︽ᠣᠳᠤᠭ ᠤᠨ ᠡᠮᠦᠨᠡᠳᠦ ᠬᠤᠰᠢᠭᠤᠨ ᠤ ᠰᠣᠶᠣᠯ ᠵᠢᠭᠤᠯᠴᠢᠯᠠᠯ ᠤᠨ ᠠᠵᠣ ᠣᠶᠢᠯᠠᠰ ᠤᠨ ᠠᠭᠤᠰᠣᠯᠴᠠᠯ | ᠬᠦᠭᠵᠢᠯᠳᠡ ᠶᠢ ᠲᠡᠮᠵᠢᠨ ᠬᠦᠬᠢᠬᠦᠯᠦᠨ ᠱᠠᠩᠨᠠᠬᠤ ᠠᠷᠭ᠎ᠠ ᠶᠢᠨ ᠬᠡᠷᠡᠭᠵᠢᠭᠦᠯᠬᠦ ᠲᠦᠷᠢᠮ︾ ᠢ ᠴᠣᠬᠤᠯᠠᠪᠦᠷᠢᠯᠠᠨ | ᠣᠯᠠᠮᠵᠢᠯᠠᠬᠤ ᠲᠣᠬᠠᠢ ᠣᠳᠤᠭ ᠤᠨ ᠡᠮᠦᠨᠡᠳᠦ ᠬᠤᠰᠢᠭᠤᠨ ᠤ ᠠᠷᠠᠳ ᠤᠨ ᠵᠠᠰᠠᠭ ᠤᠨ ᠣᠷᠳᠣᠨ ᠤ ᠮᠡᠳᠡᠭᠳᠡᠯ | | | ᠱᠠᠩᠬᠠᠢ ᠶᠢᠨ ᠰᠦᠮ᠎ᠡ ᠠᠵᠣ ᠠᠬᠤᠢ ᠶᠢᠨ ᠨᠡᠭᠡᠭᠡᠯᠳᠡ ᠶᠢᠨ ᠣᠷᠣᠨ᠂ ᠡᠯ᠎ᠡ ᠪᠠᠯᠭᠠᠰᠦ᠂ ᠬᠤᠰᠢᠭᠤ ᠰᠢᠭᠤᠳ ᠬᠠᠷᠢᠶ᠎ᠠ ᠡᠯ᠎ᠡ ᠰᠠᠯᠠᠭ᠎ᠠ ᠮᠦᠴᠢᠷ᠂ ᠡᠯ᠎ᠡ ᠰᠢᠭᠤᠳ | ᠬᠠᠷᠢᠶ᠎ᠠ ᠪᠠᠶᠢᠭᠤᠯᠭ᠎ᠠ ᠵᠢᠴᠢ ᠬᠠᠮᠢᠶ᠎ᠠ ᠪᠦᠬᠦᠢ ᠠᠵᠣ ᠠᠬᠤᠶᠢᠯᠠᠯ ᠠᠵᠢᠯ ᠣᠶᠢᠯᠠᠰ ᠤᠨ ᠨᠢᠭᠡᠴᠠ᠂ ᠡᠯ᠎ᠡ ᠠᠷᠠᠳ ᠤᠨ ᠪᠦᠯᠬᠦᠮ᠄ | ︽ᠣᠳᠤᠭ ᠤᠨ ᠡᠮᠦᠨᠡᠳᠦ ᠬᠤᠰᠢᠭᠤᠨ ᠤ ᠰᠣᠶᠣᠯ ᠵᠢᠭᠤᠯᠴᠢᠯᠠᠯ ᠤᠨ ᠠᠵᠣ ᠣᠶᠢᠯᠠᠰ ᠤᠨ ᠠᠭᠤᠰᠣᠯᠴᠠᠯ ᠬᠦᠭᠵᠢᠯᠳᠡ ᠶᠢ ᠲᠡᠮᠵᠢᠨ ᠬᠦᠬᠢᠬᠦᠯᠦᠨ ᠱᠠᠩᠨᠠᠬᠤ | ᠠᠷᠭ᠎ᠠ ᠶᠢᠨ ᠬᠡᠷᠡᠭᠵᠢᠭᠦᠯᠬᠦ ᠲᠦᠷᠢᠮ︾ ᠢ ᠡᠳᠦᠭᠡ ᠲᠠᠷᠣᠮᠠᠯᠯᠠᠨ ᠲᠠᠷᠬᠠᠭᠠᠪᠠ᠂ ᠪᠣᠳᠠᠳᠠᠢ ᠲᠠᠢ ᠣᠶᠠᠯᠳᠣᠭᠤᠯᠣᠨ᠂ ᠨᠠᠷᠢᠨ ᠬᠢᠨᠠᠮᠠᠭᠠᠢ ᠬᠡᠷᠡᠭᠵᠢᠭᠦᠯᠰᠦᠭᠡᠢ᠃ | | ᠣᠳᠤᠭ ᠤᠨ ᠡᠮᠦᠨᠡᠳᠦ ᠬᠤᠰᠢᠭᠤᠨ ᠤ ᠠᠷᠠᠳ ᠤᠨ ᠵᠠᠰᠠᠭ ᠤᠨ ᠣᠷᠳᠣᠨ | 2022 ᠣᠨ ᠤ 2 ᠰᠠᠷ᠎ᠠ ᠶᠢᠨ 28 ᠤ ᠡᠳᠦᠷ | | ᠣᠳᠤᠭ ᠤᠨ ᠡᠮᠦᠨᠡᠳᠦ ᠬᠤᠰᠢᠭᠤᠨ ᠤ ᠰᠣᠶᠣᠯ ᠵᠢᠭᠤᠯᠴᠢᠯᠠᠯ ᠤᠨ ᠠᠵᠣ ᠣᠶᠢᠯᠠᠰ ᠤᠨ ᠠᠭᠤᠰᠣᠯᠴᠠᠯ ᠬᠦᠭᠵᠢᠯᠳᠡ ᠶᠢ ᠲᠡᠮᠵᠢᠨ ᠬᠦᠬᠢᠬᠦᠯᠦᠨ ᠱᠠᠩᠨᠠᠬᠤ | ᠠᠷᠭ᠎ᠠ ᠶᠢᠨ ᠬᠡᠷᠡᠭᠵᠢᠭᠦᠯᠭᠦ ᠲᠦᠷᠢᠮ ︵ᠲᠣᠷᠰᠢᠨ ᠬᠡᠷᠡᠭᠵᠢᠬᠦᠯᠬᠦ︶ | | | ᠨᠢᠭᠡᠳᠦᠭᠡᠷ ᠪᠦᠯᠦᠭ ᠶᠡᠷᠦᠩᠬᠡᠢ ᠲᠦᠷᠢᠮ | ᠨᠢᠭᠡᠳᠦᠭᠡᠷ ᠵᠣᠶᠢᠯ ᠣᠳᠤᠭ ᠤᠨ ᠡᠮᠦᠨᠡᠳᠦ ᠬᠤᠰᠢᠭᠤᠨ ᠤ ᠰᠣᠶᠣᠯ ᠵᠢᠭᠤᠯᠴᠢᠯᠠᠯ ᠤᠨ ᠠᠵᠣ ᠣᠶᠢᠯᠠᠰ ᠢ ᠰᠢᠨ᠎ᠡ ᠲᠣᠯᠭᠠᠭᠤᠷᠢᠯᠠᠯ ᠠᠵᠣ ᠣᠶᠢᠯᠠᠰ | ᠪᠣᠯᠭᠠᠨ ᠪᠣᠶᠢᠵᠢᠭᠤᠯᠬᠤ ᠶᠢ ᠲᠦᠷᠭᠡᠳᠬᠡᠵᠣ᠂ ᠵᠢᠭᠤᠯᠴᠢᠯᠠᠭᠰᠠᠳ ᠢ ᠣᠳᠤᠭ ᠤᠨ ᠡᠮᠦᠨᠡᠳᠦ ᠬᠤᠰᠢᠭᠤᠨ ᠳᠤ ᠲᠠᠳᠠᠨ᠂ ᠰᠣᠶᠣᠯ ᠵᠢᠭᠤᠯᠴᠢᠯᠠᠯ ᠤᠨ ᠠᠵᠣ ᠣᠶᠢᠯᠠᠰ | ᠤᠨ ᠴᠢᠨᠠᠷᠯᠢᠭ ᠬᠦᠭᠵᠢᠯᠳᠡ ᠶᠢ ᠠᠬᠢᠭᠤᠯᠬᠤ ᠶᠢᠨ ᠲᠣᠰᠠᠳᠠ᠂ ︽ᠣᠷᠳᠣᠰ ᠬᠤᠳᠠ ᠶᠢᠨ ᠰᠣᠶᠣᠯ ᠪᠣᠯᠣᠨ ᠵᠢᠭᠤᠯᠴᠢᠯᠠᠯ ᠤᠨ ᠬᠡᠷᠡᠭᠯᠡᠭᠡ ᠶᠢ ᠠᠬᠢᠭᠤᠯᠬᠤ ᠠᠷᠭ᠎ᠠ | ᠠᠪᠴᠠᠯ ᠤᠳ ᠤᠨ ᠮᠡᠳᠡᠭᠳᠡᠯ︾ ︵ᠣᠷᠳᠣᠰ ᠵᠠᠰᠠᠭ ᠲᠠᠷᠬᠠᠭᠠᠭᠰᠠᠨ ﹇2021﹈ 52 ᠲᠣᠭᠠᠳᠦ︶ ᠢ ᠦᠨᠳᠦᠰᠦᠯᠡᠨ᠂ ᠮᠠᠨ ᠤ ᠬᠤᠰᠢᠭᠤᠨ ᠤ ᠪᠣᠳᠠᠳᠦ ᠪᠠᠶᠢᠳᠠᠯ | ᠲᠠᠢ ᠪᠠᠨ ᠣᠶᠠᠯᠳᠣᠭᠤᠯᠵᠣ᠂ ᠲᠣᠰ ᠠᠷᠭ᠎ᠠ ᠶᠢ ᠲᠣᠭᠳᠠᠭᠠᠪᠠ᠃ | ᠬᠤᠶᠠᠳᠣᠭᠠᠷ ᠵᠣᠶᠢᠯ ᠰᠣᠶᠣᠯ ᠵᠢᠭᠤᠯᠴᠢᠯᠠᠯ ᠢ ᠲᠠᠮᠵᠢᠨ ᠬᠦᠬᠢᠬᠦᠯᠬᠦ ᠪᠡᠯᠡ ᠮᠦᠩᠭᠦᠨ ᠤ ᠬᠠᠮᠢᠶᠠᠷᠣᠯᠳᠠ ᠪᠣᠯᠣᠨ ᠬᠡᠷᠡᠭᠯᠡᠭᠡᠨ ᠳᠤ ︽ᠪᠦᠬᠦᠳᠡ | ᠨᠠᠶᠢᠷᠠᠮᠳᠠᠬᠤ ᠲᠣᠮᠳᠠᠳᠦ ᠠᠷᠠᠳ ᠣᠯᠣᠰ ᠤᠨ ᠲᠦᠰᠦᠪ ᠤᠨ ᠬᠠᠣᠯᠢ︾᠂ ︽ᠦᠪᠦᠷ ᠮᠣᠩᠭᠤᠯ ᠤᠨ ᠦᠪᠡᠷᠳᠡᠭᠡᠨ ᠵᠠᠰᠠᠬᠤ ᠣᠷᠣᠨ ᠤ ᠵᠢᠭᠤᠯᠴᠢᠯᠠᠯ ᠤᠨ | ᠬᠦᠭᠵᠢᠯᠳᠡ ᠶᠢᠨ ᠪᠡᠯᠡ ᠮᠦᠩᠭᠦᠨ ᠤ ᠬᠠᠮᠢᠶᠠᠷᠣᠯᠳᠠ ᠶᠢᠨ ᠠᠷᠭ᠎ᠠ︾ ᠵᠡᠷᠭᠡ ᠲᠣᠭᠳᠠᠭᠠᠯ ᠢ ᠴᠢᠩᠭ᠎ᠠ ᠬᠡᠷᠡᠭᠵᠢᠭᠦᠯᠦᠨ᠂ ︽ᠠᠷᠭ᠎ᠠ ᠵᠠᠮ ᠡᠮᠬᠢ ᠲᠢᠭᠯᠢᠮ ᠲᠠᠢ᠂ | ᠬᠡᠷᠡᠭᠴᠡᠭᠡ ᠶᠢ ᠬᠤᠪᠢᠷᠠᠭᠤᠯᠬᠤ ᠦᠭᠡᠢ᠂ ᠰᠢᠰᠲ᠋ᠧᠮᠴᠢ ᠬᠠᠮᠢᠶᠠᠷᠣᠯᠳᠠ︾ ᠪᠣᠯᠣᠨ ︽ᠢᠯᠡ ᠲᠣᠳᠦ᠂ ᠲᠦᠪ ᠭᠤᠣᠯᠴᠢ᠂ ᠡᠷᠭᠡ ᠲᠡᠭᠰᠢ︾ ᠵᠠᠷᠴᠢᠮ ᠢ ᠪᠠᠷᠢᠮᠳᠠᠯᠠᠵᠣ | ᠂ ᠪᠡᠯᠡ ᠮᠦᠩᠭᠦᠨ ᠤ ᠬᠠᠣᠯᠢ ᠶᠣᠰᠣᠨ ᠤ ᠲᠦᠷᠢᠮᠵᠢᠭᠦᠨ ᠠᠮᠣᠷ ᠲᠦᠪᠰᠢᠨ ᠪᠠ ᠦᠨᠳᠦᠷ ᠠᠰᠢᠭᠳᠦ ᠬᠡᠷᠡᠭᠯᠡᠯᠳᠡ ᠶᠢ ᠪᠠᠳᠣᠯᠠᠨ᠎ᠠ᠃ | ᠭᠤᠷᠪᠠᠳᠣᠭᠠᠷ ᠵᠣᠶᠢᠯ ᠬᠤᠰᠢᠭᠤ ᠡᠳ᠋ ᠤᠨ ᠵᠠᠰᠠᠭ ᠤᠨ ᠲᠣᠪᠴᠢᠶ᠎ᠠ ᠪᠣᠯ ᠰᠣᠶᠣᠯ ᠵᠢᠭᠤᠯᠴᠢᠯᠠᠯ ᠢ ᠲᠡᠮᠵᠢᠨ ᠬᠦᠬᠢᠬᠦᠯᠬᠦ ᠪᠡᠯᠡ ᠮᠦᠩᠭᠦᠨ ᠤ | ᠬᠠᠮᠢᠶᠠᠷᠣᠯᠳᠠ ᠶᠢᠨ ᠰᠠᠯᠠᠭ᠎ᠠ ᠮᠦᠴᠢᠷ ᠪᠣᠯᠣᠨ᠎ᠠ᠃ ᠪᠡᠯᠡ ᠮᠦᠩᠭᠦᠨ ᠤ ᠲᠦᠰᠦᠪ ᠤᠨ ᠬᠢᠨᠠᠨ ᠬᠠᠷᠭᠤᠭᠤᠯᠣᠯᠳᠠ᠂ ᠣᠯᠭᠤᠯᠳᠠ ᠪᠠ ᠬᠢᠨᠠᠯᠳᠠ ᠬᠠᠮᠢᠶᠠᠷᠣᠯᠳᠠ ᠶᠢ | ᠬᠠᠷᠢᠭᠤᠴᠠᠨ᠎ᠠ︔ ᠬᠤᠰᠢᠭᠤ ᠰᠣᠶᠣᠯ ᠵᠢᠭᠤᠯᠴᠢᠯᠠᠯ ᠤᠨ ᠲᠣᠪᠴᠢᠶ᠎ᠠ ᠪᠣᠯ ᠰᠣᠶᠣᠯ ᠵᠢᠭᠤᠯᠴᠢᠯᠠᠯ ᠢ ᠲᠡᠮᠵᠢᠨ ᠬᠦᠬᠢᠬᠦᠯᠬᠦ ᠪᠡᠯᠡ ᠮᠦᠩᠭᠦᠨ ᠤ ᠲᠦᠷᠦᠯ ᠵᠣᠶᠢᠯ ᠤᠨ | ᠬᠠᠮᠢᠶᠠᠷᠣᠯᠳᠠ ᠶᠢᠨ ᠰᠠᠯᠠᠭ᠎ᠠ ᠮᠦᠴᠢᠷ ᠪᠣᠯᠣᠨ᠎ᠠ᠂ ᠰᠣᠶᠣᠯ ᠵᠢᠭᠤᠯᠴᠢᠯᠠᠯ ᠢ ᠲᠡᠮᠵᠢᠨ ᠬᠦᠬᠢᠬᠦᠯᠬᠦ ᠲᠦᠷᠦᠯ ᠵᠣᠶᠢᠯ ᠤᠨ ᠮᠡᠳᠡᠭᠦᠯᠦᠯᠳᠡ ᠶᠢᠨ ᠬᠢᠨᠠᠨ | ᠴᠣᠬᠤᠯᠠᠪᠦᠷᠢᠯᠠᠯᠳᠠ᠂ ᠪᠡᠯᠡ ᠮᠦᠩᠭᠦᠨ ᠤ ᠬᠡᠷᠡᠭᠯᠡᠯᠳᠡ ᠪᠣᠯᠣᠨ ᠬᠤᠪᠢᠶᠠᠷᠢᠯᠠᠯ ᠤᠨ ᠬᠡᠷᠡᠭᠵᠢᠭᠦᠯᠦᠯᠳᠠ ᠶᠢ ᠬᠠᠷᠢᠭᠤᠴᠠᠨ᠎ᠠ᠃ | | ᠬᠤᠶᠠᠳᠣᠭᠠᠷ ᠪᠦᠯᠦᠭ ᠨᠡᠷᠡᠳᠦ ᠲᠡᠮᠳᠡᠭ ᠤᠨ ᠴᠣᠭᠴᠠᠯᠠᠯᠳᠠ ᠲᠡᠰ ᠲᠡᠪᠰᠢᠭᠦᠯᠦᠯᠳᠡ ᠶᠢ ᠲᠡᠮᠵᠢᠬᠦ ᠪᠡ ᠬᠦᠬᠢᠬᠦᠯᠦᠨ ᠱᠠᠩᠨᠠᠬᠤ | ᠲᠦᠷᠪᠡᠳᠦᠭᠡᠷ ᠵᠣᠶᠢᠯ ᠨᠡᠷᠡᠳᠦ ᠲᠡᠮᠳᠡᠭ ᠤᠨ ᠴᠣᠭᠴᠠᠯᠠᠯᠳᠠ ᠲᠡᠰ ᠲᠡᠪᠰᠢᠭᠦᠯᠦᠯᠳᠡ ᠶᠢ ᠲᠡᠮᠵᠢᠨ ᠬᠦᠬᠢᠬᠦᠯᠬᠦ ᠪᠡᠯᠡ ᠮᠦᠩᠭᠦ ᠶᠢ ᠣᠯᠭᠤᠬᠤ ᠡᠳᠡᠭᠡᠳ᠄ | ᠣᠳᠤᠭ ᠤᠨ ᠡᠮᠦᠨᠡᠳᠦ ᠬᠤᠰᠢᠭᠤᠨ ᠳᠤ ᠬᠠᠣᠯᠢ ᠶᠣᠰᠣᠭᠠᠷ ᠲᠡᠮᠳᠡᠭᠯᠡᠭᠦᠯᠦᠨ ᠲᠠᠩᠰᠠᠯᠠᠭᠤᠯᠵᠣ᠂ ᠡᠵᠡᠩᠨᠡᠨ ᠭᠠᠶᠢᠯᠢ ᠲᠣᠰᠢᠶᠠᠭᠰᠠᠨ ᠮᠦᠷᠳᠡᠭᠡᠨ ᠲᠣᠰᠠᠭᠠᠷ ᠬᠠᠣᠯᠢ | ᠤᠨ ᠡᠷᠬᠡᠳᠡᠨ ᠤ ᠬᠢᠷᠢ ᠬᠡᠮ ᠲᠠᠢ ᠠᠵᠣ ᠠᠬᠤᠶᠢᠯᠠᠯ ᠠᠵᠢᠯ ᠣᠶᠢᠯᠠᠰ ᠤᠨ ᠨᠢᠭᠡᠴᠡ᠂ ᠲᠣᠬᠠᠶᠢᠯᠠᠭᠰᠠᠨ ᠠᠵᠢᠯ ᠤᠨ ᠨᠡᠶᠢᠭᠡᠮᠯᠢᠭ ᠵᠢᠴᠢ ᠪᠣᠰᠣᠳ ᠬᠠᠮᠢᠶ᠎ᠠ ᠪᠦᠬᠦᠢ | ᠪᠠᠶᠢᠭᠤᠯᠭ᠎ᠠ ᠨᠢᠭᠡᠴᠡ᠃ | ᠲᠠᠪᠣᠳᠣᠭᠠᠷ ᠵᠣᠶᠢᠯ ᠨᠡᠷᠡᠳᠦ ᠲᠡᠮᠳᠡᠭ ᠤᠨ ᠴᠣᠭᠴᠠᠯᠠᠯᠳᠠ ᠲᠡᠰ ᠲᠡᠪᠰᠢᠭᠦᠯᠦᠯᠳᠡ ᠶᠢ ᠲᠡᠮᠵᠢᠨ ᠬᠦᠬᠢᠬᠦᠯᠬᠦ ᠪᠡᠯᠡ ᠮᠦᠩᠭᠦ ᠶᠢ ᠭᠤᠶᠣᠪᠴᠢᠯᠠᠬᠤ | ᠨᠦᠭᠦᠴᠡᠯ᠄ | ︵ᠨᠢᠭᠡ︶ ᠣᠳᠤᠭ ᠤᠨ ᠡᠮᠦᠨᠡᠳᠦ ᠬᠤᠰᠢᠭᠤᠨ ᠳᠤ ᠬᠠᠣᠯᠢ ᠶᠣᠰᠣᠭᠠᠷ ᠲᠡᠮᠳᠡᠭᠯᠡᠭᠦᠯᠦᠨ ᠲᠠᠩᠰᠠᠯᠠᠭᠤᠯᠵᠣ᠂ ᠡᠵᠡᠩᠨᠡᠨ ᠭᠠᠶᠢᠯᠢ ᠲᠣᠰᠢᠶᠠᠭᠰᠠᠨ ᠡᠳᠡᠭᠡᠳ︔ | ︵ᠬᠤᠶᠠᠷ︶ ᠭᠤᠶᠣᠪᠴᠢᠯᠠᠨ ᠮᠡᠳᠡᠭᠦᠯᠦᠭᠰᠡᠨ ᠨᠡᠷᠡᠳᠦ ᠲᠡᠮᠳᠡᠭ ᠨᠢ ᠲᠣᠰ ᠵᠢᠯ ᠳᠤ ᠪᠠᠨ ᠦᠨᠡᠯᠡᠯᠳᠡ ᠣᠯᠣᠭᠰᠠᠨ ᠪᠠᠶᠢᠬᠤ ᠬᠡᠷᠡᠭᠳᠡᠢ︔ | ︵ᠭᠤᠷᠪᠠ︶ ᠣᠳᠤᠭ ᠤᠨ ᠡᠮᠦᠨᠡᠳᠦ ᠬᠤᠰᠢᠭᠤᠨ ᠤ ᠬᠡᠪᠴᠢᠶᠠᠨ ᠳᠤ ᠨᠡᠷᠡᠳᠦ ᠲᠡᠮᠳᠡᠭ ᠤᠨ ᠰᠣᠶᠣᠯ ᠵᠢᠭᠤᠯᠴᠢᠯᠠᠯ ᠤᠨ ᠪᠠᠶᠠᠷ ᠲᠣᠷᠠᠰᠬᠠᠯ ᠤᠨ ᠠᠵᠢᠯᠯᠠᠭᠠᠨ | ᠦᠷᠨᠢᠭᠦᠯᠵᠣ᠂ 2000 ᠢᠯᠡᠭᠦᠣ ᠬᠦᠮᠦᠨ ᠣᠷᠣᠯᠴᠠᠭᠰᠠᠨ ᠪᠣᠳᠠᠳᠠᠢ ᠭᠠᠵᠠᠷ ᠣᠷᠣᠨ ᠤ ᠣᠨᠴᠠᠯᠢᠭ ᠲᠠᠢ ᠰᠣᠶᠣᠯ ᠵᠢᠭᠤᠯᠴᠢᠯᠠᠯ ᠤᠨ ᠠᠵᠢᠯᠯᠠᠭᠠᠨ ᠲᠠᠢ ᠮᠦᠷᠳᠡᠭᠡᠨ | ᠲᠡᠯᠭᠡᠷᠡᠭᠦᠯᠦᠨ ᠲᠦᠭᠡᠮᠡᠯᠵᠢᠭᠦᠯᠭᠦ ᠦᠷ᠎ᠡ ᠪᠦᠳᠦᠮᠵᠢ ᠶᠢ ᠪᠦᠷᠢᠯᠳᠦᠭᠦᠯᠦᠭᠰᠡᠨ ᠪᠠᠶᠢᠬᠤ ᠬᠡᠷᠡᠭᠳᠡᠢ᠃ | ᠵᠢᠷᠭᠤᠳᠣᠭᠠᠷ ᠵᠣᠶᠢᠯ ᠨᠡᠷᠡᠳᠦ ᠲᠡᠮᠳᠡᠭ ᠤᠨ ᠴᠣᠭᠴᠠᠯᠠᠯᠳᠠ ᠲᠡᠰ ᠲᠡᠪᠰᠢᠭᠦᠯᠦᠯᠳᠡ ᠶᠢ ᠲᠡᠮᠵᠢᠨ ᠬᠦᠬᠢᠬᠦᠯᠬᠦ ᠪᠡᠯᠡ ᠮᠦᠩᠭᠦ ᠭᠤᠶᠣᠪᠴᠢᠯᠠᠬᠤ ᠳᠤ | ᠬᠠᠩᠭᠠᠬᠤ ᠮᠡᠲ᠋ᠧᠷᠢᠶᠠᠯ᠄ | ︵ᠨᠢᠭᠡ︶ ᠨᠡᠷᠡᠳᠦ ᠲᠡᠮᠳᠡᠭ ᠤᠨ ᠴᠣᠭᠴᠠᠯᠠᠯᠳᠠ ᠲᠡᠰ ᠲᠡᠪᠰᠢᠭᠦᠯᠦᠯᠳᠡ ᠶᠢ ᠲᠡᠮᠵᠢᠨ ᠬᠦᠬᠢᠬᠦᠯᠬᠦ ᠪᠡᠯᠡ ᠮᠦᠩᠭᠦ ᠶᠢ ᠭᠤᠶᠣᠪᠴᠢᠯᠠᠬᠤ ᠬᠦᠰᠦᠨᠦᠭ︔ | ︵ᠬᠤᠶᠠᠷ︶ ᠭᠤᠶᠣᠪᠴᠢᠯᠠᠬᠤ ᠪᠠᠶᠢᠭᠤᠯᠭ᠎ᠠ ᠶᠢᠨ ᠨᠡᠶᠢᠭᠡᠮ ᠤᠨ ᠢᠳᠡᠭᠡᠮᠵᠢ ᠶᠢᠨ ᠨᠢᠭᠡᠳᠦᠯᠳᠡᠢ ᠲᠦᠯᠦᠭᠡᠨ ᠤ ᠨᠣᠮᠧᠷ ᠤᠨ ᠦᠨᠡᠮᠯᠡᠯ ᠪᠣᠶᠣ ᠭᠤᠷᠪᠠᠨ ᠦᠨᠡᠮᠯᠡᠯ | ᠢ ᠨᠢᠭᠡᠳᠬᠡᠭᠰᠡᠨ ᠡᠵᠡᠩᠨᠡᠯᠳᠡ ᠶᠢᠨ ᠪᠠᠳᠣᠯᠠᠪᠦᠷᠢ ᠶᠢᠨ ᠪᠢᠴᠢᠭ ᠤᠨ ᠬᠠᠭᠤᠯᠪᠦᠷᠢ︔ | ︵ᠭᠤᠷᠪᠠ︶ ᠭᠤᠶᠣᠪᠴᠢᠯᠠᠬᠤ ᠪᠠᠶᠢᠭᠤᠯᠭ᠎ᠠ ᠨᠢᠭᠡᠴᠡ ᠶᠢᠨ ᠬᠠᠣᠯᠢ ᠶᠢᠨ ᠡᠷᠬᠡᠳᠡᠨ ᠤ ᠲᠦᠯᠦᠭᠡᠯᠡᠭᠴᠢ ᠶᠢᠨ ᠪᠡᠶ᠎ᠡ ᠶᠢᠨ ᠦᠨᠡᠮᠯᠡᠯ ᠤᠨ ᠬᠠᠭᠤᠯᠪᠦᠷᠢ︔ | ︵ᠲᠦᠷᠪᠡ︶ ᠮᠡᠳᠡᠭᠦᠯᠦᠭᠰᠡᠨ ᠨᠡᠷᠡᠳᠦ ᠲᠡᠮᠳᠡᠭ ᠤᠨ ᠲᠣᠰ ᠵᠢᠯ ᠳᠤ ᠪᠠᠨ ᠦᠨᠡᠯᠡᠭᠳᠡᠭᠰᠡᠨ ᠬᠡᠷᠡᠴᠢ ᠮᠡᠲ᠋ᠧᠷᠢᠶᠠᠯ︔ | ︵ᠲᠠᠪᠤ︶ ᠲᠦᠷᠦᠯ ᠵᠣᠶᠢᠯ ᠤᠨ ᠪᠦᠳᠦᠮᠵᠢ ᠶᠢᠨ ᠬᠠᠷᠠᠯᠳᠠ ᠶᠢᠨ ᠦᠪᠡᠷ ᠤᠨ ᠦᠨᠡᠯᠡᠯᠳᠡ ᠶᠢᠨ ᠮᠡᠳᠡᠭᠦᠯᠬᠦ ᠬᠦᠰᠦᠨᠦᠭ︔ | ︵ᠵᠢᠷᠭᠤᠭ᠎ᠠ︶ ᠣᠷᠣᠨ ᠨᠣᠳᠤᠭ ᠤᠨ ᠣᠨᠴᠠᠯᠢᠭᠳᠦ ᠨᠡᠷᠡᠳᠦ ᠲᠡᠮᠳᠡᠭ ᠤᠨ ᠰᠣᠶᠣᠯ ᠵᠢᠭᠤᠯᠴᠢᠯᠠᠯ ᠤᠨ ᠠᠵᠢᠯᠯᠠᠭᠠᠨ ᠤ ᠨᠦᠬᠦᠪᠦᠷᠢ ᠶᠢ ᠭᠤᠶᠣᠪᠴᠢᠯᠠᠬᠤ ᠳᠤ | ᠠᠵᠢᠯᠯᠠᠭᠠᠨ ᠤ ᠲᠦᠰᠦᠯ᠂ ᠲᠦᠰᠦᠪ᠂ 3 ᠠᠴᠠ ᠲᠡᠭᠡᠭᠰᠢᠬᠢ ᠭᠤᠣᠯ ᠵᠠᠭᠤᠴᠢᠯᠠᠭᠤᠷ ᠤᠨ ᠮᠡᠳᠡᠭᠡᠯᠡᠭᠰᠡᠨ ᠰᠣᠨᠢᠨ ᠮᠡᠳᠡᠭᠡ ᠪᠠ ᠭᠡᠷᠡᠯ ᠵᠢᠷᠤᠭ᠂ ᠵᠠᠷᠣᠯᠭ᠎ᠠ ᠶᠢᠨ | ᠪᠠᠷᠢᠮᠳᠠ ᠪᠠᠨ ᠬᠠᠩᠭᠠᠵᠣ᠂ ᠭᠤᠶᠣᠪᠴᠢᠯᠠᠬᠤ ᠪᠠᠶᠢᠭᠤᠯᠭ᠎ᠠ ᠲᠠᠮᠠᠭ᠎ᠠ ᠪᠠᠨ ᠲᠠᠷᠣᠨ᠎ᠠ︔ | ︵ᠲᠣᠯᠤᠭ᠎ᠠ︶ ᠠᠮᠠᠯᠠᠯᠳᠠ ᠶᠢᠨ ᠪᠢᠴᠢᠭ︔ | ︵ᠨᠠᠢᠮᠠ︶ ᠭᠤᠶᠣᠪᠴᠢᠯᠠᠬᠤ ᠪᠠᠶᠢᠭᠤᠯᠭ᠎ᠠ ᠶᠢᠨ ᠢᠳᠡᠭᠡᠮᠵᠢᠳᠦ ︵ᠲᠣᠮᠳᠠᠳᠦ ᠣᠯᠣᠰ︶ ᠪᠣᠶᠣ ᠢᠳᠡᠭᠡᠮᠵᠢᠳᠦ ︵ᠦᠪᠦᠷ ᠮᠣᠩᠭᠤᠯ︶ ᠰᠦᠯᠵᠢᠶᠡᠨ ᠲᠡᠭᠡᠷᠡᠬᠢ | ᠢᠳᠡᠭᠡᠮᠵᠢ ᠶᠢᠨ ᠲᠡᠮᠳᠡᠭᠯᠡᠯ︔ | ᠲᠣᠯᠣᠳᠣᠭᠠᠷ ᠵᠣᠶᠢᠯ ᠨᠡᠷᠡᠳᠦ ᠲᠡᠮᠳᠡᠭ ᠤᠨ ᠴᠣᠭᠴᠠᠯᠠᠯᠳᠠ ᠲᠡᠰ ᠲᠡᠪᠰᠢᠭᠦᠯᠦᠯᠳᠡ ᠶᠢ ᠲᠡᠮᠵᠢᠬᠦ ᠪᠠᠷᠢᠮᠵᠢᠶ᠎ᠡ | ︵ᠨᠢᠭᠡ︶ ᠣᠯᠣᠰ ᠤᠨ A ᠲᠡᠰ ᠤᠨ ᠵᠢᠭᠤᠯᠴᠢᠯᠠᠯ ᠤᠨ ᠦᠵᠡᠮᠵᠢ ᠶᠢᠨ ᠣᠷᠣᠨ ᠢ ᠴᠣᠭᠴᠠᠯᠠᠨ᠂ ︽ᠵᠢᠭᠤᠯᠴᠢᠯᠠᠯ ᠤᠨ ᠦᠵᠡᠮᠵᠢ ᠶᠢᠨ ᠣᠷᠣᠨ | ᠤ ᠶᠠᠰᠦ ᠴᠢᠨᠠᠷ ᠤᠨ ᠵᠡᠷᠭᠡ ᠲᠡᠰ ᠤᠨ ᠬᠤᠪᠢᠶᠠᠷᠢᠯᠠᠯ ᠪᠣᠯᠣᠨ ᠰᠢᠯᠭᠠᠨ ᠲᠣᠭᠳᠠᠭᠠᠯᠳᠠ︾ ︵GB/T17775 — 2003︶ ᠵᠡᠷᠭᠡ ᠲᠣᠭᠳᠠᠭᠠᠯ ᠤᠨ | ᠪᠠᠷᠢᠮᠵᠢᠶᠠᠨ ᠳᠤ ᠨᠡᠶᠢᠴᠡᠭᠡᠳ᠂ ᠣᠯᠣᠰ ᠤᠨ 3A ᠲᠡᠰ᠂ 4A ᠲᠡᠰ᠂ 5A ᠲᠡᠰ ᠤᠨ ᠵᠢᠭᠤᠯᠴᠢᠯᠠᠯ ᠤᠨ ᠦᠵᠡᠮᠵᠢ ᠶᠢᠨ ᠣᠷᠣᠨ ᠢᠶᠠᠷ ᠦᠨᠡᠯᠡᠭᠳᠡᠪᠡᠯ᠂ ᠨᠢᠭᠡᠯᠡ | ᠣᠳᠠᠭ᠎ᠠ ᠪᠠᠷ ᠲᠣᠰ ᠪᠦᠷᠢ 50 ᠲᠦᠮᠡ᠂ 100 ᠲᠦᠮᠡ᠂ 200 ᠲᠦᠮᠡᠨ ᠲᠦᠭᠦᠷᠢᠭ ᠬᠦᠬᠢᠬᠦᠯᠦᠨ ᠱᠠᠩᠨᠠᠨ᠎ᠠ᠃ | ︵ᠬᠤᠶᠠᠷ︶ ᠣᠯᠣᠰ ᠤᠨ ᠣᠳᠣᠨ ᠲᠡᠰ ᠤᠨ ᠵᠢᠭᠤᠯᠴᠢᠯᠠᠯ ᠤᠨ ᠪᠠᠭᠤᠳᠠᠯ ᠢ ᠴᠣᠭᠴᠠᠯᠠᠨ᠂ ︽ᠵᠢᠭᠤᠯᠴᠢᠯᠠᠯ ᠤᠨ ᠪᠠᠭᠤᠳᠠᠯ ᠤᠨ ᠣᠳᠣᠨ ᠲᠡᠰ ᠤᠨ | ᠬᠤᠪᠢᠶᠠᠷᠢᠯᠠᠯ ᠪᠣᠯᠣᠨ ᠰᠢᠯᠭᠠᠨ ᠲᠣᠭᠳᠠᠭᠠᠯᠳᠠ︾ ︵GB/T14308 — 2010︶ ᠵᠡᠷᠭᠡ ᠲᠣᠭᠳᠠᠭᠠᠯ ᠤᠨ ᠪᠠᠷᠢᠮᠵᠢᠶᠠᠨ ᠳᠤ ᠨᠡᠶᠢᠴᠡᠭᠡᠳ᠂ ᠭᠤᠷᠪᠠᠨ | ᠣᠳᠣᠨ ᠲᠡᠰ᠂ ᠲᠦᠷᠪᠡᠨ ᠣᠳᠣᠨ ᠲᠡᠰ᠂ ᠲᠠᠪᠣᠨ ᠣᠳᠣᠨ ᠲᠡᠰ ᠤᠨ ᠵᠢᠭᠤᠯᠴᠢᠯᠠᠯ ᠤᠨ ᠪᠠᠭᠤᠳᠠᠯ ᠢᠶᠠᠷ ᠦᠨᠡᠯᠡᠭᠳᠡᠪᠡᠯ᠂ ᠨᠢᠭᠡᠯᠡ ᠣᠳᠠᠭ᠎ᠠ ᠪᠠᠷ ᠲᠣᠰ ᠪᠦᠷᠢ 10 | ᠲᠦᠮᠡ᠂ 50 ᠲᠦᠮᠡ᠂ 100 ᠲᠦᠮᠡᠨ ᠲᠦᠬᠦᠷᠢᠭ ᠬᠦᠬᠢᠬᠦᠯᠦᠨ ᠱᠠᠩᠨᠠᠨ᠎ᠠ᠃ | ︵ᠭᠤᠷᠪᠠ︶ ᠦᠪᠡᠷᠳᠡᠭᠡᠨ ᠵᠠᠰᠠᠬᠤ ᠣᠷᠣᠨ ᠤ ᠣᠳᠣᠨ ᠲᠡᠰ ᠤᠨ ᠬᠦᠳᠡᠭᠡ ᠲᠣᠰᠬᠤᠨ ᠤ ᠵᠢᠭᠤᠯᠴᠢᠯᠠᠯ ᠤᠨ ᠬᠦᠯᠢᠶᠡᠨ ᠠᠪᠬᠤ ᠡᠷᠦᠭᠡ ᠶᠢ ᠴᠣᠭᠴᠠᠯᠠᠨ᠂ | ︽ᠬᠦᠳᠡᠭᠡ ᠲᠣᠰᠬᠤᠨ ᠤ ᠵᠢᠭᠤᠯᠴᠢᠯᠠᠯ ᠤᠨ ᠬᠦᠯᠢᠶᠡᠨ ᠠᠪᠬᠤ ᠡᠷᠦᠭᠡ ᠶᠢᠨ ᠣᠳᠣᠨ ᠲᠡᠰ ᠤᠨ ᠰᠢᠯᠭᠠᠨ ᠲᠣᠭᠳᠠᠭᠠᠯᠳᠠ ᠶᠢᠨ ᠬᠠᠮᠢᠶᠠᠷᠣᠯᠳᠠ ᠶᠢᠨ ᠠᠷᠭ᠎ᠠ︾ ︵ | GB15/T1444 — 2018︶᠂ ︽ᠮᠠᠯᠵᠢᠬᠤ ᠣᠷᠣᠨ ᠤ ᠵᠢᠭᠤᠯᠴᠢᠯᠠᠯ ᠤᠨ ᠬᠦᠯᠢᠶᠡᠨ ᠠᠪᠬᠤ ᠡᠷᠦᠭᠡ ᠶᠢᠨ ᠣᠳᠣᠨ ᠲᠡᠰ ᠤᠨ ᠰᠢᠯᠭᠠᠨ ᠲᠣᠭᠳᠠᠭᠠᠯᠳᠠ | ᠶᠢᠨ ᠬᠠᠮᠢᠶᠠᠷᠣᠯᠳᠠ ᠶᠢᠨ ᠠᠷᠭ᠎ᠠ︾ ︵GB15/T1445 — 2018︶ ᠵᠡᠷᠭᠡ ᠲᠣᠭᠳᠠᠭᠠᠯ ᠤᠨ ᠪᠠᠷᠢᠮᠵᠢᠶᠠᠨ ᠳᠤ ᠨᠡᠶᠢᠴᠡᠭᠡᠳ᠂ ᠭᠤᠷᠪᠠᠨ ᠣᠳᠣᠨ ᠲᠡᠰ᠂ | ᠲᠦᠷᠪᠡᠨ ᠣᠳᠣᠨ ᠲᠡᠰ᠂ ᠲᠠᠪᠣᠨ ᠣᠳᠣᠨ ᠲᠡᠰ ᠤᠨ ᠬᠦᠳᠡᠭᠡ ᠲᠣᠰᠬᠤᠨ ᠤ ᠵᠢᠭᠤᠯᠴᠢᠯᠠᠯ ᠤᠨ ᠬᠦᠯᠢᠶᠡᠨ ᠠᠪᠬᠤ ᠡᠷᠦᠭᠡ ᠪᠠᠷ ᠦᠨᠡᠯᠡᠭᠳᠡᠪᠡᠯ᠂ ᠨᠢᠭᠡᠯᠡ ᠣᠳᠠᠭ᠎ᠠ | ᠪᠠᠷ ᠲᠣᠰ ᠪᠦᠷᠢ 3 ᠲᠦᠮᠡ᠂ 5 ᠲᠦᠮᠡ᠂ 10 ᠲᠦᠮᠡᠨ ᠲᠦᠬᠦᠷᠢᠭ ᠬᠦᠬᠢᠬᠦᠯᠦᠨ ᠱᠠᠩᠨᠠᠨ᠎ᠠ᠃ | ︵ᠲᠦᠷᠪᠡ︶ ᠪᠦᠬᠦ ᠣᠯᠣᠰ ᠤᠨ ᠲᠡᠰ ᠤᠨ ᠵᠢᠭᠤᠯᠴᠢᠯᠠᠯ ᠤᠨ ᠬᠦᠳᠡᠭᠡ ᠠᠶᠢᠯ ᠢ ᠴᠣᠭᠴᠠᠯᠠᠨ᠂ ︽ᠵᠢᠭᠤᠯᠴᠢᠯᠠᠯ ᠤᠨ ᠬᠦᠳᠡᠭᠡ ᠠᠶᠢᠯ ᠤᠨ | ᠦᠨᠳᠦᠰᠦᠨ ᠱᠠᠭᠠᠷᠳᠠᠯᠭ᠎ᠠ ᠪᠣᠯᠣᠨ ᠰᠢᠯᠭᠠᠨ ᠲᠣᠭᠳᠠᠭᠠᠯᠳᠠ︾ ︵LB/T065 — 2019︶ ᠵᠡᠷᠭᠡ ᠲᠣᠭᠳᠠᠭᠠᠯ ᠤᠨ ᠪᠠᠷᠢᠮᠵᠢᠶᠠᠨ ᠳᠤ | ᠨᠡᠶᠢᠴᠡᠭᠡᠳ᠂ ᠬᠦᠬᠡ ᠲᠡᠰ᠂ ᠬᠦᠬᠡᠭᠴᠢᠨ ᠲᠡᠰ ᠤᠨ ᠵᠢᠭᠤᠯᠴᠢᠯᠠᠯ ᠤᠨ ᠬᠦᠳᠡᠭᠡ ᠠᠶᠢᠯ ᠢᠶᠠᠷ ᠦᠨᠡᠯᠡᠭᠳᠡᠪᠡᠯ᠂ ᠨᠢᠭᠡᠯᠡ ᠣᠳᠠᠭ᠎ᠠ ᠪᠠᠷ ᠲᠡᠰ ᠪᠦᠷᠢ 10 ᠲᠦᠮᠡ᠂ | 5 ᠲᠦᠮᠡᠨ ᠲᠦᠬᠦᠷᠢᠭ ᠬᠦᠬᠢᠬᠦᠯᠦᠨ ᠱᠠᠩᠨᠠᠨ᠎ᠠ᠃ | ︵ᠲᠠᠪᠤ︶ ᠰᠣᠶᠣᠯ ᠵᠢᠭᠤᠯᠴᠢᠯᠠᠯ ᠤᠨ ᠠᠵᠣ ᠠᠬᠤᠶᠢᠯᠠᠯ ᠠᠭᠤᠯᠭ᠎ᠠ ᠪᠠᠷ ᠪᠠᠶᠠᠯᠢᠭ᠂ ᠣᠯᠠᠨ ᠶᠠᠩᠵᠣᠳᠦ ᠣᠷᠣᠨ ᠨᠣᠳᠤᠭ ᠤᠨ ᠣᠨᠴᠠᠯᠢᠭᠳᠦ ᠨᠡᠷᠡᠳᠦ ᠲᠡᠮᠳᠡᠭ | ᠤᠨ ᠪᠠᠶᠠᠷ ᠴᠣᠭᠯᠠᠭᠠᠨ ᠤ ᠠᠵᠢᠯᠯᠠᠭᠠᠨ ᠵᠣᠬᠢᠶᠠᠨ ᠪᠠᠶᠢᠭᠤᠯᠣᠨ ᠦᠷᠨᠢᠭᠦᠯᠪᠡᠯ᠂ ᠬᠡᠪᠴᠢᠶᠡᠵᠢᠯ ᠢ ᠨᠢ ᠦᠨᠳᠦᠰᠦᠯᠡᠨ 5 ᠲᠦᠮᠡ — 50 ᠲᠦᠮᠡᠨ ᠲᠦᠬᠦᠷᠢᠭ | ᠬᠦᠬᠢᠬᠦᠯᠦᠨ ᠱᠠᠩᠨᠠᠨ᠎ᠠ᠃ | | | ᠭᠤᠷᠪᠠᠳᠣᠭᠠᠷ ᠪᠦᠯᠦᠭ ᠰᠣᠶᠣᠯ ᠤᠨ ᠴᠡᠴᠡᠭᠯᠡᠯᠳᠡ ᠶᠢ ᠲᠡᠮᠵᠢᠬᠦ ᠪᠠ ᠬᠦᠬᠢᠬᠦᠯᠦᠨ ᠱᠠᠩᠨᠠᠬ᠊ ᠤ | ᠨᠢᠭᠡᠳᠦᠭᠡᠷ ᠬᠡᠰᠡᠭ ᠡᠭᠦᠳᠦᠨ ᠪᠦᠳᠦᠭᠡᠯᠳᠡ ᠶᠢᠨ ᠱᠠᠩᠨᠠᠯ ᠤᠨ ᠲᠠᠬᠢᠨ ᠬᠦᠬᠢᠬᠦᠯᠦᠨ ᠱᠠᠩᠨᠠᠬᠤ | ᠨᠠᠢᠮᠳᠣᠭᠠᠷ ᠵᠣᠶᠢᠯ ᠡᠭᠦᠳᠦᠨ ᠪᠦᠳᠦᠭᠡᠯᠳᠡ ᠶᠢᠨ ᠱᠠᠩᠨᠠᠯ ᠤᠨ ᠲᠠᠬᠢᠨ ᠬᠦᠬᠢᠬᠦᠯᠦᠨ ᠱᠠᠩᠨᠠᠬᠤ ᠡᠳᠡᠭᠡᠳ᠄ | ᠣᠳᠤᠭ ᠤᠨ ᠡᠮᠦᠨᠡᠳᠦ ᠬᠤᠰᠢᠭᠤᠨ ᠤ ᠨᠠᠮ ᠵᠠᠰᠠᠭ ᠤᠨ ᠪᠠᠶᠢᠭᠤᠯᠭ᠎ᠠ᠂ ᠠᠵᠣ ᠠᠬᠤᠶᠢᠯᠠᠯ ᠠᠵᠢᠯ ᠣᠶᠢᠯᠠᠰ ᠤᠨ ᠨᠢᠭᠡᠴᠡ ᠪᠣᠯᠣᠨ ᠨᠡᠶᠢᠭᠡᠮ ᠤᠨ ᠪᠦᠯᠬᠦᠮ ᠪᠠ | ᠠᠵᠢᠯᠳᠠᠨ ᠵᠢᠴᠢ ᠣᠳᠤᠭ ᠤᠨ ᠡᠮᠦᠨᠡᠳᠦ ᠬᠤᠰᠢᠭᠤᠨ ᠤ ᠡᠷᠦᠭᠡ ᠠᠮᠠ ᠲᠠᠢ ᠬᠦᠮᠦᠨ᠃ | ᠶᠢᠰᠦᠳᠦᠭᠡᠷ ᠵᠣᠶᠢᠯ ᠡᠭᠦᠳᠦᠨ ᠪᠦᠳᠦᠭᠡᠯᠳᠡ ᠶᠢᠨ ᠱᠠᠩᠨᠠᠯ ᠤᠨ ᠲᠠᠬᠢᠨ ᠬᠦᠬᠢᠬᠦᠯᠦᠨ ᠱᠠᠩᠨᠠᠬᠤ ᠶᠢ ᠭᠤᠶᠣᠪᠴᠢᠯᠠᠬᠤ ᠨᠦᠬᠦᠴᠡᠯ᠄ ᠭᠤᠶᠣᠪᠴᠢᠯᠠᠬᠤ | ᠪᠦᠳᠦᠭᠡᠯ ᠨᠢ ᠲᠣᠰ ᠵᠢᠯ ᠳᠤ ᠪᠠᠨ ᠣᠯᠣᠰ ︵ᠲᠦᠪ ᠤᠨ ᠣᠬᠠᠭᠤᠯᠬᠤ ᠬᠡᠯᠳᠡᠰ᠂ ᠰᠣᠶᠣᠯ ᠵᠢᠭᠤᠯᠴᠢᠯᠠᠯ ᠤᠨ ᠶᠠᠮᠣᠨ᠂ ᠲᠣᠮᠳᠠᠳᠦ ᠣᠯᠣᠰ ᠤᠨ ᠣᠳᠬ᠎ᠠ ᠣᠷᠠᠯᠢᠭ | ᠤᠨ ᠬᠤᠯᠪᠣᠭ᠎ᠠ︶᠂ ᠦᠪᠡᠷᠳᠡᠭᠡᠨ ᠵᠠᠰᠠᠬᠤ ᠣᠷᠣᠨ ︵ᠣᠬᠠᠭᠤᠯᠬᠤ ᠬᠡᠯᠳᠡᠰ᠂ ᠰᠣᠶᠣᠯ ᠵᠢᠭᠤᠯᠴᠢᠯᠠᠯ ᠤᠨ ᠲᠢᠩᠬᠢᠮ᠂ ᠣᠳᠬ᠎ᠠ ᠣᠷᠠᠯᠢᠭ ᠤᠨ ᠬᠤᠯᠪᠣᠭ᠎ᠠ︶ ᠤ | ᠠᠵᠢᠯᠯᠠᠭᠠᠨ ᠤ ᠱᠠᠩᠨᠠᠯ ᠣᠯᠣᠭᠰᠠᠨ ᠲᠦᠷᠦᠯ ᠵᠣᠶᠢᠯ᠃ | ᠠᠷᠪᠠᠳᠣᠭᠠᠷ ᠵᠣᠶᠢᠯ ᠡᠭᠦᠳᠦᠨ ᠪᠦᠳᠦᠭᠡᠯᠳᠡ ᠶᠢᠨ ᠱᠠᠩᠨᠠᠯ ᠤᠨ ᠲᠠᠬᠢᠨ ᠬᠦᠬᠢᠬᠦᠯᠦᠨ ᠱᠠᠩᠨᠠᠬᠤ ᠭᠤᠶᠣᠪᠴᠢᠯᠠᠯ ᠤᠨ ᠮᠡᠲ᠋ᠧᠷᠢᠶᠠᠯ᠄ | ︵ᠨᠢᠭᠡ︶ ᠡᠭᠦᠳᠦᠨ ᠪᠦᠳᠦᠭᠡᠯᠳᠡ ᠶᠢᠨ ᠱᠠᠩᠨᠠᠯ ᠭᠤᠶᠣᠪᠴᠢᠯᠠᠬᠤ ᠬᠦᠰᠦᠨᠦᠭ︔ | ︵ᠬᠤᠶᠠᠷ︶ ᠭᠤᠶᠣᠪᠴᠢᠯᠠᠭᠴᠢ ᠶᠢᠨ ᠪᠡᠶ᠎ᠡ ᠶᠢᠨ ᠦᠨᠡᠮᠯᠡᠯ ᠤᠨ ᠬᠠᠭᠤᠯᠪᠦᠷᠢ︔ | ︵ᠭᠤᠷᠪᠠ︶ ᠱᠠᠩᠨᠠᠯ ᠤᠨ ᠦᠨᠡᠮᠯᠡᠯ᠂ ᠣᠷᠣᠯᠳᠣᠭᠠᠨ ᠳᠤ ᠣᠷᠣᠯᠴᠠᠭᠰᠠᠨ ᠪᠢᠴᠢᠭ ᠮᠡᠲ᠋ᠧᠷᠢᠶᠠᠯ᠂ ᠰᠡᠭᠦᠳᠡᠷ ᠵᠢᠴᠢ ᠲᠣᠳᠣᠷᠬᠠᠶᠢᠯᠠᠯᠳᠠ︔ | ︵ᠲᠦᠷᠪᠡ︶ ᠠᠮᠠᠯᠠᠯᠳᠠ ᠶᠢᠨ ᠪᠢᠴᠢᠭ︔ | ᠠᠷᠪᠠᠨ ᠨᠢᠭᠡᠳᠦᠭᠡᠷ ᠵᠣᠶᠢᠯ ᠡᠬᠦᠳᠦᠨ ᠪᠦᠳᠦᠭᠡᠯᠳᠡ ᠶᠢᠨ ᠱᠠᠩᠨᠠᠯ ᠤᠨ ᠲᠠᠬᠢᠨ ᠬᠦᠬᠢᠬᠦᠯᠦᠨ ᠱᠠᠩᠨᠠᠬᠤ ᠪᠠᠷᠢᠮᠵᠢᠶ᠎ᠡ᠄ | ᠣᠯᠣᠰ ︵ᠲᠦᠪ ᠤᠨ ᠣᠬᠠᠭᠤᠯᠬᠤ ᠬᠡᠯᠳᠡᠰ᠂ ᠰᠣᠶᠣᠯ ᠵᠢᠭᠤᠯᠴᠢᠯᠠᠯ ᠤᠨ ᠶᠠᠮᠣᠨ᠂ ᠲᠣᠮᠳᠠᠳᠦ ᠣᠯᠣᠰ ᠤᠨ ᠣᠳᠬ᠎ᠠ ᠣᠷᠠᠯᠢᠭ ᠤᠨ ᠬᠤᠯᠪᠣᠭ᠎ᠠ︶ ᠤᠨ | ᠨᠢᠭᠡᠳᠦᠭᠡᠷ ᠲᠡᠰ ᠤᠨ ᠱᠠᠩᠨᠠᠯ ᠣᠯᠪᠠᠯ 5 ᠲᠦᠮᠡᠨ ᠲᠦᠭᠦᠷᠢᠭ᠂ ᠬᠤᠶᠠᠳᠣᠭᠠᠷ ᠲᠡᠰ ᠤᠨ ᠱᠠᠩᠨᠠᠯ ᠣᠯᠪᠠᠯ 3 ᠲᠦᠮᠡᠨ ᠲᠦᠭᠦᠷᠢᠭ᠂ ᠭᠤᠷᠪᠠᠳᠣᠭᠠᠷ ᠲᠡᠰ ᠤᠨ | ᠱᠠᠩᠨᠠᠯ ᠣᠯᠪᠠᠯ 2 ᠲᠦᠮᠡᠨ ᠲᠦᠬᠦᠷᠢᠭ᠂ ᠰᠢᠯᠢᠳᠡᠭ ᠱᠠᠩᠨᠠᠯ ᠣᠯᠪᠠᠯ ᠲᠦᠮᠡᠨ ᠲᠦᠭᠦᠷᠢᠭ ᠢᠶᠠᠷ ᠬᠦᠬᠢᠬᠦᠯᠦᠨ ᠱᠠᠩᠨᠠᠨ᠎ᠠ᠃ | ᠦᠪᠡᠷᠳᠡᠭᠡᠨ ᠵᠠᠰᠠᠬᠤ ᠣᠷᠣᠨ ︵ᠣᠬᠠᠭᠤᠯᠬᠤ ᠬᠡᠯᠳᠡᠰ᠂ ᠰᠣᠶᠣᠯ ᠵᠢᠭᠤᠯᠴᠢᠯᠠᠯ ᠤᠨ ᠲᠢᠩᠬᠢᠮ᠂ ᠣᠳᠬ᠎ᠠ ᠣᠷᠠᠯᠢᠭ ᠤᠨ ᠬᠤᠯᠪᠣᠭ᠎ᠠ︶ ᠤ ᠨᠢᠭᠡᠳᠦᠭᠡᠷ ᠲᠡᠰ | ᠤᠨ ᠱᠠᠩᠨᠠᠯ ᠣᠯᠪᠠᠯ 3 ᠲᠦᠮᠡᠨ ᠲᠦᠭᠦᠷᠢᠭ᠂ ᠬᠤᠶᠠᠳᠣᠭᠠᠷ ᠲᠡᠰ ᠤᠨ ᠱᠠᠩᠨᠠᠯ ᠣᠯᠪᠠᠯ 2 ᠲᠦᠮᠡᠨ ᠲᠦᠭᠦᠷᠢᠭ᠂ ᠭᠤᠷᠪᠠᠳᠣᠭᠠᠷ ᠲᠡᠰ ᠤᠨ ᠱᠠᠩᠨᠠᠯ ᠣᠯᠪᠠᠯ | ᠲᠦᠮᠡᠨ ᠲᠦᠬᠦᠷᠢᠭ᠂ ᠰᠢᠯᠢᠳᠡᠭ ᠱᠠᠩᠨᠠᠯ ᠣᠯᠪᠠᠯ 0.5 ᠲᠦᠮᠡᠨ ᠲᠦᠭᠦᠷᠢᠭ ᠢᠶᠠᠷ ᠬᠦᠬᠢᠬᠦᠯᠦᠨ ᠱᠠᠩᠨᠠᠨ᠎ᠠ᠃ | ᠬᠤᠶᠠᠳᠣᠭᠠᠷ ᠬᠡᠰᠡᠭ ᠡᠭᠦᠳᠦᠨ ᠪᠦᠳᠦᠭᠡᠯᠳᠡ ᠶᠢᠨ ᠱᠠᠩᠨᠠᠯ ᠤᠨ ᠪᠣᠰᠣᠳ ᠬᠦᠬᠢᠬᠦᠯᠦᠯ ᠱᠠᠩᠨᠠᠯ | ᠠᠷᠪᠠᠨ ᠬᠤᠶᠠᠳᠣᠭᠠᠷ ᠵᠣᠶᠢᠯ ᠡᠭᠦᠳᠦᠨ ᠪᠦᠳᠦᠭᠡᠯᠳᠡ ᠶᠢᠨ ᠱᠠᠩᠨᠠᠯ ᠤᠨ ᠪᠣᠰᠣᠳ ᠬᠦᠬᠢᠬᠦᠯᠦᠯ ᠱᠠᠩᠨᠠᠯ ᠣᠯᠭᠤᠬᠤ ᠡᠳᠡᠭᠡᠳ | ᠣᠳᠤᠭ ᠤᠨ ᠡᠮᠦᠨᠡᠳᠦ ᠬᠤᠰᠢᠭᠤᠨ ᠤ ᠨᠠᠮ ᠵᠠᠰᠠᠭ ᠤᠨ ᠪᠠᠶᠢᠭᠤᠯᠭ᠎ᠠ᠂ ᠠᠵᠣ ᠠᠬᠤᠶᠢᠯᠠᠯ ᠠᠵᠢᠯ ᠣᠶᠢᠯᠠᠰ ᠤᠨ ᠨᠢᠭᠡᠴᠡ ᠪᠣᠯᠣᠨ ᠨᠡᠶᠢᠭᠡᠮ ᠤᠨ ᠪᠦᠯᠬᠦᠮ ᠪᠠ | ᠠᠵᠢᠯᠳᠠᠨ ᠵᠢᠴᠢ ᠣᠳᠤᠭ ᠤᠨ ᠡᠮᠦᠨᠡᠳᠦ ᠬᠤᠰᠢᠭᠤᠨ ᠤ ᠡᠷᠦᠭᠡ ᠠᠮᠠ ᠲᠠᠢ ᠬᠦᠮᠦᠨ᠃ | ᠠᠷᠪᠠᠨ ᠭᠤᠷᠪᠠᠳᠣᠭᠠᠷ ᠵᠣᠶᠢᠯ ᠡᠭᠦᠳᠦᠨ ᠪᠦᠳᠦᠭᠡᠯᠳᠡ ᠶᠢᠨ ᠱᠠᠩᠨᠠᠯ ᠤᠨ ᠪᠣᠰᠣᠳ ᠬᠦᠬᠢᠬᠦᠯᠦᠯ ᠱᠠᠩᠨᠠᠯ ᠢ ᠭᠤᠶᠣᠪᠴᠢᠯᠠᠬᠤ ᠨᠦᠬᠦᠴᠡᠯ᠄ | ᠭᠤᠶᠣᠪᠴᠢᠯᠠᠬᠤ ᠪᠦᠳᠦᠭᠡᠯ ᠨᠢ ᠣᠯᠣᠰ ︵ᠲᠦᠪ ᠤᠨ ᠣᠬᠠᠭᠤᠯᠬᠤ ᠬᠡᠯᠳᠡᠰ᠂ ᠰᠣᠶᠣᠯ ᠵᠢᠭᠤᠯᠴᠢᠯᠠᠯ ᠤᠨ ᠶᠠᠮᠣᠨ᠂ ᠲᠣᠮᠳᠠᠳᠦ ᠣᠯᠣᠰ ᠤᠨ ᠣᠳᠬ᠎ᠠ | ᠣᠷᠠᠯᠢᠭ ᠤᠨ ᠬᠤᠯᠪᠣᠭ᠎ᠠ︶᠂ ᠦᠪᠡᠷᠳᠡᠭᠡᠨ ᠵᠠᠰᠠᠬᠤ ᠣᠷᠣᠨ ︵ᠣᠬᠠᠭᠤᠯᠬᠤ ᠬᠡᠯᠳᠡᠰ᠂ ᠰᠣᠶᠣᠯ ᠵᠢᠭᠤᠯᠴᠢᠯᠠᠯ ᠤᠨ ᠲᠢᠩᠬᠢᠮ᠂ ᠣᠳᠬ᠎ᠠ ᠣᠷᠠᠯᠢᠭ ᠤᠨ ᠬᠤᠯᠪᠣᠭ᠎ᠠ︶ | ᠤ ᠠᠵᠢᠯᠯᠠᠭᠠᠨ ᠤ ᠱᠠᠩᠨᠠᠯ ᠢ ᠣᠯᠣᠭᠰᠠᠨ ᠦᠭᠡᠢ᠂ ᠭᠡᠪᠡᠴᠦ ᠣᠳᠤᠭ ᠤᠨ ᠡᠮᠦᠨᠡᠳᠦ ᠬᠤᠰᠢᠭᠤᠨ ᠤ ᠪᠠᠶᠢᠭᠠᠯᠢᠯᠢᠭ ᠦᠵᠡᠮᠵᠢ᠂ ᠰᠣᠶᠣᠯ ᠢᠷᠭᠡᠨᠰᠢᠯ᠂ ᠴᠡᠪᠡᠷ | ᠭᠠᠷᠣᠯᠳᠠ᠂ ᠬᠤᠳᠠ ᠪᠠᠯᠭᠠᠰᠣᠨ ᠤ ᠪᠠᠶᠢᠭᠤᠯᠣᠯᠳᠠ ᠵᠡᠷᠭᠡ ᠠᠭᠤᠯᠭ᠎ᠠ ᠲᠠᠢ ᠵᠢᠩᠬᠢᠨᠢ ᠪᠠᠷ ᠬᠡᠪᠯᠡᠭᠳᠡᠭᠰᠡᠨ ᠮᠦᠷᠳᠡᠭᠡᠨ ᠬᠠᠣᠯᠢ ᠶᠣᠰᠣᠨ ᠤ ᠲᠠᠷᠬᠠᠭᠠᠭᠰᠠᠨ ᠨᠣᠮᠧᠷ ᠪᠠ | ᠬᠡᠪᠯᠡᠯ ᠤᠨ ᠨᠣᠮᠧᠷ ᠲᠠᠢ ᠪᠦᠳᠦᠭᠡᠯ᠄ | ︵ᠨᠢᠭᠡ︶ ᠲᠣᠭᠤᠵᠢ᠂ ᠦᠭᠦᠯᠡᠯᠭᠡ᠂ ᠢᠷᠠᠭᠤ ᠨᠠᠶᠢᠷᠠᠭ᠂ ᠨᠠᠶᠢᠷᠠᠭᠤᠯᠣᠯ ︵ᠰᠣᠯᠠ ᠵᠣᠬᠢᠶᠠᠯ ᠴᠢᠯᠦᠭᠡᠳᠦ ᠪᠢᠴᠢᠯᠭᠡ︶᠂ ᠰᠢᠭᠦᠮᠵᠢ ᠵᠡᠷᠭᠡ ᠣᠳᠬ᠎ᠠ ᠵᠣᠬᠢᠶᠠᠯ | ᠤᠨ ᠪᠦᠳᠦᠭᠡᠯ ᠤᠨ ᠡᠮᠬᠢᠳᠬᠡᠯ︔ | ︵ᠬᠤᠶᠠᠷ︶ ᠲᠠᠭᠤᠣ ᠬᠦᠭᠵᠢᠮ ᠤᠨ ᠲᠣᠰᠬᠠᠢ ᠡᠮᠬᠢᠳᠬᠡᠯ︔ | ︵ᠭᠤᠷᠪᠠ︶ ᠭᠡᠷᠡᠯ ᠵᠢᠷᠤᠭ ᠤᠨ ᠪᠦᠳᠦᠭᠡᠯ ᠵᠡᠷᠭᠡ᠃ | ᠠᠷᠪᠠᠨ ᠲᠦᠷᠪᠡᠳᠦᠭᠡᠷ ᠵᠣᠶᠢᠯ ᠡᠭᠦᠳᠣᠨ ᠪᠦᠳᠦᠭᠡᠯᠳᠡ ᠶᠢᠨ ᠱᠠᠩᠨᠠᠯ ᠤᠨ ᠪᠣᠰᠣᠳ ᠱᠠᠩᠨᠠᠯ ᠢ ᠭᠤᠶᠣᠪᠴᠢᠯᠠᠬᠤ ᠮᠡᠲ᠋ᠧᠷᠢᠶᠠᠯ᠄ | ︵ᠨᠢᠭᠡ︶ ᠱᠠᠩᠨᠠᠯ ᠭᠤᠶᠣᠪᠴᠢᠯᠠᠬᠤ ᠬᠦᠰᠦᠨᠦᠭ︔ | ︵ᠬᠤᠶᠠᠷ︶ ᠭᠤᠶᠣᠪᠴᠢᠯᠠᠭᠴᠢ ᠶᠢᠨ ᠪᠡᠶ᠎ᠡ ᠶᠢᠨ ᠭᠠᠷᠣᠯ ᠤᠨ ᠭᠡᠷᠡᠴᠢ ᠮᠡᠲ᠋ᠧᠷᠢᠶᠠᠯ︔ | ︵ᠭᠤᠷᠪᠠ︶ ᠵᠢᠩᠬᠢᠨᠢ ᠪᠠᠷ ᠬᠡᠪᠯᠡᠨ ᠲᠠᠷᠬᠠᠭᠠᠭᠰᠠᠨ ᠲᠣᠭᠤᠵᠢ᠂ ᠦᠭᠦᠯᠡᠯᠭᠡ᠂ ᠢᠷᠠᠭᠤ ᠨᠠᠶᠢᠷᠠᠭ᠂ ᠨᠠᠶᠢᠷᠠᠭᠤᠯᠣᠯ ︵ᠰᠣᠯᠠ ᠵᠣᠬᠢᠶᠠᠯ ᠴᠢᠯᠦᠭᠡᠳᠦ ᠪᠢᠴᠢᠯᠭᠡ︶ | ᠂ ᠰᠢᠭᠦᠮᠵᠢ ᠵᠡᠷᠭᠡ ᠣᠳᠬ᠎ᠠ ᠵᠣᠬᠢᠶᠠᠯ ᠤᠨ ᠪᠦᠳᠦᠭᠡᠯ ᠤᠨ ᠡᠮᠬᠢᠳᠬᠡᠯ ︵ᠬᠠᠣᠯᠢ ᠶᠣᠰᠣᠨ ᠤ ᠲᠠᠷᠬᠠᠭᠠᠭᠰᠠᠨ ᠨᠣᠮᠧᠷ ᠪᠠ ᠬᠡᠪᠯᠡᠯ ᠤᠨ ᠨᠣᠮᠧᠷ ᠲᠠᠢ︶︔ | ︵ᠲᠦᠷᠪᠡ︶ ᠲᠠᠭᠤᠣ ᠬᠦᠭᠵᠢᠮ ᠤᠨ ᠲᠣᠰᠬᠠᠢ ᠡᠮᠬᠢᠳᠬᠡᠯ ᠳᠤ ᠪᠦᠳᠦᠭᠡᠯ᠂ ᠲᠣᠪᠬᠢᠮᠠᠯ ᠵᠢᠴᠢ ᠲᠠᠭᠤᠣ ᠰᠢᠩᠭᠡᠭᠡᠯᠳᠡ ᠶᠢᠨ ᠬᠠᠪᠰᠣᠷᠭᠠᠯ ᠵᠡᠷᠭᠡ ᠭᠡᠷᠡᠴᠢ | ᠮᠡᠲ᠋ᠧᠷᠢᠶᠡᠯ ᠢᠶᠠᠨ ᠬᠠᠩᠭᠠᠨ᠎ᠠ︔ | ︵ᠲᠠᠪᠤ︶ ᠭᠡᠷᠡᠯ ᠵᠢᠷᠤᠭ ᠤᠨ ᠪᠦᠳᠦᠭᠡᠯ ᠳᠤ 6 ᠢᠮᠠᠬᠤ ᠶᠢᠨ ᠪᠣᠳᠣᠭᠳᠦ ᠰᠡᠭᠦᠳᠡᠷ ︵ᠴᠠᠭᠠᠰᠣᠨ ᠰᠡᠭᠦᠳᠡᠷ︶ ᠪᠣᠯᠣᠨ ᠡᠯᠧᠺᠲᠷᠣᠨ ᠰᠡᠭᠦᠳᠡᠷ ᠲᠣᠰ ᠪᠦᠷᠢ | ᠨᠢᠭᠡ ᠬᠤᠪᠢ᠄ | 1. ᠴᠠᠭᠠᠰᠣᠨ ᠰᠡᠭᠦᠳᠡᠷ ᠤᠨ ᠠᠷᠣ ᠲᠠᠯ᠎ᠠ ᠳᠤ ᠪᠦᠳᠦᠭᠡᠯ ᠤᠨ ᠨᠡᠷ᠎ᠡ᠂ ᠵᠢᠷᠣᠭᠯᠠᠭᠴᠢ ᠶᠢᠨ ᠨᠡᠷ᠎ᠡ ᠪᠠᠨ ᠪᠢᠴᠢᠨ᠎ᠡ︔ | 2. ᠡᠯᠧᠺᠲᠷᠣᠨ ᠰᠡᠭᠦᠳᠡᠷ ᠳᠤ jpg ᠵᠠᠭᠪᠣᠷ ᠤᠨ > 300dpi ᠢᠯᠭᠠᠮᠵᠢ ᠶᠢᠨ ᠨᠣᠷᠮ᠎ᠠ ᠲᠠᠢ ᠰᠡᠭᠦᠳᠡᠷ ᠲᠣᠰᠢᠶᠠᠨ᠎ᠠ᠂ ᠡᠯᠧᠺᠲᠷᠣᠨ ᠮᠡᠲ᠋ᠧᠷᠢᠶᠡᠯ ᠤᠨ | ᠨᠡᠷᠡᠶᠢᠳᠦᠯ᠄ ︽ᠪᠦᠳᠦᠭᠡᠯ ᠤᠨ ᠨᠡᠷ᠎ᠡ + ᠵᠢᠷᠣᠭᠯᠠᠭᠴᠢ ᠶᠢᠨ ᠨᠡᠷ᠎ᠡ︾︔ | 3. ᠬᠡᠷᠡᠯ ᠵᠢᠷᠤᠭ ᠲᠤ ᠭᠡᠷᠡᠯ ᠵᠢᠷᠤᠭ ᠤᠨ ᠲᠣᠳᠣᠷᠬᠠᠶᠢᠯᠠᠯᠳᠠ ᠪᠢᠴᠢᠵᠣ᠂ ᠭᠡᠷᠡᠯ ᠵᠢᠷᠤᠭ ᠤᠨ ᠰᠡᠭᠦᠳᠡᠷᠯᠡᠭᠰᠡᠨ ᠴᠠᠭ᠂ ᠲᠡᠮᠳᠡᠭᠯᠡᠭᠰᠡᠨ ᠬᠡᠷᠡᠭ ᠶᠠᠪᠣᠳᠠᠯ ᠢᠶᠠᠨ | ᠲᠣᠳᠣᠷᠬᠠᠶᠢᠯᠠᠬᠤ ᠶᠢᠨ ᠬᠠᠮᠳᠦ ᠬᠡᠷᠡᠭ ᠶᠠᠪᠣᠳᠠᠯ ᠤᠨ ᠲᠣᠪᠴᠢ ᠲᠠᠶᠢᠯᠪᠦᠷᠢ ᠵᠡᠷᠭᠡ ᠪᠠᠨ ᠬᠠᠩᠭᠠᠨ᠎ᠠ︔ | ︵ᠵᠢᠷᠭᠤᠭ᠎ᠠ︶ ᠠᠮᠯᠠᠯᠳᠠ ᠶᠢᠨ ᠪᠢᠴᠢᠭ᠃ | ᠠᠷᠪᠠᠨ ᠲᠠᠪᠣᠳᠣᠭᠠᠷ ᠵᠣᠶᠢᠯ ᠡᠭᠦᠳᠦᠨ ᠪᠦᠳᠦᠭᠡᠯᠳᠡ ᠶᠢᠨ ᠱᠠᠩᠨᠠᠯ ᠤᠨ ᠪᠣᠰᠣᠳ ᠱᠠᠩᠨᠠᠯ ᠭᠤᠶᠣᠪᠴᠢᠯᠠᠯ ᠤᠨ ᠬᠦᠬᠢᠬᠦᠯᠦᠯ ᠤᠨ ᠪᠠᠷᠢᠮᠵᠢᠶ᠎ᠡ᠄ | ᠨᠢᠭᠡ ᠪᠦᠳᠦᠭᠡᠯ ᠤᠨ ᠡᠮᠬᠢᠳᠬᠡᠯ ᠳᠤ ᠬᠦᠮᠦᠨ ᠪᠣᠯᠭᠠᠨ ᠵᠢᠯ ᠪᠦᠷᠢ 5000 ᠲᠦᠭᠦᠷᠢᠭ ᠣᠯᠭᠤᠨ᠎ᠠ᠃ | ᠭᠤᠷᠪᠠᠳᠣᠭᠠᠷ ᠬᠡᠰᠡᠭ ᠵᠣᠬᠢᠶᠠᠨ ᠪᠠᠶᠢᠭᠤᠯᠣᠭᠴᠢ ᠶᠢᠨ ᠱᠠᠩᠨᠠᠯ | ᠠᠷᠪᠠᠨ ᠵᠢᠷᠭᠤᠳᠣᠭᠠᠷ ᠵᠣᠶᠢᠯ ᠵᠣᠬᠢᠶᠠᠨ ᠪᠠᠶᠢᠭᠤᠯᠣᠭᠴᠢ ᠶᠢᠨ ᠱᠠᠩᠨᠠᠯ ᠳᠤ ᠲᠣᠬᠢᠷᠠᠯᠴᠠᠬᠤ ᠡᠳᠡᠭᠡᠳ | ᠣᠳᠤᠭ ᠤᠨ ᠡᠮᠦᠨᠡᠳᠦ ᠬᠤᠰᠢᠭᠤᠨ ᠳᠤ ᠬᠠᠣᠯᠢ ᠶᠣᠰᠣᠭᠠᠷ ᠲᠠᠩᠰᠠᠯᠠᠭᠤᠯᠣᠭᠰᠠᠨ ᠠᠷᠠᠳ ᠤᠨ ᠰᠣᠶᠣᠯ ᠤᠨ ᠵᠣᠬᠢᠶᠠᠨ ᠪᠠᠶᠢᠭᠤᠯᠣᠯᠳᠠ ︵ᠠᠷᠠᠳ ᠤᠨ ᠰᠣᠶᠣᠯ ᠤᠨ | ᠪᠦᠯᠬᠦᠮ ᠨᠡᠶᠢᠭᠡᠮᠯᠢᠭ︶ ᠦᠨᠳᠦᠰᠦᠨ ᠱᠠᠳᠣᠨ ᠤ ᠨᠡᠶᠢᠳᠡ ᠶᠢᠨ ᠰᠣᠶᠣᠯ ᠤᠨ ᠪᠠᠶᠢᠭᠤᠯᠭ᠎ᠠ ︵ᠪᠠᠯᠭᠠᠰᠦ᠂ ᠨᠡᠶᠢᠭᠡᠮ ᠲᠣᠭᠤᠷᠢᠭ᠂ ᠭᠠᠴᠠᠭ᠎ᠠ ᠲᠣᠰᠬᠤᠨ ᠤ | ᠶᠡᠷᠦᠩᠬᠡᠶᠢᠯᠡᠭᠰᠡᠨ ᠰᠣᠶᠣᠯ ᠤᠨ ᠣᠶᠢᠯᠡᠴᠢᠯᠡᠭᠡᠨ ᠤ ᠲᠦᠪ︶᠂ ᠰᠣᠶᠣᠯ ᠤᠨ ᠡᠷᠦᠭᠡ ᠵᠢᠴᠢ ᠨᠠᠮ ᠵᠠᠰᠠᠭ ᠤᠨ ᠪᠠᠶᠢᠭᠤᠯᠣᠮᠵᠢ᠂ ᠠᠵᠣ ᠠᠬᠤᠶᠢᠯᠠᠯ ᠠᠵᠢᠯ ᠣᠶᠢᠯᠠᠰ | ᠤᠨ ᠨᠢᠭᠡᠴᠡ ᠪᠣᠯᠣᠨ ᠨᠡᠶᠢᠭᠡᠮ ᠤᠨ ᠪᠦᠯᠬᠦᠮ ᠤᠨ ᠠᠵᠢᠯ ᠤᠨ ᠠᠵᠢᠯᠳᠠᠨ ᠪᠠ ᠣᠳᠤᠭ ᠤᠨ ᠡᠮᠦᠨᠡᠳᠦ ᠬᠤᠰᠢᠭᠤᠨ ᠤ ᠡᠷᠦᠭᠡ ᠠᠮᠠ ᠲᠠᠢ ᠬᠦᠮᠦᠨ᠃ | ᠠᠷᠪᠠᠨ ᠲᠣᠯᠣᠳᠣᠭᠠᠷ ᠵᠣᠶᠢᠯ ᠵᠣᠬᠢᠶᠠᠨ ᠪᠠᠶᠢᠭᠤᠯᠣᠭᠴᠢ ᠶᠢᠨ ᠱᠠᠩᠨᠠᠯ ᠭᠤᠶᠣᠪᠴᠢᠯᠠᠬᠤ ᠨᠦᠭᠦᠴᠡᠯ᠄ ᠬᠠᠣᠯᠢ ᠶᠣᠰᠣᠭᠠᠷ ᠪᠦᠬᠦ ᠬᠤᠰᠢᠭᠤᠨ ᠤ ᠣᠳᠦ | ᠦᠶ᠎ᠡ ᠶᠢᠨ ᠨᠡᠶᠢᠳᠡ ᠶᠢᠨ ᠰᠣᠶᠣᠯ ᠤᠨ ᠣᠶᠢᠯᠡᠴᠢᠯᠡᠭᠡᠨ ᠤ ᠰᠢᠰᠲ᠋ᠧᠮ ᠤᠨ ᠪᠠᠶᠢᠭᠤᠯᠣᠯᠳᠠ ᠳᠤ ᠴᠢᠬᠤᠯᠠ ᠶᠡᠭᠡ ᠭᠠᠪᠢᠶ᠎ᠠ ᠵᠢᠳᠬᠦᠯ ᠦᠵᠡᠭᠦᠯᠦᠭᠰᠡᠳ᠃ | ᠠᠷᠪᠠᠨ ᠨᠠᠢᠮᠠᠳᠣᠭᠠᠷ ᠵᠣᠶᠢᠯ ᠠᠷᠠᠳ ᠤᠨ ᠰᠣᠶᠣᠯ ᠤᠨ ᠵᠣᠬᠢᠶᠠᠨ ᠪᠠᠶᠢᠭᠤᠯᠣᠭᠴᠢ ᠶᠢᠨ ᠱᠠᠩᠨᠠᠯ ᠢ ᠭᠤᠶᠣᠪᠴᠢᠯᠠᠬᠤ ᠮᠡᠲ᠋ᠧᠷᠢᠶᠡᠯ᠄ | ︵ᠨᠢᠭᠡ︶ ᠭᠤᠶᠣᠪᠴᠢᠯᠠᠬᠤ ᠬᠦᠰᠦᠨᠦᠭ︔ | ︵ᠬᠤᠶᠠᠷ︶ ᠭᠤᠶᠣᠪᠴᠢᠯᠠᠭᠴᠢ ᠶᠢᠨ ᠪᠡᠶ᠎ᠡ ᠶᠢᠨ ᠭᠠᠷᠣᠯ ᠤᠨ ᠭᠡᠷᠡᠴᠢ ᠮᠡᠲ᠋ᠧᠷᠢᠶᠡᠯ︔ | ︵ᠭᠤᠷᠪᠠ︶ ︽ᠣᠳᠤᠭ ᠤᠨ ᠡᠮᠦᠨᠡᠳᠦ ᠬᠤᠰᠢᠭᠤᠨ ᠤ ᠠᠷᠠᠳ ᠤᠨ ᠣᠷᠠᠯᠢᠭ ᠤᠨ ᠪᠦᠯᠬᠦᠮ ᠤᠨ ᠬᠦᠮᠦᠵᠢᠯ ᠪᠣᠯᠪᠠᠰᠣᠷᠠᠯ ᠤᠨ ᠬᠠᠮᠢᠶᠠᠷᠣᠯᠳᠠ ᠶᠢᠨ ᠠᠷᠭ᠎ᠠ︾ | ᠶᠢ ᠦᠳᠦᠰᠦᠯᠡᠨ ᠲᠦᠷᠦᠯ ᠬᠤᠪᠢᠶᠠᠭᠰᠠᠨ ᠬᠢᠨᠠᠨ ᠰᠢᠯᠭᠠᠯᠳᠠ ᠦᠨᠡᠯᠡᠯᠳᠡ ᠶᠢᠨ ᠭᠡᠷᠡᠴᠢ ᠪᠠᠷᠢᠮᠳᠠ ᠬᠠᠩᠭᠠᠨ᠎ᠠ︔ | ︵ᠲᠦᠷᠪᠡ︶ ᠬᠦᠬᠢᠬᠦᠯᠦᠯ ᠤᠨ ᠪᠢᠴᠢᠭ᠂ ᠣᠷᠣᠯᠳᠣᠭᠠᠨ ᠳᠤ ᠣᠷᠣᠯᠴᠠᠭᠰᠠᠨ ᠪᠢᠴᠢᠭ ᠮᠡᠲ᠋ᠧᠷᠢᠶᠡᠯ ᠪᠣᠯᠣᠨ ᠱᠠᠩᠨᠠᠯ ᠣᠯᠣᠭᠰᠠᠨ ᠰᠡᠭᠦᠳᠡᠷ ᠵᠢᠴᠢ | ᠲᠣᠳᠣᠷᠬᠠᠶᠢᠯᠠᠯᠳᠠ᠂ ᠲᠣᠭᠯᠠᠯᠳᠠ ᠶᠢᠨ ᠠᠵᠢᠯᠯᠠᠭᠠᠨ ᠤ ᠲᠡᠮᠳᠡᠭᠯᠡᠯ ᠤᠨ ᠬᠦᠰᠦᠨᠦᠭ︔ | ︵ᠲᠠᠪᠤ︶ ᠠᠮᠯᠠᠯᠳᠠ ᠶᠢᠨ ᠪᠢᠴᠢᠭ᠃ | ᠠᠷᠪᠠ ᠶᠢᠰᠦᠳᠦᠭᠡᠷ ᠵᠣᠶᠢᠯ ᠦᠨᠳᠦᠰᠦᠨ ᠱᠠᠳᠣᠨ ᠤ ᠨᠡᠶᠢᠳᠡ ᠶᠢᠨ ᠰᠣᠶᠣᠯ ᠤᠨ ᠪᠠᠶᠢᠭᠤᠯᠭ᠎ᠠ ᠶᠢᠨ ᠭᠤᠶᠣᠪᠴᠢᠯᠠᠬᠤ ᠮᠡᠲ᠋ᠧᠷᠢᠶᠡᠯ᠄ | ︵ᠨᠢᠭᠡ︶ ᠭᠤᠶᠣᠪᠴᠢᠯᠠᠬᠤ ᠬᠦᠰᠦᠨᠦᠭ︔ | ︵ᠬᠤᠶᠠᠷ︶ ᠭᠤᠶᠣᠪᠴᠢᠯᠠᠭᠴᠢ ᠶᠢᠨ ᠪᠡᠶ᠎ᠡ ᠶᠢᠨ ᠭᠠᠷᠣᠯ ᠤᠨ ᠭᠡᠷᠡᠴᠢ ᠮᠡᠲ᠋ᠧᠷᠢᠶᠠᠯ︔ | ︵ᠭᠤᠷᠪᠠ︶ ᠲᠦᠬᠦᠷ ᠲᠦᠬᠦᠭᠡᠷᠦᠮᠵᠢ ᠶᠢᠨ ᠰᠡᠭᠦᠳᠡᠷ ᠵᠢᠴᠢ ᠦᠰᠦᠭ ᠤᠨ ᠬᠡᠯᠪᠡᠷᠢ ᠶᠢᠨ ᠬᠡᠷᠡᠴᠢ ᠮᠡᠲ᠋ᠧᠷᠢᠶᠠᠯ᠄ | 1. ᠪᠠᠯᠭᠠᠰᠣᠨ ᠤ ᠶᠡᠷᠦᠩᠬᠡᠶᠢᠯᠡᠭᠰᠡᠨ ᠰᠣᠶᠣᠯ ᠤᠨ ᠣᠶᠢᠯᠡᠴᠢᠯᠡᠭᠡᠨ ᠤ ᠲᠦᠪ ᠤᠨ ︽ᠠᠷᠪᠠᠨ ᠨᠢᠭᠡ︾ ᠶᠢᠨ ᠪᠠᠷᠢᠮᠵᠢᠶ᠎ᠡ᠄ | ︵1︶ 5000 ᠲᠡᠪᠳᠡᠷ ᠠᠴᠠ ᠲᠡᠭᠡᠭᠰᠢ ᠨᠣᠮ ᠬᠠᠳᠠᠭᠠᠯᠠᠭᠰᠠᠨ ᠣᠩᠰᠢᠯᠭ᠎ᠠ ᠶᠢᠨ ᠦᠷᠦᠭᠡ ᠲᠠᠢ︔ | ︵2︶ 20 ᠰᠠᠭᠤᠷᠢ ᠠᠴᠠ ᠲᠡᠭᠡᠭᠰᠢ ᠺᠣᠮᠫᠢᠦ᠋ᠲ᠋ᠧᠷ ᠲᠠᠢ ᠰᠣᠶᠣᠯ ᠤᠨ ᠮᠡᠳᠡᠭᠡ ᠵᠠᠩᠬᠢ ᠶᠢᠨ ᠡᠬᠢ ᠰᠣᠷᠪᠣᠯᠵᠢ ᠶᠢ ᠬᠠᠮᠳᠦ ᠪᠠᠷ ᠡᠳ᠋ᠯᠡᠬᠦ ᠣᠶᠢᠯᠡᠴᠢᠯᠡᠭᠡᠨ ᠤ | ᠴᠢᠳᠠᠪᠬᠢᠳᠦ ᠨᠡᠶᠢᠳᠡ ᠶᠢᠨ ᠡᠯᠧᠺᠲᠷᠣᠨ ᠣᠩᠰᠢᠯᠭ᠎ᠠ ᠶᠢᠨ ᠲᠠᠰᠤᠭ ᠲᠠᠢ︔ | ︵3︶ ᠰᠣᠶᠣᠯ ᠣᠷᠠᠯᠢᠭ ᠤᠨ ᠪᠣᠯᠪᠠᠰᠣᠷᠠᠯ ᠤᠨ ᠲᠠᠰᠤᠭ ᠲᠠᠢ︔ | ︵4︶ ᠰᠢᠳᠠᠷ᠎ᠠ ᠬᠦᠵᠦᠷ ᠲᠣᠭᠯᠠᠬᠤ ᠲᠠᠰᠤᠭ ᠲᠠᠢ︔ | ︵5︶ ᠦᠵᠡᠭᠦᠯᠦᠯᠭᠡ ᠶᠢᠨ ᠲᠠᠰᠤᠭ ᠲᠠᠢ︔ | ︵6︶ ᠪᠡᠶ᠎ᠡ ᠪᠣᠯᠪᠠᠰᠣᠷᠠᠭᠤᠯᠬᠤ ᠬᠦᠳᠡᠯᠭᠡᠭᠡᠨ ᠤ ᠲᠠᠰᠤᠭ ᠲᠠᠢ︔ | ︵7︶ ᠺᠢᠨᠣ᠋ ᠦᠵᠡᠬᠦ᠂ ᠰᠣᠶᠣᠯ ᠣᠷᠠᠯᠢᠭ ᠤᠨ ᠲᠣᠭᠯᠠᠯᠳᠠ ᠭᠠᠷᠭᠠᠬᠤ ᠶᠢ ᠴᠣᠭᠴᠠᠵᠢᠭᠤᠯᠣᠭᠰᠠᠨ ᠣᠯᠠᠨ ᠬᠡᠷᠡᠭᠴᠡᠭᠡᠳᠦ ᠲᠠᠰᠤᠭ ᠲᠠᠢ︔ | ︵8︶ ᠶᠡᠭᠡ ᠬᠡᠯᠪᠡᠷᠢ ᠶᠢᠨ ᠰᠣᠶᠣᠯ ᠲᠠᠮᠢᠷ ᠤᠨ ᠠᠵᠢᠯᠯᠠᠭᠠᠨ ᠦᠷᠨᠢᠭᠦᠯᠬᠦ ᠰᠣᠶᠣᠯ ᠤᠨ ᠠᠭᠤᠳᠠᠮ ᠲᠠᠯᠠᠪᠠᠢ ᠲᠠᠢ︔ | ︵9︶ ᠠᠵᠢᠯ ᠤᠨ ᠴᠢᠯᠦᠭᠡᠨ ᠤ ᠰᠣᠶᠣᠯ ᠣᠷᠠᠯᠢᠭ ᠤᠨ ᠪᠦᠯᠬᠦᠮ ᠲᠠᠢ︔ | ︵10︶ ᠨᠡᠭᠦᠳᠡᠯ ᠰᠣᠶᠣᠯ ᠤᠨ ᠣᠶᠢᠯᠡᠴᠢᠯᠡᠭᠡᠨ ᠤ ᠲᠡᠷᠭᠡ ᠲᠠᠢ︔ | 2. ᠨᠡᠶᠢᠭᠡᠮ ᠲᠣᠭᠤᠷᠢᠭ ᠤᠨ ᠶᠡᠷᠦᠩᠬᠡᠶᠢᠯᠡᠭᠰᠡᠨ ᠰᠣᠶᠣᠯ ᠤᠨ ᠣᠶᠢᠯᠡᠴᠢᠯᠡᠭᠡᠨ ᠤ ᠲᠦᠪ ᠤᠨ ︽ᠲᠣᠯᠣᠭᠠᠨ ᠨᠢᠭᠡ︾ ᠶᠢᠨ ᠪᠠᠷᠢᠮᠵᠢᠶ᠎ᠠ᠄ | ︵1︶ ᠣᠯᠠᠨ ᠴᠢᠳᠠᠪᠬᠢᠳᠦ ᠠᠵᠢᠯᠯᠠᠭᠠᠨ ᠤ ᠲᠢᠩᠬᠢᠮ ᠲᠠᠢ︔ | ︵2︶ ᠨᠣᠮ ᠰᠡᠳᠬᠦᠯ ᠤᠨ ᠣᠩᠰᠢᠯᠭ᠎ᠠ ᠶᠢᠨ ᠦᠷᠦᠭᠡ ︵ᠡᠯᠧᠺᠲᠷᠣᠨ ᠣᠩᠰᠢᠯᠭ᠎ᠠ ᠶᠢᠨ ᠲᠠᠰᠤᠭ ᠢ ᠪᠠᠭᠳᠠᠭᠠᠨ᠎ᠠ︶ ᠲᠠᠢ︔ | ︵3︶ ᠮᠡᠳᠡᠭᠡ ᠵᠠᠩᠬᠢ ᠶᠢᠨ ᠡᠬᠢ ᠰᠣᠷᠪᠣᠯᠵᠢ ᠶᠢ ᠬᠠᠮᠳᠦ ᠡᠳ᠋ᠯᠡᠬᠦ ᠣᠶᠢᠯᠡᠴᠢᠯᠡᠭᠡᠨ ᠤ ᠲᠠᠰᠤᠭ ᠲᠠᠢ︔ | ︵4︶ ᠦᠵᠡᠭᠦᠯᠦᠯᠭᠡ ᠶᠢᠨ ᠲᠠᠰᠤᠭ ᠲᠠᠢ︔ | ︵5︶ ᠪᠡᠶ᠎ᠡ ᠪᠣᠯᠪᠠᠰᠣᠷᠠᠭᠤᠯᠬᠤ ᠲᠠᠰᠤᠭ ᠲᠠᠢ︔ | ︵6︶ ᠰᠢᠳᠠᠷ᠎ᠠ ᠬᠦᠵᠦᠷ ᠲᠣᠭᠯᠠᠬᠤ ᠲᠠᠰᠤᠭ ᠲᠠᠢ ︔ | ︵7︶ ᠣᠬᠠᠭᠤᠯᠭ᠎ᠠ ᠶᠢᠨ ᠪᠣᠯᠣᠩ ᠲᠠᠢ︔ | 3. ᠭᠠᠴᠠᠭ᠎ᠠ ᠲᠣᠰᠬᠤᠨ ᠤ ᠶᠡᠷᠦᠩᠬᠡᠶᠢᠯᠡᠭᠰᠡᠨ ᠰᠣᠶᠣᠯ ᠤᠨ ᠣᠶᠢᠯᠡᠴᠢᠯᠡᠭᠡᠨ ᠤ ᠲᠦᠪ ᠤᠨ ︽ᠲᠦᠷᠪᠡᠨ ᠨᠢᠭᠡ︾ ᠶᠢᠨ ᠪᠠᠷᠢᠮᠵᠢᠶ᠎ᠡ᠄ | ︵1︶ ᠨᠣᠮ ᠣᠩᠰᠢᠯᠭ᠎ᠠ ᠶᠢᠨ ᠦᠷᠦᠭᠡ ᠲᠠᠢ ︵ᠲᠠᠯ᠎ᠠ ᠨᠣᠳᠤᠭ ᠤᠨ ᠨᠣᠮ ᠤᠨ ᠦᠷᠦᠭᠡ︶︔ | ︵2︶ ᠰᠣᠶᠣᠯ ᠤᠨ ᠮᠡᠳᠡᠭᠡ ᠵᠠᠩᠬᠢ ᠡᠬᠢ ᠪᠠᠶᠠᠯᠢᠭ ᠢ ᠬᠠᠮᠳᠦ ᠪᠠᠷ ᠡᠳ᠋ᠯᠡᠬᠦ ᠢᠨᠵᠧᠨᠧᠷᠢᠩ ᠤᠨ ᠦᠨᠳᠦᠰᠣᠨ ᠱᠠᠳᠣᠨ ᠳᠤ ᠣᠶᠢᠯᠡᠴᠢᠯᠡᠬᠦ ᠴᠡᠭ ᠪᠣᠯᠣᠨ | ᠨᠡᠶᠢᠳᠡ ᠶᠢᠨ ᠡᠯᠧᠺᠲᠷᠣᠨ ᠣᠩᠰᠢᠯᠭ᠎ᠠ ᠶᠢᠨ ᠲᠠᠰᠤᠭ ᠲᠠᠢ︔ | ︵3︶ ᠰᠣᠶᠣᠯ ᠣᠷᠠᠯᠢᠭ᠂ ᠨᠠᠭᠠᠳᠣᠮ ᠲᠣᠭᠯᠠᠭᠠᠮ᠂ ᠪᠡᠶ᠎ᠡ ᠪᠣᠯᠪᠠᠰᠣᠷᠠᠭᠤᠯᠬᠤ ᠦᠷᠭᠡᠨ ᠬᠡᠷᠡᠭᠴᠡᠭᠡᠳᠦ ᠶᠡᠷᠦᠩᠬᠡᠶᠢᠯᠡᠭᠰᠡᠨ ᠬᠦᠳᠡᠯᠭᠡᠭᠡᠨ ᠤ ᠲᠠᠰᠤᠭ ᠲᠠᠢ︔ | ︵4︶ ᠬᠠᠮᠳᠦ ᠶᠢᠨ ᠺᠢᠨᠤ᠋ ᠦᠵᠡᠬᠦ᠂ ᠲᠣᠭᠯᠠᠯᠳᠠ ᠦᠵᠡᠬᠦ᠂ ᠪᠡᠶ᠎ᠡ ᠲᠠᠮᠢᠷ ᠤᠨ ᠬᠦᠳᠡᠯᠭᠡᠭᠡᠨ ᠦᠷᠨᠢᠭᠦᠯᠬᠦ ᠰᠣᠶᠣᠯ ᠤᠨ ᠠᠭᠤᠳᠠᠮ ᠲᠠᠯᠠᠪᠠᠢ ᠲᠠᠢ᠃ | ︵ᠲᠦᠷᠪᠡ︶ ᠬᠦᠳᠡᠯᠭᠡᠭᠡᠨ ᠦᠷᠨᠢᠭᠦᠯᠦᠭᠰᠡᠨ ᠰᠡᠭᠦᠳᠡᠷ ︵ᠪᠦᠬᠦ ᠦᠵᠡᠮᠵᠢ ᠶᠢᠨ ᠵᠢᠷᠤᠭ ᠢ ᠪᠠᠭᠳᠠᠭᠠᠨ᠎ᠠ︶ ᠵᠢᠴᠢ ᠪᠢᠴᠢᠭ ᠤᠨ ᠬᠡᠯᠪᠡᠷᠢ ᠶᠢᠨ ᠭᠡᠷᠡᠴᠢ | ᠮᠡᠲ᠋ᠧᠷᠢᠶᠠᠯ᠄ | 1. ᠪᠠᠯᠭᠠᠰᠣᠨ ᠤ ᠶᠡᠷᠦᠩᠬᠡᠶᠢᠯᠡᠭᠰᠡᠨ ᠰᠣᠶᠣᠯ ᠤᠨ ᠣᠶᠢᠯᠡᠴᠢᠯᠡᠭᠡᠨ ᠤ ᠲᠦᠪ ᠤᠨ ᠲᠣᠭᠯᠠᠯᠳᠠ ᠭᠠᠷᠭᠠᠭᠰᠠᠨ ᠲᠡᠮᠳᠡᠭᠯᠡᠯ ᠤᠨ ᠬᠦᠰᠦᠨᠦᠭ ︵ᠪᠢᠴᠢᠭ ᠵᠢᠷᠤᠭ | ᠤᠨ ᠬᠡᠯᠪᠡᠷᠢ ᠶᠢᠨ ᠲᠠᠩᠰᠠ ᠮᠡᠲ᠋ᠧᠷᠢᠶᠠᠯ︶︔ | 2. ᠨᠡᠶᠢᠭᠡᠮ ᠲᠣᠭᠤᠷᠢᠭ ᠤᠨ ᠶᠡᠷᠦᠩᠬᠡᠶᠢᠯᠡᠭᠰᠡᠨ ᠰᠣᠶᠣᠯ ᠤᠨ ᠣᠶᠢᠯᠡᠴᠢᠯᠡᠭᠡᠨ ᠤ ᠲᠦᠪ ᠤᠨ ᠲᠣᠭᠯᠠᠯᠳᠠ ᠭᠠᠷᠭᠠᠭᠰᠠᠨ ᠲᠡᠮᠳᠡᠭᠯᠡᠯ ᠤᠨ ᠬᠦᠰᠦᠨᠦᠭ ︵ | ᠪᠢᠴᠢᠭ ᠵᠢᠷᠤᠭ ᠤᠨ ᠬᠡᠯᠪᠡᠷᠢ ᠶᠢᠨ ᠲᠠᠩᠰᠠ ᠮᠡᠲ᠋ᠧᠷᠢᠶᠠᠯ︶︔ | 3. ᠭᠠᠴᠠᠭ᠎ᠠ ᠲᠣᠰᠬᠤᠨ ᠤ ᠶᠡᠷᠦᠩᠬᠡᠶᠢᠯᠡᠭᠰᠡᠨ ᠰᠣᠶᠣᠯ ᠤᠨ ᠣᠶᠢᠯᠡᠴᠢᠯᠡᠭᠡᠨ ᠤ ᠲᠦᠪ ᠤᠨ ᠲᠣᠭᠯᠠᠯᠳᠠ ᠭᠠᠷᠭᠠᠭᠰᠠᠨ ᠲᠡᠮᠳᠡᠭᠯᠡᠯ ᠤᠨ ᠬᠦᠰᠦᠨᠦᠭ ︵ᠪᠢᠴᠢᠭ | ᠵᠢᠷᠤᠭ ᠤᠨ ᠬᠡᠯᠪᠡᠷᠢ ᠶᠢᠨ ᠲᠠᠩᠰᠠ ᠮᠡᠲ᠋ᠧᠷᠢᠶᠠᠯ︶︔ | ︵ᠲᠠᠪᠤ︶ ᠲᠣᠭᠳᠠᠴᠠ ᠲᠣᠭᠳᠠᠯᠴᠠᠭᠠᠨ ᠤ ᠵᠢᠷᠤᠭ ᠵᠢᠴᠢ ᠪᠢᠴᠢᠭ ᠤᠨ ᠬᠡᠯᠪᠡᠷᠢ ᠶᠢᠨ ᠭᠡᠷᠡᠴᠢ ᠮᠡᠲ᠋ᠧᠷᠢᠶᠠᠯ᠄ | 1. ᠪᠠᠶᠢᠭᠤᠯᠣᠮᠵᠢ ᠶᠢᠨ ᠠᠵᠢᠯᠯᠠᠮᠵᠢ ᠶᠢᠨ ᠵᠠᠷᠣᠳᠠᠯ ᠤᠨ ᠪᠠᠳᠣᠯᠠᠭ᠎ᠠ ︵ᠭᠦᠢᠴᠡᠳᠬᠡᠯ ᠲᠤᠭ᠎ᠠ ᠲᠠᠢ ᠪᠢᠴᠢᠭ ᠮᠡᠲ᠋ᠧᠷᠢᠶᠠᠯ᠂ ᠣᠷᠣᠯᠭ᠎ᠠ ᠵᠠᠷᠣᠯᠭ᠎ᠠ ᠶᠢᠨ ᠭᠡᠷᠡᠴᠢ | ᠪᠠᠷᠢᠮᠳᠠ︶︔ | 2. ᠲᠣᠭᠳᠠᠭᠰᠠᠨ ᠠᠵᠢᠯᠳᠠᠨ ᠲᠠᠢ ︵ᠣᠷᠣᠨ ᠲᠣᠭᠠᠨ ᠤ ᠲᠡᠪᠳᠡᠷ᠂ ᠴᠠᠯᠢᠩ ᠣᠯᠭᠤᠮᠵᠢ ᠶᠢᠨ ᠭᠡᠷᠡᠴᠢ᠂ ᠠᠵᠢᠯᠳᠠᠨ ᠤ ᠲᠣᠰᠢᠶᠠᠯ ᠡᠭᠦᠷᠭᠡᠯᠡᠭᠰᠡᠨ ᠪᠢᠴᠢᠭ | ᠮᠡᠲ᠋ᠧᠷᠢᠶᠠᠯ︶᠃ | ︵ᠵᠢᠷᠭᠤᠭ᠎ᠠ︶ ᠠᠮᠠᠯᠠᠯᠳᠠ ᠶᠢᠨ ᠪᠢᠴᠢᠭ᠃ | ᠬᠤᠷᠢᠳᠣᠭᠠᠷ ᠵᠣᠶᠢᠯ ᠰᠣᠶᠣᠯ ᠤᠨ ᠡᠷᠦᠭᠡ ᠶᠢ ᠭᠤᠶᠣᠪᠴᠢᠯᠠᠬᠤ ᠮᠡᠲ᠋ᠧᠷᠢᠶᠠᠯ᠄ | ︵ᠨᠢᠭᠡ︶ ᠭᠤᠶᠣᠪᠴᠢᠯᠠᠬᠤ ᠬᠦᠰᠦᠨᠦᠭ︔ | ︵ᠬᠤᠶᠠᠷ︶ ᠭᠤᠶᠣᠪᠴᠢᠯᠠᠭᠴᠢ ᠶᠢᠨ ᠪᠡᠶ᠎ᠡ ᠶᠢᠨ ᠭᠠᠷᠣᠯ ᠤᠨ ᠭᠡᠷᠡᠴᠢ ᠮᠡᠲ᠋ᠧᠷᠢᠶᠠᠯ︔ | ︵ᠭᠤᠷᠪᠠ︶ ︽ᠦᠪᠦᠷ ᠮᠣᠩᠭᠤᠯ ᠤᠨ ᠦᠪᠡᠷᠳᠡᠭᠡᠨ ᠵᠠᠰᠠᠬᠤ ᠣᠷᠣᠨ ᠤ ᠮᠠᠯᠵᠢᠬᠤ ᠲᠠᠷᠢᠶᠠᠯᠠᠬᠤ ᠣᠷᠣᠨ ᠤ ᠰᠣᠶᠣᠯ ᠤᠨ ᠡᠷᠦᠭᠡ ᠵᠢᠴᠢ ᠵᠢᠱᠢᠶ᠎ᠡ | ᠦᠵᠡᠭᠦᠯᠬᠦ ᠡᠷᠦᠭᠡ ᠶᠢᠨ ᠲᠣᠭᠳᠠᠭᠠᠯᠳᠠ ᠶᠢᠨ ᠦᠨᠳᠦᠰᠦᠨ ᠪᠠᠷᠢᠮᠵᠢᠶ᠎ᠡ︾ ᠶᠢᠨ ᠲᠣᠭᠳᠠᠭᠠᠯ ᠢ ᠦᠨᠳᠦᠰᠦᠯᠡᠨ᠂ ᠲᠣᠣᠷᠠᠬᠢ ᠮᠡᠲ᠋ᠧᠷᠢᠶᠠᠯ ᠢ ᠬᠠᠩᠭᠠᠨ᠎ᠠ᠄ | 1. ᠰᠣᠶᠣᠯ ᠤᠨ ᠠᠵᠢᠯᠯᠠᠭᠠᠨ ᠤ ᠲᠠᠯᠠᠪᠠᠢ ᠶᠢᠨ ᠭᠡᠷᠡᠴᠢ︔ | 2. ᠬᠤᠪᠢ ᠬᠦᠮᠦᠨ ᠤ ᠬᠦᠬᠢᠬᠦᠯᠦᠯ ᠱᠠᠩᠨᠠᠯ ᠤᠨ ᠦᠨᠡᠮᠯᠡᠯ᠂ ᠣᠷᠣᠯᠳᠣᠭᠠᠨ ᠳᠤ ᠣᠷᠣᠯᠴᠠᠭᠰᠠᠨ ᠪᠢᠴᠢᠭ ᠮᠡᠲ᠋ᠧᠷᠢᠶᠠᠯ ᠪᠣᠯᠣᠨ ᠱᠠᠩᠨᠠᠯ ᠣᠯᠣᠭᠰᠠᠨ | ᠰᠡᠭᠦᠳᠡᠷ ᠵᠢᠴᠢ ᠲᠣᠳᠣᠷᠬᠠᠶᠢᠯᠠᠯᠳᠠ︔ | 3. ᠨᠠᠶᠢᠷ ᠨᠠᠭᠠᠳᠣᠮ ᠤᠨ ᠬᠡᠯᠪᠡᠷᠢ ᠶᠢᠨ ᠰᠣᠶᠣᠯ ᠤᠨ ᠡᠷᠦᠭᠡ ᠰᠣᠶᠣᠯ ᠣᠷᠠᠯᠢᠭ ᠤᠨ ᠠᠵᠢᠯᠯᠠᠭᠠᠨ ᠤ ᠬᠡᠷᠡᠭᠰᠡᠯ᠂ ᠠᠵᠢᠯᠯᠠᠭᠠᠨ ᠤ ᠲᠡᠮᠳᠡᠭᠯᠡᠯ ᠤᠨ | ᠬᠦᠰᠦᠨᠦᠭ ︵ᠪᠢᠴᠢᠭ ᠵᠢᠷᠤᠭ ᠲᠠᠩᠰᠠ ᠡᠪᠭᠡᠮᠡᠯ︶᠂ ᠣᠷᠠᠨ ᠪᠦᠳᠦᠭᠡᠯ ᠰᠣᠶᠣᠯ ᠣᠷᠠᠯᠢᠭ ᠤᠨ ᠫᠷᠣᠭ᠍ᠷᠠᠮ ᠢᠶᠠᠨ ᠬᠠᠩᠭᠠᠨ᠎ᠠ︔ | 4. ᠮᠡᠳᠡᠯᠭᠡ ᠶᠢᠨ ᠬᠡᠯᠪᠡᠷᠢ ᠶᠢᠨ ᠰᠣᠶᠣᠯ ᠤᠨ ᠡᠷᠦᠭᠡ ᠨᠣᠮ ᠰᠣᠨᠢᠨ ᠰᠡᠳᠬᠦᠯ ᠵᠠᠬᠢᠶᠠᠯᠠᠭᠰᠠᠨ ᠪᠠᠷᠢᠮᠳᠠ᠂ ᠲᠦᠯᠦᠪᠦᠷᠢ ᠦᠭᠡᠢ ᠪᠠᠷ ᠨᠡᠭᠡᠭᠡᠭᠰᠡᠨ ᠲᠡᠮᠳᠡᠭᠯᠡᠯ | ᠤᠨ ᠬᠦᠰᠦᠨᠦᠭ ᠢᠶᠠᠨ ᠬᠠᠩᠭᠠᠨ᠎ᠠ︔ | 5. ᠦᠵᠡᠭᠦᠯᠦᠯᠭᠡ ᠶᠢᠨ ᠬᠡᠯᠪᠡᠷᠢ ᠶᠢᠨ ᠰᠣᠶᠣᠯ ᠤᠨ ᠡᠷᠦᠭᠡ ᠦᠵᠡᠭᠦᠯᠦᠯᠭᠡ ᠶᠢᠨ ᠲᠠᠯᠠᠪᠠᠢ᠂ ᠬᠠᠳᠠᠭᠠᠯᠠᠭᠰᠠᠨ ᠪᠣᠳᠠᠰ ᠤᠨ ᠰᠡᠭᠦᠳᠡᠷ ᠪᠣᠯᠣᠨ ᠭᠠᠷᠴᠠᠭ᠂ | ᠪᠣᠳᠠᠰ ᠤᠨ ᠪᠣᠰᠣ ᠦᠵᠡᠭᠦᠯᠦᠯᠭᠡ ᠶᠢᠨ ᠬᠡᠯᠪᠡᠷᠢ ᠶᠢᠨ ᠰᠣᠶᠣᠯ ᠤᠨ ᠡᠷᠦᠭᠡ ᠪᠠᠰᠠ ᠪᠣᠳᠠᠰ ᠤᠨ ᠪᠣᠰᠣ ᠣᠯᠠᠮᠵᠢᠯᠠᠭᠴᠢ ᠶᠢᠨ ᠭᠡᠷᠡᠴᠢ᠂ ᠦᠵᠡᠭᠦᠯᠦᠯᠭᠡ ᠳᠤ | ᠣᠷᠣᠯᠴᠠᠭᠰᠠᠨ ᠠᠵᠢᠯᠯᠠᠭᠠᠨ ᠤ ᠰᠡᠭᠦᠳᠡᠷ ᠵᠡᠷᠭᠡ ᠪᠠᠨ ᠬᠠᠩᠭᠠᠨ᠎ᠠ᠃ | ︵ᠲᠦᠷᠪᠡ︶ ᠠᠮᠠᠯᠠᠯᠳᠠ ᠶᠢᠨ ᠪᠢᠴᠢᠭ᠃ | ᠬᠤᠷᠢᠨ ᠨᠢᠭᠡᠳᠦᠭᠡᠷ ᠵᠣᠶᠢᠯ ᠵᠣᠬᠢᠶᠠᠨ ᠪᠠᠶᠢᠭᠤᠯᠣᠭᠴᠢ ᠶᠢᠨ ᠱᠠᠩᠨᠠᠯ ᠤᠨ ᠬᠦᠬᠢᠬᠦᠯᠦᠯ ᠤᠨ ᠪᠠᠷᠢᠮᠵᠢᠶ᠎ᠡ | ︵ᠨᠢᠭᠡ︶ ᠠᠷᠠᠳ ᠤᠨ ᠰᠣᠶᠣᠯ ᠤᠨ ᠵᠣᠬᠢᠶᠠᠨ ᠪᠠᠶᠢᠭᠤᠯᠣᠯᠳᠠ ᠶᠢᠨ ᠱᠠᠩᠨᠠᠯ᠄ | 1. ᠨᠢᠭᠡᠳᠦᠭᠡᠷ ᠲᠦᠷᠦᠯ ᠤᠨ ᠵᠣᠬᠢᠶᠠᠨ ᠪᠠᠶᠢᠭᠤᠯᠣᠯᠳᠠ 5᠂ 3 ᠲᠦᠮᠡᠨ ᠲᠦᠬᠦᠷᠢᠭ︔ | 2. ᠬᠤᠶᠠᠳᠣᠭᠠᠷ ᠲᠦᠷᠦᠯ ᠤᠨ ᠵᠣᠬᠢᠶᠠᠨ ᠪᠠᠶᠢᠭᠤᠯᠣᠯᠳᠠ 5᠂ 2 ᠲᠦᠮᠡᠨ ᠲᠦᠬᠦᠷᠢᠭ︔ | 3. ᠭᠤᠷᠪᠠᠳᠣᠭᠠᠷ ᠲᠦᠷᠦᠯ ᠤᠨ ᠵᠣᠬᠢᠶᠠᠨ ᠪᠠᠶᠢᠭᠤᠯᠣᠯᠳᠠ 5᠂ ᠲᠦᠮᠡᠨ ᠲᠦᠭᠦᠷᠢᠭ︔ | ︵ᠬᠤᠶᠠᠷ︶ ᠦᠨᠳᠦᠰᠦᠨ ᠱᠠᠳᠣᠨ ᠤ ᠨᠠᠶᠢᠳᠡ ᠶᠢᠨ ᠰᠣᠶᠣᠯ ᠤᠨ ᠪᠠᠶᠢᠭᠤᠯᠭ᠎ᠠ᠄ | 1. ᠨᠢᠭᠡᠳᠦᠭᠡᠷ ᠲᠡᠰ ᠤᠨ ᠱᠠᠩᠨᠠᠯ 1᠂ 2 ᠲᠦᠮᠡᠨ ᠲᠦᠬᠦᠷᠢᠭ︔ | 2. ᠬᠤᠶᠠᠳᠣᠭᠠᠷ ᠲᠡᠰ ᠤᠨ ᠱᠠᠩᠨᠠᠯ 2᠂ ᠲᠦᠮᠡᠨ ᠲᠦᠭᠦᠷᠢᠭ︔ | 3. ᠭᠤᠷᠪᠠᠳᠣᠭᠠᠷ ᠲᠡᠰ ᠤᠨ ᠱᠠᠩᠨᠠᠯ 3᠂ 0.5 ᠲᠦᠮᠡᠨ ᠲᠦᠭᠦᠷᠢᠭ᠃ | ︵ᠭᠤᠷᠪᠠ︶ ᠰᠣᠶᠣᠯ ᠤᠨ ᠡᠷᠦᠭᠡ᠄ | 1. ᠨᠢᠭᠡᠳᠦᠭᠡᠷ ᠲᠡᠰ ᠤᠨ ᠱᠠᠩᠨᠠᠯ 1᠂ ᠲᠦᠮᠡᠨ ᠲᠦᠬᠦᠷᠢᠭ︔ | 2. ᠬᠤᠶᠠᠳᠣᠭᠠᠷ ᠲᠡᠰ ᠤᠨ ᠱᠠᠩᠨᠠᠯ 2᠂ 0.5 ᠲᠦᠮᠡᠨ ᠲᠦᠭᠦᠷᠢᠭ︔ | 3. ᠭᠤᠷᠪᠠᠳᠣᠭᠠᠷ ᠲᠡᠰ ᠤᠨ ᠱᠠᠩᠨᠠᠯ 3᠂ 0.3 ᠲᠦᠮᠡᠨ ᠲᠦᠭᠦᠷᠢᠭ︔ | 4. ᠰᠢᠯᠢᠳᠡᠭ ᠱᠠᠩᠨᠠᠯ 10᠂ 0.1 ᠲᠦᠮᠡᠨ ᠲᠦᠭᠦᠷᠢᠭ᠃ | ᠲᠦᠷᠪᠡᠳᠦᠭᠡᠷ ᠬᠡᠰᠡᠭ ᠣᠯᠠᠮᠵᠢᠯᠠᠭᠴᠢ ᠶᠢᠨ ᠱᠠᠩᠨᠠᠯ | ᠬᠤᠷᠢᠨ ᠬᠤᠶᠠᠳᠣᠭᠠᠷ ᠵᠣᠶᠢᠯ ᠣᠯᠠᠮᠵᠢᠯᠠᠭᠴᠢ ᠶᠢᠨ ᠱᠠᠩᠨᠠᠯ ᠳᠤ ᠲᠣᠬᠢᠷᠠᠯᠴᠠᠬᠤ ᠡᠳᠡᠭᠡᠳ | ᠣᠳᠤᠭ ᠤᠨ ᠡᠮᠦᠨᠡᠳᠦ ᠬᠤᠰᠢᠭᠤᠨ ᠤ ᠬᠡᠪᠴᠢᠶᠡᠨ ᠳᠤ ᠬᠢ ᠨᠡᠶᠢᠭᠡᠮ ᠤᠨ ᠪᠦᠯᠭᠦᠮ ᠵᠢᠴᠢ ᠨᠠᠮ ᠵᠠᠰᠠᠭ ᠤᠨ ᠪᠠᠶᠢᠭᠤᠯᠣᠮᠵᠢ᠂ ᠠᠵᠣ ᠠᠬᠤᠶᠢᠯᠠᠯ ᠠᠵᠢᠯ | ᠣᠶᠢᠯᠠᠰ ᠤᠨ ᠨᠢᠭᠡᠴᠡ ᠪᠣᠯᠣᠨ ᠨᠡᠶᠢᠭᠡᠮ ᠤᠨ ᠪᠦᠯᠭᠦᠮ ᠤᠨ ᠠᠵᠢᠯᠳᠠᠨ ᠪᠠ ᠣᠳᠤᠭ ᠤᠨ ᠡᠮᠦᠨᠡᠳᠦ ᠬᠤᠰᠢᠭᠤᠨ ᠤ ᠡᠷᠦᠭᠡ ᠠᠮᠠ ᠲᠠᠢ ᠬᠦᠮᠦᠨ᠃ | ᠬᠤᠷᠢᠨ ᠭᠤᠷᠪᠠᠳᠣᠭᠠᠷ ᠵᠣᠶᠢᠯ ᠣᠯᠠᠮᠵᠢᠯᠠᠭᠴᠢ ᠶᠢᠨ ᠱᠠᠩᠨᠠᠯ ᠤᠨ ᠭᠤᠶᠣᠪᠴᠢᠯᠠᠬᠤ ᠨᠦᠭᠦᠴᠡᠯ | ᠣᠳᠤᠭ ᠤᠨ ᠡᠮᠦᠨᠡᠳᠦ ᠬᠤᠰᠢᠭᠤᠨ ᠤ ᠪᠣᠳᠠᠰ ᠤᠨ ᠪᠣᠰᠣ ᠰᠣᠶᠣᠯ ᠤᠨ ᠦᠪ ᠢ ᠬᠠᠮᠠᠭᠠᠯᠠᠨ ᠣᠯᠠᠮᠵᠢᠯᠠᠬᠤ ᠲᠠᠯ᠎ᠠ ᠪᠠᠷ ᠬᠦᠨᠳᠦ ᠴᠢᠬᠤᠯᠠ ᠬᠤᠪᠢ ᠨᠡᠮᠡᠷᠢ | ᠦᠵᠡᠭᠦᠯᠦᠭᠴᠢ᠂ ᠬᠤᠰᠢᠭᠤ ᠲᠡᠰ ᠤᠨ ᠡᠯ᠎ᠡ ᠲᠦᠷᠦᠯ ᠤᠨ ᠪᠣᠳᠠᠰ ᠤᠨ ᠪᠣᠰᠣ ᠰᠣᠶᠣᠯ ᠤᠨ ᠦᠪ ᠲᠤ ᠣᠷᠣᠭᠤᠯᠣᠭᠰᠠᠨ ᠲᠦᠷᠦᠯ ᠵᠣᠶᠢᠯ ᠪᠣᠯᠣᠨ ᠣᠯᠠᠮᠵᠢᠯᠠᠨ | ᠵᠠᠯᠠᠭᠠᠮᠵᠢᠯᠠᠭᠴᠢ᠃ | ᠬᠤᠷᠢᠨ ᠲᠦᠷᠪᠡᠳᠦᠭᠡᠷ ᠵᠣᠶᠢᠯ ᠣᠯᠠᠮᠵᠢᠯᠠᠭᠴᠢ ᠶᠢᠨ ᠱᠠᠩᠨᠠᠯ ᠢ ᠭᠤᠶᠣᠪᠴᠢᠯᠠᠬᠤ ᠮᠡᠲ᠋ᠧᠷᠢᠶᠠᠯ | ︵ᠨᠢᠭᠡ︶ ᠭᠤᠶᠣᠪᠴᠢᠯᠠᠬᠤ ᠬᠦᠰᠦᠨᠦᠭ︔ | ︵ᠬᠤᠶᠠᠷ︶ ᠭᠤᠶᠣᠪᠴᠢᠯᠠᠭᠴᠢ ᠶᠢᠨ ᠪᠡᠶ᠎ᠡ ᠶᠢᠨ ᠭᠠᠷᠣᠯ ᠤᠨ ᠭᠡᠷᠡᠴᠢ ᠮᠡᠲ᠋ᠧᠷᠢᠶᠠᠯ︔ | ︵ᠭᠤᠷᠪᠠ︶ ᠬᠤᠰᠢᠭᠤ ᠲᠡᠰ ᠠᠴᠠ ᠲᠡᠭᠡᠭᠰᠢᠬᠢ ︵ᠬᠤᠰᠢᠭᠤ ᠲᠡᠰ ᠢ ᠪᠠᠭᠳᠠᠭᠠᠨ᠎ᠠ︶ ᠪᠣᠳᠠᠰ ᠤᠨ ᠪᠣᠰᠣ ᠰᠣᠶᠣᠯ ᠤᠨ ᠦᠪ ᠢ ᠣᠯᠠᠮᠵᠢᠯᠠᠬᠤ ᠠᠵᠢᠯᠯᠠᠭᠠᠨ | ᠦᠷᠨᠢᠭᠦᠯᠦᠭᠰᠡᠨ ᠪᠣᠶᠣ ᠣᠷᠣᠯᠴᠠᠭᠰᠠᠨ ᠰᠡᠭᠦᠳᠡᠷ ᠵᠢᠴᠢ ᠲᠣᠳᠣᠷᠬᠠᠶᠢᠯᠠᠯᠳᠠ︔ | ︵ᠲᠦᠷᠪᠡ︶ ᠠᠮᠠᠯᠠᠯᠳᠠ ᠶᠢᠨ ᠪᠢᠴᠢᠭ᠃ | ᠬᠤᠷᠢᠨ ᠲᠠᠪᠣᠳᠣᠭᠠᠷ ᠵᠣᠶᠢᠯ ᠣᠯᠠᠮᠵᠢᠯᠠᠭᠴᠢ ᠶᠢᠨ ᠱᠠᠩᠨᠠᠯ ᠤᠨ ᠪᠠᠷᠢᠮᠵᠢᠶ᠎ᠡ | ︵ᠨᠢᠭᠡ︶ ᠬᠤᠰᠢᠭᠤ ᠠᠷᠠᠳ ᠤᠨ ᠵᠠᠰᠠᠭ ᠤᠨ ᠣᠷᠳᠣᠨ ᠠᠴᠠ ᠨᠣᠳᠠᠯᠠᠨ ᠨᠡᠶᠢᠳᠡᠯᠡᠭᠰᠡᠨ ᠬᠤᠰᠢᠭᠤ ᠲᠡᠰ ᠤᠨ ᠲᠦᠯᠦᠭᠡᠯᠡᠭᠴᠢ ᠴᠢᠨᠠᠷᠳᠠᠢ ᠣᠯᠠᠮᠵᠢᠯᠠᠭᠴᠢ ᠳᠤ | ᠱᠠᠩᠨᠠᠯ ᠢᠶᠠᠷ ᠨᠦᠬᠦᠪᠦᠷᠢ ᠶᠢ ᠣᠷᠣᠯᠠᠭᠤᠯᠬᠤ ᠬᠡᠯᠪᠡᠷᠢ ᠪᠠᠷ ᠬᠦᠮᠦᠨ ᠪᠦᠷᠢ 2000 ᠲᠦᠭᠦᠷᠢᠭ ᠤᠨ ᠨᠦᠬᠦᠪᠦᠷᠢ ᠣᠯᠭᠤᠨ᠎ᠠ︔ | ︵ᠬᠤᠶᠠᠷ︶ ᠬᠤᠰᠢᠭᠤ ᠰᠣᠶᠣᠯ ᠪᠣᠯᠣᠨ ᠵᠢᠭᠤᠯᠴᠢᠯᠠᠯ ᠤᠨ ᠵᠠᠰᠠᠭ ᠵᠠᠬᠢᠷᠭᠠᠨ ᠤ ᠭᠤᠣᠯᠯᠠᠨ ᠬᠠᠮᠢᠶᠠᠷᠬᠤ ᠰᠠᠯᠠᠭ᠎ᠠ ᠮᠦᠴᠢᠷ ᠢ ᠲᠦᠯᠦᠭᠡᠯᠡᠨ ᠦᠵᠡᠭᠦᠯᠣᠯᠭᠡ᠂ | ᠲᠣᠭᠯᠠᠯᠳᠠ᠂ ᠰᠣᠯᠢᠯᠴᠠᠭ᠎ᠠ ᠵᠡᠷᠭᠡ ᠠᠵᠢᠯᠯᠠᠭᠠᠨ ᠦᠷᠨᠢᠭᠦᠯᠪᠡᠯ᠂ ᠨᠦᠬᠦᠪᠦᠷᠢ ᠶᠢᠨ ᠪᠠᠷᠢᠮᠵᠢᠶ᠎ᠡ ᠨᠢ ᠲᠣᠣᠷᠠᠬᠢ ᠮᠡᠳᠦ᠄ | 1. ᠬᠤᠰᠢᠭᠤᠨ ᠲᠣᠳᠣᠷ᠎ᠠ ᠡᠳᠦᠷ ᠪᠦᠷᠢ ᠬᠦᠮᠦᠨ ᠪᠣᠯᠭᠠᠨ 500 ᠲᠦᠬᠦᠷᠢᠭ︔ | 2. ᠬᠤᠳᠠ ᠲᠣᠳᠣᠷ᠎ᠠ ᠡᠳᠦᠷ ᠪᠦᠷᠢ ᠬᠦᠮᠦᠨ ᠪᠣᠯᠭᠠᠨ 600 ᠲᠦᠭᠦᠷᠢᠭ︔ | 3. ᠬᠤᠳᠠ ᠠᠴᠠ ᠭᠠᠳᠠᠨ᠎ᠠ ᠡᠳᠦᠷ ᠪᠦᠷᠢ ᠬᠦᠮᠦᠨ ᠪᠣᠯᠭᠠᠨ 800 ᠲᠦᠭᠦᠷᠢᠭ᠃ | | | ᠲᠦᠷᠪᠡᠳᠦᠭᠡᠷ ᠪᠦᠯᠦᠭ ᠵᠢᠭᠤᠯᠴᠢᠯᠠᠭᠰᠠᠳ ᠢ ᠲᠠᠳᠠᠭᠴᠢ ᠶᠢ ᠲᠡᠮᠵᠢᠬᠦ ᠪᠠ ᠬᠦᠬᠢᠬᠦᠯᠦᠨ ᠱᠠᠩᠨᠠᠬᠤ | ᠬᠤᠷᠢᠨ ᠵᠢᠷᠭᠤᠳᠣᠭᠠᠷ ᠵᠣᠶᠢᠯ ᠵᠢᠭᠤᠯᠴᠢᠯᠠᠭᠰᠠᠳ ᠢ ᠲᠠᠳᠠᠭᠴᠢ ᠶᠢ ᠲᠡᠮᠵᠢᠬᠦ ᠪᠡ ᠬᠦᠬᠢᠬᠦᠯᠦᠨ ᠱᠠᠩᠨᠠᠬᠤ ᠳᠤ ᠲᠣᠬᠢᠷᠠᠯᠴᠠᠬᠤ ᠡᠳᠡᠭᠡᠳ᠄ | ᠬᠠᠣᠯᠢ ᠶᠣᠰᠣᠭᠠᠷ ᠲᠠᠩᠰᠠᠯᠠᠭᠤᠯᠣᠭᠰᠠᠨ ᠪᠠ ᠭᠠᠶᠢᠯᠢ ᠲᠣᠰᠢᠶᠠᠭᠰᠠᠨ᠂ ᠲᠣᠰᠠᠭᠠᠷ ᠬᠠᠣᠯᠢ ᠤᠨ ᠡᠷᠭᠡᠳᠡᠨ ᠤ ᠬᠢᠷᠢ ᠬᠡᠮ ᠲᠠᠢ ᠵᠢᠭᠤᠯᠴᠢᠯᠠᠭᠰᠠᠳ ᠲᠤ | ᠣᠶᠢᠯᠡᠴᠢᠯᠡᠭᠦ ᠭᠠᠵᠠᠷ᠂ ᠰᠣᠶᠣᠯ ᠵᠢᠭᠤᠯᠴᠢᠯᠠᠯ ᠤᠨ ᠠᠵᠣ ᠠᠬᠤᠶᠢᠯᠠᠯ ᠵᠢᠴᠢ ᠪᠣᠰᠣᠳ ᠪᠦᠯᠬᠦᠮ᠃ | ᠬᠤᠷᠢᠨ ᠲᠣᠯᠣᠳᠣᠭᠠᠷ ᠵᠣᠶᠢᠯ ᠵᠢᠭᠤᠯᠴᠢᠯᠠᠭᠰᠠᠳ ᠢ ᠲᠠᠳᠠᠭᠴᠢ ᠶᠢ ᠲᠡᠮᠵᠢᠬᠦ ᠪᠠ ᠬᠦᠬᠢᠬᠦᠯᠬᠦ ᠱᠠᠩᠨᠠᠯ ᠢ ᠭᠤᠶᠣᠪᠴᠢᠯᠠᠬᠤ ᠨᠦᠬᠦᠴᠡᠯ᠄ | ︵ᠨᠢᠭᠡ︶ ᠬᠡᠷᠡᠮ ᠤᠨ ᠭᠤᠣᠯ ᠤᠨ ᠦᠵᠡᠮᠵᠢ ᠶᠢᠨ ᠣᠷᠣᠨ ᠤ ᠬᠤᠶᠢᠳᠦ ᠡᠭᠦᠳᠡᠨ ᠤ ᠪᠢᠯᠧᠲ ᠠᠪᠣᠭᠰᠠᠨ ᠮᠦᠷᠳᠡᠭᠡᠨ ᠣᠷᠣᠭᠰᠠᠨ ᠸᠢᠳᠢᠣ᠋ ᠬᠡᠯᠪᠡᠷᠢ ᠶᠢᠨ | ᠮᠡᠲ᠋ᠧᠷᠢᠶᠠᠯ ᠢᠶᠠᠨ ᠬᠠᠩᠭᠠᠨ᠎ᠠ︔ | ︵ᠬᠤᠶᠠᠷ︶ ᠣᠷᠢᠳᠴᠢᠯᠠᠨ ᠨᠢᠭᠡ ᠠᠵᠢᠯᠯᠠᠬᠤ ᠡᠳᠦᠷ ᠬᠤᠰᠢᠭᠤ ᠰᠣᠶᠣᠯ ᠵᠢᠭᠤᠯᠴᠢᠯᠠᠯ ᠤᠨ ᠲᠣᠪᠴᠢᠶᠠᠨ ᠳᠤ ᠮᠡᠳᠡᠭᠦᠯᠦᠨ ᠲᠠᠩᠰᠠᠯᠠᠭᠤᠯᠣᠨ᠎ᠠ︔ | ︵ᠭᠤᠷᠪᠠ︶ ᠵᠢᠭᠤᠯᠴᠢᠯᠠᠯ ᠤᠨ ᠰᠢᠭᠤᠳ ᠨᠡᠪᠳᠡᠷᠡᠭᠦ ᠲᠡᠷᠭᠡ ᠶᠢ ᠨᠡᠪᠳᠡᠷᠡᠭᠦᠯᠬᠦ ᠠᠴᠠ ᠡᠮᠦᠨ᠎ᠡ ᠬᠤᠰᠢᠭᠤ ᠵᠠᠮ ᠬᠠᠷᠢᠯᠴᠠᠭ᠎ᠠ ᠲᠡᠭᠡᠭᠡᠪᠦᠷᠢ ᠶᠢᠨ ᠲᠣᠪᠴᠢᠶᠠᠨ | ᠳᠤ ᠮᠡᠳᠡᠭᠦᠯᠦᠨ ᠴᠣᠬᠤᠯᠠᠪᠦᠷᠢᠯᠠᠭᠤᠯᠣᠭᠰᠠᠨ ᠤ ᠲᠠᠷᠠᠭ᠎ᠠ᠂ ᠬᠤᠰᠢᠭᠤ ᠰᠣᠶᠣᠯ ᠵᠢᠭᠤᠯᠴᠢᠯᠠᠯ ᠤᠨ ᠲᠣᠪᠴᠢᠶᠠᠨ ᠳᠤ ᠲᠠᠩᠰᠠᠯᠠᠭᠤᠯᠵᠣ ᠨᠡᠪᠳᠡᠷᠡᠭᠦᠯᠦᠨ᠎ᠡ᠃ ᠬᠤᠰᠢᠭᠤ | ᠰᠣᠶᠣᠯ ᠵᠢᠭᠤᠯᠴᠢᠯᠠᠯ ᠤᠨ ᠲᠣᠪᠴᠢᠶ᠎ᠠ ᠲᠣᠭᠳᠠᠮᠠᠯ ᠪᠣᠰᠣ ᠬᠤᠭᠤᠴᠠᠭ᠎ᠠ ᠪᠠᠷ ᠪᠠᠶᠢᠴᠠᠭᠠᠭᠠᠳ ᠬᠢᠷᠢ ᠲᠡᠩᠴᠡᠬᠦ ᠦᠭᠡᠢ ᠪᠣᠯ ᠱᠠᠩᠨᠠᠯ ᠭᠤᠶᠣᠪᠴᠢᠯᠠᠬᠤ ᠬᠢᠷᠢ ᠭᠡᠮ ᠢ | ᠨᠢ ᠬᠠᠰᠣᠨ᠎ᠠ᠃ | ᠬᠤᠷᠢᠨ ᠨᠠᠢᠮᠠᠳᠣᠭᠠᠷ ᠵᠣᠶᠢᠯ ᠵᠢᠭᠤᠯᠴᠢᠯᠠᠭᠰᠠᠳ ᠢ ᠲᠠᠳᠠᠭᠴᠢ ᠶᠢ ᠲᠡᠮᠵᠢᠬᠦ ᠪᠠ ᠬᠦᠬᠢᠬᠦᠯᠬᠦ ᠱᠠᠩᠨᠠᠯ ᠢ ᠭᠤᠶᠣᠪᠴᠢᠯᠠᠬᠤ ᠮᠡᠲ᠋ᠧᠷᠢᠶᠠᠯ᠄ | ︵ᠨᠢᠭᠡ︶ ᠵᠢᠭᠤᠯᠴᠢᠯᠠᠭᠰᠠᠳ ᠢ ᠲᠠᠳᠠᠭᠴᠢ ᠶᠢ ᠲᠡᠮᠵᠢᠭᠦ ᠪᠡ ᠬᠦᠬᠢᠬᠦᠯᠬᠦ ᠱᠠᠩᠨᠠᠯ ᠢ ᠭᠤᠶᠣᠪᠴᠢᠯᠠᠬᠤ ᠬᠦᠰᠦᠨᠦᠭ︔ | ︵ᠬᠤᠶᠠᠷ︶ ᠭᠤᠶᠣᠪᠴᠢᠯᠠᠬᠤ ᠪᠠᠶᠢᠭᠤᠯᠭ᠎ᠠ ᠶᠢᠨ ᠨᠡᠶᠢᠭᠡᠮ ᠤᠨ ᠢᠳᠡᠭᠡᠮᠵᠢ ᠶᠢᠨ ᠨᠢᠭᠡᠳᠦᠯᠳᠡᠢ ᠲᠦᠯᠦᠭᠡᠨ ᠤ ᠨᠣᠮᠧᠷ ᠤᠨ ᠦᠨᠡᠮᠯᠡᠯ ᠪᠣᠶᠣ ᠭᠤᠷᠪᠠᠨ ᠦᠨᠡᠮᠯᠡᠯ | ᠢ ᠨᠢᠭᠡᠳᠬᠡᠭᠰᠡᠨ ᠡᠵᠡᠩᠨᠡᠯᠳᠡ ᠶᠢᠨ ᠪᠠᠳᠣᠯᠠᠪᠦᠷᠢ ᠶᠢᠨ ᠪᠢᠴᠢᠭ ᠪᠣᠯᠣᠨ ᠬᠠᠣᠯᠢ ᠶᠢᠨ ᠡᠷᠬᠡᠳᠡᠨ ᠤ ᠲᠦᠯᠦᠭᠡᠯᠡᠭᠴᠢ ᠶᠢᠨ ᠪᠡᠶ᠎ᠡ ᠶᠢᠨ ᠦᠨᠡᠮᠯᠡᠯ ᠤᠨ ᠬᠠᠭᠤᠯᠪᠦᠷᠢ᠂ | ᠵᠢᠭᠤᠯᠴᠢᠯᠠᠭᠰᠠᠳ ᠲᠤ ᠣᠶᠢᠯᠡᠴᠢᠯᠡᠭᠦ ᠭᠠᠵᠠᠷ ᠤᠨ ᠡᠵᠡᠩᠨᠡᠯᠳᠡ ᠶᠢᠨ ᠵᠦᠪᠰᠢᠶᠡᠷᠡᠯ ᠤᠨ ᠦᠨᠡᠮᠯᠡᠯ ᠤᠨ ᠬᠠᠭᠤᠯᠪᠦᠷᠢ᠂ ᠬᠦᠴᠦᠨ ᠲᠠᠢ ᠬᠤᠭᠤᠴᠠᠭᠠᠨ ᠳᠠᠬᠢ | ᠵᠢᠭᠤᠯᠴᠢᠯᠠᠯ ᠤᠨ ᠬᠠᠷᠢᠭᠤᠴᠠᠯᠭ᠎ᠠ ᠶᠢᠨ ᠲᠠᠭᠠᠳᠬᠠᠯ ᠤᠨ ᠬᠠᠭᠤᠳᠠᠰᠣᠨ ᠤ ᠬᠠᠭᠤᠯᠪᠦᠷᠢ︔ | ︵ᠭᠤᠷᠪᠠ︶ ᠭᠤᠶᠣᠪᠴᠢᠯᠠᠬᠤ ᠠᠮᠠᠯᠠᠯᠳᠠ ᠶᠢᠨ ᠪᠢᠴᠢᠭ︔ | ︵ᠲᠦᠷᠪᠡ︶ ᠲᠦᠷᠦᠯ ᠵᠣᠶᠢᠯ ᠤᠨ ᠪᠦᠳᠦᠮᠵᠢ ᠶᠢᠨ ᠬᠠᠷᠠᠯᠳᠠ ᠶᠢᠨ ᠦᠪᠡᠷ ᠤᠨ ᠦᠨᠡᠯᠡᠯᠳᠡ ᠶᠢᠨ ᠭᠤᠶᠣᠪᠴᠢᠯᠠᠬᠤ ᠬᠦᠰᠦᠨᠦᠭ︔ | ︵ᠲᠠᠪᠤ︶ ᠭᠤᠶᠣᠪᠴᠢᠯᠠᠬᠤ ᠭᠤᠣᠯ ᠴᠣᠭᠴᠠ ᠶᠢᠨ ᠢᠳᠡᠭᠡᠮᠵᠢᠳᠦ ︵ᠲᠣᠮᠳᠠᠳᠦ ᠣᠯᠣᠰ︶ ᠪᠣᠶᠣ ᠢᠳᠡᠭᠡᠮᠵᠢᠳᠦ ︵ᠦᠪᠦᠷ ᠮᠣᠩᠭᠤᠯ︶ ᠰᠦᠯᠵᠢᠶᠡᠨ | ᠲᠡᠭᠡᠷᠡᠬᠢ ᠢᠳᠡᠭᠡᠮᠵᠢ ᠶᠢᠨ ᠲᠡᠮᠳᠡᠭᠯᠡᠯ︔ | ︵ᠵᠢᠷᠭᠤᠭ᠎ᠠ︶ ᠦᠵᠡᠮᠵᠢ ᠶᠢᠨ ᠣᠷᠣᠨ᠂ ᠰᠣᠳᠣᠯᠭ᠎ᠠ ᠰᠣᠷᠣᠯᠴᠠᠯᠭ᠎ᠠ ᠶᠢᠨ ᠴᠡᠭ ᠤᠨ ᠲᠠᠮᠠᠭ᠎ᠠ᠂ ᠬᠠᠷᠢᠭᠤᠴᠠᠯᠭᠠᠳᠠᠨ ᠤ ᠭᠠᠷ ᠤᠨ ᠦᠰᠦᠭ ᠵᠢᠷᠣᠭᠰᠠᠨ | ᠪᠦᠯᠬᠦᠮ ᠤᠨ ᠨᠡᠷ᠎ᠡ ᠵᠢᠭᠳᠡ ︵ᠵᠢᠭᠤᠯᠴᠢᠯᠠᠭᠰᠠᠳ ᠤᠨ ᠬᠦᠮᠦᠨ ᠤ ᠲᠤᠭ᠎ᠠ ᠵᠢᠴᠢ ᠨᠡᠷ᠎ᠡ᠂ ᠪᠡᠶ᠎ᠡ ᠶᠢᠨ ᠦᠨᠡᠮᠯᠡᠯ ᠤᠨ ᠨᠣᠮᠧᠷ᠂ ᠴᠠᠭ ᠢᠶᠠᠨ ᠲᠣᠳᠣᠷᠬᠠᠶᠢᠯᠠᠬᠤ ᠶᠢᠨ | ᠬᠠᠮᠳᠦ ᠪᠦᠯᠬᠦᠮ ᠤᠨ ᠠᠶᠠᠯᠠᠯ ᠤᠨ ᠶᠠᠪᠣᠴᠠ ᠲᠠᠢ ᠠᠳᠠᠯᠢ ᠪᠠᠶᠢᠬᠤ ᠬᠡᠷᠡᠭᠳᠡᠢ︶︔ | ︵ᠲᠣᠯᠤᠭ᠎ᠠ︶ ᠣᠳᠤᠭ ᠤᠨ ᠡᠮᠦᠨᠡᠳᠦ ᠬᠤᠰᠢᠭᠤᠨ ᠤ ᠵᠣᠴᠢᠳ ᠤᠨ ᠪᠠᠭᠤᠳᠠᠯ ᠤᠨ ᠲᠠᠮᠠᠭ᠎ᠠ ᠵᠢᠴᠢ ᠪᠠᠭᠤᠳᠠᠯ ᠤᠨ ᠬᠠᠷᠢᠭᠤᠴᠠᠯᠭᠠᠳᠠᠨ ᠤ ᠭᠠᠷ ᠤᠨ ᠦᠰᠦᠭ | ᠵᠢᠷᠣᠭᠰᠠᠨ ᠪᠠᠭᠤᠳᠠᠯ ᠳᠤ ᠰᠠᠭᠤᠭᠰᠠᠨ ᠪᠠᠷᠢᠮᠳᠠ ︵ᠰᠠᠭᠤᠭᠰᠠᠨ ᠡᠳᠦᠷ ᠬᠤᠭᠤᠴᠠᠭ᠎ᠠ᠂ ᠨᠡᠷᠡᠰ ᠢᠶᠠᠨ ᠲᠣᠳᠣᠷᠬᠠᠶᠢᠯᠠᠬᠤ ᠶᠢᠨ ᠬᠠᠮᠳᠦ ᠪᠦᠯᠬᠦᠮ ᠤᠨ ᠠᠶᠠᠯᠠᠯ ᠲᠠᠢ | ᠠᠳᠠᠯᠢ ᠪᠠᠶᠢᠬᠤ ᠬᠡᠷᠡᠭᠳᠡᠢ︶ ᠲᠠᠢ ᠮᠦᠷᠳᠡᠭᠡᠨ ᠣᠷᠣᠵᠣ ᠰᠠᠭᠤᠭᠰᠠᠨ ᠵᠠᠩᠬᠢ ᠪᠠᠨ ᠲᠣᠳᠣᠭᠠᠳᠦ ᠶᠢ ᠬᠠᠮᠠᠭᠠᠯᠠᠬᠤ ᠬᠤᠨᠤᠭ ᠤᠨ ᠰᠢᠰᠲ᠋ᠧᠮ ᠲᠤ ᠭᠠᠷᠭᠠᠨ᠎ᠠ︔ | ︵ᠨᠠᠢᠮᠠ︶ ᠭᠠᠷ ᠤᠨ ᠦᠰᠦᠭ ᠵᠢᠷᠣᠵᠣ ᠲᠠᠮᠠᠭ᠎ᠠ ᠲᠠᠷᠣᠭᠰᠠᠨ ᠪᠦᠯᠬᠦᠮ ᠤᠨ ᠭᠡᠷ᠎ᠡ ᠪᠢᠴᠢᠭ ᠢᠶᠠᠨ ᠬᠠᠩᠭᠠᠨ᠎ᠠ︔ | ︵ᠶᠢᠰᠦ︶ ᠦᠵᠡᠮᠵᠢ ᠶᠢᠨ ᠣᠷᠣᠨ᠂ ᠰᠣᠳᠣᠯᠭ᠎ᠠ ᠰᠣᠷᠣᠯᠴᠠᠯᠭ᠎ᠠ ᠶᠢᠨ ᠴᠡᠭ ᠤᠨ ᠪᠣᠳᠠᠭᠠᠨ ᠪᠠᠷᠢᠮᠳᠠ ᠵᠢᠴᠢ ᠪᠦᠬᠦ ᠬᠦᠮᠦᠰ ᠤᠨ ᠦᠵᠡᠮᠵᠢ ᠶᠢᠨ ᠣᠷᠣᠨ᠂ | ᠰᠣᠳᠣᠯᠭ᠎ᠠ ᠰᠣᠷᠣᠯᠴᠠᠯᠭ᠎ᠠ ᠶᠢᠨ ᠴᠡᠭ ᠲᠤ ᠲᠠᠳᠠᠭᠰᠠᠨ ᠬᠠᠮᠳᠦ ᠶᠢᠨ ᠰᠡᠭᠦᠳᠡᠷ ᠢᠶᠠᠨ ᠬᠠᠩᠭᠠᠨ᠎ᠠ᠃ | ︵ᠠᠷᠪᠠ︶ ᠵᠢᠭᠤᠯᠴᠢᠯᠠᠯ ᠤᠨ ᠲᠣᠰᠬᠠᠢ ᠱᠣᠭᠤᠮ ᠤᠨ ᠰᠢᠭᠤᠳ ᠨᠡᠪᠳᠡᠷᠡᠭᠦ ᠲᠡᠷᠭᠡ ᠶᠢ ᠭᠤᠶᠣᠪᠴᠢᠯᠠᠪᠠᠯ᠂ ᠵᠠᠮ ᠬᠠᠷᠢᠯᠴᠠᠭ᠎ᠠ ᠲᠡᠭᠡᠭᠡᠪᠦᠷᠢ ᠶᠢᠨ | ᠬᠠᠮᠢᠶᠠᠷᠣᠯᠳᠠ ᠶᠢᠨ ᠰᠠᠯᠠᠭ᠎ᠠ ᠮᠦᠴᠢᠷ ᠤᠨ ᠴᠣᠬᠤᠯᠠᠪᠦᠷᠢᠯᠠᠯᠳᠠ ᠶᠢᠨ ᠪᠢᠴᠢᠭ ᠮᠡᠲ᠋ᠧᠷᠢᠶᠠᠯ᠂ ᠰᠢᠭᠤᠳ ᠨᠡᠪᠳᠡᠷᠡᠭᠦ ᠲᠡᠷᠭᠡ ᠶᠢᠨ ᠰᠡᠭᠦᠳᠡᠷ᠂ ᠵᠠᠮ ᠱᠣᠭᠤᠮ᠂ | ᠡᠬᠢᠯᠡᠯᠳᠡ ᠲᠡᠭᠦᠰᠬᠡᠯ ᠤᠨ ᠴᠡᠭ ᠵᠢᠴᠢ ᠢᠷᠡᠭᠰᠡᠨ ᠪᠣᠴᠠᠭᠰᠠᠨ ᠴᠠᠭ ᠤᠨ ᠬᠠᠮᠢᠶ᠎ᠠ ᠪᠦᠬᠦᠢ ᠭᠡᠷᠡᠴᠢ ᠮᠡᠲ᠋ᠧᠷᠢᠶᠠᠯ ᠢᠶᠠᠨ ᠬᠠᠩᠭᠠᠨ᠎ᠠ᠃ | ᠬᠤᠷᠢ ᠶᠢᠰᠦᠳᠦᠭᠡᠷ ᠵᠣᠶᠢᠯ ᠵᠢᠭᠤᠯᠴᠢᠯᠠᠭᠰᠠᠳ ᠢ ᠲᠠᠳᠠᠭᠴᠢᠳ ᠢ ᠲᠡᠮᠵᠢᠬᠦ ᠪᠠ ᠬᠦᠬᠢᠬᠦᠯᠦᠨ ᠱᠠᠩᠨᠠᠬᠤ ᠪᠠᠷᠢᠮᠵᠢᠶ᠎ᠡ᠄ | ︵ᠨᠢᠭᠡ︶ ᠬᠤᠪᠢᠰᠬᠠᠯᠳᠦ ᠰᠣᠳᠣᠯᠭ᠎ᠠ ᠰᠣᠷᠣᠯᠴᠠᠯᠭ᠎ᠠ ᠶᠢᠨ ᠵᠢᠭᠤᠯᠴᠢᠯᠠᠯ ᠤᠨ ᠬᠦᠬᠢᠬᠦᠯᠦᠯ ᠱᠠᠩᠨᠠᠯ ᠤᠨ ᠪᠠᠷᠢᠮᠵᠢᠶ᠎ᠠ | 1. ᠬᠤᠪᠢᠰᠬᠠᠯᠳᠦ ᠰᠣᠳᠣᠯᠭ᠎ᠠ ᠰᠣᠷᠣᠯᠴᠠᠯᠭ᠎ᠠ ᠶᠢᠨ ᠵᠢᠭᠤᠯᠴᠢᠯᠠᠯ ︵5 ᠰᠠᠷ᠎ᠠ ᠶᠢᠨ 1 ᠤ ᠡᠳᠦᠷ — 10 ᠰᠠᠷ᠎ᠠ ᠶᠢᠨ 31 ᠤ ᠡᠳᠦᠷ︶ ᠵᠣᠬᠢᠶᠠᠨ | ᠪᠠᠶᠢᠭᠤᠯᠣᠭᠰᠠᠨ ᠵᠢᠭᠤᠯᠴᠢᠯᠠᠭᠰᠠᠳ ᠲᠤ ᠣᠶᠢᠯᠡᠴᠢᠯᠡᠭᠦ ᠭᠠᠵᠠᠷ᠂ ᠰᠣᠶᠣᠯ ᠵᠢᠭᠤᠯᠴᠢᠯᠠᠯ ᠤᠨ ᠠᠵᠣ ᠠᠬᠤᠶᠢᠯᠠᠯ ᠵᠢᠴᠢ ᠪᠣᠰᠣᠳ ᠪᠦᠯᠬᠦᠮ᠂ 3 ᠠᠴᠠ ᠲᠡᠭᠡᠭᠰᠢ | ᠰᠣᠳᠣᠯᠭ᠎ᠠ ᠰᠣᠷᠣᠯᠴᠠᠯᠭ᠎ᠠ ᠶᠢᠨ ᠴᠡᠭ ᠢᠶᠠᠷ ᠵᠢᠭᠤᠯᠴᠢᠯᠠᠨ᠂ ᠪᠦᠬᠦ ᠵᠢᠯ ᠤᠨ ᠵᠢᠭᠤᠯᠴᠢᠯᠠᠭᠰᠠᠳ 1000 ᠬᠦᠮᠦᠨ ᠲᠠᠪᠠᠪᠠᠯ᠂ ᠬᠦᠮᠦᠨ ᠪᠦᠷᠢ 5 ᠲᠦᠬᠦᠷᠢᠭ ᠢᠶᠠᠷ | ᠱᠠᠩᠨᠠᠨ᠎ᠠ︔ | 2. ᠡᠪᠣᠯ ᠤᠨ ᠣᠯᠠᠷᠢᠯ ᠤᠨ ᠬᠤᠪᠢᠰᠬᠠᠯᠳᠦ ᠰᠣᠳᠣᠯᠭ᠎ᠠ ᠰᠣᠷᠣᠯᠴᠠᠯᠭ᠎ᠠ ᠶᠢᠨ ᠵᠢᠭᠤᠯᠴᠢᠯᠠᠯ ︵11 ᠰᠠᠷ᠎ᠠ ᠶᠢᠨ 1 ᠤ ᠡᠳᠦᠷ — ᠲᠠᠷᠠᠭ᠎ᠠ ᠵᠢᠯ ᠤᠨ 4 | ᠰᠠᠷ᠎ᠠ ᠶᠢᠨ 30 ᠤ ᠡᠳᠦᠷ︶ ᠵᠣᠬᠢᠶᠠᠨ ᠪᠠᠶᠢᠭᠤᠯᠣᠭᠰᠠᠨ ᠵᠢᠭᠤᠯᠴᠢᠯᠠᠭᠰᠠᠳ ᠲᠤ ᠣᠶᠢᠯᠡᠴᠢᠯᠡᠭᠦ ᠭᠠᠵᠠᠷ᠂ ᠰᠣᠶᠣᠯ ᠵᠢᠭᠤᠯᠴᠢᠯᠠᠯ ᠤᠨ ᠠᠵᠣ ᠠᠬᠤᠶᠢᠯᠠᠯ ᠵᠢᠴᠢ | ᠪᠣᠰᠣᠳ ᠪᠦᠯᠬᠦᠮ᠂ 3 ᠠᠴᠠ ᠲᠡᠭᠡᠭᠰᠢ ᠰᠣᠳᠣᠯᠭ᠎ᠠ ᠰᠣᠷᠣᠯᠴᠠᠯᠭ᠎ᠠ ᠶᠢᠨ ᠴᠡᠭ ᠢᠶᠠᠷ ᠵᠢᠭᠤᠯᠴᠢᠯᠠᠨ᠂ ᠪᠦᠬᠦ ᠵᠢᠯ ᠤᠨ ᠵᠢᠭᠤᠯᠴᠢᠯᠠᠭᠰᠠᠳ 300 ᠬᠦᠮᠦᠨ ᠲᠠᠪᠠᠪᠠᠯ᠂ | ᠬᠦᠮᠦᠨ ᠪᠦᠷᠢ 10 ᠲᠦᠬᠦᠷᠢᠭ ᠢᠶᠠᠷ ᠱᠠᠩᠨᠠᠨ᠎ᠠ᠃ | ︵ᠬᠤᠶᠠᠷ︶ ᠪᠦᠬᠦ ᠵᠢᠯ ᠤᠨ ᠨᠢᠭᠡ ᠡᠳᠦᠷ ᠤᠨ ᠵᠢᠭᠤᠯᠴᠢᠯᠠᠯ ᠤᠨ ᠱᠠᠩᠨᠠᠨ ᠬᠦᠬᠢᠬᠦᠯᠬᠦ ᠪᠠᠷᠢᠮᠵᠢᠶ᠎ᠠ᠄ | 1. ᠵᠣᠬᠢᠶᠠᠨ ᠪᠠᠶᠢᠭᠤᠯᠣᠨ ᠣᠳᠤᠭ ᠤᠨ ᠡᠮᠦᠨᠡᠳᠦ ᠬᠤᠰᠢᠭᠤᠨ ᠤ 4A ᠲᠡᠰ ᠠᠴᠠ ᠲᠡᠭᠡᠭᠰᠢᠬᠢ 1 ᠵᠢᠭᠤᠯᠴᠢᠯᠠᠯ ᠤᠨ ᠦᠵᠡᠮᠵᠢ ᠶᠢᠨ ᠣᠷᠣᠨ ᠢᠶᠠᠷ ᠨᠢᠭᠡ | ᠡᠳᠦᠷ ᠵᠢᠭᠤᠯᠴᠢᠯᠠᠵᠣ᠂ ᠪᠦᠬᠦ ᠵᠢᠯ ᠤᠨ ᠵᠢᠭᠤᠯᠴᠢᠯᠠᠭᠰᠠᠳ 1000 ᠬᠦᠮᠦᠨ ᠲᠠᠪᠠᠪᠠᠯ᠂ ᠬᠦᠮᠦᠨ ᠪᠦᠷᠢ 2 ᠲᠦᠭᠦᠷᠢᠭ ᠢᠶᠠᠷ ᠱᠠᠩᠨᠠᠨ᠎ᠠ︔ | 2. 4A ᠲᠡᠰ ᠠᠴᠠ ᠲᠡᠭᠡᠭᠰᠢᠬᠢ 2 ᠵᠢᠭᠤᠯᠴᠢᠯᠠᠯ ᠤᠨ ᠦᠵᠡᠮᠵᠢ ᠶᠢᠨ ᠣᠷᠣᠨ ᠢᠶᠠᠷ ᠵᠢᠭᠤᠯᠴᠢᠯᠠᠵᠣ᠂ ᠪᠦᠬᠦ ᠵᠢᠯ ᠤᠨ ᠵᠢᠭᠤᠯᠴᠢᠯᠠᠭᠰᠠᠳ 1000 ᠬᠦᠮᠦᠨ | ᠲᠠᠪᠠᠪᠠᠯ᠂ ᠬᠦᠮᠦᠨ ᠪᠦᠷᠢ 5 ᠲᠦᠭᠦᠷᠢᠭ ᠢᠶᠠᠷ ᠱᠠᠩᠨᠠᠨ᠎ᠠ︔ | 3. 4A ᠲᠡᠰ ᠠᠴᠠ ᠲᠡᠭᠡᠭᠰᠢᠬᠢ 3 ᠵᠢᠭᠤᠯᠴᠢᠯᠠᠯ ᠤᠨ ᠦᠵᠡᠮᠵᠢ ᠶᠢᠨ ᠣᠷᠣᠨ ᠢᠶᠠᠷ ᠵᠢᠭᠤᠯᠴᠢᠯᠠᠵᠣ᠂ ᠪᠦᠬᠦ ᠵᠢᠯ ᠤᠨ ᠵᠢᠭᠤᠯᠴᠢᠯᠠᠭᠰᠠᠳ 1000 ᠬᠦᠮᠦᠨ | ᠲᠠᠪᠠᠪᠠᠯ᠂ ᠬᠦᠮᠦᠨ ᠪᠦᠷᠢ 10 ᠲᠦᠭᠦᠷᠢᠭ ᠢᠶᠠᠷ ᠱᠠᠩᠨᠠᠨ᠎ᠠ᠃ | ︵ᠭᠤᠷᠪᠠ︶ ᠪᠦᠬᠦ ᠵᠢᠯ ᠤᠨ ᠬᠤᠨᠤᠭ ᠤᠨ ᠵᠢᠭᠤᠯᠴᠢᠯᠠᠯ ᠤᠨ ᠱᠠᠩᠨᠠᠨ ᠬᠦᠬᠢᠬᠦᠯᠬᠦ ᠪᠠᠷᠢᠮᠵᠢᠶ᠎ᠡ | 1. ᠣᠳᠤᠭ ᠤᠨ ᠡᠮᠦᠨᠡᠳᠦ ᠬᠤᠰᠢᠭᠤᠨ ᠳᠤ ᠬᠤᠨᠣᠭᠰᠠᠨ ᠮᠦᠷᠳᠡᠭᠡᠨ 4A ᠲᠡᠰ ᠠᠴᠠ ᠲᠡᠭᠡᠭᠰᠢᠬᠢ 2 ᠵᠢᠭᠤᠯᠴᠢᠯᠠᠯ ᠤᠨ ᠦᠵᠡᠮᠵᠢ ᠶᠢᠨ ᠣᠷᠣᠨ ᠢᠶᠠᠷ | ᠵᠢᠭᠤᠯᠴᠢᠯᠠᠵᠣ᠂ ᠪᠦᠬᠦ ᠵᠢᠯ ᠤᠨ ᠵᠢᠭᠤᠯᠴᠢᠯᠠᠭᠰᠠᠳ 1000 ᠬᠦᠮᠦᠨ ᠲᠠᠪᠠᠪᠠᠯ᠂ ᠬᠠᠮᠤᠭ ᠦᠨᠳᠦᠷ ᠬᠦᠬᠢᠬᠦᠯᠦᠯ ᠢ 20 ᠲᠦᠮᠡᠨ ᠲᠦᠭᠦᠷᠢᠭ ᠠᠴᠠ ᠬᠡᠳᠦᠷᠡᠭᠦᠯᠵᠣ | ᠪᠣᠯᠬᠤ ᠦᠭᠡᠢ᠂ ᠪᠠᠷᠢᠮᠵᠢᠶ᠎ᠠ ᠨᠢ ᠲᠣᠣᠷᠠᠬᠢ ᠮᠡᠳᠦ᠄ | ︵1︶ ᠨᠢᠭᠡ ᠬᠤᠨᠣᠪᠠᠯ᠂ ᠬᠦᠮᠦᠨ ᠪᠦᠷᠢ 50 ᠲᠦᠭᠦᠷᠢᠭ ᠢᠶᠠᠷ ᠱᠠᠩᠨᠠᠨ᠎ᠠ︔ | ︵2︶ ᠬᠤᠶᠠᠷ ᠬᠤᠨᠣᠪᠠᠯ᠂ ᠬᠤᠨᠤᠭ ᠪᠣᠯᠭᠠᠨ ᠬᠦᠮᠦᠨ ᠪᠦᠷᠢ 65 ᠲᠦᠭᠦᠷᠢᠭ ᠢᠶᠠᠷ ᠱᠠᠩᠨᠠᠨ᠎ᠠ︔ | 2. ᠲᠣᠰ ᠣᠳᠠᠭᠠᠨ ᠤ ᠬᠤᠨᠣᠭᠯᠠᠬᠤ ᠵᠢᠭᠤᠯᠴᠢᠯᠠᠯ ᠤᠨ ᠪᠦᠯᠬᠦᠮ ᠤᠨ ᠬᠦᠮᠦᠨ ᠤ ᠲᠤᠭ᠎ᠠ 300 ᠠᠴᠠ ᠲᠠᠪᠠᠪᠠᠯ ᠡᠮᠦᠨ᠎ᠡ ᠲᠣᠷᠠᠳᠣᠭᠰᠠᠨ ᠬᠦᠬᠢᠬᠦᠯᠦᠯ ᠤᠨ | ᠪᠠᠷᠢᠮᠵᠢᠶᠠᠨ ᠤ ᠰᠠᠭᠤᠷᠢ ᠲᠡᠭᠡᠷ᠎ᠡ ᠲᠠᠬᠢᠨ ᠲᠦᠮᠡᠨ ᠲᠦᠭᠦᠷᠢᠭ ᠨᠡᠮᠡᠵᠣ ᠱᠠᠩᠨᠠᠨ᠎ᠠ︔ ᠬᠤᠨᠣᠭᠯᠠᠬᠤ ᠵᠢᠭᠤᠯᠴᠢᠯᠠᠯ ᠤᠨ ᠪᠦᠯᠬᠦᠮ ᠤᠨ ᠬᠦᠮᠦᠨ ᠤ ᠲᠤᠭ᠎ᠠ 500 | ᠠᠴᠠ ᠲᠠᠪᠠᠪᠠᠯ ᠡᠮᠦᠨ᠎ᠡ ᠲᠣᠷᠠᠳᠣᠭᠰᠠᠨ ᠬᠦᠬᠢᠬᠦᠯᠦᠯ ᠤᠨ ᠪᠠᠷᠢᠮᠵᠢᠶᠠᠨ ᠤ ᠰᠠᠭᠤᠷᠢ ᠲᠡᠭᠡᠷ᠎ᠡ ᠲᠠᠬᠢᠨ 2 ᠲᠦᠮᠡᠨ ᠲᠦᠭᠦᠷᠢᠭ ᠨᠡᠮᠡᠵᠣ ᠱᠠᠩᠨᠠᠨ᠎ᠠ᠃ | 3. ᠬᠠᠮᠤᠭ ᠣᠯᠠᠨ ᠪᠦᠯᠬᠦᠮ ᠤᠨ ᠱᠠᠩᠨᠠᠯ᠂ ᠪᠦᠬᠦ ᠵᠢᠯ ᠤᠨ ᠬᠤᠨᠣᠭᠯᠠᠭᠰᠠᠨ ᠵᠢᠭᠤᠯᠴᠢᠯᠠᠭᠰᠠᠳ 10000 ᠬᠦᠮᠦᠨ ᠲᠠᠪᠠᠪᠠᠯ᠂ ᠡᠮᠦᠨ᠎ᠡ ᠭᠤᠷᠪᠠᠨ ᠨᠠᠷ᠎ᠡ | ᠶᠢ ᠱᠠᠩᠨᠠᠵᠣ᠂ ᠨᠢᠭᠡᠳᠦᠭᠡᠷ ᠲᠡᠰ 1 ᠨᠡᠷ᠎ᠡ 30 ᠲᠦᠮᠡᠨ ᠲᠦᠭᠦᠷᠢᠭ᠂ ᠬᠤᠶᠠᠳᠣᠭᠠᠷ ᠲᠡᠰ 1 ᠨᠡᠷ᠎ᠡ 20 ᠲᠦᠮᠡᠨ ᠲᠦᠭᠦᠷᠢᠭ᠂ ᠭᠤᠷᠪᠠᠳᠣᠭᠠᠷ ᠲᠡᠰ 1 ᠨᠡᠷ᠎ᠡ | 10 ᠲᠦᠮᠡᠨ ᠲᠦᠭᠦᠷᠢᠭ ᠢᠶᠠᠷ ᠱᠠᠩᠨᠠᠨ᠎ᠠ᠃ | ︵ᠲᠦᠷᠪᠡ︶ ᠵᠢᠭᠤᠯᠴᠢᠯᠠᠯ ᠤᠨ ᠰᠢᠭᠤᠳ ᠨᠡᠪᠳᠡᠷᠡᠭᠦ ᠲᠡᠷᠭᠡ ᠶᠢᠨ ᠲᠣᠰᠬᠠᠢ ᠱᠣᠭᠤᠮ ᠤᠨ ᠱᠠᠩᠨᠠᠨ ᠬᠦᠬᠢᠬᠦᠯᠬᠦ ᠪᠠᠷᠢᠮᠵᠢᠶ᠎ᠠ | 1. ᠵᠢᠭᠤᠯᠴᠢᠯᠠᠭᠰᠠᠳ ᠲᠤ ᠣᠶᠢᠯᠡᠴᠢᠯᠡᠭᠦ ᠭᠠᠵᠠᠷ᠂ ᠰᠣᠶᠣᠯ ᠵᠢᠭᠤᠯᠴᠢᠯᠠᠯ ᠤᠨ ᠠᠵᠣ ᠠᠬᠤᠶᠢᠯᠠᠯ ᠵᠢᠴᠢ ᠪᠣᠰᠣᠳ ᠪᠦᠯᠬᠦᠮ ᠵᠢᠭᠤᠯᠴᠢᠯᠠᠯ ᠤᠨ ᠲᠣᠰᠬᠠᠢ | ᠱᠣᠭᠤᠮ ᠤᠨ ᠰᠢᠭᠤᠳ ᠨᠡᠪᠳᠡᠷᠡᠭᠦ ᠲᠡᠷᠭᠡ ᠶᠢ ᠨᠡᠪᠳᠡᠷᠡᠭᠦᠯᠦᠭᠡᠳ ᠲᠣᠣᠷᠠᠬᠢ ᠨᠦᠭᠦᠴᠡᠯ ᠳᠤ ᠨᠡᠶᠢᠴᠡᠪᠡᠯ᠂ ᠵᠢᠯ ᠪᠦᠷᠢ ᠡᠵᠡᠩᠨᠡᠯᠳᠡ ᠶᠢᠨ ᠨᠦᠬᠦᠪᠦᠷᠢ 3 ᠲᠦᠮᠡᠨ | ᠲᠦᠭᠦᠷᠢᠭ ᠣᠯᠭᠤᠨ᠎ᠠ᠄ | ︵1︶ ᠬᠠᠮᠤᠭ ᠪᠠᠭ᠎ᠠ ᠳᠤ ᠪᠠᠨ 1 ᠵᠢᠭᠤᠯᠴᠢᠯᠠᠯ ᠤᠨ ᠲᠣᠰᠬᠠᠢ ᠱᠣᠭᠤᠮ ᠤᠨ ᠰᠢᠭᠤᠳ ᠨᠡᠪᠳᠡᠷᠡᠭᠦ ᠲᠡᠷᠭᠡ ᠲᠠᠢ︔ | ︵2︶ ᠲᠡᠷᠭᠡᠨ ᠲᠡᠭᠡᠷ᠎ᠡ ᠪᠠᠨ ᠣᠳᠤᠭ ᠤᠨ ᠡᠮᠦᠨᠡᠳᠦ ᠬᠤᠰᠢᠭᠤᠨ ᠤ ᠵᠢᠭᠤᠯᠴᠢᠯᠠᠯ ᠤᠨ ᠭᠤᠣᠯ ᠰᠡᠳᠦᠪᠳᠦ ᠣᠬᠠᠭᠤᠯᠭ᠎ᠠ ᠶᠢᠨ ᠠᠭᠤᠯᠭ᠎ᠠ ᠶᠢ ᠨᠢᠭᠡᠳᠦᠯᠳᠡᠢ | ᠨᠠᠭᠠᠵᠤ ᠰᠢᠷᠳᠡᠨ᠎ᠠ︔ | ︵3︶ ᠣᠳᠤᠭ ᠤᠨ ᠡᠮᠦᠨᠡᠳᠦ ᠬᠤᠰᠢᠭᠤᠨ ᠤ ᠦᠵᠡᠮᠵᠢ ᠶᠢᠨ ᠣᠷᠣᠨ ᠳᠤ ᠬᠦᠷᠦᠨ᠎ᠠ︔ | ︵4︶ ᠦᠷᠭᠦᠯᠵᠢᠯᠡᠭᠦ ᠴᠠᠭ ᠨᠢ 5 ᠰᠠᠷ᠎ᠠ ᠠᠴᠠ ᠲᠣᠣᠷ᠎ᠠ ᠪᠠᠶᠢᠵᠣ ᠪᠣᠯᠬᠤ ᠦᠭᠡᠢ︔ | ︵5︶ ᠬᠦᠨᠳᠦ ᠶᠡᠭᠡ ᠵᠠᠮ ᠬᠠᠷᠢᠯᠴᠠᠭᠠᠨ ᠤ ᠠᠮᠣᠷ ᠲᠦᠪᠰᠢᠨ ᠤ ᠠᠳᠡᠯ ᠦᠭᠡᠢ︔ | ︵6︶ ᠣᠯᠵᠠᠴᠢ ᠪᠠᠯᠭᠠᠰᠦ ᠠᠴᠠ ᠪᠣᠷᠣᠪᠠᠯᠭᠠᠰᠦ ᠪᠠᠯᠭᠠᠰᠦ᠂ ᠢᠷᠭᠠᠢ ᠬᠤᠳᠠ ᠠᠴᠠ ᠣᠯᠵᠠᠴᠢ ᠪᠠᠯᠭᠠᠰᠦ ᠬᠦᠷᠦᠨ᠎ᠡ᠃ | 2. ᠵᠢᠭᠤᠯᠴᠢᠯᠠᠭᠰᠠᠳ ᠲᠤ ᠣᠶᠢᠯᠡᠴᠢᠯᠡᠭᠦ ᠭᠠᠵᠠᠷ᠂ ᠰᠣᠶᠣᠯ ᠵᠢᠭᠤᠯᠴᠢᠯᠠᠯ ᠤᠨ ᠠᠵᠣ ᠠᠬᠤᠶᠢᠯᠠᠯ ᠵᠢᠴᠢ ᠪᠣᠰᠣᠳ ᠪᠦᠯᠬᠦᠮ ᠵᠢᠭᠤᠯᠴᠢᠯᠠᠯ ᠤᠨ ᠲᠣᠰᠬᠠᠢ | ᠱᠣᠭᠤᠮ ᠤᠨ ᠰᠢᠭᠤᠳ ᠨᠡᠪᠳᠡᠷᠡᠭᠦ ᠲᠡᠷᠭᠡ ᠶᠢ ᠨᠡᠪᠳᠡᠷᠡᠭᠦᠯᠦᠭᠡᠳ ᠲᠣᠣᠷᠠᠬᠢ ᠨᠦᠭᠦᠴᠡᠯ ᠳᠤ ᠨᠡᠶᠢᠴᠡᠪᠡᠯ᠂ ᠵᠢᠯ ᠪᠦᠷᠢ ᠡᠵᠡᠩᠨᠡᠯᠳᠡ ᠶᠢᠨ ᠨᠦᠬᠦᠪᠦᠷᠢ 6 ᠲᠦᠮᠡᠨ | ᠲᠦᠭᠦᠷᠢᠭ ᠣᠯᠭᠤᠨ᠎ᠠ᠄ | ︵1︶ ᠬᠠᠮᠤᠭ ᠪᠠᠭ᠎ᠠ ᠳᠤ ᠪᠠᠨ 1 ᠵᠢᠭᠤᠯᠴᠢᠯᠠᠯ ᠤᠨ ᠲᠣᠰᠬᠠᠢ ᠱᠣᠭᠤᠮ ᠤᠨ ᠰᠢᠭᠤᠳ ᠨᠡᠪᠳᠡᠷᠡᠭᠦ ᠲᠡᠷᠭᠡ ᠲᠠᠢ︔ | ︵2︶ ᠲᠡᠷᠭᠡᠨ ᠲᠡᠭᠡᠷ᠎ᠡ ᠪᠠᠨ ᠣᠳᠤᠭ ᠤᠨ ᠡᠮᠦᠨᠡᠳᠦ ᠬᠤᠰᠢᠭᠤᠨ ᠤ ᠵᠢᠭᠤᠯᠴᠢᠯᠠᠯ ᠤᠨ ᠭᠤᠣᠯ ᠰᠡᠳᠦᠪᠳᠦ ᠣᠬᠠᠭᠤᠯᠭ᠎ᠠ ᠶᠢᠨ ᠠᠭᠤᠯᠭ᠎ᠠ ᠶᠢ ᠨᠢᠭᠡᠳᠦᠯᠳᠡᠢ | ᠨᠠᠭᠠᠵᠣ ᠰᠢᠷᠳᠡᠨ᠎ᠠ︔ | ︵3︶ ᠣᠳᠤᠭ ᠤᠨ ᠡᠮᠦᠨᠡᠳᠦ ᠬᠤᠰᠢᠭᠤᠨ ᠤ ᠦᠵᠡᠮᠵᠢ ᠶᠢᠨ ᠣᠷᠣᠨ ᠳᠤ ᠬᠦᠷᠦᠨ᠎ᠡ︔ | ︵4︶ ᠦᠷᠭᠦᠯᠵᠢᠯᠡᠭᠦ ᠴᠠᠭ ᠨᠢ 5 ᠰᠠᠷ᠎ᠠ ᠠᠴᠠ ᠲᠣᠣᠷ᠎ᠠ ᠪᠠᠶᠢᠵᠣ ᠪᠣᠯᠬᠤ ᠦᠭᠡᠢ︔ | ︵5︶ ᠬᠦᠨᠳᠦ ᠶᠡᠭᠡ ᠵᠠᠮ ᠬᠠᠷᠢᠯᠴᠠᠭᠠᠨ ᠤ ᠠᠮᠣᠷ ᠲᠦᠪᠰᠢᠨ ᠤ ᠠᠳᠡᠯ ᠦᠭᠡᠢ︔ | ︵6︶ ᠢᠷᠭᠠᠢ ᠬᠤᠳᠠ ᠠᠴᠠ ᠪᠣᠷᠣᠪᠠᠯᠭᠠᠰᠦ ᠪᠠᠯᠭᠠᠰᠦ ᠬᠦᠷᠦᠨ᠎ᠡ᠃ | | | ᠲᠠᠪᠣᠳᠣᠭᠠᠷ ᠪᠦᠯᠦᠭ ᠰᠢᠨ᠎ᠡ ᠡᠵᠡᠩᠨᠡᠯᠳᠡ ᠶᠢᠨ ᠪᠠᠶᠢᠳᠠᠯ ᠢ ᠬᠦᠭᠵᠢᠭᠦᠯᠦᠨ ᠪᠣᠵᠠᠭᠠᠶᠢᠷᠠᠭᠤᠯᠬᠤ ᠶᠢ ᠲᠡᠮᠵᠢᠬᠦ ᠪᠠ ᠬᠦᠬᠢᠬᠦᠯᠦᠨ ᠱᠠᠩᠨᠠᠬᠤ | ᠭᠤᠴᠢᠳᠣᠭᠠᠷ ᠵᠣᠶᠢᠯ ᠰᠢᠨ᠎ᠡ ᠡᠵᠡᠩᠨᠡᠯᠳᠡ ᠶᠢᠨ ᠪᠠᠶᠢᠳᠠᠯ ᠢ ᠬᠦᠭᠵᠢᠭᠦᠯᠦᠨ ᠪᠣᠵᠠᠭᠠᠶᠢᠷᠠᠭᠤᠯᠬᠤ ᠶᠢ ᠲᠡᠮᠵᠢᠬᠦ ᠪᠠ ᠬᠦᠬᠢᠬᠦᠯᠦᠨ ᠱᠠᠩᠨᠠᠬᠤ ᠳᠤ ᠲᠣᠬᠢᠷᠠᠬᠤ | ᠡᠳᠡᠭᠡᠳ᠄ | ᠣᠳᠤᠭ ᠤᠨ ᠡᠮᠦᠨᠡᠳᠦ ᠬᠤᠰᠢᠭᠤᠨ ᠳᠤ ᠬᠠᠣᠯᠢ ᠶᠣᠰᠣᠭᠠᠷ ᠪᠦᠷᠢᠳᠬᠡᠭᠦᠯᠦᠨ ᠲᠠᠩᠰᠠᠯᠠᠭᠤᠯᠵᠣ᠂ ᠡᠵᠡᠩᠨᠡᠭᠰᠡᠨ ᠪᠠ ᠭᠠᠶᠢᠯᠢ ᠲᠣᠰᠢᠶᠠᠭᠰᠠᠨ ᠲᠣᠰᠠᠭᠠᠷ ᠬᠠᠣᠯᠢ | ᠤᠨ ᠡᠷᠭᠡᠳᠡᠨ ᠤ ᠬᠢᠷᠢ ᠬᠡᠮ ᠲᠠᠢ ᠠᠵᠣ ᠠᠬᠤᠶᠢᠯᠠᠯ ᠠᠵᠢᠯ ᠣᠶᠢᠯᠠᠰ ᠤᠨ ᠨᠢᠭᠡᠴᠡ᠂ ᠲᠣᠬᠠᠶᠢᠯᠠᠭᠰᠠᠨ ᠠᠵᠢᠯ ᠤᠨ ᠨᠡᠶᠢᠭᠡᠮᠯᠢᠭ ᠵᠢᠴᠢ ᠪᠣᠰᠣᠳ ᠬᠠᠮᠢᠶ᠎ᠠ ᠪᠦᠬᠦᠢ | ᠪᠠᠶᠢᠭᠤᠯᠭ᠎ᠠ᠃ | ᠭᠤᠴᠢᠨ ᠨᠢᠭᠡᠳᠦᠭᠡᠷ ᠵᠣᠶᠢᠯ ᠰᠢᠨ᠎ᠡ ᠡᠵᠡᠩᠨᠡᠯᠳᠡ ᠶᠢᠨ ᠪᠠᠶᠢᠳᠠᠯ ᠢ ᠬᠦᠭᠵᠢᠭᠦᠯᠦᠨ ᠪᠣᠵᠠᠭᠠᠶᠢᠷᠠᠭᠤᠯᠬᠤ ᠶᠢ ᠲᠡᠮᠵᠢᠬᠦ ᠪᠠ ᠬᠦᠬᠢᠬᠦᠯᠬᠦ ᠱᠠᠩᠨᠠᠯ ᠢ | ᠭᠤᠶᠣᠪᠴᠢᠯᠠᠬᠤ ᠨᠦᠭᠦᠴᠡᠯ᠄ | ︵ᠨᠢᠭᠡ︶ ᠣᠨᠴᠠᠯᠢᠭᠳᠦ ᠵᠢᠭᠤᠯᠴᠢᠯᠠᠯ ᠤᠨ ᠬᠤᠳᠠᠯᠳᠣᠭᠠᠨ ᠤ ᠲᠡᠯᠭᠡᠭᠦᠷ ᠢ ᠭᠤᠶᠣᠪᠴᠢᠯᠠᠬᠤ ᠨᠦᠭᠦᠴᠡᠯ᠄ | 1. ᠣᠳᠤᠭ ᠤᠨ ᠡᠮᠦᠨᠡᠳᠦ ᠬᠤᠰᠢᠭᠤᠨ ᠤ A ᠲᠡᠰ ᠤᠨ ᠦᠵᠡᠮᠵᠢ ᠶᠢᠨ ᠣᠷᠣᠨ ᠵᠢᠴᠢ ᠰᠣᠶᠣᠯ ᠤᠨ ᠠᠵᠣ ᠣᠶᠢᠯᠠᠰ ᠤᠨ ᠬᠦᠷᠢᠶᠡᠯᠡᠩ ᠤᠨ ᠪᠣᠳᠠᠰ ᠤᠨ | ᠪᠣᠰᠣ ᠰᠣᠶᠣᠯ ᠤᠨ ᠦᠪ ᠤᠨ ᠵᠡᠭᠡᠯᠢ ᠳᠤ ᠵᠢᠯ ᠲᠣᠷᠰᠢ ᠡᠵᠡᠩᠨᠡᠭᠰᠡᠨ ᠮᠦᠷᠳᠡᠭᠡᠨ ᠦᠷᠭᠦᠯᠵᠢᠯᠡᠨ ᠡᠵᠡᠩᠨᠡᠬᠦ ᠨᠦᠭᠦᠴᠡᠯ ᠲᠠᠢ︔ | 2. ᠣᠨᠴᠠᠯᠢᠭᠳᠦ ᠰᠣᠶᠣᠯ ᠵᠢᠭᠤᠯᠴᠢᠯᠠᠯ ᠤᠨ ᠲᠣᠷᠠᠰᠬᠠᠯ ᠤᠨ ᠪᠣᠳᠠᠰ᠂ ᠣᠷᠣᠨ ᠨᠣᠳᠤᠭ ᠤᠨ ᠣᠨᠴᠠ ᠭᠠᠷᠣᠯᠳᠠ ᠶᠢᠨ ᠲᠣᠰᠬᠠᠢ ᠡᠵᠡᠩᠨᠡᠯᠳᠡ ᠶᠢᠨ ᠲᠦᠷᠦᠯ | 100 ᠠᠴᠠ ᠲᠣᠣᠷ᠎ᠠ ᠪᠠᠶᠢᠵᠣ ᠪᠣᠯᠬᠤ ᠦᠭᠡᠢ᠂ ᠵᠢᠯ ᠤᠨ ᠡᠵᠡᠩᠨᠡᠯᠳᠡ ᠶᠢᠨ ᠴᠠᠭ ᠠᠳᠠᠭ ᠲᠤ ᠪᠠᠨ 180 ᠡᠳᠦᠷ᠃ | ︵ᠬᠤᠶᠠᠷ︶ ᠡᠯ᠎ᠡ ᠲᠦᠷᠦᠯ ᠤᠨ ᠣᠨᠴᠠᠯᠢᠭᠳᠦ ᠰᠦᠨᠢ ᠶᠢᠨ ᠲᠡᠯᠭᠡᠭᠦᠷ ᠨᠡᠭᠡᠭᠡᠬᠦ ᠶᠢ ᠭᠤᠶᠣᠪᠴᠢᠯᠠᠬᠤ ᠨᠦᠭᠦᠴᠡᠯ᠄ | 1. ᠣᠳᠤᠭ ᠤᠨ ᠡᠮᠦᠨᠡᠳᠦ ᠬᠤᠰᠢᠭᠤᠨ ᠤ ᠦᠵᠡᠮᠵᠢ ᠶᠢᠨ ᠣᠷᠣᠨ ᠵᠢᠴᠢ ᠰᠣᠶᠣᠯ ᠤᠨ ᠠᠵᠣ ᠣᠶᠢᠯᠠᠰ ᠤᠨ ᠬᠦᠷᠢᠶᠠᠯᠠᠩ ᠳᠤ ᠲᠣᠳᠣᠷᠬᠠᠢ ᠬᠠᠮᠢᠶᠠᠷᠣᠯᠳᠠ | ᠡᠵᠡᠩᠨᠡᠯᠳᠡ ᠶᠢᠨ ᠪᠠᠶᠢᠭᠤᠯᠣᠮᠵᠢ ᠲᠠᠢ᠄ | 2. ᠲᠣᠭᠳᠠᠮᠠᠯ ᠡᠵᠡᠩᠨᠡᠯᠳᠡ ᠶᠢᠨ ᠲᠡᠯᠭᠡᠭᠡ ᠮᠠᠶᠢᠮᠠᠢ 30 ᠠᠴᠠ ᠲᠡᠭᠡᠭᠰᠢ︔ | 3. ᠲᠣᠭᠳᠠᠮᠠᠯ ᠡᠵᠡᠩᠨᠡᠯᠳᠡ ᠶᠢᠨ ᠲᠡᠯᠭᠡᠭᠦᠷ 10 ᠠᠴᠠ ᠲᠡᠭᠡᠭᠰᠢ︔ | 4. ᠵᠢᠯ ᠤᠨ ᠪᠦᠬᠦᠯᠢ ᠴᠣᠭᠴᠠ ᠶᠢᠨ ᠰᠠᠭᠤᠷᠢᠰᠢᠭᠰᠠᠨ ᠨᠣᠷᠮ᠎ᠠ 70%︔ | 5. ᠰᠦᠨᠢ ᠶᠢᠨ ᠲᠡᠯᠭᠡᠭᠦᠷ ᠤᠨ ᠡᠵᠡᠩᠨᠡᠯᠳᠡ ᠶᠢᠨ ᠡᠷᠦᠭᠡ 60% ᠠᠴᠠ ᠲᠣᠣᠷ᠎ᠠ ᠪᠠᠶᠢᠵᠣ ᠪᠣᠯᠬᠤ ᠦᠭᠡᠢ᠃ | ︵ᠭᠤᠷᠪᠠ︶ ᠵᠢᠭᠤᠯᠴᠢᠯᠠᠯ ᠤᠨ ᠦᠵᠡᠮᠵᠢ ᠶᠢᠨ ᠣᠷᠣᠨ ᠤ ᠡᠪᠣᠯ ᠤᠨ ᠣᠯᠠᠷᠢᠯ ᠤᠨ ᠵᠢᠭᠤᠯᠴᠢᠯᠠᠯ ᠤᠨ ᠲᠦᠷᠦᠯ ᠵᠣᠶᠢᠯ ᠢ ᠭᠤᠶᠣᠪᠴᠢᠯᠠᠬᠤ ᠨᠦᠭᠦᠴᠡᠯ᠄ | ᠵᠢᠯ ᠤᠨ ᠲᠣᠳᠣᠷ᠎ᠠ ᠭᠤᠶᠣᠪᠴᠢᠯᠠᠨ ᠪᠠᠶᠢᠭᠤᠯᠬᠤ ᠮᠦᠷᠳᠡᠭᠡᠨ ᠠᠰᠢᠭᠯᠠᠯᠳᠠ ᠳᠤ ᠣᠷᠣᠭᠤᠯᠣᠨ᠎ᠠ᠃ | ︵ᠲᠦᠷᠪᠡ︶ ᠵᠢᠭᠤᠯᠴᠢᠯᠠᠯ ᠤᠨ ᠰᠣᠳᠣᠨ ᠲᠣᠭᠯᠠᠯᠳᠠ ᠶᠢᠨ ᠲᠦᠷᠦᠯ ᠵᠣᠶᠢᠯ ᠢ ᠭᠤᠶᠣᠪᠴᠢᠯᠠᠬᠤ ᠨᠦᠭᠦᠴᠡᠯ᠄ | ᠵᠢᠯ ᠤᠨ ᠲᠣᠳᠣᠷ᠎ᠠ ᠭᠤᠶᠣᠪᠴᠢᠯᠠᠨ ᠠᠰᠢᠭᠯᠠᠯᠳᠠ ᠳᠤ ᠣᠷᠣᠭᠤᠯᠵᠣ ᠲᠣᠭᠯᠠᠯᠳᠠ ᠭᠠᠷᠭᠠᠬᠤ ᠪᠣᠶᠣ ᠬᠡᠷᠡᠭᠯᠡᠭᠰᠡᠨ ᠮᠦᠷᠳᠡᠭᠡᠨ ᠦᠷᠭᠦᠯᠵᠢᠯᠡᠨ 4 ᠰᠠᠷ᠎ᠠ ᠠᠴᠠ | ᠲᠡᠭᠡᠭᠰᠢ ᠡᠵᠡᠩᠨᠡᠭᠰᠡᠨ ᠪᠠᠶᠢᠬᠤ ᠬᠡᠷᠡᠭᠳᠡᠢ᠃ | ᠭᠤᠴᠢᠨ ᠬᠤᠶᠠᠳᠣᠭᠠᠷ ᠵᠣᠶᠢᠯ ᠰᠢᠨ᠎ᠡ ᠡᠵᠡᠩᠨᠡᠯᠳᠡ ᠶᠢᠨ ᠪᠠᠶᠢᠳᠠᠯ ᠢ ᠬᠦᠭᠵᠢᠭᠦᠯᠦᠨ ᠪᠣᠵᠠᠭᠠᠶᠢᠷᠠᠭᠤᠯᠬᠤ ᠶᠢ ᠲᠡᠮᠵᠢᠬᠦ ᠪᠠ ᠬᠦᠬᠢᠬᠦᠯᠬᠦ ᠱᠠᠩᠨᠠᠯ ᠢ | ᠭᠤᠶᠣᠪᠴᠢᠯᠠᠬᠤ ᠮᠡᠲ᠋ᠧᠷᠢᠶᠡᠯ᠄ | ︵ᠨᠢᠭᠡ︶ ᠰᠢᠨ᠎ᠡ ᠡᠵᠡᠩᠨᠡᠯᠳᠡ ᠶᠢᠨ ᠪᠠᠶᠢᠳᠠᠯ ᠢ ᠬᠦᠭᠵᠢᠭᠦᠯᠦᠨ ᠪᠣᠵᠠᠭᠠᠶᠢᠷᠠᠭᠤᠯᠬᠤ ᠶᠢ ᠲᠡᠮᠵᠢᠬᠦ ᠪᠠ ᠬᠦᠬᠢᠬᠦᠯᠬᠦ ᠱᠠᠩᠨᠠᠯ ᠢ ᠭᠤᠶᠣᠪᠴᠢᠯᠠᠬᠤ ᠬᠦᠰᠦᠨᠦᠭ᠄ | ︵ᠬᠤᠶᠠᠷ︶ ᠭᠤᠶᠣᠪᠴᠢᠯᠠᠬᠤ ᠪᠠᠶᠢᠭᠤᠯᠭ᠎ᠠ ᠶᠢᠨ ᠨᠡᠶᠢᠭᠡᠮ ᠤᠨ ᠢᠳᠡᠭᠡᠮᠵᠢ ᠶᠢᠨ ᠨᠢᠭᠡᠳᠦᠯᠳᠡᠢ ᠲᠦᠯᠦᠭᠡᠨ ᠤ ᠨᠣᠮᠧᠷ ᠤᠨ ᠦᠨᠡᠮᠯᠡᠯ ᠪᠣᠶᠣ ᠭᠤᠷᠪᠠᠨ ᠦᠨᠡᠮᠯᠡᠯ | ᠢ ᠨᠢᠭᠡᠳᠬᠡᠭᠰᠡᠨ ᠡᠵᠡᠩᠨᠡᠯᠳᠡ ᠶᠢᠨ ᠪᠠᠳᠣᠯᠠᠪᠦᠷᠢ ᠶᠢᠨ ᠪᠢᠴᠢᠭ ᠪᠣᠯᠣᠨ ᠬᠠᠣᠯᠢ ᠶᠢᠨ ᠡᠷᠭᠡᠳᠡ ᠤ ᠪᠡᠶ᠎ᠡ ᠶᠢᠨ ᠦᠨᠡᠮᠯᠡᠯ ᠤᠨ ᠬᠠᠭᠤᠯᠪᠦᠷᠢ︔ | ︵ᠭᠤᠷᠪᠠ︶ ᠣᠨᠴᠢᠯᠢᠭᠳᠦ ᠵᠢᠭᠤᠯᠴᠢᠯᠠᠯ ᠤᠨ ᠬᠤᠳᠠᠯᠳᠤᠭ᠎ᠠ ᠲᠡᠯᠭᠡᠭᠦᠷ ᠭᠤᠶᠣᠪᠴᠢᠯᠠᠬᠤ ᠳᠤ ᠲᠡᠯᠭᠡᠭᠦᠷ ᠤᠨ ᠰᠡᠭᠦᠳᠡᠷ᠂ ᠢᠳᠡᠭᠡᠨ ᠣᠮᠳᠠᠭᠠᠨ ᠤ | ᠡᠵᠡᠩᠨᠡᠯᠳᠡ ᠶᠢᠨ ᠵᠦᠪᠰᠢᠶᠡᠷᠡᠯ ᠤᠨ ᠦᠨᠡᠮᠯᠡᠯ᠂ ᠪᠦᠳᠦᠭᠡᠭᠳᠡᠭᠦᠨ ᠤ ᠪᠣᠷᠣᠯᠠᠭᠤᠯᠭ᠎ᠠ ᠶᠢᠨ ᠨᠠᠷᠢᠨ ᠲᠠᠩᠰᠠ᠂ ᠪᠡᠯᠡ ᠣᠷᠣᠭᠤᠯᠣᠯᠳᠠ ᠶᠢᠨ ᠭᠡᠷᠡᠴᠢ ᠵᠡᠷᠭᠡ | ᠬᠤᠯᠪᠣᠭᠳᠠᠯ ᠪᠦᠬᠦᠢ ᠮᠡᠲ᠋ᠧᠷᠢᠶᠠᠯ ᠢᠶᠠᠨ ᠬᠠᠩᠭᠠᠨ᠎ᠠ︔ | ︵ᠲᠦᠷᠪᠡ︶ ᠰᠦᠨᠢ ᠶᠢᠨ ᠲᠡᠯᠭᠡᠭᠦᠷ ᠤᠨ ᠨᠦᠬᠦᠪᠦᠷᠢ ᠶᠢ ᠭᠤᠶᠣᠪᠴᠢᠯᠠᠬᠤ ᠳᠤ ᠬᠤᠳᠠᠯᠳᠣᠭᠠᠴᠢᠨ ᠡᠷᠦᠭᠡ ᠶᠢᠨ ᠵᠠᠩᠬᠢ ᠵᠢᠴᠢ ᠡᠵᠡᠩᠨᠡᠯᠳᠡ ᠶᠢᠨ ᠠᠭᠤᠯᠭ᠎ᠠ | ᠶᠢᠨ ᠲᠣᠳᠣᠷᠬᠠᠶᠢᠯᠠᠯ ᠬᠦᠰᠦᠨᠦᠭᠳᠦ᠂ ᠲᠦᠷᠦᠯ ᠵᠣᠶᠢᠯ ᠤᠨ ᠲᠦᠯᠦᠭᠡᠯᠡᠭᠦ ᠴᠢᠨᠠᠷᠳᠠᠢ ᠰᠡᠭᠦᠳᠡᠷ ᠵᠡᠷᠭᠡ ᠬᠤᠯᠪᠣᠭᠳᠠᠯ ᠪᠦᠬᠦᠢ ᠮᠡᠲ᠋ᠧᠷᠢᠶᠠᠯ ᠢᠶᠠᠨ ᠬᠠᠩᠭᠠᠨ᠎ᠠ︔ | ︵ᠲᠠᠪᠤ︶ ᠵᠢᠭᠤᠯᠴᠢᠯᠠᠯ ᠤᠨ ᠦᠵᠡᠮᠵᠢ ᠶᠢᠨ ᠣᠷᠣᠨ ᠤ ᠡᠪᠣᠯ ᠤᠨ ᠣᠯᠠᠷᠢᠯ ᠤᠨ ᠵᠢᠭᠤᠯᠴᠢᠯᠠᠯ ᠤᠨ ᠰᠣᠳᠣᠨ ᠲᠦᠷᠦᠯ ᠵᠣᠶᠢᠯ ᠢ ᠭᠤᠶᠣᠪᠴᠢᠯᠠᠬᠤ ᠳᠤ | ᠲᠦᠷᠦᠯ ᠵᠣᠶᠢᠯ ᠤᠨ ᠪᠠᠶᠢᠭᠤᠯᠣᠯᠳᠠ ᠶᠢᠨ ᠲᠦᠰᠦᠯ᠂ ᠪᠡᠯᠡ ᠣᠷᠣᠭᠤᠯᠣᠯᠳᠠ ᠶᠢᠨ ᠭᠡᠷᠡᠴᠢ᠂ ᠰᠡᠭᠦᠳᠡᠷ ᠵᠡᠷᠭᠡ ᠮᠡᠲ᠋ᠧᠷᠢᠶᠠᠯ ᠢᠶᠠᠨ ᠬᠠᠩᠭᠠᠨ᠎ᠠ︔ | ︵ᠵᠢᠷᠭᠤᠭ᠎ᠠ︶ ᠵᠢᠭᠤᠯᠴᠢᠯᠠᠯ ᠤᠨ ᠰᠣᠳᠣᠨ ᠲᠣᠭᠯᠠᠯᠳᠠ ᠤᠨ ᠲᠦᠷᠦᠯ ᠵᠣᠶᠢᠯ ᠢ ᠭᠤᠶᠣᠪᠴᠢᠯᠠᠬᠤ ᠳᠤ ᠲᠣᠭᠯᠠᠯᠳᠠ ᠶᠢᠨ ᠭᠡᠷ᠎ᠡ ᠪᠢᠴᠢᠭ ︵ᠵᠦᠪᠳᠡᠯᠴᠡᠭᠡᠷ︶ | ᠵᠢᠴᠢ ᠪᠡᠯᠡ ᠮᠦᠩᠭᠦ ᠦᠭᠭᠦᠭᠰᠡᠨ ᠬᠡᠷᠡᠴᠢ ᠪᠠᠷᠢᠮᠳᠠ ᠶᠢᠨ ᠬᠠᠭᠤᠯᠪᠦᠷᠢ ︵ᠠᠵᠣ ᠠᠬᠤᠶᠢᠯᠠᠯ ᠤᠨ ᠲᠠᠮᠠᠭ᠎ᠠ ᠲᠠᠷᠣᠨ᠎ᠠ︶᠂ ᠲᠣᠭᠯᠠᠯᠳᠠ ᠶᠢᠨ ᠨᠠᠷᠢᠨ ᠬᠦᠰᠦᠨᠦᠭ ︵ | ᠲᠣᠭᠯᠠᠯᠳᠠ ᠭᠠᠷᠭᠠᠭᠰᠠᠨ ᠴᠠᠭ᠂ ᠠᠭᠤᠯᠭ᠎ᠠ ᠵᠢᠴᠢ ᠰᠡᠭᠦᠳᠡᠷ ᠢ ᠪᠠᠭᠳᠠᠭᠠᠨ᠎ᠠ︶ ᠵᠡᠷᠭᠡ ᠮᠡᠲ᠋ᠧᠷᠢᠶᠠᠯ ᠢᠶᠠᠨ ᠬᠠᠩᠭᠠᠨ᠎ᠠ︔ | ︵ᠲᠣᠯᠤᠭ᠎ᠠ︶ ᠲᠦᠷᠦᠯ ᠵᠣᠶᠢᠯ ᠤᠨ ᠪᠦᠳᠦᠮᠵᠢ ᠶᠢᠨ ᠬᠠᠷᠠᠯᠳᠠ ᠶᠢᠨ ᠦᠪᠡᠷ ᠤᠨ ᠦᠨᠡᠯᠡᠯᠳᠡ ᠶᠢᠨ ᠭᠤᠶᠣᠪᠴᠢᠯᠠᠬᠤ ᠬᠦᠰᠦᠨᠦᠭ︔ | ︵ᠨᠠᠢᠮᠠ︶ ᠠᠮᠠᠯᠠᠯᠳᠠ ᠶᠢᠨ ᠪᠢᠴᠢᠭ︔ | ︵ᠶᠢᠰᠦ︶ ᠭᠤᠶᠣᠪᠴᠢᠯᠠᠬᠤ ᠭᠤᠣᠯ ᠴᠣᠭᠴᠠ ᠶᠢᠨ ᠢᠳᠡᠭᠡᠮᠵᠢᠳᠦ ︵ᠲᠣᠮᠳᠠᠳᠦ ᠣᠯᠣᠰ︶ ᠪᠣᠶᠣ ᠢᠳᠡᠭᠡᠮᠵᠢᠳᠦ ︵ᠦᠪᠦᠷ ᠮᠣᠩᠭᠤᠯ︶ ᠰᠦᠯᠵᠢᠶᠡᠨ | ᠲᠡᠭᠡᠷᠡᠬᠢ ᠢᠳᠡᠭᠡᠮᠵᠢ ᠶᠢᠨ ᠲᠡᠮᠳᠡᠭᠯᠡᠯ︔ | ᠭᠤᠴᠢᠨ ᠭᠤᠷᠪᠠᠳᠣᠭᠠᠷ ᠵᠣᠶᠢᠯ ᠰᠢᠨ᠎ᠡ ᠡᠵᠡᠩᠨᠡᠯᠳᠡ ᠶᠢᠨ ᠪᠠᠶᠢᠳᠠᠯ ᠢ ᠬᠦᠭᠵᠢᠭᠦᠯᠦᠨ ᠪᠣᠵᠠᠭᠠᠶᠢᠷᠠᠭᠤᠯᠬᠤ ᠶᠢ ᠲᠡᠮᠵᠢᠬᠦ ᠪᠠ ᠬᠦᠬᠢᠬᠦᠯᠬᠦ ᠱᠠᠩᠨᠠᠯ ᠤᠨ | ᠪᠠᠷᠢᠮᠵᠢᠶ᠎ᠠ | ︵ᠨᠢᠭᠡ︶ ᠣᠨᠴᠠᠯᠢᠭᠳᠦ ᠵᠢᠭᠤᠯᠴᠢᠯᠠᠯ ᠤᠨ ᠬᠤᠳᠠᠯᠳᠤᠭ᠎ᠠ ᠲᠡᠯᠭᠡᠭᠦᠷ ᠢ ᠲᠡᠮᠵᠢᠬᠦ ᠪᠠ ᠬᠦᠬᠢᠬᠦᠯᠦᠨ ᠱᠠᠩᠨᠠᠬᠤ ᠪᠠᠷᠢᠮᠵᠢᠶ᠎ᠠ | A ᠲᠡᠰ ᠤᠨ ᠦᠵᠡᠮᠵᠢ ᠶᠢᠨ ᠣᠷᠣᠨ ᠵᠢᠴᠢ ᠰᠣᠶᠣᠯ ᠤᠨ ᠠᠵᠣ ᠣᠶᠢᠯᠠᠰ ᠤᠨ ᠬᠦᠷᠢᠶᠡᠯᠡᠩ ᠤᠨ ᠪᠠᠷᠠᠭᠤᠨ ᠲᠣᠭᠤᠷᠢᠭ ᠤᠨ ᠪᠣᠳᠠᠰ ᠤᠨ ᠪᠣᠰᠣ ᠰᠣᠶᠣᠯ ᠤᠨ | ᠦᠪ ᠤᠨ ᠵᠡᠭᠡᠯᠢ ᠳᠤ ᠣᠨᠴᠠᠯᠢᠭᠳᠦ ᠵᠢᠭᠤᠯᠴᠢᠯᠠᠯ ᠤᠨ ᠬᠤᠳᠠᠯᠳᠤᠭ᠎ᠠ ᠲᠡᠯᠭᠡᠭᠦᠷ ᠡᠷᠬᠢᠯᠡᠪᠡᠯ᠂ ᠲᠣᠣᠷᠠᠬᠢ ᠪᠠᠷᠢᠮᠵᠢᠶ᠎ᠠ ᠪᠠᠷ ᠲᠡᠮᠵᠢᠨ ᠬᠦᠬᠢᠬᠦᠯᠦᠨ ᠱᠠᠩᠨᠠᠨ᠎ᠠ᠄ | 1. ᠪᠡᠯᠡ ᠣᠷᠣᠭᠤᠯᠣᠯᠳᠠ ᠶᠢᠨ ᠬᠡᠪᠴᠢᠶᠡᠵᠢᠯ 50 ᠲᠦᠮᠡᠨ ᠲᠦᠭᠦᠷᠢᠭ ᠠᠴᠠ ᠲᠠᠪᠠᠵᠣ᠂ ᠡᠵᠡᠩᠨᠡᠯᠳᠡ ᠶᠢᠨ ᠲᠠᠯᠠᠪᠠᠢ 200 ᠲᠡᠭᠰᠢ ᠲᠦᠷᠪᠡᠯᠵᠢᠨ ᠮᠧᠲᠷ | ᠠᠴᠠ ᠲᠡᠭᠡᠭᠰᠢ᠂ ᠵᠢᠯ ᠲᠣᠷᠰᠢ ᠦᠷᠭᠦᠯᠵᠢᠯᠡᠨ ᠡᠵᠡᠩᠨᠡᠭᠰᠡᠨ ᠮᠦᠷᠳᠡᠭᠡᠨ ᠦᠷᠭᠦᠯᠵᠢᠯᠡᠨ ᠡᠵᠡᠩᠨᠡᠭᠦ ᠨᠦᠭᠦᠴᠡᠯ ᠳᠤ ᠨᠡᠶᠢᠴᠡᠪᠠᠯ᠂ ᠨᠢᠭᠡᠯᠡ ᠣᠳᠠᠭ᠎ᠠ ᠪᠠᠷ 10 ᠲᠦᠮᠡᠨ | ᠲᠦᠭᠦᠷᠢᠭ ᠤᠨ ᠨᠦᠬᠦᠪᠦᠷᠢ ᠣᠯᠭᠤᠨ᠎ᠠ︔ | 2. ᠪᠡᠯᠡ ᠣᠷᠣᠭᠤᠯᠣᠯᠳᠠ ᠶᠢᠨ ᠬᠡᠪᠴᠢᠶᠡᠵᠢᠯ 100 ᠲᠦᠮᠡᠨ ᠲᠦᠭᠦᠷᠢᠭ ᠠᠴᠠ ᠲᠠᠪᠠᠵᠣ᠂ ᠡᠵᠡᠩᠨᠡᠯᠳᠡ ᠶᠢᠨ ᠲᠠᠯᠠᠪᠠᠢ 500 ᠲᠡᠭᠰᠢ ᠲᠦᠷᠪᠡᠯᠵᠢᠨ ᠮᠧᠲᠷ | ᠠᠴᠠ ᠲᠡᠭᠡᠭᠰᠢ᠂ ᠵᠢᠯ ᠲᠣᠷᠰᠢ ᠡᠵᠡᠩᠨᠡᠭᠰᠡᠨ ᠮᠦᠷᠳᠡᠭᠡᠨ ᠦᠷᠭᠦᠯᠵᠢᠯᠡᠨ ᠡᠵᠡᠩᠨᠡᠭᠦ ᠨᠦᠭᠦᠴᠡᠯ ᠳᠤ ᠨᠡᠶᠢᠴᠡᠪᠠᠯ᠂ ᠨᠢᠭᠡᠯᠡ ᠣᠳᠠᠭ᠎ᠠ ᠪᠠᠷ 20 ᠲᠦᠮᠡᠨ ᠲᠦᠭᠦᠷᠢᠭ | ᠤᠨ ᠨᠦᠬᠦᠪᠦᠷᠢ ᠣᠯᠭᠤᠨ᠎ᠠ︔ | ︵ᠬᠤᠶᠠᠷ︶ ᠣᠨᠴᠠᠯᠢᠭᠳᠦ ᠰᠦᠨᠢ ᠶᠢᠨ ᠲᠡᠯᠭᠡᠭᠦᠷ ᠤᠨ ᠬᠡᠷᠡᠭᠯᠡᠭᠡᠨ ᠤ ᠵᠡᠭᠡᠯᠢ ᠶᠢ ᠲᠡᠮᠵᠢᠨ ᠬᠦᠬᠢᠬᠦᠯᠬᠦ ᠪᠠᠷᠢᠮᠵᠢᠶ᠎ᠠ | ᠡᠯ᠎ᠡ ᠲᠦᠷᠦᠯ ᠤᠨ ᠰᠢᠨ᠎ᠡ ᠰᠦᠨᠢ ᠶᠢᠨ ᠵᠠᠬ᠎ᠠ ᠲᠡᠯᠭᠡᠭᠦᠷ ᠤᠨ ᠲᠦᠷᠦᠯ ᠵᠣᠶᠢᠯ ᠢ ᠴᠣᠭᠴᠠᠯᠠᠨ ᠪᠠᠶᠢᠭᠤᠯᠣᠭᠰᠠᠨ ᠮᠦᠷᠳᠡᠭᠡᠨ ᠡᠵᠡᠩᠨᠡᠯᠳᠡ ᠰᠠᠶᠢᠨ ᠪᠣᠯ ᠨᠢᠭᠡᠯᠡ | ᠣᠳᠠᠭ᠎ᠠ ᠪᠠᠷ 5 ᠲᠦᠮᠡᠨ ᠲᠦᠭᠦᠷᠢᠭ — 30 ᠲᠦᠮᠡᠨ ᠲᠦᠭᠦᠷᠢᠭ ᠤᠨ ᠨᠦᠬᠦᠪᠦᠷᠢ ᠣᠯᠭᠤᠨ᠎ᠠ᠃ | ︵ᠭᠤᠷᠪᠠ︶ ᠡᠪᠣᠯ ᠤᠨ ᠣᠯᠠᠷᠢᠯ ᠤᠨ ᠰᠣᠳᠣᠨ ᠵᠢᠭᠤᠯᠴᠢᠯᠠᠯ ᠤᠨ ᠲᠦᠷᠦᠯ ᠵᠣᠶᠢᠯ ᠢ ᠲᠡᠮᠵᠢᠨ ᠬᠦᠬᠢᠬᠦᠯᠬᠦ ᠪᠠᠷᠢᠮᠵᠢᠶ᠎ᠠ | A ᠲᠡᠰ ᠤᠨ ᠦᠵᠡᠮᠵᠢ ᠶᠢᠨ ᠣᠷᠣᠨ ᠳᠤ ᠡᠪᠣᠯ ᠤᠨ ᠣᠯᠠᠷᠢᠯ ᠤᠨ ᠵᠢᠭᠤᠯᠴᠢᠯᠠᠯ ᠤᠨ ᠠᠵᠢᠯᠯᠠᠭᠠᠨ ᠦᠷᠨᠢᠭᠦᠯᠦᠭᠡᠳ ᠬᠡᠪ ᠤᠨ ᠠᠵᠢᠯᠯᠠᠮᠵᠢ ᠲᠠᠢ ᠪᠣᠯ 10 | ᠲᠦᠮᠡᠨ ᠲᠦᠭᠦᠷᠢᠭ — 50 ᠲᠦᠮᠡᠨ ᠲᠦᠭᠦᠷᠢᠭ ᠤᠨ ᠨᠦᠭᠦᠪᠦᠷᠢ ᠣᠯᠭᠤᠨ᠎ᠠ᠃ | ︵ᠲᠦᠷᠪᠠ︶ ᠰᠣᠶᠣᠯ ᠵᠢᠭᠤᠯᠴᠢᠯᠠᠯ ᠤᠨ ᠠᠵᠣ ᠠᠬᠤᠶᠢᠯᠠᠯ ᠬᠤᠷᠰᠢᠭᠰᠠᠨ ᠪᠣᠶᠣ ᠦᠪᠡᠰᠣᠪᠠᠨ ᠡᠷᠬᠢᠯᠡᠭᠰᠡᠨ ᠵᠢᠭᠤᠯᠴᠢᠯᠠᠯ ᠤᠨ ᠰᠣᠳᠣᠨ ᠲᠣᠭᠯᠠᠯᠳᠠ ᠶᠢᠨ | ᠲᠦᠷᠦᠯ ᠵᠣᠶᠢᠯ ᠢ ᠲᠡᠮᠵᠢᠬᠦ ᠪᠠ ᠬᠦᠬᠢᠬᠦᠯᠦᠨ ᠱᠠᠩᠨᠠᠬᠤ ᠪᠠᠷᠢᠮᠵᠢᠶ᠎ᠠ᠄ | ᠵᠢᠯ ᠤᠨ ᠲᠣᠳᠣᠷ᠎ᠠ ᠵᠢᠭᠤᠯᠴᠢᠯᠠᠯ ᠤᠨ ᠰᠣᠳᠣᠨ ᠲᠣᠭᠯᠠᠯᠳᠠ ᠶᠢᠨ ᠲᠦᠷᠦᠯ ᠵᠣᠶᠢᠯ ᠢ ᠰᠢᠨ᠎ᠡ ᠪᠠᠷ ᠨᠡᠮᠡᠭᠳᠡᠭᠦᠯᠬᠦ ᠮᠦᠷᠳᠡᠭᠡᠨ ᠦᠷᠭᠦᠯᠵᠢᠯᠡᠨ 4 ᠰᠠᠷ᠎ᠠ ᠠᠴᠠ | ᠲᠡᠭᠡᠭᠰᠢ ᠲᠣᠭᠯᠠᠯᠳᠠ ᠭᠠᠷᠭᠠᠪᠠᠯ᠂ ᠪᠡᠯᠡ ᠣᠷᠣᠭᠤᠯᠣᠯᠳᠠ ᠶᠢᠨ 10% ᠪᠠᠷ ᠨᠦᠬᠦᠪᠦᠷᠢ ᠣᠯᠭᠤᠵᠣ᠂ 200 ᠲᠦᠮᠡᠨ ᠲᠦᠭᠦᠷᠢᠭ ᠠᠴᠠ ᠬᠡᠳᠦᠷᠡᠭᠦᠯᠬᠦ ᠦᠭᠡᠢ᠃ | | ᠵᠢᠷᠭᠤᠳᠣᠭᠠᠷ ᠪᠦᠯᠦᠭ ᠲᠠᠭᠠᠯᠳᠣᠭᠤᠯᠣᠯ ᠲᠦᠷᠢᠮ | ᠭᠤᠴᠢᠨ ᠲᠦᠷᠪᠡᠳᠦᠭᠡᠷ ᠵᠣᠶᠢᠯ ᠬᠦᠬᠢᠬᠦᠯᠣᠯ ᠱᠠᠩᠨᠠᠯ ᠢ ᠵᠢᠯ ᠢᠶᠠᠷ ᠬᠤᠭᠤᠴᠠᠭᠠᠯᠵᠣ᠂ ︽ᠦᠪᠡᠷᠳᠡᠭᠡᠨ ᠮᠡᠳᠡᠭᠦᠯᠦᠨ᠂ ᠲᠦᠪᠯᠡᠷᠡᠩᠭᠦᠢ ᠴᠣᠬᠤᠯᠠᠪᠦᠷᠢᠯᠠᠵᠣ | ᠂ ᠲᠣᠰ ᠵᠢᠯ ᠳᠤ ᠪᠠᠨ ᠬᠦᠬᠢᠬᠦᠯᠬᠦ︾ ᠵᠠᠷᠴᠢᠮ ᠢ ᠬᠡᠷᠡᠭᠵᠢᠭᠦᠯᠦᠨ᠎ᠡ᠃ | ᠭᠤᠴᠢᠨ ᠲᠠᠪᠣᠳᠣᠭᠠᠷ ᠵᠣᠶᠢᠯ ᠠᠳᠠᠯᠢ ᠲᠦᠷᠦᠯ ᠵᠣᠶᠢᠯ᠂ ᠠᠳᠠᠯᠢ ᠬᠡᠷᠡᠭ ᠣᠴᠢᠷ᠂ ᠠᠳᠠᠯᠢ ᠪᠦᠳᠦᠭᠡᠯ ᠨᠢ ᠣᠯᠠᠨ ᠲᠦᠷᠦᠯ ᠤᠨ ᠲᠡᠮᠵᠢᠬᠦ ᠪᠠ | ᠬᠦᠬᠢᠬᠦᠯᠦᠨ ᠱᠠᠩᠨᠠᠬᠤ ᠲᠦᠷᠦ ᠶᠢᠨ ᠪᠣᠳᠣᠯᠭ᠎ᠠ ᠶᠢᠨ ᠨᠦᠭᠦᠴᠡᠯ ᠳᠤ ᠨᠡᠶᠢᠴᠡᠪᠡᠯ᠂ ︽ᠲᠠᠪᠬᠤᠴᠠᠭᠤᠯᠬᠤ ᠦᠭᠡᠢ︾ ᠵᠠᠷᠴᠢᠮ ᠢᠶᠠᠷ ᠬᠠᠮᠤᠭ ᠦᠨᠳᠦᠷ ᠪᠠᠷᠢᠮᠵᠢᠶ᠎ᠠ ᠪᠠᠷ | ᠲᠡᠮᠵᠢᠨ ᠬᠦᠬᠢᠬᠦᠯᠦᠨ ᠱᠠᠩᠨᠠᠨ᠎ᠠ᠃ | ᠭᠤᠴᠢᠨ ᠵᠢᠷᠭᠤᠳᠣᠭᠠᠷ ᠵᠣᠶᠢᠯ ᠬᠠᠣᠯᠢ ᠲᠦᠷᠢᠮ ᠵᠦᠷᠢᠴᠡᠵᠣ᠂ ᠬᠤᠳᠠᠯ ᠬᠠᠭᠤᠷᠮᠠᠭ ᠵᠣᠬᠢᠶᠠᠵᠣ ᠱᠠᠩᠨᠠᠯ᠂ ᠨᠦᠬᠦᠪᠦᠷᠢ ᠣᠯᠣᠭᠰᠠᠨ ᠪᠣᠯ ᠱᠠᠩᠨᠠᠯ | ᠨᠦᠬᠦᠪᠦᠷᠢ ᠶᠢ ᠨᠡᠭᠡᠮᠵᠢᠯᠡᠨ ᠠᠪᠴᠢᠷᠠᠬᠤ ᠶᠢᠨ ᠬᠠᠮᠳᠦ 2 ᠵᠢᠯ ᠤᠨ ᠲᠣᠳᠣᠷ᠎ᠠ ᠱᠠᠩᠨᠠᠯ ᠨᠦᠬᠦᠪᠦᠷᠢ ᠭᠤᠶᠣᠪᠴᠢᠯᠠᠵᠣ ᠪᠣᠯᠬᠤ ᠦᠭᠡᠢ ᠮᠦᠷᠳᠡᠭᠡᠨ ᠬᠠᠷ᠎ᠠ ᠲᠠᠩᠰᠠᠨ | ᠳᠤ ᠣᠷᠣᠭᠤᠯᠣᠨ᠎ᠠ᠃ | ᠭᠤᠴᠢᠨ ᠲᠣᠯᠣᠳᠣᠭᠠᠷ ᠵᠣᠶᠢᠯ ᠲᠣᠰ ᠨᠠᠷᠢᠨ ᠲᠦᠷᠢᠮ ᠢ ᠬᠤᠰᠢᠭᠤ ᠰᠣᠶᠣᠯ ᠵᠢᠭᠤᠯᠴᠢᠯᠠᠯ ᠤᠨ ᠲᠣᠪᠴᠢᠶ᠎ᠠ ᠠᠴᠠ ᠪᠣᠳᠠᠳᠠᠢ ᠬᠠᠷᠢᠭᠤᠴᠠᠨ | ᠲᠠᠶᠢᠯᠪᠦᠷᠢᠯᠠᠨ᠎ᠠ᠃ | ᠭᠤᠴᠢᠨ ᠨᠠᠢᠮᠳᠣᠭᠠᠷ ᠵᠣᠶᠢᠯ ᠨᠠᠷᠢᠨ ᠲᠦᠷᠢᠮ ᠢ 2022 ᠣᠨ ᠤ 1 ᠰᠠᠷ᠎ᠠ ᠶᠢᠨ 1 ᠤ ᠡᠳᠦᠷ ᠠᠴᠠ ᠡᠬᠢᠯᠡᠨ ᠬᠡᠷᠡᠭᠵᠢᠭᠦᠯᠵᠣ᠂ 2 ᠵᠢᠯ ᠤᠨ | ᠬᠤᠭᠤᠴᠠᠭᠠᠨ ᠤ ᠬᠦᠴᠦᠨ ᠲᠠᠢ᠃ | | |