ᠡᠷᠳᠠ ᠤᠷᠢᠳᠤ ᠶᠢᠨ ᠴᠠᠭ ᠲᠤ ᠠᠬ᠎ᠠ ᠳᠡᠬᠦᠤ ᠭᠤᠷᠪᠠᠭᠤᠯᠠ ᠪᠠᠶᠢᠵᠤ ᠬᠡᠨ᠎ᠡ᠃ ᠡᠨᠡ ᠭᠤᠷᠪᠠᠭᠤᠯᠠ ᠶᠢᠨ ᠵᠠᠩ ᠨᠢ ᠠᠰ ᠠᠰᠳᠠᠭᠠᠨ ᠬᠡᠨ᠎ᠡ᠃ ᠶᠡᠭᠡ ᠠᠬ᠎ᠠ | ᠨᠢ ᠠᠵᠢᠯ ᠬᠦᠳᠡᠯᠮᠤᠷᠢ ᠳᠡᠭᠡᠨ ᠰᠠᠶᠢᠨ᠂ ᠶᠠᠮᠠᠷ ᠠᠵᠢᠯ ᠬᠢᠭᠰᠡᠨ ᠴᠤ ᠠᠮᠠᠷᠠᠬᠤ ᠶᠢ ᠮᠡᠳᠡᠬᠦ ᠦᠬᠡᠢ ᠪᠠᠷ ᠵᠤᠭᠰᠤᠯ ᠦᠬᠡᠢ ᠬᠢᠳᠡᠭ ᠵᠠᠩ ᠲᠠᠢ ᠶᠤᠮ ᠬᠡᠨ᠎ᠡ᠃ | ᠬᠤᠶᠠᠳᠤᠭᠠᠷ ᠠᠬ᠎ᠠ ᠨᠢ ᠠᠵᠢᠯ ᠬᠦᠳᠡᠯᠮᠤᠷᠢ ᠬᠢᠵᠤ ᠪᠠᠶᠢᠬᠤ ᠳᠤᠮᠳᠠ ᠪᠠᠨ ᠶᠠᠮᠠᠷ ᠶᠠᠪᠤᠳᠠᠯ ᠳᠤᠬᠢᠶᠠᠯᠳᠤᠭᠰᠡᠨ ᠴᠤ ᠬᠠᠮᠢᠶᠠᠷᠴᠤ ᠠᠩᠬᠠᠷᠳᠠᠭ ᠦᠬᠡᠢ ᠵᠠᠩ ᠲᠠᠢ | ᠬᠡᠨ᠎ᠡ᠃ ᠪᠠᠭ᠎ᠠ ᠳᠡᠬᠦᠤ ᠨᠢ ᠠᠷᠠᠯᠵᠢᠶ᠎ᠠ ᠮᠠᠶᠢᠮᠠᠢ ᠬᠢᠬᠦ ᠳᠤᠷᠠᠳᠠᠢ ᠪᠦᠬᠡᠤᠨ ᠬᠦᠮᠤᠨ ᠳᠤ ᠶᠡᠷᠤ ᠬᠤᠨᠵᠢᠭᠳᠠᠳᠠᠭ ᠦᠬᠡᠢ ᠬᠡᠨ᠎ᠡ᠃ ᠠᠬ᠎ᠠ ᠳᠡᠬᠦᠤ ᠭᠤᠷᠪᠠᠭᠤᠯᠠ | ᠬᠠᠮᠢᠭ᠎ᠠ ᠤᠴᠢᠵᠤ᠂ ᠬᠡᠨ ᠤ ᠳᠤ ᠠᠵᠢᠯ ᠬᠢᠭᠰᠡᠨ ᠴᠤ ᠰᠠᠯᠬᠤ ᠦᠬᠡᠢ ᠨᠠᠶᠢᠯᠡᠵᠤ ᠶᠠᠪᠤᠳᠠᠭ ᠠᠵᠢ᠃ | ᠵᠠ᠂ ᠳᠡᠬᠡᠬᠡᠤᠨ ᠨᠢᠬᠡᠨ ᠡᠳᠤᠷ ᠠᠬ᠎ᠠ ᠳᠡᠬᠦᠤ ᠭᠤᠷᠪᠠᠭᠤᠯᠠ ᠬᠠᠮᠳᠤ ᠶᠠᠪᠤᠭᠰᠠᠭᠠᠷ ᠪᠠᠶᠢᠵᠤ ᠨᠢᠬᠡ ᠶᠡᠭᠡ ᠪᠠᠶᠠᠨ ᠤ ᠡᠬᠦᠳᠠᠨ ᠳᠤ ᠬᠦᠷᠴᠤ ᠢᠷᠡᠵᠡᠢ᠃ ᠬᠦᠴᠤ | ᠪᠠᠨ ᠬᠤᠳᠠᠯᠳᠤᠨ ᠭᠤᠤᠯᠴᠢ ᠪᠠᠷ ᠠᠵᠢᠯᠯᠠᠳᠠᠭ ᠠᠬ᠎ᠠ ᠳᠡᠬᠦᠤ ᠭᠤᠷᠪᠠ ᠶᠢᠨ ᠵᠠᠩ ᠠᠭᠠᠰᠢ ᠶᠢ ᠪᠠᠶᠠᠨ ᠰᠤᠨᠤᠰᠤᠭᠠᠤᠨ ᠳᠤᠩ ᠪᠠᠶᠠᠷᠯᠠᠨ᠂ ᠬᠤᠨᠵᠢᠪᠤᠷᠢ ᠶᠡᠭᠡ ᠲᠠᠢ | ᠶᠠᠪᠤᠳᠠᠯ ᠪᠤᠯᠤᠯ᠎ᠠ ᠬᠡᠵᠤ ᠦᠵᠡᠭᠰᠡᠨ ᠳᠤᠯᠠ ᠭᠤᠷᠪᠠᠭᠤᠯᠠ ᠶᠢ ᠬᠦᠯᠤᠰᠤᠯᠡᠬᠦ ᠪᠠᠷ ᠬᠡᠯᠡᠯᠴᠡᠨ ᠳᠤᠬᠢᠷᠠᠭᠰᠡᠨ ᠬᠡᠨ᠎ᠡ᠃ | ᠳᠡᠬᠡᠬᠡᠤᠨ ᠨᠢᠬᠡᠨ ᠡᠳᠤᠷ ᠪᠠᠶᠠᠨ ᠤ ᠬᠢᠨ ᠪᠤᠷᠬᠠᠨ ᠨᠤᠮ ᠳᠠᠬᠢᠵᠤ ᠳᠠᠯᠠᠯᠭ᠎ᠠ ᠠᠪᠴᠤ ᠪᠤᠶᠠᠨ ᠤᠶᠢᠯᠡᠳᠦᠭᠰᠡᠨ ᠶᠤᠮ ᠪᠠᠶᠢᠵᠠᠢ᠃ ᠪᠠᠶᠠᠨ ᠶᠡᠭᠡ ᠠᠬ᠎ᠠ ᠶᠢ ᠨᠢ | ᠳᠠᠭᠤᠳᠠᠭᠠᠤᠨ᠄ | ︽ᠴᠢ ᠤᠳᠤ ᠤᠴᠢᠵᠤ ᠬᠤᠨᠢᠨ ᠰᠦᠷᠦᠭ ᠠᠴᠠ ᠳᠠᠷᠭᠤ ᠰᠠᠶᠢᠳᠠᠢ ᠬᠤᠶᠠᠷ ᠢᠷᠬᠡ ᠠᠯᠠᠭᠠᠤᠨ ᠢᠷ᠎ᠡ︾ ᠬᠡᠵᠡᠢ᠃ ᠳᠡᠬᠡᠬᠡᠤᠨ ᠤᠷᠤᠢ ᠪᠤᠯᠳᠠᠯ᠎ᠠ ᠬᠦᠯᠢᠶᠡᠬᠡᠤᠨ | ᠠᠯᠠᠰᠢᠨ ᠤ ᠬᠦᠮᠤᠨ ᠢᠷᠡᠭᠰᠡᠨ ᠦᠬᠡᠢ ᠳᠤᠯᠠ ᠦᠨᠤ ᠪᠠᠶᠠᠨ ᠰᠦᠷᠦᠭ ᠤᠨ ᠳᠡᠷᠬᠡᠳᠠ ᠤᠴᠢᠵᠤ ᠦᠵᠡᠭᠰᠡᠨ ᠳᠤ ᠠᠯᠠᠰᠢᠨ ᠤ ᠬᠦᠮᠤᠨ ᠶᠡᠭᠡ ᠪᠠᠭ᠎ᠠ ᠡᠷ᠎ᠡ ᠡᠮ᠎ᠡ ᠶᠢ | ᠨᠢ ᠢᠯᠭᠠᠯ ᠦᠬᠡᠢ ᠨᠢᠬᠡ ᠠᠷᠪᠢᠨ ᠬᠤᠨᠢ ᠠᠯᠠᠴᠢᠬᠠᠭᠠᠤᠨ ᠪᠠᠶᠢᠪᠠ ᠬᠡᠨ᠎ᠡ᠃ ᠪᠠᠶᠠᠨ ᠳᠤᠶᠢᠯ ᠢᠶᠠᠷ ᠬᠤᠷᠤᠰᠴᠤ᠄ | ︽ᠴᠢ ᠴᠢᠨᠢ ᠶᠠᠮᠠᠷ ᠳᠡᠭᠷᠢ ᠨᠢᠷᠬᠡᠭᠰᠡᠨ ᠠᠮᠢᠳᠠᠨ ᠬᠡᠭᠴᠢ ᠪᠤᠢ︖ ᠭᠠᠯᠵᠠᠭᠤᠷᠠᠪᠠ ᠤᠤ︖ ᠴᠢᠮᠠᠶᠢᠢ ᠬᠤᠶᠠᠷ ᠢᠷᠬᠡ ᠠᠯᠠᠭᠠᠤᠨ ᠢᠷ᠎ᠡ ᠬᠡᠰᠡᠨ ᠠᠴᠠ ᠪᠢᠰᠢ᠂ | ᠡᠳᠤᠢ ᠤᠯᠠᠨ ᠢ ᠠᠯᠠ ᠬᠡᠪᠡ ᠤᠤ︕︾ ᠬᠡᠵᠤ ᠵᠠᠩᠳᠤᠷᠤᠭᠰᠡᠨ ᠳᠤ ᠶᠡᠭᠡ ᠠᠬ᠎ᠠ ᠨᠢ ᠳᠡᠷᠡᠬᠡᠨ ᠵᠠᠭᠤᠷ᠎ᠠ ᠪᠠᠰᠠ ᠬᠡᠳᠤ ᠬᠡᠳᠤ ᠶᠢ ᠠᠯᠠᠵᠤ ᠬᠡᠨ᠎ᠡ᠃ ᠪᠡᠶᠡᠨ ᠳᠡᠰᠬᠦ | ᠠᠯᠳᠠᠷᠠᠵᠤ ᠬᠢᠳᠤᠭ᠎ᠠ ᠶᠢ ᠨᠢ ᠪᠤᠯᠢᠶᠠᠨ ᠠᠪᠤᠭᠰᠠᠨ ᠳᠤ ᠠᠯᠠᠰᠢᠨ ᠤ ᠬᠦᠤ ᠰᠠᠶ᠋ᠢ ᠬᠡᠳᠡᠶᠢᠨ ᠵᠤᠭᠰᠤᠵᠤ ᠨᠠᠷᠠ ᠶᠢ ᠪᠠᠷᠠᠯᠠᠭᠰᠡᠨ ᠢᠶᠠᠨ᠄ | ︽ᠪᠠᠰᠠ ᠡᠷᠳᠠ ᠪᠠᠶᠢᠨ᠎ᠠ᠂ ᠨᠠᠷᠠ ᠰᠠᠶ᠋ᠢ ᠠᠭᠤᠯᠠ ᠶᠢᠨ ᠤᠷᠤᠢ ᠳᠡᠬᠡᠷ᠎ᠡ ᠪᠠᠶᠢᠭᠰᠠᠭᠠᠷ ᠪᠠᠶᠢᠬᠤ ᠳᠤ ᠳᠠᠬᠢᠭᠠᠤᠨ ᠠᠷᠪᠠᠭᠠᠤᠨ ᠢ ᠠᠯᠠᠪᠠᠴᠤ ᠠᠮᠵᠢᠴᠢᠬᠠᠨᠠ︾ | ᠬᠡᠵᠡᠢ᠃ ᠪᠠᠶᠠᠨ ᠨᠢᠬᠡᠮᠤᠰᠤᠨ ᠠᠭᠤᠷᠯᠠᠵᠤ᠄ | ︽ᠴᠢ ᠶᠠᠭᠤᠨ ᠳᠤ ᠢᠩᠬᠢᠵᠤ ᠶᠤᠰᠤ ᠪᠤᠰᠤ ᠪᠠᠷ ᠠᠭᠠᠰᠢᠯᠠᠳᠠᠭ ᠶᠤᠮ︖︾ ᠬᠡᠰᠡᠨ ᠳᠤ᠄ | ︽ᠪᠢ ᠳᠠᠨ ᠤ ᠳᠤ ᠢᠷᠡᠬᠦ ᠦᠶ᠎ᠡ ᠳᠡᠭᠡᠨ᠂ ᠬᠦᠳᠡᠯᠮᠤᠷᠢ ᠬᠢᠪᠡᠯ ᠦᠷᠯᠤᠬᠡ ᠠᠴᠠ ᠤᠷᠤᠢ ᠪᠤᠯᠳᠠᠯ᠎ᠠ ᠨᠢᠷᠤᠭᠤ ᠬᠡᠳᠡᠶᠢᠬᠦ ᠦᠬᠡᠢ ᠪᠠᠷ ᠵᠤᠭᠰᠤᠯ ᠦᠬᠡᠢ | ᠠᠵᠢᠯᠯᠠᠳᠠᠭ ᠵᠠᠩ ᠲᠠᠢ ᠬᠡᠰᠡᠨ ᠪᠢᠰᠢ ᠤᠤ︖︾ ᠬᠡᠰᠡᠨ ᠳᠤ ᠪᠠᠶᠠᠨ ᠦᠬᠡ ᠳᠠᠭᠤᠨ ᠦᠬᠡᠢ ᠪᠤᠯᠤᠭᠰᠡᠨ ᠬᠡᠨ᠎ᠡ᠃ | ᠬᠤᠶᠠᠳᠤᠭᠠᠷ ᠠᠬ᠎ᠠ ᠶᠢ ᠨᠢ ᠳᠤᠳᠤᠷ᠎ᠠ ᠠᠵᠢᠯ ᠬᠢᠯᠬᠡᠭᠰᠡᠨ ᠶᠤᠮ ᠪᠠᠶᠢᠵᠠᠢ᠃ ᠨᠢᠬᠡᠨ ᠡᠳᠤᠷ ᠠᠵᠢᠯ ᠬᠢᠵᠤ ᠪᠠᠶᠢᠳᠠᠯ᠎ᠠ ᠪᠠᠶᠠᠨ ᠤ ᠪᠠᠭ᠎ᠠ ᠬᠦᠤ ᠨᠢ ᠠᠯᠢᠶᠠᠷᠬᠠᠵᠤ | ᠪᠠᠶᠢᠭᠰᠠᠭᠠᠷ ᠬᠦᠷᠢᠶᠡᠨ ᠤ ᠳᠤᠮᠳᠠᠬᠢ ᠬᠤᠤᠨᠳᠤᠭ ᠲᠤ ᠤᠨᠠᠴᠢᠬᠠᠪᠠ᠃ ᠳᠡᠭᠷᠢ ᠶᠢᠨ ᠴᠢᠨᠡᠬᠡᠨ ᠬᠡᠷᠡᠭ ᠭᠠᠷᠤᠭᠰᠡᠨ ᠴᠤ ᠡᠳᠤᠷᠵᠢᠨ ᠳᠤᠤᠭᠠᠷᠳᠠᠭ ᠦᠬᠡᠢ ᠵᠠᠩ ᠲᠠᠢ | ᠡᠨᠡ ᠬᠦᠮᠤᠨ ᠠᠵᠢᠯ ᠢᠶᠠᠨ ᠬᠢᠵᠤ ᠪᠠᠷᠠᠭᠠᠤᠨ ᠨᠠᠷᠠ ᠰᠢᠩᠬᠡᠭᠰᠡᠨ ᠤ ᠳᠠᠷᠠᠭ᠎ᠠ ᠰᠠᠶ᠋ᠢ ᠪᠠᠶᠠᠨ ᠢ ᠡᠷᠢᠵᠤ᠄ | ︽ᠪᠢ ᠠᠵᠢᠯᠯᠠᠭᠠᠤᠨ ᠦᠳᠠ ᠰᠢᠬᠠᠵᠤ ᠪᠠᠶᠢᠬᠤ ᠳᠤ ᠬᠦᠤ ᠴᠢᠨᠢ ᠬᠤᠤᠨᠳᠤᠭ ᠲᠤ ᠤᠨᠠᠭᠰᠡᠨ ᠢ ᠤᠯᠵᠤ ᠦᠵᠡᠪᠡ᠂ ᠬᠡᠪᠡᠴᠤ ᠪᠢ ᠠᠵᠢᠯ ᠬᠢᠵᠤ ᠪᠠᠶᠢᠬᠤ | ᠳᠠᠭᠠᠨ ᠳᠤᠤᠭᠠᠷᠬᠤ ᠵᠠᠩ ᠦᠬᠡᠢ ᠪᠤᠯᠬᠤᠷ ᠳᠠᠷᠠ ᠦᠶᠡᠰ ᠲᠤ ᠨᠢ ᠳᠠᠨ ᠳᠤ ᠬᠡᠯᠡᠵᠤ ᠠᠮᠵᠢᠭᠰᠡᠨ ᠦᠬᠡᠢ︾ ᠬᠡᠵᠤ ᠬᠡᠨ᠎ᠡ᠃ ᠳᠡᠬᠡᠬᠦ ᠳᠤ ᠦᠨᠤ ᠪᠠᠶᠠᠨ | ᠰᠤᠨᠤᠰᠤᠭᠠᠤᠨ ᠭᠠᠰᠢᠭᠤᠳᠠᠬᠤ ᠶᠢᠨ ᠶᠡᠭᠡ ᠪᠠᠷ ᠭᠠᠰᠢᠭᠤᠳᠠᠵᠤ᠂ ᠶᠠᠭᠤ ᠴᠤ ᠬᠡᠯᠡᠵᠤ ᠴᠢᠳᠠᠭᠰᠡᠨ ᠦᠬᠡᠢ ᠬᠡᠨ᠎ᠡ᠃ | ᠵᠠ᠂ ᠨᠢᠬᠡᠨ ᠡᠳᠤᠷ ᠪᠠᠶᠠᠨ ᠤ ᠡᠬᠡᠨᠡᠷ ᠬᠦᠤ ᠪᠠᠨ ᠪᠤᠳᠤᠨ ᠪᠤᠳᠤᠭᠰᠠᠭᠠᠷ ᠡᠪᠡᠤᠨᠴᠢᠯᠡᠵᠡᠢ᠃ ᠢᠩᠬᠢᠬᠦ ᠳᠤ ᠪᠠᠶᠠᠨ ᠠᠷᠠᠯᠵᠢᠶ᠎ᠠ ᠮᠠᠶᠢᠮᠠᠢ ᠰᠠᠶᠢᠨ ᠬᠢᠳᠡᠭ ᠪᠠᠭ᠎ᠠ | ᠳᠡᠬᠦᠤ ᠶᠢ ᠨᠢ ᠬᠤᠳᠠ ᠤᠷᠤᠭᠤᠯᠵᠤ᠂ ᠬᠠᠳᠤᠨ ᠳᠠᠭᠠᠨ ᠠᠯᠢ ᠬᠡᠷᠡᠭᠳᠠᠢ ᠰᠠᠶᠢᠨ ᠡᠮ ᠠᠪᠴᠢᠷᠠᠭᠤᠯᠬᠤ ᠪᠠᠷ ᠵᠠᠷᠤᠪᠠ᠃ ᠳᠠᠷᠠ ᠬᠦᠤ ᠬᠤᠳᠠ ᠤᠷᠤᠭᠠᠤᠨ ᠡᠮ ᠤᠨ | ᠦᠷᠳᠡᠭ ᠢ ᠠᠰᠠᠭᠤᠪᠠᠯ ᠳᠤᠩ ᠬᠢᠮᠳᠠ ᠪᠠᠶᠢᠭᠰᠡᠨ ᠳᠤᠯᠠ ᠪᠠᠶᠠᠨ ᠤ ᠦᠭᠬᠦᠭᠰᠡᠨ ᠪᠠᠶᠢᠳᠠᠭ ᠮᠦᠩᠬᠦ ᠪᠠᠷ ᠨᠢ ᠨᠢᠬᠡ ᠮᠤᠷᠢᠨ ᠳᠡᠷᠬᠡ ᠡᠪᠡᠰᠤᠨ ᠡᠮ ᠬᠤᠳᠠᠯᠳᠤᠨ | ᠠᠪᠤᠭᠠᠤᠨ ᠳᠠᠭᠠᠭ᠎ᠠ ᠶᠠᠳᠠᠳᠠᠯ᠎ᠠ ᠳᠡᠬᠡᠬᠡᠵᠤ ᠪᠤᠴᠠᠭᠰᠡᠨ ᠬᠡᠨ᠎ᠡ᠃ ᠪᠠᠶᠠᠨ ᠦᠵᠡᠬᠡᠤᠨ ᠪᠠᠶᠠᠷᠯᠠᠭᠰᠡᠨ ᠪᠤᠯᠪᠠᠴᠤ ᠠᠪᠬᠤ ᠬᠡᠰᠡᠨ ᠡᠮ ᠨᠢ ᠦᠬᠡᠢ ᠪᠠᠶᠢᠵᠠᠢ᠃ ᠳᠡᠬᠡᠬᠡᠤᠨ | ᠤᠴᠢᠷ ᠢ ᠨᠢ ᠠᠰᠠᠭᠤᠭᠰᠠᠨ ᠳᠤ᠄ | ︽ᠠᠪᠬᠤ ᠬᠡᠰᠡᠨ ᠡᠮ ᠢ ᠨᠢ ᠠᠪᠴᠢᠷᠠᠭ᠎ᠠ ᠦᠬᠡᠢ ᠪᠤᠯᠪᠠᠴᠤ ᠬᠢᠮᠳᠠᠬᠠᠨ ᠦᠨ᠎ᠡ ᠪᠠᠷ ᠨᠢᠬᠡ ᠳᠡᠷᠬᠡ ᠡᠪᠡᠰᠤᠨ ᠡᠮ ᠠᠪᠴᠢᠷᠠᠭᠰᠡᠨ ᠳᠤᠯᠠ ᠮᠠᠶᠢᠮᠠᠢ ᠠᠯᠳᠠᠭ᠎ᠠ | ᠦᠬᠡᠢ︾ ᠬᠡᠵᠤ ᠠᠵᠢᠭ ᠦᠬᠡᠢ ᠬᠠᠷᠢᠭᠤᠯᠤᠭᠰᠡᠨ ᠬᠡᠨ᠎ᠡ᠃ |