ᠣᠳᠤᠭ ᠤᠨ ᠡᠮᠦᠨᠡᠳᠦ ᠬᠤᠰᠢᠭᠤᠨ ᠤ ᠰᠢᠨ᠎ᠡ ᠲᠢᠳᠢᠮᠯᠢᠭ ᠠᠭᠤᠰᠬᠢᠨ ᠦᠷᠪᠢᠰᠦᠯ ᠤᠨ ᠬᠢᠵᠢᠭ ᠤᠨ ᠪᠠᠴᠢᠮ ᠪᠠᠶᠢᠳᠠᠯ ᠢ ᠠᠷᠭᠠᠴᠠᠨ ᠰᠢᠢᠳᠪᠦᠷᠢᠯᠡᠭᠦ ᠪᠣᠳᠠᠳᠦ ᠰᠣᠷᠢᠯᠳᠠ ᠶᠢᠨ ᠪᠠᠶᠢᠷᠢᠯᠠᠭᠤᠯᠣᠯᠳᠠ ᠶᠢᠨ ᠬᠤᠷᠠᠯ ᠬᠤᠷᠠᠯᠳᠣᠪᠠ
ᠨᠡᠶᠢᠲᠡᠯᠡᠭᠰᠡᠨ ᠴᠠᠭ᠄
2022/9/27
    9 ᠰᠠᠷ᠎ᠠ ᠶᠢᠨ 25 ᠤ ᠡᠳᠦᠷ᠂ ᠣᠳᠤᠭ ᠤᠨ ᠡᠮᠦᠨᠡᠳᠦ ᠬᠤᠰᠢᠭᠤᠨ ᠤ ᠰᠢᠨ᠎ᠡ ᠲᠢᠳᠢᠮᠯᠢᠭ ᠠᠭᠤᠰᠬᠢᠨ ᠦᠷᠪᠢᠰᠦᠯ ᠤᠨ ᠬᠢᠵᠢᠭ ᠤᠨ ᠪᠠᠴᠢᠮ ᠪᠠᠶᠢᠳᠠᠯ ᠢ ᠠᠷᠭᠠᠴᠠᠨ ᠰᠢᠢᠳᠪᠦᠷᠢᠯᠡᠭᠦ ᠪᠣᠳᠠᠳᠦ ᠰᠣᠷᠢᠯᠳᠠ ᠶᠢᠨ ᠪᠠᠶᠢᠷᠢᠯᠠᠭᠤᠯᠣᠯᠳᠠ ᠶᠢᠨ ᠬᠤᠷᠠᠯ ᠬᠤᠷᠠᠯᠳᠣᠪᠠ᠃ ᠬᠤᠰᠢᠭᠤ ᠠᠷᠠᠳ ᠤᠨ ᠵᠠᠰᠠᠭ ᠤᠨ ᠣᠷᠳᠣᠨ ᠤ ᠲᠡᠳ᠋ ᠬᠤᠰᠢᠭᠤ ᠲᠠᠷᠤᠭ᠎ᠠ ᠪᠠᠷ ᠨᠡᠷ᠎ᠡ ᠲᠣᠷᠠᠳᠣᠭᠳᠠᠭᠴᠢ ᠳ᠋ᠤᠸᠠᠨ ᡁᠢ ᠴᠢᠶᠠᠩ ᠬᠤᠷᠠᠯ ᠡᠷᠬᠢᠯᠡᠨ ᠶᠠᠷᠢᠶ᠎ᠠ ᠲᠠᠯᠪᠢᠪᠠ᠃     ᠬᠤᠷᠠᠯ ᠠᠴᠠ ᠣᠳᠤᠭ ᠤᠨ ᠡᠮᠦᠨᠡᠳᠦ ᠬᠤᠰᠢᠭᠤᠨ ᠤ ᠰᠢᠨ᠎ᠡ ᠲᠢᠳᠢᠮᠯᠢᠭ ᠠᠭᠤᠰᠬᠢᠨ ᠦᠷᠪᠢᠰᠦᠯ ᠤᠨ ᠤᠨ ᠬᠢᠵᠢᠭ ᠤᠨ ᠪᠠᠴᠢᠮ ᠪᠠᠶᠢᠳᠠᠯ ᠢ ᠠᠷᠭᠠᠴᠠᠨ ᠰᠢᠢᠳᠪᠦᠷᠢᠯᠡᠬᠦ ᠪᠣᠳᠠᠳᠦ ᠰᠣᠷᠢᠯᠳᠠ ᠶᠢᠨ ᠲᠦᠰᠦᠯ ᠢ ᠨᠠᠷᠢᠨ ᠲᠠᠶᠢᠯᠪᠦᠷᠢᠯᠡᠨ ᠪᠦᠬᠦ ᠠᠷᠠᠳ ᠤᠨ ᠪᠦᠭᠡᠮ ᠬᠦᠴᠢᠯ ᠤᠨ ᠪᠠᠶᠢᠴᠠᠭᠠᠯᠳᠠ ᠶᠢᠨ ᠡᠯ᠎ᠡ ᠲᠣᠰᠬᠠᠢ ᠪᠠᠭ ᠤᠨ ᠠᠵᠢᠯ ᠢ ᠪᠠᠶᠢᠷᠢᠯᠠᠭᠤᠯᠣᠨ ᠲᠣᠬᠢᠷᠠᠭᠤᠯᠪᠠ᠃     ᠬᠤᠷᠠᠯ ᠠᠴᠠ᠂ ᠬᠢᠵᠢᠭ ᠤᠨ ᠪᠠᠴᠢᠮ ᠪᠠᠶᠢᠳᠠᠯ ᠢ ᠠᠷᠭᠠᠴᠠᠨ ᠰᠢᠢᠳᠪᠦᠷᠢᠯᠡᠭᠦ ᠪᠣᠳᠠᠳᠦ ᠰᠣᠷᠢᠯᠳᠠ ᠶᠢᠨ ᠠᠵᠢᠯ  ᠢ ᠲᠡᠭᠡᠳᠦ ᠬᠡᠮᠵᠢᠶ᠎ᠡ ᠪᠠᠷ ᠴᠢᠬᠤᠯᠠᠴᠢᠯᠠᠨ᠂ ᠪᠣᠳᠠᠳᠦ ᠰᠣᠷᠢᠯᠳᠠ ᠶᠢᠨ ᠪᠡᠯᠡᠳᠬᠡᠯ ᠪᠣᠯᠣᠨ ᠪᠠᠶᠢᠳᠠᠯ ᠢᠶᠠᠷ ᠡᠯ᠎ᠡ ᠵᠠᠩᠬᠢᠯᠠᠭ᠎ᠠ ᠶᠢᠨ ᠭᠤᠭᠴᠣᠭᠠᠨ ᠤ ᠠᠵᠢᠯ ᠢ ᠪᠦᠬᠦ ᠲᠠᠯ᠎ᠠ ᠪᠠᠷ ᠰᠠᠶᠢᠳᠦᠷ ᠬᠢᠬᠦ ᠬᠡᠷᠡᠭᠳᠡᠢ᠃ ᠪᠦᠯᠬᠦᠮᠳᠡᠨ ᠨᠢᠭᠳᠠᠷᠠᠵᠣ᠂ ᠢᠳᠡᠪᠬᠢᠳᠡᠢ ᠬᠠᠮᠵᠢᠯᠴᠠᠨ᠂ ᠡᠯ᠎ᠡ ᠰᠠᠯᠠᠭ᠎ᠠ ᠮᠦᠴᠢᠷ ᠠᠵᠢᠯ ᠤᠨ ᠡᠭᠦᠷᠭᠡ ᠬᠠᠷᠢᠭᠤᠴᠠᠯᠭ᠎ᠠ ᠶᠣᠰᠣᠭᠠᠷ ᠡᠯ᠎ᠡ ᠵᠠᠩᠬᠢᠯᠠᠭ᠎ᠠ ᠶᠢᠨ ᠭᠤᠭᠴᠤᠭ᠎ᠠ ᠶᠢ ᠲᠦᠷᠢᠮᠵᠢᠭᠦᠯᠵᠣ᠂ ᠲᠠᠬᠢᠨ ᠡᠮᠬᠢᠯᠡᠨ ᠲᠠᠬᠢᠨ ᠲᠡᠭᠦᠯᠳᠡᠷᠵᠢᠭᠦᠯᠬᠦ ᠶᠢᠨ ᠬᠠᠮᠳᠦ ᠶᠠᠰᠦ ᠴᠢᠨᠠᠷ ᠤᠨ ᠡᠵᠡᠮᠳᠡᠯ ᠤᠨ ᠲᠣᠰᠬᠠᠢ ᠪᠠᠭ ᠪᠠᠶᠢᠭᠤᠯᠣᠨ᠂ ᠶᠠᠰᠦ ᠴᠢᠨᠠᠷ ᠢ ᠡᠵᠡᠮᠳᠡᠵᠣ᠂ ᠪᠣᠳᠠᠳᠦ ᠰᠣᠷᠢᠯᠳᠠ  ᠶᠢᠨ ᠵᠢᠱᠢᠭᠰᠡᠨ ᠦᠷ᠎ᠡ ᠪᠦᠳᠦᠮᠵᠢ ᠶᠢ ᠪᠡᠶᠡᠯᠡᠭᠦᠯᠬᠦ ᠶᠢ ᠦᠨᠡᠨ ᠬᠦ ᠪᠠᠳᠣᠯᠠᠬᠤ ᠬᠡᠷᠡᠭᠳᠡᠢ᠃ ᠲᠣᠰ ᠣᠳᠠᠭᠠᠨ ᠤ ᠰᠣᠷᠢᠯᠳᠠ ᠪᠠᠷ ᠲᠣᠬᠢᠶᠠᠯ ᠪᠣᠯᠭᠠᠨ᠂ ᠰᠣᠷᠢᠯᠳᠠ ᠲᠠᠭᠤᠰᠣᠭᠰᠠᠨ ᠤ ᠲᠠᠷᠠᠭ᠎ᠠ ᠪᠦᠬᠦ ᠬᠤᠰᠢᠭᠤᠨ ᠤ ᠬᠢᠵᠢᠭ ᠤᠨ ᠪᠠᠶᠢᠳᠠᠯ ᠢ ᠰᠡᠷᠭᠡᠶᠢᠯᠡᠨ ᠡᠵᠡᠮᠳᠡᠭᠦ ᠠᠵᠢᠯ ᠢ ᠪᠦᠬᠦ ᠲᠠᠯ᠎ᠠ ᠪᠠᠷ ᠡᠮᠬᠢᠯᠡᠵᠣ᠂ ᠠᠰᠠᠭᠤᠳᠠᠯ ᠤᠨ ᠨᠠᠷᠢᠨ ᠲᠠᠩᠰᠠ ᠪᠠᠶᠢᠭᠤᠯᠣᠨ᠂ ᠴᠠᠭ ᠲᠣᠬᠠᠢ ᠳᠤ ᠨᠢ ᠴᠡᠭᠴᠡᠯᠡᠭᠦ ᠶᠢ ᠪᠠᠷᠢᠮᠳᠠᠯᠠᠵᠣ᠂ ᠣᠷᠬᠢᠭᠳᠠᠯ ᠢ ᠨᠦᠬᠦᠪᠦᠷᠢᠯᠡᠨ᠂ ᠬᠢᠵᠢᠭ ᠤᠨ ᠪᠠᠶᠢᠳᠠᠯ ᠤᠨ ᠰᠡᠷᠭᠡᠶᠢᠯᠡᠨ ᠡᠵᠡᠮᠳᠡᠯ ᠤᠨ ᠪᠠᠴᠢᠮ ᠪᠠᠶᠢᠳᠠᠯ ᠢ ᠠᠷᠭᠠᠴᠠᠨ ᠰᠢᠢᠳᠪᠦᠷᠢᠯᠡᠭᠦ ᠴᠢᠳᠠᠪᠬᠢ ᠪᠠᠨ ᠪᠦᠬᠦ ᠲᠠᠯ᠎ᠠ  ᠪᠠᠷ ᠲᠡᠭᠰᠢᠯᠡᠭᠦᠯᠬᠦ ᠬᠡᠷᠡᠭᠳᠡᠢ᠃ ᠬᠢᠵᠢᠭ ᠤᠨ ᠪᠠᠶᠢᠳᠠᠯ ᠢ ᠰᠡᠷᠭᠡᠶᠢᠯᠡᠨ ᠡᠵᠡᠮᠳᠡᠭᠦ ᠡᠯ᠎ᠡ ᠲᠦᠷᠦᠯ ᠤᠨ ᠪᠠᠶᠢᠩᠭᠤᠵᠢᠭᠰᠠᠨ ᠠᠵᠢᠯ ᠢ ᠴᠢᠩᠭᠠᠳᠬᠠᠨ᠂ ᠵᠠᠮ ᠬᠠᠷᠢᠯᠴᠠᠭᠠᠨ ᠤ ᠨᠠᠭᠠᠰᠢ ᠴᠠᠭᠠᠰᠢ ᠶᠠᠪᠣᠬᠤ ᠲᠡᠷᠭᠡᠨ ᠤ ᠬᠠᠮᠢᠶᠠᠷᠣᠯᠳᠠ ᠶᠢ ᠴᠢᠩᠭᠠᠷᠠᠭᠤᠯᠵᠣ᠂ ᠪᠠᠶᠢᠴᠠᠭᠠᠯᠳᠠ ᠶᠢᠨ ᠴᠡᠭ ᠤᠨ ᠠᠵᠢᠯᠳᠠᠨ ᠤ ᠠᠷᠦ ᠲᠠᠯ᠎ᠠ ᠶᠢᠨ ᠠᠵᠢᠯ ᠵᠡᠷᠭᠡ ᠪᠠᠳᠣᠯᠠᠭ᠎ᠠ ᠶᠢ ᠰᠠᠶᠢᠳᠦᠷ ᠬᠢᠬᠦ ᠬᠡᠷᠡᠭᠳᠡᠢ ᠭᠡᠵᠣ ᠴᠢᠬᠤᠯᠠᠴᠢᠯᠠᠭᠰᠠᠨ ᠪᠠᠶᠢᠨ᠎ᠠ᠃     ᠣᠯᠵᠠᠴᠢ ᠪᠠᠯᠭᠠᠰᠦ ᠵᠢᠴᠢ ᠬᠤᠰᠢᠭᠤ ᠰᠢᠭᠤᠳ ᠬᠠᠷᠢᠶ᠎ᠠ ᠬᠠᠮᠢᠶ᠎ᠠ ᠪᠦᠬᠦᠢ ᠰᠠᠯᠠᠭ᠎ᠠ ᠮᠦᠴᠢᠷ ᠤᠨ ᠬᠠᠷᠢᠭᠤᠴᠠᠯᠭᠠᠳᠠᠳ ᠬᠤᠷᠠᠯ ᠳᠤ ᠣᠷᠣᠯᠴᠠᠪᠠ᠃
 
ᠢᠷᠡᠯᠲᠡ᠄ ᠣᠳᠤᠭ ᠤᠨ ᠡᠮᠦᠨᠡᠳᠦ ᠬᠤᠰᠢᠭᠤᠨ ᠤ ᠠᠷᠠᠳ ᠤᠨ ᠵᠠᠰᠠᠭ ᠤᠨ ᠣᠷᠳᠣᠨ ᠤ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号