠢ ᠬᠤᠭᠤᠴᠠᠭᠠᠨ ᠳᠤ | ᠡᠷᠲᠡ ᠰᠠᠴᠣᠨ᠎ᠠ᠂ 5 ᠰᠠᠷ᠎ᠠ ᠶᠢᠨ ᠳᠣᠮᠳᠠᠴᠢ ᠠᠴᠠ 6 ᠰᠠᠷ᠎ᠠ ᠶᠢᠨ ᠡᠬᠢᠨ ᠢᠶᠠᠷ ᠦᠷ᠎ᠡ ᠰᠠᠴᠤᠨ᠎ᠠ᠃ ᠬᠦᠨ ᠤ ᠬᠡᠮᠵᠢᠶ᠎ᠡ ᠨᠢ ᠠᠳᠠᠯᠢ᠂ ᠳᠡᠭᠰᠢ ᠪᠠᠷ ᠰᠢᠷᠤᠢ | ᠬᠤᠴᠢᠵᠦ᠂ ᠰᠢᠷᠤᠢ ᠬᠤᠴᠢᠬᠤ ᠵᠤᠵᠠᠭᠠᠨ ᠤ ᠬᠡᠮᠵᠢᠶ᠎ᠡ 3 ᠰᠡᠨᠲ᠋ᠢᠮᠧᠲᠷ᠂ ᠴᠠᠭ ᠲᠤᠬᠠᠢ ᠳᠤᠨᠢ ᠰᠢᠷᠤᠢ ᠪᠠᠷ ᠳᠠᠷᠣᠰᠢᠭᠤᠯᠤᠨ᠂ ᠨᠢᠭᠡ ᠣᠳᠠᠭ᠎ᠠ ᠳᠤ ᠦᠷ᠎ᠡ | ᠣᠷᠣᠭᠤᠯᠣᠨ ᠪᠦᠷᠢᠨ ᠴᠢᠬᠢ ᠶᠢ ᠪᠠᠲᠤᠯᠠᠨ᠎ᠠ᠃ ᠬᠦᠷᠦᠰᠦ ᠰᠢᠷᠤᠢ ᠶᠢᠨ ᠴᠢᠬᠢᠭ ᠤᠨ ᠪᠠᠶᠢᠳᠠᠯ ᠢ ᠪᠠᠲᠤᠯᠠᠬᠤ ᠶᠢᠨ ᠲᠦᠯᠦᠬᠡ᠂ ᠲᠠᠷᠢᠭᠰᠠᠨ ᠤ ᠳᠠᠷᠠᠭ᠎ᠠ ᠰᠢᠷᠦᠢ | ᠬᠤᠴᠢᠵᠦ᠂ ᠲᠤᠰᠤᠯᠭᠠᠨ ᠣᠰᠣᠯᠠᠨ᠎ᠠ᠃ | 4. ᠲᠠᠷᠢᠬᠤ ᠨᠢᠭᠲᠠᠴᠠ ᠨᠢ ᠮᠣ᠋ ᠨᠢᠭᠡᠪᠦᠷᠢ ᠶᠢᠨ ᠦᠷ᠎ᠡ ᠰᠠᠴᠤᠬᠤ ᠬᠡᠮᠵᠢᠶ᠎ᠡ 1kg ᠣᠷᠴᠢᠮ᠂ ᠮᠣ᠋ ᠨᠢᠭᠡᠪᠦᠷᠢ ᠳᠤ 5 — 6 ᠲᠦᠮᠡᠨ ᠰᠠᠭᠤᠷᠢ ᠴᠢᠬᠢ | ᠦᠯᠡᠳᠡᠭᠡᠨ᠎ᠡ᠃ | ︵ᠵᠢᠷᠭᠤᠭ᠎ᠠ︶ ᠲᠠᠷᠢᠶ᠎ᠠ ᠠᠷᠠᠴᠢᠯᠠᠨ᠎ᠠ᠃ | 1. ᠬᠢᠮᠢ ᠶᠢᠨ ᠠᠷᠭ᠎ᠠ ᠪᠠᠷ ᠡᠪᠡᠰᠦ ᠠᠷᠢᠯᠭᠠᠨ᠎ᠠ᠃ ᠴᠢᠬᠢ ᠶᠢᠨ ᠣᠷᠭᠤᠴᠠ ᠨᠢ ᠣᠳᠠᠭᠠᠨ ᠪᠤᠯᠬᠤᠷ ᠠᠮᠠᠷᠬᠠᠨ ᠡᠪᠡᠰᠦ ᠣᠷᠢᠶᠠᠵᠦ᠂ ᠨᠢᠯᠬ᠎ᠠ ᠴᠢᠬᠢ ᠡᠪᠡᠰᠦᠨ | ᠳᠤ ᠨᠢᠭᠤᠭᠳᠠᠵᠤ ᠳᠠᠷᠤᠭᠳᠠᠬᠤ ᠪᠤᠯᠬᠤᠷ ᠦᠷ᠎ᠡ ᠰᠠᠴᠣᠭᠠᠳ ᠴᠢᠬᠢᠯᠡᠬᠦ ᠠᠴᠠ ᠡᠮᠦᠨ᠎ᠡ ᠡᠪᠡᠰᠦ ᠠᠷᠢᠯᠭᠠᠬᠤ ᠲᠤᠰᠬᠠᠢ ᠡᠳ᠋ ᠢᠶᠠᠷ ᠪᠢᠲᠡᠬᠦᠮᠵᠢᠯᠡᠨ ᠠᠷᠢᠯᠭᠠᠬᠤ | ᠡᠰᠡᠬᠦᠯ᠎ᠡ ᠨᠢᠯᠬ᠎ᠠ ᠴᠢᠬᠢ ᠵᠢᠭᠳᠡ ᠣᠷᠭᠤᠭᠰᠠᠨ ᠤ ᠳᠠᠷᠠᠭ᠎ᠠ ᠬᠢᠮᠢ ᠶᠢᠨ ᠡᠮ ᠢᠶᠠᠷ ᠡᠪᠡᠰᠦ ᠠᠷᠢᠯᠭᠠᠨ᠎ᠠ᠃ ᠬᠤᠶᠢᠨᠠᠬᠢ ᠬᠤᠭᠤᠴᠠᠭᠠᠨ ᠳᠤ ᠬᠤᠭ ᠡᠪᠡᠰᠦ ᠨᠡᠯᠢᠶᠡᠳ | ᠣᠯᠠᠨ ᠦᠶᠡᠰ᠂ ᠬᠦᠮᠦᠨ ᠤ ᠬᠦᠴᠦ ᠪᠠᠷ 2 — 3 ᠣᠳᠠᠭ᠎ᠠ ᠶᠡᠭᠡ ᠡᠪᠡᠰᠦ ᠶᠢ ᠨᠢ ᠠᠷᠢᠯᠭᠠᠨ᠎ᠠ᠃ | 2. ᠴᠠᠭ ᠲᠤᠬᠠᠢ ᠳᠤᠨᠢ ᠪᠤᠷᠳᠣᠭᠤᠷ ᠨᠡᠮᠡᠵᠦ ᠣᠰᠣᠯᠠᠨ᠎ᠠ᠃ ᠠᠮᠣ ᠬᠡᠳᠦᠶᠢᠪᠡᠷ ᠭᠠᠩ ᠳᠤ ᠳᠡᠰᠪᠦᠷᠢᠲᠡᠢ ᠪᠤᠯᠪᠠᠴᠣ ᠣᠷᠭᠤᠯᠲᠠ ᠶᠢᠨ ᠭᠤᠤᠯ ᠱᠠᠲᠤᠨ ᠳᠤ | ᠭᠠᠩᠳᠠᠬᠤ ᠦᠶᠡᠰ᠂ ᠡᠷᠬᠡᠪᠰᠢ ᠲᠤᠬᠢᠷᠠᠮᠵᠢᠲᠠᠢ ᠬᠤᠭᠤᠴᠠᠭᠠᠨ ᠳᠤ ᠣᠰᠣᠯᠠᠨ᠎ᠠ᠃ ᠦᠶᠡᠯᠡᠬᠦ ᠬᠤᠭᠤᠴᠠᠭᠠᠨ ᠳᠤ ᠬᠤᠶᠠᠳᠠᠬᠢ ᠣᠳᠠᠭ᠎ᠠ ᠣᠰᠣᠯᠠᠵᠤ᠂ ᠲᠦᠷᠦᠭᠦᠳᠦᠬᠦ | ᠬᠤᠭᠤᠴᠠᠭᠠᠨ ᠳᠤ ᠭᠤᠷᠪᠠᠳᠠᠬᠢ ᠣᠳᠠᠭ᠎ᠠ ᠣᠰᠣᠯᠠᠨ᠎ᠠ᠃ ᠦᠶᠡᠯᠡᠬᠦ ᠦᠶᠡᠰ ᠣᠰᠣᠯᠠᠬᠤ ᠶᠢᠨ ᠲᠠᠭᠠᠤ ᠪᠤᠷᠳᠣᠭᠤᠷ ᠨᠡᠮᠡᠨ᠂ ᠮᠣ᠋ ᠨᠢᠭᠡᠪᠦᠷᠢ ᠳᠤ 10kg ᠣᠷᠴᠢᠮ | ᠰᠢᠬᠡᠰᠦᠯᠢᠭ ᠡᠳ᠋ ᠣᠷᠣᠭᠤᠯᠣᠨ᠎ᠠ᠃ ᠠᠮᠣ ᠲᠤᠯᠤᠭᠠᠶᠢᠯᠠᠬᠤ ᠪᠠ ᠢᠳᠡᠭᠡᠯᠡᠬᠦ ᠬᠤᠭᠤᠴᠠᠭᠠᠨ ᠳᠤ 0.2% ᠤᠨ ᠹᠣᠰᠹᠣᠷ ᠬᠦᠴᠢᠯ ᠤᠨ ᠬᠤᠶᠠᠷ ᠣᠰᠣᠳᠦ᠋ᠷᠦᠭᠴᠢᠲᠦ | ᠺᠠᠯᠢ ᠶᠢ 3 — 4 ᠣᠳᠠᠭ᠎ᠠ ᠰᠦᠷᠴᠢᠵᠦ᠂ ᠠᠮᠣ ᠶᠢᠨ ᠣᠷᠭᠤᠯᠲᠠ ᠶᠢᠨ ᠰᠡᠬᠦᠯᠴᠢ ᠶᠢᠨ ᠬᠤᠭᠤᠴᠠᠭᠠᠨ ᠳᠤ ᠪᠤᠷᠳᠣᠭᠤᠷ ᠲᠤᠲᠠᠭᠳᠠᠬᠤ ᠶᠢ ᠰᠡᠷᠬᠡᠶᠢᠯᠡᠨ᠎ᠡ᠃ | ︵ᠲᠤᠯᠤᠭ᠎ᠠ︶ ᠬᠤᠷᠤᠬᠠᠢ ᠶᠢᠨ ᠬᠦᠨᠦᠬᠡᠯ ᠢ ᠰᠡᠷᠬᠡᠶᠢᠯᠡᠨ ᠵᠠᠰᠠᠨ᠎ᠠ᠃ | ᠠᠮᠣ ᠴᠢᠬᠢᠯᠡᠬᠦ ᠦᠶ᠎ᠡ ᠳᠤ 2.5% ᠶᠢᠨ ᠰᠢᠦᠢ ᠴᠢᠩ ᠵᠢᠦᠢ ᡁᠢ ︵ᠳ᠋ᠢ ᠱᠠ ᠰᠧ︶ ᠢ ᠬᠡᠷᠡᠭᠯᠡᠵᠦ ᠪᠤᠯᠤᠨ᠎ᠠ᠂ ᠮᠣ᠋ ᠨᠢᠭᠡᠪᠦᠷᠢ ᠶᠢᠨ ᠬᠡᠷᠡᠭᠯᠡᠬᠦ ᠬᠡᠮᠵᠢᠶ᠎ᠡ 20ml᠂ | 20kg ᠣᠰᠣ ᠬᠤᠯᠢᠨ ᠮᠠᠨᠠᠨᠵᠢᠭᠤᠯᠵᠤ ᠨᠠᠩᠭᠢ ᠬᠤᠷᠤᠬᠠᠢ ᠪᠠ ᠨᠣᠬᠠᠢ ᠶᠢᠨ ᠪᠦᠬᠡᠰᠦ ᠶᠢ ᠰᠡᠷᠬᠡᠶᠢᠯᠡᠨ ᠵᠠᠰᠠᠨ᠎ᠠ᠃ ᠡᠷᠳᠡᠨᠢ ᠰᠢᠰᠢ ᠶᠢᠨ ᠮᠢᠩ ᠵᠡᠷᠭᠡ ᠨᠦᠬᠡᠯᠡᠬᠦ | ᠬᠡᠯᠪᠡᠷᠢ ᠶᠢᠨ ᠬᠤᠤᠷᠲᠤ ᠰᠢᠪᠡᠵᠢ ᠶᠢᠨ ᠬᠦᠨᠦᠬᠡᠯ ᠳᠤ ᠣᠴᠠᠷᠠᠬᠤ ᠦᠶᠡᠰ᠂ ᠮᠣ᠋ ᠨᠢᠭᠡᠪᠦᠷᠢ ᠳᠤ 30mL 20% ᠶᠢᠨ ᠴᠢᠩ ᠡᠤ ᠵᠢᠦᠢ ᡁᠢ ᠲᠤᠰᠤ ᠶᠢ 2000 | — 3000 ᠳᠠᠬᠢᠨ ᠰᠢᠩᠭᠡᠨᠵᠢᠬᠦᠯᠦᠨ ᠮᠠᠨᠠᠨᠵᠢᠭᠤᠯᠵᠤ᠂ ᠠᠮᠣ ᠶᠢᠨ ᠣᠷᠭᠤᠯᠲᠠ ᠶᠢ ᠪᠠᠲᠤᠯᠠᠨ᠂ ᠦᠨᠳᠦᠷ ᠣᠨᠠᠯᠲᠠ ᠶᠢ ᠠᠬᠢᠭᠤᠯᠤᠨ᠎ᠠ᠃ ᠣᠷᠭᠤᠯᠲᠠ ᠶᠢᠨ | ᠬᠤᠭᠤᠴᠠᠭᠠᠨ ᠳᠤ ᠨᠠᠩᠭᠢ ᠬᠤᠷᠤᠬᠠᠢ ᠢᠯᠡᠷᠡᠪᠡᠯ ᠳ᠋ᠢ ᠳ᠋ᠢ ᠸᠧᠢ ᠡᠮ᠂ ᠪᠢ ᠴᠦᠩ ᠯᠢᠨ ᠬᠤᠷᠤᠬᠠᠢ ᠠᠯᠠᠬᠤ ᠡᠳ᠋ ᠵᠡᠷᠭᠡ ᠶᠢ ᠬᠡᠷᠡᠭᠯᠡᠵᠦ ᠰᠡᠷᠬᠡᠶᠢᠯᠡᠨ ᠵᠠᠰᠠᠨ᠎ᠠ᠃ | ᠪᠢᠯᠵᠣᠣᠬᠠᠢ ᠣᠯᠠᠨ ᠭᠠᠵᠠᠷ ᠲᠤ ᠬᠦᠬᠡᠬᠡᠵᠦ ᠶᠠᠪᠤᠭᠤᠯᠬᠤ ᠶᠢ ᠠᠩᠬᠠᠷᠤᠨ᠎ᠠ᠃ | ︵ᠨᠠᠢᠮᠠ︶ ᠵᠤᠬᠢᠮᠵᠢᠲᠠᠢ ᠬᠤᠭᠤᠴᠠᠭᠠᠨ ᠳᠤ ᠬᠤᠷᠢᠶᠠᠨ᠎ᠠ᠃ | ᠠᠮᠣ ᠶᠢᠨ ᠪᠤᠯᠪᠠᠰᠣᠷᠠᠬᠤ ᠬᠤᠭᠤᠴᠠᠭ᠎ᠠ ᠠᠳᠠᠯᠢ ᠦᠬᠡᠢ᠂ ᠲᠦᠷᠦᠬᠦᠨ ᠤ ᠬᠡᠰᠡᠭ ᠨᠢ ᠣᠷᠢᠳ ᠢᠶᠠᠷ ᠪᠤᠯᠪᠠᠰᠣᠷᠠᠵᠤ᠂ ᠳᠣᠣᠷᠠᠲᠤ ᠬᠡᠰᠡᠭ ᠨᠢ ᠰᠡᠬᠦᠯ ᠢᠶᠠᠷ | ᠪᠤᠯᠪᠠᠰᠣᠷᠠᠳᠠᠭ ᠮᠦᠷᠲᠡᠭᠡᠨ ᠭᠤᠤᠯ ᠲᠦᠷᠦᠬᠦᠦ ᠪᠤᠯᠤᠨ ᠪᠤᠳᠠᠯᠠᠬᠤ ᠲᠦᠷᠦᠬᠦᠦ ᠶᠢᠨ ᠪᠤᠯᠪᠠᠰᠣᠷᠠᠬᠤ ᠬᠤᠭᠤᠴᠠᠭ᠎ᠠ ᠴᠣ᠋ ᠨᠡᠯᠢᠶᠡᠳ ᠵᠦᠷᠢᠶ᠎ᠡ ᠲᠠᠢ᠃ ᠲᠦᠷᠦᠬᠦᠦ ᠶᠢᠨ | ᠰᠠᠭᠤᠷᠢ ᠶᠢᠨ ᠬᠡᠰᠡᠭ ᠤᠨ ᠦᠷ᠎ᠡ ᠶᠢᠨ ᠮᠦᠬᠦᠯᠢᠭ ᠬᠠᠲᠠᠭᠤᠷᠠᠬᠤ ᠮᠦᠷᠲᠡᠭᠡᠨ ᠬᠢᠮᠦᠰᠦᠯᠡᠨ ᠴᠣᠭᠤᠯᠵᠣ ᠳᠡᠶᠢᠯᠬᠦ ᠦᠶᠡᠰ ᠪᠣᠯ ᠬᠤᠷᠢᠶᠠᠵᠦ ᠠᠪᠬᠤ ᠳᠣᠬᠢᠷᠠᠮᠵᠢᠲᠠᠢ | ᠬᠤᠭᠤᠴᠠᠭ᠎ᠠ ᠪᠤᠯᠤᠨ᠎ᠠ᠂ ᠣᠷᠣᠢ ᠬᠤᠷᠢᠶᠠᠪᠠᠯ ᠠᠮᠣ ᠶᠢᠨ ᠲᠦᠷᠦᠬᠦᠦ ᠠᠮᠠᠷᠬᠠᠨ ᠰᠠᠯᠬᠢᠨ ᠳᠤ ᠵᠤᠳᠤᠭᠳᠠᠵᠤ ᠮᠦᠬᠦᠯᠢᠭ ᠨᠢ ᠣᠨᠠᠨ᠎ᠠ᠃ ᠬᠠᠲᠤᠵᠤ ᠬᠤᠷᠢᠶᠠᠬᠤ | ᠦᠶᠡᠰ ᠮᠦᠬᠦᠯᠢᠭ ᠬᠤᠷᠢᠶᠠᠬᠤ ᠮᠠᠰᠢᠨ ᠢᠶᠠᠷ ᠬᠤᠷᠢᠶᠠᠵᠦ᠂ ᠴᠠᠭ ᠲᠤᠬᠠᠢ ᠳᠤᠨᠢ ᠬᠠᠲᠠᠭᠠᠵᠤ ᠬᠦᠮᠦᠷᠭᠡᠯᠡᠨ᠂ ᠰᠡᠷᠢᠬᠦᠨ ᠮᠦᠷᠲᠡᠭᠡᠨ ᠬᠠᠭᠤᠷᠠᠢ ᠨᠦᠬᠦᠴᠡᠯ ᠢ | ᠪᠦᠷᠢᠯᠳᠦᠬᠦᠯᠦᠨ ᠬᠠᠳᠠᠭᠠᠯᠠᠨ᠎ᠠ᠃ | ᠳᠦᠷᠪᠡ᠂ ᠰᠠᠭᠠᠭ ᠤᠨ ᠦᠨᠳᠦᠷ ᠣᠨᠠᠯᠲᠠ ᠣᠯᠬᠤ ᠣᠷᠭᠤᠭᠤᠯᠵᠣ ᠵᠠᠶᠢᠯᠠᠬᠤ ᠮᠡᠷᠭᠡᠵᠢᠯ ᠤᠨ ᠳᠦᠷᠢᠮ | ︵ᠨᠢᠬᠡ︶ ᠣᠨᠠᠯᠲᠠ ᠶᠢᠨ ᠬᠡᠮᠵᠢᠶᠡᠨ ᠤ ᠬᠠᠷᠠᠯᠲᠠ᠃ 100 — 150 ᠺᠢᠯᠤᠭ᠍ᠷᠠᠮ/ ᠮᠣ᠋ ᠰᠠᠭᠠᠭ᠂ 150 — 200 ᠺᠢᠯᠣᠭ᠍ᠷᠠᠮ/ ᠮᠣ᠋ ᠬᠤᠷ ᠰᠠᠭᠠᠭ᠃ | | ︵ᠬᠤᠶᠠᠷ︶ ᠭᠤᠤᠷᠰᠣ ᠰᠣᠩᠭᠤᠨ᠎ᠠ᠃ ᠰᠠᠭᠠᠭ ᠤᠨ ᠡᠮᠦᠨ᠎ᠡ ᠭᠤᠤᠷᠰᠣᠨ ᠳᠤ ᠪᠤᠷᠴᠠᠭ ᠤᠨ ᠲᠦᠷᠦᠯ ᠤᠨ ᠲᠠᠷᠢᠮᠠᠯ ᠪᠠᠶᠢᠪᠠᠯ ᠬᠠᠮᠤᠭ ᠰᠠᠶᠢᠨ᠂ ᠳᠠᠷᠠᠭᠠᠯᠠᠪᠠᠯ | ᠦᠶᠡᠲᠦ ᠲᠠᠷᠢᠶᠠᠨ ᠤ ᠲᠠᠷᠢᠮᠠᠯ ᠪᠣᠯᠣᠨ᠎ᠠ᠃ | ︵ᠭᠤᠷᠪᠠ︶ ᠭᠠᠵᠠᠷ ᠳᠡᠭᠰᠢᠯᠡᠨ᠎ᠡ᠃ ᠬᠦᠨᠴᠡ ᠨᠢ 15 — 20cm ᠪᠠᠶᠢᠪᠠᠯ ᠳᠣᠬᠢᠷᠠᠮᠵᠢᠲᠠᠢ᠂ 25cm ᠠᠴᠠ ᠳᠠᠪᠠᠭᠤᠯᠵᠤ ᠪᠤᠯᠬᠤ ᠦᠬᠡᠢ᠂ ᠬᠦᠨ | ᠬᠠᠭᠠᠯᠪᠤᠷᠢᠯᠠᠭᠰᠠᠨ ᠤ ᠳᠠᠷᠠᠭ᠎ᠠ ᠴᠠᠭ ᠲᠤᠬᠠᠢ ᠳᠤᠨᠢ ᠨᠠᠷᠠᠭᠳᠠᠵᠤ ᠬᠦᠷᠦᠰᠦ ᠰᠢᠷᠤᠢ ᠶᠢᠨ ᠴᠢᠬᠢᠭ ᠢ ᠬᠠᠮᠠᠭᠠᠯᠠᠨ᠎ᠠ᠃ | ︵ᠳᠦᠷᠪᠡ︶ ᠪᠣᠷᠳᠣᠭᠤᠷ ᠣᠷᠣᠭᠤᠯᠣᠨ᠎ᠠ᠃ | 1. ᠰᠠᠭᠤᠷᠢ ᠪᠤᠷᠳᠣᠭᠤᠷ ᠳᠤ ᠮᠣ᠋ ᠨᠢᠭᠡᠪᠦᠷᠢ ᠳᠤ 2000 ᠺᠢᠯᠤᠭ᠍ᠷᠠᠮ ᠠᠴᠠ ᠳᠡᠭᠡᠭᠰᠢ ᠣᠷᠭᠠᠨᠢᠭ ᠪᠤᠷᠳᠣᠭᠤᠷ ᠣᠷᠣᠭᠤᠯᠵᠣ᠂ ᠬᠦᠨ ᠬᠠᠭᠠᠯᠪᠤᠷᠢᠯᠠᠭᠰᠠᠨ | ᠬᠠᠭᠠᠯᠠᠮᠠᠢ ᠶᠢᠨ ᠮᠣ᠋ ᠨᠢᠭᠡᠪᠦᠷᠢ ᠳᠤ 50 ᠺᠢᠯᠤᠭ᠍ᠷᠠᠮ ᠹᠣᠰᠹᠣᠷ ᠬᠦᠴᠢᠯ ᠤᠨ ᠺᠠᠯᠽ᠂ 50 ᠺᠢᠯᠤᠭ᠍ᠷᠠᠮ ᠨᠡᠭᠦᠷᠡᠰᠦ ᠬᠦᠴᠢᠯ ᠤᠨ ᠣᠰᠣᠳᠦ᠋ᠷᠦᠭᠴᠢᠲᠦ ᠠᠮᠮᠤᠨᠢ | ᠣᠷᠣᠭᠤᠯᠣᠨ᠎ᠠ᠃ | 2. ᠮᠣ᠋ ᠨᠢᠭᠡᠪᠦᠷᠢ ᠳᠤ 7kg ᠣᠷᠴᠢᠮ ᠰᠢᠬᠡᠰᠦᠯᠢᠭ ᠡᠳ᠋ ᠨᠡᠮᠡᠵᠦ᠂ ᠪᠦᠷᠬᠦᠭ ᠪᠤᠷᠤᠭᠠᠨ ᠲᠠᠢ ᠡᠳᠦᠷ ᠢ ᠰᠣᠩᠭᠤᠵᠣ ᠪᠤᠷᠳᠣᠭᠤᠷ ᠣᠷᠣᠭᠤᠯᠣᠨ᠎ᠠ᠃ | ︵ᠲᠠᠪᠤ︶ ᠦᠷ᠎ᠡ ᠰᠢᠢᠳᠪᠦᠷᠢᠯᠡᠨ᠎ᠡ᠃ | 1. ᠲᠦᠩᠯᠢᠶᠤᠤ ᠬᠤᠲᠠ ᠶᠢᠨ ᠲᠠᠷᠢᠶᠠᠯᠠᠩ ᠤᠨ ᠦᠢᠯᠡᠰ ᠤᠨ ᠰᠢᠨᠵᠢᠯᠡᠬᠦ ᠤᠬᠠᠭᠠᠨ ᠤ ᠬᠦᠷᠢᠶᠡᠯᠡᠩ ᠤᠨ ᠪᠤᠶᠢᠵᠢᠭᠤᠯᠤᠭᠰᠠᠨ 3 ᠨᠣᠮᠧᠷᠲᠦ ᠰᠠᠭᠠᠭ᠂ ᠱᠠᠨᠰᠢ | ᠮᠣᠵᠢ ᠶᠢᠨ ᠲᠡᠮᠡᠬᠡᠲᠦ ᠶᠢᠨ ᠲᠠᠷᠢᠶᠠᠯᠠᠩ ᠤᠨ ᠰᠣᠷᠭᠠᠭᠤᠯᠢ ᠶᠢᠨ ᠪᠤᠶᠢᠵᠢᠭᠤᠯᠤᠭᠰᠠᠨ 4 ᠨᠣᠮᠧᠷᠲᠦ ᠰᠠᠭᠠᠭ᠂ 2 ᠨᠣᠮᠧᠷᠲᠦ ᠰᠠᠭᠠᠭ ᠵᠡᠷᠭᠡ ᠲᠦᠷᠦᠯ ᠡᠬᠦᠯᠳᠡᠷ ᠢ | ᠰᠣᠩᠭᠤᠨ᠎ᠠ︔ ᠲᠦᠩᠯᠢᠶᠤᠤ ᠬᠤᠲᠠ ᠶᠢᠨ ᠲᠠᠷᠢᠶᠠᠯᠠᠩ ᠤᠨ ᠦᠢᠯᠡᠰ ᠤᠨ ᠰᠢᠨᠵᠢᠯᠡᠬᠦ ᠤᠬᠠᠭᠠᠨ ᠤ ᠬᠦᠷᠢᠶᠡᠯᠡᠩ ᠤᠨ ᠪᠤᠶᠢᠵᠢᠭᠤᠯᠤᠭᠰᠠᠨ 2 ᠨᠣᠮᠧᠷᠲᠦ ᠬᠤᠷ | ᠰᠠᠭᠠᠭ᠂ ᠱᠠᠨᠰᠢ ᠮᠣᠵᠢ ᠶᠢᠨ ᠲᠠᠷᠢᠶᠠᠯᠠᠩ ᠤᠨ ᠦᠢᠯᠡᠰ ᠤᠨ ᠰᠢᠨᠵᠢᠯᠡᠬᠦ ᠤᠬᠠᠭᠠᠨ ᠤ ᠬᠦᠷᠢᠶᠡᠯᠡᠩ ᠤᠨ ᠪᠤᠶᠢᠵᠢᠭᠤᠯᠤᠭᠰᠠᠨ 6 — 21 ᠨᠣᠮᠧᠷ᠂ ᠪᠠᠷᠠᠭᠤᠨ | ᠬᠤᠶᠢᠲᠤ ᠶᠢᠨ ᠲᠠᠷᠢᠶᠠᠯᠠᠩ ᠣᠢ ᠰᠢᠭᠤᠢ ᠶᠢᠨ ᠰᠢᠨᠵᠢᠯᠡᠭᠡ ᠮᠡᠷᠭᠡᠵᠢᠯ ᠤᠨ ᠶᠡᠭᠡ ᠰᠣᠷᠭᠠᠭᠤᠯᠢ ᠶᠢᠨ ᠲᠠᠷᠢᠶᠠᠯᠠᠩ ᠤᠨ ᠳᠡᠭᠡᠳᠦ ᠰᠣᠷᠭᠠᠭᠤᠯᠢ ᠶᠢᠨ ᠴᠠᠢ ᠶᠡᠨ | ᠰᠣᠳᠣᠯᠣᠭᠴᠢ ᠶᠢᠨ ᠡᠷᠬᠢᠯᠡᠨ ᠪᠤᠶᠢᠵᠢᠭᠤᠯᠤᠭᠰᠠᠨ 9920 ᠨᠣᠮᠧᠷ ᠵᠡᠷᠭᠡ ᠬᠤᠷ ᠰᠠᠭᠠᠭ ᠤᠨ ᠲᠦᠷᠦᠯ ᠡᠬᠦᠯᠳᠡᠷ ᠢ ᠰᠣᠩᠭᠤᠨ᠎ᠠ᠃ | 2. ᠦᠷ᠎ᠡ ᠰᠠᠴᠣᠬᠤ ᠠᠴᠠ ᠡᠮᠦᠨ᠎ᠡ ᠦᠷ᠎ᠡ ᠰᠣᠩᠭᠤᠵᠣ᠂ ᠬᠤᠭᠤᠰᠣᠨ᠂ ᠴᠣᠣᠬᠠᠯ᠂ ᠮᠠᠭᠤ ᠦᠷ᠎ᠡ ᠪᠠ ᠡᠪᠡᠰᠦᠨ ᠤ ᠦᠷ᠎ᠡ᠂ ᠬᠤᠯᠢᠮᠠᠭ ᠢ ᠠᠷᠢᠯᠭᠠᠨ᠂ | ᠰᠣᠩᠭᠤᠵᠣ ᠭᠠᠷᠭᠠᠭᠰᠠᠨ ᠰᠠᠭᠠᠭ ᠤᠨ ᠦᠷ᠎ᠡ ᠪᠠᠨ 1 — 3 ᠡᠳᠦᠷ ᠬᠠᠲᠠᠭᠠᠨ᠎ᠠ᠃ | ︵ᠵᠢᠷᠭᠤᠭ᠎ᠠ︶ ᠦᠷ᠎ᠡ ᠰᠠᠴᠣᠨ᠎ᠠ᠃ | 1. ᠦᠷ᠎ᠡ ᠰᠠᠴᠣᠬᠤ ᠬᠤᠭᠤᠴᠠᠭ᠎ᠠ᠂ 5 ᠰᠠᠷ᠎ᠠ ᠶᠢᠨ ᠰᠡᠬᠦᠯᠴᠢ ᠠᠴᠠ 6 ᠰᠠᠷ᠎ᠠ ᠶᠢᠨ ᠳᠣᠮᠳᠠᠴᠢ ᠪᠠᠷ ᠦᠷ᠎ᠡ ᠰᠠᠴᠤᠨ᠎ᠠ᠃ | 2. ᠵᠤᠷᠬᠠᠯᠠᠨ ᠲᠡᠷᠢᠬᠤ ᠠᠷᠭ᠎ᠠ ᠪᠠᠷ ᠦᠷ᠎ᠡ ᠰᠠᠴᠣᠨ᠎ᠠ᠃ | 3. ᠲᠠᠷᠢᠬᠤ ᠬᠦᠨᠴᠡ 4 — 6cm᠂ ᠬᠦᠷᠦᠰᠦ ᠰᠢᠷᠤᠢ ᠶᠢᠨ ᠴᠢᠬᠢᠭ᠂ ᠶᠠᠰᠣ ᠴᠢᠨᠠᠷ ᠵᠡᠷᠭᠡ ᠪᠠᠶᠢᠳᠠᠯ ᠢ ᠦᠨᠳᠦᠰᠦᠯᠡᠵᠦ ᠲᠤᠭᠲᠠᠭᠠᠨ᠎ᠠ᠂ ᠡᠯᠡᠰᠦᠷᠬᠡᠭ | ᠬᠦᠷᠦᠰᠦ ᠪᠠ ᠭᠠᠩ ᠬᠠᠭᠤᠷᠠᠢ ᠭᠠᠵᠠᠷ ᠲᠤ ᠬᠦᠨ ᠲᠠᠷᠢᠵᠦ᠂ ᠨᠠᠩᠬᠢ ᠰᠢᠷᠤᠢ ᠪᠠ ᠴᠢᠬᠢᠭ ᠤᠨ ᠪᠠᠶᠢᠳᠠᠯ ᠰᠠᠶᠢᠨ ᠪᠠᠶᠢᠬᠤ ᠦᠶᠡᠰ ᠬᠦᠢᠬᠡᠨ ᠲᠠᠷᠢᠬᠤ ᠶᠢᠨ ᠬᠠᠮᠲᠤ | ᠴᠢᠬᠢᠭ ᠤᠨ ᠪᠠᠶᠢᠳᠠᠯ ᠢ ᠦᠨᠳᠦᠰᠦᠯᠡᠨ ᠳᠠᠷᠤᠰᠢᠭᠤᠯᠤᠨ᠎ᠠ᠃ | 4. ᠰᠠᠭᠠᠭ ᠤᠨ ᠦᠷ᠎ᠡ ᠰᠠᠴᠣᠬᠤ ᠬᠡᠮᠵᠢᠶ᠎ᠡ ︵ᠮᠦᠬᠦᠯᠢᠭ ᠤᠨ ᠬᠦᠨᠳᠦᠴᠡ 32 ᠭᠷᠠᠮ︶ 3kg/ ᠮᠣ᠋᠂ ᠬᠤᠷ ᠰᠠᠭᠠᠭ ᠤᠨ ᠦᠷ᠎ᠡ ᠰᠠᠴᠣᠬᠤ ᠬᠡᠮᠵᠢᠶ᠎ᠡ ︵ | ᠮᠦᠬᠦᠯᠢᠭ ᠤᠨ ᠬᠦᠨᠳᠦᠴᠡ 20 ᠭᠷᠠᠮ︶ 2kg/ ᠮᠣ᠋᠃ | 5. ᠰᠠᠭᠠᠭ ᠤᠨ ᠨᠢᠭᠲᠠᠴᠠ 4 — 5 ᠲᠦᠮᠡᠨ ᠰᠠᠭᠤᠷᠢ/ ᠮᠣ᠋᠂ ᠵᠤᠷᠬᠠᠯᠠᠨ ᠲᠠᠷᠢᠬᠤ ᠮᠦᠷ ᠤᠨ ᠵᠠᠢ 30 — 33cm᠂ ᠰᠠᠭᠤᠷᠢ ᠶᠢᠨ ᠵᠠᠢ 4 — 4. | 5cm᠃ ᠬᠤᠷ ᠰᠠᠭᠠᠭ ᠤᠨ ᠨᠢᠭᠲᠠᠴᠠ 4 — 5 ᠲᠦᠮᠡᠨ ᠰᠠᠭᠤᠷᠢ/ ᠮᠣ᠋᠂ ᠵᠤᠷᠬᠠᠯᠠᠨ ᠲᠠᠷᠢᠬᠤ ᠮᠦᠷ ᠤᠨ ᠵᠠᠢ 30 — 33cm᠂ ᠰᠠᠭᠤᠷᠢ ᠶᠢᠨ ᠵᠠᠢ 4 | — 4.5cm᠃ | ︵ᠲᠤᠯᠤᠭ᠎ᠠ︶ ᠲᠠᠷᠢᠶ᠎ᠠ ᠠᠷᠠᠴᠢᠯᠠᠨ᠎ᠠ᠃ | 1. ᠴᠠᠭ ᠲᠤᠬᠠᠢ ᠳᠤᠨᠢ ᠴᠢᠬᠢ ᠶᠢ ᠪᠠᠶᠢᠴᠠᠭᠠᠨ ᠨᠦᠬᠦᠵᠦ᠂ ᠪᠦᠷᠢᠨ ᠴᠢᠬᠢ ᠶᠢ ᠪᠠᠲᠤᠯᠠᠨ᠎ᠠ᠃ | 2. ᠰᠠᠭᠠᠭ ᠴᠡᠴᠡᠭᠯᠡᠬᠦ ᠬᠤᠭᠤᠴᠠᠭᠠᠨ ᠳᠤ 2 — 3 ᠡᠳᠦᠷ ᠠᠯᠤᠰᠯᠠᠨ ᠲᠤᠭᠤᠰᠤ ᠬᠦᠷᠲᠡᠭᠡᠵᠦ᠂ ᠦᠳᠡ ᠶᠢᠨ ᠡᠮᠦᠨ᠎ᠡ ᠶᠢᠨ 9 — 11 ᠴᠠᠭ ᠲᠤ 200 | — 300m ᠣᠷᠲᠣ᠂ 0.5m ᠦᠷᠭᠡᠨ ᠪᠦᠰ ᠢ ᠬᠤᠶᠠᠷ ᠬᠦᠮᠦᠨ ᠰᠠᠭᠠᠭ ᠤᠨ ᠳᠡᠭᠡᠳᠦ ᠬᠡᠰᠡᠭ ᠢᠶᠠᠷ ᠲᠠᠲᠠᠵᠤ ᠱᠦᠷᠬᠦᠬᠡᠨ ᠰᠠᠵᠢᠯᠠᠭᠤᠯᠤᠭᠠᠳ᠂ ᠰᠠᠭᠤᠷᠢ | ᠪᠤᠯᠭᠠᠨ ᠢ ᠬᠠᠷᠢᠯᠴᠠᠨ ᠣᠶᠢᠷᠠᠳᠣᠭᠤᠯᠣᠨ᠂ ᠬᠠᠷᠢᠯᠴᠠᠨ ᠲᠤᠭᠤᠰᠤ ᠬᠦᠷᠲᠡᠭᠡᠨ᠎ᠡ᠃ ᠵᠦᠬᠡᠢ ᠲᠠᠯᠪᠢᠬᠤ ᠨᠦᠬᠦᠴᠡᠯ ᠲᠠᠢ ᠪᠠᠶᠢᠪᠠᠯ᠂ ᠬᠦᠮᠦᠨ ᠤ ᠬᠦᠴᠦ ᠪᠠᠷ | ᠲᠤᠭᠤᠰᠤ ᠬᠦᠷᠲᠡᠭᠡᠬᠦ ᠶᠢ ᠣᠷᠣᠯᠠᠭᠤᠯᠤᠨ᠎ᠠ᠃ | ︵ᠨᠠᠢᠮᠠ︶ ᠬᠤᠷᠤᠬᠠᠢ ᠶᠢᠨ ᠬᠦᠨᠦᠬᠡᠯ ᠢ ᠰᠡᠷᠬᠡᠶᠢᠯᠡᠨ ᠵᠠᠰᠠᠨ᠎ᠠ᠃ ᠣᠶᠢᠷ᠎ᠠ ᠶᠢᠨ ᠵᠢᠯ ᠣᠲᠤᠭ ᠤᠨ ᠡᠮᠦᠨᠡᠲᠦ ᠬᠤᠰᠢᠭᠤᠨ ᠤ ᠰᠠᠭᠠᠭ ᠤᠨ ᠲᠠᠷᠢᠶ᠎ᠠ ᠠᠮᠠᠷᠬᠠᠨ | ᠬᠤᠷᠤᠬᠠᠢ ᠳᠤ ᠬᠦᠨᠦᠬᠡᠭᠳᠡᠬᠦ ᠨᠢ ᠭᠤᠤᠯᠳᠠᠭᠤ ᠡᠷᠪᠡᠬᠡᠢ ᠶᠢᠨ ᠬᠦᠨᠦᠬᠡᠯ ᠪᠤᠯᠤᠨ᠎ᠠ᠂ ᠰᠡᠷᠬᠡᠶᠢᠯᠡᠨ ᠵᠠᠰᠠᠬᠤ ᠠᠷᠭ᠎ᠠ᠄ ᠬᠦᠨ ᠬᠠᠭᠠᠯᠪᠤᠷᠢᠯᠠᠵᠤ ᠠᠪᠠᠭᠠᠯᠲᠠᠢ ᠶᠢ | ᠠᠷᠢᠯᠭᠠᠬᠤ᠂ ᠳ᠋ᠧᠩ ᠤᠨ ᠬᠡᠷᠡᠯ ᠢᠶᠠᠷ ᠣᠰᠠᠳᠬᠠᠬᠤ᠂ ᠬᠦᠮᠦᠨ ᠤ ᠬᠦᠴᠦ ᠪᠠᠷ ᠠᠯᠠᠬᠤ᠂ ᠬᠢᠮᠢ ᠶᠢᠨ ᠡᠮ ᠵᠡᠷᠭᠡ ᠠᠷᠭ᠎ᠠ ᠪᠠᠷ ᠰᠡᠷᠬᠡᠶᠢᠯᠡᠨ ᠵᠠᠰᠠᠨ᠎ᠠ᠃ | ︵ᠶᠢᠰᠦ︶ ᠳᠣᠬᠢᠷᠠᠮᠵᠢᠲᠠᠢ ᠬᠤᠭᠤᠴᠠᠭᠠᠨ ᠳᠤ ᠬᠤᠷᠢᠶᠠᠨ᠎ᠠ᠃ ᠰᠠᠭᠠᠭ ᠤᠨ ᠮᠦᠬᠦᠯᠢᠭ ᠤᠨ ᠪᠤᠯᠪᠠᠰᠣᠷᠠᠬᠤ ᠨᠢ ᠳᠡᠭᠰᠢ ᠦᠬᠡᠢ᠂ ᠡᠩ ᠤᠨ ᠪᠠᠶᠢᠳᠠᠯ ᠳᠤ | ᠪᠦᠬᠦ ᠰᠠᠭᠤᠷᠢ ᠶᠢᠨ 2/3 ᠮᠦᠬᠦᠯᠢᠭ ᠨᠢ ᠪᠤᠯᠪᠠᠰᠣᠷᠠᠬᠤ ᠦᠶᠡᠰ ᠬᠦᠷᠡᠩ ᠦᠩᠭᠡ᠂ ᠦᠨᠡᠰᠦᠨ ᠦᠩᠭᠡ ᠪᠤᠯᠤᠨ ᠬᠤᠪᠢᠷᠠᠵᠤ᠂ ᠲᠤᠰ ᠲᠦᠷᠦᠯ ᠡᠭᠦᠯᠳᠡᠷ ᠤᠨ | ᠣᠭ ᠦᠩᠭᠡ ᠢᠯᠡᠷᠡᠬᠦ ᠦᠶᠡᠰ ᠪᠤᠯ ᠬᠤᠷᠢᠶᠠᠵᠦ ᠠᠪᠬᠤ ᠳᠣᠬᠢᠷᠠᠮᠵᠢᠲᠠᠢ ᠬᠤᠭᠤᠴᠠᠭ᠎ᠠ ᠪᠤᠯᠤᠨ᠎ᠠ᠂ ᠪᠦᠷᠬᠦᠭ ᠡᠳᠦᠷ ᠪᠤᠶᠤ ᠦᠷᠯᠦᠬᠡ ᠶᠢᠨ ᠰᠢᠬᠦᠳᠡᠷᠢ ᠲᠠᠢ ᠦᠶᠡᠰ | ᠢ ᠰᠣᠩᠭᠤᠵᠣ ᠬᠤᠷᠢᠶᠠᠨ᠂ ᠮᠦᠬᠦᠯᠢᠭ ᠣᠨᠠᠵᠤ ᠣᠨᠠᠯᠲᠠ ᠮᠠᠭᠤᠳᠠᠬᠤ ᠶᠢ ᠰᠡᠷᠬᠡᠶᠢᠯᠡᠨ᠎ᠡ᠃ | ᠳᠠᠭᠠᠯᠳᠣᠭᠤᠯᠣᠯ 3᠄ | ᠰᠦᠯᠢᠶᠤᠤ ᠬᠦᠯᠡᠮᠵᠢ ᠶᠢᠨ ᠪᠠᠶᠢᠭᠤᠯᠤᠯᠲᠠ ᠶᠢᠨ ᠪᠠᠷᠢᠮᠵᠢᠶ᠎ᠠ | ᠬᠦᠯᠡᠮᠵᠢ ᠶᠢᠨ ᠣᠷᠲᠣ 60m᠂ ᠵᠠᠢ ᠨᠢ 9m᠂ ᠦᠨᠳᠦᠷ 3.2m ︵ᠴᠡᠪᠡᠷ ᠦᠨᠳᠦᠷ 2.9m︶᠂ ᠡᠬᠦᠳᠡᠨ ᠤ ᠦᠷᠬᠡᠨ 2.5m︔ ᠬᠦᠯᠡᠮᠵᠢ ᠳᠤ | 25/60/1.5 ᠮᠢᠯᠢᠮᠧᠲᠷ ᠴᠠᠶᠢᠷᠳᠠᠮᠠᠯ ᠵᠤᠤᠪᠠᠩ ᠬᠤᠭᠤᠯᠠᠢ ᠪᠤᠶᠤ ᠬᠤᠶᠠᠷ ᠳᠠᠪᠬᠤᠷᠭᠠᠲᠤ ᠴᠠᠶᠢᠷᠳᠠᠮᠠᠯ ᠪᠤᠯᠤᠳ ᠬᠤᠭᠤᠯᠠᠢ ᠪᠤᠯᠤᠳ ᠵᠢᠶᠠᠰᠠ ᠶᠢᠨ | ᠪᠦᠲᠦᠴᠡ ᠶᠢ ᠬᠡᠷᠡᠭᠯᠡᠨ᠎ᠡ᠃ ᠬᠤᠶᠠᠷ ᠳᠠᠪᠬᠤᠷᠭᠠᠲᠤ ᠪᠤᠯᠤᠳ ᠵᠢᠶᠠᠰᠠ ᠴᠠᠶᠢᠷᠳᠠᠮᠠᠯ ᠪᠤᠯᠤᠳ ᠬᠤᠭᠤᠯᠠᠢ ᠪᠤᠯᠤᠳ ᠵᠢᠶᠠᠰᠠ ᠶᠢᠨ ᠪᠦᠲᠦᠴᠡ ᠶᠢᠨ ᠳᠡᠭᠡᠳᠦ | ᠳᠠᠪᠬᠤᠷᠭ᠎ᠠ ᠨᠢ 1.5 ᠮᠢᠯᠢᠮᠧᠲᠷ ᠠᠴᠠ ᠳᠡᠭᠡᠭᠰᠢ 1 ᠢᠮᠠᠬᠤ ᠪᠤᠯᠤᠳ ᠬᠤᠭᠤᠯᠠᠢ᠂ ᠳᠣᠣᠷᠠᠲᠤ ᠳᠠᠪᠬᠤᠷᠭ᠎ᠠ ᠨᠢ 4 ᠢᠮᠠᠬᠤ ᠠᠴᠠ ᠳᠡᠭᠡᠭᠰᠢ ᠴᠠᠶᠢᠷᠳᠠᠮᠠᠯ ᠪᠤᠯᠤᠳ | ᠬᠤᠭᠤᠯᠠᠢ ᠪᠤᠶᠤ 10# ᠠᠴᠠ ᠳᠡᠭᠡᠭᠰᠢ ᠰᠢᠷᠪᠤᠰᠣᠨ ᠪᠤᠯᠤᠳ ᠬᠡᠷᠡᠭᠯᠡᠨ᠎ᠡ᠂ ᠬᠤᠶᠠᠷ ᠳᠠᠪᠬᠤᠷᠭ᠎ᠠ ᠶᠢᠨ ᠬᠤᠭᠤᠷᠤᠨᠲᠤ 6# ᠠᠴᠠ ᠳᠡᠭᠡᠭᠰᠢ ᠰᠢᠷᠪᠤᠰᠤᠨ ᠪᠤᠯᠤᠳ | ᠢᠶᠠᠷ ᠵᠠᠯᠭᠠᠨ᠎ᠠ᠃ | ᠳᠠᠭᠠᠯᠳᠣᠭᠤᠯᠣᠯ 4᠄ | ᠣᠲᠤᠭ ᠤᠨ ᠡᠮᠦᠨᠡᠲᠦ ᠬᠤᠰᠢᠭᠤᠨ ᠤ ᠭᠠᠵᠠᠷ ᠳᠣᠣᠷᠠᠬᠢ ᠣᠰᠣᠨ ᠤ ᠬᠡᠲᠦ ᠠᠰᠢᠭᠯᠠᠯᠲᠠ ᠶᠢᠨ ᠣᠷᠣᠨ ᠤ ᠲᠠᠷᠢᠮᠠᠯ ᠤᠨ ᠪᠦᠲᠦᠴᠡ ᠶᠢᠨ ᠲᠤᠬᠢᠷᠠᠭᠤᠯᠤᠯᠲᠠ | ᠵᠢᠴᠢ ᠳᠦᠬᠦᠬᠡᠷᠦᠮᠵᠢᠲᠦ ᠲᠠᠷᠢᠶᠠᠯᠠᠩ ᠤᠨ ᠦᠢᠯᠡᠰ ᠤᠨ ᠬᠦᠭᠵᠢᠯᠲᠡ ᠶᠢᠨ ᠲᠦᠷᠦᠯ ᠵᠦᠢᠯ ᠤᠨ ᠲᠡᠯᠡᠪᠡᠢ ᠶᠢᠨ ᠬᠠᠷᠭᠤᠭᠤᠯᠤᠯᠲᠠ ᠶᠢᠨ ᠨᠠᠷᠢᠨ ᠳᠠᠩᠰᠠ︔ ︵ | ᠲᠤᠪᠴᠢᠯᠠᠪᠠ︶ | |