ᠪᠠᠶᠠᠨ ᠬᠤᠷᠠᠬᠤ ᠶᠢᠨ ᠤᠪᠤᠭ᠎ᠠ ᠪᠤᠯ ᠤᠳᠤ ᠶᠢᠨ ᠤᠳᠤᠭ ᠤᠨ ᠡᠮᠤᠨᠡᠳᠤ ᠬᠤᠰᠢᠭᠤᠨ ᠤ ᠴᠠᠭᠠᠨᠳᠤᠯᠤᠭᠠᠢ ᠰᠤᠮᠤᠨ ᠤ ᠪᠠᠶᠠᠨᠴᠠᠶᠢᠳᠠᠮ ᠳᠠᠬᠢ ᠬᠤᠷᠠᠬᠤ ᠶᠢᠨ | ᠤᠷᠤᠢ ᠳᠡᠬᠡᠷ᠎ᠡ ᠪᠤᠰᠬᠠᠭᠰᠡᠨ ᠶᠤᠮ᠃ ᠡᠨᠡ ᠨᠢ ᠳᠠᠯᠠᠢ ᠶᠢᠨ ᠲᠦᠪᠰᠢᠨ ᠠᠴᠠ 1370.5 ᠮᠧᠲᠷ ᠦᠨᠳᠤᠷ᠂ ᠤᠮᠠᠷᠠᠳᠤ ᠦᠷᠬᠡᠷᠢᠭ ᠤᠨ 38。02、᠂ ᠵᠡᠬᠦᠨ | ᠤᠷᠳᠤᠷᠢᠭ ᠤᠨ 108。10、 ᠳᠤ ᠪᠠᠶᠢᠷᠢᠰᠢᠵᠤ ᠪᠤᠢ᠃ ᠴᠢᠩᠬᠢᠰ ᠬᠠᠭᠠᠨ ᠪᠠᠷᠠᠭᠤᠨ ᠰᠢᠶᠠ ᠤᠯᠤᠰ ᠢ ᠳᠠᠶᠢᠯᠠᠬᠤ ᠦᠶ᠎ᠡ ᠳᠤ ᠪᠦᠬᠦ ᠮᠤᠩᠭᠤᠯ ᠴᠡᠷᠢᠭ ᠢᠶᠠᠨ | ᠳᠠᠶᠢᠴᠢᠯᠠᠨ ᠦᠪᠡᠷ ᠤᠨ ᠪᠡᠶ᠎ᠡ ᠪᠠᠷ ᠢᠶᠠᠨ ᠡᠨᠡ ᠭᠠᠵᠠᠷ ᠲᠤ ᠰᠢᠷᠤᠢ ᠤᠪᠤᠭᠠᠯᠠᠨ ᠴᠡᠷᠢᠭ ᠢᠶᠠᠨ ᠪᠦᠷᠢᠤᠨᠬᠡᠵᠤ ᠵᠢᠯᠤᠭᠤᠤᠨᠴᠤ ᠪᠠᠶᠢᠭᠰᠡᠨ ᠢ ᠳᠤᠷᠠᠰᠬᠠᠬᠤ ᠶᠢᠨ ᠳᠤᠯᠠ | ᠡᠨᠡ ᠤᠪᠤᠭ᠎ᠠ ᠶᠢ ᠪᠤᠰᠬᠠᠵᠤ ᠬᠡᠨ᠎ᠡ᠃ ᠢᠩᠬᠢᠵᠤ ᠪᠠᠶᠢᠭᠠᠤᠨ ᠰᠡᠬᠦᠯ ᠳᠤ ᠨᠢ ᠤᠳᠤᠭ ᠬᠤᠰᠢᠭᠤᠨ ᠠᠴᠠ 11 ᠳ᠋ᠤᠬᠡᠷ ᠬᠤᠰᠢᠭᠤ ᠤᠪᠤᠭᠠᠨ ᠳᠤ ᠵᠢᠭᠰᠠᠭᠠᠵᠤ | ᠬᠤᠰᠢᠭᠤ ᠶᠠᠮᠤᠨ ᠠᠴᠠ ᠳᠠᠬᠢᠳᠠᠭ ᠪᠤᠯᠵᠠᠢ᠃ | ᠡᠨᠡ ᠤᠪᠤᠭ᠎ᠠ ᠨᠢ ᠲᠦᠷᠪᠡᠯᠵᠢᠨ ᠶᠡᠭᠡ ᠵᠦᠯᠬᠡᠨ ᠳᠠᠶᠢᠰᠠᠨ ᠳᠡᠬᠡᠷ᠎ᠡ ᠮᠤᠩᠭᠤᠯ ᠬᠡᠷ ᠤᠨ ᠴᠢᠨᠡᠬᠡᠨ ᠶᠡᠭᠡ 5 ᠳᠤᠬᠤᠢ ᠦᠨᠳᠤᠷ ᠪᠤᠷᠭᠠᠰᠤᠨ ᠬᠦᠷᠤᠮᠡᠯ | ᠲᠦᠩᠰᠠᠨ ᠳᠤ ᠤᠯᠠᠭᠠᠨ ᠪᠤᠷᠭᠠᠰᠤᠨ ᠰᠠᠭᠰᠤᠭᠠᠢ ᠶᠢ ᠰᠢᠷᠤᠢ ᠪᠠᠷ ᠪᠤᠯᠠᠵᠤ᠂ ᠰᠠᠭᠰᠤᠭᠠᠢ ᠶᠢᠨ ᠳᠡᠬᠡᠷ᠎ᠡ ᠨᠢ ᠳᠠᠪᠤᠨ ᠦᠩᠬᠡ ᠶᠢᠨ ᠯᠤᠩᠵᠢᠤᠨ ᠳᠠᠷᠴᠤᠭ | ᠬᠡᠶᠢᠰᠬᠡᠵᠤ ᠬᠠᠳᠠᠭ ᠰᠠᠮᠪᠠᠢ ᠡᠯᠬᠦᠭᠰᠡᠨ ᠪᠠᠶᠢᠳᠠᠭ᠃ ᠶᠡᠭᠡ ᠤᠪᠤᠭᠠᠨ ᠠᠴᠠ ᠬᠤᠶᠢᠰᠢ 2 ᠠᠯᠳᠠ ᠶᠢᠨ ᠵᠠᠶᠢᠳᠠᠢ ᠪᠠᠷ ᠪᠠᠭᠯᠢ ᠮᠤᠳᠤᠨ ᠢ ᠨᠦᠬᠡ ᠮᠠᠯᠳᠠᠵᠤ | ᠵᠢᠭᠳᠡᠷᠡᠬᠦᠯᠤᠨ ᠪᠤᠯᠠᠭᠰᠡᠨ 12 ᠵᠠᠩᠵᠤᠨ ᠤᠪᠤᠭ᠎ᠠ ᠲᠠᠢ᠃ ᠶᠡᠭᠡ ᠤᠪᠤᠭᠠᠨ ᠤ ᠡᠮᠤᠨ᠎ᠡ ᠳᠠᠯ᠎ᠠ ᠳᠤ ᠨᠢ ᠰᠠᠩ ᠰᠤᠯᠬᠡ ᠳᠠᠯᠪᠢᠬᠤ ᠰᠢᠪᠡᠷ ᠱᠠᠩᠯᠤ ᠲᠠᠢ᠃ ᠳᠡᠬᠦᠨ ᠤ | ᠬᠤᠶᠠᠷ ᠳᠠᠯ᠎ᠠ ᠳᠤ ᠦᠤᠩᠡ ᠰᠢᠬᠦᠰᠤ᠂ ᠰᠤᠭ ᠳᠡᠬᠡᠵᠢ ᠳᠠᠯᠪᠢᠬᠤ ᠵᠦᠯᠬᠡᠨ ᠳᠠᠶᠢᠰᠠ ᠲᠠᠢ᠃ ᠳᠡᠬᠦᠨ ᠠᠴᠠ ᠤᠷᠤᠭᠰᠢ ᠤᠪᠤᠭᠠᠨ ᠤ ᠳᠠᠬᠢᠯᠭ᠎ᠠ ᠰᠢᠳᠤᠯᠬᠡ ᠶᠢ | ᠪᠡᠯᠡᠤᠨᠬᠡᠬᠦ 1 ᠮᠤᠩᠭᠤᠯ ᠬᠡᠷ᠂ 2 ᠮᠠᠶᠢᠬᠠᠨ ᠪᠠᠷᠢᠵᠤ ᠯᠠᠮᠠ ᠬᠠᠷ᠎ᠠ ᠤᠯᠠᠨ ᠮᠦᠷᠬᠦᠯᠴᠢᠨ ᠬᠤᠷᠠᠨ ᠰᠠᠭᠤᠵᠤ ᠨᠠᠶᠢᠷ ᠨᠠᠭᠠᠳᠤᠮ ᠦᠵᠡᠬᠦ ᠳᠠᠯᠠᠪᠠᠢ ᠲᠠᠢ᠃ | ᠤᠪᠤᠭᠠᠨ ᠤ ᠶᠠᠮᠤᠳᠠᠤᠨ ᠢ ᠬᠤᠰᠢᠭᠤ ᠶᠠᠮᠤᠨ ᠠᠴᠠ ᠠᠯᠪᠠᠨ ᠪᠢᠴᠢᠭ ᠢᠶᠠᠷ ᠳᠤᠮᠢᠯᠠᠳᠠᠭ ᠪᠠᠶᠢᠵᠠᠢ᠃ ᠪᠠᠷᠠᠭᠤᠨ ᠳᠠᠯ᠎ᠠ ᠶᠢᠨ ᠳᠠᠭᠠᠭᠠᠮᠠᠯ ᠨᠢ ᠮᠦᠩᠬᠡᠪᠠᠳᠤ | ︵ᠰᠤᠸᠠᠳᠢ ᠶᠢᠨ ᠳᠡᠬᠡᠳᠤᠰ︶᠂ ᠬᠤᠶᠢᠳᠤ ᠳᠠᠯ᠎ᠠ ᠶᠢᠨ ᠳᠠᠭᠠᠭᠠᠮᠠᠯ ᠨᠢ ᠯᠾᠠᠮᠤᠵᠠᠪ ︵ᠷᠢᠨᠴᠢᠨᠨᠤᠷᠪᠤ ᠶᠢᠨ ᠳᠡᠬᠡᠳᠤᠰ︶᠂ ᠵᠡᠬᠦᠨ ᠳᠠᠯ᠎ᠠ ᠶᠢᠨ ᠳᠠᠭᠠᠭᠠᠮᠠᠯ ᠨᠢ | ᠪᠠᠨᠽᠠᠷᠵᠠᠪ ︵ᠠᠶᠤᠷᠽᠠᠨ᠎ᠠ ᠶᠢᠨ ᠳᠡᠬᠡᠳᠤᠰ︶᠂ ᠤᠷᠳᠤ ᠳᠠᠯ᠎ᠠ ᠶᠢᠨ ᠳᠠᠭᠠᠭᠠᠮᠠᠯ ᠨᠢ ᠰᠡᠷᠡᠩᠨᠤᠷᠪᠤ ︵ᠰᠤᠭᠳᠤᠷᠵᠠᠪ ᠤᠨ ᠳᠡᠬᠡᠳᠤᠰ︶ ᠪᠠᠶᠢᠵᠠᠢ᠃ ᠪᠠᠰᠠ ᠬᠦᠨᠽᠠᠩ | ︵ᠳᠠᠭᠠᠭᠠᠮᠠᠯ ᠠᠯᠳᠠᠨᠳᠠᠯᠠᠢ ᠶᠢᠨ ᠳᠡᠬᠡᠳᠤᠰ︶ ᠵᠡᠷᠬᠡ ᠶᠢᠨ 5 ᠶᠠᠮᠤᠳᠠᠤᠨ ᠪᠤᠯ ᠦᠶ᠎ᠡ ᠵᠠᠯᠭᠠᠮᠵᠢᠯᠠᠨ ᠤᠪᠤᠭᠠᠨ ᠤ ᠳᠠᠭᠠᠭᠠᠮᠠᠯ ᠤᠨ ᠳᠤᠰᠢᠶᠠᠯ ᠢ ᠬᠠᠷᠢᠭᠤᠴᠠᠨ ᠠᠯᠢᠪᠠ | ᠳᠠᠬᠢᠯᠭ᠎ᠠ ᠰᠢᠳᠤᠯᠬᠡ ᠪᠠ ᠬᠡᠷᠡᠭ ᠵᠠᠷᠭᠤ ᠶᠢ ᠳᠠᠰᠤᠯᠤᠨ ᠰᠢᠤᠨᠬᠡᠬᠦ ᠡᠷᠬᠡ ᠡᠬᠦᠷᠬᠡ ᠲᠠᠢ ᠪᠠᠶᠢᠵᠠᠢ᠃ 5 ᠶᠠᠮᠤᠳᠠᠤᠨ ᠠᠴᠠ ᠤᠪᠤᠭᠠᠨ ᠤ ᠲᠦᠷᠪᠡᠨ ᠳᠠᠯ᠎ᠠ ᠶᠢᠨ | ᠳᠠᠬᠢᠯᠭ᠎ᠠ ᠶᠢᠨ ᠳᠠᠴᠠᠩ ᠢ ᠬᠤᠨᠢᠨ ᠳᠤᠯᠤᠭᠠᠢ ᠪᠠᠷ ᠤᠷᠢᠵᠤ ᠳᠤᠬᠢᠷᠠᠭᠤᠯᠳᠠᠭ ᠡᠷᠬᠡ ᠲᠠᠢ᠃ ᠤᠪᠤᠭᠠᠨ ᠤ ᠳᠠᠬᠢᠯᠭ᠎ᠠ ᠶᠢᠨ ᠯᠠᠮᠠ ᠶᠢ ᠬᠠᠷᠭᠠᠨᠠᠳᠤ ᠶᠢᠨ ᠰᠦᠮ᠎ᠠ ᠶᠢᠨ | ᠯᠠᠮᠠ ᠰᠤᠭᠳᠤᠢ ᠠᠴᠠ ᠳ᠋ᠠ ᠯᠠᠮᠠ᠂ ᠬᠡᠪᠬᠦᠢ᠂ ᠤᠮᠵᠠᠤᠨ᠂ ᠭᠤᠨᠢᠷ ᠪᠠ ᠳᠠᠬᠢᠯᠭ᠎ᠠ ᠤᠩᠰᠢᠯᠭ᠎ᠠ ᠶᠢᠨ ᠯᠠᠮᠠ ᠵᠡᠷᠬᠡ 6 ᠯᠠᠮᠠ ᠶᠢ ᠳᠤᠮᠢᠯᠠᠨ ᠳᠤᠬᠢᠷᠠᠭᠤᠯᠳᠠᠭ ᠪᠠᠶᠢᠯ᠎ᠠ᠃ | | ᠡᠨᠡ ᠤᠪᠤᠭᠠᠨ ᠳᠠᠬᠢᠯᠭ᠎ᠠ ᠨᠢ ᠵᠢᠯ ᠳᠤ ᠬᠤᠶᠠᠷ ᠤᠳᠠᠭ᠎ᠠ ᠶᠠᠪᠤᠭᠳᠠᠨ᠎ᠠ᠃ | ᠠᠩᠬᠠᠳᠠᠬᠢ ᠳᠠᠬᠢᠯᠭ᠎ᠠ ᠨᠢ ᠴᠠᠭᠠᠨ ᠰᠠᠷ᠎ᠠ ᠶᠢᠨ ᠰᠢᠨ᠎ᠠ ᠶᠢᠨ ᠳᠠᠪᠤᠨ ᠳᠤ ᠤᠪᠤᠭᠠᠨ ᠳᠠᠭᠠᠭᠠᠮᠠᠯ ᠠᠴᠠ ᠨᠢᠬᠡ ᠨᠢ ᠡᠬᠡᠯᠵᠢ ᠪᠠᠷ ᠭᠤᠨᠢᠷ ᠲᠠᠢ ᠬᠠᠮᠳᠤ ᠤᠪᠤᠭᠠᠨ | ᠳᠤ ᠭᠠᠷᠴᠤ ᠰᠤᠭ ᠳᠡᠬᠡᠵᠢ᠂ ᠴᠠᠭᠠᠨ ᠢᠳᠡᠬᠡᠨ ᠢᠶᠠᠷ ᠳᠠᠬᠢᠵᠤ ᠨᠠᠮᠳᠠᠭ ᠰᠠᠩ ᠤᠩᠰᠢᠵᠤ ᠰᠠᠩ ᠰᠠᠷᠵᠢᠮ ᠡᠷᠬᠦᠳᠡᠭ ᠪᠠᠶᠢᠵᠠᠢ᠃ | ᠳᠠᠷᠠᠭᠠᠬᠢ ᠳᠠᠬᠢᠯᠭ᠎ᠠ ᠨᠢ ᠨᠠᠢᠮᠠᠨ ᠰᠠᠷ᠎ᠠ ᠶᠢᠨ ᠠᠷᠪᠠᠨ ᠤ ᠦᠷᠯᠤᠬᠡ ᠠᠴᠠ ᠠᠯᠳᠠᠨᠬᠡᠷᠡᠯ ᠤᠨ ᠪᠦᠳᠤᠬᠡᠬᠦᠯ ᠢ ᠭᠤᠷᠪᠠᠨ ᠡᠳᠤᠷ ᠬᠤᠷᠠᠭᠠᠤᠨ ᠠᠷᠪᠠᠨ ᠭᠤᠷᠪᠠᠨ | ᠤ ᠦᠷᠯᠤᠬᠡ 4 ᠳᠠᠯ᠎ᠠ ᠶᠢᠨ ᠳᠠᠴᠠᠩ ᠪᠤᠯᠤᠨ ᠶᠡᠭᠡ ᠬᠠᠷᠢᠶ᠎ᠠ ᠰᠤᠮᠤ᠂ ᠰᠦᠮ᠎ᠡ ᠬᠡᠶᠢᠤᠨ᠂ ᠠᠶᠢᠯ ᠡᠷᠤᠬᠡ ᠠᠴᠠ 8 ᠬᠤᠨᠢᠨ ᠦᠤᠩᠡ ᠰᠢᠬᠦᠰᠤ᠂ ᠰᠤᠭ ᠳᠡᠬᠡᠵᠢ᠂ | ᠴᠠᠭᠠᠨ ᠢᠳᠡᠬᠡᠨ᠂ ᠴᠠᠢ᠂ ᠬᠠᠳᠠᠭ᠂ ᠰᠠᠮᠪᠠᠢ᠂ ᠵᠤᠭᠤᠰ ᠮᠦᠩᠬᠦ᠂ ᠮᠠᠯ ᠬᠤᠢ ᠵᠡᠷᠬᠡ ᠶᠢᠨ ᠶᠡᠭᠡ ᠡᠷᠬᠦᠯᠳᠠ ᠬᠢᠵᠤ᠂ ᠭᠤᠮᠪᠤ ᠳᠤᠷᠤᠪ ᠨᠠᠮᠰᠠᠷᠢ ᠶᠢᠨ ᠰᠧᠷᠤᠪ | ᠬᠤᠷᠠᠵᠤ ᠳᠠᠯᠠᠯᠭ᠎ᠠ ᠳᠠᠯᠠᠯᠤᠨ ᠨᠠᠮᠳᠠᠭ ᠰᠠᠩ ᠤᠩᠰᠢᠵᠤ ᠰᠠᠩ ᠰᠡᠷᠵᠢᠮ ᠡᠷᠬᠦᠵᠤ ᠳᠠᠬᠢᠭᠠᠤᠨ ᠳᠠᠬᠢᠯᠭ᠎ᠠ ᠶᠢᠨ ᠦᠤᠩᠡ ᠰᠢᠬᠦᠰᠤ᠂ ᠰᠤᠭ ᠳᠡᠬᠡᠵᠢ ᠶᠢ ᠳᠠᠷᠠ ᠡᠳᠤᠷ | ᠲᠡᠭᠡᠨ ᠬᠤᠰᠢᠭᠤ ᠶᠠᠮᠤᠨ ᠱᠠᠩ ᠳᠤ 4 ᠮᠤᠷᠢᠨ ᠬᠦᠴᠤ ᠵᠠᠯᠭᠠᠨ ᠬᠦᠷᠬᠡᠵᠤ ᠪᠠᠶᠢᠬᠤ ᠳᠤ ᠵᠠᠷᠢᠮ ᠳᠠᠭᠠᠨ ᠮᠢᠬ᠎ᠠ ᠨᠢ ᠢᠯᠵᠢᠷᠠᠵᠤ ᠦᠨᠤᠷ ᠤᠷᠤᠬᠤ ᠪᠤᠶᠤ ᠦᠳᠤᠳᠡᠭ | ᠳᠤᠯᠠ ᠬᠤᠵᠢᠮ ᠪᠤᠯᠵᠤ ᠢᠷᠡᠬᠡᠤᠨ ᠤᠪᠤᠭᠠᠨ ᠠᠴᠠ 20 ᠭᠠᠵᠠᠷ ᠤᠨ ᠵᠠᠶᠢᠳᠠᠢ ᠰᠠᠭᠤᠵᠤ ᠪᠠᠶᠢᠭ᠎ᠠ ᠪᠠᠶᠠᠨᠴᠠᠶᠢᠳᠠᠮ ᠤᠨ ᠶᠡᠭᠡ ᠬᠠᠷᠢᠶᠠᠨ ᠵᠠᠯᠠᠨ ᠵᠠᠩᠬᠢ᠂ ᠬᠤᠰᠢᠭᠤ | ᠶᠠᠮᠤᠨ ᠤ ᠵᠢᠩᠬᠢᠨᠢ ᠳᠡᠷᠢᠬᠦᠯᠡᠭᠴᠢ ᠪᠤᠷᠤᠴᠢᠯᠠᠭᠤ ᠳᠤ ᠳᠠᠪᠤᠨ ᠳᠠᠭᠠᠭᠠᠮᠠᠯ ᠠᠴᠠ ᠨᠢᠬᠡ ᠨᠢ ᠡᠬᠡᠯᠵᠢ ᠪᠠᠷ ᠬᠦᠷᠬᠡᠳᠡᠭ ᠪᠤᠯᠵᠠᠢ᠃ ᠪᠤᠰᠤᠤᠨ ᠢ ᠨᠢ ᠬᠡᠳᠤᠨ ᠵᠠᠭᠤᠨ | ᠦᠭᠯᠢᠬᠡᠴᠢᠨ ᠮᠦᠷᠬᠦᠯᠴᠢᠨ ᠨᠠᠷ ᠲᠤ ᠬᠡᠰᠡᠭᠯᠡᠨ ᠬᠤᠪᠢᠶᠠᠵᠤ ᠤᠪᠤᠭᠠᠨ ᠬᠡᠰᠢᠭ ᠪᠤᠯᠭᠠᠨ ᠲᠦᠬᠡᠬᠡᠤᠨ ᠳᠠᠷᠠᠭ᠎ᠠ ᠪᠠᠷ ᠨᠢ ᠵᠢᠯ ᠪᠦᠷᠢ ᠳᠤ 32 ᠪᠦᠬᠡ ᠪᠠᠷᠢᠯᠳᠤᠬᠤ᠂ | 20 — 30 ᠮᠤᠷᠢ ᠶᠢ ᠰᠢᠪᠠᠷ ᠤᠨ ᠴᠠᠶᠢᠳᠠᠮ ᠠᠴᠠ ᠤᠪᠤᠭᠠᠨ ᠵᠡᠬᠦᠨ ᠬᠠᠵᠠᠭᠤ ᠪᠠᠷ ᠤᠷᠤᠢ ᠳᠡᠬᠡᠷ᠎ᠡ ᠤᠷᠤᠯᠳᠤᠵᠤ ᠭᠠᠷᠬᠤ᠂ ᠪᠠᠰᠠ ᠤᠪᠤᠭᠠᠨ ᠤ ᠪᠠᠷᠠᠭᠤᠨ | ᠬᠠᠵᠠᠭᠤ ᠳᠤ ᠨᠢᠬᠡᠨ ᠲᠦᠬᠦᠮ ᠰᠢᠭ ᠭᠠᠵᠠᠷ ᠲᠤ ᠨᠤᠮᠤ ᠰᠤᠮᠤ ᠬᠠᠷᠪᠤᠬᠤ ᠬᠠᠷᠪᠤᠯᠳᠠ ᠵᠡᠷᠬᠡ ᠡᠷ᠎ᠡ ᠶᠢᠨ ᠭᠤᠷᠪᠠᠨ ᠨᠠᠭᠠᠳᠤᠮ ᠤᠨ ᠱᠠᠩᠨᠠᠯᠳᠤ ᠤᠷᠤᠯᠳᠤᠭᠠᠨ | ᠬᠢᠬᠡᠤᠨ ᠤᠪᠤᠭᠠᠨ ᠤ ᠳᠠᠬᠢᠯᠭ᠎ᠠ ᠰᠢᠳᠤᠯᠬᠡ ᠪᠤᠯᠤᠨ ᠨᠠᠶᠢᠷ ᠨᠠᠭᠠᠳᠤᠮ ᠢᠶᠠᠨ ᠬᠢᠵᠤ ᠳᠡᠬᠦᠰᠬᠡᠳᠡᠭ ᠶᠤᠮ᠃ | ᠡᠬᠦᠨ ᠳᠤ ᠡᠮᠡᠭᠳᠡᠢ ᠬᠦᠮᠤᠨ ᠢ ᠤᠪᠤᠭᠠᠨ ᠳᠤ ᠭᠠᠷᠭᠠᠨ᠎ᠠ ᠬᠠᠷᠢᠨ ᠬᠢᠳᠠᠤᠨ ᠬᠦᠮᠤᠨ ᠢ ᠤᠪᠤᠭᠠᠨ ᠳᠤ ᠭᠠᠷᠭᠠᠬᠤ ᠦᠬᠡᠢ᠂ ᠤᠪᠤᠭᠠᠨ ᠳᠡᠷᠬᠡᠳᠠ ᠠᠷᠢᠬᠢ | ᠳᠠᠮᠠᠬᠢ ᠳᠠᠳᠠᠬᠤ ᠦᠬᠡᠢ᠂ ᠤᠪᠤᠭᠠᠨ ᠤ ᠤᠷᠤᠢ ᠠᠴᠠ ᠡᠷᠬᠢᠨ ᠳᠤᠭᠤᠷᠢᠨ 5 ᠺᠢᠯᠤᠮᠧᠲᠷ ᠤᠨ ᠳᠤᠳᠤᠷ᠎ᠠ ᠮᠤᠳᠤ ᠪᠤᠷᠭᠠᠰᠤ ᠶᠢ ᠴᠠᠪᠴᠢᠬᠤ ᠶᠢ ᠬᠤᠷᠢᠳᠠᠭ | ᠬᠤᠷᠢᠭᠤᠯ ᠲᠠᠢ ᠪᠠᠶᠢᠵᠠᠢ᠃ | ᠡᠳᠤᠬᠡ ᠤᠪᠤᠭᠠᠨ ᠤ ᠳᠡᠷᠬᠡᠳᠠ ᠰᠠᠭᠤᠵᠤ ᠪᠠᠶᠢᠭ᠎ᠠ ᠰᠢᠶᠧ ᠤᠪᠤᠭᠳᠤ ᠠᠬ᠎ᠠ ᠳᠡᠬᠦᠤ ᠬᠤᠶᠠᠷ ᠬᠢᠳᠠᠤᠨ ᠠᠶᠢᠯ ᠢᠶᠠᠷ ᠭᠤᠤᠯ ᠪᠤᠯᠵᠤ ᠨᠤᠳᠤᠭ ᠤᠰᠤᠨ ᠤ | ᠤᠯᠠᠨ ᠮᠤᠩᠭᠤᠯᠴᠤᠤᠨ ᠰᠦᠰᠦᠭ ᠬᠦᠴᠤᠨ ᠬᠠᠮᠳᠤᠷᠠᠨ ᠤᠭ ᠤᠨ ᠵᠤᠷᠰᠢᠯ ᠶᠤᠰᠤᠭᠠᠷ ᠨᠠᠢᠮᠠᠨ ᠰᠠᠷ᠎ᠠ ᠶᠢᠨ ᠠᠷᠪᠠᠨ ᠭᠤᠷᠪᠠᠨ ᠳᠤ 2 ᠬᠤᠨᠢᠨ ᠦᠤᠩᠡ ᠰᠢᠬᠦᠰᠤ | ᠪᠤᠯᠤᠨ ᠰᠤᠭ ᠳᠡᠬᠡᠵᠢ᠂ ᠴᠠᠭᠠᠨ ᠢᠳᠡᠬᠡᠨ ᠢᠶᠠᠷ ᠳᠠᠬᠢᠵᠤ ᠪᠦᠬᠡ ᠪᠠᠷᠢᠯᠳᠤᠬᠤ ᠮᠤᠷᠢ ᠤᠷᠤᠯᠳᠤᠬᠤ ᠵᠡᠷᠬᠡ ᠶᠢᠨ ᠤᠪᠤᠭᠠᠨ ᠤ ᠨᠠᠶᠢᠷ ᠬᠢᠳᠡᠭ ᠪᠠᠶᠢᠨ᠎ᠠ᠃ | ᠡᠨᠡ ᠤᠪᠤᠭᠠᠨ ᠤ ᠳᠤᠬᠠᠢ ︽ᠤᠷᠳᠤᠰ ᠤᠨ ᠭᠠᠵᠠᠷ ᠤᠨ ᠨᠡᠷ᠎ᠡ ᠶᠢᠨ ᠳᠤᠮᠤᠭ︾ ᠲᠤ ᠡᠶᠢᠮᠤ ᠨᠢᠬᠡᠨ ᠳᠤᠮᠤᠭ ᠪᠠᠶᠢᠳᠠᠭ᠄ | ᠤᠳᠤᠭ᠂ ᠦᠤᠰᠢᠨ ᠬᠤᠶᠠᠷ ᠬᠤᠰᠢᠭᠤᠨ ᠳᠤ ᠬᠤᠷᠠᠬᠤ ᠬᠡᠳᠡᠭ ᠨᠠᠷᠠ ᠲᠠᠢ ᠭᠠᠵᠠᠷ ᠠᠷᠪᠢᠨ ᠪᠠᠶᠢᠳᠠᠭ ᠪᠤᠯᠪᠠᠴᠤ ᠨᠠᠷᠠ ᠴᠤᠤᠳᠠᠢ ᠨᠢ ᠠᠷᠪᠠᠨ ᠭᠤᠷᠪᠠ ᠪᠤᠢ᠃ | ᠡᠬᠦᠨ ᠳᠤ ᠨᠠᠶᠢᠳᠠᠴᠢ ᠤᠨᠴᠠᠯᠢᠭ ᠨᠢ ᠬᠡᠪᠡᠯ ᠬᠤᠷᠢ᠂ ᠭᠤᠴᠢᠨ ᠭᠠᠵᠠᠷ ᠤᠨ ᠬᠤᠯᠠ ᠠᠴᠠ ᠰᠦᠨᠳᠡᠷᠯᠡᠨ ᠬᠠᠷᠠᠭᠳᠠᠬᠤ ᠪᠤᠷᠤᠯᠵᠠᠨ ᠦᠨᠳᠤᠷ ᠤᠷᠤᠢ ᠪᠠᠶᠢᠳᠠᠭ᠃ | ᠬᠤᠷᠠᠬᠤ ᠪᠦᠷᠢ ᠶᠢᠨ ᠤᠷᠤᠢ ᠳᠡᠬᠡᠷ᠎ᠡ ᠤᠪᠤᠭ᠎ᠠ ᠲᠠᠢ ᠮᠦᠷᠳᠡᠬᠡᠨ ᠳᠡᠬᠦᠨ ᠤ ᠳᠡᠷᠬᠡᠳᠠ ᠵᠠᠪᠠᠯ ᠨᠢᠬᠡᠨ ᠬᠠᠭᠤᠴᠢᠨ ᠡᠪᠳᠡᠷᠬᠡᠢ ᠪᠠᠯᠭᠠᠰᠤ ᠶᠢᠨ ᠤᠷᠤᠮ ᠪᠠᠭᠤᠷᠠᠢ ᠲᠠᠢ | ᠪᠤᠶᠤ ᠪᠠᠰᠠ ᠨᠢᠬᠡ ᠪᠦᠷᠢᠳᠤ ᠲᠠᠢ ᠪᠠᠶᠢᠳᠠᠭ᠃ ᠡᠨᠡ ᠬᠦ ᠪᠦᠷᠢᠳᠤ ᠳᠤ ᠨᠢ ᠨᠤᠮᠢᠨ ᠨᠤᠭᠤᠭᠠᠨ ᠵᠦᠯᠬᠡ ᠰᠠᠬᠤᠯᠠᠭ ᠰᠠᠶᠢᠬᠠᠨ ᠡᠪᠡᠰᠤ ᠬᠤᠯᠤᠰᠤ ᠵᠡᠬᠡᠰᠤ ᠵᠢᠭᠳᠡᠷᠡᠨ | ᠤᠷᠭᠤᠭᠰᠠᠨ᠂ ᠭᠠᠯᠠᠭᠤ ᠰᠢᠪᠠᠭᠤ ᠭᠠᠩᠭᠠᠨᠠᠭᠰᠠᠨ ᠪᠤᠮ ᠲᠦᠮᠡᠨ ᠠᠳᠤᠭᠤ ᠮᠠᠯ ᠤᠮᠳᠠᠯᠠᠭᠰᠡᠨ ᠦᠵᠡᠮᠵᠢᠳᠤ ᠰᠠᠶᠢᠬᠠᠨ ᠭᠠᠵᠠᠷ ᠶᠤᠮ᠃ ᠡᠨᠡ ᠨᠢ ᠡᠷᠳᠠ ᠤᠷᠢᠳᠤ | ᠴᠢᠩᠬᠢᠰ ᠪᠤᠭᠳᠠ ᠪᠦᠬᠦ ᠮᠤᠩᠭᠤᠯ ᠴᠡᠷᠢᠭ ᠢᠶᠠᠨ ᠳᠠᠶᠢᠴᠢᠯᠠᠨ ᠪᠠᠷᠠᠭᠤᠨ ᠰᠢᠶᠠ ᠤᠯᠤᠰ ᠢ ᠪᠠᠶᠢᠯᠳᠤᠨ ᠡᠵᠡᠯᠡᠬᠦ ᠪᠠᠷ ᠶᠠᠪᠤᠬᠤ ᠦᠶ᠎ᠡ ᠳᠤ ᠬᠤᠳᠠ ᠪᠤᠯᠭᠠᠨ ᠪᠦᠷ ᠯᠠ | ᠦᠨᠳᠤᠷ ᠬᠡᠷᠡᠮ ᠲᠠᠢ ᠪᠠᠶᠢᠵᠠᠢ᠃ ᠡᠶᠢᠮᠤ ᠠᠴᠠ ᠬᠤᠳᠠ ᠶᠢᠨ ᠳᠡᠷᠬᠡᠳᠠ ᠨᠢ ᠰᠢᠷᠤᠢ ᠤᠪᠤᠭᠠᠯᠠᠵᠤ ᠦᠨᠳᠤᠷ ᠤᠷᠤᠢ ᠪᠤᠰᠬᠠᠭᠠᠤᠨ ᠳᠡᠬᠦᠨ ᠤ ᠳᠡᠬᠡᠷ᠎ᠡ ᠴᠡᠷᠢᠭ | ᠬᠤᠷᠠᠵᠤ᠂ ᠬᠡᠷᠡᠮ ᠤᠨ ᠳᠡᠬᠡᠬᠦᠷ ᠰᠢᠭᠤᠤᠨ ᠬᠤᠳᠠ ᠦᠬᠡᠳᠠ ᠬᠠᠷᠪᠤᠭᠠᠤᠨ ᠡᠵᠡᠯᠡᠳᠡᠭ ᠬᠡᠨ᠎ᠡ᠃ ᠬᠤᠵᠢᠮ ᠨᠢ ᠤᠪᠤᠭᠠᠯᠠᠭᠰᠡᠨ ᠰᠢᠷᠤᠢ ᠶᠢ ᠨᠢ ᠬᠤᠷᠠᠬᠤ ᠶᠢᠨ | ᠤᠷᠤᠢ ᠬᠡᠮᠡᠨ ᠨᠡᠷᠡᠶᠢᠤᠨᠴᠤ ᠳᠡᠬᠡᠷ᠎ᠡ ᠨᠢ ᠤᠪᠤᠭ᠎ᠠ ᠪᠤᠰᠬᠠᠨ ᠳᠠᠬᠢᠵᠤ᠂ ᠰᠢᠷᠤᠢ ᠠᠪᠤᠭᠰᠡᠨ ᠭᠠᠵᠠᠷ ᠨᠢ ᠲᠦᠬᠦᠮ ᠪᠤᠯᠵᠤ ᠴᠠᠶᠢᠳᠠᠮ ᠪᠦᠷᠢᠳᠤ ᠪᠤᠯᠤᠭᠠᠤᠨ ᠦᠶ᠎ᠡ | ᠶᠢᠨ ᠦᠶ᠎ᠡ ᠪᠠᠷ ᠮᠦᠩᠬᠡ ᠨᠤᠭᠤᠭᠠᠷᠠᠨ ᠮᠤᠩᠭᠤᠯ ᠤᠨ ᠬᠡᠶᠢᠮᠤᠷᠢ ᠦᠨᠢᠳᠠ ᠮᠠᠨᠳᠤᠵᠤ ᠪᠠᠶᠢᠬᠤ ᠳᠤ ᠡᠪᠳᠡᠷᠬᠡᠢ ᠬᠠᠭᠤᠴᠢᠨ ᠪᠠᠯᠭᠠᠰᠤ ᠨᠢ ᠳᠤᠪᠤ ᠪᠤᠯᠤᠨ ᠰᠤᠶᠢᠷᠡᠪᠡ | ᠬᠡᠵᠤ ᠬᠡᠯᠡᠳᠡᠭ᠃ |