ᠵᠤ ᠶᠢᠨ ᠴᠠᠭᠠᠨ ᠤᠪᠤᠭ᠎ᠠ ᠪᠤᠯ ᠤᠳᠤ ᠶᠢᠨ ᠤᠳᠤᠭ ᠬᠤᠰᠢᠭᠤᠨ ᠤ ᠦᠮᠡᠬᠡᠶᠢᠨᠠᠭᠤᠷ ᠰᠢᠶᠠᠩ ᠤᠨ ᠴᠠᠭᠠᠨ ᠵᠠᠳᠠᠭᠠᠢ ᠳᠤᠰᠬᠤᠨ ᠠᠴᠠ ᠪᠠᠷᠠᠭᠤᠨ ᠬᠤᠶᠢᠰᠢ | ᠠᠷᠪᠠᠭᠠᠤᠨ ᠺᠢᠯᠤᠮᠧᠲᠷ ᠭᠠᠵᠠᠷ ᠤᠨ ᠵᠠᠶᠢᠳᠠᠢ ᠪᠠᠶᠢᠷᠢᠰᠢᠵᠤ ᠪᠤᠢ᠃ ᠡᠨᠡ ᠨᠢ ᠡᠷᠬᠢᠨ ᠳᠤᠭᠤᠷᠢᠨ ᠤᠢ ᠮᠤᠳᠤ ᠪᠤᠷᠭᠠᠰᠤ ᠪᠦᠷᠬᠦᠭᠰᠡᠨ ᠳᠠᠯᠠᠢ ᠶᠢᠨ ᠲᠦᠪᠰᠢᠨ ᠠᠴᠠ | 1481.1 ᠮᠧᠲᠷ ᠦᠨᠳᠤᠷ᠂ ᠤᠮᠠᠷᠠᠳᠤ ᠦᠷᠬᠡᠷᠢᠭ ᠤᠨ 39。17、᠂ ᠵᠡᠬᠦᠨ ᠤᠷᠳᠤᠷᠢᠭ ᠤᠨ 108。38、 ᠳᠤ ᠪᠤᠢ 5 ᠺᠢᠯᠤᠮᠧᠲᠷ ᠤᠨ ᠤᠷᠳᠤ | ᠦᠷᠬᠡᠨ ᠴᠠᠭᠠᠨ ᠤᠪᠤᠭᠠᠨ ᠰᠢᠯᠢ ᠬᠡᠬᠦ ᠰᠠᠶᠢᠷ ᠬᠠᠳᠠᠨ ᠳᠤᠯᠤᠭᠠᠢ ᠶᠢᠨ ᠤᠷᠤᠢ ᠳᠡᠬᠡᠷ᠎ᠡ ᠪᠤᠷᠭᠠᠰᠤᠨ ᠮᠤᠳᠤ ᠪᠠᠷ ᠪᠤᠰᠬᠠᠭᠰᠡᠨ ᠦᠨᠳᠤᠷ ᠰᠦᠷᠯᠢᠭ ᠤᠪᠤᠭ᠎ᠠ ᠶᠤᠮ᠃ | ᠡᠬᠦᠨ ᠢ ᠠᠯᠤᠰ ᠠᠴᠠ ᠠᠵᠢᠭᠯᠠᠨ ᠰᠢᠨᠵᠢᠯᠡᠬᠦ ᠳᠤ ᠬᠤᠶᠠᠷ ᠴᠠᠭᠠᠨ ᠨᠠᠭᠤᠷ ᠤᠨ ᠤᠰᠤᠨ ᠤ ᠳᠤᠮᠳᠠᠭᠤᠷ ᠤᠷᠤᠭᠰᠢ ᠬᠠᠨᠳᠤᠨ ᠬᠦᠶᠦᠭᠰᠡᠨ ᠠᠵᠢᠨᠠᠢ ᠬᠦᠯᠦᠭ | ᠴᠠᠭᠠᠨ ᠮᠤᠷᠢᠨ ᠤ ᠨᠢᠷᠤᠭᠤᠨ ᠳᠡᠬᠡᠷ᠎ᠡ ᠶᠢᠰᠤᠨ ᠡᠷᠳᠡᠨᠢ ᠶᠢᠨ ᠨᠤᠷᠪᠤ ᠳᠠᠯᠪᠢᠭᠰᠡᠨ ᠮᠠᠳᠤ ᠬᠠᠷᠠᠭᠳᠠᠳᠠᠭ ᠴᠠᠭᠠᠨ ᠮᠤᠷᠢᠨ ᠤ ᠨᠢᠷᠤᠭᠤᠨ ᠳᠡᠬᠡᠷᠡᠬᠢ ᠤᠪᠤᠭ᠎ᠠ ᠬᠡᠳᠡᠭ | ᠪᠠᠶᠢᠵᠠᠢ᠃ ᠬᠤᠵᠢᠮ ᠪᠤᠯᠵᠤ ᠢᠷᠡᠬᠡᠤᠨ ᠡᠨᠡ ᠦᠬᠡ ᠨᠢ ᠠᠭᠠᠵᠢᠮ ᠳᠠᠭᠠᠨ ︽ᠵᠤ ᠶᠢᠨ ᠴᠠᠭᠠᠨ ᠤᠪᠤᠭ᠎ᠠ︾ ᠬᠡᠮᠡᠨ ᠨᠡᠷᠡᠶᠢᠤᠨᠴᠤ ᠤᠳᠤᠭ ᠬᠤᠰᠢᠭᠤᠨ ᠤ 12 | ᠳ᠋ᠤᠭᠠᠷ ᠤᠪᠤᠭ᠎ᠠ ᠪᠤᠯᠤᠨ ᠰᠢᠳᠦᠭᠳᠡᠵᠠᠢ᠃ | ᠡᠨᠡ ᠤᠪᠤᠭᠠᠨ ᠳᠤ ᠳᠠᠪᠤᠨ ᠬᠤᠰᠢᠭᠤ ᠮᠠᠯ ᠤᠨ ᠬᠡᠰᠢᠭ᠂ ᠳᠠᠪᠤᠨ ᠵᠦᠢᠯ ᠤᠨ ᠳᠠᠷᠢᠶᠠᠨ ᠤ ᠬᠡᠰᠢᠭ᠂ ᠳᠠᠪᠤᠨ ᠵᠦᠢᠯ ᠤᠨ ᠡᠷᠳᠡᠨᠢ ᠶᠢᠨ ᠬᠡᠰᠢᠭ᠂ ᠳᠠᠪᠤᠨ | ᠵᠦᠢᠯ ᠤᠨ ᠡᠳ᠋ ᠤᠨ ᠬᠡᠰᠢᠭ᠂ ᠳᠠᠪᠤᠨ ᠵᠦᠢᠯ ᠤᠨ ᠡᠷᠬᠢᠮ ᠪᠡᠯᠡᠭ᠂ ᠳᠠᠪᠤᠨ ᠵᠦᠢᠯ ᠤᠨ ᠡᠮ ᠤᠨ ᠡᠷᠳᠡᠨᠢ᠂ ᠳᠠᠪᠤᠨ ᠵᠦᠢᠯ ᠤᠨ ᠬᠡᠷᠡᠭᠰᠡᠯ᠂ ᠳᠠᠪᠤᠨ ᠵᠦᠢᠯ ᠤᠨ | ᠬᠦᠷᠤᠬᠡᠰᠤᠨ ᠤ ᠬᠡᠰᠢᠭ᠂ ᠳᠠᠪᠤᠨ ᠵᠦᠢᠯ ᠤᠨ ᠦᠨᠤᠷᠳᠠᠨ ᠤ ᠤᠷᠬᠤᠳᠠᠢ ᠶᠢᠨ ᠬᠡᠰᠢᠭ ᠵᠡᠷᠬᠡ ᠶᠢᠰᠤᠨ ᠡᠷᠳᠡᠨᠢ ᠶᠢᠨ ᠱᠠᠩ ᠰᠠᠳᠢᠷ ᠢ ᠪᠦᠷᠢᠯᠳᠤᠬᠦᠯᠤᠨ ᠳᠠᠷᠤᠵᠤ | ᠳᠡᠬᠡᠷ᠎ᠡ ᠨᠢ ᠵᠠᠭᠤᠨ ᠨᠠᠢᠮᠠᠨ ᠪᠤᠭᠤᠳᠠᠯ ᠪᠤᠷᠭᠠᠰᠤᠨ ᠮᠤᠳᠤ ᠶᠢ ᠲᠦᠰᠢᠬᠦᠯᠤᠨ ᠪᠤᠰᠬᠠᠵᠠᠢ᠃ ᠠᠩᠬᠠᠨ ᠳᠠᠭᠠᠨ ᠡᠷᠬᠢᠨ ᠳᠤᠭᠤᠷᠢᠨ 10 ᠭᠠᠷᠤᠢ ᠠᠯᠳᠠ ᠶᠢᠨ | ᠪᠤᠷᠭᠠᠰᠤᠨ ᠰᠦᠯᠵᠢᠮᠠᠯ ᠪᠦᠰᠠ ᠪᠦᠰᠡᠯᠡᠬᠦᠯᠵᠤ᠂ ᠰᠡᠬᠦᠯᠡᠷ ᠨᠢ ᠪᠦᠳᠤᠬᠦᠨ ᠤᠳᠠᠨ ᠮᠤᠳᠤᠨ ᠪᠠᠭᠠᠨ᠎ᠠ ᠪᠠᠷ ᠲᠦᠷᠪᠡᠯᠵᠢᠯᠡᠬᠦᠯᠤᠨ ᠵᠢᠶᠠᠰᠠ ᠵᠠᠰᠠᠵᠤ᠂ ᠳᠡᠬᠦᠨ ᠤ | ᠳᠡᠬᠡᠷ᠎ᠡ ᠳᠠᠪᠤᠨ ᠦᠩᠬᠡ ᠶᠢᠨ ᠯᠤᠩᠵᠢᠤᠨ ᠳᠠᠷᠴᠤᠭ᠂ ᠬᠠᠳᠠᠭ ᠰᠠᠮᠪᠠᠢ ᠶᠢ ᠠᠷᠪᠢᠨ ᠡᠯᠬᠦᠵᠤ ᠪᠠᠶᠢᠵᠠᠢ᠃ ᠤᠪᠤᠭᠠᠨ ᠤ ᠠᠷᠤ ᠳᠤ ᠮᠤᠳᠤ ᠪᠠᠷ ᠪᠤᠭᠤᠭᠰᠠᠨ 12 | ᠴᠡᠷᠢᠭ ᠤᠪᠤᠭ᠎ᠠ ᠲᠠᠢ᠃ ᠡᠮᠤᠨ᠎ᠡ ᠳᠠᠯ᠎ᠠ ᠳᠤ ᠨᠢ ᠬᠦᠵᠢ ᠵᠤᠯᠠ ᠡᠷᠬᠦᠬᠦ᠂ ᠰᠠᠩ ᠰᠤᠯᠬᠡ ᠳᠠᠯᠪᠢᠬᠤ᠂ ᠦᠤᠩᠡ ᠰᠢᠬᠦᠰᠤ ᠳᠠᠯᠪᠢᠬᠤ ᠳᠤᠰ ᠳᠤᠰ ᠲᠠᠭᠠᠨ ᠬᠠᠳᠠᠨ | ᠳᠠᠶᠢᠰᠠ ᠲᠠᠢ᠃ ᠤᠪᠤᠭ᠎ᠠ ᠶᠢ ᠬᠠᠮᠤᠭ ᠠᠩᠬ᠎ᠠ ᠵᠢᠷᠭᠤᠳᠤᠭᠠᠷ ᠲᠦᠷᠢ ᠶᠢᠨ ᠪᠠᠨᠴᠢᠨ ᠡᠷᠳᠡᠨᠢ ᠯᠤᠪᠰᠠᠩᠪᠠᠯᠳᠠᠨᠶᠧᠰᠢ ᠪᠡᠬᠡᠵᠢᠩ ᠳᠤ ᠮᠤᠷᠢᠯᠠᠨ ᠤᠴᠢᠬᠤ ᠵᠠᠮ ᠳᠠᠭᠠᠨ | ᠷᠠᠪᠨᠠᠶᠢᠯᠠᠨ ᠪᠦᠳᠤᠬᠡᠭᠰᠡᠨ ᠯᠾᠠᠮᠤ ᠪᠤᠷᠬᠠᠨ ᠤ ᠤᠪᠤᠭ᠎ᠠ ᠬᠡᠳᠡᠭ᠃ ᠤᠪᠤᠭᠠᠨ ᠤ ᠤᠷᠳᠤ ᠳᠤᠤᠷ᠎ᠠ 1 ᠮᠤᠩᠭᠤᠯ ᠬᠡᠷ᠂ 2 ᠮᠠᠶᠢᠬᠠᠨ ᠪᠠᠷᠢᠵᠤ ᠤᠪᠤᠭᠠᠨ ᠤ ᠳᠠᠬᠢᠯᠭ᠎ᠠ | ᠪᠡᠯᠡᠤᠨᠬᠡᠬᠦ ᠪᠤᠶᠤ ᠨᠠᠶᠢᠷ ᠨᠠᠭᠠᠳᠤᠮ ᠬᠢᠬᠦ ᠦᠷᠬᠡᠨ ᠳᠠᠯᠠᠪᠠᠢ ᠲᠠᠢ᠃ | ᠤᠪᠤᠭᠠᠨ ᠤ ᠶᠠᠮᠤᠳᠠᠤᠨ ᠪᠠ ᠳᠠᠬᠢᠯᠭ᠎ᠠ ᠶᠢᠨ ᠬᠠᠮᠪᠤ ᠯᠠᠮᠠ ᠶᠢ ᠤᠳᠤᠭ ᠬᠤᠰᠢᠭᠤᠨ ᠤ ᠶᠠᠮᠤᠨ ᠠᠴᠠ ᠳᠤᠭᠳᠠᠭᠠᠨ ᠳᠤᠮᠢᠯᠠᠳᠠᠭ᠃ ᠡᠬᠦᠨ ᠳᠤ ᠳᠠᠷᠬᠠᠨ ᠬᠢᠶ᠎ᠠ | 1᠂ ᠳᠠᠭᠠᠭᠠᠮᠠᠯ 2᠂ ᠳᠠᠴᠠᠩ 4 ᠵᠡᠷᠬᠡ ᠨᠠᠶᠢᠳᠠ 7 ᠬᠦᠮᠤᠨ ᠢᠶᠠᠷ ᠪᠦᠷᠢᠯᠳᠦᠭᠰᠡᠨ ᠶᠠᠮᠤᠳᠠᠤᠨ ᠲᠠᠢ᠃ ᠤᠤᠯ ᠨᠢ ᠳᠠᠪᠢᠨ ᠵᠠᠯᠠᠨ ᠵᠠᠩᠬᠢ᠂ ᠤᠪᠤᠭᠠᠨ ᠳᠠᠷᠬᠠᠨ | ᠬᠢᠶ᠎ᠠ ᠦᠯᠵᠠᠶᠢᠪᠠᠳᠤ ᠵᠡᠬᠦᠨ ᠳᠠᠯ᠎ᠠ ᠶᠢᠨ ᠳᠠᠭᠠᠭᠠᠮᠠᠯ ᠢ ᠬᠠᠷᠢᠭᠤᠴᠠᠵᠤ᠂ ᠰᠡᠬᠦᠯ ᠳᠤ ᠨᠢ ᠬᠤᠷᠠᠭ᠎ᠠ ᠵᠠᠯᠠᠨ ᠵᠠᠩᠬᠢ ᠬᠠᠷᠢᠭᠤᠴᠠᠪᠠ᠃ ᠬᠤᠰᠢᠭᠤ ᠠᠮᠪᠠᠨ᠂ ᠵᠠᠬ᠎ᠠ ᠶᠢᠨ | ᠵᠠᠷᠭᠤᠴᠢ ᠦᠯᠵᠠᠢ ᠪᠠᠷᠠᠭᠤᠨ ᠳᠠᠯ᠎ᠠ ᠶᠢᠨ ᠳᠠᠭᠠᠭᠠᠮᠠᠯ ᠢ ᠬᠠᠷᠢᠭᠤᠴᠠᠵᠤ᠂ ᠪᠠᠶᠠᠨ ᠫᠠᠯᠠᠭᠠᠷ᠂ ᠠᠮᠢᠳᠠᠨ ᠵᠠᠬᠢᠷᠤᠭᠴᠢ᠂ ᠪᠤᠶᠠᠨᠳᠤ ᠰᠢᠨᠠᠯᠠᠮ᠎ᠠ᠂ ᠪᠤᠷᠤᠪᠠᠳᠠᠢ ᠵᠡᠷᠬᠡ 4 | ᠪᠠᠶᠠᠴᠤᠤᠨ 4 ᠳᠠᠯ᠎ᠠ ᠶᠢᠨ ᠳᠠᠴᠠᠩ ᠢ ᠬᠠᠷᠢᠭᠤᠴᠠᠵᠤ ᠪᠠᠶᠢᠪᠠ᠃ ᠬᠠᠮᠪᠤ ᠯᠠᠮᠠ ᠨᠢ ᠴᠠᠭᠠᠨ ᠵᠠᠳᠠᠭᠠᠢ ᠶᠢᠨ ᠰᠦᠮ᠎ᠠ ᠶᠢᠨ ᠳᠠᠩᠷᠤᠩ ᠳ᠋ᠠ ᠯᠠᠮᠠ᠂ ᠭᠤᠨᠢᠷ ᠨᠢ ᠪᠠᠶᠠᠨ | ᠯᠦᠩᠳᠦᠭ᠂ ᠤᠳᠤᠭ ᠬᠤᠰᠢᠭᠤᠨ ᠠᠴᠠ ᠳᠡᠯᠬᠡᠷ ᠪᠤᠤ ᠵᠠᠩ ᠢᠷᠡᠵᠤ ᠳᠠᠬᠢᠯᠭ᠎ᠠ ᠶᠢ ᠵᠢᠯᠤᠭᠤᠳᠤᠳᠠᠭ ᠪᠠᠶᠢᠪᠠ᠃ ᠪᠠᠰᠠ ᠳᠠᠪᠢᠨ ᠬᠠᠷᠢᠶᠠᠨ ᠠᠴᠠ ᠳᠤᠮᠢᠯᠠᠭᠰᠡᠨ | ᠪᠤᠱᠤᠭᠤ᠂ ᠳᠠᠮᠴᠢ᠂ ᠭᠠᠯᠴᠢ ᠵᠡᠷᠬᠡ ᠨᠢᠵᠡᠬᠡᠤᠨ ᠬᠦᠮᠤᠰ ᠢᠶᠠᠷ ᠪᠦᠷᠢᠯᠳᠦᠭᠰᠡᠨ ᠳᠠᠬᠢᠯᠭ᠎ᠠ ᠶᠢᠨ ᠬᠡᠷᠡᠭ ᠮᠡᠳᠡᠭᠴᠢᠤᠨ ᠲᠠᠢ ᠪᠠᠶᠢᠵᠠᠢ᠃ | ᠵᠤ ᠶᠢᠨ ᠴᠠᠭᠠᠨ ᠤᠪᠤᠭ᠎ᠠ ᠨᠢ ᠵᠢᠯ ᠤᠨ ᠶᠡᠭᠡ ᠪᠠᠭ᠎ᠠ ᠬᠤᠶᠠᠷ ᠤᠳᠠᠭ᠎ᠠ ᠶᠢᠨ ᠳᠠᠬᠢᠯᠭ᠎ᠠ ᠲᠠᠢ᠃ | ᠪᠠᠭ᠎ᠠ ᠳᠠᠬᠢᠯᠭ᠎ᠠ ᠨᠢ ᠴᠠᠭᠠᠨ ᠰᠠᠷ᠎ᠠ ᠶᠢᠨ ᠠᠷᠪᠠᠨ ᠭᠤᠷᠪᠠᠨ ᠳᠤ ᠵᠠᠯᠠᠨ ᠵᠠᠩᠬᠢ᠂ ᠭᠤᠨᠢᠷ ᠲᠠᠢ ᠬᠠᠮᠳᠤ ᠤᠪᠤᠭᠠᠨ ᠳᠤ ᠭᠠᠷᠴᠤ ᠰᠤᠭ ᠳᠡᠬᠡᠵᠢ᠂ ᠴᠠᠭᠠᠨ | ᠢᠳᠡᠬᠡᠨ ᠢᠶᠠᠷ ᠳᠠᠬᠢᠵᠤ ᠨᠠᠮᠳᠠᠭ ᠰᠠᠩ ᠤᠩᠰᠢᠵᠤ ᠰᠠᠩ ᠰᠠᠷᠵᠢᠮ ᠵᠤᠯᠠ ᠬᠦᠵᠢ ᠡᠷᠬᠦᠳᠡᠭ ᠶᠤᠮ᠃ | ᠶᠡᠭᠡ ᠳᠠᠬᠢᠯᠭ᠎ᠠ ᠨᠢ ᠨᠠᠢᠮᠠᠨ ᠰᠠᠷ᠎ᠠ ᠶᠢᠨ ᠠᠷᠪᠠᠨ ᠠᠴᠠ ᠪᠦᠬᠦ ᠶᠠᠮᠤᠳᠠᠤᠨ ᠪᠠ ᠬᠡᠷᠡᠭ ᠮᠡᠳᠡᠭᠴᠢᠤᠨ ᠴᠤᠭᠯᠠᠷᠠᠨ ᠬᠡᠷ ᠮᠠᠶᠢᠬᠠᠨ ᠢᠶᠠᠨ ᠪᠠᠷᠢᠵᠤ᠂ ᠤᠪᠤᠭ᠎ᠠ | ᠤᠷᠤᠤᠨ ᠢᠶᠠᠨ ᠰᠢᠨᠡᠤᠨᠬᠡᠨ ᠵᠠᠰᠠᠵᠤ᠂ ᠵᠠᠳᠠᠭᠠᠢ ᠶᠢᠨ ᠰᠦᠮ᠎ᠠ ᠶᠢᠨ ᠭᠠᠨᠵᠤᠤᠷ ᠪᠤᠯᠤᠨ ᠳᠠᠩᠷᠤᠩ ᠳ᠋ᠠ ᠯᠠᠮᠠ᠂ ᠤᠮᠵᠠᠤᠨ᠂ ᠭᠤᠨᠢᠷ ᠵᠡᠷᠬᠡ 8 ᠯᠠᠮᠠ ᠵᠠᠯᠠᠵᠤ᠂ | ᠠᠯᠳᠠᠨᠬᠡᠷᠡᠯ ᠤᠨ ᠪᠦᠳᠤᠬᠡᠬᠦᠯ ᠪᠦᠳᠤᠬᠡᠬᠡᠤᠨ ᠠᠷᠪᠠᠨ ᠭᠤᠷᠪᠠᠨ ᠠᠴᠠ 4 ᠬᠤᠨᠢᠨ ᠦᠤᠩᠡ ᠰᠢᠬᠦᠰᠤ᠂ ᠰᠤᠭ ᠳᠡᠬᠡᠵᠢ᠂ ᠴᠠᠭᠠᠨ ᠢᠳᠡᠬᠡᠨ ᠢᠶᠠᠨ ᠤᠪᠤᠭᠠᠨ ᠤ | ᠳᠠᠬᠢᠯᠭ᠎ᠠ ᠶᠢᠨ ᠳᠠᠶᠢᠰᠠᠨ ᠳᠡᠬᠡᠷ᠎ᠡ ᠳᠠᠯᠪᠢᠵᠤ ᠯᠾᠠᠮᠤ ᠭᠤᠮᠪᠤ ᠬᠤᠷᠠᠵᠤ ᠨᠠᠮᠰᠠᠷᠠᠢ ᠶᠢᠨ ᠳᠠᠯᠠᠯᠭ᠎ᠠ ᠳᠠᠯᠠᠯᠤᠨ᠂ ᠨᠠᠮᠳᠠᠭ ᠰᠠᠩ ᠤᠩᠰᠢᠵᠤ ᠰᠠᠩ ᠰᠠᠷᠵᠢᠮ᠂ ᠵᠤᠯᠠ | ᠬᠦᠵᠢ ᠡᠷᠬᠦᠵᠤ ᠳᠠᠬᠢᠳᠠᠭ᠃ ᠳᠠᠬᠢᠯᠭ᠎ᠠ ᠶᠢᠨ ᠳᠠᠷᠠᠭ᠎ᠠ ᠨᠢᠬᠡ ᠬᠤᠨᠢᠨ ᠤᠭᠤᠴᠠ ᠳᠤᠯᠤᠭᠠᠢ ᠶᠢ ᠰᠤᠭ ᠳᠡᠬᠡᠵᠢ ᠲᠠᠢ ᠬᠠᠮᠳᠤ ᠮᠦᠨ ᠡᠳᠤᠷ ᠲᠡᠭᠡᠨ ᠬᠤᠰᠢᠭᠤ | ᠶᠠᠮᠤᠨ ᠱᠠᠩ ᠳᠤ ᠬᠦᠷᠬᠡᠳᠡᠭ ᠪᠠᠶᠢᠵᠠᠢ᠃ ᠰᠡᠬᠦᠯ ᠳᠤ ᠨᠢ ᠬᠤᠰᠢᠭᠤ ᠱᠠᠩ ᠠᠴᠠ ᠳᠤᠮᠢᠯᠠᠨ ᠢᠷᠡᠬᠦᠯᠦᠭᠰᠡᠨ ᠳᠡᠯᠬᠡᠷ ᠪᠤᠤ ᠵᠠᠩ ᠳᠤ ᠬᠦᠷᠬᠡᠬᠦ ᠪᠤᠯᠵᠠᠢ᠃ | ᠳᠠᠬᠢᠯᠭ᠎ᠠ ᠶᠢᠨ ᠳᠠᠷᠠᠭ᠎ᠠ ᠮᠤᠩᠭᠤᠯ ᠬᠡᠷ ᠤᠨ ᠡᠬᠦᠳᠠᠨ ᠳᠠᠯᠠᠪᠠᠢ ᠳᠤ ᠰᠤᠭ ᠰᠢᠬᠦᠰᠤ ᠪᠠᠨ ᠦᠭᠯᠢᠬᠡ ᠶᠢᠨ ᠡᠵᠡᠨ ᠳᠤ ᠬᠡᠰᠡᠭᠯᠡᠨ ᠬᠤᠪᠢᠶᠠᠵᠤ ᠤᠪᠤᠭᠠᠨ ᠬᠡᠰᠢᠭ | ᠪᠤᠯᠭᠠᠵᠤ ᠦᠭᠬᠦᠬᠡᠤᠨ ᠤᠳᠤᠭ ᠦᠤᠰᠢᠨ ᠬᠤᠶᠠᠷ ᠬᠤᠰᠢᠭᠤ ᠪᠠᠷ ᠢᠶᠠᠨ 62 ᠪᠦᠬᠡ ᠪᠠᠷᠢᠯᠳᠤᠬᠤ᠂ ᠬᠤᠶᠢᠨ᠎ᠠ ᠳᠠᠤᠯᠠᠢ ᠮᠠᠩᠬᠠᠨ ᠠᠴᠠ ᠡᠬᠦᠳᠠᠨ ᠳᠠᠯᠠᠪᠠᠢ | ᠬᠦᠷᠳᠡᠯ᠎ᠡ 15 ᠺᠢᠯᠤᠮᠧᠲᠷ ᠤᠨ ᠦᠵᠤᠬᠦᠷ ᠠᠴᠠ 35 ᠮᠤᠷᠢᠨ ᠤᠷᠤᠯᠳᠤᠭᠠᠨ ᠳᠠᠯᠪᠢᠬᠤ ᠵᠡᠷᠬᠡ ᠶᠢᠨ ᠤᠪᠤᠭᠠᠨ ᠤ ᠨᠠᠶᠢᠷ ᠨᠠᠭᠠᠳᠤᠮ ᠢ ᠰᠦᠷ ᠬᠦᠭᠵᠢᠶᠠᠨᠳᠠᠢ ᠬᠢᠵᠤ | ᠱᠠᠩᠨᠠᠳᠠᠭ ᠪᠠᠶᠢᠵᠠᠢ᠃ | ᠤᠪᠤᠭᠠᠨ ᠳᠤ 5 ᠶᠡᠭᠡ ᠬᠤᠷᠢᠭᠤᠯ ᠲᠠᠢ᠄ | 1. ᠳᠠᠬᠢᠯᠭ᠎ᠠ ᠶᠢᠨ ᠡᠳᠤᠷ ᠡᠮᠡᠭᠳᠡᠢ ᠬᠦᠮᠤᠨ ᠢ ᠤᠪᠤᠭᠠᠨ ᠤᠷᠤᠢ ᠳᠤ ᠭᠠᠷᠭᠠᠳᠠᠭ ᠦᠬᠡᠢ᠃ ᠤᠪᠤᠭᠠᠨ ᠨᠠᠶᠢᠷ ᠤᠨ ᠳᠠᠯᠠᠪᠠᠢ ᠠᠴᠠ ᠦᠵᠡᠵᠤ ᠮᠦᠷᠬᠦᠨ᠎ᠠ᠃ | 2. ᠬᠢᠳᠠᠤᠨ ᠬᠦᠮᠤᠨ ᠢ ᠤᠪᠤᠭᠠᠨ ᠤᠷᠤᠢ ᠳᠤ ᠭᠠᠷᠭᠠᠳᠠᠭ ᠦᠬᠡᠢ ᠪᠦᠬᠡᠤᠨ ᠤᠪᠤᠭᠠᠨ ᠳᠠᠬᠢᠯᠭᠠᠨ ᠳᠤ ᠴᠤ ᠤᠷᠤᠯᠴᠠᠭᠤᠯᠳᠠᠭ ᠦᠬᠡᠢ᠃ | 3. ᠨᠦᠭᠴᠢᠭᠰᠡᠤᠨ ᠤᠨ ᠪᠤᠶᠤ ᠰᠠᠷ᠎ᠠ ᠳᠤ ᠰᠠᠭᠤᠭᠰᠡᠨ ᠡᠮᠡᠭᠳᠡᠢ ᠶᠢᠨ ᠬᠡᠷ ᠪᠦᠯᠢ ᠶᠢᠨ ᠬᠢᠨ ᠵᠠᠭᠤ ᠬᠤᠨᠤᠭᠠᠳᠤᠢ ᠪᠤᠯ ᠤᠪᠤᠭᠠᠨ ᠳᠠᠬᠢᠯᠭᠠᠨ ᠳᠤ | ᠤᠷᠤᠯᠴᠠᠭᠤᠯᠳᠠᠭ ᠦᠬᠡᠢ᠃ | 4. ᠳᠠᠬᠢᠯᠭ᠎ᠠ ᠶᠢᠨ ᠡᠳᠤᠷ ᠤᠳ ᠲᠤ ᠤᠪᠤᠭᠠᠨ ᠤ ᠭᠠᠵᠠᠷ ᠲᠤ ᠠᠷᠢᠬᠢ ᠳᠠᠮᠠᠬᠢ ᠳᠠᠳᠠᠬᠤ ᠶᠢ ᠡᠷᠡᠰ ᠬᠤᠷᠢᠭᠯᠠᠳᠠᠭ᠃ | 5. ᠤᠪᠤᠭᠠᠨ ᠤ ᠬᠤᠷᠢᠭᠤᠯ ᠤᠨ ᠭᠠᠵᠠᠷ ᠲᠤ ᠠᠳᠠᠷ ᠬᠠᠭᠠᠯᠪᠤᠷᠢᠯᠠᠬᠤ᠂ ᠠᠪᠠ ᠬᠦᠷᠤᠬᠡ ᠬᠢᠬᠦ᠂ ᠮᠤᠳᠤ ᠪᠤᠷᠭᠠᠰᠤ ᠴᠠᠪᠴᠢᠬᠤ ᠶᠢ ᠡᠷᠡᠰ ᠴᠠᠭᠠᠵᠠᠯᠠᠳᠠᠭ᠃ | ᠡᠳᠤᠬᠡ ᠴᠤ ᠴᠠᠭᠠᠨ ᠤᠪᠤᠭᠠᠨ ᠭᠠᠴᠠᠭᠠᠨ ᠳᠠᠷᠤᠭ᠎ᠠ ᠰᠡᠷᠡᠩᠳᠤᠷᠵᠢ ᠤᠪᠤᠭᠠᠨ ᠳᠠᠭᠠᠭᠠᠮᠠᠯ ᠤᠨ ᠳᠤᠰᠢᠶᠠᠯ ᠢ ᠬᠠᠷᠢᠭᠤᠴᠠᠨ ᠤᠪᠤᠭ᠎ᠠ ᠤᠷᠤᠤᠨ ᠢᠶᠠᠨ | ᠰᠢᠨᠡᠤᠨᠬᠡᠨ ᠵᠠᠰᠠᠵᠤ᠂ ᠨᠠᠢᠮᠠᠨ ᠰᠠᠷ᠎ᠠ ᠶᠢᠨ ᠠᠷᠪᠠᠨ ᠭᠤᠷᠪᠠᠨ ᠳᠤ ᠪᠦᠬᠦ ᠭᠠᠴᠠᠭᠠᠨ ᠤ ᠮᠠᠯᠴᠢᠤᠨ ᠤᠪᠤᠭᠠᠨ ᠳᠡᠬᠡᠷ᠎ᠡ ᠴᠤᠭᠯᠠᠷᠠᠵᠤ 2 ᠬᠤᠨᠢᠨ ᠦᠤᠩᠡ ᠰᠢᠬᠦᠰᠤ᠂ | ᠰᠤᠭ ᠳᠡᠬᠡᠵᠢ ᠪᠠᠷ ᠤᠪᠤᠭ᠎ᠠ ᠪᠠᠨ ᠳᠠᠬᠢᠵᠤ ᠳᠠᠷᠠᠭ᠎ᠠ ᠪᠠᠷ ᠨᠢ ᠤᠪᠤᠭᠠᠨ ᠨᠠᠶᠢᠷ᠂ ᠮᠠᠯᠴᠢᠤᠨ ᠤᠨ ᠪᠠᠶᠠᠷ ᠨᠠᠭᠠᠳᠤᠮ ᠢ ᠤᠪᠤᠭᠠᠨ ᠤᠷᠤᠢ ᠳᠡᠬᠡᠷ᠎ᠡ ᠪᠠᠨ ᠬᠢᠵᠤ ᠪᠦᠬᠡ | ᠪᠠᠷᠢᠯᠳᠤᠬᠤ ᠮᠤᠷᠢ ᠤᠷᠤᠯᠳᠤᠬᠤ ᠬᠦᠳᠡᠯᠬᠡᠬᠡᠨ ᠢ ᠤᠭ ᠤᠨ ᠵᠤᠷᠰᠢᠯ ᠶᠤᠰᠤᠭᠠᠷ ᠬᠢᠭᠰᠡᠬᠡᠷ ᠪᠤᠢ᠃ |