ᠣᠢ ᠰᠢᠭᠤᠢ ᠨᠣᠲᠤᠭ ᠪᠡᠯᠴᠢᠭᠡᠷ ᠤᠨ ᠴᠡᠭᠴᠡᠯᠡᠯᠲᠡ ᠶᠢᠨ ᠠᠵᠢᠯ ᠢ ᠣᠯᠠᠮ ᠨᠢᠬᠡ ᠠᠯᠬᠤᠮ ᠠᠬᠢᠭᠤᠯᠬᠤ ᠶᠢᠨ | ᠳᠣᠰᠠᠳᠠ᠂ ᠡᠯ᠎ᠡ ᠭᠠᠴᠠᠭ᠎ᠠ ᠲᠤᠰᠬᠤᠨ ᠳᠤ ᠰᠠᠭᠤᠭ᠎ᠠ ᠨᠢᠭᠡᠳᠦᠬᠡᠷ ᠱᠦᠵᠢ ᠨᠠᠷ ᠪᠤᠷᠤᠪᠠᠯᠭᠠᠰᠣ ᠪᠠᠯᠭᠠᠰᠣᠨ ᠤ | ᠵᠠᠰᠠᠭ ᠤᠨ ᠣᠷᠳᠣᠨ ᠤ ᠣᠷᠢᠶᠠᠯᠠᠭ᠎ᠠ ᠪᠠᠷ ᠢᠳᠡᠪᠬᠢᠯᠡᠨ ᠬᠦᠳᠡᠯᠦᠯᠴᠡᠵᠦ᠂ ᠡᠯ᠎ᠡ ᠬᠤᠯᠪᠤᠭᠠᠯᠠᠨ ᠳᠠᠭᠠᠭᠠᠴᠢᠯᠠᠵᠤ | ᠪᠠᠶᠢᠭ᠎ᠠ ᠰᠠᠯᠠᠭ᠎ᠠ ᠮᠦᠴᠢᠷ ᠤᠨ ᠬᠢᠨ ᠡᠷᠦᠬᠡ ᠳᠤ ᠬᠦᠨᠵᠡᠬᠡᠶᠢᠷᠡᠬᠦ ᠠᠵᠢᠯᠯᠠᠭᠠᠨ ᠢ ᠦᠷᠨᠢᠬᠦᠯᠵᠦ᠂ ᠣᠢ ᠰᠢᠭᠤᠢ | ᠨᠣᠲᠤᠭ ᠪᠡᠯᠴᠢᠬᠡᠷ ᠤᠨ ᠴᠡᠭᠴᠡᠯᠡᠯᠲᠡ ᠶᠢᠨ ᠠᠵᠢᠯ ᠤᠨ ᠪᠦᠬᠦ ᠪᠦᠷᠬᠦᠴᠡ ᠶᠢ ᠪᠦᠬᠦ ᠬᠦᠴᠦᠨ ᠢᠶᠠᠷ ᠪᠠᠲᠤᠯᠠᠪᠠ᠃ | ︵ᠨᠢᠬᠡ︶ ᠲᠤᠭ᠎ᠠ ᠪᠠᠷᠢᠮᠲᠠ ᠪᠠᠨ ᠲᠤᠲᠤᠷᠬᠠᠶᠢᠯᠠᠵᠤ᠂ ᠪᠤᠲᠠᠲᠠᠢ ᠦᠷ᠎ᠡ ᠠᠰᠢᠭ ᠣᠯᠬᠤ ᠶᠢ ᠪᠦᠬᠦ ᠬᠦᠴᠦᠨ | ᠢᠶᠠᠷ ᠠᠬᠢᠭᠤᠯᠪᠠ | ᠣᠢ ᠰᠢᠭᠤᠢ ᠨᠣᠲᠤᠭ ᠪᠡᠯᠴᠢᠭᠡᠷ ᠤᠨ ᠴᠡᠭᠴᠡᠯᠡᠯᠲᠡ ᠶᠢᠨ ᠠᠵᠢᠯ ᠢ ᠪᠤᠲᠠᠲᠠᠢ ᠰᠠᠶᠢᠲᠤᠷ ᠬᠢᠬᠦ ᠶᠢᠨ ᠲᠦᠯᠦᠬᠡ᠂ | ᠡᠯ᠎ᠡ ᠭᠠᠴᠠᠭ᠎ᠠ ᠲᠤᠰᠬᠤᠨ ᠳᠤ ᠰᠠᠭᠤᠭ᠎ᠠ ᠨᠢᠭᠡᠳᠦᠬᠡᠷ ᠱᠦᠵᠢ ᠨᠠᠷ ᠡᠯ᠎ᠡ ᠲᠦᠷᠦᠯ ᠤᠨ ᠲᠦᠷᠦ ᠶᠢᠨ ᠪᠤᠳᠤᠯᠭ᠎ᠠ | ᠶᠢᠨ ᠠᠭᠤᠯᠭ᠎ᠠ ᠶᠢ ᠬᠢᠨᠠᠮᠠᠭᠠᠢ ᠰᠣᠷᠣᠯᠴᠠᠨ ᠣᠶᠢᠯᠠᠭᠠᠵᠤ᠂ ᠣᠢ ᠰᠢᠭᠤᠢ ᠨᠣᠲᠤᠭ ᠪᠡᠯᠴᠢᠭᠡᠷ ᠤᠨ ᠴᠡᠭᠴᠡᠯᠡᠯᠲᠡ ᠶᠢᠨ | ᠠᠵᠢᠯ ᠤᠨ ᠶᠠᠪᠤᠴᠠ ᠶᠢ ᠨᠢᠮᠪᠡᠢ ᠡᠵᠡᠮᠰᠢᠨ᠂ ᠲᠦᠷᠦ ᠶᠢᠨ ᠪᠤᠳᠤᠯᠭ᠎ᠠ ᠶᠢᠨ ᠲᠠᠶᠢᠯᠤᠮᠵᠢ ᠶᠢ ᠰᠠᠶᠢᠲᠤᠷ ᠣᠶᠢᠯᠠᠭᠠᠬᠤ | ᠶᠢ ᠪᠠᠲᠤᠯᠠᠪᠠ᠃ ᠡᠷᠦᠬᠡ ᠳᠤ ᠬᠦᠨᠵᠡᠬᠡᠶᠢᠷᠡᠬᠦ ᠪᠠᠷ ᠳᠠᠮᠵᠢᠭᠤᠯᠤᠨ ᠣᠢ ᠰᠢᠭᠤᠢ ᠨᠣᠲᠤᠭ ᠪᠡᠯᠴᠢᠭᠡᠷ ᠤᠨ | ᠴᠡᠭᠴᠡᠯᠡᠯᠲᠡ ᠶᠢᠨ ᠳᠠᠩᠰᠠ ᠶᠢ ᠪᠠᠶᠢᠭᠤᠯᠵᠦ᠂ ᠲᠤᠭ᠎ᠠ ᠪᠠᠷᠢᠮᠲᠠ ᠲᠤᠲᠤᠷᠬᠠᠢ᠂ ᠪᠠᠶᠢᠳᠠᠯ ᠢᠯᠡ ᠲᠤᠲᠤ ᠪᠠᠶᠢᠬᠤ ᠶᠢ | ᠪᠠᠲᠤᠯᠠᠨ᠂ ᠣᠢ ᠰᠢᠭᠤᠢ ᠨᠣᠲᠤᠭ ᠪᠡᠯᠴᠢᠭᠡᠷ ᠤᠨ ᠴᠡᠭᠴᠡᠯᠡᠯᠲᠡ ᠶᠢᠨ ᠠᠵᠢᠯ ᠢ ᠪᠦᠬᠦ ᠬᠦᠴᠦᠨ ᠢᠶᠠᠷ ᠠᠬᠢᠭᠤᠯᠪᠠ᠃ | ︵ᠬᠤᠶᠠᠷ︶ ᠣᠬᠠᠭᠤᠯᠤᠨ ᠵᠢᠯᠤᠭᠤᠳᠴᠣ ᠡᠷᠡᠬᠡᠯᠵᠡᠯ ᠲᠠᠲᠠᠭᠠᠯᠵᠠᠯ ᠢ ᠠᠷᠢᠯᠭᠠᠪᠠ | ᠣᠢ ᠰᠢᠭᠤᠢ ᠨᠣᠲᠤᠭ ᠪᠡᠯᠴᠢᠭᠡᠷ ᠤᠨ ᠴᠡᠭᠴᠡᠯᠡᠯᠲᠡ ᠶᠢᠨ ᠠᠵᠢᠯ ᠢ ᠡᠷᠡᠰ ᠴᠢᠩᠭ᠎ᠠ ᠦᠨᠡᠨ ᠪᠤᠲᠠᠲᠠᠢ | ᠦᠳᠲᠡᠷ ᠲᠦᠷᠬᠡᠨ ᠣᠯᠠᠮ ᠨᠢᠬᠡ ᠠᠯᠬᠤᠮ ᠠᠬᠢᠭᠤᠯᠬᠤ ᠶᠢᠨ ᠲᠤᠰᠠᠳᠠ᠂ ᠪᠤᠷᠤᠪᠠᠯᠭᠠᠰᠣ ᠪᠠᠯᠭᠠᠰᠣ ᠠᠴᠠ ᠣᠢ | ᠰᠢᠭᠤᠢ ᠨᠣᠲᠤᠭ ᠪᠡᠯᠴᠢᠭᠡᠷ ᠤᠨ ᠡᠬᠢ ᠰᠣᠷᠪᠣᠯᠵᠢ ᠶᠢᠨ ᠴᠡᠭᠴᠡᠯᠡᠯᠲᠡ ᠶᠢᠨ ᠲᠤᠰᠬᠠᠢ ᠪᠤᠯᠪᠠᠰᠣᠷᠠᠯ ᠤᠨ ᠬᠤᠷᠠᠯ ᠢ | ᠬᠤᠷᠠᠯᠳᠣᠭᠤᠯᠣᠨ᠂ ᠨᠠᠶᠢᠲᠠ 21000 ᠭᠠᠷᠤᠢ ᠬᠤᠪᠢ ᠣᠬᠠᠭᠤᠯᠭ᠎ᠠ ᠶᠢᠨ ᠪᠢᠴᠢᠭ ᠮᠡᠲ᠋ᠧᠷᠢᠶᠡᠯ᠂ ᠣᠬᠠᠭᠤᠯᠬᠤ | ᠬᠠᠭᠤᠳᠠᠰᠣ ᠲᠠᠷᠬᠠᠭᠠᠵᠤ᠂ ᠸᠢᠴᠠᠲ ᠤᠨ ᠣᠯᠠᠨ ᠨᠠᠶᠢᠲᠠ ᠶᠢᠨ ᠳᠠᠪᠴᠠᠩ ᠢᠶᠠᠷ ᠳᠠᠮᠵᠢᠭᠤᠯᠤᠨ᠂ ᠬᠠᠤᠯᠢ ᠪᠤᠰᠣ ᠪᠠᠷ | ᠠᠲᠠᠷ ᠬᠠᠭᠠᠯᠪᠤᠷᠢᠯᠠᠬᠤ᠂ ᠣᠰᠣᠨ ᠤ ᠡᠬᠢ ᠰᠣᠷᠪᠣᠯᠵᠢ ᠶᠢᠨ ᠬᠠᠮᠠᠭᠠᠯᠠᠯᠲᠠ ᠵᠡᠷᠭᠡ ᠬᠠᠤᠯᠢ ᠳᠦᠷᠢᠮ ᠤᠨ ᠮᠡᠳᠡᠯᠭᠡ | ᠶᠢ ᠶᠡᠬᠡᠪᠡᠷ ᠣᠬᠠᠭᠤᠯᠵᠤ᠂ ᠮᠠᠯᠴᠢᠨ ᠲᠠᠷᠢᠶᠠᠴᠢᠳ ᠤᠨ ᠲᠦᠷᠦ ᠶᠢᠨ ᠪᠤᠳᠤᠯᠭ᠎ᠠ ᠶᠢᠨ ᠣᠶᠢᠯᠠᠭᠠᠯᠲᠠ ᠶᠢᠨ ᠨᠣᠷᠮ᠎ᠠ | ᠶᠢ ᠳᠡᠭᠡᠭᠰᠢᠯᠡᠬᠦᠯᠪᠡ᠃ ᠡᠯ᠎ᠡ ᠭᠠᠴᠠᠭ᠎ᠠ ᠲᠤᠰᠬᠤᠨ ᠳᠤ ᠰᠠᠭᠤᠭ᠎ᠠ ᠨᠢᠭᠡᠳᠦᠬᠡᠷ ᠱᠦᠵᠢ ᠨᠠᠷ ᠪᠠᠶᠢᠴᠠᠭᠠᠵᠤ | ᠭᠠᠷᠭᠠᠭᠰᠠᠨ ᠬᠦᠮᠦᠰ ᠤᠨ ᠨᠡᠷᠡᠰ ᠶᠤᠰᠤᠭᠠᠷ ᠰᠠᠨᠠᠭᠠᠴᠢᠯᠠᠭ᠎ᠠ ᠠᠴᠠ ᠪᠠᠨ ᠬᠠᠷᠢᠯᠴᠠᠬᠤ ᠶᠢᠨ ᠬᠠᠮᠲᠤ ᠭᠠᠴᠠᠭ᠎ᠠ | ᠲᠤᠰᠬᠤᠨ ᠤ ᠣᠢ ᠰᠢᠭᠤᠢ ᠨᠣᠲᠤᠭ ᠪᠡᠯᠴᠢᠭᠡᠷ ᠤᠨ ᠬᠠᠤᠯᠢ ᠳᠦᠷᠢᠮ ᠵᠦᠷᠢᠴᠡᠭᠰᠡᠨ ᠲᠤᠯᠪᠤᠲᠤ ᠵᠢᠷᠤᠭ ᠲᠤ | ᠬᠤᠯᠪᠤᠭᠳᠠᠬᠤ ᠡᠷᠦᠬᠡ ᠳᠤ ᠬᠦᠨᠵᠡᠬᠡᠶᠢᠷᠡᠨ ᠣᠢ ᠰᠢᠭᠤᠢ ᠨᠣᠲᠤᠭ ᠪᠡᠯᠴᠢᠭᠡᠷ ᠤᠨ ᠴᠡᠭᠴᠡᠯᠡᠯᠲᠡ ᠶᠢᠨ ᠣᠬᠠᠭᠤᠯᠭ᠎ᠠ | ᠶᠢᠨ ᠠᠵᠢᠯ ᠢ ᠰᠠᠶᠢᠲᠤᠷ ᠬᠢᠵᠦ᠂ ᠠᠰᠠᠭᠤᠳᠠᠯ ᠢ ᠡᠷᠲᠡ ᠢᠯᠡᠷᠡᠬᠦᠯᠵᠦ ᠡᠷᠲᠡ ᠮᠡᠳᠡᠬᠦᠯᠬᠦ ᠶᠢ ᠪᠠᠲᠤᠯᠠᠨ᠂ ᠡᠷᠴᠢᠮᠲᠠᠢ | ᠬᠤᠷᠢᠭᠯᠠᠵᠤ ᠡᠷᠡᠰ ᠰᠢᠢᠳᠬᠡᠨ᠂ ᠬᠠᠤᠯᠢ ᠪᠣᠰᠣ ᠪᠠᠷ ᠠᠲᠠᠷ ᠬᠠᠭᠠᠯᠪᠤᠷᠢᠯᠠᠬᠤ᠂ ᠳᠣᠷ᠎ᠠ ᠪᠠᠷ ᠲᠠᠷᠢᠬᠤ ᠠᠵᠢᠯᠯᠠᠭᠠᠨ | ᠳᠤ ᠴᠢᠩᠭ᠎ᠠ ᠴᠣᠬᠢᠯᠲᠠ ᠦᠭᠪᠡ᠃ | ᠳᠠᠷᠠᠭ᠎ᠠ ᠠᠯᠬᠤᠮ ᠳᠤ᠂ ᠪᠤᠷᠤᠪᠠᠯᠭᠠᠰᠣ ᠪᠠᠯᠭᠠᠰᠣᠨ ᠤ ᠡᠯ᠎ᠡ ᠭᠠᠴᠠᠭ᠎ᠠ ᠲᠤᠰᠬᠤᠨ ᠳᠤ ᠰᠠᠭᠤᠭ᠎ᠠ ᠨᠢᠭᠡᠳᠦᠬᠡᠷ | ᠱᠦᠵᠢ ᠨᠠᠷ ᠣᠢ ᠰᠢᠭᠤᠢ ᠨᠣᠲᠤᠭ ᠪᠡᠯᠴᠢᠭᠡᠷ ᠤᠨ ᠴᠡᠭᠴᠡᠯᠡᠯᠲᠡ ᠶᠢᠨ ᠠᠵᠢᠯ ᠤᠨ ᠠᠬᠢᠭᠤᠯᠤᠯᠲᠠ ᠶᠢᠨ ᠡᠷᠴᠢᠮ ᠢ | ᠦᠷᠬᠦᠯᠵᠢᠯᠡᠨ ᠴᠢᠩᠭᠠᠳᠬᠠᠵᠤ᠂ ᠪᠤᠷᠤᠪᠠᠯᠭᠠᠰᠣ ᠪᠠᠯᠭᠠᠰᠣᠨ ᠤ ᠠᠵᠢᠯ ᠳᠤ ᠬᠦᠴᠦᠨ ᠨᠡᠮᠡᠷᠢᠯᠡᠬᠦ ᠪᠠᠷ ᠪᠣᠢ᠃ | |