ᠠᠵᠢᠯᠯᠠᠵᠤ ᠠᠮᠠᠷᠠᠬᠤ ᠶᠢ ᠤᠶᠠᠯᠳᠤᠭᠤᠯᠵᠤ᠂ ᠡᠳᠤᠷ ᠪᠦᠷᠢ 7— 8 ᠴᠠᠭ ᠤᠨ ᠨᠤᠶᠢᠷ ᠢ ᠪᠠᠳᠤᠯᠠᠨ᠎ᠠ
ᠨᠡᠶᠢᠲᠡᠯᠡᠭᠰᠡᠨ ᠴᠠᠭ᠄
2022/7/5
    ᠢᠳᠡᠬᠦ᠂ ᠰᠤᠷᠤᠯᠴᠠᠬᠤ᠂ ᠠᠵᠢᠯᠯᠠᠬᠤ᠂ ᠪᠤᠯᠪᠠᠰᠤᠷᠠᠬᠤ᠂ ᠨᠠᠶᠢᠷᠠᠯᠳᠤᠬᠤ᠂ ᠤᠨᠳᠠᠬᠤ ᠵᠡᠷᠬᠡ ᠬᠦᠮᠤᠨ ᠤ ᠠᠯᠢᠪᠠ ᠠᠵᠢᠯᠯᠠᠭ᠎ᠠ ᠨᠢ ᠪᠦᠷ ᠶᠡᠭᠡ ᠳᠠᠷᠢᠬᠢᠨ ᠤ ᠵᠠᠬᠢᠷᠤᠯᠭ᠎ᠠ ᠳᠤᠤᠷ᠎ᠠ ᠪᠡᠶᠡᠯᠡᠭᠳᠡᠳᠡᠭ ᠶᠤᠮ᠃ ᠤᠳᠠᠭ᠎ᠠ ᠪᠦᠷᠢ ᠶᠢᠨ ᠠᠵᠢᠯᠯᠠᠭ᠎ᠠ ᠨᠢ ᠪᠦᠷ ᠶᠡᠭᠡ ᠳᠠᠷᠢᠬᠢᠨ ᠳᠤ ᠰᠠᠭᠤᠭᠳᠠᠯ ᠦᠯᠡᠳᠡᠬᠡᠳᠡᠭ ᠪᠦᠬᠡᠤᠨ ᠤᠳᠠᠭᠠᠨ ᠳᠠᠭᠠᠨ ᠵᠤᠬᠢᠬᠤ ᠠᠮᠢᠳᠤᠷᠠᠯ ᠤᠨ ᠵᠢᠮ᠎ᠡ ᠶᠤᠰᠤ ᠪᠤᠯᠤᠨ ᠪᠦᠷᠢᠯᠳᠤᠨ᠎ᠠ᠃ ᠡᠨᠡ ᠬᠦ ᠵᠢᠮ᠎ᠠ ᠶᠤᠰᠤ ᠶᠢ ᠵᠦᠷᠢᠴᠡᠪᠡᠯ᠂ ᠶᠡᠭᠡ ᠳᠠᠷᠢᠬᠢ ᠪᠤᠯᠤᠨ ᠪᠡᠶ᠎ᠡ ᠮᠠᠬᠠᠪᠤᠤᠨ ᠤᠨ ᠪᠤᠰᠤᠤᠨ ᠡᠷᠬᠡᠳᠠᠨ ᠳᠠᠷᠤᠢ ᠪᠠᠴᠢᠮ ᠪᠠᠶᠢᠳᠠᠯ ᠳᠤ ᠤᠷᠤᠳᠠᠭ᠃ ᠡᠶᠢᠮᠤᠷᠬᠦᠤ ᠪᠠᠴᠢᠮ ᠪᠠᠶᠢᠳᠠᠯ ᠨᠢ ᠡᠪᠡᠤᠨᠴᠢᠨ ᠡᠮᠬᠡᠭ ᠡᠬᠦᠰᠬᠡᠬᠦ ᠪᠠ ᠦᠳᠡᠯᠬᠦ ᠶᠢ ᠬᠤᠷᠳᠤᠤᠨᠬᠠᠬᠤ ᠴᠢᠬᠤᠯᠠ ᠰᠢᠯᠳᠠᠭᠠᠨ ᠤ ᠨᠢᠬᠡ ᠪᠤᠯᠤᠨ᠎ᠠ᠃     1. ᠰᠠᠶᠢᠨ ᠰᠠᠶᠢᠬᠠᠨ ᠰᠤᠷᠤᠯᠴᠠᠵᠤ᠂ ᠠᠵᠢᠯᠯᠠᠬᠤ ᠵᠠᠩ ᠳᠠᠤᠨᠬᠠᠯ ᠢ ᠪᠤᠢ ᠪᠤᠯᠭᠠᠬᠤ ᠬᠡᠷᠡᠭᠳᠠᠢ᠃     ᠶᠡᠭᠡ ᠳᠠᠷᠢᠬᠢ᠂ ᠪᠤᠯᠴᠢᠩ ᠨᠢ ᠨᠢᠬᠡ ᠦᠶ᠎ᠡ ᠠᠵᠢᠯᠯᠠᠪᠠᠯ ᠶᠠᠳᠠᠷᠠᠨ᠎ᠠ᠂ ᠳᠡᠬᠡᠪᠡᠯ ᠰᠤᠷᠤᠯᠴᠠᠬᠤ᠂ ᠠᠵᠢᠯᠯᠠᠬᠤ ᠦᠷ᠎ᠠ ᠪᠦᠳᠤᠮᠵᠢ ᠨᠢ ᠪᠠᠭᠤᠷᠠᠳᠠᠭ︔ ᠪᠤᠯᠴᠢᠩ ᠶᠠᠳᠠᠷᠠᠪᠠᠯ᠂ ᠠᠮᠠᠷᠬᠠᠨ ᠠᠳᠡᠯ ᠪᠤᠶᠤ ᠠᠯᠳᠠᠭ᠎ᠠ ᠭᠠᠷᠭᠠᠬᠤ ᠪᠤᠯᠤᠨ᠎ᠠ᠃ ᠠᠵᠢᠯᠯᠠᠵᠤ ᠠᠮᠠᠷᠠᠬᠤ ᠶᠢ ᠤᠶᠠᠯᠳᠤᠭᠤᠯᠬᠤ ᠪᠠᠨ ᠠᠩᠬᠠᠷᠴᠤ᠂ ᠠᠶᠢᠵᠠᠮ ᠢ ᠨᠢ ᠵᠤᠬᠢᠴᠠᠭᠤᠯᠬᠤ ᠪᠤᠯ ᠡᠷᠡᠬᠦᠯ ᠮᠠᠨᠳᠤ  ᠶᠢᠨ ᠱᠠᠭᠠᠷᠳᠠᠯᠭ᠎ᠠ ᠪᠤᠯᠬᠤ ᠪᠠᠷ ᠪᠠᠷᠠᠬᠤ ᠦᠬᠡᠢ᠂ ᠮᠦᠨ ᠴᠤ ᠠᠵᠢᠯ ᠰᠤᠷᠤᠯᠴᠠᠯᠭ᠎ᠠ ᠶᠢᠨ ᠦᠷ᠎ᠠ ᠪᠦᠳᠤᠮᠵᠢ ᠶᠢ ᠳᠡᠬᠡᠭᠰᠢᠯᠡᠬᠦᠯᠬᠦ ᠶᠢᠨ ᠱᠠᠭᠠᠷᠳᠠᠯᠭ᠎ᠠ ᠪᠤᠯᠤᠨ᠎ᠠ᠃     2. ᠦᠷᠬᠦᠯᠵᠢ ᠤᠷᠠᠨ ᠰᠠᠶᠢᠬᠠᠨ᠂ ᠪᠡᠶ᠎ᠡ ᠳᠠᠮᠢᠷ ᠤᠨ ᠬᠦᠳᠡᠯᠬᠡᠬᠡᠨ ᠳᠤ ᠤᠷᠤᠯᠴᠠᠬᠤ ᠵᠠᠩ ᠳᠠᠤᠨᠬᠠᠯ ᠢ ᠪᠤᠢ ᠪᠤᠯᠭᠠᠬᠤ ᠬᠡᠷᠡᠭᠳᠠᠢ᠃     ᠪᠡᠶ᠎ᠡ ᠳᠠᠮᠢᠷ ᠤᠨ ᠪᠤᠯᠪᠠᠰᠤᠷᠠᠯ ᠪᠠ ᠨᠠᠶᠢᠷ ᠨᠠᠭᠠᠳᠤᠮ ᠳᠤ ᠤᠷᠤᠯᠴᠠᠬᠤ ᠨᠢ ᠪᠡᠶ᠎ᠡ ᠮᠠᠬᠠᠪᠤᠤᠨ ᠤᠨ ᠡᠷᠡᠬᠦᠯ ᠮᠠᠨᠳᠤ᠂ ᠰᠡᠤᠨᠬᠢᠴᠠ ᠶᠢᠨ ᠡᠷᠡᠬᠦᠯᠵᠢᠯ ᠢ ᠬᠠᠮᠠᠭᠠᠯᠠᠬᠤ ᠪᠠ ᠨᠠᠶᠢᠬᠡᠮ ᠳᠤ ᠵᠤᠬᠢᠴᠠᠬᠤ ᠴᠢᠳᠠᠪᠤᠷᠢ ᠪᠠᠨ ᠳᠡᠬᠡᠭᠰᠢᠯᠡᠬᠦᠯᠬᠦ  ᠳᠤ ᠪᠦᠷ ᠰᠠᠶᠢᠨ ᠪᠠᠶᠢᠳᠠᠭ᠃ ᠤᠷᠠᠨ ᠰᠠᠶᠢᠬᠠᠨ᠂ ᠪᠡᠶ᠎ᠡ ᠳᠠᠮᠢᠷ ᠤᠨ ᠬᠦᠳᠡᠯᠬᠡᠬᠡᠨ ᠤ ᠬᠡᠯᠪᠡᠷᠢ ᠪᠠ ᠤᠳᠠᠭ᠎ᠠ ᠪᠦᠷᠢ  ᠶᠢᠨ ᠬᠦᠳᠡᠯᠬᠡᠬᠡᠨ ᠤ ᠴᠠᠭ ᠢ ᠵᠠᠪᠠᠯ ᠦᠪᠡᠷ ᠤᠨ ᠪᠡᠶ᠎ᠡ ᠶᠢᠨ ᠪᠠᠶᠢᠳᠠᠯ᠂ ᠤᠷᠮ᠎ᠠ ᠰᠤᠨᠢᠷᠬᠠᠯ ᠲᠠᠢ ᠪᠠᠨ ᠵᠤᠬᠢᠴᠠᠭᠤᠯᠬᠤ ᠬᠡᠷᠡᠭᠳᠠᠢ᠃     3. ᠤᠨᠳᠠᠬᠤ ᠳᠠᠤᠨᠬᠠᠯ ᠢᠶᠠᠨ ᠰᠠᠶᠢᠨ ᠪᠤᠯᠭᠠᠬᠤ ᠬᠡᠷᠡᠭᠳᠠᠢ᠃     ᠵᠢᠮ᠎ᠠ ᠶᠤᠰᠤ ᠲᠠᠢ ᠤᠨᠳᠠᠬᠤ ᠪᠤᠯ ᠨᠤᠶᠢᠷ ᠤᠨ ᠴᠢᠨᠠᠷ ᠢ ᠪᠠᠳᠤᠯᠠᠵᠤ᠂ ᠡᠷᠡᠬᠦᠯ ᠮᠠᠨᠳᠤ ᠶᠢ ᠬᠠᠮᠠᠭᠠᠯᠠᠬᠤ ᠳᠤ ᠳᠤᠩ ᠠᠰᠢᠭᠳᠠᠢ ᠪᠠᠶᠢᠳᠠᠭ᠃ ᠤᠨᠳᠠᠬᠤ ᠴᠠᠭ ᠢ ᠡᠷᠬᠡᠪᠰᠢ ᠨᠠᠰᠤ ᠪᠠ ᠬᠤᠪᠢ ᠬᠦᠮᠤᠨ ᠤ ᠪᠡᠶ᠎ᠡ ᠶᠢᠨ ᠤᠨᠴᠠᠯᠢᠭ  ᠢᠶᠠᠨ ᠦᠨᠳᠤᠰᠤᠯᠡᠵᠤ ᠳᠤᠭᠳᠠᠭᠠᠬᠤ ᠬᠡᠷᠡᠭᠳᠠᠢ᠃ ᠶᠡᠷᠤ ᠳᠡᠭᠡᠨ ᠨᠠᠰᠤᠨ ᠳᠤ ᠬᠦᠷᠦᠭᠰᠠᠤᠨ ᠡᠳᠤᠷ ᠪᠦᠷᠢ 7— 8 ᠴᠠᠭ ᠤᠨᠳᠠᠬᠤ ᠴᠢᠬᠤᠯᠠᠳᠠᠢ᠃ ᠤᠷᠤᠢ ᠶᠢᠨ 10 ᠴᠠᠭ ᠠᠴᠠ ᠡᠷᠳᠠ ᠶᠢᠨ 4 ᠴᠠᠭ ᠬᠦᠷᠳᠡᠯ᠎ᠡ᠂ ᠡᠨᠡ ᠬᠦ ᠬᠡᠰᠡᠭ ᠬᠤᠭᠤᠴᠠᠭᠠᠨ ᠤ ᠤᠨᠳᠠᠬᠤ ᠴᠢᠨᠠᠷ ᠨᠢ ᠬᠠᠮᠤᠭ ᠰᠠᠶᠢᠨ ᠪᠠᠶᠢᠳᠠᠭ᠃ ᠤᠷᠤᠢ ᠶᠢᠨ 11 ᠴᠠᠭ ᠦᠩᠬᠡᠷᠡᠪᠡᠯ ᠬᠦᠮᠤᠨ ᠬᠠᠷᠢᠨ ᠬᠦᠬᠡᠷᠴᠤ᠂ ᠨᠠᠩ ᠤᠨᠳᠠᠵᠤ ᠳᠠᠶᠢᠯᠬᠦ ᠦᠬᠡᠢ ᠪᠤᠯᠳᠠᠭ᠃ ᠡᠷᠳᠠ ᠶᠢᠨ 2᠂ 3 ᠴᠠᠭ ᠪᠤᠯ ᠰᠦᠨᠢᠵᠢᠨ ᠰᠠᠭᠤᠬᠤ ᠬᠦᠮᠤᠨ ᠳᠤ ᠬᠠᠮᠤᠭ ᠤᠨ ᠨᠤᠶᠢᠷ ᠬᠦᠷᠬᠦ ᠴᠠᠭ ᠪᠤᠯᠤᠨ᠎ᠠ᠃ ᠬᠠᠷᠢᠨ ᠬᠡᠬᠡᠷᠡᠭᠰᠡᠨ ᠤ ᠳᠠᠷᠠᠭ᠎ᠠ᠂ ᠬᠦᠮᠤᠨ ᠰᠡᠷᠬᠡᠭ ᠤᠨᠳᠠᠬᠤ ᠬᠤᠭᠤᠴᠠᠭᠠᠨ ᠳᠤ ᠤᠷᠤᠳᠠᠭ ᠪᠦᠬᠡᠤᠨ ᠤᠨᠳᠠᠯᠭ᠎ᠠ ᠶᠢᠨ ᠴᠢᠨᠠᠷ ᠨᠢ ᠰᠠᠶᠢᠨ ᠪᠢᠰᠢ᠃ ᠵᠠᠷᠢᠮ ᠬᠦᠮᠤᠨ ᠰᠡᠷᠡᠬᠡᠤᠨ ᠳᠠᠬᠢᠵᠤ ᠤᠨᠳᠠᠬᠤ ᠳᠤᠷᠠᠳᠠᠢ ᠪᠠᠶᠢᠳᠠᠭ᠂ ᠦᠨᠡᠨ ᠳᠡᠭᠡᠨ ᠡᠨᠡ ᠦᠶ᠎ᠡ ᠳᠤ ᠭᠤᠤᠯᠳᠠᠭᠤ ᠰᠡᠷᠬᠡᠭ ᠤᠨᠳᠠᠭᠰᠡᠨ ᠢᠶᠠᠨ ᠨᠦᠬᠦᠪᠤᠷᠢᠯᠡᠵᠤ ᠪᠠᠶᠢᠬᠤ ᠳᠤᠯᠠ᠂ ᠦᠷ᠎ᠠ ᠳ᠋ᠦᠩ ᠨᠢ ᠡᠷᠳᠠ ᠤᠨᠳᠠᠵᠤ ᠡᠷᠳᠠ ᠪᠤᠰᠬᠤ ᠪᠦᠬᠡ ᠤᠨᠳᠠᠬᠤ ᠶᠢ ᠬᠦᠷᠬᠦ ᠦᠬᠡᠢ ᠪᠢᠯᠡ᠃ ᠨᠤᠶᠢᠷ ᠬᠠᠩᠬᠤ ᠦᠬᠡᠢ ᠨᠢ ᠬᠦᠮᠤᠨ ᠤ ᠠᠩᠬᠠᠷᠤᠯ ᠪᠠ ᠴᠡᠬᠡᠵᠢᠯᠡᠬᠦ ᠴᠢᠳᠠᠪᠤᠷᠢ ᠶᠢ ᠳᠤᠷᠤᠭᠰᠢᠯᠠᠭᠤᠯᠬᠤ ᠮᠦᠷᠳᠡᠬᠡᠨ ᠪᠠᠰᠠ ᠰᠢᠨ᠎ᠠ ᠬᠠᠭᠤᠴᠢᠨ ᠤ ᠰᠤᠯᠢᠯᠴᠠᠭ᠎ᠠ ᠶᠢ ᠬᠠᠷᠰᠢᠯᠡᠵᠤ᠂ ᠦᠳᠡᠯᠬᠦ ᠶᠢ ᠲᠦᠷᠬᠡᠤᠨᠬᠡᠨ᠎ᠡ᠃ ᠬᠡᠳᠤᠷᠬᠡᠢ ᠤᠳᠠᠭᠠᠨ ᠤᠨᠳᠠᠪᠠᠯ ᠬᠦᠮᠤᠨ ᠤ ᠪᠡᠶ᠎ᠡ ᠳᠤ ᠬᠤᠤᠷᠳᠠᠢ ᠠᠴᠠ ᠪᠢᠰᠢ ᠠᠰᠢᠭ ᠦᠬᠡᠢ᠂ ᠳᠠᠷᠠ ᠨᠢ ᠲᠦᠪ ᠮᠡᠳᠡᠷᠡᠯ ᠤᠨ ᠰᠢᠰᠲ᠋ᠧᠮ ᠢ ᠤᠷᠳᠤ ᠬᠤᠭᠤᠴᠠᠭ᠎ᠠ ᠪᠠᠷ ᠬᠤᠷᠢᠭᠯᠠᠭᠳᠠᠬᠤ ᠪᠠᠶᠢᠳᠠᠯ  ᠳᠤ ᠤᠷᠤᠭᠤᠯᠵᠤ᠂ ᠪᠤᠰᠤᠭᠰᠡᠨ ᠤ ᠳᠠᠷᠠᠭ᠎ᠠ ᠬᠦᠴᠤ ᠳᠠᠮᠢᠷ ᠦᠬᠡᠢ᠂ ᠳᠤᠯᠤᠭᠠᠢ ᠡᠷᠬᠢᠬᠦ ᠲᠦᠷᠦᠭᠳᠠᠯ ᠲᠠᠢ ᠪᠤᠯᠭᠠᠳᠠᠭ᠃ ᠤᠨᠳᠠᠬᠤ ᠴᠠᠭ ᠨᠢ ᠬᠡᠳᠤ ᠤᠷᠳᠤ ᠪᠤᠯᠪᠠᠯ ᠪᠠᠰᠠ ᠠᠮᠢᠰᠬᠤᠯ ᠤᠳᠠᠭᠠᠰᠢᠷᠠᠵᠤ᠂ ᠬᠦᠴᠢᠯᠳᠦ᠋ᠷᠦᠭᠴᠢ ᠰᠤᠷᠤᠬᠤ ᠨᠢ ᠪᠠᠭᠠᠰᠬᠤ᠂ ᠵᠢᠷᠤᠬᠡ᠂ ᠠᠭᠤᠰᠬᠢ ᠪᠤᠯᠤᠨ ᠴᠢᠰᠤᠨ ᠡᠷᠬᠢᠯᠳᠠ ᠶᠢᠨ ᠳᠠᠷᠤᠭᠠᠰᠤ ᠬᠦᠨᠳᠤᠷᠠᠵᠤ᠂ ᠵᠢᠷᠤᠬᠡᠨ ᠡᠪᠡᠤᠨᠴᠢᠨ ᠪᠠ ᠳᠠᠷᠢᠬᠢᠨ ᠤ ᠴᠢᠰᠤᠨ ᠰᠤᠳᠠᠯ ᠪᠦᠭᠯᠡᠷᠡᠬᠦ ᠠᠶᠤᠯᠳᠠᠢ ᠪᠠᠶᠢᠳᠠᠭ᠃
 
ᠢᠷᠡᠯᠲᠡ᠄ ᠡᠷᠡᠭᠦᠯ ᠮᠡᠨᠳᠦ ᠶᠢᠨ 66 ᠵᠣᠷᠪᠣᠰ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号