8 ᠰᠠᠷ᠎ᠠ ᠶᠢᠨ 17 ᠤ ᠡᠳᠦᠷ᠂ ᠬᠤᠰᠢᠭᠤ ᠨᠠᠮ ᠤᠨ ᠬᠤᠷᠢᠶ᠎ᠠ ᠶᠢᠨ ᠲᠡᠳ᠋ ᠱᠦᠵᠢ᠂ ᠵᠠᠰᠠᠭ ᠤᠨ ᠣᠷᠳᠣᠨ | ᠤ ᠬᠤᠰᠢᠭᠤ ᠲᠠᠷᠤᠭ᠎ᠠ᠂ ᠱᠠᠩᠬᠠᠢ ᠶᠢᠨ ᠰᠦᠮ᠎ᠡ ᠠᠵᠣ ᠠᠬᠤᠢ ᠶᠢᠨ ᠨᠡᠭᠡᠭᠡᠯᠳᠡ ᠶᠢᠨ ᠣᠷᠣᠨ ᠤ ᠨᠠᠮ ᠤᠨ | ᠠᠵᠢᠯᠯᠠᠬᠤ ᠬᠤᠷᠢᠶ᠎ᠠ ᠶᠢᠨ ᠱᠦᠵᠢ᠂ ᠬᠠᠮᠢᠶᠠᠷᠣᠯᠳᠠ ᠶᠢᠨ ᠵᠦᠪᠯᠡᠯ ᠤᠨ ᠡᠷᠬᠢᠯᠡᠭᠴᠢ ᠶᠠᠩ ᠶᠢᠩ ᠰᠢᠨ ᠲᠣᠮᠳᠠᠳᠦ | ᠣᠯᠣᠰ ᠤᠨ ᠪᠦᠳᠦᠭᠡᠨ ᠪᠠᠶᠢᠭᠤᠯᠣᠯᠳᠠ ᠶᠢᠨ ᠪᠠᠩᠬᠢ ᠶᠢᠨ ᠣᠷᠳᠣᠰ ᠳᠠᠬᠢ ᠬᠤᠪᠢᠶᠠᠷᠢ ᠪᠠᠩᠬᠢ ᠶᠢᠨ ᠨᠠᠮ ᠤᠨ | ᠬᠤᠷᠢᠶ᠎ᠠ ᠶᠢᠨ ᠱᠦᠵᠢ᠂ ᠪᠠᠩᠬᠢ ᠶᠢᠨ ᠲᠠᠷᠤᠭ᠎ᠠ ᠸᠠᠩ ᠺᠠᠢ ᠢᠦᠢ ᠯᠦᠭᠡ ᠰᠠᠭᠤᠳᠠᠯ ᠤᠨ ᠬᠤᠷᠠᠯ ᠬᠤᠷᠠᠯᠳᠣᠪᠠ᠃ | ᠶᠠᠩ ᠶᠢᠩ ᠰᠢᠨ ᠠᠴᠠ ᠸᠠᠩ ᠺᠠᠢ ᠢᠦᠢ ᠨᠠᠷ ᠢ ᠪᠠᠶᠠᠷᠯᠠᠨ ᠣᠭᠳᠣᠵᠣ ᠪᠠᠶᠢᠭ᠎ᠠ ᠪᠠᠨ ᠢᠯᠡᠷᠭᠡᠶᠢᠯᠡᠭᠦ ᠶᠢᠨ | ᠬᠠᠮᠳᠦ ᠣᠳᠤᠭ ᠤᠨ ᠡᠮᠦᠨᠡᠳᠦ ᠬᠤᠰᠢᠭᠤᠨ ᠤ ᠠᠵᠣ ᠠᠬᠤᠢ ᠨᠡᠶᠢᠭᠡᠮ ᠤᠨ ᠬᠦᠭᠵᠢᠯᠳᠡ ᠶᠢᠨ ᠪᠠᠶᠢᠳᠠᠯ ᠢ | ᠲᠠᠨᠢᠯᠴᠠᠭᠤᠯᠪᠠ᠃ ᠲᠡᠷᠡ᠂ ᠣᠳᠤᠭ ᠤᠨ ᠡᠮᠦᠨᠡᠳᠦ ᠬᠤᠰᠢᠭᠤᠨ ᠤ ᠣᠷᠣᠨ ᠪᠠᠶᠢᠷᠢᠰᠢᠯ ᠲᠠᠪᠠᠭᠤᠯᠢᠭ᠂ ᠠᠵᠣ | ᠣᠶᠢᠯᠠᠰ ᠤᠨ ᠰᠠᠭᠤᠷᠢ ᠰᠠᠶᠢᠨ᠂ ᠰᠢᠨ᠎ᠡ ᠡᠨᠧᠷᠬᠢ ᠶᠢᠨ ᠬᠦᠭᠵᠢᠯᠳᠡ ᠶᠢᠨ ᠣᠷᠣᠨ ᠵᠠᠢ ᠦᠷᠭᠡᠨ ᠶᠣᠮ᠃ | ᠲᠣᠮᠳᠠᠳᠦ ᠣᠯᠣᠰ ᠤᠨ ᠪᠦᠳᠦᠭᠡᠨ ᠪᠠᠶᠢᠭᠤᠯᠣᠯᠳᠠ ᠶᠢᠨ ᠪᠠᠩᠬᠢ ᠪᠣᠯ ᠣᠯᠣᠰ ᠤᠨ ᠪᠣᠳᠠᠳᠦ ᠬᠦᠴᠦᠨ ᠤ ᠮᠦᠩᠭᠦᠨ | ᠭᠦᠢᠯᠭᠡᠭᠡᠨ ᠤ ᠪᠠᠶᠢᠭᠤᠯᠣᠮᠵᠢ ᠮᠦᠨ᠂ ᠣᠷᠳᠣᠰ ᠳᠠᠬᠢ ᠬᠤᠪᠢᠶᠠᠷᠢ ᠪᠠᠩᠬᠢ ᠨᠢ ᠮᠦᠩᠭᠦᠨ ᠭᠦᠢᠯᠭᠡᠭᠡᠨ ᠤ ᠢᠳᠡᠭᠡᠯ | ᠬᠦᠨᠳᠦ᠂ ᠪᠦᠳᠦᠭᠡᠭᠳᠡᠭᠦᠨ ᠤ ᠣᠶᠢᠯᠡᠴᠢᠯᠡᠭᠡ ᠶᠢᠨ ᠲᠠᠯ᠎ᠠ ᠪᠠᠷ ᠪᠦᠬᠦ ᠬᠤᠳᠠ ᠶᠢᠨ ᠲᠡᠷᠢᠭᠦᠨ ᠤ ᠪᠠᠶᠢᠷᠢ ᠳᠤ ᠪᠠᠶᠢᠭ᠎ᠠ | ᠶᠣᠮ᠂ ᠡᠳᠦᠭᠡ ᠣᠳᠤᠭ ᠤᠨ ᠡᠮᠦᠨᠡᠳᠦ ᠬᠤᠰᠢᠭᠤᠨ ᠳᠤ ᠰᠠᠯᠪᠦᠷᠢ ᠪᠠᠩᠬᠢ ᠪᠠᠶᠢᠭᠤᠯᠣᠭᠰᠠᠨ ᠨᠢ ᠣᠷᠣᠨ ᠨᠣᠳᠤᠭ | ᠤᠨ ᠠᠵᠣ ᠠᠬᠤᠢ ᠨᠡᠶᠢᠭᠡᠮ ᠤᠨ ᠬᠦᠭᠵᠢᠯᠳᠡ ᠳᠤ ᠮᠦᠩᠭᠦᠨ ᠬᠦᠢᠯᠭᠡᠭᠡᠨ ᠤ ᠡᠷᠴᠢᠮᠳᠦ ᠪᠠᠳᠣᠯᠠᠭ᠎ᠠ ᠬᠠᠩᠭᠠᠬᠤ ᠨᠢ | ᠵᠠᠶᠢᠯᠠᠰᠢ ᠦᠭᠡᠢ ᠶᠣᠮ᠃ ᠲᠣᠮᠳᠠᠳᠦ ᠣᠯᠣᠰ ᠤᠨ ᠪᠦᠳᠦᠭᠡᠨ ᠪᠠᠶᠢᠭᠤᠯᠣᠯᠳᠠ ᠶᠢᠨ ᠪᠠᠩᠬᠢ ᠶᠢᠨ ᠣᠷᠳᠣᠰ ᠳᠠᠬᠢ | ᠬᠤᠪᠢᠶᠠᠷᠢ ᠪᠠᠩᠬᠢ ᠮᠦᠩᠭᠦᠨ ᠭᠦᠢᠯᠭᠡᠭᠡᠨ ᠤ ᠬᠦᠴᠦᠨ᠂ ᠮᠦᠩᠭᠦᠨ ᠭᠦᠢᠯᠭᠡᠭᠡᠨ ᠤ ᠪᠦᠳᠦᠭᠡᠭᠳᠡᠭᠦᠨ ᠤ ᠪᠡᠶᠠᠯᠢᠭ | ᠢᠶᠠᠨ ᠬᠦᠢᠴᠡᠳ ᠪᠠᠳᠠᠷᠠᠭᠤᠯᠣᠨ᠂ ᠣᠳᠤᠭ ᠤᠨ ᠡᠮᠦᠨᠡᠳᠦ ᠬᠤᠰᠢᠭᠤᠨ ᠳᠤ ᠰᠠᠭᠤᠷᠢᠰᠢᠨ ᠬᠦᠭᠵᠢᠨ ᠪᠣᠵᠠᠭᠠᠶᠢᠷᠠᠬᠤ | ᠶᠢ ᠬᠦᠰᠡᠭᠰᠡᠨ ᠪᠠᠶᠢᠨ᠎ᠠ᠃ ᠣᠳᠤᠭ ᠤᠨ ᠡᠮᠦᠨᠡᠳᠦ ᠬᠤᠰᠢᠭᠤ ᠠᠵᠣ ᠠᠬᠤᠶᠢᠯᠠᠯ ᠤᠨ ᠬᠦᠭᠵᠢᠯᠳᠡ ᠳᠤ ᠰᠢᠯᠢᠳᠡᠭ | ᠣᠶᠢᠯᠡᠴᠢᠯᠡᠭᠡ ᠬᠠᠩᠭᠠᠨ᠂ ᠨᠢᠭᠡ ᠰᠡᠳᠬᠢᠯ ᠨᠢᠭᠡ ᠵᠣᠷᠢᠭ ᠢᠶᠠᠷ ᠭᠦᠨᠵᠡᠭᠡᠢ ᠬᠠᠮᠳᠣᠷᠠᠯᠴᠠᠵᠣ ᠬᠠᠮᠳᠦ ᠶᠢᠨ ᠢᠯᠠᠯᠳᠠ | ᠶᠢᠨ ᠣᠬᠢ ᠰᠠᠶᠢᠨ ᠪᠠᠶᠢᠳᠠᠯ ᠢ ᠪᠦᠷᠢᠳᠦᠭᠦᠯᠦᠨ᠎ᠡ ᠭᠡᠵᠣ ᠬᠡᠯᠡᠭᠰᠡᠨ ᠪᠠᠶᠢᠨ᠎ᠠ᠃ | ᠸᠠᠩ ᠺᠠᠢ ᠢᠦᠢ ᠲᠣᠮᠳᠠᠳᠦ ᠣᠯᠣᠰ ᠤᠨ ᠪᠦᠳᠦᠭᠡᠨ ᠪᠠᠶᠢᠭᠤᠯᠣᠯᠳᠠ ᠶᠢᠨ ᠪᠠᠩᠬᠢ ᠶᠢᠨ ᠣᠷᠳᠣᠰ ᠳᠠᠬᠢ | ᠬᠤᠪᠢᠶᠠᠷᠢ ᠪᠠᠩᠬᠢ ᠶᠢᠨ ᠣᠳᠤᠭ ᠤᠨ ᠡᠮᠦᠨᠡᠳᠦ ᠬᠤᠰᠢᠭᠤᠨ ᠤ ᠰᠠᠯᠪᠦᠷᠢ ᠪᠠᠩᠬᠢ ᠶᠢᠨ ᠦᠨᠳᠦᠰᠦᠨ ᠪᠠᠶᠢᠳᠠᠯ ᠵᠢᠴᠢ | ᠲᠠᠷᠠᠭ᠎ᠠ ᠠᠯᠬᠤᠮ ᠤᠨ ᠬᠦᠭᠵᠢᠯᠳᠡ ᠶᠢᠨ ᠲᠦᠯᠦᠪᠯᠡᠭᠡ ᠪᠠᠨ ᠲᠠᠨᠢᠯᠴᠠᠭᠤᠯᠪᠠ᠃ ᠲᠡᠷᠡ᠂ ᠲᠣᠮᠳᠠᠳᠦ ᠣᠯᠣᠰ ᠤᠨ | ᠪᠦᠳᠦᠭᠡᠨ ᠪᠠᠶᠢᠭᠤᠯᠣᠯᠳᠠ ᠶᠢᠨ ᠪᠠᠩᠬᠢ ᠶᠢᠨ ᠣᠷᠳᠣᠰ ᠳᠠᠬᠢ ᠬᠤᠪᠢᠶᠠᠷᠢ ᠪᠠᠩᠬᠢ ᠣᠷᠣᠨ ᠨᠣᠳᠤᠭ ᠤᠨ ᠬᠦᠭᠵᠢᠯᠳᠡ | ᠶᠢᠨ ᠬᠡᠷᠡᠭᠴᠡᠭᠡ ᠱᠠᠭᠠᠷᠳᠠᠯᠭ᠎ᠠ ᠶᠢᠨ ᠲᠣᠭᠤᠷᠢᠨ ᠳᠤ ᠮᠦᠩᠭᠦᠨ ᠭᠦᠢᠯᠭᠡᠭᠡᠨ ᠤ ᠣᠶᠢᠯᠡᠴᠢᠯᠡᠭᠡᠨ ᠤ ᠲᠦᠪᠰᠢᠨ ᠢᠶᠠᠨ | ᠲᠠᠰᠣᠷᠠᠯᠳᠠ ᠦᠭᠡᠢ ᠲᠡᠭᠡᠭᠰᠢᠯᠡᠭᠦᠯᠵᠣ᠂ ᠶᠣᠰᠦ ᠲᠦᠷᠢᠮ ᠢ ᠵᠢᠷᠦᠮᠯᠠᠭᠴᠢ᠂ ᠠᠵᠣ ᠠᠬᠤᠢ ᠨᠡᠶᠢᠭᠡᠮ ᠤᠨ ᠪᠦᠳᠦᠭᠡᠨ | ᠪᠠᠶᠢᠭᠤᠯᠣᠭᠴᠢ ᠪᠣᠯᠵᠣ᠂ ᠬᠠᠷᠢᠭᠤᠴᠠᠯᠭ᠎ᠠ ᠪᠠᠨ ᠣᠯᠠᠮ ᠴᠢᠩᠭᠠᠳᠬᠠᠨ᠂ ᠣᠳᠤᠭ ᠤᠨ ᠡᠮᠦᠨᠡᠳᠦ ᠬᠤᠰᠢᠭᠤᠨ ᠤ | ᠠᠵᠣ ᠠᠬᠤᠢ ᠨᠡᠶᠢᠭᠡᠮ ᠤᠨ ᠡᠯ᠎ᠡ ᠲᠦᠷᠦᠯ ᠤᠨ ᠠᠵᠢᠯ ᠣᠶᠢᠯᠠᠰ ᠤᠨ ᠭᠦᠭᠵᠢᠯᠳᠡ ᠳᠤ ᠬᠦᠴᠦᠳᠦ ᠲᠡᠮᠵᠢᠯᠭᠡ | ᠬᠠᠩᠭᠠᠨ᠎ᠠ ᠭᠡᠵᠣ ᠢᠯᠡᠷᠭᠡᠶᠢᠯᠡᠭᠰᠡᠨ ᠪᠠᠶᠢᠨ᠎ᠠ᠃ | ᠬᠤᠰᠢᠭᠤ ᠣᠳᠣᠷᠢᠳᠣᠯᠭ᠎ᠠ ᠴᠢᠦ ᠯᠢᠨ᠂ ᠬᠤᠰᠢᠭᠤ ᠵᠠᠰᠠᠭ ᠤᠨ ᠣᠷᠳᠣᠨ ᠤ ᠠᠯᠪᠠᠨ ᠭᠡᠷ᠂ ᠬᠤᠰᠢᠭᠤ | ᠰᠢᠭᠤᠳ ᠬᠠᠷᠢᠶ᠎ᠠ ᠬᠠᠮᠢᠶ᠎ᠠ ᠪᠦᠬᠦᠢ ᠰᠠᠯᠠᠭ᠎ᠠ ᠮᠦᠴᠢᠷ ᠵᠢᠴᠢ ᠠᠷᠠᠳ ᠤᠨ ᠪᠠᠩᠬᠢ ᠶᠢᠨ ᠣᠳᠤᠭ ᠤᠨ ᠡᠮᠦᠨᠡᠳᠦ | ᠬᠤᠰᠢᠭᠤᠨ ᠳᠠᠬᠢ ᠰᠠᠯᠪᠦᠷᠢ ᠪᠠᠩᠬᠢ ᠶᠢᠨ ᠬᠠᠷᠢᠭᠤᠴᠠᠯᠭᠠᠳᠠᠨ ᠰᠠᠭᠤᠳᠠᠯ ᠤᠨ ᠬᠤᠷᠠᠯ ᠳᠤ ᠣᠷᠣᠯᠴᠠᠪᠠ᠃ |