ᠬᠦᠷᠢᠶ᠎ᠠ ᠭᠠᠴᠠᠭ᠎ᠠ ᠨᠠᠩᠰᠤ ᠪᠠᠯᠭᠠᠰᠤᠨ ᠠᠴᠠ ᠪᠠᠷᠠᠭᠤᠨ ᠬᠤᠶᠢᠰᠢ 70 ᠺᠢᠯᠤᠮᠧᠲᠷ ᠲᠤ ᠪᠠᠶᠢᠷᠢᠯᠠᠵᠤ᠂ ᠭᠠᠴᠠᠭᠠᠨ ᠤ ᠭᠠᠵᠠᠷ ᠬᠦᠷᠢᠶ᠎ᠡ ᠶᠢᠨ ᠳᠣᠭᠠᠩ | ᠪᠠᠶᠢᠳᠠᠭ ᠲᠤᠯᠠ ᠡᠶᠢᠨᠬᠦ ᠨᠡᠷᠡᠯᠡᠪᠡ᠃ ᠲᠦᠮᠡᠳ· ᠪᠠᠶᠠᠨᠳᠦ᠋ᠭᠦᠷᠡᠩ᠂ ᠪᠠᠶᠠᠨ᠋ᠧᠴᠢᠷ ᠬᠤᠶᠠᠭᠤᠯᠠ 1872 ᠤᠨ ᠳᠤ ᠬᠦᠷᠢᠶ᠎ᠡ ᠶᠢᠨ ᠳᠤᠭᠠᠩ ᠢ ᠪᠠᠶᠢᠭᠤᠯᠤᠨ᠂ | ᠴᠢᠯᠦᠭᠡᠯᠡᠭᠳᠡᠭᠰᠡᠨ ᠤ ᠳᠠᠷᠠᠭ᠎ᠠ ᠲᠠᠪᠤᠳᠤᠭᠠᠷ ᠨᠣᠲᠤᠭ ᠲᠤ ᠬᠠᠷᠢᠶᠠᠯᠠᠭᠳᠠᠬᠤ ᠬᠦᠷᠢᠶ᠎ᠡ ᠪᠠᠭ ᠪᠣᠯᠵᠣ᠂ ᠣᠷᠲᠣᠨᠠᠰᠤᠨ ᠪᠠᠭ ᠤᠨ ᠳᠠᠷᠤᠭ᠎ᠠ ᠪᠣᠯᠪᠠ᠃ 1958 ᠣᠨ | ᠳᠤ ᠬᠤᠷᠰᠢᠶ᠎ᠠ ᠪᠠᠶᠢᠭᠤᠯᠬᠤ ᠳᠤ ᠣᠷᠲᠣᠨᠠᠰᠤᠨ᠂ ᠲᠦᠮᠡᠳ · ᠴᠢᠯᠠᠭᠤᠪᠠᠲᠤ ᠨᠠᠷ ᠲᠤᠯᠤᠭᠠᠶᠢᠯᠠᠨ ᠬᠤᠷᠰᠢᠶᠠᠵᠢᠯ ᠳᠤ ᠤᠷᠤᠪᠠ᠃ 1961 ᠤᠨ ᠳᠤ ᠬᠦᠷᠢᠶ᠎ᠡ | ᠶᠢᠨ ᠳᠤᠭᠠᠩ ᠳᠤ ᠦᠢᠯᠡᠳᠪᠦᠷᠢᠯᠡᠯ ᠤᠨ ᠶᠡᠭᠡ ᠪᠠᠷᠢᠭᠠᠲᠠ ᠠᠩᠬ᠎ᠠ ᠪᠠᠶᠢᠭᠤᠯᠤᠭᠳᠠᠵᠤ᠂ ᠬᠦᠷᠢᠶ᠎ᠡ ᠶᠢᠨ ᠳᠣᠭᠠᠩ ᠳᠤ ᠪᠠᠶᠢᠷᠢᠯᠠᠵᠤ ᠪᠠᠶᠢᠭᠰᠠᠨ ᠪᠤᠯᠬᠤᠷ ᠬᠠᠭᠤᠴᠢᠨ | ᠪᠠᠷᠢᠭᠠᠲᠠ ᠭᠡᠵᠦ ᠨᠡᠷᠡᠯᠡᠨ᠂ 1973 ᠤᠨ ᠳᠤ ᠣᠳᠣ ᠶᠢᠨ ᠪᠠᠶᠢᠭ᠎ᠠ ᠭᠠᠵᠠᠷ ᠨᠡᠭᠦᠵᠦ ᠢᠷᠡᠭᠰᠡᠨ ᠠᠴᠠ ᠰᠢᠨ᠎ᠡ ᠪᠠᠷᠢᠭᠠᠲᠠ ᠭᠡᠵᠦ ᠨᠡᠷᠡᠯᠡᠵᠡᠢ᠂ ᠬᠠᠷᠢᠶ᠎ᠠ ᠭᠠᠵᠠᠷ | ᠭᠤᠴᠢᠨ ᠲᠦᠮᠡ ᠲᠠᠪᠤᠨ ᠵᠠᠭᠤᠨ ᠮᠣ᠋᠂ ᠡᠮᠦᠨᠡᠰᠢ ᠬᠠᠷᠭᠤᠢ ᠶᠢᠨ ᠠᠮᠠ᠂ ᠵᠡᠭᠦᠨᠰᠢ ᠣᠳᠣᠨᠭᠡᠷᠡᠯ ᠤᠨ ᠣᠪᠣᠭ᠎ᠠ᠂ ᠬᠤᠶᠢᠰᠢ ᠬᠠᠷᠭᠠᠨ᠎ᠠ ᠲᠣᠯᠣᠭᠠᠢ᠂ ᠪᠠᠷᠠᠭᠤᠨᠰᠢ | ᠣᠭᠤᠳᠣᠷ ᠤᠨ ᠮᠠᠩᠬ᠎ᠠ ᠬᠦᠷᠳᠡᠭ᠃ 1981 ᠣᠨ ᠳᠤ ᠲᠠᠭᠠᠭᠠᠴᠢᠯᠠᠯᠲᠠ ᠶᠢᠨ ᠲᠦᠷᠢᠮ ᠢ ᠬᠡᠷᠡᠭᠵᠢᠬᠦᠯᠵᠣ᠂ 1984 ᠣᠨ ᠳᠤ ᠮᠣᠭᠠᠶᠢᠲᠤ ᠰᠤᠮᠤ ᠶᠢᠨ ᠬᠦᠷᠢᠶ᠎ᠠ | ᠭᠠᠴᠠᠭ᠎ᠠ ᠭᠡᠵᠦ ᠨᠡᠷᠡᠯᠡᠨ᠂ 2005 ᠣᠨ ᠳᠤ ᠨᠠᠩᠰᠤ ᠪᠠᠯᠭᠠᠰᠤᠨ ᠳᠤ ᠬᠠᠷᠢᠶᠠᠯᠠᠭᠤᠯᠪᠠ᠃ ᠪᠠᠶᠠᠨᠲᠤᠭᠤᠷᠢᠮ᠂ ᠪᠠᠶᠠᠨ ᠦᠨᠳᠦᠷ᠂ ᠪᠠᠶᠠᠨᠲᠤᠯᠤᠭᠠᠢ 3 ᠮᠠᠯᠵᠢᠯ ᠤᠨ | ᠬᠤᠷᠰᠢᠶ᠎ᠠ ᠲᠠᠢ᠂ ᠨᠠᠶᠢᠲᠠ 156 ᠡᠷᠦᠬᠡ 415 ᠬᠦᠮᠦᠨ ᠠᠮᠠ ᠲᠠᠢ᠂ ᠪᠠᠶᠢᠩᠭᠤ ᠰᠠᠭᠤᠭ᠎ᠠ 110 ᠡᠷᠦᠬᠡ 369 ᠬᠦᠮᠦᠨ ᠲᠠᠢ᠂ ᠨᠠᠮ ᠤᠨ ᠭᠡᠰᠢᠭᠦᠨ 20 | ᠬᠦᠮᠦᠨ᠂ ᠭᠠᠴᠠᠭᠠᠨ ᠤ ᠶᠡᠷᠦᠩᠬᠡᠢ ᠲᠡᠯᠡᠪᠡᠢ 30.6 ᠲᠦᠮᠡᠨ ᠮᠣ᠋᠂ ᠪᠦᠲᠦᠮᠵᠢᠲᠡᠢ ᠣᠰᠣᠯᠠᠯᠲᠠ ᠶᠢᠨ ᠲᠡᠯᠡᠪᠡᠢ 4750 ᠮᠣ᠋᠂ ᠮᠠᠯ ᠤᠨ ᠶᠡᠷᠦᠩᠬᠡᠢ ᠲᠤᠭ᠎ᠠ 1.2 | ᠲᠦᠮᠡᠨ ᠲᠤᠯᠤᠭᠠᠢ᠂ ᠮᠠᠯᠴᠢᠨ ᠲᠠᠷᠢᠶᠠᠴᠢᠨ ᠤ ᠬᠦᠮᠦᠨ ᠳᠣᠮᠳᠠᠴᠢ ᠶᠢᠨ ᠴᠡᠪᠡᠷ ᠣᠷᠣᠯᠭ᠎ᠠ 1.52 ᠲᠦᠮᠡᠨ ᠲᠦᠭᠦᠷᠢᠭ᠂ ᠮᠣᠩᠭᠤᠯ ᠦᠨᠳᠦᠰᠦᠲᠡᠨ ᠢᠶᠠᠷ ᠭᠤᠤᠯ | ᠴᠤᠭᠴᠠ ᠪᠣᠯᠭᠠᠵᠤ᠂ ᠮᠠᠯ ᠠᠵᠤ ᠠᠬᠤᠢ ᠪᠠᠷ ᠭᠤᠤᠯ ᠪᠣᠯᠭᠠᠨ᠂ ᠮᠠᠯ ᠲᠠᠷᠢᠶᠠᠯᠠᠩ ᠢ ᠬᠠᠮᠲᠤ ᠬᠦᠭᠵᠢᠭᠦᠯᠦᠭᠰᠡᠨ ᠭᠠᠴᠠᠭ᠎ᠠ ᠪᠤᠯᠤᠨ᠎ᠠ᠃ | |