ᠦᠪᠣᠷ ᠮᠣᠩᠭᠤᠯ᠂ ᠱᠠᠨᠰᠢ᠂ ᠨᠢᠩᠰᠢᠶᠠ ᠭᠤᠷᠪᠠᠨ ᠮᠣᠵᠢ ᠣᠷᠣᠨ ᠤ ᠠᠭᠤᠯᠵᠠᠷ ︵ᠣᠣᠯ ᠤᠨ ᠢᠮᠠᠭᠠᠯᠠᠢ ᠰᠢᠶᠠᠩ ᠤᠨ ᠵᠠᠰᠠᠭ ᠤᠨ ᠣᠷᠳᠣᠨ ᠤ ᠰᠠᠭᠤᠭ᠎ᠠ | ᠭᠠᠵᠠᠷ︶ ᠲᠤ ᠪᠠᠶᠢᠷᠢᠯᠠᠵᠣ᠂ ᠬᠤᠰᠢᠭᠤ ᠵᠠᠰᠠᠭ ᠤᠨ ᠣᠷᠳᠣᠨ ᠤ ᠰᠠᠭᠤᠭ᠎ᠠ ᠭᠠᠵᠠᠷ ᠠᠴᠠ 35 ᠺᠢᠯᠣᠮᠧᠲᠷ᠂ ᠪᠠᠯᠭᠠᠰᠣᠨ ᠤ ᠵᠠᠰᠠᠭ ᠤᠨ ᠣᠷᠳᠣᠨ ᠤ ᠰᠠᠭᠤᠭ᠎ᠠ | ᠭᠠᠵᠠᠷ ᠠᠴᠠ 75 ᠺᠢᠯᠣᠮᠧᠲᠷ ᠵᠠᠶᠢᠲᠠᠢ᠂ ᠨᠢᠩᠰᠢᠶᠠ ᠶᠢᠨ ᠲᠡᠷᠬᠡ ᠰᠢᠶᠠᠨ ᠠᠴᠠ 25 ᠺᠢᠯᠣᠮᠧᠲᠷ᠂ ᠱᠠᠨᠰᠢ ᠶᠢᠨ ᠪᠠᠶᠠᠨ ᠲᠦᠬᠦᠮ ᠪᠠᠯᠭᠠᠰᠣᠨ ᠠᠴᠠ 34 | ᠺᠢᠯᠣᠮᠧᠲᠷ ᠵᠠᠶᠢᠲᠠᠢ᠂ ᠵᠠᠮ ᠬᠠᠷᠢᠯᠴᠠᠭ᠎ᠠ ᠲᠦᠢᠯ ᠤᠨ ᠲᠦᠬᠦᠮ ᠲᠦᠳᠡ᠃ ᠢᠮᠠᠭᠠᠯᠠᠢ ᠨᠡᠶᠢᠬᠡᠮ ᠲᠣᠭᠤᠷᠢᠭ 2009 ᠣᠨ ᠤ 3 ᠰᠠᠷ᠎ᠠ ᠳᠤ ᠪᠠᠶᠢᠭᠤᠯᠣᠭᠳᠠᠵᠣ᠂ | ᠡᠵᠡᠯᠡᠬᠦ ᠲᠠᠯᠠᠪᠠᠢ 1.4 ᠺᠦᠸᠠᠳ᠋ ᠺᠢᠯᠣᠮᠧᠲᠷ᠂ ᠬᠠᠷᠢᠶᠠᠨ ᠳᠤᠨᠢ ᠢᠮᠠᠭᠠᠯᠠᠢ᠂ ᠶᠡᠭᠡ ᠰᠢᠬᠢᠷ ᠬᠤᠶᠠᠷ ᠵᠡᠬᠡᠯᠢ ᠭᠤᠳᠣᠮᠵᠢ ᠲᠠᠢ᠂ ᠪᠦᠷᠢᠳᠬᠡᠯ ᠳᠠᠬᠢ ᠰᠠᠭᠤᠭᠠᠯᠢ | ᠠᠷᠠᠳ 256 ᠡᠷᠣᠬᠡ 473 ᠬᠦᠮᠦᠨ᠂ 22 ᠨᠠᠮ ᠤᠨ ᠬᠡᠰᠢᠬᠦᠨ ︵ᠪᠡᠯᠡᠳᠬᠡᠯ ᠨᠠᠮ ᠤᠨ ᠬᠡᠰᠢᠬᠦᠨ 2︶ ᠲᠠᠢ᠃ ᠬᠤᠲᠠ ᠪᠠᠯᠭᠠᠰᠣᠨ ᠤ ᠲᠣᠣᠷ᠎ᠠ ᠪᠠᠳᠣᠯᠠᠭᠠᠲᠣ | ᠡᠷᠣᠬᠡ 5᠂ ᠣᠷᠣᠨ ᠰᠠᠭᠤᠴᠠ ᠶᠢᠨ ᠨᠦᠬᠦᠪᠣᠷᠢ ᠬᠦᠷᠲᠡᠵᠣ ᠪᠠᠶᠢᠭ᠎ᠠ ᠡᠷᠣᠬᠡ 11᠂ 4050 ᠬᠦᠮᠦᠰ 12᠂ ᠠᠵᠢᠯ ᠤᠨ ᠪᠠᠶᠢᠷᠢ ᠠᠴᠠ ᠪᠠᠭᠤᠭᠰᠠᠨ ᠠᠵᠢᠯᠲᠠᠨ | 78᠂ ᠣᠰᠣᠨ ᠭᠠᠵᠠᠷ 1280 ᠮᠤ᠋᠂ ᠮᠠᠯ ᠤᠨ ᠶᠡᠷᠣᠩᠬᠡᠢ ᠲᠤᠭ᠎ᠠ 1264 ᠲᠣᠯᠣᠭᠠᠢ ᠪᠣᠢ᠃ ᠬᠠᠷᠢᠶ᠎ᠠ ᠲᠣᠭᠤᠷᠢᠭ ᠲᠤ ᠢᠮᠠᠭᠠᠯᠠᠢ ᠬᠠᠩᠭᠠᠨ ᠪᠣᠷᠣᠯᠠᠭᠤᠯᠬᠤ | ᠬᠤᠷᠰᠢᠶ᠎ᠠ᠂ ᠴᠠᠬᠢᠯᠭᠠᠨ ᠬᠠᠩᠭᠠᠬᠤ ᠭᠠᠵᠠᠷ᠂ ᠡᠷᠡᠬᠦᠯ ᠬᠠᠮᠠᠭᠠᠯᠠᠯ ᠤᠨ ᠬᠤᠷᠢᠶ᠎ᠠ᠂ ᠬᠦᠳᠡᠭᠡ ᠲᠣᠰᠬᠤᠨ ᠤ ᠢᠳᠡᠬᠡᠮᠵᠢ ᠶᠢᠨ ᠬᠤᠷᠰᠢᠶ᠎ᠠ᠂ ᠰᠢᠩ ᠱᠧᠩ ᠲᠠᠪᠣᠰᠣᠨ | ᠬᠢᠮᠢ ᠶᠢᠨ ᠬᠢᠵᠠᠭᠠᠷᠲᠣ ᠬᠠᠷᠢᠭᠤᠴᠠᠯᠭ᠎ᠠ ᠶᠢᠨ ᠺᠣᠮᠫᠠᠨᠢ ᠵᠡᠷᠬᠡ ᠠᠵᠣ ᠠᠬᠤᠶᠢᠯᠠᠯ ᠠᠵᠢᠯ ᠦᠢᠯᠡᠰ ᠤᠨ ᠨᠢᠬᠡᠴᠡ ᠪᠠ ᠠᠷᠪᠠᠭᠠᠳ ᠬᠤᠳᠠᠯᠳᠣᠭᠠᠨ ᠤ ᠴᠡᠭ ᠲᠠᠢ᠂ | ᠣᠪᠣᠭᠠᠨ ᠬᠠᠲᠠᠭᠤ ᠶᠢᠨ ︽ᠹᠦ᠋ ᠴᠣᠸᠠᠨ︾ ᠬᠤᠷᠠᠭ᠎ᠠ ᠲᠡᠵᠢᠬᠡᠬᠦ ᠬᠠᠮᠳᠣᠷᠠᠯ ᠬᠤᠷᠰᠢᠶ᠎ᠠ᠂ ︽ᠹᠦ᠋ ᠳ᠋ᠢ︾ ᠲᠦᠮᠦᠰᠣᠨ ᠤ ᠠᠵᠣ ᠦᠢᠯᠡᠰ ᠤᠨ ᠲᠣᠰᠬᠠᠢ ᠬᠠᠮᠳᠣᠷᠠᠯ | ᠬᠤᠷᠰᠢᠶ᠎ᠠ᠂ ︽ᠰᠢᠨ ᠮᠤ᠋ ᠶᠣᠸᠠᠨ︾ ᠲᠠᠷᠢᠵᠣ ᠲᠡᠵᠢᠬᠡᠬᠦ ᠬᠠᠮᠳᠣᠷᠠᠯ ᠬᠤᠷᠰᠢᠶ᠎ᠠ᠂ ︽ᠬᠤᠢ ᠽᠧ︾ ᠮᠠᠯ ᠲᠠᠷᠢᠶᠠᠯᠠᠩ ᠤᠨ ᠨᠡᠭᠡᠭᠡᠯᠲᠡ ᠶᠢᠨ ᠬᠢᠵᠠᠭᠠᠷᠲᠣ ᠺᠣᠮᠫᠠᠨᠢ | ᠠᠵᠢᠯ ᠡᠷᠬᠢᠯᠡᠨ ᠰᠠᠭᠤᠷᠢᠰᠢᠵᠣ᠂ ᠡᠳᠡᠭᠡᠷ ᠵᠣᠬᠢᠶᠠᠨ ᠪᠠᠶᠢᠭᠤᠯᠣᠯᠲᠠ ᠨᠢ ᠢᠮᠠᠭᠠᠯᠠᠢ ᠶᠢᠨ ᠭᠠᠵᠠᠷ ᠣᠷᠣᠨ ᠤ ᠠᠵᠣ ᠦᠢᠯᠡᠰ ᠤᠨ ᠬᠦᠭᠵᠢᠯᠲᠡ ᠶᠢ ᠲᠠᠶᠢᠴᠢᠯᠠᠵᠣ ᠪᠣᠢ᠃ | 2009 ᠣᠨ ᠳᠤ ᠨᠡᠶᠢᠬᠡᠮ ᠲᠣᠭᠤᠷᠢᠭ ᠠᠴᠠ ᠠᠯᠣᠰ ᠡᠵᠡᠮᠰᠢᠯᠲᠣ ᠬᠦᠮᠦᠵᠢᠯ ᠤᠨ ᠠᠵᠢᠯᠯᠠᠬᠤ ᠦᠷᠲᠡᠭᠡ ᠭᠠᠷᠭᠠᠵᠣ᠂ ᠺᠣᠮᠫᠢᠦ᠋ᠲ᠋ᠧᠷ᠂ ᠲᠧᠯᠸᠢᠰ᠂ ᠪᠢᠴᠢᠭᠯᠡᠬᠦᠷ᠂ | ᠹᠠᠺᠰ ᠮᠠᠰᠢᠨ ᠲᠣᠬᠢᠷᠠᠭᠤᠯᠪᠠ᠃ 2015 ᠣᠨ ᠳᠤ 980 ᠺᠦᠸᠠᠳ᠋ ᠮᠧᠲᠷ ᠤᠨ ᠰᠣᠶᠣᠯ ᠤᠨ ᠠᠭᠤᠳᠠᠮ ᠲᠠᠯᠠᠪᠠᠢ ᠪᠠᠶᠢᠭᠤᠯᠵᠣ᠂ ᠪᠡᠶ᠎ᠡ ᠴᠢᠬᠢᠷᠠᠭᠵᠢᠭᠤᠯᠬᠤ ᠡᠯ᠎ᠡ | ᠲᠦᠷᠦᠯ ᠤᠨ ᠲᠣᠨᠣᠭᠯᠠᠯ ᠣᠭᠰᠠᠷᠠᠭᠤᠯᠣᠨ᠂ ᠰᠠᠭᠤᠭᠠᠯᠢ ᠠᠷᠠᠳ ᠤᠨ ᠰᠣᠶᠣᠯ ᠤᠨ ᠠᠮᠢᠳᠣᠷᠠᠯ ᠢ ᠪᠠᠶᠠᠯᠢᠭᠵᠢᠭᠤᠯᠪᠠ᠃ ᠡᠳᠣᠬᠡ ᠨᠡᠶᠢᠬᠡᠮ ᠲᠣᠭᠤᠷᠢᠭ ᠲᠤ 1 | ᠲᠠᠭᠠᠭᠠᠴᠢᠯᠠᠬᠤ ᠺᠠᠳ᠋ᠷ᠂ 2 ᠠᠵᠢᠯᠲᠠᠨ᠂ 240 ᠺᠦᠸᠠᠳ᠋ ᠮᠧᠲᠷ ᠤᠨ ᠠᠯᠪᠠᠯᠠᠬᠤ ᠭᠠᠵᠠᠷ ᠲᠠᠢ᠂ ᠪᠠᠯᠭᠠᠰᠣ ᠲᠠᠢ ᠬᠠᠮᠵᠢᠯᠴᠠᠨ 6 ᠲᠣᠰᠬᠤᠨ ᠤ 1396 ᠡᠷᠣᠬᠡ | ᠶᠢᠨ 4560 ᠬᠦᠮᠦᠨ ᠢ ᠬᠠᠮᠢᠶᠠᠷᠴᠣ ᠪᠣᠢ᠃ |