ᠮᠠᠯᠴᠢᠨ ᠠᠯᠳᠠᠨ᠋ᠧᠴᠢᠷ ᠤᠨ ᠲᠠᠷᠢᠭᠰᠠᠨ ᠺᠠᠯᠼᠳᠦ ᠵᠢᠮᠢᠰ ᠨᠢ ᠡᠯᠪᠡᠭ ᠬᠤᠷᠢᠶᠠᠯᠳᠠ ᠣᠯᠣᠯ᠎ᠠ
ᠨᠡᠶᠢᠲᠡᠯᠡᠭᠰᠡᠨ ᠴᠠᠭ᠄
2022/9/8
    ᠣᠳᠤᠭ ᠤᠨ ᠡᠮᠦᠨᠡᠳᠦ ᠬᠤᠰᠢᠭᠤᠨ ᠤ ᠨᠠᠩᠰᠣ ᠪᠠᠯᠭᠠᠰᠣᠨ ᠤ ᠨᠠᠩᠰᠦ ᠭᠠᠴᠠᠭᠠᠨ ᠤ ᠮᠠᠯᠴᠢᠨ ᠠᠯᠳᠠᠨ᠋ᠧᠴᠢᠷ  ᠤᠨ ᠲᠠᠷᠢᠭᠰᠠᠨ ᠺᠠᠯᠼᠳᠦ ᠵᠢᠮᠢᠰ ᠨᠢ ᠡᠯᠪᠡᠭ ᠬᠤᠷᠢᠶᠠᠯᠳᠠ ᠣᠯᠣᠯ᠎ᠠ᠃     ︽ᠺᠠᠯᠼᠳᠦ ᠵᠢᠮᠢᠰ︾ ᠤᠨ ᠮᠣᠳᠦ ᠨᠢ ᠪᠣᠳᠠ ᠮᠣᠳᠣᠨ ᠤ ᠲᠦᠷᠦᠯ ᠪᠠᠶᠢᠵᠣ᠂ ᠲᠣᠮᠳᠠᠳᠦ ᠣᠯᠣᠰ ᠤᠨ ᠵᠢᠮᠢᠰ  ᠤᠨ ᠮᠣᠳᠣᠨ ᠤ ᠲᠣᠰᠬᠠᠢ ᠮᠡᠷᠭᠡᠵᠢᠯᠳᠡᠨ ᠭᠤᠴᠢᠭᠠᠳ ᠵᠢᠯ ᠤᠨ ᠬᠤᠭᠤᠴᠠᠭ᠎ᠠ ᠶᠢ ᠬᠡᠷᠡᠭᠰᠡᠨ᠂ ᠵᠡᠷᠯᠢᠭ ᠣᠷᠭᠤᠮᠠᠯ  ᠠᠴᠠ ᠢᠯᠡᠷᠡᠭᠦᠯᠦᠭᠰᠡᠨ ᠪᠦᠭᠡᠳ ᠰᠣᠩᠭᠤᠨ ᠪᠣᠶᠢᠵᠢᠭᠤᠯᠣᠭᠰᠠᠨ ᠮᠠᠨ ᠤ ᠣᠯᠣᠰ ᠲᠤ ᠣᠨᠴᠠ ᠪᠠᠶᠢᠳᠠᠭ ᠰᠢᠨ᠎ᠡ ᠰᠢᠯᠢᠳᠡᠭ ᠡᠭᠦᠯᠳᠡᠷ ᠪᠣᠯᠣᠨ᠎ᠠ᠃ ᠡᠨᠡ ᠵᠢᠮᠢᠰ ᠲᠤ ᠭᠤᠷᠪᠠᠨ ᠲᠠᠪᠬᠤᠷ ᠺᠠᠯᠼ ᠨᠦᠬᠦᠪᠦᠷᠢᠯᠡᠭᠦ ᠣᠶᠢᠯᠠᠳᠣᠯ ᠲᠠᠢ ᠠᠴᠠ ᠲᠡᠭᠦᠨ ᠢ ︽ᠺᠠᠯᠼ ᠨᠦᠬᠦᠪᠦᠷᠢᠯᠡᠭᠦ ᠣᠳᠣᠨ︾᠂ ︽ᠵᠢᠮᠢᠰ ᠤᠨ ᠸᠠᠩ︾ ᠭᠡᠵᠣ ᠨᠡᠷᠡᠶᠢᠳᠦᠭᠰᠡᠨ ᠪᠠᠶᠢᠳᠠᠭ᠃ ᠮᠠᠯᠴᠢᠨ ᠠᠯᠳᠠᠨ᠋ᠧᠴᠢᠷ ᠺᠠᠯᠼᠳᠦ ᠵᠢᠮᠢᠰ ᠤᠨ ᠭᠤᠸᠠᠨᠲ᠋ᠧᠳᠦ᠂ ᠠᠷᠢᠬᠢ᠂ ᠪᠠᠯ ᠴᠠᠢ ᠣᠶᠢᠯᠠᠳᠪᠦᠷᠢᠯᠡᠵᠣ ᠪᠣᠷᠣᠯᠠᠭᠤᠯᠵᠣ ᠪᠠᠶᠢᠬᠤ ᠠᠴᠠ ᠭᠠᠳᠠᠨ᠎ᠠ ᠨᠠᠪᠴᠢ ᠨᠠᠮᠠᠭ᠎ᠠ ᠪᠠᠷ ᠨᠢ ᠪᠠᠰᠠ ᠮᠠᠯ ᠲᠡᠵᠢᠭᠡᠪᠦᠷᠢ ᠶᠢᠨ ᠢᠰᠭᠡᠭᠰᠡᠨ ᠪᠣᠷᠳᠤᠭ᠎ᠠ ᠬᠢᠵᠣ᠂ ᠺᠠᠯᠼ ᠰᠧᠯᠧᠨ ᠤ ᠠᠭᠤᠯᠣᠭᠭᠳᠠᠴᠠ ᠦᠨᠳᠦᠷ ᠮᠢᠬᠠᠨ ᠮᠠᠯ ᠤᠨ ᠲᠡᠵᠢᠭᠡᠪᠦᠷᠢ ᠶᠢ ᠬᠦᠭᠵᠢᠭᠦᠯᠵᠣ ᠪᠠᠶᠢᠨ᠎ᠠ᠃
 
ᠢᠷᠡᠯᠲᠡ᠄ ᠣᠳᠤᠭ ᠤᠨ ᠡᠮᠦᠨᠡᠳᠦ ᠬᠤᠰᠢᠭᠤᠨ ᠤ ᠨᠡᠶᠢᠳᠡᠯᠡᠯ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号