ᠪᠠᠶᠠᠷ ᠳᠤᠷᠠᠰᠬᠠᠯ ᠪᠠ ᠨᠠᠶᠢᠷ ᠴᠤᠭᠯᠠᠭᠠᠨ ᠵᠡᠷᠬᠡ ᠳᠤ ᠠᠷᠢᠬᠢ ᠤᠤᠭᠤᠬᠤ ᠨᠢ ᠨᠢᠬᠡᠨ ᠵᠠᠩᠰᠢᠯ ᠪᠤᠯᠤᠭᠰᠡᠨ | ᠪᠠᠶᠢᠨ᠎ᠠ᠃ ᠮᠠᠨ ᠤ ᠤᠯᠤᠰ ᠤᠨ ᠠᠷᠠᠤᠨ ᠢᠷᠬᠡᠤᠨ ᠤᠨ 1/5 ᠨᠢ ᠦᠷᠬᠦᠯᠵᠢ ᠠᠷᠢᠬᠢ ᠤᠤᠭᠤᠳᠠᠭ ᠪᠦᠬᠡᠤᠨ | ᠤᠨᠴᠠᠭᠠᠶᠢᠯᠠᠨ ᠡᠷᠡᠭᠳᠡᠶᠢᠴᠤᠤᠨ ᠤᠨ 40% ᠤᠷᠴᠢᠮ ᠤᠨ ᠬᠦᠮᠤᠨ ᠦᠷᠬᠦᠯᠵᠢ ᠠᠷᠢᠬᠢ ᠤᠤᠭᠤᠳᠠᠭ᠃ ᠮᠠᠨ ᠤ | ᠤᠯᠤᠰ ᠤᠨ ᠤᠤᠭᠤᠬᠤ ᠠᠷᠢᠬᠢ ᠶᠢᠨ ᠭᠤᠤᠯ ᠲᠦᠷᠤᠯ ᠨᠢ ᠬᠠᠷ᠎ᠠ ᠠᠷᠢᠬᠢ᠂ ᠫᠢᠸᠤ᠋᠂ ᠦᠵᠤᠮ ᠤᠨ ᠠᠷᠢᠬᠢ ᠪᠤᠯᠤᠨ | ᠪᠤᠰᠤᠤᠨ ᠰᠫᠢᠷᠲ ᠤᠨ ᠠᠭᠤᠯᠬᠤᠨ ᠲᠠᠢ ᠤᠮᠳᠠᠭᠠᠨ ᠪᠤᠯᠤᠨ᠎ᠠ᠃ | ᠠᠷᠢᠬᠢᠨ ᠤ ᠭᠷᠠᠳᠦ᠋ᠰ ᠪᠤᠯ ᠠᠷᠢᠬᠢᠨ ᠤᠮᠳᠠᠭᠠᠨ ᠳᠠᠬᠢ ᠰᠫᠢᠷᠲ ᠤᠨ ᠠᠭᠤᠯᠬᠤᠨ ᠤ ᠬᠡᠮᠵᠢᠶ᠎ᠡ ᠪᠦᠬᠡᠤᠨ ᠶᠡᠷᠤ | ᠳᠡᠭᠡᠨ 100 ᠮᠢᠯᠢᠯᠢᠲᠷ ᠠᠷᠢᠬᠢᠨ ᠳᠠᠬᠢ ᠴᠡᠪᠡᠷ ᠰᠫᠢᠷᠲ ᠤᠨ ᠠᠭᠤᠯᠬᠤ ᠮᠢᠯᠢᠯᠢᠲᠷ ᠤᠨ ᠳᠤᠭ᠎ᠠ ᠶᠢ ᠢᠯᠡᠷᠬᠡᠶᠢᠯᠡᠵᠤ | ᠪᠠᠶᠢᠳᠠᠭ᠃ ᠰᠫᠢᠷᠲ ᠤᠨ ᠠᠭᠤᠯᠬᠤᠨ ᠢᠶᠠᠷ ᠨᠢ ᠠᠷᠢᠬᠢ ᠶᠢ ᠦᠨᠳᠤᠷ ᠭᠷᠠᠳᠦ᠋ᠰ ᠲᠠᠢ ᠠᠷᠢᠬᠢ ︵40 ᠭᠷᠠᠳᠦ᠋ᠰ | ᠠᠴᠠ ᠳᠡᠬᠡᠭᠰᠢ︶᠂ ᠳᠤᠮᠳᠠ ᠭᠷᠠᠳᠦ᠋ᠰ ᠲᠠᠢ ᠠᠷᠢᠬᠢ ︵20 — 40 ᠭᠷᠠᠳᠦ᠋ᠰ︶ ᠤᠨ ᠬᠤᠭᠤᠷᠤᠨᠳᠤ︶ ᠪᠠ | ᠳᠤᠤᠷ᠎ᠠ ᠭᠷᠠᠳᠦ᠋ᠰ ᠲᠠᠢ ᠠᠷᠢᠬᠢ ᠬᠡᠵᠤ ᠬᠤᠪᠢᠶᠠᠳᠠᠭ᠃ | ᠦᠵᠤᠮ ᠤᠨ ᠠᠷᠢᠬᠢ ᠳᠤ ᠤᠯᠠᠨ ᠵᠦᠢᠯ ᠤᠨ ᠢᠳᠡᠪᠬᠢ ᠪᠤᠳᠠᠰ ᠲᠠᠢ ᠪᠠᠶᠢᠳᠠᠭ ᠢ ᠰᠤᠳᠤᠯᠭᠠᠨ ᠢᠶᠠᠷ ᠤᠯᠵᠤ | ᠮᠡᠳᠡᠭᠰᠡᠨ ᠶᠤᠮ᠃ ᠵᠢᠱᠢᠶᠡᠯᠡᠪᠡᠯ ᠠᠭᠰᠢᠷᠠᠭ᠎ᠠ ᠶᠢᠨ ᠠᠯᠺᠤᠤᠯ᠂ ᠢᠵᠠᠭᠤᠷ ᠴᠡᠴᠡᠭ ᠤᠨ ᠪᠤᠳᠤᠭ ᠡᠬᠦᠰᠬᠡᠭᠴᠢ ᠵᠡᠷᠬᠡ | ᠰᠢᠷ᠎ᠠ ᠺᠧᠲ᠋ᠤᠨ ᠲᠦᠷᠤᠯ ᠤᠨ ᠪᠤᠳᠠᠰ ᠵᠢᠴᠢ ᠳᠠᠨᠨᠢᠨ ᠬᠦᠴᠢᠯ ᠵᠡᠷᠬᠡ ᠨᠢ ᠢᠰᠤᠯᠳᠤᠬᠦ ᠶᠢ ᠡᠰᠡᠷᠬᠦᠴᠡᠬᠦ ᠤᠶᠢᠯᠡᠳᠤᠯ | ᠲᠠᠢ ᠪᠠᠶᠢᠳᠠᠭ᠃ ᠤᠯᠠᠨ ᠹᠧᠨᠤᠯ ᠨᠢ ᠴᠢᠰᠤᠨ ᠢᠯᠳᠠᠰᠤ ᠶᠢᠨ ᠠᠭᠰᠢᠨ ᠪᠦᠬᠡᠮᠨᠡᠷᠡᠬᠦ ᠶᠢ ᠡᠰᠡᠷᠬᠦᠴᠡᠵᠤ᠂ ᠴᠢᠰᠤᠨ | ᠲᠦᠭᠵᠢᠷᠠᠯ ᠪᠦᠷᠢᠯᠳᠤᠬᠦ ᠶᠢ ᠰᠡᠷᠬᠡᠶᠢᠯᠡᠵᠤ ᠴᠢᠳᠠᠬᠤ ᠪᠤᠯᠬᠤᠷ ᠳᠤᠬᠢᠷᠠᠮᠵᠢᠳᠠᠢ ᠤᠤᠭᠤᠬᠤ ᠨᠢ ᠦᠳᠡᠯᠬᠦ ᠶᠢ | ᠤᠳᠠᠭᠠᠰᠢᠷᠠᠭᠤᠯᠬᠤ ᠪᠠ ᠵᠢᠷᠤᠬᠡᠨ ᠤ ᠴᠢᠰᠤᠨ ᠰᠤᠳᠠᠯ ᠤᠨ ᠡᠪᠡᠤᠨᠴᠢᠨ ᠢ ᠰᠡᠷᠬᠡᠶᠢᠯᠡᠬᠦ ᠳᠤ ᠵᠤᠬᠢᠬᠤ ᠤᠶᠢᠯᠡᠳᠤᠯ | ᠲᠠᠢ ᠪᠠᠶᠢᠳᠠᠭ᠃ ᠬᠡᠪᠡᠴᠤ ᠤᠳᠤ ᠪᠤᠯᠳᠠᠯ᠎ᠠ᠂ ᠳᠤᠬᠢᠷᠠᠮᠵᠢᠳᠠᠢ ᠠᠷᠢᠬᠢ ᠤᠤᠭᠤᠬᠤ ᠨᠢ ᠵᠢᠷᠤᠬᠡᠨ ᠤ ᠴᠢᠰᠤᠨ ᠰᠤᠳᠠᠯ | ᠤᠨ ᠰᠢᠰᠲ᠋ᠧᠮ ᠢ ᠬᠠᠮᠠᠭᠠᠯᠠᠬᠤ ᠤᠶᠢᠯᠡᠳᠤᠯ ᠢ ᠪᠠᠰᠠ ᠴᠠᠭᠠᠰᠢᠳᠠ ᠬᠡᠷᠡᠴᠢᠯᠡᠬᠦ ᠴᠢᠬᠤᠯᠠ ᠲᠠᠢ ᠪᠠᠶᠢᠳᠠᠭ᠂ | ᠬᠡᠳᠤᠷᠠᠳᠠᠯ᠎ᠠ ᠠᠷᠢᠬᠢ ᠤᠤᠭᠤᠭᠰᠡᠨ ᠤ ᠳᠠᠷᠠᠭᠠᠬᠢ ᠡᠯ᠎ᠡ ᠵᠦᠢᠯ ᠤᠨ ᠭᠠᠵᠢᠭᠤ ᠤᠶᠢᠯᠡᠳᠤᠯ ᠢ ᠪᠤᠳᠤᠯᠬᠢᠯᠡᠵᠤ᠂ ᠶᠠᠮᠠᠷ | ᠬᠦᠮᠤᠨ ᠢ ᠬᠡᠤᠨ ᠵᠢᠷᠤᠬᠡᠨ ᠡᠪᠡᠤᠨᠴᠢᠨ ᠢ ᠰᠡᠷᠬᠡᠶᠢᠯᠡᠬᠦ ᠶᠢᠨ ᠳᠤᠯᠠᠳᠠ ᠡᠬᠢᠯᠡᠵᠤ ᠠᠷᠢᠬᠢ ᠤᠤᠭᠤᠬᠤ ᠪᠤᠶᠤ ᠵᠠᠯᠭᠠᠭ᠎ᠠ | ᠵᠠᠯᠭᠠᠭ᠎ᠠ ᠪᠠᠷ ᠠᠷᠢᠬᠢ ᠤᠤᠭᠤᠬᠤ ᠶᠢ ᠰᠠᠨᠠᠭᠠᠴᠢᠯᠠᠬᠤ ᠦᠬᠡᠢ᠃ | ᠦᠷᠬᠦᠯᠵᠢ ᠬᠡᠳᠤᠷᠡᠳᠡᠯ᠎ᠡ ᠠᠷᠢᠬᠢ ᠤᠤᠭᠤᠬᠤ ᠨᠢ ᠡᠷᠡᠬᠦᠯ ᠮᠠᠨᠳᠤ ᠶᠢ ᠤᠯᠠᠨ ᠳᠠᠯ᠎ᠠ ᠪᠠᠷ ᠬᠤᠬᠢᠷᠠᠭᠤᠯᠳᠠᠭ | ᠶᠤᠮ᠄ 1. ᠤᠷᠳᠤ ᠬᠤᠭᠤᠴᠠᠭ᠎ᠠ ᠪᠠᠷ ᠬᠡᠳᠤᠷᠠᠳᠠᠯ᠎ᠠ ᠠᠷᠢᠬᠢ ᠤᠤᠭᠤᠪᠠᠯ ᠨᠡᠬᠦᠷᠡᠰᠤ ᠤᠰᠤᠨ ᠤ ᠨᠢᠬᠡᠤᠨᠪᠤᠷᠢ᠂ | ᠤᠭᠤᠷᠠᠭ ᠵᠢᠴᠢ ᠦᠬᠡᠬᠦ ᠶᠢᠨ ᠰᠢᠩᠬᠡᠬᠡᠯᠳᠠ ᠶᠢᠨ ᠬᠡᠮᠵᠢᠶ᠎ᠡ ᠶᠢ ᠪᠠᠭᠠᠰᠬᠠᠵᠤ᠂ ᠸᠢᠲ᠋ᠠᠮᠢᠨ ᠪᠠ ᠡᠷᠤᠳᠠᠰᠤᠨ ᠪᠤᠳᠠᠰ ᠢ | ᠰᠢᠩᠬᠡᠬᠡᠬᠦ ᠬᠡᠮᠵᠢᠶ᠎ᠡ ᠨᠢ ᠬᠡᠷᠡᠭᠴᠡᠭᠡ ᠶᠢ ᠬᠠᠩᠭᠠᠵᠤ ᠴᠢᠳᠠᠬᠤ ᠦᠬᠡᠢ ᠪᠤᠯᠳᠠᠭ︔ 2. ᠬᠡᠳᠤᠷᠠᠳᠡᠯᠡ ᠠᠷᠢᠬᠢ | ᠤᠤᠭᠤᠪᠠᠯ ᠬᠡᠳᠡᠰᠤᠨ ᠤ ᠰᠠᠯᠢᠰᠤᠯᠢᠭ ᠢ ᠬᠡᠮᠳᠤᠬᠡᠬᠦ ᠪᠦᠬᠡᠤᠨ ᠡᠯᠢᠬᠡᠨ ᠤ ᠴᠢᠳᠠᠪᠤᠷᠢ ᠶᠢ ᠬᠡᠮᠳᠤᠬᠡᠬᠡᠤᠨ ᠪᠠᠷᠤᠭ | ᠪᠦᠬᠦ ᠰᠢᠮ᠎ᠠ ᠳᠡᠵᠢᠬᠡᠯᠳᠤ ᠪᠤᠳᠠᠰ ᠢ ᠰᠢᠩᠬᠡᠬᠡᠬᠦ ᠪᠠ ᠰᠢᠯᠵᠢᠬᠦᠯᠬᠦ ᠶᠢ ᠨᠦᠯᠤᠬᠡᠯᠡᠳᠡᠭ︔ 3. ᠲᠦᠷᠬᠡᠨ ᠴᠢᠨᠠᠷᠳᠠᠢ | ᠰᠫᠢᠷᠲ ᠲᠤ ᠬᠤᠤᠷᠳᠠᠭᠳᠠᠬᠤ ᠨᠢ ᠨᠤᠶᠢᠷ ᠤᠨ ᠪᠤᠯᠴᠢᠷᠬᠠᠢ ᠶᠢᠨ ᠦᠷᠪᠢᠰᠤᠯ ᠢ ᠡᠬᠦᠰᠬᠡᠵᠤ᠂ ᠨᠤᠶᠢᠷ ᠤᠨ | ᠪᠤᠯᠴᠢᠷᠬᠠᠢ ᠶᠢᠨ ᠰᠢᠬᠦᠷᠠᠯᠳᠠ ᠶᠢ ᠬᠦᠢᠴᠡᠤᠨ ᠪᠤᠰᠤ ᠪᠤᠯᠭᠠᠵᠤ᠂ ᠤᠭᠤᠷᠠᠭ᠂ ᠦᠬᠡᠬᠦ ᠪᠠ ᠳᠤᠰᠤᠨ ᠳᠤ ᠠᠭᠤᠰᠬᠤ | ᠸᠢᠲ᠋ᠠᠮᠢᠨ ᠢ ᠰᠢᠩᠬᠡᠬᠡᠵᠤ ᠠᠰᠢᠭᠯᠠᠬᠤ ᠶᠢ ᠨᠦᠯᠤᠬᠡᠯᠡᠬᠡᠤᠨ ᠬᠦᠨᠳᠤᠷᠠᠪᠠᠯ ᠰᠫᠢᠷᠲ ᠤᠨ ᠴᠢᠨᠠᠷᠳᠠᠢ ᠰᠢᠮ᠎ᠠ ᠳᠡᠵᠢᠬᠡᠯ | ᠳᠤᠳᠠᠬᠤ ᠡᠮᠬᠡᠭ ᠡᠬᠦᠰᠬᠡᠨ᠎ᠡ︔ 4. ᠰᠫᠢᠷᠲ ᠨᠢ ᠡᠯᠢᠬᠡ ᠶᠢ ᠰᠢᠭᠤᠤᠨ ᠬᠤᠤᠷᠳᠠᠭᠤᠯᠬᠤ ᠤᠶᠢᠯᠡᠳᠤᠯ ᠲᠠᠢ᠂ | ᠦᠬᠡᠬᠦ ᠶᠢᠨ ᠲᠦᠷᠤᠯ᠂ ᠰᠢᠬᠢᠷ ᠤᠨ ᠵᠦᠢᠯ ᠪᠠ ᠤᠭᠤᠷᠠᠭ ᠵᠡᠷᠬᠡ ᠰᠢᠮ᠎ᠠ ᠳᠡᠵᠢᠬᠡᠯᠳᠤ ᠪᠤᠳᠠᠰ ᠤᠨ ᠬᠡᠪ ᠤᠨ | ᠰᠤᠯᠢᠯᠴᠠᠭ᠎ᠠ ᠶᠢ ᠬᠠᠷᠰᠢᠯᠠᠬᠤ ᠶᠢᠨ ᠬᠠᠮᠳᠤ ᠡᠯᠢᠬᠡᠨ ᠤ ᠬᠡᠪ ᠤᠨ ᠬᠤᠤᠷ ᠳᠠᠶᠢᠯᠬᠤ ᠴᠢᠳᠠᠪᠤᠷᠢ ᠶᠢ ᠴᠤ ᠨᠦᠯᠤᠬᠡᠯᠡᠬᠦ | ᠪᠤᠯᠤᠨ᠎ᠠ︔ 5. ᠤᠳᠠᠭᠠᠨ ᠬᠤᠭᠤᠴᠠᠭ᠎ᠠ ᠬᠡᠳᠤᠷᠠᠳᠠᠯ᠎ᠠ ᠠᠷᠢᠬᠢ ᠤᠤᠭᠤᠬᠤ ᠨᠢ ᠦᠬᠡᠬᠦᠯᠡᠭᠰᠡᠨ ᠡᠯᠢᠬᠡ᠂ ᠡᠯᠢᠬᠡᠨ ᠤ | ᠨᠠᠮᠵᠢᠭᠤᠨ ᠰᠤᠳᠠᠯ ᠤᠨ ᠳᠤᠭᠤᠷᠢᠨ ᠤ ᠰᠢᠷᠬᠡᠭᠵᠢᠯ᠂ ᠰᠫᠢᠷᠲ ᠤᠨ ᠴᠢᠨᠠᠷᠳᠠᠢ ᠡᠯᠢᠬᠡᠨ ᠤ ᠦᠷᠪᠢᠰᠤᠯ ᠵᠢᠴᠢ | ᠡᠯᠢᠬᠡᠨ ᠤ ᠬᠠᠳᠠᠭᠤᠷᠠᠯ ᠲᠠᠢ ᠨᠢᠭᠳᠠ ᠬᠤᠯᠪᠤᠭ᠎ᠠ ᠲᠠᠢ ᠪᠤᠯᠬᠤᠷ ᠡᠯᠢᠬᠡᠨ ᠤ ᠬᠠᠳᠠᠭᠤᠷᠠᠯ ᠢᠶᠠᠷ ᠦᠬᠦᠭᠰᠡᠤᠨ ᠤᠨ | 40% ᠨᠢ ᠰᠫᠢᠷᠲ ᠲᠤ ᠬᠤᠤᠷᠳᠠᠭᠳᠠᠭᠰᠡᠨ ᠠᠴᠠ ᠪᠤᠯᠳᠠᠭ︔ 6. ᠬᠡᠳᠤᠷᠠᠳᠠᠯ᠎ᠠ ᠠᠷᠢᠬᠢ ᠤᠤᠭᠤᠬᠤ ᠨᠢ ᠴᠢᠰᠤᠨ | ᠳᠠᠷᠤᠯᠳᠠ ᠦᠨᠳᠤᠷ᠂ ᠰᠠ ᠪᠤᠯᠬᠤ ᠵᠡᠷᠬᠡ ᠡᠪᠡᠤᠨᠴᠢᠨ ᠡᠮᠬᠡᠭ ᠤᠨ ᠠᠶᠤᠯ ᠢ ᠨᠡᠮᠡᠭᠳᠡᠬᠦᠯᠬᠦ ᠪᠤᠯᠤᠨ᠎ᠠ︔ 7. | ᠬᠡᠳᠤᠷᠠᠳᠠᠯ᠎ᠠ ᠠᠷᠢᠬᠢ ᠤᠤᠭᠤᠬᠤ ᠨᠢ ᠵᠠᠮ ᠬᠠᠷᠢᠯᠴᠠᠭ᠎ᠠ ᠵᠡᠷᠬᠡ ᠶᠢᠨ ᠤᠰᠤᠯ ᠠᠳᠡᠯ ᠵᠢᠴᠢ ᠬᠦᠴᠤᠷᠬᠡᠭᠯᠡᠯ ᠢ | ᠤᠯᠠᠰᠢᠷᠠᠭᠤᠯᠵᠤ᠂ ᠬᠤᠪᠢ ᠪᠡᠶ᠎ᠡ ᠶᠢᠨ ᠡᠷᠡᠬᠦᠯ ᠮᠠᠨᠳᠤ ᠪᠠ ᠨᠠᠶᠢᠬᠡᠮ ᠤᠨ ᠠᠮᠤᠷ ᠲᠦᠪᠰᠢᠨ ᠳᠤ ᠴᠦᠮ ᠬᠤᠤᠷ | ᠬᠦᠨᠤᠬᠡᠯ ᠲᠠᠢ ᠶᠤᠮ︔ 8. ᠠᠷᠢᠬᠢ ᠤᠤᠭᠤᠬᠤ ᠨᠢ ᠰᠢᠩᠬᠡᠬᠡᠯᠳᠠ ᠶᠢᠨ ᠵᠠᠮ ᠤᠨ ᠦᠮᠡᠨ ᠬᠡᠮ ᠪᠠ ᠡᠮᠡᠭᠳᠡᠶᠢᠴᠤᠤᠨ | ᠤᠨ ᠬᠦᠬᠦᠨ ᠤ ᠦᠮᠡᠨ ᠳᠤᠰᠬᠤ ᠠᠶᠤᠯ ᠢ ᠨᠡᠮᠡᠭᠳᠡᠬᠦᠯᠬᠦ ᠪᠤᠯᠤᠨ᠎ᠠ︔ 9. ᠤᠳᠠᠭᠠᠨ ᠬᠤᠭᠤᠴᠠᠭ᠎ᠠ ᠬᠡᠳᠤᠷᠠᠳᠠᠯ᠎ᠠ | ᠠᠷᠢᠬᠢ ᠤᠤᠭᠤᠬᠤ ᠨᠢ ᠰᠫᠢᠷᠲ ᠲᠤ ᠨᠠᠶᠢᠳᠠᠮᠠᠳᠠᠭᠠᠢ ᠬᠡᠮ᠂ ᠰᠢᠨᠤᠯ ᠲᠠᠢ ᠪᠤᠯᠬᠤ ᠪᠠ ᠪᠤᠰᠤᠤᠨ ᠬᠦᠨᠳᠤ ᠨᠤᠴᠢᠳᠠᠢ | ᠡᠷᠡᠬᠦᠯ ᠮᠠᠨᠳᠤ ᠶᠢᠨ ᠠᠰᠭᠤᠳᠠᠯ ᠴᠤ ᠡᠬᠦᠰᠬᠡᠬᠦ ᠶᠤᠮ᠃ | ᠬᠡᠳᠤᠷᠠᠳᠠᠯ᠎ᠠ ᠠᠷᠢᠬᠢ ᠤᠤᠭᠤᠬᠤ ᠨᠢ ᠡᠷᠡᠬᠦᠯ ᠮᠠᠨᠳᠤ ᠶᠢ ᠬᠤᠪᠢᠷᠠᠭᠤᠯᠬᠤ ᠤᠶᠢᠯᠡᠳᠤᠯ ᠪᠠ ᠳᠤᠬᠢᠷᠠᠮᠵᠢᠳᠠᠢ | ᠠᠷᠢᠬᠢ ᠤᠤᠭᠤᠬᠤ ᠨᠢ ᠡᠷᠡᠬᠦᠯ ᠮᠠᠨᠳᠤ ᠳᠤ ᠤᠯᠭᠤᠵᠤ ᠮᠡᠳᠡᠬᠦ ᠠᠰᠢᠭᠳᠠᠢ ᠳᠠᠯ᠎ᠠ ᠶᠢ ᠶᠡᠷᠤᠩᠬᠡᠶᠢᠯᠡᠨ | ᠪᠤᠳᠤᠯᠬᠢᠯᠠᠭᠰᠡᠨ ᠤ ᠳ᠋ᠦᠩ ᠳᠤ᠂ ᠠᠷᠢᠬᠢᠨ ᠳᠤ ᠳᠤᠷᠠᠳᠠᠢ ᠬᠦᠮᠤᠨ᠂ ᠤᠨᠴᠠᠭᠠᠶᠢᠯᠠᠨ ᠦᠨᠳᠤᠷ ᠭᠷᠠᠳᠦ᠋ᠰ ᠲᠠᠢ ᠬᠠᠷ᠎ᠠ | ᠠᠷᠢᠬᠢ ᠤᠤᠭᠤᠬᠤ ᠳᠤᠷᠠᠳᠠᠢ ᠬᠦᠮᠤᠨ᠂ ᠡᠷᠡᠬᠦᠯ ᠮᠠᠨᠳᠤ ᠪᠠᠨ ᠬᠠᠮᠠᠭᠠᠯᠠᠬᠤ ᠶᠢᠨ ᠡᠬᠦᠳᠡᠨ ᠠᠴᠠ ᠮᠡᠷᠬᠡᠨ | ᠰᠤᠩᠭᠤᠯᠳᠠ ᠬᠢᠵᠤ᠂ ᠤᠬᠠᠮᠰᠠᠷ ᠠᠴᠠ ᠪᠠᠨ ᠠᠷᠢᠬᠢ ᠶᠢ ᠬᠡᠮᠵᠢᠶ᠎ᠡ ᠲᠠᠢ ᠤᠤᠭᠤᠬᠤ ᠬᠡᠷᠡᠭᠳᠠᠢ᠃ ᠡᠬᠦᠨ ᠳᠤ᠄ 1. | ᠳᠤᠤᠷ᠎ᠠ ᠭᠷᠠᠳᠦ᠋ᠰ ᠲᠠᠢ ᠠᠷᠢᠬᠢ ᠶᠢ ᠰᠤᠩᠭᠤᠵᠤ ᠤᠤᠭᠤᠬᠤ ᠨᠢ ᠬᠠᠮᠤᠭ ᠰᠠᠶᠢᠨ᠂ ᠵᠢᠱᠢᠶᠡᠯᠡᠪᠡᠯ ᠫᠢᠸᠤ᠋᠂ ᠦᠵᠤᠮ | ᠤᠨ ᠠᠷᠢᠬᠢ ᠪᠤᠶᠤ ᠳᠡᠷᠡᠰᠤ ᠵᠡᠷᠬᠡ︔ 2. ᠠᠷᠢᠬᠢ ᠤᠤᠭᠤᠬᠤ ᠳᠠᠭᠠᠨ ᠠᠯᠢ ᠴᠢᠳᠠᠬᠤ ᠪᠠᠷ ᠪᠠᠭ᠎ᠠ ᠤᠤᠭᠤᠨ᠎ᠠ︔ 3. | ᠦᠯᠤᠨ ᠢᠶᠠᠷ ᠠᠷᠢᠬᠢ ᠤᠤᠭᠤᠬᠤ ᠦᠬᠡᠢ᠂ ᠵᠤᠬᠢᠬᠤ ᠢᠳᠡᠬᠡᠨ ᠢᠳᠡᠬᠦ ᠨᠢ ᠰᠫᠢᠷᠲ ᠤᠨ ᠰᠢᠩᠬᠡᠬᠡᠯᠳᠠ ᠶᠢ | ᠪᠠᠭᠠᠰᠬᠠᠵᠤ ᠪᠤᠯᠤᠨ᠎ᠠ︔ 4. ᠦᠷᠤᠬᠡᠯ ᠢ ᠱᠠᠯᠠᠵᠤ ᠤᠤᠭᠤᠯᠭᠠᠬᠤ ᠦᠬᠡᠢ︔ 5. ᠠᠷᠢᠬᠢ ᠤᠤᠭᠤᠬᠤ ᠳᠠᠭᠠᠨ | ᠨᠡᠬᠦᠷᠡᠰᠤ ᠬᠦᠴᠢᠯ ᠤᠨ ᠤᠮᠳᠠᠭᠠᠨ ᠲᠠᠢ ᠬᠠᠮᠳᠤ ᠤᠤᠭᠤᠵᠤ ᠪᠤᠯᠬᠤ ᠦᠬᠡᠢ᠂ ᠨᠡᠬᠦᠷᠡᠰᠤ ᠬᠦᠴᠢᠯ ᠤᠨ ᠤᠮᠳᠠᠭᠠᠨ | ᠨᠢ ᠰᠫᠢᠷᠲ ᠤᠨ ᠰᠢᠩᠬᠡᠬᠡᠯᠳᠠ ᠶᠢ ᠲᠦᠷᠬᠡᠤᠨᠬᠡᠨ᠎ᠡ︔ 6. ᠴᠢᠰᠤᠨ ᠤ ᠦᠬᠡᠬᠦ ᠦᠨᠳᠤᠷ᠂ ᠴᠢᠰᠤᠨ ᠳᠠᠷᠤᠯᠳᠠ | ᠦᠨᠳᠤᠷ᠂ ᠵᠢᠷᠤᠬᠡᠨ ᠲᠢᠳᠢᠮ ᠤᠨ ᠡᠪᠡᠤᠨᠴᠢᠨ ᠵᠡᠷᠬᠡ ᠡᠪᠡᠤᠨᠴᠢᠳᠠᠨ ᠠᠷᠢᠬᠢ ᠠᠴᠠ ᠭᠠᠷᠬᠤ ᠬᠡᠷᠡᠭᠳᠠᠢ︔ 7. | ᠮᠠᠨᠠᠷᠠᠵᠤ ᠲᠦᠨᠡᠷᠡᠳᠡᠯᠠ ᠤᠤᠭᠤᠬᠤ ᠪᠤᠶᠤ ᠤᠶᠢᠤᠨᠬᠠᠷ ᠳᠠᠶᠢᠯᠬᠤ ᠪᠠᠷ ᠰᠢᠯᠳᠠᠭᠯᠠᠨ ᠠᠷᠢᠬᠢ ᠤᠤᠭᠤᠬᠤ ᠮᠠᠭᠤ | ᠵᠠᠩᠰᠢᠯ ᠢ ᠪᠤᠢ ᠪᠤᠯᠭᠠᠵᠤ ᠪᠤᠯᠬᠤ ᠦᠬᠡᠢ᠃ | ᠡᠬᠦᠨ ᠠᠴᠠ ᠭᠠᠳᠠᠨ᠎ᠠ᠂ ᠠᠷᠢᠬᠢᠨ ᠤ ᠳᠠᠷᠠᠭ᠎ᠠ ᠮᠠᠰᠢᠨ ᠵᠢᠯᠤᠭᠤᠳᠤᠭᠠᠤᠨ ᠭᠠᠷᠭᠠᠭᠰᠡᠨ ᠤᠰᠤᠯ ᠠᠳᠡᠯ ᠨᠢ | ᠮᠠᠨ ᠤ ᠤᠯᠤᠰ ᠤᠨ ᠵᠠᠮ ᠬᠠᠷᠢᠯᠴᠠᠭᠠᠨ ᠤ ᠠᠳᠡᠯ ᠤᠨ ᠰᠢᠯᠳᠠᠭᠠᠨ ᠳᠤ ᠬᠤᠶᠠᠳᠤᠭᠠᠷ ᠪᠠᠶᠢᠷᠢ ᠳᠤ ᠤᠷᠤᠵᠤ ᠪᠠᠶᠢᠳᠠᠭ᠃ | ᠮᠠᠰᠢᠨ ᠤ ᠵᠢᠯᠤᠭᠤᠴᠢᠤᠨ ᠵᠠᠮ ᠳᠤ ᠭᠠᠷᠬᠤ ᠠᠴᠠ ᠡᠮᠤᠨ᠎ᠡ ᠶᠠᠭᠠᠬᠢᠭᠰᠡ ᠴᠤ ᠠᠷᠢᠬᠢ ᠤᠤᠭᠤᠵᠤ ᠪᠤᠯᠬᠤ ᠦᠬᠡᠢ᠃ | | |