ᠴᠢᠪᠠᠭᠠᠳᠤ ᠶᠢᠨ ᠤᠪᠤᠭ᠎ᠠ ᠪᠤᠯ ᠤᠳᠤ ᠶᠢᠨ ᠤᠳᠤᠭ ᠤᠨ ᠡᠮᠤᠨᠡᠳᠤ ᠬᠤᠰᠢᠭᠤᠨ ᠤ ᠮᠠᠯᠠᠤᠨ ᠰᠤᠮᠤᠨ ᠤ ᠲᠦᠪ ᠪᠤᠯᠬᠤ ᠮᠠᠯᠠᠤᠨ ᠤᠨ ᠰᠦᠮ᠎ᠡ ᠠᠴᠠ ᠡᠮᠤᠨ᠎ᠡ | 6 ᠺᠢᠯᠤᠮᠧᠲᠷ ᠤᠨ ᠵᠠᠶᠢᠳᠤ ᠪᠠᠶᠢᠭ᠎ᠠ᠂ 15 ᠭᠠᠵᠠᠷ ᠤᠨ ᠤᠷᠳᠤ ᠦᠷᠬᠡᠨ ᠵᠡᠷᠯᠢᠭ ᠴᠢᠪᠠᠭ᠎ᠠ ᠶᠠᠰᠢᠯ ᠬᠦᠢᠯᠡᠰᠤᠨ ᠮᠤᠳᠤ ᠤᠷᠭᠤᠭᠰᠠᠨ ᠦᠨᠳᠤᠷ ᠬᠠᠷ᠎ᠠ ᠰᠢᠯᠢ ᠶᠢᠨ | ᠳᠡᠬᠡᠷ᠎ᠡ 3 ᠺᠢᠯᠤᠮᠧᠲᠷ ᠦᠷᠬᠡᠨ ᠤᠷᠳᠤ ᠡᠷᠳᠡᠨᠢ ᠶᠢᠨ ᠬᠠᠰ ᠯᠤᠤ ᠴᠠᠭᠠᠷᠢᠭᠯᠠᠨ ᠵᠢᠷᠭᠠᠭᠰᠡᠨ ᠰᠢᠨᠵᠢ ᠲᠠᠢ ᠰᠠᠶᠢᠷ ᠬᠠᠳᠠᠨ ᠳᠤᠯᠤᠭᠠᠢ ᠶᠢᠨ ᠬᠡᠵᠢᠬᠡ ᠳᠡᠬᠡᠷ᠎ᠡ | ᠪᠠᠶᠢᠷᠢᠰᠢᠵᠤ ᠪᠤᠢ᠃ ᠡᠨᠡ ᠨᠢ ᠳᠠᠯᠠᠢ ᠶᠢᠨ ᠲᠦᠪᠰᠢᠨ ᠠᠴᠠ 1409 ᠮᠧᠲᠷ ᠦᠨᠳᠤᠷ᠂ ᠤᠮᠠᠷᠠᠳᠤ ᠦᠷᠬᠡᠷᠢᠭ ᠤᠨ 38。18、᠂ ᠵᠡᠬᠦᠨ ᠤᠷᠳᠤᠷᠢᠭ ᠤᠨ | 108。04、 ᠲᠠᠬᠢ ᠳᠤᠯᠤᠭᠠᠢ ᠶᠢᠨ ᠤᠷᠤᠢ ᠳᠡᠬᠡᠷ᠎ᠡ ᠪᠤᠰᠬᠠᠭᠰᠡᠨ ᠲᠦᠷᠪᠡᠯᠵᠢᠨ ᠳᠠᠶᠢᠰᠠᠨ ᠳᠡᠬᠡᠷ᠎ᠡ 1.8 ᠮᠧᠲᠷ ᠦᠨᠳᠤᠷ ᠳᠤᠭᠤᠢ ᠳᠤᠭᠤᠷᠢᠭ ᠤᠨ ᠳᠡᠬᠡᠷ᠎ᠡ | ᠨᠢᠬᠡ ᠰᠠᠶᠢᠰᠤᠮ ᠲᠠᠢ ᠰᠦᠯᠳᠠ ᠶᠢᠨ ᠪᠠᠭᠠᠨ᠎ᠠ ᠶᠢ ᠤᠯᠠᠭᠠᠨ ᠪᠤᠷᠭᠠᠰᠤᠨ ᠰᠠᠭᠰᠤᠭᠠᠢ ᠲᠠᠢ ᠬᠠᠮᠳᠤ ᠪᠤᠰᠬᠠᠭᠰᠡᠨ ᠪᠦᠬᠡᠤᠨ ᠳᠡᠬᠦᠨ ᠠᠴᠠ 3 ᠳᠠᠶᠢᠰᠢ ᠳᠠᠪᠤᠨ | ᠦᠩᠬᠡ ᠶᠢᠨ ᠬᠡᠶᠢᠮᠤᠷᠢ ᠶᠢᠨ ᠯᠤᠩᠵᠢᠤᠨ ᠬᠡᠶᠢᠰᠬᠡᠨ ᠴᠢᠭᠳᠠᠭ᠎ᠠ ᠳᠠᠳᠠᠵᠤ ᠪᠤᠰᠬᠠᠭᠰᠡᠨ ᠶᠡᠭᠡ ᠤᠪᠤᠭ᠎ᠠ ᠪᠤᠢ᠃ | ᠶᠡᠭᠡ ᠤᠪᠤᠭᠠᠨ ᠠᠴᠠ ᠵᠡᠬᠦᠨ ᠤᠷᠤᠭᠰᠢ ᠠᠯᠳᠠ ᠢᠯᠡᠬᠦᠤ ᠵᠠᠢ ᠳᠡᠬᠡᠷ᠎ᠡ ᠬᠤᠶᠢᠰᠢ ᠤᠷᠤᠭᠰᠢ ᠵᠢᠭᠳᠡᠷᠡᠭᠰᠡᠨ ᠳᠠᠪᠤᠨ ᠦᠩᠬᠡ ᠶᠢᠨ ᠳᠠᠷᠴᠤᠭ ᠲᠠᠢ ᠬᠠᠳᠠ ᠪᠠᠷ | ᠪᠤᠰᠬᠠᠭᠰᠡᠨ 12 ᠴᠡᠷᠢᠭ ᠤᠪᠤᠭ᠎ᠠ ᠪᠤᠢ᠃ ᠶᠡᠭᠡ ᠤᠪᠤᠭᠠᠨ ᠤ ᠡᠮᠤᠨ᠎ᠡ ᠳᠠᠯ᠎ᠠ ᠳᠤ ᠬᠦᠵᠢ ᠵᠤᠯᠠ ᠡᠷᠬᠦᠬᠦ ᠬᠠᠳᠠᠨ ᠬᠦᠩᠭᠠᠷᠠᠪᠠ ᠲᠠᠢ᠃ ᠳᠡᠬᠦᠨ ᠤ ᠡᠮᠤᠨ᠎ᠡ ᠰᠤᠭ | ᠳᠡᠬᠡᠵᠢ᠂ ᠦᠤᠩᠡ ᠰᠢᠬᠦᠰᠤ ᠳᠠᠯᠪᠢᠬᠤ ᠦᠨᠳᠤᠷ ᠱᠤᠶᠢᠨᠢ ᠳᠠᠪᠴᠠᠩ ᠲᠠᠢ᠃ ᠳᠡᠬᠦᠨ ᠤ ᠡᠮᠤᠨ᠎ᠡ ᠬᠠᠷ᠎ᠠ ᠠᠵᠢᠷᠭᠠᠨ ᠬᠦᠬᠦᠯ ᠬᠠᠳᠠᠭᠰᠡᠨ ᠳᠠᠪᠤᠨ ᠦᠩᠬᠡ ᠶᠢᠨ | ᠬᠡᠶᠢᠮᠤᠷᠢ ᠶᠢᠨ ᠯᠤᠩᠵᠢᠤᠨ ᠳᠠᠷᠴᠤᠭ ᠳᠠᠳᠠᠭᠰᠡᠨ 2 ᠰᠠᠶᠢᠰᠤᠮ ᠲᠠᠢ ᠰᠠᠩ ᠤᠨ ᠰᠦᠷᠤ ᠲᠠᠢ᠃ ᠳᠡᠬᠦᠨ ᠤ ᠳᠤᠮᠳᠠ ᠰᠠᠩ ᠰᠤᠯᠬᠡ ᠳᠠᠯᠪᠢᠬᠤ ᠳᠠᠪᠴᠠᠩ ᠲᠠᠢ᠃ | ᠤᠪᠤᠭᠠᠨ ᠤ ᠪᠠᠷᠠᠭᠤᠨ ᠤᠷᠢᠳᠠᠢ ᠬᠡᠷ ᠮᠠᠶᠢᠬᠠᠨ ᠪᠠᠷᠢᠬᠤ ᠳᠠᠯᠠᠪᠠᠢ ᠲᠠᠢ ᠪᠦᠬᠡᠤᠨ ᠤᠪᠤᠭᠠᠨ ᠤ ᠵᠡᠬᠦᠨ ᠤᠷᠢᠳᠠᠢ ᠳᠤᠯᠭ᠎ᠠ ᠵᠤᠤᠬ᠎ᠠ ᠵᠠᠰᠠᠬᠤ ᠭᠠᠵᠠᠷ ᠲᠠᠢ᠂ ᠤᠪᠤᠭᠠᠨ | ᠤ ᠡᠮᠤᠨ᠎ᠡ ᠳᠠᠯ᠎ᠠ ᠳᠤ ᠨᠢ ᠨᠠᠶᠢᠷ ᠤᠨ ᠳᠠᠯᠠᠪᠠᠢ ᠲᠠᠢ᠃ | ᠳᠤᠬᠠᠢ ᠶᠢᠨ ᠦᠶ᠎ᠡ ᠳᠤ ᠬᠤᠰᠢᠭᠤ ᠶᠠᠮᠤᠨ ᠱᠠᠩ ᠠᠴᠠ ᠠᠯᠪᠠᠨ ᠪᠢᠴᠢᠭ ᠢᠶᠠᠷ ᠳᠤᠮᠢᠯᠠᠭᠰᠡᠨ ᠤᠪᠤᠭᠠᠨ ᠳᠠᠭᠠᠭᠠᠮᠠᠯ ᠨᠢ ᠬᠤᠰᠢᠭᠤ ᠮᠠᠶᠢᠷᠠᠨ᠂ ᠶᠠᠮᠤᠨ | ᠳᠠᠷᠢᠬᠦᠯᠡᠭᠴᠢ ᠱᠠᠨᠵᠢᠮᠢᠳᠤᠪ ᠪᠤᠯᠤᠨ ᠬᠦᠨᠴᠦᠭᠵᠠᠪ᠂ ᠳᠠᠯᠠᠨᠳᠠᠢ᠂ ᠴᠢᠩᠯᠠᠢ ᠵᠡᠷᠬᠡ ᠳᠠᠭᠠᠭᠠᠮᠠᠯ ᠢ ᠦᠶ᠎ᠡ ᠵᠠᠯᠭᠠᠮᠵᠢᠯᠠᠨ ᠤᠪᠤᠭᠠᠨ ᠤ ᠠᠯᠢᠪᠠ ᠳᠠᠬᠢᠯᠭ᠎ᠠ ᠰᠢᠳᠤᠯᠬᠡ ᠶᠢ | ᠬᠠᠮᠢᠶᠠᠷᠬᠤ ᠵᠤᠷᠰᠢᠯ ᠪᠤᠯᠭᠠᠨ ᠳᠤᠭᠳᠠᠭᠠᠵᠠᠢ᠃ ᠳᠡᠬᠦᠨ ᠤ ᠳᠤᠤᠷ᠎ᠠ ᠬᠠᠷᠢᠶ᠎ᠠ ᠰᠤᠮᠤᠨ ᠠᠴᠠ 4 ᠳᠠᠯ᠎ᠠ ᠶᠢᠨ ᠳᠠᠷᠤᠭ᠎ᠠ ᠨᠢ ᠬᠤᠶᠢᠳᠤ ᠳᠠᠯ᠎ᠠ ᠠᠴᠠ ᠵᠢᠷᠠᠨᠳᠠᠢ᠂ | ᠵᠡᠬᠦᠨ ᠳᠠᠯ᠎ᠠ ᠠᠴᠠ ᠮᠦᠩᠬᠡᠪᠠᠳᠤ᠂ ᠡᠮᠤᠨ᠎ᠡ ᠳᠠᠯ᠎ᠠ ᠠᠴᠠ ᠪᠠᠤᠨᠮᠠ᠂ ᠪᠠᠷᠠᠭᠤᠨ ᠳᠠᠯ᠎ᠠ ᠠᠴᠠ ᠡᠷᠳᠡᠨᠢᠰᠠᠩ ᠵᠡᠷᠬᠡ 4 ᠳᠠᠷᠤᠭ᠎ᠠ ᠶᠢ ᠳᠤᠮᠢᠯᠠᠵᠤ ᠪᠠᠶᠢᠵᠠᠢ᠃ ᠪᠠᠰᠠ | ᠤᠪᠤᠭᠠᠨ ᠤ ᠪᠤᠱᠤᠭᠤ ᠳᠡᠮᠴᠢ ᠨᠢᠷᠪᠠ ᠭᠠᠯᠴᠢ ᠶᠢ ᠳᠠᠭᠠᠭᠠᠮᠠᠯ ᠤᠨ ᠭᠠᠵᠠᠷ ᠠᠴᠠ ᠤᠷᠢᠵᠤ ᠬᠡᠷᠡᠭᠯᠡᠳᠡᠭ ᠠᠵᠢ᠃ | ᠤᠪᠤᠭᠠᠨ ᠤ ᠬᠠᠮᠪᠤ ᠯᠠᠮᠠ ᠶᠢ ᠮᠠᠯᠠᠤᠨ ᠤᠨ ᠰᠦᠮ᠎ᠠ ᠶᠢᠨ ᠱᠠᠪᠷᠤᠩ ᠯᠤᠪᠰᠠᠩᠳᠠᠨᠽᠢᠨᠨᠢᠮᠠ᠂ ᠰᠢᠷᠠᠪᠬᠠᠶᠢᠪᠰᠤᠩ ᠡᠬᠡᠯᠵᠢ ᠪᠠᠷ ᠡᠷᠬᠢᠯᠡᠵᠤ ᠬᠡᠪᠬᠦᠢ ᠤᠮᠵᠠᠤᠨ | ᠭᠤᠨᠢᠷ ᠵᠡᠷᠬᠡ ᠠᠷᠪᠠᠭᠠᠤᠨ ᠯᠠᠮᠠ ᠶᠢ ᠰᠦᠮ᠎ᠠ ᠶᠢᠨ ᠰᠤᠭᠳᠤᠢ ᠠᠴᠠ ᠳᠤᠮᠢᠯᠠᠳᠠᠭ ᠪᠠᠶᠢᠵᠠᠢ᠃ | ᠴᠢᠪᠠᠭᠠᠳᠤ ᠶᠢᠨ ᠤᠪᠤᠭ᠎ᠠ ᠨᠢ ᠵᠢᠯ ᠳᠤ ᠬᠤᠶᠠᠷ ᠤᠳᠠᠭ᠎ᠠ ᠶᠢᠨ ᠳᠠᠬᠢᠯᠭ᠎ᠠ ᠲᠠᠢ᠃ | ᠠᠩᠬᠠᠳᠠᠬᠢ ᠳᠠᠬᠢᠯᠭ᠎ᠠ ᠨᠢ ᠴᠠᠭᠠᠨ ᠰᠠᠷ᠎ᠠ ᠶᠢᠨ ᠠᠷᠪᠠᠨ ᠭᠤᠷᠪᠠᠨ ᠳᠤ ᠳᠠᠭᠠᠭᠠᠮᠠᠯ ᠭᠤᠨᠢᠷ ᠲᠠᠢ ᠪᠠᠨ ᠢᠷᠡᠵᠤ ᠰᠤᠭ ᠳᠡᠬᠡᠵᠢ᠂ ᠴᠠᠭᠠᠨ ᠢᠳᠡᠬᠡᠨ ᠢᠶᠠᠷ | ᠵᠠᠩᠭᠠᠨ ᠷᠠᠯᠾᠠ ᠳᠠᠬᠢᠵᠤ ᠨᠠᠮᠳᠠᠭ ᠰᠠᠩ ᠤᠩᠰᠢᠵᠤ ᠵᠤᠯᠠ ᠬᠦᠵᠢ ᠰᠠᠩ ᠰᠠᠷᠵᠢᠮ ᠡᠷᠬᠦᠵᠤ ᠳᠠᠬᠢᠳᠠᠭ ᠶᠤᠮ᠃ | ᠬᠤᠶᠠᠳᠠᠬᠢ ᠳᠠᠬᠢᠯᠭ᠎ᠠ ᠨᠢ ᠨᠠᠢᠮᠠᠨ ᠰᠠᠷ᠎ᠠ ᠶᠢᠨ ᠰᠢᠨ᠎ᠠ ᠶᠢᠨ ᠶᠢᠰᠤᠨ ᠠᠴᠠ ᠮᠠᠯᠠᠤᠨ ᠤᠨ ᠰᠦᠮ᠎ᠡ ᠳᠡᠬᠡᠷ᠎ᠡ ᠭᠠᠨᠵᠤᠤᠷ ᠨᠡᠬᠡᠬᠡᠨ ᠠᠯᠳᠠᠨᠬᠡᠷᠡᠯ ᠤᠨ ᠪᠦᠳᠤᠬᠡᠬᠦᠯ | ᠬᠤᠷᠠᠵᠤ᠂ ᠠᠷᠪᠠᠨ ᠭᠤᠷᠪᠠᠨ ᠤ ᠦᠷᠯᠤᠬᠡ ᠠᠴᠠ ᠤᠪᠤᠭᠠᠨ ᠳᠤ ᠢᠷᠡᠵᠤ ᠶᠡᠭᠡ ᠳᠠᠬᠢᠯᠭ᠎ᠠ ᠳᠠᠬᠢᠳᠠᠭ᠃ ᠡᠬᠦᠨ ᠳᠤ 4 ᠳᠠᠯ᠎ᠠ ᠶᠢᠨ ᠳᠠᠴᠠᠩ ᠠᠴᠠ 4 ᠬᠤᠨᠢᠨ | ᠦᠤᠩᠡ᠂ ᠬᠠᠷᠢᠶ᠎ᠠ ᠰᠤᠮᠤ᠂ ᠰᠦᠮ᠎ᠡ ᠬᠡᠶᠢᠤᠨ᠂ ᠠᠶᠢᠯ ᠡᠷᠤᠬᠡ ᠶᠢᠨ ᠦᠤᠩᠡ ᠰᠢᠬᠦᠰᠤ ᠲᠠᠢ ᠨᠡᠶᠢᠯᠡᠬᠡᠤᠨ ᠠᠷᠪᠠᠭᠠᠤᠨ ᠬᠤᠨᠢᠨ ᠰᠢᠬᠦᠰᠤ ᠪᠤᠯᠤᠨ ᠳᠤᠭ᠎ᠠ ᠳᠤᠮᠰᠢ | ᠦᠬᠡᠢ ᠰᠤᠭ ᠳᠡᠬᠡᠵᠢ᠂ ᠴᠠᠭᠠᠨ ᠢᠳᠡᠬᠡᠨ ᠢ ᠤᠪᠤᠭᠠᠨ ᠤ ᠳᠠᠬᠢᠯ ᠤᠨ ᠳᠠᠪᠴᠠᠩ ᠳᠡᠬᠡᠷ᠎ᠡ ᠵᠡᠷᠬᠡᠴᠡᠬᠦᠯᠤᠨ ᠳᠠᠯᠪᠢᠵᠤ ᠯᠾᠠᠮᠤ ᠭᠤᠮᠪᠤ᠂ ᠨᠠᠮᠰᠠᠷᠠᠢ ᠬᠤᠷᠠᠵᠤ᠂ ᠵᠠᠩᠭᠠᠨ | ᠳᠠᠬᠢᠵᠤ᠂ ᠨᠠᠮᠳᠠᠭ ᠰᠠᠩ ᠤᠩᠰᠢᠵᠤ ᠵᠤᠯᠠ ᠬᠦᠵᠢ ᠡᠷᠬᠦᠵᠤ ᠰᠠᠩ ᠳᠠᠯᠪᠢᠨ ᠲᠦᠷᠪᠡᠨ ᠵᠦᠭ ᠤᠨ ᠳᠠᠯᠠᠯᠭ᠎ᠠ ᠳᠠᠯᠠᠯᠤᠨ ᠳᠠᠬᠢᠳᠠᠭ᠃ ᠳᠠᠬᠢᠵᠤ ᠪᠠᠷᠠᠭᠠᠤᠨ ᠤᠪᠤᠭᠠᠨ | ᠤ ᠰᠤᠭ ᠳᠡᠬᠡᠵᠢ ᠪᠠᠨ ᠰᠠᠴᠤᠵᠤ ᠳᠠᠷᠠᠭ᠎ᠠ ᠪᠠᠷ ᠨᠢ ᠤᠪᠤᠭᠠᠨ ᠤ ᠬᠡᠰᠢᠭ ᠱᠠᠩ ᠬᠡᠵᠤ ᠤᠯᠠᠨ ᠪᠦᠬᠦᠳᠠ ᠳᠤ ᠬᠤᠪᠢᠶᠠᠨ ᠲᠦᠬᠡᠬᠡᠵᠤ᠂ ᠤᠪᠤᠭᠠᠨ ᠤ ᠤᠷᠢᠳᠠᠢ | ᠨᠠᠭᠠᠳᠤᠮ ᠤᠨ ᠳᠠᠯᠠᠪᠠᠢ ᠳᠤ 36 ᠪᠦᠬᠡ ᠪᠠᠷᠢᠯᠳᠤᠬᠤ᠂ 10 ᠭᠠᠵᠠᠷ ᠤᠨ ᠦᠵᠤᠬᠦᠷ ᠠᠴᠠ ᠮᠤᠷᠢ ᠤᠷᠤᠯᠳᠤᠬᠤ ᠶᠢ ᠰᠤᠨᠢᠷᠬᠠᠨ᠎ᠠ᠃ | ᠳᠤᠬᠠᠢ ᠶᠢᠨ ᠦᠶ᠎ᠡ ᠳᠤ ᠤᠪᠤᠭᠠᠨ ᠤ ᠬᠤᠷᠢᠭᠤᠯ ᠤᠨ ᠭᠠᠵᠠᠷ᠂ ᠰᠦᠮ᠎ᠡ ᠶᠢᠨ ᠬᠤᠷᠢᠭᠤᠯ ᠤᠨ ᠭᠠᠵᠠᠷ᠂ ᠠᠯᠠᠭ ᠰᠦᠯᠳᠠ ᠶᠢᠨ ᠬᠤᠷᠢᠭᠤᠯ ᠤᠨ ᠭᠠᠵᠠᠷ | ᠵᠡᠷᠬᠡ ᠭᠤᠷᠪᠠᠨ ᠬᠤᠷᠢᠭᠤᠯ ᠤᠨ ᠭᠠᠵᠠᠷ ᠨᠡᠶᠢᠯᠡᠬᠡᠤᠨ ᠬᠤᠶᠢᠰᠢ ᠤᠷᠤᠭᠰᠢ 10 ᠺᠢᠯᠤᠮᠧᠲᠷ ᠤᠨ ᠦᠷᠬᠡᠨ ᠤᠷᠳᠤ ᠭᠠᠵᠠᠷ ᠤᠨ ᠳᠤᠳᠤᠷ᠎ᠠ ᠠᠩ ᠬᠦᠷᠤᠬᠡ ᠬᠢᠵᠤ | ᠪᠤᠯᠬᠤ ᠦᠬᠡᠢ᠂ ᠠᠳᠠᠷ ᠬᠠᠭᠠᠯᠪᠤᠷᠢᠯᠠᠨ ᠳᠠᠷᠢᠶ᠎ᠠ ᠳᠠᠷᠢᠵᠤ ᠪᠤᠯᠬᠤ ᠦᠬᠡᠢ᠂ ᠠᠶᠢᠯ ᠡᠷᠤᠬᠡ ᠨᠡᠬᠦᠳᠡᠯᠯᠡᠨ ᠢᠷᠡᠵᠤ ᠪᠤᠯᠬᠤ ᠦᠬᠡᠢ ᠵᠡᠷᠬᠡ ᠲᠦᠷᠢᠮ ᠳᠤᠭᠳᠠᠭᠠᠯ ᠲᠠᠢ | ᠪᠠᠶᠢᠵᠠᠢ ᠬᠡᠨ᠎ᠡ᠃ | ᠡᠳᠤᠬᠡ ᠴᠤ ᠤᠭ ᠤᠨ ᠤᠪᠤᠭᠠᠨ ᠳᠠᠭᠠᠭᠠᠮᠠᠯ ᠪᠠᠶᠢᠭᠰᠡᠨ ᠴᠢᠩᠯᠠᠢ ᠶᠢᠨ ᠤᠤᠨᠬᠤᠨ ᠬᠦᠪᠡᠬᠦᠨ ᠪᠤᠶᠠᠠᠶᠢᠪᠡᠬᠡᠯ ᠲᠠᠢ ᠬᠠᠮᠳᠤ ᠳᠠᠭᠠᠭᠠᠮᠠᠯ ᠬᠢᠵᠤ ᠪᠠᠶᠢᠬᠤ | ᠦᠯᠵᠡᠶᠢᠬᠤᠳᠤᠭ᠂ ᠤᠤᠨᠬᠠᠨᠪᠠᠪᠠ ᠨᠠᠷ ᠤᠯᠠᠨ ᠲᠦᠮᠡᠨ ᠲᠠᠢ ᠬᠠᠮᠳᠤ ᠤᠪᠤᠭ᠎ᠠ ᠪᠠᠨ ᠰᠢᠨᠡᠤᠨᠬᠡᠨ ᠵᠠᠰᠠᠵᠤ ᠤᠭ ᠤᠨ ᠵᠤᠷᠰᠢᠯ ᠶᠤᠰᠤᠭᠠᠷ ᠵᠢᠯ ᠳᠤ ᠠᠷᠪᠠᠨ ᠬᠡᠳᠤᠨ | ᠠᠶᠢᠯ ᠤᠳ ᠡᠬᠡᠯᠵᠢ ᠪᠠᠷ 4 — 5 ᠬᠤᠨᠢᠨ ᠦᠤᠩᠡ ᠰᠢᠬᠦᠰᠤ᠂ ᠰᠤᠭ ᠳᠡᠬᠡᠵᠢ ᠪᠠᠷ ᠳᠠᠬᠢᠵᠤ ᠪᠤᠢ᠃ | ᠡᠨᠡ ᠴᠢᠪᠠᠭᠠᠳᠤ ᠶᠢᠨ ᠤᠪᠤᠭᠠᠨ ᠤ ᠳᠤᠬᠠᠢ ᠠᠷᠠᠤᠨ ᠤᠨ ᠳᠤᠮᠳᠠ ᠡᠶᠢᠮᠤ ᠨᠢᠬᠡᠨ ᠳᠤᠮᠤᠭ ᠪᠠᠶᠢᠳᠠᠭ᠄ | ᠤᠷᠢᠳᠤ ᠴᠢᠪᠠᠭᠠᠳᠤ ᠶᠢᠨ ᠰᠢᠯᠢ ᠶᠢᠨ ᠡᠩᠬᠡᠷ ᠲᠤ ᠬᠤᠯᠠ ᠤᠶᠢᠷ᠎ᠠ ᠳᠠᠭᠠᠨ ᠨᠠᠷᠠ ᠠᠯᠳᠠᠷᠰᠢᠭᠰᠡᠨ ᠪᠤᠷᠤ ᠵᠠᠬᠢᠷᠤᠭᠴᠢ ᠬᠡᠳᠡᠭ ᠨᠤᠶᠠᠨ᠂ ᠴᠢᠪᠠᠭᠠᠳᠤ ᠶᠢᠨ | ᠰᠢᠯᠢ ᠶᠢᠨ ᠤᠶᠢᠷ᠎ᠠ ᠤᠷᠴᠢᠮ ᠤᠨ ᠪᠠᠶᠠᠨ ᠠᠶᠢᠯ ᠤᠳ ᠲᠠᠢ ᠪᠠᠨ ᠰᠦᠰᠦᠭ ᠨᠢᠬᠡᠳᠤᠨ ᠠᠳᠤᠭᠤ ᠮᠠᠯ ᠳᠠᠭᠠᠨ ᠪᠦᠳᠤᠬᠡᠭᠰᠡᠨ ᠨᠠᠢᠮᠠᠨ ᠳᠠᠬᠢᠯ ᠶᠢᠰᠤᠨ ᠡᠷᠳᠡᠨᠢ ᠶᠢᠨ | ᠱᠠᠩ ᠳᠠᠷᠤᠵᠤ ᠪᠤᠰᠬᠠᠭᠰᠡᠨ ᠨᠤᠳᠤᠭ ᠤᠰᠤᠨ ᠤ ᠤᠪᠤᠭ᠎ᠠ ᠪᠠᠶᠢᠵᠠᠢ ᠬᠡᠨ᠎ᠡ᠃ ᠳᠡᠬᠦᠨ ᠤ ᠪᠠᠷᠠᠭᠤᠨ ᠬᠤᠶᠢᠳᠠᠢ 5 ᠺᠢᠯᠤᠮᠧᠲᠷ ᠭᠠᠵᠠᠷ ᠤᠨ ᠵᠠᠶᠢᠳᠤ ᠬᠠᠪᠤᠳᠤ | ᠬᠠᠰᠠᠷ ᠤᠨ ᠠᠯᠠᠭ ᠰᠦᠯᠳᠠ ᠪᠤᠢ᠃ ᠡᠬᠦᠨ ᠢ ᠤᠳᠤᠭ ᠬᠤᠰᠢᠭᠤᠨ ᠤ ᠬᠠᠮᠤᠭ ᠶᠡᠭᠡ ᠳᠡᠤᠬᠡ ᠶᠢᠨ ᠤᠯᠠᠮᠵᠢᠯᠠᠯᠳᠤ ᠰᠢᠳᠤᠬᠡᠨ ᠪᠤᠯᠭᠠᠨ ᠳᠠᠬᠢᠵᠤ ᠪᠠᠶᠢᠵᠠᠢ᠃ | ᠬᠡᠨᠡᠤᠨᠳᠠ 1868 ᠤᠨ ᠤ ᠦᠶ᠎ᠡ ᠳᠤ ᠨᠢᠩᠰᠢᠶᠠ ᠶᠢᠨ ᠬᠤᠳᠤᠩ ᠦᠨᠳᠤᠰᠤᠳᠠᠨ ᠤ ᠪᠤᠰᠤᠯᠭᠠᠳᠠᠨ — ︽ᠮᠠᠭᠤ ᠬᠤᠯᠠᠭᠠᠢ︾ ᠤᠷᠳᠤᠰ ᠨᠤᠳᠤᠭ ᠲᠤ | ᠴᠦᠮᠤᠷᠠᠨ ᠤᠷᠤᠵᠤ ᠢᠷᠡᠬᠡᠤᠨ ᠶᠡᠭᠡ ᠯᠠ ᠭᠠᠢ ᠵᠤᠪᠠᠯᠠᠩ ᠢ ᠤᠴᠠᠷᠠᠭᠤᠯᠵᠤ ︽ᠮᠤᠩᠭᠤᠯ ᠤᠨ ᠵᠡᠪᠰᠡᠭ ᠢ ᠮᠤᠩᠭᠤᠯ ᠳᠤ ᠨᠢ ᠬᠡᠷᠡᠭᠯᠡᠨ᠎ᠡ︾ ᠬᠡᠤᠨ ᠠᠯᠠᠭ ᠰᠦᠯᠳᠠ | ᠶᠢᠨ ᠵᠢᠳᠠ ᠶᠢ ᠠᠪᠬᠤ ᠪᠠᠷ ᠢᠷᠡᠭᠰᠡᠨ ᠳᠤ ᠰᠦᠯᠳᠠ ᠶᠢᠨ ᠵᠢᠳᠠ ᠨᠢ ᠠᠯᠢ ᠬᠡᠵᠢᠶᠡᠨ ᠤ ᠦᠰᠦᠷᠦᠭᠰᠡᠨ ᠳᠤᠯᠠ ︽ᠮᠠᠭᠤ ᠬᠤᠯᠠᠭᠠᠢ︾ ᠠᠷᠭ᠎ᠠ ᠪᠤᠰᠤ ᠳᠠᠯᠠᠭᠠᠷ | ᠪᠤᠴᠠᠭᠰᠡᠨ ᠬᠡᠨ᠎ᠡ᠃ ᠬᠤᠵᠢᠮ ︽ᠮᠠᠭᠤ ᠬᠤᠯᠠᠭᠠᠢ︾ ᠳᠠᠷᠤᠭᠳᠠᠭᠰᠡᠨ ᠤ ᠳᠠᠷᠠᠭ᠎ᠠ ᠪᠠᠷ ᠬᠤᠰᠢᠭᠤ ᠨᠤᠳᠤᠭ ᠢᠶᠠᠷ ᠢᠶᠠᠨ ᠡᠨᠡ ᠵᠢᠳᠠ ᠶᠢ ᠤᠯᠵᠤ ᠠᠪᠬᠤ ᠪᠠᠷ ᠶᠡᠭᠡ | ᠯᠠ ᠡᠷᠢᠯ ᠪᠤᠯᠵᠤ ᠡᠷᠢᠭᠰᠡᠬᠡᠷ ᠪᠠᠶᠢᠭᠠᠤᠨ ᠴᠢᠪᠠᠭᠠᠳᠤ ᠶᠢᠨ ᠤᠪᠤᠭᠠᠨ ᠤ ᠳᠡᠷᠬᠡᠳᠠ ᠠᠴᠠ ᠤᠯᠵᠤ ᠠᠪᠤᠭᠰᠡᠨ ᠠᠴᠠ ᠤᠳᠤᠭ ᠬᠤᠰᠢᠭᠤᠨ ᠠᠴᠠ ᠴᠢᠪᠠᠭᠠᠳᠤ ᠶᠢᠨ | ᠤᠪᠤᠭ᠎ᠠ ᠶᠢ ᠠᠯᠠᠭ ᠰᠦᠯᠳᠠ ᠶᠢᠨ ᠬᠠᠷᠢᠶᠠᠳᠤ ᠤᠪᠤᠭ᠎ᠠ ᠪᠤᠯᠭᠠᠵᠤ ᠤᠳᠤᠭ ᠬᠤᠰᠢᠭᠤᠨ ᠤ ᠰᠦᠯᠳᠠ ᠶᠢᠨ ᠤᠪᠤᠭ᠎ᠠ ᠬᠡᠮᠡᠨ ᠬᠤᠰᠢᠭᠤ ᠶᠠᠮᠤᠨ ᠠᠴᠠ ᠡᠵᠡᠨ ᠪᠤᠯᠵᠤ | ᠳᠠᠬᠢᠳᠠᠭ ᠪᠤᠯᠪᠠ ᠬᠡᠨ᠎ᠡ᠃ | |