ᠮᠣᠩᠭᠤᠯᠴᠤᠳ ᠪᠣᠯ ᠡᠨᠡ ᠬᠦ ᠡᠷᠭᠡᠰ ᠭᠠᠷᠠᠭ ᠤᠨ ᠬᠠᠮᠤᠭ ᠤᠨ ᠰᠡᠭᠦᠯᠴᠢ ᠶᠢᠨ ᠨᠡᠭᠦᠳᠡᠯᠴᠢᠨ ᠥᠨᠳᠤᠰᠤᠲᠡᠨ ᠪᠢᠯᠡ᠃ ᠲᠡᠳᠡ ᠮᠠᠨᠢᠲᠦᠪ ᠠᠽᠢᠶ᠎ᠠ ᠶᠢᠨ | ᠥᠷᠭᠡᠨ ᠠᠭᠤᠳᠠᠮ ᠨᠤᠲᠤᠭ ᠲᠤ ᠮᠠᠯ ᠰᠦᠷᠦᠭ ᠢᠶᠠᠨ ᠳᠣᠳᠤᠮᠳᠠᠨ ᠠᠷᠠᠴᠢᠯᠠᠵᠤ᠂ ᠲᠡᠭᠦᠨ ᠳᠤ ᠵᠤᠬᠢᠴᠠᠭᠤᠯᠤᠨ ᠪᠠᠶᠢᠩᠭᠤ ᠨᠡᠭᠦᠨ ᠰᠢᠯᠵᠢᠵᠦ᠂ ᠮᠠᠯ ᠮᠠᠯᠵᠢᠯ ᠢᠶᠠᠷ | ᠠᠮᠢᠵᠢᠷᠠᠭ᠎ᠠ ᠪᠠᠨ ᠳᠡᠳᠬᠦᠵᠦ ᠶᠠᠪᠤᠳᠠᠭ ᠤᠨ ᠤᠴᠢᠷ ᠠᠴᠠ ᠮᠣᠩᠭᠤᠯᠴᠤᠳ ᠤᠨ ᠵᠢᠷᠦᠬᠡ ᠰᠡᠳᠭᠢᠯ ᠳᠤ ᠬᠤᠨᠤᠭᠰᠢᠨ ᠬᠠᠳᠠᠩᠰᠢᠭᠰᠠᠨ ︽ᠡᠬᠡ ᠨᠤᠲᠤᠭ︾ ᠭᠡᠳᠡᠭ ᠨᠢ | ᠥᠨᠦᠳᠦᠷ ᠤᠨ ᠲᠠ ᠪᠢᠳᠠᠨ ᠤ ᠦᠢᠯᠠᠭᠠᠯᠳᠠ ᠳᠤ ᠪᠠᠶᠢᠳᠠᠭ ᠡᠨᠡ ᠲᠣᠣᠷ ᠤᠨ ᠦᠵᠦᠭᠦᠷ ᠠᠴᠠ ᠲᠡᠷᠡ ᠲᠣᠣᠷ ᠤᠨ ᠵᠠᠬ᠎ᠠ ᠬᠦᠷᠬᠦ ᠵᠠᠢ ᠶᠢ ᠬᠡᠯᠡᠬᠦ ᠪᠢᠰᠢ᠂ ᠬᠠᠷᠢᠨ ᠮᠠᠯ | ᠰᠦᠷᠦᠭ ᠢᠶᠠᠨ ᠲᠠᠭᠠᠨ ᠨᠡᠭᠦᠳᠡᠯᠯᠡᠬᠦ ᠶᠠᠪᠤᠴᠠ ᠳᠠᠭᠠᠨ ︽ᠡᠬᠡ ᠶᠢᠨ ᠬᠦᠢ ᠪᠠᠨ ᠲᠠᠯᠪᠢᠭᠰᠠᠨ ᠭᠠᠵᠠᠷ︾ ᠢ ︽ᠡᠬᠡ ᠨᠤᠲᠤᠭ︾ ᠬᠡᠮᠡᠨ ᠨᠡᠷᠡᠯᠡᠳᠡᠭ ᠶᠤᠮ᠃ ᠲᠡᠷᠡ ᠨᠢ | ᠪᠢᠳᠠᠨ ᠤ ᠬᠡᠯᠡᠳᠡᠭ ᠬᠦᠢ ᠶᠢᠨ ᠬᠤᠯᠪᠤᠭ᠎ᠠ ᠲᠠᠢ ᠨᠤᠲᠤᠭ ᠪᠤᠯᠬᠤ ᠶᠤᠮ᠃ ᠮᠣᠩᠭᠤᠯᠴᠤᠳ ᠶᠡᠭᠡ ᠣᠯᠠᠨ ᠴᠡᠭᠡᠷ ᠶᠣᠰᠤᠨ ᠲᠠᠢ ᠭᠡᠳᠡᠭ ᠢ ᠬᠦᠮᠦᠰ ᠪᠦᠷ ᠮᠡᠳᠡᠨ᠎ᠡ᠃ | ᠥᠨᠦ ᠪᠣᠯᠤᠭᠠᠳ ᠢᠷᠡᠬᠦ ᠳᠤ ᠣᠯᠠᠨ ᠠᠷᠪᠢᠨ ᠴᠡᠭᠡᠷ ᠶᠣᠰᠤ ᠨᠢ ᠪᠦᠷ ︽ᠶᠠᠷᠰᠢᠭ ᠤᠷᠰᠢᠭ︾ ᠤᠨ ᠨᠡᠷ᠎ᠡ ᠡᠭᠦᠷᠦᠭᠡᠳ ᠪᠢᠳᠠᠨ ᠤ ᠠᠮᠢᠳᠤᠷᠠᠯ ᠳᠤ ᠭᠤᠯᠤᠭᠳᠠᠨ | ᠬᠤᠯᠠᠳᠠᠭᠰᠠᠭᠠᠷ ᠪᠠᠶᠢᠨ᠎ᠡ᠃ ᠪᠢᠳᠠ ᠥᠪᠡᠷ ᠢ ᠪᠠᠨ ᠲᠠᠨᠢᠬᠤ ᠦᠭᠡᠢ ᠪᠣᠯᠲᠠᠯ᠎ᠠ ᠥᠭᠡᠷᠡᠴᠢᠯᠡᠨ ᠰᠢᠨᠡᠴᠢᠯᠡᠭᠰᠡᠭᠡᠷ ᠪᠠᠶᠢᠨ᠎ᠡ᠃ ᠡᠭᠦᠨ ᠳᠤ ︽ᠡᠬᠡ ᠨᠤᠲᠤᠭ︾ ᠪᠤᠶᠤ | ︽ᠬᠦᠢ ᠶᠢᠨ ᠬᠤᠯᠪᠤᠭ᠎ᠠ ᠲᠠᠢ ᠨᠤᠲᠤᠭ︾ ᠭᠡᠳᠡᠭ ᠢ ᠴᠤᠬᠤᠮ ᠬᠡᠳᠦᠨ ᠬᠦᠮᠦᠨ ᠠᠵᠢᠭᠯᠠᠵᠤ ᠬᠡᠳᠦᠨ ᠬᠦᠮᠦᠨ ᠪᠠᠷᠢᠮᠲᠠᠯᠠᠵᠤ ᠶᠠᠪᠤᠭᠰᠠᠨ ᠪᠣᠯ︖ ᠨᠡᠭᠦᠳᠡᠯᠴᠢᠳ | ᠶᠡᠷᠦ ᠨᠢ ᠬᠡᠤᠭᠡᠳ ᠤᠨ ᠬᠦᠢ ᠪᠠᠨ ᠬᠥᠬᠡ ᠪᠠᠭᠤᠴᠠ ᠠᠴᠠ ᠦᠢᠷᠠᠬᠠᠨ ᠨᠠᠷᠠᠨ ᠡᠭᠡᠭ ᠲᠠᠯ᠎ᠠ ᠶᠢᠨ ᠬᠢᠷ᠎ᠠ ᠶᠢᠨ ᠪᠦᠰᠡᠯᠡᠭᠦᠷ ᠢᠶᠠᠷ ᠰᠢᠭ ᠲᠠᠯᠪᠢᠳᠠᠭ ᠵᠠᠩᠰᠢᠯ ᠲᠠᠢ | ᠪᠠᠶᠢᠵᠠᠢ᠃ ᠲᠡᠭᠡᠭᠡᠳ ᠨᠡᠭᠦᠵᠦ ᠪᠠᠭᠤᠵᠤ ᠶᠠᠪᠤᠬᠤ ᠳᠠᠭᠠᠨ ᠬᠦᠢ ᠲᠠᠯᠪᠢᠭᠰᠠᠨ ᠭᠠᠵᠠᠷ ᠲᠦᠳᠡᠭ ᠨᠣᠴᠤᠭᠠᠨ ᠬᠡᠤᠭᠡᠳ ᠢᠶᠠᠨ ᠤᠤᠬᠠᠶᠢᠯᠠᠭᠤᠯᠵᠤ᠂ ᠰᠦᠯᠳᠡ ᠶᠢ ᠨᠢ | ᠰᠡᠷᠭᠦᠭᠡᠵᠦ ᠡᠷᠴᠢᠮ ᠢ ᠨᠢ ᠴᠢᠩᠭᠠᠷᠠᠭᠤᠯᠳᠠᠭ ᠪᠦᠭᠡᠳ ᠬᠡᠤᠭᠡᠳ ᠶᠠᠭᠤ ᠨᠢᠭᠡᠨ ᠶᠠᠭᠤᠮ᠎ᠠ ᠠᠴᠠ ᠠᠶᠤᠵᠤ ᠰᠣᠴᠢᠬᠤ ᠦᠶᠡᠰ ᠮᠦᠨ ᠬᠦᠢ ᠲᠠᠯᠪᠢᠭᠰᠠᠨ ᠭᠠᠵᠠᠷ ᠲᠤᠨᠢ | ᠣᠴᠢᠵᠤ ᠰᠦᠨᠡᠰᠦ ᠶᠢ ᠨᠢ ᠳᠠᠭᠤᠳᠠᠵᠤ ᠴᠤᠭ ᠵᠣᠯᠪᠤᠭ᠎ᠠ ᠶᠢ ᠨᠢ ᠬᠤᠷᠦ᠋ᠢᠯᠠᠳᠠᠭ᠃ ᠮᠦᠨ ᠴᠦ ᠬᠡᠤᠭᠡᠳ ᠤᠨ ᠪᠡᠶ᠎ᠡ ᠶᠠᠮᠠᠷ ᠨᠢᠭᠡᠨ ᠬᠡᠯᠪᠡᠷᠢ ᠶᠢᠨ ᠠᠷᠠᠰᠤᠨ ᠬᠠᠷᠰᠢᠯᠠᠯ | ᠪᠤᠶᠤ ᠢᠳᠡᠭᠡ ᠢᠯᠳᠦ ᠭᠠᠷᠬᠤ ᠳᠤ ᠲᠡᠷᠡ ᠬᠦ ᠨᠤᠲᠤᠭ ᠲᠤᠨᠢ ᠣᠴᠢᠵᠤ ᠰᠢᠷᠦᠢ ᠲᠡᠭᠡᠷ᠎ᠠ ᠨᠢ ᠬᠦᠷᠪᠡᠭᠦᠯᠵᠦ ᠪᠠᠶᠢᠭᠠᠳ ᠡᠳᠡᠭᠡᠭᠡᠳᠡᠭ᠃ ᠮᠤᠩᠭᠤᠯᠴᠤᠳ ᠪᠠᠰᠠ | ᠤᠤᠯ ᠨᠢ ᠬᠠᠮᠢᠭ᠎ᠠ ᠬᠤᠯᠠ ᠶᠠᠪᠤᠬᠤ ᠳᠤ ᠬᠦᠢ ᠲᠠᠯᠪᠢᠭᠰᠠᠨ ᠨᠤᠲᠤᠭ ᠤᠨ ᠰᠢᠷᠤᠢ ᠠᠴᠠ ᠬᠡᠳᠦᠨ ᠴᠢᠮᠬᠢ ᠠᠪᠴᠤ ᠶᠠᠪᠤᠭᠠᠳ ᠡᠷᠴᠢᠮ ᠮᠠᠭᠤᠲᠠᠵᠤ ᠰᠢᠷᠬ᠎ᠠ ᠠᠪᠬᠤ | ᠦᠶᠡᠰ ᠲᠡᠭᠦᠨ ᠢᠶᠠᠨ ᠤᠰᠤᠨ ᠳᠤ ᠬᠢᠵᠦ ᠳᠣᠮᠨᠣᠨ ᠤᠤᠭᠤᠬᠤ ᠳᠣᠬᠢᠶᠠᠯᠳᠤᠯ ᠴᠤ ᠭᠠᠷᠳᠠᠭ ᠪᠠᠶᠢᠭᠰᠡᠨ᠃ ᠡᠨᠡ ᠨᠢ ᠶᠠᠭ ᠣᠳᠤ ᠴᠠᠭ ᠤᠨ ᠡᠮᠨᠡᠯᠭᠡ ᠳᠡᠭᠡᠷ᠎ᠡ | ᠡᠬᠡ ᠶᠢᠨ ᠬᠦᠢ ᠶᠢ ᠨᠢ ᠳᠤᠰᠬᠠᠢ ᠬᠥᠯᠳᠡᠭᠡᠬᠦ ᠬᠤᠷᠭᠤ ᠬᠦᠯᠤᠰᠣᠯᠡᠨ ᠬᠥᠯᠳᠡᠭᠡᠵᠦ ᠬᠦᠨᠳᠦ ᠶᠡᠭᠡ ᠡᠮᠴᠢᠯᠡᠭᠡᠨ ᠳᠤ ᠬᠡᠷᠡᠭᠯᠡᠬᠦ ᠪᠠᠷ ᠦᠯᠡᠳᠡᠭᠡᠵᠦ ᠪᠠᠶᠢᠬᠤ ᠲᠠᠢ ᠠᠳᠠᠯᠢ | ᠲᠠᠯ᠎ᠠ ᠪᠠᠶᠢᠬᠤ ᠪᠢᠰᠢ ᠤᠤ︖ ᠵᠥᠪᠬᠡᠨ ᠨᠢᠭᠡ ᠨᠢ ᠰᠢᠨ᠎ᠡ ᠮᠠᠶ᠋ᠢᠭ ᠢᠶᠠᠷ ᠬᠠᠳᠠᠭᠠᠯᠠᠵᠤ᠂ ᠨᠦᠬᠦᠭᠡ ᠨᠢ ᠪᠠᠶᠢᠭᠠᠯᠢᠯᠢᠭ ᠠᠬᠤᠢ ᠳᠠᠭᠠᠨ ᠤᠯᠠᠮ ᠣᠯᠠᠨ ᠬᠡᠷᠡᠭᠴᠡᠭᠡᠨ ᠳᠤ | ᠦᠯᠡᠳᠡᠭᠡᠭᠰᠡᠨ ᠤᠴᠢᠷ ᠲᠡᠳᠦᠢ ᠪᠢᠰᠢ ᠤᠤ︖ ᠡᠨᠡ ᠲᠤᠬᠠᠢ ᠨᠢᠭᠡᠨ ᠡᠵᠢ ᠬᠥᠮᠤᠨ ᠤ ᠶᠠᠷᠢᠶ᠎ᠠ ᠶᠢ ᠰᠠᠶᠢᠷᠡᠬᠦᠯᠪᠠᠯ᠄ ᠲᠡᠭᠦᠨ ᠤ ᠤᠤᠭᠠᠨ ᠬᠡᠤᠭᠡᠳ ᠨᠢ | ᠬᠥᠩᠭᠡᠵᠢᠭᠰᠡᠨ ᠤ ᠳᠠᠷᠠᠭ᠎ᠠ ᠪᠦᠲᠦᠨ ᠵᠠᠭᠤᠨ ᠬᠤᠨᠤᠭ ᠪᠠᠭᠠᠰᠤ ᠠᠯᠳᠠᠵᠤ ᠵᠤᠪᠠᠭᠠᠭᠠᠳ ᠶᠠᠭᠠᠬᠢᠵᠤ ᠡᠮᠴᠢᠯᠡᠬᠦᠯᠤᠭ᠍ᠰᠠᠨ ᠪᠤᠯᠪᠠᠴᠤ ᠲᠤᠰᠠ ᠭᠠᠷᠤᠭᠰᠠᠨ ᠦᠭᠡᠢ᠃ | ᠲᠡᠭᠡᠭᠡᠳ ᠨᠤᠲᠤᠭ ᠤᠨ ᠨᠢᠭᠡ ᠬᠥᠭᠰᠢᠨ ᠡᠮᠴᠢ ᠠᠴᠠ ᠠᠰᠠᠭᠤᠬᠰᠠᠨ ᠳᠤ᠂ ᠲᠡᠷᠡ ᠨᠠᠰᠤᠲᠠᠨ ︽ᠬᠡᠤᠭᠡᠳ ᠤᠨ ᠢᠶᠠᠨ ᠬᠦᠢ ᠶᠢ ᠬᠠᠮᠢᠭ᠎ᠠ ᠲᠠᠯᠪᠢᠭᠰᠠᠨ ᠪᠤᠢ ᠬᠡᠵᠤ | ᠠᠰᠠᠭᠤᠵᠤ ᠥᠩᠭᠡᠷᠡᠵᠡᠢ᠃ ᠲᠡᠭᠦᠨ ᠠᠴᠠ ᠬᠤᠶᠢᠰᠢ ᠡᠨᠡ ᠡᠮᠡᠭᠲᠡᠢ ᠳᠠᠬᠢᠨ ᠬᠡᠤᠭᠡᠳ ᠲᠦᠷᠦᠬᠦ ᠳᠡᠭᠡᠨ ᠶᠠᠭᠤᠨ ᠤ ᠡᠮᠦᠨ᠎ᠡ ᠬᠤᠶᠢᠳᠤᠬᠢ ᠶᠢ ᠨᠢ ᠠᠪᠴᠤ | ᠲᠤᠰᠬᠠᠶᠢᠯᠠᠨ ᠬᠥᠳᠡᠭᠡ ᠳᠡᠭᠡᠨ ᠠᠪᠠᠴᠢᠵᠤ ᠲᠠᠯᠪᠢᠳᠠᠭ ᠪᠣᠯᠤᠭᠰᠠᠨ ᠭᠡᠨ᠎ᠡ᠃ ᠲᠡᠭᠦᠨ ᠤ ᠬᠡᠯᠡᠬᠦ ᠪᠠᠷ᠂ ᠤᠤᠭᠠᠨ ᠬᠡᠤᠭᠡᠳ ᠨᠢ ᠬᠤᠶᠠᠷ ᠳᠡᠭᠦᠦ ᠲᠠᠢ ᠪᠠᠨ | ᠠᠳᠠᠯᠢᠳᠬᠠᠪᠠᠯ᠂ ᠦᠷᠭᠦᠮᠡᠲᠡᠭᠡᠢ᠂ ᠰᠣᠴᠢᠮᠠᠬᠠᠢ᠂ ᠲᠣᠭᠲᠠᠪᠤᠷᠢ ᠦᠭᠡᠢ ᠪᠦᠭᠡᠳ ᠲᠡᠰᠪᠤᠷᠢ ᠳᠠᠭᠠᠭᠠᠴᠠ ᠪᠠᠷ ᠪᠦᠷ ᠨᠡᠯᠢᠶᠡᠳ ᠠᠨᠠᠢ ᠪᠠᠶᠢᠳᠠᠭ᠃ ᠬᠤᠶᠠᠷ ᠳᠡᠭᠦᠦ ᠨᠢ | ᠬᠠᠷᠢᠨ ᠲᠤᠩ ᠲᠣᠭᠲᠠᠭᠤᠨ᠂ ᠤᠬᠠᠭᠠᠯᠢᠭ ᠪᠠᠶᠢᠳᠠᠭ ᠪᠦᠭᠡᠳ ᠡᠪᠡᠳᠴᠢᠨ ᠲᠠᠬᠤᠯ ᠦᠭᠡᠢ ᠡᠷᠡᠭᠦᠯ ᠴᠢᠭᠢᠷᠠᠭ᠂ ᠴᠣᠪᠤᠭᠤ ᠳᠡᠭᠵᠢᠨ ᠪᠠᠶᠢᠳᠠᠭ ᠭᠡᠨ᠎ᠡ᠃ ᠪᠢᠳᠠ | ᠣᠯᠠᠨ ᠠᠷᠪᠢᠨ ᠴᠡᠭᠡᠷ ᠶᠤᠰᠤ ᠶᠢ ᠤᠮᠳᠤᠭᠠᠶᠢᠯᠠᠨ ᠮᠠᠷᠲᠠᠭᠰᠠᠨ ᠪᠤᠯᠪᠠᠴᠤ ᠭᠠᠭᠴᠠ ᠣᠯᠳᠠᠬᠤ ᠬᠦᠢ ᠬᠤᠯᠪᠤᠬᠤ ᠶᠣᠰᠤᠨ ᠢ ᠬᠢᠴᠢᠶᠡᠵᠤ ᠪᠠᠶᠢᠪᠠᠯ ᠶᠠᠭᠠᠬᠢᠳᠠᠭ ᠪᠤᠯ︖ | ᠶᠡᠷᠦ ᠨᠢ ᠥᠨᠦᠳᠦᠷ ᠤᠨ ᠬᠡᠤᠭᠡᠳ ᠤᠳ ᠶᠡᠬᠡᠬᠡᠨ ᠬᠡᠪᠡᠷᠡᠭ ᠪᠣᠯᠤᠭᠰᠠᠨ ᠪᠠᠶᠢᠳᠠᠯ ᠳᠣᠣᠷ᠎ᠠ ᠬᠦᠢ ᠶᠢᠨ ᠬᠤᠯᠪᠤᠭ᠎ᠠ ᠶᠢ ᠨᠢ ᠬᠥᠬᠡ ᠪᠠᠭᠤᠴᠠ ᠳᠠᠭᠠᠨ ᠵᠠᠯᠠᠪᠠᠯ ᠶᠠᠮᠠᠷ | ᠪᠤᠯ︖ ᠬᠥᠬᠡ ᠲᠣᠯᠪᠤᠲᠤ ᠦᠷᠡᠰ ᠮᠠᠨᠢ ᠬᠦᠢ ᠪᠠᠨ ᠵᠦᠪ ᠵᠠᠯᠠᠵᠤ ᠬᠦᠳᠡᠷ ᠴᠢᠭᠢᠷᠠᠭ ᠪᠤᠯᠬᠤ ᠪᠣᠯᠲᠤᠭᠠᠢ︕ |