ᠲᠦᠷᠦᠭᠦᠭᠡᠨ᠂ ᠮᠠᠨ ᠤ ᠬᠤᠰᠢᠭᠤ ᠵᠡᠭᠡᠯᠢ ᠭᠤᠳᠣᠮᠵᠢ ᠶᠢᠨ ᠦᠩᠭᠡ ᠦᠵᠡᠮᠵᠢ ᠶᠢ ᠣᠯᠠᠮ ᠲᠡᠭᠦᠯᠳᠡᠷᠵᠢᠭᠦᠯᠣᠨ᠂ | ᠲᠠᠯ᠎ᠠ ᠶᠢᠨ ᠣᠷᠭᠤᠮᠠᠯ᠂ ᠡᠯᠡᠰᠦᠨ ᠣᠷᠭᠤᠮᠠᠯ᠂ ᠠᠭᠤᠯᠠ ᠬᠠᠳᠠᠨ ᠣᠷᠭᠤᠮᠠᠯ ᠤᠨ ᠣᠨᠴᠠᠯᠢᠭᠳᠦ ᠴᠡᠴᠡᠭ ᠤᠨ | ᠵᠢᠵᠢᠭ ᠲᠠᠳᠠᠭᠠᠯ ᠤᠳ ᠨᠢ ᠴᠣᠭᠴᠠᠯᠠᠵᠣ᠂ ᠬᠠᠷᠠᠭ᠎ᠠ ᠮᠢᠯᠢᠶᠠᠭᠰᠠᠨ ᠭᠤᠴᠣ ᠦᠵᠡᠮᠵᠢ ᠶᠢ ᠪᠣᠢ ᠪᠣᠯᠭᠠᠭᠰᠠᠨ ᠪᠠᠶᠢᠨ᠎ᠠ᠃ | | | | | | ᠰᠦᠯᠳᠡ ᠵᠡᠭᠡᠯᠢ ᠪᠠᠷ ᠠᠶᠠᠯᠠᠬᠤ ᠳᠤ ᠦᠩᠭᠡ ᠢᠯᠭᠠᠷᠠᠨ ᠮᠢᠶᠠᠯᠵᠠᠭᠰᠠᠨ ᠵᠢᠵᠢᠭ ᠲᠠᠳᠠᠭᠠᠯ ᠲᠠᠢ ᠴᠡᠴᠡᠭ ᠤᠨ | ᠦᠵᠡᠮᠵᠢ ᠨᠢ ᠬᠦᠮᠦᠰ ᠤᠨ ᠠᠩᠬᠠᠷᠣᠯ ᠢ ᠲᠠᠳᠠᠨ᠎ᠠ᠃ ᠠᠵᠢᠯᠴᠢᠳ ᠲᠠᠷᠢᠬᠤ᠂ ᠵᠠᠶᠢᠯᠠᠬᠤ᠂ ᠦᠷᠦᠬᠦ ᠠᠯᠬᠤᠮ ᠢᠶᠠᠷ | ᠪᠠᠴᠢᠮ ᠶᠠᠭᠠᠷᠠᠯᠳᠠᠢ ᠠᠵᠢᠯᠯᠠᠴᠠᠭᠠᠨ᠂ ᠦᠵᠡᠮᠵᠢ ᠶᠢ ᠭᠤᠶᠣᠯᠠᠨ ᠲᠣᠬᠢᠷᠠᠭᠤᠯᠵᠣ ᠪᠠᠶᠢᠯ᠎ᠠ᠃ ᠬᠠᠮᠢᠶ᠎ᠠ ᠪᠦᠬᠦᠢ | ᠬᠠᠷᠢᠭᠤᠴᠠᠯᠭᠠᠳᠠᠳ ᠤᠨ ᠲᠠᠨᠢᠯᠴᠠᠭᠤᠯᠣᠭᠰᠠᠨ ᠢᠶᠠᠷ᠂ ᠠᠳᠡᠬᠢ ᠦᠵᠡᠮᠵᠢ ᠶᠢᠨ ᠴᠡᠭ ᠪᠣᠯ ᠠᠭᠤᠯᠠ ᠬᠠᠳᠠᠨ ᠤ | ᠣᠷᠭᠤᠮᠠᠯ ᠤᠨ ᠴᠡᠴᠡᠭ ᠤᠨ ᠦᠵᠡᠮᠵᠢ ᠪᠠᠶᠢᠵᠣ᠂ 40 ᠲᠡᠭᠰᠢ ᠲᠦᠷᠪᠡᠯᠵᠢᠨ ᠮᠧᠲᠷ ᠤᠨ ᠲᠠᠯᠠᠪᠠᠢ ᠪᠠᠷ ᠴᠤᠭᠴᠠᠯᠠᠵᠣ᠂ | ᠠᠭᠤᠯᠠ ᠬᠠᠳᠠᠨ ᠤ ᠣᠷᠭᠤᠮᠠᠯ ᠢᠶᠠᠷ ᠭᠤᠣᠯᠯᠠᠭᠤᠯᠣᠭᠰᠠᠨ 13 ᠵᠣᠶᠢᠯ ᠤᠨ ᠴᠡᠴᠡᠭ ᠵᠠᠶᠢᠯᠠᠵᠣ᠂ ᠡᠯ᠎ᠡ ᠵᠣᠶᠢᠯ ᠤᠨ | ᠴᠡᠴᠡᠭ ᠬᠤᠸᠠᠷ ᠨᠢ ᠰᠣᠷᠭᠤᠭ ᠰᠠᠶᠢᠬᠠᠨ ᠢᠶᠠᠷ ᠮᠢᠷᠠᠯᠵᠠᠨ᠂ ᠣᠢ ᠮᠣᠳᠦ᠂ ᠦᠵᠡᠮᠵᠢ ᠶᠢᠨ ᠴᠢᠯᠠᠭᠤ ᠶᠢ | ᠲᠣᠬᠢᠷᠠᠭᠤᠯᠣᠨ ᠭᠤᠶᠣᠯᠠᠵᠣ ᠭᠤᠴᠣ ᠦᠵᠡᠮᠵᠢ ᠶᠢ ᠪᠣᠢ ᠪᠣᠯᠭᠠᠭᠰᠠᠨ ᠪᠠᠶᠢᠨ᠎ᠠ᠃ | | | | | ᠵᠠᠯᠭᠠᠭᠠᠳ ᠰᠣᠷᠪᠣᠯᠵᠢᠯᠠᠭᠴᠢ ᠰᠦᠯᠳᠡ ᠪᠠᠷᠠᠭᠤᠨ ᠵᠡᠭᠡᠯᠢ ᠶᠢᠨ ᠬᠠᠷᠴᠠᠭᠠᠢ ᠬᠦᠯᠦᠭ ᠵᠠᠮ ᠤᠨ ᠠᠭᠤᠯᠵᠠᠷ ᠲᠤ | ᠬᠦᠷᠬᠦ ᠳᠤ ᠴᠡᠴᠡᠭ ᠤᠨ ᠦᠵᠡᠮᠵᠢ ᠨᠢ ︽ᠡᠯᠡᠰᠦᠨ ᠣᠷᠭᠤᠮᠠᠯ ᠤᠨ ᠴᠡᠴᠡᠭ ᠤᠨ ᠦᠵᠡᠮᠵᠢ︾ ᠪᠠᠶᠢᠵᠣ᠂ ᠶᠡᠷᠦᠩᠭᠡᠢ | ᠲᠠᠯᠠᠪᠠᠢ ᠨᠢ 40 ᠲᠡᠭᠰᠢ ᠲᠦᠷᠪᠡᠯᠵᠢᠨ ᠮᠧᠲᠷ᠃ ᠠᠳᠡᠬᠢ ᠴᠡᠴᠡᠭ ᠲᠡᠯᠭᠡᠷᠡᠭᠦ ᠬᠤᠭᠤᠴᠠᠭ᠎ᠠ ᠨᠢ ᠣᠷᠳᠦ᠂ ᠭᠠᠩ | ᠭᠠᠭᠰᠠᠷᠠᠭᠠᠨ ᠳᠤ ᠲᠡᠰᠪᠦᠷᠢᠳᠡᠢ᠂ ᠠᠷᠠᠴᠢᠯᠠᠵᠣ ᠬᠠᠮᠢᠶᠠᠷᠬᠤ ᠳᠤ ᠬᠢᠯᠪᠠᠷ ᠠᠷᠰᠢ ᠶᠢᠨ ᠪᠠᠭᠠᠨ᠎ᠠ᠂ ᠠᠯᠳᠠᠨ ᠪᠠᠷᠰ | ᠵᠡᠷᠭᠡ ᠲᠦᠷᠦᠯ ᠵᠣᠶᠢᠯ ᠤᠨ ᠴᠡᠴᠡᠭ ᠪᠠᠶᠢᠵᠣ᠂ ᠦᠩᠭᠡ ᠪᠣᠳᠤᠭ ᠨᠢ ᠡᠯᠪᠡᠭ ᠪᠠᠶᠠᠯᠢᠭ᠂ ᠬᠡᠯᠪᠡᠷᠢ ᠪᠠᠶᠢᠳᠠᠯ ᠨᠢ | ᠭᠤᠶᠢᠳᠠ ᠰᠠᠶᠢᠬᠠᠨ ᠢᠶᠠᠷ ᠣᠯᠠᠨ ᠤ ᠰᠠᠶᠢᠨ ᠦᠨᠡᠯᠡᠯᠳᠡ ᠶᠢ ᠣᠯᠣᠭᠰᠠᠨ ᠪᠠᠶᠢᠨ᠎ᠠ᠃ | | | | | ᠣᠶᠢᠯᠠᠭᠠᠭᠰᠠᠨ ᠢᠶᠠᠷ᠂ ᠮᠠᠨ ᠤ ᠬᠤᠰᠢᠭᠤ ᠡᠶᠢᠮᠦᠷᠬᠦ ︽ᠵᠢᠵᠢᠭ ᠴᠡᠴᠡᠭ ᠤᠨ ᠲᠠᠳᠠᠭᠠᠯ︾ ᠢ 25 | ᠴᠣᠭᠴᠠᠯᠵᠣ᠂ ᠡᠬᠦᠨ ᠳᠤ ᠰᠦᠯᠳᠡ ᠵᠡᠭᠡᠯᠢ ᠳᠤ ᠨᠡᠶᠢᠳᠡ 17 ᠭᠠᠵᠠᠷ᠂ ᠴᠠᠬᠢᠷᠮ᠎ᠠ ᠴᠡᠴᠡᠭ ᠠᠭᠤᠳᠠᠮ ᠲᠠᠯᠠᠪᠠᠢ᠂ | ᠠᠯᠪᠠᠨ ᠠᠰᠠᠷ ᠤᠨ ᠡᠷᠬᠢᠨ ᠲᠣᠭᠤᠷᠢᠨ ᠪᠠ ᠪᠣᠰᠣᠳ ᠵᠠᠩᠬᠢᠯᠠᠭ᠎ᠠ ᠶᠢᠨ ᠴᠡᠭ ᠲᠤ 8 ᠴᠣᠭᠴᠠᠯᠠᠪᠠ᠃ ᠣᠳᠣᠬᠠᠨ | ᠳᠤ ᠪᠦᠬᠦᠨ ᠢ ᠴᠣᠭᠴᠠᠯᠠᠵᠣ ᠲᠠᠭᠤᠰᠬᠠᠨ᠂ ᠪᠢᠴᠢᠯ ᠴᠡᠴᠡᠭ ᠤᠨ ᠲᠠᠳᠠᠭᠠᠯ ᠳᠤ ᠬᠦᠢᠯᠡᠰᠦ᠂ ᠵᠠᠯᠠᠳᠦ ᠮᠣᠳᠦ᠂ | ᠡᠯᠡᠰᠦᠨ ᠴᠦᠯ ᠤᠨ ᠰᠠᠷᠭᠠᠢ ᠵᠡᠷᠭᠡ ᠮᠣᠳᠦ ᠪᠠᠷ ᠭᠤᠣᠯᠯᠠᠭᠤᠯᠵᠣ᠂ ᠳ᠋ᠠᠯᠢᠶᠠ ᠴᠡᠴᠡᠭ᠂ ᠴᠠᠬᠢᠯᠳᠠᠭ ᠵᠡᠷᠭᠡ ᠣᠯᠠᠨ | ᠵᠣᠶᠢᠯ ᠤᠨ ᠴᠡᠴᠡᠭ ᠢ ᠬᠤᠯᠢᠯᠳᠣᠭᠤᠯᠣᠨ ᠲᠣᠬᠢᠷᠠᠭᠤᠯᠵᠣ᠂ ᠬᠤᠳᠠ ᠶᠢᠨ ᠭᠤᠶᠣᠵᠢᠭᠤᠯᠣᠯᠳᠠ ᠶᠢ ᠨᠡᠩ ᠠᠮᠢᠳᠣᠯᠢᠭ | ᠰᠠᠶᠢᠬᠠᠨ ᠪᠣᠯᠭᠠᠭᠰᠠᠨ ᠪᠠᠶᠢᠨ᠎ᠠ᠃ | | | | | |