1. ᠨᠡᠬᠡᠢ — ᠦᠰᠤ ᠨᠢ ᠬᠦᠢᠴᠡᠭᠰᠡᠨ ᠬᠤᠨᠢ ᠶᠢ ᠲᠦᠬᠦᠬᠡᠷᠡᠬᠡᠤᠨ ᠨᠤᠮ ᠤᠨ ᠶᠤᠰᠤ ᠪᠠᠷ ᠦᠪᠴᠢᠵᠤ ᠠᠪᠤᠭᠰᠠᠨ ᠪᠦᠷᠢᠨ ᠪᠦᠳᠤᠨ ᠠᠷᠠᠰᠤ᠃ ᠮᠦᠨ | ᠡᠪᠤᠯ ᠤᠨ ᠴᠠᠭ ᠲᠤ ᠡᠰᠡᠪᠡᠯ ᠨᠠᠮᠤᠷ ᠤᠷᠤᠢ᠂ ᠬᠠᠪᠤᠷ ᠡᠷᠳᠠ ᠦᠬᠦᠭᠰᠡᠨ ᠮᠠᠯ ᠠᠴᠠ ᠦᠪᠴᠢᠵᠤ ᠠᠪᠤᠭᠰᠠᠨ ᠰᠠᠬᠤᠯᠢᠭ ᠦᠰᠤ ᠲᠠᠢ ᠠᠷᠠᠰᠤ᠃ | 2. ᠰᠢᠷᠢ — ᠦᠬᠡᠷ᠂ ᠠᠳᠤᠭᠤ᠂ ᠳᠡᠮᠡᠭᠡ᠂ ᠳᠤᠷᠤᠭ ᠬᠦᠷᠤᠬᠡᠰᠤᠨ ᠤ ᠠᠷᠠᠰᠤ᠃ | 3. ᠳᠤᠷᠠᠰᠬ᠎ᠠ — ᠳᠤᠷᠠᠵᠤ ᠦᠬᠦᠭᠰᠡᠨ ᠪᠤᠭ ᠮᠠᠯ ᠤᠨ ᠬᠦᠷᠤᠰᠤ ᠮᠠᠭᠤᠳᠠᠢ ᠬᠡᠪᠡᠷᠡᠭ ᠠᠷᠠᠰᠤ᠃ | 4. ᠠᠳᠠᠰᠬ᠎ᠠ — ᠡᠪᠡᠤᠨᠴᠢᠨ ᠢᠶᠠᠷ ᠡᠰᠡᠬᠦᠯ᠎ᠡ ᠦᠯᠪᠡᠷᠴᠤ ᠦᠬᠦᠭᠰᠡᠨ ᠮᠠᠯ ᠤᠨ ᠠᠷᠠᠰᠤ ᠰᠢᠷᠢ᠃ ᠠᠳᠠᠰᠬ᠎ᠠ ᠶᠢ ᠨᠤᠬᠠᠢ ᠳᠤ ᠳᠡᠪᠢᠰᠬᠦ᠂ ᠠᠷᠭᠠᠯ | ᠬᠤᠷᠭᠤᠯ ᠪᠦᠳᠡᠬᠡᠬᠦ᠂ ᠦᠨᠡᠰᠤ ᠬᠤᠭ ᠵᠦᠬᠡᠬᠡᠬᠦ ᠳᠤ ᠬᠡᠷᠡᠭᠯᠡᠳᠡᠭ᠃ | 5. ᠬᠦᠳᠤᠰᠤ — ᠡᠯᠳᠡᠭᠰᠡᠨ ᠨᠡᠬᠡᠢ ᠠᠷᠠᠰᠤᠨ ᠤ ᠬᠠᠭᠤᠴᠢᠷᠠᠭᠰᠠᠨ ᠪᠠᠭᠠᠬᠠᠨ ᠬᠡᠰᠡᠭ᠃ | 6. ᠢᠯᠬᠢ — ᠮᠠᠯ ᠬᠦᠷᠤᠬᠡᠰᠤᠨ ᠤ ᠠᠷᠠᠰᠤ ᠶᠢ ᠡᠯᠳᠡᠵᠤ ᠦᠰᠤ ᠶᠢ ᠨᠢ ᠵᠠᠮᠠᠭᠠᠯᠠᠭᠰᠠᠨ ᠨᠡᠬᠡᠢ ᠶᠢ ᠬᠡᠯᠡᠨ᠎ᠡ᠃ | 7. ᠰᠡᠪᠬᠢ — ᠤᠶᠢᠯᠡᠤᠨᠪᠤᠷᠢ ᠶᠢᠨ ᠠᠷᠭ᠎ᠠ ᠪᠠᠷ ᠵᠤᠮᠠᠭᠠᠯᠠᠵᠤ᠂ ᠪᠤᠳᠤᠭᠰᠠᠨ ᠢᠯᠬᠢ ᠶᠢ ᠬᠡᠯᠡᠨ᠎ᠡ᠃ | 8. ᠬᠦᠮ — ᠲᠦᠯ ᠠᠴᠠ ᠳᠡᠬᠡᠭᠰᠢ ᠨᠠᠰᠤᠨ ᠤ ᠪᠤᠳᠠ ᠮᠠᠯ ᠤᠨ ᠡᠯᠳᠡᠵᠤ ᠵᠦᠬᠡᠷᠡᠬᠦᠯᠦᠭᠰᠡᠨ ᠠᠷᠠᠰᠤ᠃ | 9. ᠰᠤᠷᠰᠤᠨ — ᠵᠦᠷ ᠤᠨ ᠠᠷᠠᠰᠤ᠃ ᠪᠤᠷᠤ ᠬᠦᠷᠤᠬᠡᠰᠤᠨ ᠤ ᠡᠮᠡᠭᠴᠢᠨ ᠢ ᠨᠢ ᠵᠦᠷ ᠬᠡᠨ᠎ᠡ᠃ | 10. ᠰᠠᠭᠠᠷᠢ — ᠠᠳᠤᠭᠤ ᠵᠡᠷᠬᠡ ᠮᠠᠯ ᠤᠨ ᠵᠤ᠂ ᠬᠤᠨᠳᠤᠯᠠᠢ ᠶᠢᠨ ᠠᠷᠠᠰᠤ ᠶᠢ ᠪᠤᠯᠪᠠᠰᠤᠷᠠᠭᠤᠯᠵᠤ ᠠᠪᠤᠭᠰᠠᠨ ᠢ ᠬᠡᠯᠡᠨ᠎ᠡ᠃ ᠠᠳᠤᠭᠤᠰᠤᠨ ᠤ ᠴᠤᠯᠭᠤᠢ | ᠠᠷᠠᠰᠤ ᠶᠢ ᠪᠠᠰᠠ ᠰᠠᠭᠠᠷᠢ ᠬᠡᠳᠡᠭ ᠴᠤ ᠪᠤᠢ᠃ | 11. ᠦᠳᠡᠬᠡᠷᠢ — ᠶᠠᠭᠤᠮ᠎ᠠ ᠶᠢ ᠦᠳᠡᠬᠦ ᠳᠤ ᠬᠡᠷᠡᠭᠯᠡᠬᠦ ᠨᠠᠷᠢᠨ ᠵᠦᠰᠦᠭᠰᠡᠨ ᠰᠢᠷᠢ᠃ | 12. ᠰᠠᠷᠢᠰᠤ — ᠬᠤᠨᠢ ᠢᠮᠠᠭᠠᠨ ᠤ ᠠᠷᠠᠰᠤ ᠶᠢ ᠪᠤᠯᠪᠠᠰᠤᠷᠠᠭᠤᠯᠵᠤ ᠬᠢᠭᠰᠡᠨ ᠨᠢᠮᠬᠡᠨ ᠢᠯᠬᠢ᠃ | 13. ᠰᠠᠷᠮᠠᠢ — ᠦᠰᠤ ᠨᠢ ᠵᠢᠭᠳᠡ ᠪᠤᠰᠤ ᠳᠠᠴᠢᠷ᠂ ᠵᠠᠷᠢᠮ ᠬᠡᠰᠡᠭ ᠲᠤ ᠪᠠᠨ ᠬᠠᠯᠴᠠᠭᠠᠢ ᠠᠷᠠᠰᠤ ᠶᠢ ᠬᠡᠯᠡᠨ᠎ᠡ᠃ | 14. ᠳᠠᠷᠵᠠ — ᠳᠠᠴᠢᠷ ᠦᠰᠤ ᠲᠠᠢ ᠬᠤᠨᠢ ᠢᠮᠠᠭᠠᠨ ᠤ ᠠᠷᠠᠰᠤ᠃ | 15. ᠰᠠᠩᠰᠡᠬᠦᠷᠬᠡ — ᠬᠦᠷᠤᠪᠡᠵᠢᠭᠰᠡᠨ᠂ ᠰᠡᠩᠰᠡᠯᠵᠡᠭᠰᠡᠨ ᠶᠡᠭᠡ ᠦᠰᠤ ᠲᠠᠢ ᠬᠤᠷᠠᠭᠠᠨ ᠤ ᠠᠷᠠᠰᠤ᠃ | 16. ᠦᠵᠤᠬᠦᠷᠰᠡᠭ — ᠬᠠᠪᠤᠷ ᠤᠷᠳᠤ ᠶᠢᠨ ᠦᠰᠤ ᠶᠢ ᠬᠢᠷᠭᠠᠭᠰᠠᠨ ᠠᠴᠠ ᠬᠤᠶᠢᠰᠢ ᠤᠷᠭᠤᠵᠤ ᠠᠬᠤᠷ ᠲᠠᠢ ᠪᠤᠯᠤᠭᠰᠠᠨ ᠬᠤᠨᠢᠨ ᠤ ᠠᠷᠠᠰᠤ ᠶᠢ | ᠬᠡᠯᠡᠨ᠎ᠡ᠃ |