ᠤᠳᠤᠭ ᠤᠨ ᠡᠮᠤᠨᠡᠳᠤ ᠬᠤᠰᠢᠭᠤᠨ ᠤ ᠠᠷᠤ ᠳᠤ ︽ᠠᠪᠠ ᠬᠠᠨ ᠰᠢᠯᠢ︾ ᠬᠡᠬᠦ ᠳᠠᠭᠤᠤ ᠰᠢᠯᠦᠭ ᠲᠤ ᠭᠠᠷᠳᠠᠭ ᠨᠢᠬᠡ ᠰᠠᠶᠢᠬᠠᠨ ᠨᠠᠷᠠ ᠲᠠᠢ ᠭᠠᠵᠠᠷ ᠪᠠᠶᠢᠳᠠᠭ᠃ | ᠡᠨᠡ ᠬᠦ ᠨᠠᠷᠠ ᠶᠢᠨ ᠳᠤᠬᠠᠢ ᠬᠦᠮᠤᠰ ᠤᠯᠠᠨ ᠶᠠᠩᠵᠤ ᠪᠠᠷ ᠳᠠᠶᠢᠯᠪᠤᠷᠢᠯᠠᠭᠰᠠᠭᠠᠷ ᠢᠷᠡᠭᠰᠡᠨ ᠪᠤᠯᠪᠠᠴᠤ ᠨᠤᠳᠤᠭ ᠤᠰᠤᠨ ᠳᠠᠭᠠᠨ ᠬᠠᠶᠢᠷᠠᠳᠠᠢ ᠮᠤᠩᠭᠤᠯᠴᠤᠤᠨ ᠤᠨ | ᠳᠤᠮᠳᠠ ᠤᠯᠠᠮᠵᠢᠯᠠᠭᠳᠠᠵᠤ ᠢᠷᠡᠭᠰᠡᠨ ᠡᠶᠢᠮᠤ ᠨᠢᠬᠡᠨ ᠬᠡᠯᠡᠯᠬᠡ ᠪᠤᠢ᠃ ︽ᠠᠪᠠ ᠬᠠᠨ ᠰᠢᠯᠢ︾ ᠶᠢ ᠤᠤᠯ ᠳᠠᠭᠠᠨ ︽ᠠᠪᠤ ᠬᠠᠨ ᠰᠢᠯᠢ︾ ᠬᠡᠵᠤ ᠨᠡᠷᠡᠯᠡᠵᠤ | ᠪᠠᠶᠢᠭᠰᠠᠨ ᠬᠡᠨ᠎ᠡ᠃ ᠡᠷᠳᠠ ᠳᠡᠬᠡᠷ᠎ᠡ ᠦᠶ᠎ᠡ ᠳᠤ ᠡᠨᠡ ᠨᠤᠳᠤᠭ ᠤᠨ ᠮᠤᠩᠭᠤᠯᠴᠤᠤᠨ ᠮᠢᠨᠢ ᠠᠳᠤᠭᠤ ᠮᠠᠯ ᠠᠯᠠᠭᠰᠢᠨ ᠪᠡᠯᠴᠢᠭᠰᠡᠨ ᠦᠵᠡᠰᠬᠦᠯᠡᠩᠳᠤ ᠰᠠᠶᠢᠬᠠᠨ ᠬᠠᠨ | ᠦᠨᠳᠤᠷ ᠰᠢᠯᠢ ᠪᠠᠨ ᠠᠪᠤ ᠪᠠᠨ ᠰᠢᠭ᠋ ᠳᠤᠷᠠᠰᠴᠤ᠂ ᠦᠷᠬᠦᠯᠵᠢᠳᠠ ᠬᠤᠷᠴᠢᠬᠢᠨᠠᠨ ᠤᠷᠤᠰᠤᠭᠰᠠᠨ ᠭᠤᠷᠪᠠᠨ ᠰᠠᠶᠢᠬᠠᠨ ᠪᠤᠯᠠᠭ ᠢᠶᠠᠨ ᠡᠵᠢ ᠪᠠᠨ ᠰᠢᠭ ᠰᠠᠨᠠᠵᠤ᠂ | ᠰᠢᠯᠢ ᠪᠤᠯᠠᠭ ᠤᠨ ᠠᠷᠤ ᠳᠠᠬᠢ ᠵᠠᠩᠭᠠᠨ ᠬᠡᠬᠦ ᠤᠷᠤᠢ ᠳᠡᠬᠡᠷ᠎ᠡ ᠤᠪᠤᠭ᠎ᠠ ᠪᠤᠰᠬᠠᠵᠤ ᠵᠢᠯ ᠪᠦᠷᠢ ᠨᠠᠶᠢᠷ ᠨᠠᠭᠠᠳᠤᠮ ᠡᠬᠦᠰᠬᠡᠵᠤ ᠳᠠᠬᠢᠬᠤ ᠳᠤ ᠮᠠᠯ ᠰᠦᠷᠦᠭ ᠨᠢ ᠦᠨᠢᠷ | ᠦᠰᠴᠤ᠂ ᠨᠠᠷᠠ ᠬᠤᠷ᠎ᠠ ᠳᠡᠩᠴᠡᠨ᠂ ᠪᠡᠯᠴᠢᠬᠡᠷ ᠤᠰᠤ ᠰᠠᠶᠢᠬᠠᠨ ᠭᠠᠷᠳᠠᠭ ᠬᠡᠨ᠎ᠡ᠃ ᠡᠨᠡ ᠨᠢ ᠶᠠᠭ ᠰᠠᠶᠢᠬᠠᠨ ᠮᠤᠩᠭᠤᠯ ᠬᠦᠮᠤᠨ ᠨᠤᠳᠤᠭ ᠤᠰᠤ ᠪᠠᠨ ᠳᠡᠬᠡᠳᠤᠯᠡᠨ | ᠠᠪᠤ ᠡᠵᠢ ᠪᠠᠨ ᠰᠢᠭ ᠡᠷᠬᠦᠨ ᠬᠦᠨᠳᠤᠯᠡᠵᠤ ᠬᠠᠶᠢᠷᠠᠯᠠᠳᠠᠭ ᠶᠤᠰᠤ ᠶᠢ ᠬᠠᠷᠠᠭᠤᠯᠤᠭᠰᠠᠨ ᠪᠠᠶᠢᠵᠠᠢ᠃ ᠢᠩᠬᠢᠭᠰᠡᠨ ᠢᠶᠠᠷ ᠬᠦᠮᠤᠰ ᠡᠨᠡ ᠬᠦ ᠰᠢᠯᠢ ᠪᠠᠨ ︽ᠠᠪᠤ ᠬᠠᠨ | ᠰᠢᠯᠢ︾ ᠬᠡᠵᠤ ᠳᠠᠭᠤᠳᠠᠬᠤ ᠪᠤᠯᠤᠭᠰᠠᠨ ᠬᠡᠨ᠎ᠡ᠃ ᠰᠡᠬᠦᠯᠳᠡᠵᠤ ᠢᠷᠡᠬᠡᠤᠨ ᠤᠨ ᠵᠢᠯ ᠤᠯᠠᠷᠢᠬᠤ ᠶᠢ ᠳᠠᠭᠠᠯᠳᠤᠨ ᠬᠦᠮᠤᠰ ︽ᠠᠪᠠ ᠬᠠᠨ ᠰᠢᠯᠢ︾ ᠬᠡᠵᠤ | ᠳᠠᠭᠤᠳᠠᠬᠤ ᠪᠤᠯᠪᠠ᠃ |