ᠪᠤᠷᠤᠪᠠᠯᠭᠠᠰᠤ ᠪᠠᠯᠭᠠᠰᠤ ᠶᠢᠨ ᠪᠤᠭᠤᠳᠠᠯ ᠤᠨ ᠬᠠᠶᠢᠷᠴᠠᠭ ᠤᠨ ᠤᠶᠢᠯᠡᠤᠨᠪᠤᠷᠢ ᠵᠢᠩᠬᠢᠨᠢ ᠪᠠᠷ ᠠᠰᠢᠭᠯᠠᠯᠳᠠ  ᠳᠤ ᠤᠷᠤᠪᠠ
ᠨᠡᠶᠢᠲᠡᠯᠡᠭᠰᠡᠨ ᠴᠠᠭ᠄
2022/7/7
    7 ᠰᠠᠷ᠎ᠠ ᠶᠢᠨ 1 ᠤ ᠡᠳᠤᠷ᠂ ᠪᠤᠷᠤᠪᠠᠯᠭᠠᠰᠤ ᠪᠠᠯᠭᠠᠰᠤ ᠶᠢᠨ ᠴᠧᠩ ᠬᠤᠢ ᠮᠠᠯ ᠳᠠᠷᠢᠶᠠᠯᠠᠩ ᠤᠨ ᠪᠦᠳᠤᠬᠡᠭᠳᠡᠬᠦᠨ ᠤ ᠪᠤᠭᠤᠳᠠᠯ ᠤᠨ ᠬᠠᠶᠢᠷᠴᠠᠭ ᠤᠨ ᠤᠶᠢᠯᠡᠤᠨᠪᠤᠷᠢ ᠵᠢᠩᠬᠢᠨᠢ ᠪᠠᠷ ᠬᠡᠷᠡᠭᠯᠡᠯᠳᠠ ᠳᠤ ᠤᠷᠤᠪᠠ᠃     ᠴᠧᠩ ᠬᠤᠢ ᠮᠠᠯ ᠳᠠᠷᠢᠶᠠᠯᠠᠩ ᠤᠨ ᠪᠦᠳᠤᠬᠡᠭᠳᠡᠬᠦᠨ ᠤ ᠪᠤᠭᠤᠳᠠᠯ ᠤᠨ ᠬᠠᠶᠢᠷᠴᠠᠭ ᠤᠨ ᠤᠶᠢᠯᠡᠤᠨᠪᠤᠷᠢ ᠶᠢ ᠰᠢᠯᠢ ᠭᠠᠴᠠᠭ᠎ᠠ᠂ ᠤᠳᠤᠷ ᠤᠨ ᠬᠤᠭᠤᠯᠠᠢ ᠳᠤᠰᠬᠤᠨ ᠵᠡᠷᠬᠡ 5 ᠭᠠᠴᠠᠭ᠎ᠠ ᠳᠤᠰᠬᠤᠨ ᠠᠴᠠ ᠬᠤᠪᠢ ᠤᠷᠤᠵᠤ ᠪᠡᠯᠡ ᠤᠷᠤᠭᠤᠯᠤᠨ ᠪᠠᠶᠢᠭᠤᠯᠪᠠ᠃ ᠤᠶᠢᠯᠡᠤᠨᠪᠤᠷᠢ ᠶᠢᠨ ᠶᠡᠷᠤᠩᠬᠡᠢ ᠪᠡᠯᠡ ᠤᠷᠤᠭᠤᠯᠤᠯᠳᠠ 600 ᠲᠦᠮᠡᠨ ᠲᠦᠬᠦᠷᠢᠭ᠂ ᠶᠡᠷᠤᠩᠬᠡᠢ ᠳᠠᠯᠠᠪᠠᠢ 3705 ᠳᠡᠭᠰᠢ ᠲᠦᠷᠪᠡᠯᠵᠢᠨ ᠮᠧᠲᠷ᠂ ᠪᠠᠷᠢᠯᠭ᠎ᠠ ᠶᠢᠨ ᠳᠠᠯᠠᠪᠠᠢ 2030 ᠳᠡᠭᠰᠢ ᠲᠦᠷᠪᠡᠯᠵᠢᠨ ᠮᠧᠲᠷ᠃ ᠡᠬᠦᠨ ᠳᠤ᠂ 800 ᠳᠡᠭᠰᠢ ᠲᠦᠷᠪᠡᠯᠵᠢᠨ ᠮᠧᠲᠷ ᠤᠨ ᠤᠶᠢᠯᠡᠤᠨᠪᠤᠷᠢ ᠶᠢᠨ ᠳᠠᠰᠤᠭ᠂ 600 ᠳᠡᠭᠰᠢ ᠲᠦᠷᠪᠡᠯᠵᠢᠨ ᠮᠧᠲᠷ ᠤᠨ ᠬᠦᠮᠤᠷᠬᠡ᠂ 480 ᠳᠡᠭᠰᠢ ᠲᠦᠷᠪᠡᠯᠵᠢᠨ ᠮᠧᠲᠷ ᠤᠨ ᠳᠠᠭᠠᠯᠳᠠ ᠪᠠᠷᠢᠯᠭ᠎ᠠ᠂ 150 ᠳᠡᠭᠰᠢ ᠲᠦᠷᠪᠡᠯᠵᠢᠨ ᠮᠧᠲᠷ ᠤᠨ ᠠᠯᠪᠠᠨ ᠬᠡᠷ ᠲᠠᠢ᠂ 6 ᠤᠶᠢᠯᠡᠤᠨᠪᠤᠷᠢᠯᠡᠯ ᠤᠨ ᠮᠠᠰᠢᠨ ᠴᠤᠭᠴᠠᠯᠠᠪᠤᠷᠢ ᠤᠭᠰᠠᠷᠠᠪᠠ᠃     ᠵᠠᠮ ᠬᠠᠷᠢᠯᠴᠠᠭ᠎ᠠ ᠲᠦᠬᠦᠮ᠂ ᠵᠠᠬ᠎ᠠ ᠳᠡᠯᠬᠡᠬᠦᠷ ᠤᠨ ᠱᠠᠭᠠᠷᠳᠠᠯᠭ᠎ᠠ ᠶᠡᠭᠡ᠃ ᠤᠶᠢᠷ᠎ᠠ ᠤᠨ ᠵᠢᠯ ᠳᠤ ᠪᠤᠷᠤᠪᠠᠯᠭᠠᠰᠤ ᠪᠠᠯᠭᠠᠰᠤ ᠶᠢᠨ ᠯᠠᠵᠤᠤ᠂ ᠲᠦᠮᠤᠰᠤ᠂ ᠳᠠᠷᠪᠤᠰ᠂ ᠠᠵᠤ ᠠᠬᠤᠢ ᠶᠢᠨ ᠵᠢᠮᠢᠰ ᠤᠨ ᠤᠢ ᠵᠡᠷᠬᠡ ᠤᠨᠴᠠᠯᠢᠭᠳᠤ ᠤᠶᠢᠯᠡᠰ ᠦᠷᠨᠢᠨ ᠬᠦᠭᠵᠢᠵᠤ᠂ ᠠᠵᠤ ᠠᠬᠤᠢ ᠶᠢᠨ ᠳᠠᠷᠢᠮᠠᠯ ᠤᠨ ᠳᠠᠯᠠᠪᠠᠢ 11 ᠲᠦᠮᠡᠨ ᠮᠤ᠋ ᠬᠦᠷᠦᠭᠰᠡᠨ ᠪᠤᠯᠬᠤᠷ ᠮᠠᠯ ᠳᠠᠷᠢᠶᠠᠯᠠᠩ ᠤᠨ ᠪᠦᠳᠤᠬᠡᠭᠳᠡᠬᠦᠨ ᠤ ᠪᠤᠭᠤᠳᠠᠯ ᠤᠨ ᠬᠠᠶᠢᠷᠴᠠᠭ ᠤᠨ ᠵᠠᠬ᠎ᠠ ᠳᠡᠯᠬᠡᠬᠦᠷ ᠤᠨ ᠱᠠᠭᠠᠷᠳᠠᠯᠭ᠎ᠠ ᠶᠡᠬᠡᠰᠪᠡ᠃ ᠡᠨᠡᠬᠦ ᠳᠤᠳᠠᠭᠤᠳᠠᠯ ᠪᠠ ᠪᠤᠷᠤᠪᠠᠯᠭᠠᠰᠤ ᠶᠢᠨ ᠮᠠᠯ ᠳᠠᠷᠢᠶᠠᠯᠠᠩ ᠤᠨ ᠤᠶᠢᠯᠡᠰ ᠤᠨ ᠬᠦᠭᠵᠢᠯᠳᠠ ᠶᠢᠨ ᠳᠠᠪᠠᠭᠤᠯᠢᠭ ᠤᠨ ᠳᠤᠭᠤᠷᠢᠨ ᠳᠤ ᠪᠠᠯᠭᠠᠰᠤᠨ ᠤ ᠨᠠᠮ ᠤᠨ ᠬᠤᠷᠢᠶ᠎ᠠ᠂ ᠵᠠᠰᠠᠭ ᠤᠨ ᠤᠷᠳᠤᠨ ᠠᠷᠠᠯᠵᠢᠶᠠᠴᠢᠨ ᠤᠷᠢᠵᠤ ᠪᠡᠯᠡ ᠳᠠᠳᠠᠬᠤ ᠬᠡᠯᠪᠡᠷᠢ ᠪᠠᠷ ᠴᠧᠩ ᠬᠤᠢ ᠮᠠᠯ ᠳᠠᠷᠢᠶᠠᠯᠠᠩ ᠤᠨ ᠬᠢᠵᠠᠭᠠᠷᠳᠤ ᠬᠠᠷᠢᠭᠤᠴᠠᠯᠭᠠᠳᠤ ᠺᠤᠮᠫᠠᠨᠢ ᠶᠢ ᠤᠷᠢᠨ ᠠᠪᠴᠢᠷᠠᠵᠤ ᠳᠤᠰ ᠤᠶᠢᠯᠡᠤᠨᠪᠤᠷᠢ ᠶᠢ ᠪᠠᠶᠢᠭᠤᠯᠪᠠ᠃ ᠪᠤᠷᠤᠪᠠᠯᠭᠠᠰᠤ ᠪᠠᠯᠭᠠᠰᠤ ᠶᠢᠨ ᠴᠧᠩ ᠬᠤᠢ ᠮᠠᠯ ᠳᠠᠷᠢᠶᠠᠯᠠᠩ ᠤᠨ ᠪᠦᠳᠤᠬᠡᠭᠳᠡᠬᠦᠨ ᠤ ᠪᠤᠭᠤᠳᠠᠯ ᠤᠨ ᠬᠠᠶᠢᠷᠴᠠᠭ ᠤᠨ ᠤᠶᠢᠯᠡᠤᠨᠪᠤᠷᠢ ᠪᠠᠯᠭᠠᠰᠤᠨ ᠳᠤᠭᠤᠷᠢᠭ ᠠᠴᠠ ᠡᠮᠤᠨ᠎ᠡ 2 ᠺᠢᠯᠤᠮᠧᠲᠷ ᠲᠤ ᠪᠠᠶᠢᠷᠢᠯᠠᠵᠤ᠂ ᠵᠠᠮ ᠬᠠᠷᠢᠯᠴᠠᠭ᠎ᠠ ᠲᠦᠬᠦᠮ᠂ ᠤᠷᠤᠨ ᠪᠠᠶᠢᠷᠢ ᠶᠢᠨ ᠳᠠᠪᠠᠭᠤᠯᠢᠭ ᠢᠶᠠᠷ ᠢᠯᠡᠷᠬᠡᠢ ᠪᠤᠢ᠃     ᠳᠡᠷᠢᠬᠦᠨ ᠤ ᠮᠡᠷᠬᠡᠵᠢᠯ ᠢ ᠡᠵᠡᠮᠳᠡᠵᠤ᠂ ᠳᠤᠬᠠᠢ ᠶᠢᠨ ᠭᠠᠵᠠᠷ ᠤᠨ ᠤᠯᠠᠨ ᠬᠦᠢᠳᠠᠨ ᠬᠦᠮᠤᠷᠬᠡ ᠲᠠᠢ ᠬᠠᠮᠳᠤᠷᠠᠨ ᠠᠵᠢᠯᠯᠠᠪᠠ᠃ ᠤᠶᠢᠯᠠᠭᠠᠭᠰᠡᠨ ᠢᠶᠠᠷ᠂ ᠴᠧᠩ ᠬᠤᠢ ᠮᠠᠯ ᠳᠠᠷᠢᠶᠠᠯᠠᠩ ᠤᠨ ᠪᠦᠳᠤᠬᠡᠭᠳᠡᠬᠦᠨ ᠤ ᠪᠤᠭᠤᠳᠠᠯ  ᠤᠨ ᠬᠠᠶᠢᠷᠴᠠᠭ ᠤᠨ ᠮᠡᠷᠬᠡᠵᠢᠯ ᠤᠨ ᠴᠢᠳᠠᠪᠤᠷᠢ ᠰᠠᠶᠢᠨ᠂ ᠬᠠᠮᠢᠶᠠᠷᠤᠯᠳᠠ ᠶᠢᠨ ᠰᠢᠰᠲ᠋ᠧᠮ ᠳᠡᠬᠦᠯᠳᠡᠷ᠂ ᠳᠡᠷᠢᠬᠦᠨ ᠤ ᠤᠷ᠎ᠠ ᠮᠡᠷᠬᠡᠵᠢᠯ ᠲᠠᠢ ᠪᠠᠶᠢᠵᠤ᠂ ᠬᠠᠶᠠᠭᠳᠠᠮᠠᠯ ᠪᠤᠳᠠᠰ ᠢ ᠳᠠᠬᠢᠨ ᠠᠰᠢᠭᠯᠠᠨ ᠦᠪᠡᠷ ᠤᠨ ᠦᠷᠳᠡᠭ ᠢ ᠨᠢ ᠪᠠᠭᠤᠷᠠᠭᠤᠯᠵᠤ ᠬᠠᠮᠳᠤ ᠪᠠᠷ ᠢᠯᠠᠯᠳᠠ ᠤᠯᠬᠤ ᠶᠢ ᠪᠡᠶᠡᠯᠡᠬᠦᠯᠪᠡ᠃ ᠳᠤᠰ ᠺᠤᠮᠫᠠᠨᠢ ᠪᠤᠷᠤᠪᠠᠯᠭᠠᠰᠤ ᠪᠠᠯᠭᠠᠰᠤ ᠶᠢᠨ ᠤᠯᠠᠨ ᠬᠦᠢᠳᠡᠨ ᠬᠦᠮᠤᠷᠬᠡ ᠲᠠᠢ ᠬᠠᠮᠳᠤᠷᠠᠨ ᠠᠵᠢᠯᠯᠠᠭᠰᠡᠨ ᠪᠠᠶᠢᠨ᠎ᠠ᠃     ᠬᠡᠪᠴᠢᠶᠡᠵᠢᠯ ᠢᠶᠠᠷ ᠨᠡᠯᠢᠶᠡᠤᠨ ᠶᠡᠭᠡ᠂ ᠵᠢᠯ ᠤᠨ ᠪᠤᠷᠤᠯᠠᠭᠤᠯᠭ᠎ᠠ ᠶᠢᠨ ᠤᠷᠤᠯᠭ᠎ᠠ 800 ᠲᠦᠮᠡᠨ ᠲᠦᠬᠦᠷᠢᠭ  ᠲᠤ ᠬᠦᠷᠤᠨ᠎ᠠ᠃ ᠲᠦᠷᠤᠯ ᠵᠦᠢᠯ ᠪᠠᠶᠢᠭᠤᠯᠤᠭᠳᠠᠭᠰᠡᠨ ᠤ ᠳᠠᠷᠠᠭ᠎ᠠ᠂ ᠪᠤᠷᠤᠪᠠᠯᠭᠠᠰᠤ ᠶᠢᠨ ᠤᠶᠢᠷ᠎ᠠ ᠬᠠᠪᠢ ᠶᠢᠨ ᠵᠠᠬ᠎ᠠ ᠳᠡᠯᠬᠡᠬᠦᠷ ᠲᠤ ᠮᠠᠯ ᠳᠠᠷᠢᠶᠠᠯᠠᠩ ᠤᠨ ᠪᠦᠳᠤᠬᠡᠭᠳᠡᠬᠦᠨ ᠤ ᠬᠦᠬᠡᠰᠤᠷᠬᠡᠭ ᠪᠤᠭᠤᠳᠠᠯ ᠤᠨ ᠬᠠᠶᠢᠷᠴᠠᠭ ᠢ 100 ᠲᠦᠮᠡ ᠬᠠᠩᠭᠠᠵᠤ᠂ ᠵᠢᠯ ᠤᠨ ᠤᠶᠢᠯᠡᠤᠨᠪᠤᠷᠢᠯᠡᠯ ᠤᠨ ᠦᠷᠳᠡᠭ 800 ᠭᠠᠷᠤᠢ ᠲᠦᠮᠡᠨ ᠲᠦᠬᠦᠷᠢᠭ ᠬᠦᠷᠤᠨ᠂ ᠴᠡᠪᠡᠷ ᠤᠷᠤᠯᠭ᠎ᠠ 100 ᠭᠠᠷᠤᠢ ᠲᠦᠮᠡᠨ ᠲᠦᠬᠦᠷᠢᠭ ᠲᠤ ᠬᠦᠷᠴᠤ᠂ ᠳᠤᠬᠠᠢ ᠶᠢᠨ ᠭᠠᠵᠠᠷ ᠤᠨ ᠮᠠᠯᠴᠢᠨ ᠳᠠᠷᠢᠶᠠᠴᠢᠨ ᠪᠠ ᠬᠦᠴᠢᠷᠳᠠᠯᠳᠠᠢ ᠡᠷᠤᠬᠡ ᠳᠤ 30 ᠠᠵᠢᠯ ᠤᠨ ᠪᠠᠶᠢᠷᠢ ᠬᠠᠩᠭᠠᠬᠤ ᠶᠢᠨ ᠬᠠᠮᠳᠤ ᠵᠢᠯ ᠪᠦᠷᠢ ᠶᠢᠨ ᠬᠠᠮᠳᠤ ᠶᠢᠨ ᠠᠵᠤ ᠠᠬᠤᠢ ᠶᠢᠨ ᠤᠷᠤᠯᠭ᠎ᠠ ᠶᠢ 12.5 ᠲᠦᠮᠡᠨ ᠲᠦᠬᠦᠷᠢᠭ ᠠᠴᠠ ᠳᠠᠪᠠᠭᠤᠯᠵᠤ᠂ ᠳᠤᠬᠠᠢ ᠶᠢᠨ ᠭᠠᠵᠠᠷ ᠤᠨ 30 ᠮᠠᠯᠴᠢᠨ ᠳᠠᠷᠢᠶᠠᠴᠢᠨ ᠡᠷᠤᠬᠡ ᠶᠢᠨ ᠵᠢᠯ ᠤᠨ ᠤᠷᠤᠯᠭ᠎ᠠ ᠶᠢ 8000 ᠲᠦᠬᠦᠷᠢᠭ ᠠᠴᠠ ᠳᠡᠬᠡᠭᠰᠢ ᠨᠡᠮᠡᠭᠳᠡᠬᠦᠯᠬᠦ ᠪᠤᠯᠤᠨ᠎ᠠ᠃ ᠳᠤᠰ ᠲᠦᠷᠤᠯ ᠵᠦᠢᠯ ᠤᠨ ᠬᠡᠷᠡᠭᠵᠢᠬᠦᠯᠤᠯᠳᠠ ᠨᠢ ᠳᠤᠬᠠᠢ ᠶᠢᠨ ᠭᠠᠵᠠᠷ ᠤᠨ ᠪᠤᠭᠤᠳᠠᠯ  ᠤᠨ ᠬᠠᠶᠢᠷᠴᠠᠭ ᠤᠨ ᠤᠶᠢᠯᠡᠤᠨᠪᠤᠷᠢᠯᠡᠯ ᠤᠨ ᠬᠤᠭᠤᠰᠤᠨ ᠢ ᠨᠦᠬᠦᠪᠤᠷᠢᠯᠡᠨ᠂ ᠮᠠᠯᠵᠢᠬᠤ ᠳᠠᠷᠢᠶᠠᠯᠠᠬᠤ ᠤᠷᠤᠨ ᠤ ᠠᠵᠤ ᠠᠬᠤᠢ ᠶᠢᠨ ᠲᠦᠷᠬᠡᠨ ᠬᠦᠭᠵᠢᠯᠳᠠ ᠪᠠ ᠮᠠᠯᠴᠢᠨ ᠳᠠᠷᠢᠶᠠᠴᠢᠨ ᠤ ᠤᠷᠤᠯᠭ᠎ᠠ ᠶᠢᠨ ᠨᠡᠮᠡᠭᠳᠡᠬᠦᠯᠤᠯᠳᠠ ᠳᠤ ᠴᠢᠬᠤᠯᠠ ᠠᠬᠢᠭᠤᠯᠬᠤ ᠤᠶᠢᠯᠡᠳᠤᠯ ᠦᠵᠡᠬᠦᠯᠬᠦ ᠪᠤᠯᠤᠨ᠎ᠠ᠃
 
ᠢᠷᠡᠯᠲᠡ᠄ ᠣᠳᠤᠭ ᠤᠨ ᠡᠮᠦᠨᠡᠳᠦ ᠬᠤᠰᠢᠭᠤᠨ ᠤ ᠠᠷᠠᠳ ᠤᠨ ᠵᠠᠰᠠᠭ ᠤᠨ ᠣᠷᠳᠣᠨ ᠤ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号