ᠮᠠᠯᠴᠢᠨ ᠡᠪᠡᠰᠦ ᠪᠣᠷᠳᠣᠭᠠᠨ ᠳᠤ ᠬᠤᠯᠢᠯᠳᠣᠭᠰᠠᠨ ᠲᠡᠮᠣᠷ ᠢ ᠢᠯᠭᠠᠨ ᠠᠪᠬᠤ ᠲᠦᠭᠦᠭᠡᠷᠦᠮᠵᠢ ᠡᠭᠦᠳᠦᠨ ᠭᠠᠷᠭᠠᠯ᠎ᠠ
ᠨᠡᠶᠢᠲᠡᠯᠡᠭᠰᠡᠨ ᠴᠠᠭ᠄
2022/8/24
    ᠮᠠᠯᠵᠢᠬᠤ ᠣᠷᠣᠨ ᠳᠤ ᠡᠪᠡᠰᠦ ᠪᠣᠷᠳᠣᠭᠠᠨ ᠲᠣᠳᠣᠷ᠎ᠡ ᠬᠤᠯᠢᠯᠳᠣᠭᠰᠠᠨ ᠲᠡᠮᠣᠷ ᠣᠳᠠᠰᠦ ᠵᠡᠷᠭᠡ ᠲᠡᠮᠣᠷ ᠤᠨ ᠵᠣᠶᠢᠯᠠᠰ ᠢ ᠢᠳᠡᠭᠰᠡᠨ ᠠᠴᠠ ᠪᠣᠯᠵᠣ ᠦᠭᠡᠷ ᠮᠠᠯ ᠬᠤᠬᠢᠷᠠᠭᠰᠠᠨ ᠦᠵᠡᠭᠳᠡᠯ ᠲᠡᠩᠳᠠ ᠲᠣᠬᠢᠶᠠᠯᠳᠣᠳᠠᠭ᠃ ᠣᠳᠤᠭ  ᠤᠨ ᠡᠮᠦᠨᠡᠳᠦ ᠬᠤᠰᠢᠭᠤᠨ ᠤ ᠨᠠᠩᠰᠦ ᠪᠠᠯᠭᠠᠰᠣᠨ ᠤ ᠮᠠᠯᠠᠳ ᠭᠠᠴᠠᠭᠠᠨ ᠤ ᠮᠠᠯᠴᠢᠨ ᠨᠠᠶᠠᠨᠳᠠᠢ ᠭᠤᠷᠪᠠᠨ ᠵᠢᠯ ᠤᠨ ᠴᠠᠭ ᠵᠠᠷᠣᠴᠠᠭᠤᠯᠣᠨ ᠣᠯᠠᠨᠳᠠ ᠰᠣᠳᠣᠯᠣᠨ ᠲᠣᠷᠰᠢᠭᠰᠠᠭᠠᠷ ᠪᠠᠶᠢᠭᠠᠳ ᠡᠪᠡᠰᠦ ᠪᠣᠷᠳᠣᠭᠠᠨ ᠳᠠᠬᠢ ᠲᠡᠮᠣᠷᠯᠢᠭ ᠵᠣᠶᠢᠯᠠᠰ ᠢ ᠢᠯᠭᠠᠨ ᠠᠪᠬᠤ ᠲᠦᠬᠦᠭᠡᠷᠦᠮᠵᠢ ᠶᠢ ᠡᠭᠦᠳᠣᠨ ᠭᠠᠷᠭᠠᠪᠠ᠃ ᠡᠨᠡ ᠬᠦ ᠲᠦᠬᠦᠭᠡᠷᠦᠮᠵᠢ ᠨᠢ ᠰᠦᠷᠢᠨᠵᠢᠨ ᠪᠣᠳᠠᠰ ᠢ ᠡᠪᠡᠰᠦ ᠨᠠᠶᠢᠷᠠᠭᠤᠯᠬᠤ ᠮᠠᠰᠢᠨ ᠤ ᠭᠠᠷᠬᠤ ᠠᠮᠠᠰᠠᠷ ᠲᠤ ᠣᠭᠰᠠᠷᠠᠨ᠂ ᠬᠤᠯᠢᠯᠳᠣᠭᠰᠠᠨ ᠲᠡᠮᠣᠷ ᠢ ᠰᠣᠷᠣᠨ ᠠᠪᠬᠤ ᠪᠣᠶᠣ ᠢᠯᠭᠠᠵᠣ ᠭᠠᠷᠭᠠᠭᠠᠳ᠂ ᠡᠪᠡᠰᠦᠨ ᠣᠩᠭᠤᠴᠠᠨ ᠳᠤ ᠣᠷᠣᠬᠤ ᠶᠢ ᠰᠡᠷᠭᠡᠶᠢᠯᠡᠳᠡᠭ ᠪᠠᠶᠢᠨ᠎ᠠ᠃
 
ᠢᠷᠡᠯᠲᠡ᠄ ᠣᠳᠤᠭ ᠤᠨ ᠡᠮᠦᠨᠡᠳᠦ ᠬᠤᠰᠢᠭᠤᠨ ᠤ ᠨᠡᠶᠢᠳᠡᠯᠡᠯ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号