ᠤᠳᠤᠭ ᠤᠨ ᠠᠷᠪᠠᠨ ᠭᠤᠷᠪᠠᠨ ᠬᠤᠰᠢᠭᠤ ᠤᠪᠤᠭ᠎ᠠ — ᠪᠠᠶᠠᠨᠰᠦ᠋ᠮᠪᠤᠷ ᠤᠨ ᠤᠪᠤᠭ᠎ᠠ ︵ᠬᠤᠩᠭᠤᠷ ᠠᠵᠢᠷᠭ᠎ᠠ ᠶᠢᠨ ᠳᠠᠪᠠᠭ᠎ᠠ︶
ᠨᠡᠶᠢᠲᠡᠯᠡᠭᠰᠡᠨ ᠴᠠᠭ᠄
2023/11/28
     ᠪᠠᠶᠠᠨᠰᠦ᠋ᠮᠪᠤᠷ ᠤᠨ ᠤᠪᠤᠭ᠎ᠠ ᠪᠤᠯ ᠤᠳᠤ ᠶᠢᠨ ᠤᠳᠤᠭ ᠬᠤᠰᠢᠭᠤᠨ ᠤ ᠰᠦᠮᠡᠳᠤ ᠰᠤᠮᠤᠨ ᠤ ᠵᠡᠬᠦᠨᠳᠠᠢ 4 ᠺᠢᠯᠤᠮᠧᠲᠷ ᠤᠨ ᠵᠠᠶᠢᠳᠤ ᠪᠠᠶᠢᠭ᠎ᠠ ᠬᠠᠳᠠᠳᠤ᠂ ᠮᠠᠰᠢᠬᠠᠢ᠂  ᠴᠠᠭᠠᠨ ᠤᠪᠤᠭ᠎ᠠ 3 ᠭᠠᠴᠠᠭᠠᠨ ᠤ ᠠᠭᠤᠯᠵᠠᠷ ᠳᠡᠬᠡᠷ᠎ᠡ ᠪᠠᠶᠢᠷᠢᠰᠢᠵᠤ ᠪᠤᠢ᠃ ᠡᠨᠡ ᠨᠢ ᠲᠦᠷᠪᠡᠨ ᠳᠠᠯ᠎ᠠ ᠳᠠᠭᠠᠨ ᠨᠠᠭᠤᠷ ᠤᠰᠤ ᠲᠠᠢ ᠤᠢ ᠮᠤᠳᠤ ᠪᠤᠷᠭᠠᠰᠤ᠂ ᠮᠦᠩᠬᠡ ᠬᠠᠷᠭᠠᠨ᠎ᠠ᠂ ᠬᠠᠶᠢᠯᠠᠰᠤ ᠬᠦᠢᠯᠡᠰᠤ ᠪᠠᠷ ᠦᠪᠴᠢ ᠪᠦᠷᠬᠦᠭᠳᠡᠭᠰᠡᠨ ᠳᠠᠯᠠᠢ ᠶᠢᠨ ᠲᠦᠪᠰᠢᠨ ᠠᠴᠠ 1550 ᠮᠧᠲᠷ ᠦᠨᠳᠤᠷ᠂ ᠤᠮᠠᠷᠠᠳᠤ ᠦᠷᠬᠡᠷᠢᠭ ᠤᠨ 39。01、᠂ ᠵᠡᠬᠦᠨ ᠤᠷᠳᠤᠷᠢᠭ ᠤᠨ 108。13、 ᠲᠠᠬᠢ ᠬᠤᠩᠭᠤᠷ ᠠᠵᠢᠷᠭ᠎ᠠ ᠶᠢᠨ ᠳᠠᠪᠠᠭ᠎ᠠ ᠬᠡᠬᠦ ᠤᠷᠤᠢ ᠳᠡᠬᠡᠷ᠎ᠡ ᠪᠤᠷᠭᠠᠰᠤ ᠪᠠᠷ ᠪᠤᠰᠬᠠᠭᠰᠡᠨ ᠤᠪᠤᠭ᠎ᠠ ᠶᠤᠮ᠃     ᠡᠨᠡ ᠪᠤᠯ ᠤᠳᠤᠭ ᠤᠨ 13 ᠳ᠋ᠤᠭᠠᠷ ᠬᠤᠰᠢᠭᠤ ᠤᠪᠤᠭ᠎ᠠ ᠶᠤᠮ᠃ ᠳᠡᠬᠦᠨ ᠤ ᠵᠡᠬᠦᠨ ᠬᠤᠶᠢᠳᠠᠢ ᠰᠠᠭᠤᠵᠤ ᠪᠠᠶᠢᠭᠰᠡᠨ ᠬᠤᠰᠢᠭᠤ ᠮᠠᠶᠢᠷᠠᠨ ᠭᠤᠮᠪᠤᠵᠠᠪ᠂ ᠪᠠᠷᠠᠭᠤᠨ ᠬᠤᠶᠢᠳᠠᠢ ᠰᠠᠭᠤᠵᠤ ᠪᠠᠶᠢᠭᠰᠡᠨ ᠬᠤᠰᠢᠭᠤ ᠠᠮᠪᠠᠨ ᠳᠠᠷᠮᠠᠪᠢᠯᠢᠭ᠌ ᠨᠠᠷ ᠬᠦᠯᠦᠭ ᠤᠨ ᠳᠤᠭᠤᠷᠠᠢ᠂ ᠵᠠᠭᠠᠨ ᠤ ᠰᠤᠶᠤᠭ᠎ᠠ ᠪᠤᠯᠤᠨ ᠠᠯᠳᠠ ᠮᠦᠩᠬᠦ᠂ ᠱᠢᠷᠤ ᠰᠤᠪᠤᠤᠨ᠂ ᠳᠤᠷᠭ᠎ᠠ ᠮᠠᠩᠨᠤᠭ᠂ ᠴᠠᠢ ᠰᠠᠳᠢᠷ ᠪᠤᠮᠪᠠ ᠵᠡᠷᠬᠡ ᠶᠢᠨ ᠳᠤᠯᠤᠭᠠᠨ ᠳᠠᠬᠢᠯ ᠨᠠᠢᠮᠠᠨ ᠡᠷᠳᠡᠨᠢ ᠪᠠᠷ ᠪᠦᠷᠢᠯᠳᠤᠬᠦᠯᠦᠭᠰᠡᠨ ᠨᠠᠮᠰᠠᠷᠠᠢ ᠶᠢᠨ ᠱᠠᠩ ᠳᠠᠷᠤᠵᠤ ᠳᠡᠬᠡᠷ᠎ᠡ ᠨᠢ ᠵᠠᠭᠤᠨ ᠨᠠᠢᠮᠠᠨ ᠪᠤᠷᠭᠠᠰᠤᠨ ᠮᠤᠳᠤ ᠶᠢ ᠨᠢᠬᠡ ᠪᠠᠭᠯᠠᠭ᠎ᠠ ᠪᠤᠯᠭᠠᠨ ᠪᠤᠭᠤᠵᠤ᠂ ᠨᠠᠶᠢᠳᠠ ᠵᠠᠭᠤᠨ ᠨᠠᠢᠮᠠᠨ ᠪᠠᠭᠯᠠᠭ᠎ᠠ ᠮᠤᠳᠤ ᠶᠢ ᠲᠦᠰᠢᠬᠦᠯᠤᠨ ᠪᠤᠰᠬᠠᠵᠤ᠂ ᠳᠡᠬᠦᠨ ᠢᠶᠠᠨ ᠤᠩᠭᠤᠨ ᠬᠤᠨᠢ ᠪᠤᠶᠤ ᠬᠤᠴᠠᠨ ᠤ ᠤᠩᠭᠠᠰᠤ ᠪᠠᠷ ᠭᠤᠷᠮᠤᠰᠤᠯᠠᠨ ᠳᠠᠮᠤᠭᠰᠠᠨ ᠳᠡᠬᠡᠰᠤᠨ ᠳᠤ ᠳᠠᠪᠤᠨ ᠦᠩᠬᠡ ᠶᠢᠨ ᠬᠡᠶᠢᠮᠤᠷᠢ ᠯᠤᠩᠵᠢᠤᠨ ᠢ ᠬᠠᠳᠠᠵᠤ 3᠂ 3  ᠪᠠᠷ ᠳᠠᠪᠬᠤᠷᠯᠠᠨ 3 ᠪᠦᠰᠡᠯᠡᠬᠦᠷ ᠢᠶᠠᠷ ᠤᠷᠢᠶᠠᠭᠰᠡᠨ ᠤᠪᠤᠭᠠᠨ ᠤ ᠠᠷᠤ ᠳᠤ ᠵᠡᠷᠬᠡᠴᠡᠭᠡ 2 ᠬᠠᠶᠢᠯᠠᠰᠤᠨ ᠮᠤᠳᠤ ᠲᠠᠢ᠂ ᠡᠮᠤᠨ᠎ᠡ ᠨᠢ ᠪᠤᠷᠭᠠᠰᠤᠨ ᠰᠦᠯᠵᠢᠮᠡᠯ ᠳᠠᠬᠢᠯ ᠤᠨ ᠳᠠᠶᠢᠰᠠ ᠲᠠᠢ ᠪᠤᠷᠭᠠᠰᠤᠨ ᠮᠤᠳᠤᠨ ᠤᠪᠤᠭ᠎ᠠ ᠶᠤᠮ᠃ ᠡᠨᠡ ᠤᠷᠤᠢ ᠶᠢ ᠡᠵᠡᠨ ᠵᠤᠷᠭᠠᠨ ᠳᠤ ᠨᠠᠷ᠎ᠠ ᠬᠠᠳᠠᠭᠰᠡᠨ ︽ᠬᠤᠩᠭᠤᠷ ᠠᠵᠢᠷᠭ᠎ᠠ  ᠶᠢᠨ ᠳᠠᠪᠠᠭ᠎ᠠ︾ ᠬᠡᠮᠡᠨ ᠨᠡᠷᠡᠶᠢᠳᠦᠭᠰᠡᠨ ᠠᠴᠠ ᠡᠨᠡ ᠤᠪᠤᠭ᠎ᠠ ᠶᠢ ᠬᠤᠰᠢᠭᠤ 13 ᠤᠪᠤᠭᠠᠨ ᠤ 13 ᠳ᠋ᠤᠭᠠᠷ ᠲᠤ ᠵᠢᠭᠰᠠᠭᠠᠵᠤ ᠤᠳᠤᠭ ᠬᠤᠰᠢᠭᠤ ᠶᠠᠮᠤᠨ ᠠᠴᠠ ᠳᠤᠰᠬᠠᠶᠢᠯᠠᠨ ᠤᠪᠤᠭᠠᠨ ᠳᠠᠭᠠᠭᠠᠮᠠᠯ᠂ ᠳᠠᠴᠠᠩ᠂ ᠳᠠᠷᠬᠠᠨ ᠬᠢᠶ᠎ᠠ᠂ ᠪᠤᠱᠤᠭᠤ᠂ ᠭᠠᠯᠴᠢ ᠨᠠᠷ ᠢ ᠳᠤᠬᠢᠷᠠᠭᠤᠯᠳᠠᠭ ᠪᠠᠶᠢᠵᠠᠢ᠃     ᠳᠤᠬᠠᠢ ᠶᠢᠨ ᠦᠶ᠎ᠡ ᠶᠢᠨ ᠤᠪᠤᠭᠠᠨ ᠤ ᠳᠠᠭᠠᠭᠠᠮᠠᠯ ᠨᠢ ᠬᠤᠰᠢᠭᠤ ᠮᠠᠶᠢᠷᠠᠨ ᠭᠤᠮᠪᠤᠵᠠᠪ᠂ ᠬᠤᠰᠢᠭᠤ ᠠᠮᠪᠠᠨ ᠳᠠᠷᠮᠠᠪᠢᠯᠢᠭ᠌᠂ ᠳᠠᠷᠬᠠᠨ ᠬᠢᠶ᠎ᠠ ᠨᠢ ᠶᠡᠭᠡ ᠬᠠᠷᠢᠶᠠᠨ ᠤ ᠵᠠᠯᠠᠨ ᠵᠠᠩᠬᠢ ᠪᠡᠬᠡᠵᠢᠩ ᠪᠠᠳᠠᠢ᠂ ᠳᠠᠴᠠᠩ ᠨᠢ ᠬᠤᠨᠵᠢᠨ ᠴᠠᠭᠠᠨᠴᠢᠯᠠᠭᠤ᠂ ᠳᠠᠷᠬᠠᠨ ︵ᠳᠠᠷᠬᠠᠤᠨ︶ ᠪᠠᠭᠠᠳᠤᠷ᠂ ᠬᠦᠩᠭ᠎ᠠ᠂ ᠬᠠᠶᠢᠷᠤᠪᠵᠠᠯᠰᠠᠨ᠂ ᠭᠠᠷᠮ᠎ᠠ᠂ ᠰᠠᠩᠪᠤ ᠵᠡᠷᠬᠡ 8 ᠳᠠᠴᠠᠩ ᠵᠢᠯ ᠪᠦᠷᠢ ᠡᠬᠡᠯᠵᠢ ᠪᠠᠷ ᠨᠢᠬᠡ ᠨᠢᠬᠡ ᠬᠤᠨᠢᠨ ᠦᠤᠩᠡ ᠰᠢᠬᠦᠰᠤ ᠪᠡᠯᠡᠤᠨᠬᠡᠳᠡᠭ᠃     ᠳᠤᠰ ᠤᠪᠤᠭ᠎ᠠ ᠵᠢᠯ ᠤᠨ ᠬᠤᠶᠠᠷ ᠤᠳᠠᠭ᠎ᠠ ᠶᠢᠨ ᠳᠠᠬᠢᠯᠭ᠎ᠠ ᠲᠠᠢ᠃ ᠠᠩᠬᠠᠨ ᠳᠠᠬᠢᠯᠭ᠎ᠠ ᠨᠢ ᠴᠠᠭᠠᠨ ᠰᠠᠷ᠎ᠠ ᠶᠢᠨ ᠠᠷᠪᠠᠨ ᠭᠤᠷᠪᠠᠨ ᠳᠤ ᠳᠠᠭᠠᠭᠠᠮᠠᠯ᠂ ᠳᠠᠴᠠᠩ᠂ ᠭᠤᠨᠢᠷ ᠲᠠᠢ ᠬᠠᠮᠳᠤ ᠢᠷᠡᠵᠤ ᠰᠤᠭ ᠳᠡᠬᠡᠵᠢ ᠴᠠᠭᠠᠨ ᠢᠳᠡᠬᠡᠨ ᠢᠶᠠᠷ ᠳᠠᠬᠢᠵᠤ ᠨᠠᠮᠳᠠᠭ ᠰᠠᠩ ᠤᠩᠰᠢᠭᠤᠯᠤᠨ ᠰᠠᠩ ᠰᠠᠷᠵᠢᠮ ᠡᠷᠬᠦᠳᠡᠭ᠃     ᠳᠠᠷᠠᠭᠠᠬᠢ ᠳᠠᠬᠢᠯᠭ᠎ᠠ ᠨᠢ ᠨᠠᠢᠮᠠᠨ ᠰᠠᠷ᠎ᠠ ᠶᠢᠨ ᠠᠷᠪᠠᠨ ᠠᠴᠠ ᠡᠬᠢᠯᠡᠨ ᠤᠪᠤᠭᠠᠨ ᠤ ᠳᠠᠷᠬᠠᠨ ᠬᠢᠶ᠎ᠡ ᠪᠤᠯᠤᠨ ᠤᠪᠤᠭᠠᠨ ᠤ ᠶᠠᠮᠤᠳᠠᠨ ᠪᠦᠷᠢᠳᠤᠨ ᠴᠤᠭᠯᠠᠷᠠᠵᠤ᠂ ᠶᠡᠭᠡ ᠬᠠᠷᠢᠶᠠᠨ ᠤ ᠠᠯᠪᠠᠳᠤ ᠨᠠᠷ ᠢᠷᠡᠵᠤ᠂ ᠤᠪᠤᠭᠠᠨ ᠤ ᠵᠡᠬᠦᠨ ᠳᠠᠨᠵᠢᠨ ᠳᠡᠬᠡᠷ᠎ᠡ 2 ᠮᠠᠶᠢᠬᠠᠨ᠂ 1 ᠮᠤᠳᠤᠨ ᠬᠡᠷ ᠪᠠᠷᠢᠵᠤ᠂ ᠤᠪᠤᠭ᠎ᠠ ᠪᠠᠨ ᠳᠠᠬᠢᠨ ᠪᠤᠷᠭᠠᠰᠤᠨ ᠮᠤᠳᠤ ᠪᠠᠷ ᠭᠠᠳᠠᠷᠯᠠᠨ ᠯᠤᠩᠵᠢᠤᠨ ᠪᠦᠰᠡᠯᠡᠬᠦᠷ ᠢ ᠰᠢᠨᠡᠤᠨᠬᠡᠨ᠂ ᠠᠯᠢᠪᠠ ᠳᠠᠶᠢᠯᠭ᠎ᠠ ᠳᠠᠬᠢᠯᠭ᠎ᠠ ᠪᠠᠨ ᠪᠦᠷᠢᠨ ᠪᠡᠯᠡᠤᠨᠬᠡᠵᠤ ᠳᠠᠭᠤᠰᠬᠠᠭᠠᠤᠨ ᠬᠠᠳᠠᠳᠤ ᠶᠢᠨ ᠰᠦᠮ᠎ᠠ  ᠶᠢᠨ ᠭᠠᠨᠵᠤᠤᠷ ᠨᠤᠮ ᠬᠢᠬᠡᠤᠨ ᠰᠦᠮ᠎ᠠ ᠶᠢᠨ ᠰᠢᠷᠡᠬᠡᠨ ᠯᠠᠮᠠ᠂ ᠴᠠᠭᠠᠨ ᠯᠠᠮᠠ ᠶᠢᠨ ᠱᠠᠪᠷᠤᠩ ᠡᠬᠢᠯᠡᠨ ᠬᠡᠪᠬᠦᠢ ᠣᠮᠵᠠᠤᠨ ᠭᠤᠨᠢᠷ ᠵᠡᠷᠬᠡ ᠠᠷᠪᠠᠭᠠᠤᠨ ᠯᠠᠮᠠ ᠶᠢ ᠵᠠᠯᠠᠵᠤ 3 ᠡᠳᠤᠷ ᠤᠨ ᠠᠯᠳᠠᠨᠬᠡᠷᠡᠯ ᠤᠨ ᠪᠦᠳᠤᠬᠡᠬᠦᠯ ᠪᠦᠳᠤᠬᠡᠯᠬᠡᠳᠡᠭ᠃ ᠢᠩᠬᠢᠬᠡᠤᠨ ᠠᠷᠪᠠᠨ ᠭᠤᠷᠪᠠᠨ ᠤ ᠦᠷᠯᠤᠬᠡ ᠠᠴᠠ ᠤᠪᠤᠭᠠᠨ ᠤ ᠶᠡᠭᠡ ᠳᠠᠬᠢᠯᠭ᠎ᠠ ᠪᠤᠯᠬᠤ  ᠳᠤ ᠤᠪᠤᠭᠠᠨ ᠤ ᠳᠠᠭᠠᠭᠠᠮᠠᠯ ᠳᠠᠴᠠᠩ ᠳᠡᠷᠢᠬᠦᠯᠡᠨ ᠳᠠᠬᠢᠯᠭᠠᠨ ᠳᠤ ᠢᠷᠡᠭᠰᠡᠨ ᠬᠦᠮᠤᠰ ᠠᠴᠠ ᠰᠤᠭ ᠳᠡᠬᠡᠵᠢ᠂ ᠴᠠᠭᠠᠨ ᠢᠳᠡᠬᠡᠨ᠂ ᠰᠦ ᠰᠠᠭᠠᠯᠢ ᠪᠤᠯᠤᠨ 10 ᠭᠠᠷᠤᠢ ᠬᠤᠨᠢᠨ ᠦᠤᠩᠡ ᠰᠢᠬᠦᠰᠤ ᠪᠠᠷ ᠨᠠᠮᠰᠠᠷᠠᠢ ᠪᠤᠷᠬᠠᠨ ᠢ ᠳᠠᠬᠢᠵᠤ᠂ ᠳᠠᠯᠠᠯᠭ᠎ᠠ ᠳᠠᠯᠠᠯᠤᠨ ᠰᠠᠩ ᠰᠠᠷᠵᠢᠮ ᠡᠷᠬᠦᠳᠡᠭ᠃     ᠤᠪᠤᠭ᠎ᠠ ᠪᠠᠨ ᠳᠠᠬᠢᠵᠤ ᠳᠠᠭᠤᠰᠤᠮᠠᠭᠴᠠ ᠶᠡᠭᠡ ᠬᠠᠷᠢᠶᠠᠨ ᠤ ᠠᠯᠪᠠᠳᠤ ᠠᠴᠠ ᠳᠠᠬᠢᠯᠭ᠎ᠠ ᠶᠢᠨ ᠬᠤᠨᠢᠨ ᠤ ᠤᠭᠤᠴᠠ᠂ ᠳᠤᠯᠤᠭᠠᠢ ᠪᠤᠯᠤᠨ ᠰᠤᠭ ᠳᠡᠬᠡᠵᠢ ᠶᠢ ᠮᠦᠨ ᠡᠳᠤᠷ ᠲᠡᠭᠡᠨ ᠬᠤᠰᠢᠭᠤ ᠱᠠᠩ ᠶᠠᠮᠤᠨ ᠳᠤ ᠬᠦᠷᠬᠡᠬᠦ ᠶᠤᠰᠤ ᠭᠤᠷᠢᠮ ᠢᠶᠠᠷ ᠬᠦᠷᠬᠡᠳᠡᠭ ᠪᠠᠶᠢᠵᠠᠢ᠃      ᠪᠤᠰᠤᠤᠨ ᠦᠯᠡᠳᠡᠬᠡᠭᠰᠡᠨ ᠢ ᠤᠪᠤᠭᠠᠨ ᠳᠠᠬᠢᠯᠭᠠᠨ ᠳᠤ ᠤᠷᠤᠯᠴᠠᠭᠰᠡᠨ ᠳᠠᠭᠠᠭᠠᠮᠠᠯ ᠳᠠᠴᠠᠩ᠂ ᠤᠯᠠᠨ ᠦᠭᠯᠢᠬᠡ ᠶᠢᠨ ᠡᠵᠡᠨ ᠳᠤ ᠬᠡᠰᠢᠭ ᠪᠤᠯᠭᠠᠨ ᠲᠦᠬᠡᠬᠡᠨ ᠬᠤᠪᠢᠶᠠᠵᠤ᠂ ᠪᠦᠬᠡ ᠪᠠᠷᠢᠯᠳᠤᠬᠤ᠂ ᠬᠡᠬᠢ ᠶᠢᠨ ᠨᠠᠭᠤᠷ ᠤᠨ ᠪᠠᠷᠠᠭᠤᠨ ᠤᠷᠢᠳᠠᠢ ᠠᠴᠠ 20— 30 ᠮᠤᠷᠢ ᠤᠷᠤᠯᠳᠤᠭᠤᠯᠬᠤ ᠵᠡᠷᠬᠡ ᠶᠢᠨ ᠤᠪᠤᠭᠠᠨ ᠤ ᠨᠠᠶᠢᠷ ᠨᠠᠭᠠᠳᠤᠮ ᠬᠢᠵᠤ ᠤᠪᠤᠭᠠᠨ ᠤ ᠳᠠᠬᠢᠯᠭ᠎ᠠ ᠪᠠᠨ ᠳᠡᠬᠦᠰᠬᠡᠳᠡᠭ᠃     ᠡᠨᠡ ᠡᠳᠤᠷ ᠤᠨ ᠤᠪᠤᠭᠠᠨ ᠤ ᠳᠠᠬᠢᠯᠭᠠᠨ ᠳᠤ ᠢᠷᠡᠭᠰᠡᠨ ᠡᠮᠡᠭᠳᠡᠢ ᠪᠠ ᠬᠢᠳᠠᠤᠨ ᠬᠦᠮᠤᠨ ᠬᠡᠷ ᠮᠠᠶᠢᠬᠠᠨ ᠤ ᠳᠡᠷᠬᠡᠳᠠ ᠢᠷᠡᠬᠦ ᠠᠴᠠ ᠪᠢᠰᠢ ᠤᠪᠤᠭᠠᠨ ᠤ ᠤᠷᠤᠢ ᠳᠤ ᠭᠠᠷᠴᠤ ᠪᠤᠯᠳᠠᠭ ᠦᠬᠡᠢ᠂ ᠪᠠᠰᠠ ᠤᠪᠤᠭᠠᠨ ᠳᠠᠬᠢᠯᠭᠠᠨ ᠳᠤ ᠢᠷᠡᠭᠰᠡᠨ ᠬᠦᠮᠤᠨ ᠤᠪᠤᠭᠠᠨ ᠤᠷᠤᠢ ᠳᠤ ᠠᠷᠢᠬᠢ ᠳᠠᠮᠠᠬᠢ ᠳᠠᠳᠠᠬᠤ ᠶᠢ ᠡᠷᠡᠰ ᠴᠡᠬᠡᠷᠯᠡᠳᠡᠭ ᠪᠠᠶᠢᠵᠠᠢ᠃     ᠤᠪᠤᠭᠠᠨ ᠤ ᠤᠷᠤᠢ ᠠᠴᠠ ᠬᠠᠮᠢᠭᠠᠰᠢ ᠬᠠᠮᠢᠭᠠᠰᠢ ᠪᠠᠨ 5 ᠭᠠᠵᠠᠷ ᠤᠨ ᠬᠤᠷᠢᠭᠤᠯ ᠤᠨ ᠭᠠᠵᠠᠷ ᠳᠤᠳᠤᠷ᠎ᠠ ᠤᠢ ᠮᠤᠳᠤ ᠴᠠᠪᠴᠢᠬᠤ᠂ ᠠᠶᠢᠯ ᠡᠷᠤᠬᠡ ᠨᠡᠬᠦᠳᠡᠯᠯᠡᠨ ᠢᠷᠡᠵᠤ ᠰᠠᠭᠤᠬᠤ᠂ ᠠᠩ ᠬᠦᠷᠤᠬᠡ ᠬᠢᠬᠦ ᠶᠢ ᠡᠷᠡᠰ ᠴᠠᠭᠠᠵᠠᠯᠠᠳᠠᠭ ᠪᠠᠶᠢᠵᠠᠢ᠂ ᠬᠡᠷᠪᠡ ᠭᠤᠷᠪᠠᠨ ᠬᠤᠷᠢᠭᠤᠯ ᠤᠨ ᠭᠠᠵᠠᠷ ᠲᠤ ᠢᠷᠡᠵᠤ ᠡᠪᠳᠡᠯᠬᠡ ᠬᠢᠬᠦ ᠮᠡᠳᠤ ᠶᠢᠨ ᠶᠠᠪᠤᠳᠠᠯ ᠭᠠᠷᠬᠤ ᠪᠤᠶᠤ ᠤᠪᠤᠭᠠᠨ ᠤ ᠳᠠᠬᠢᠯᠭ᠎ᠠ ᠶᠢ ᠰᠠᠭᠠᠳᠠᠭᠤᠯᠬᠤ ᠳᠤ ᠬᠦᠷᠪᠡᠯ ᠤᠪᠤᠭᠠᠨ ᠤ ᠶᠠᠮᠤᠳᠠᠤᠨ ᠨᠢ ᠤᠪᠤᠭᠠᠨ ᠤ ᠶᠠᠮᠤᠨ ᠭᠠᠵᠠᠷ ᠲᠤ ᠠᠪᠠᠴᠢᠵᠤ ᠳᠠᠩᠨᠠᠵᠤ ᠰᠢᠤᠨᠬᠡᠬᠦ ᠡᠷᠬᠡ ᠲᠠᠢ  ᠪᠠᠶᠢᠵᠠᠢ᠃ ᠡᠳᠤᠬᠡ ᠴᠤ ᠬᠠᠳᠠᠳᠤ᠂ ᠮᠠᠰᠢᠬᠠᠢ᠂ ᠴᠠᠭᠠᠨ ᠤᠪᠤᠭ᠎ᠠ ᠵᠡᠷᠬᠡ 3 ᠭᠠᠴᠠᠭᠠᠨ ᠤ ᠤᠯᠠᠨ ᠲᠦᠮᠡᠨ ᠰᠦᠰᠦᠭ ᠨᠢᠬᠡᠳᠤᠨ ᠤᠭ ᠤᠨ ᠤᠪᠤᠭ᠎ᠠ ᠪᠠᠨ ᠳᠠᠬᠢᠨ ᠰᠡᠷᠬᠦᠬᠡᠨ ᠪᠤᠰᠬᠠᠵᠤ᠂ ᠤᠪᠤᠭᠠᠨ ᠤ ᠳᠡᠷᠬᠡᠳᠠ 3 ᠳᠠᠰᠤᠯᠭ᠎ᠠ ᠤᠪᠤᠭᠠᠨ ᠤ ᠪᠠᠶᠢᠰᠢᠩ ᠪᠠᠷᠢᠵᠤ ᠤᠶᠤᠨᠪᠢᠯᠢᠭ᠌᠂ ᠳᠠᠯᠠᠨᠪᠠᠶᠠᠷ᠂ ᠰᠤᠶᠤᠯᠳᠤ᠂ ᠪᠠᠶᠠᠨᠵᠢᠷᠭᠠᠯ ᠵᠡᠷᠬᠡ 4 ᠳᠠᠭᠠᠭᠠᠮᠠᠯ ᠨᠠᠩᠰᠤ ᠵᠢᠮᠪᠠ ᠶᠢ ᠳᠤᠭᠳᠠᠭᠠᠨ ᠳᠤᠮᠢᠯᠠᠵᠤ᠂ ᠤᠭ ᠤᠨ ᠵᠤᠷᠰᠢᠯ ᠶᠤᠰᠤᠭᠠᠷ ᠨᠠᠢᠮᠠᠨ ᠰᠠᠷ᠎ᠠ ᠶᠢᠨ ᠠᠷᠪᠠᠨ ᠭᠤᠷᠪᠠᠨ ᠳᠤ ᠴᠠᠭᠠᠨ ᠤᠪᠤᠭᠠᠨ ᠰᠦᠮ᠎ᠠ ᠶᠢᠨ ᠭᠠᠨᠵᠤᠤᠷ ᠢ ᠵᠠᠯᠠᠵᠤ ᠠᠯᠳᠠᠨᠬᠡᠷᠡᠯ ᠤᠨ ᠪᠦᠳᠤᠬᠡᠬᠦᠯ ᠬᠤᠷᠠᠵᠤ 300 ᠭᠠᠷᠤᠢ ᠬᠦᠮᠤᠨ ᠤ ᠴᠤᠭᠯᠠᠭᠠᠨ ᠪᠤᠯᠵᠤ 4 ᠬᠤᠨᠢᠨ ᠦᠤᠩᠡ ᠰᠢᠬᠦᠰᠤ᠂ ᠰᠤᠭ ᠳᠡᠬᠡᠵᠢ ᠪᠠᠷ ᠳᠠᠬᠢᠵᠤ ᠰᠠᠩ ᠰᠠᠷᠵᠢᠮ ᠡᠷᠬᠦᠵᠤ ᠪᠦᠬᠡ ᠪᠠᠷᠢᠯᠳᠤᠬᠤ᠂ ᠮᠤᠷᠢ ᠤᠷᠤᠯᠳᠤᠬᠤ ᠵᠡᠷᠬᠡ ᠶᠢᠨ ᠨᠠᠶᠢᠷ ᠬᠢᠵᠤ ᠪᠠᠶᠢᠨ᠎ᠠ᠃     ᠡᠨᠡ ︽ᠬᠤᠩᠭᠤᠷ ᠠᠵᠢᠷᠭ᠎ᠠ ᠶᠢᠨ ᠳᠠᠪᠠᠭᠠᠨ︾ ᠤ ᠳᠤᠬᠠᠢ ︽ᠤᠷᠳᠤᠰ ᠤᠨ ᠭᠠᠵᠠᠷ ᠤᠨ ᠨᠠᠷ᠎ᠠ ᠶᠢᠨ ᠳᠤᠮᠤᠭ︾ ᠬᠡᠬᠦ ᠨᠤᠮ ᠳᠤ ᠡᠶᠢᠮᠤ ᠨᠢᠬᠡᠨ ᠳᠤᠮᠤᠭ ᠪᠠᠶᠢᠳᠠᠭ᠃ ︽ᠮᠠᠨᠵᠤ ᠴᠢᠩ ᠤᠨ ᠦᠶ᠎ᠡ ᠳᠤ ᠡᠵᠡᠨ ᠬᠠᠭᠠᠨ ᠤ ᠨᠢᠬᠡᠨ ᠡᠯᠴᠢ᠂ ᠵᠠᠷᠯᠢᠭ ᠢ ᠬᠦᠯᠢᠶᠡᠨ ᠠᠪᠴᠤ ᠮᠤᠷᠢᠨ ᠤ ᠰᠠᠶᠢᠨ ᠬᠤᠩᠭᠤᠷ ᠠᠵᠢᠷᠭ᠎ᠠ ᠪᠠᠨ ᠤᠨᠤᠭᠠᠤᠨ ᠡᠨᠡᠬᠦᠷ ᠦᠩᠬᠡᠷᠡᠬᠦ ᠦᠶᠡᠰ ᠠᠵᠢᠨᠠᠢ ᠶᠢᠨ ᠰᠠᠶᠢᠨ ᠬᠦᠯᠦᠭ ᠬᠤᠩᠭᠤᠷ ᠠᠵᠢᠷᠭ᠎ᠠ ᠨᠢ ᠠᠶᠠᠨ ᠤ ᠵᠠᠮ ᠳᠤ ᠳᠤᠷᠠᠵᠤ ᠶᠠᠰᠤᠨ ᠬᠡᠯᠬᠢᠶ᠎ᠡ ᠪᠤᠯᠤᠭᠠᠤᠨ ᠡᠨᠡ ᠳᠠᠪᠠᠭ᠎ᠠ ᠶᠢ ᠳᠤᠭᠤᠯᠵᠤ ᠴᠢᠳᠠᠭᠰᠡᠨ ᠦᠬᠡᠢ ᠡᠴᠡᠵᠤ ᠦᠬᠦᠭᠰᠡᠨ ᠤᠴᠢᠷ ᠠᠴᠠ ᠠᠯᠪᠠᠨ ᠤ ᠡᠯᠴᠢ ᠨᠢ ᠤᠴᠢᠬᠤ ᠠᠯᠪᠠᠨ ᠡᠳᠤᠷ ᠠᠴᠠ ᠨᠢ ᠤᠰᠤᠯᠳᠠᠭᠠᠤᠨ ᠦᠬᠦᠬᠦ ᠶᠠᠯ᠎ᠠ ᠶᠢ ᠡᠪᠤᠷᠯᠡᠨ ᠡᠵᠡᠨ ᠵᠤᠷᠭᠠᠨ ᠤ ᠶᠠᠮᠤᠨ ᠳᠤ ᠤᠴᠢᠵᠤ ᠶᠠᠯ᠎ᠠ ᠪᠠᠨ ᠦᠴᠢᠭᠯᠡᠨ᠄ ︿ᠤᠳᠤᠭ ᠬᠤᠰᠢᠭᠤᠨ ᠤ ᠭᠠᠵᠠᠷ ᠦᠷᠬᠡᠨ ᠠᠭᠤᠳᠠᠮ ᠪᠠᠶᠢᠬᠤ ᠮᠦᠷᠳᠡᠬᠡᠨ ᠪᠠᠰᠠ ᠪᠠᠶᠠᠨᠰᠦ᠋ᠮᠪᠤᠷ ᠬᠡᠳᠡᠭ ᠳᠡᠭᠷᠢ ᠳᠤᠯᠤᠮ᠎ᠠ ᠦᠨᠳᠤᠷ ᠳᠠᠪᠠᠭ᠎ᠠ ᠶᠢ ᠬᠠᠭᠠᠰ ᠰᠠᠷ᠎ᠠ ᠳᠠᠪᠠᠭᠠᠤᠨ ᠳᠠᠪᠠᠵᠤ ᠳᠠᠶᠢᠯᠦᠭᠰᠡᠨ ᠦᠬᠡᠢ ᠬᠠᠶᠢᠷᠠᠳᠠᠢ ᠠᠵᠢᠨᠠᠢ ᠬᠦᠯᠦᠭ ᠬᠤᠩᠭᠤᠷ ᠠᠵᠢᠷᠭ᠎ᠠ ᠮᠢᠨᠢ ᠪᠤᠷᠰᠤᠵᠤ ᠦᠬᠦᠬᠡᠤᠨ ᠠᠯᠪᠠᠨ ᠤ ᠡᠳᠤᠷ ᠢ ᠤᠰᠤᠯᠳᠠᠭᠤᠯᠪᠠ﹀ ᠬᠡᠮᠡᠨ ᠤᠬᠢᠯᠠᠨ ᠮᠦᠷᠬᠦᠭᠰᠡᠨ ᠳᠤ ᠡᠵᠡᠨ ᠬᠠᠭᠠᠨ ᠢᠳᠡᠭᠡ ᠶᠠᠳᠠᠨ᠄ ︿ᠦᠨᠡᠬᠡᠷ ᠠᠶᠢᠮᠤ ᠦᠨᠳᠤᠷ ᠳᠠᠪᠠᠭ᠎ᠠ ᠪᠠᠶᠢᠬᠤ ᠡᠰᠡᠬᠦ ᠶᠢ ᠪᠠᠶᠢᠴᠠᠭ᠎ᠠ︕﹀ ᠬᠡᠮᠡᠨ ᠬᠤᠶᠠᠷ ᠲᠦᠰᠢᠮᠡᠯ ᠶᠠᠪᠤᠭᠤᠯᠤᠭᠰᠡᠨ ᠳᠤ ᠳᠠᠷᠠ ᠬᠤᠶᠠᠷ ᠲᠦᠰᠢᠮᠡᠯ ᠶᠠᠪᠤᠭᠠᠤᠨ ᠵᠠᠮ ᠤᠨ ᠵᠠᠭᠤᠷ᠎ᠠ ᠠᠴᠠ ᠪᠤᠴᠠᠵᠤ ᠡᠵᠡᠨ ᠬᠠᠭᠠᠨ ᠳᠤ ᠬᠠᠭᠤᠷᠮᠠᠭ ᠢᠶᠠᠷ᠄ ︿ᠦᠨᠡᠬᠡᠷ ᠳᠠᠶᠢᠮᠤ ᠳᠡᠭᠷᠢ ᠳᠤᠯᠤᠮ᠎ᠠ ᠦᠨᠳᠤᠷ ᠳᠠᠪᠠᠭ᠎ᠠ ᠪᠠᠶᠢᠨ᠎ᠠ᠃ ᠪᠢᠳᠠ ᠳᠠᠪᠠᠭᠠᠨ ᠳᠡᠬᠡᠷ᠎ᠡ ᠭᠠᠷᠤᠭᠠᠤᠨ ᠤᠷᠳᠤ ᠮᠤᠳᠤ ᠪᠠᠷ ᠳᠡᠭᠷᠢ ᠦᠬᠡᠳᠠ ᠡᠷᠬᠦᠭᠰᠡᠨ ᠳᠤ ᠳᠡᠭᠷᠢ ᠨᠢᠳᠤᠷᠤᠭᠳᠠᠪᠠ﹀ ᠬᠡᠮᠡᠨ ᠮᠡᠳᠡᠬᠦᠯᠦᠭᠰᠡᠨ ᠳᠤ ᠡᠵᠡᠨ ᠬᠠᠭᠠᠨ ᠦᠨᠡᠮᠰᠢᠨ ᠢᠳᠡᠬᠡᠵᠤ ᠡᠯᠴᠢ ᠶᠢ ᠦᠬᠦᠬᠦ ᠶᠠᠯ᠎ᠠ ᠠᠴᠠ ᠨᠢ ᠬᠡᠯᠳᠤᠷᠢᠬᠦᠯᠪᠡ︾ ᠬᠡᠨ᠎ᠡ᠃
ᠢᠷᠡᠯᠲᠡ᠄ ᠣᠳᠤᠭ ᠤᠨ ᠣᠪᠣᠭ᠎ᠠ ᠣᠷᠣᠳ