ᠮᠤᠩᠭᠤᠯ ᠤᠷᠠᠨ ᠪᠢᠴᠢᠯᠬᠡ ᠶᠢᠨ ᠡᠬᠦᠰᠦᠯ ᠭᠠᠷᠤᠯ ᠪᠠ ᠲᠠᠮᠠᠭ᠎ᠠ ᠰᠠᠶᠢᠯᠤᠮᠠᠯ ᠤᠨ ᠲᠤᠬᠠᠢ ᠦᠬᠦᠯᠡᠬᠦ ᠨᠢ | | ᠦᠪᠦᠷ ᠮᠤᠩᠭᠤᠯ ᠤᠨ ᠦᠪᠡᠷᠳᠡᠬᠡᠨ ᠵᠠᠰᠠᠬᠤ ᠤᠷᠤᠨ ᠤ ᠮᠤᠩᠭᠤᠯ ᠤᠷᠠᠨ | ᠪᠢᠴᠢᠯᠬᠡᠳᠡᠨ ᠤ ᠨᠡᠶᠢᠬᠡᠮᠯᠢᠭ ᠤᠨ ᠬᠡᠰᠢᠬᠦᠨ — ᠪᠤᠷᠵᠢᠬᠢᠨ ᠴᠠᠭᠠᠨᠰᠦ᠋ᠮᠪᠦᠷ | | | ᠮᠤᠩᠭᠤᠯ ᠦᠰᠦᠭ ᠤᠨ ᠪᠢᠴᠢᠯᠬᠡ ᠵᠦᠢ ᠪᠤᠯ ᠮᠤᠩᠭᠤᠯ ᠦᠨᠳᠦᠰᠦᠳᠡᠨ ᠤ ᠪᠠᠶᠠᠯᠢᠭ ᠦᠪ᠂ ᠤᠯᠠᠮᠵᠢᠯᠠᠯᠳᠦ ᠰᠤᠶᠤᠯ ᠤᠷᠠᠯᠢᠭ ᠤᠨ ᠴᠢᠬᠤᠯᠠ ᠪᠦᠷᠢᠯᠳᠦᠬᠦᠨ | ᠬᠡᠰᠡᠭ ᠪᠤᠯᠤᠨ᠎ᠠ᠃ ᠡᠷᠡᠯᠬᠡᠭ ᠪᠠᠭᠠᠳᠤᠷᠯᠢᠭ᠂ ᠡᠬᠦᠳᠦᠨ ᠪᠦᠳᠦᠬᠡᠯᠴᠢ᠂ ᠰᠤᠳᠤᠨ ᠪᠢᠯᠢᠭᠳᠦ ᠡᠪᠦᠭᠡ ᠳᠡᠬᠡᠳᠦᠰ ᠮᠠᠨᠢ ᠮᠤᠩᠭᠤᠯ ᠦᠰᠦᠭ ᠤᠨ ᠰᠦᠭ ᠠᠪᠢᠶᠠᠰ ᠢ | ᠬᠦᠢᠴᠡᠳ ᠢᠯᠡᠷᠡᠬᠦᠯᠦᠨ ᠭᠠᠶᠢᠬᠠᠭᠤᠯᠤᠭᠰᠠᠨ ᠦᠪᠡᠷᠮᠢᠴᠡ ᠡᠳᠡᠬᠡᠳ᠂ ᠲᠦᠷᠢ ᠲᠦᠷᠬᠦ᠂ ᠭᠤᠶᠢᠳᠠ ᠬᠡᠯᠪᠡᠷᠢ᠂ ᠤᠷᠠᠯᠢᠭ ᠴᠤᠭᠴᠠᠰ ᠢᠶᠠᠷ ᠢᠶᠠᠨ ᠲᠠᠶᠠᠩ ᠲᠡᠯᠡᠬᠡᠢ | ᠳᠤ ᠰᠤᠯᠤᠩᠭᠠᠷᠠᠵᠦ᠂ ᠨᠡᠷ᠎ᠡ ᠠᠯᠳᠠᠷ ᠢᠶᠠᠨ ᠲᠠᠭᠤᠷᠢᠰᠤᠭᠤᠯᠤᠨ ᠢᠷᠡᠭᠰᠡᠨ ᠳᠡᠤᠬᠡ ᠲᠠᠢ ᠪᠢᠯᠠ᠃ ᠮᠤᠩᠭᠤᠯ ᠦᠨᠳᠦᠰᠦᠳᠡᠨ ᠤ ᠤᠷᠠᠨ ᠪᠢᠴᠢᠯᠬᠡ ᠶᠢᠨ ᠡᠬᠦᠰᠦᠯ | ᠭᠠᠷᠤᠯ ᠨᠢ ᠮᠤᠩᠭᠤᠯᠴᠤᠳ ᠤᠨ ᠦᠰᠦᠭ ᠪᠢᠴᠢᠭ ᠲᠠᠢ ᠪᠤᠯᠤᠭᠰᠠᠨ ᠲᠡᠤᠬᠡ ᠠᠴᠠ ᠡᠬᠢᠯᠡᠨ ᠲᠤᠳᠤᠷᠬᠠᠢ ᠮᠡᠳᠡᠵᠦ ᠪᠤᠯᠤᠨ᠎ᠠ᠃ 13 ᠳ᠋ᠤᠭᠠᠷ ᠵᠠᠭᠤᠨ ᠤ ᠡᠬᠢᠨ ᠤ | ᠦᠶ᠎ᠡ ᠳᠤ ᠴᠢᠩᠬᠢᠰ ᠬᠠᠭᠠᠨ ᠮᠤᠩᠭᠤᠯ ᠤᠨ ᠦᠨᠳᠦᠷᠯᠢᠭ ᠤᠨ ᠤᠯᠠᠨ ᠮᠤᠩᠭᠤᠯᠵᠢᠭᠤᠨ ᠠᠶᠢᠮᠠᠭ ᠲᠦᠷᠦᠯ ᠢ ᠨᠢᠬᠡᠳᠬᠡᠵᠦ᠂ ᠬᠠᠮᠤᠭ ᠮᠤᠩᠭᠤᠯ ᠤᠨ ᠬᠠᠭᠠᠨ | ᠰᠠᠭᠤᠭᠰᠠᠨ ᠤ ᠲᠠᠷᠠᠭ᠎ᠠ ᠮᠤᠩᠭᠤᠯᠴᠤᠳ ᠡᠬᠢᠯᠡᠵᠦ ᠦᠰᠦᠭ ᠪᠢᠴᠢᠭ ᠲᠠᠢ ᠪᠤᠯᠵᠠᠢ᠃ ᠬᠡᠬᠦ ᠳᠡᠭᠡᠨ ᠨᠠᠢᠮᠠᠨᠴᠤᠳ ᠤᠶᠢᠭᠤᠷ ᠦᠰᠦᠭ ᠢ ᠠᠰᠢᠭᠯᠠᠨ ᠠᠪᠴᠦ | ᠤᠶᠢᠭᠤᠷ ᠨᠢ ᠰᠤᠭᠳᠠ ᠠᠴᠠ ᠦᠰᠦᠭ ᠪᠢᠴᠢᠭ ᠢᠶᠠᠨ ᠵᠢᠬᠡᠯᠡᠨ ᠠᠪᠤᠭᠰᠠᠨ ᠳᠡᠤᠬᠡ ᠲᠠᠢ ᠪᠦᠬᠡᠳ ᠰᠤᠭᠳᠠ᠂ ᠤᠶᠢᠭᠤᠷ᠂ ᠮᠤᠩᠭᠤᠯ ᠦᠰᠦᠭ ᠪᠢᠴᠢᠭ ᠤᠨ | ᠡᠬᠦᠰᠦᠯ ᠰᠤᠷᠪᠤᠯᠵᠢ ᠶᠢᠨ ᠲᠠᠯ᠎ᠠ ᠪᠠᠷ ᠨᠢᠭᠳᠠ ᠬᠠᠷᠢᠴᠠᠭ᠎ᠠ ᠲᠠᠢ ᠪᠠᠶᠢᠳᠠᠭ ᠬᠡᠰᠡᠨ ᠢ ᠮᠡᠳᠡᠬᠦ ᠴᠢᠬᠤᠯᠠ ᠲᠠᠢ᠃ ᠲᠠᠮᠠᠭ᠎ᠠ ᠨᠢ ᠲᠡᠤᠬᠡᠨ ᠠᠴᠠ ᠠᠪᠤᠭᠠᠳ ᠦᠰᠦᠭ | ᠪᠢᠴᠢᠭ ᠲᠠᠢ ᠵᠡᠷᠬᠡ ᠪᠠᠷ ᠬᠦᠭᠵᠢᠭᠰᠡᠨ ᠳᠡᠤᠬᠡ ᠲᠠᠢ ᠪᠢᠯᠠ᠃ ᠴᠢᠩᠬᠢᠰ ᠬᠠᠭᠠᠨ ᠨᠠᠢᠮᠠᠨ ᠠᠶᠢᠮᠠᠭ ᠢ ᠨᠢᠬᠡᠳᠬᠡᠨ ᠲᠠᠶᠢᠯᠠᠬᠤ ᠦᠶᠡᠰ ᠳᠠᠳᠠᠳᠤᠩᠭ᠎ᠠ ᠶᠢ ᠪᠠᠷᠢᠵᠦ | ᠠᠪᠬᠤ ᠦᠶᠡᠰ ᠬᠦᠵᠦᠬᠦᠨ ᠳᠤᠨᠢ ᠲᠠᠮᠠᠭ᠎ᠠ ᠵᠡᠬᠦᠵᠦ ᠪᠠᠶᠢᠭᠰᠠᠨ ᠢ ᠦᠵᠡᠬᠡᠳ ᠲᠠᠮᠠᠭ᠎ᠠ ᠶᠢᠨ ᠲᠤᠬᠠᠢ ᠮᠠᠰᠢ ᠠᠩᠬᠠᠷᠴᠦ ᠦᠢᠯᠡᠳᠦᠯ᠂ ᠬᠡᠷᠡᠭᠴᠡᠭᠡ᠂ ᠡᠬᠦᠰᠦᠯ ᠭᠠᠷᠤᠯ | ᠤᠨ ᠲᠠᠯ᠎ᠠ ᠪᠠᠷ ᠬᠦᠨ ᠰᠠᠭᠤᠭᠳᠠᠯ ᠲᠠᠢ ᠪᠤᠯᠵᠦ᠂ ᠡᠬᠦᠨ ᠤ ᠵᠡᠷᠬᠡ ᠪᠠᠷ ︽ᠪᠢᠯᠢᠭᠳᠦ ᠰᠢᠪᠠᠭᠤ︾ ᠨᠢᠬᠡᠨ ᠲᠤᠮᠤ ᠬᠠᠳᠠᠨ ᠳᠡᠬᠡᠷ᠎ᠡ ᠰᠠᠭᠤᠭᠠᠳ ᠴᠢᠩᠬᠢᠰ᠂ ᠴᠢᠩᠬᠢᠰ | ᠬᠡᠵᠦ ᠲᠤᠤᠭᠠᠷᠳᠠᠭ ᠪᠤᠯᠬᠤᠷ ᠴᠢᠩᠬᠢᠰ ᠴᠡᠷᠢᠭ ᠢᠶᠠᠨ ᠲᠤᠮᠢᠯᠠᠵᠦ᠂ ᠳᠡᠷᠡ ᠬᠠᠳᠠ ᠶᠢ ᠬᠠᠭᠠᠯ ᠬᠡᠵᠦ ᠵᠠᠬᠢᠭᠰᠠᠨ ᠬᠡᠨ᠎ᠡ᠃ ᠴᠡᠷᠢᠭ ᠨᠢ ᠵᠠᠬᠢᠶ᠎ᠠ ᠶᠤᠰᠤᠭᠠᠷ ᠳᠡᠷᠡ | ᠬᠠᠳᠠ ᠶᠢ ᠬᠠᠭᠠᠯᠤᠭᠰᠠᠨ ᠴᠢᠨᠢ ᠲᠤᠳᠤᠷ᠎ᠠ ᠠᠴᠠ ᠨᠢ ︽ᠬᠠᠰ ᠴᠢᠯᠠᠭᠤ︾ ︵玉石︶ ᠭᠠᠷᠴᠦ ᠢᠷᠡᠭᠰᠡᠨ ᠬᠡᠳᠡᠭ᠃ ᠢᠩᠬᠢᠬᠡᠳ ᠬᠠᠰ ᠬᠡᠰᠡᠨ ᠤᠬᠠᠭᠳᠠᠬᠤᠨ ᠢ | ᠮᠡᠳᠡᠵᠦ ᠬᠠᠰ ᠳᠡᠬᠡᠷ᠎ᠡ ᠪᠠᠨ ᠲᠠᠮᠠᠭ᠎ᠠ ᠰᠠᠶᠢᠯᠵᠤ ᠬᠠᠭᠠᠨ ᠤ ᠲᠠᠮᠠᠭ᠎ᠠ ᠲᠠᠢ ᠪᠤᠯᠤᠭᠰᠠᠨ ᠬᠡᠳᠡᠭ ᠲᠤᠮᠤᠭ ᠶᠠᠷᠢᠶ᠎ᠠ ᠨᠤᠮ ᠰᠤᠳᠤᠷ ᠲᠤ ᠲᠡᠮᠳᠡᠭᠯᠡᠭᠳᠡᠵᠦ ᠪᠠᠶᠢᠳᠠᠭ᠃ | ᠨᠢᠬᠡ᠂ ᠲᠠᠮᠠᠭ᠎ᠠ | ᠲᠠᠮᠠᠭ᠎ᠠ ᠬᠡᠳᠡᠭ ᠨᠢ ᠢᠮ ᠳᠡᠮᠳᠡᠭ ᠬᠡᠰᠡᠨ ᠤᠳᠬ᠎ᠠ ᠲᠠᠢ ᠦᠬᠡ ᠪᠤᠯᠤᠨ᠎ᠠ᠃ ᠮᠦᠨᠴᠦ ᠪᠡᠶ᠎ᠡ ᠶᠢᠨ ᠤᠷᠤ ᠬᠡᠵᠦ ᠦᠵᠡᠳᠡᠭ᠃ ᠲᠠᠮᠠᠭ᠎ᠠ ᠶᠢᠨ ᠶᠡᠷᠦᠩᠬᠡᠢ | ᠪᠦᠳᠦᠴᠡ ᠪᠠᠷ ᠨᠢ ᠦᠵᠡᠪᠡᠯ ᠪᠢᠴᠢᠬᠠᠨ ᠲᠡᠮᠦᠷᠯᠢᠭ ᠡᠳ᠋ ᠪᠤᠶᠤ ᠮᠤᠳᠦ᠂ ᠴᠢᠯᠠᠭᠤ᠂ ᠡᠪᠡᠷ ᠪᠠ ᠶᠠᠰᠦ᠂ ᠭᠤᠮ ᠤᠨ ᠳᠡᠬᠡᠷ᠎ᠡ ᠲᠦᠬᠦᠷᠢᠭ ᠪᠤᠶᠤ ᠲᠦᠷᠪᠡᠯᠵᠢᠨ | ᠨᠢᠭᠤᠷ ᠭᠠᠷᠭᠠᠵᠦ ᠳᠡᠬᠡᠷ᠎ᠡ ᠨᠢ ᠨᠡᠷ᠎ᠡ ᠰᠡᠶᠢᠯᠦᠬᠡᠳ ᠬᠡᠷᠡᠴᠢ ᠪᠠᠳᠤᠯᠠᠭ᠎ᠠ ᠪᠤᠯᠭᠠᠳᠠᠭ ᠳᠡᠮᠳᠡᠭ ᠪᠢᠯᠠ᠃ ᠲᠠᠮᠠᠭ᠎ᠠ ᠶᠢᠨ ᠬᠦᠷᠢᠶ᠎ᠡ ᠬᠡᠪᠴᠢᠶ᠎ᠡ ᠪᠠ ᠤᠨᠴᠠᠯᠢᠭ ᠢᠶᠠᠷ ᠨᠢ | ᠢᠯᠭᠠᠪᠠᠯ ᠠᠯᠪᠠᠨ ᠲᠠᠮᠠᠭ᠎ᠠ᠂ ᠨᠡᠷ᠎ᠡ ᠶᠢᠨ ᠲᠠᠮᠠᠭ᠎ᠠ᠂ ᠮᠠᠯ ᠤᠨ ᠢᠮ ᠲᠠᠮᠠᠭ᠎ᠠ᠂ ᠪᠤᠰᠤᠳ ᠡᠳ᠋ ᠪᠤᠳᠠᠰ ᠲᠤ ᠬᠡᠷᠡᠭᠯᠡᠬᠦ ᠲᠠᠮᠠᠭ᠎ᠠ ᠬᠡᠵᠦ ᠤᠯᠠᠨ ᠵᠤᠶᠢᠯ ᠪᠠᠶᠢᠳᠠᠭ᠃ | ᠮᠤᠩᠭᠤᠯ ᠲᠠᠮᠠᠭ᠎ᠠ ᠰᠡᠶᠢᠯᠦᠮᠡᠯ ᠨᠢ ᠮᠤᠩᠭᠤᠯ ᠦᠰᠦᠭ ᠪᠢᠴᠢᠭ ᠤᠨ ᠬᠦᠭᠵᠢᠨ ᠪᠤᠵᠠᠭᠠᠶᠢᠷᠠᠬᠤ ᠶᠢ ᠲᠠᠭᠠᠯᠳᠤᠨ ᠮᠠᠰᠢ ᠤᠷᠳᠦ ᠤᠳᠠᠭᠠᠨ ᠬᠤᠭᠤᠴᠠᠭᠠᠨ ᠤ ᠳᠡᠤᠬᠡ | ᠲᠠᠢ ᠪᠦᠬᠡᠳ ᠲᠤᠬᠠᠢ ᠶᠢᠨ ᠦᠶ᠎ᠡ ᠳᠤ ᠲᠠᠮᠠᠭ᠎ᠠ ᠨᠢ ᠵᠦᠪᠬᠡᠨ ᠬᠠᠭᠠᠨ ᠡᠵᠡᠨ᠂ ᠸᠠᠩ ᠬᠦᠩ ᠢᠵᠠᠭᠤᠷᠳᠠᠨ ᠵᠡᠷᠬᠡ ᠳᠡᠬᠡᠳᠦ ᠲᠠᠪᠬᠤᠷᠭᠠᠳᠠᠨ ᠤ ᠵᠡᠷᠬᠡ ᠬᠡᠷᠬᠢᠮ ᠢ | ᠲᠦᠯᠦᠬᠡᠯᠡᠬᠦᠯᠦᠭᠰᠡᠨ ᠬᠡᠷᠡᠴᠢ ᠳᠡᠮᠳᠡᠭ ᠪᠤᠯᠵᠦ ᠠᠯᠪᠠᠨ ᠲᠠᠮᠠᠭ᠎ᠠ ᠪᠠᠷ ᠬᠡᠷᠡᠭᠯᠡᠭᠳᠡᠵᠦ ᠪᠠᠶᠢᠭᠰᠠᠨ ᠳᠡᠤᠬᠡ ᠲᠠᠢ᠃ ᠬᠡᠷᠡᠭᠴᠡᠬᠡᠨ ᠤ ᠲᠠᠯ᠎ᠠ ᠠᠴᠠ ᠵᠠᠷᠯᠢᠭ ᠤᠨ ᠪᠢᠴᠢᠭ᠂ | ᠠᠯᠪᠠᠨ ᠵᠠᠬᠢᠳᠠᠯ᠂ ᠲᠠᠮᠠᠭᠠᠳᠦ ᠪᠢᠴᠢᠭ ᠢᠶᠠᠷ ᠠᠯᠢᠪᠠ ᠬᠡᠷᠡᠭ ᠵᠠᠷᠭᠤ᠂ ᠠᠯᠪᠠᠨ ᠤ ᠤᠴᠢᠷ ᠢ ᠬᠠᠤᠯᠢ ᠶᠤᠰᠤᠭᠠᠷ ᠬᠦᠢᠴᠡᠳᠬᠡᠵᠦ ᠪᠠᠶᠢᠵᠠᠢ᠃ ᠤᠳᠦ ᠶᠢᠨ ᠪᠢᠳᠡᠨ ᠤ | ᠬᠡᠷᠡᠭᠯᠡᠵᠦ ᠪᠠᠶᠢᠭ᠎ᠠ ᠮᠤᠩᠭᠤᠯ ᠤᠷᠠᠨ ᠪᠢᠴᠢᠯᠬᠡ ᠶᠢᠨ ᠲᠠᠮᠠᠭ᠎ᠠ ᠨᠢ ᠪᠤᠰᠤᠳ ᠲᠠᠮᠠᠭ᠎ᠠ ᠰᠡᠶᠢᠯᠤᠮᠠᠯ ᠠᠴᠠ ᠢᠯᠭᠠᠭ᠎ᠠ ᠲᠠᠢ ᠪᠠᠶᠢᠳᠠᠭ ᠪᠦᠬᠡᠳ ᠡᠨᠡ ᠨᠢ ᠬᠢᠳᠠᠳ | ᠦᠨᠳᠦᠰᠦᠳᠡᠨ ᠤ ᠤᠷᠠᠨ ᠪᠢᠴᠢᠯᠬᠡ ᠠᠴᠠ ᠢᠷᠡᠯᠳᠡ ᠲᠠᠢ ᠬᠡᠵᠦ ᠦᠵᠡᠳᠡᠭ᠃ | ᠬᠤᠶᠠᠷ᠂ ᠮᠤᠩᠭᠤᠯ ᠤᠷᠠᠨ ᠪᠢᠴᠢᠯᠬᠡ ᠳᠤ ᠬᠡᠷᠡᠭᠯᠡᠬᠦ ᠲᠠᠮᠠᠭ᠎ᠠ ᠶᠢᠨ ᠲᠦᠷᠦᠯ ᠵᠤᠶᠢᠯ | ᠲᠠᠮᠠᠭ᠎ᠠ ᠪᠤᠯ ᠮᠤᠩᠭᠤᠯ ᠤᠷᠠᠨ ᠪᠢᠴᠢᠯᠬᠡ ᠶᠢᠨ ᠵᠤᠬᠢᠮᠵᠢ ᠶᠢᠨ ᠴᠢᠬᠤᠯᠠ ᠪᠦᠷᠢᠯᠳᠦᠬᠦᠨ ᠬᠡᠰᠡᠭ ᠪᠤᠯᠤᠨ᠎ᠠ᠃ ᠨᠢᠬᠡᠨ ᠪᠦᠷᠢᠨ ᠪᠦᠳᠦᠨ ᠤᠷᠠᠨ ᠪᠢᠴᠢᠯᠬᠡ ᠶᠢᠨ | ᠪᠦᠳᠦᠬᠡᠯ ᠨᠢ ᠭᠤᠤᠯ ᠦᠰᠦᠭ᠂ ᠬᠠᠶᠠᠭᠠᠪᠤᠷᠢ᠂ ᠲᠠᠮᠠᠭ᠎ᠠ ᠪᠠᠷ ᠪᠦᠷᠢᠯᠳᠦᠵᠦ᠂ ᠬᠠᠷᠢᠯᠴᠠᠨ ᠲᠦᠰᠢᠭᠯᠡᠯᠴᠡᠨ ᠰᠠᠯᠵᠦ ᠪᠤᠯᠤᠰᠢ ᠦᠬᠡᠢ ᠪᠦᠬᠦᠯᠢ ᠴᠤᠭᠴᠠ ᠪᠤᠯᠤᠨ | ᠪᠦᠷᠢᠯᠳᠦᠭᠰᠡᠨ ᠪᠠᠶᠢᠳᠠᠭ᠃ ᠠᠯᠳᠠᠷᠳᠦ ᠤᠷᠠᠨ ᠪᠢᠴᠢᠯᠬᠡᠳᠡᠨ ᠰᠤ᠋ ᠱᠢ ︽ᠪᠢᠴᠢᠯᠬᠡ ᠡᠷᠬᠡᠪᠰᠢ ᠰᠦᠨᠡᠰᠦ ᠰᠦᠷ᠂ ᠶᠠᠰᠦ ᠮᠢᠬ᠎ᠠ᠂ ᠴᠢᠰᠦ ᠪᠠᠶᠢᠬᠤ ᠬᠡᠷᠡᠭᠳᠠᠢ᠃ ᠠᠯᠢ | ᠨᠢᠬᠡ ᠨᠢ ᠲᠤᠳᠠᠪᠠᠯ ᠤᠷᠠᠨ ᠪᠢᠴᠢᠯᠬᠡ ᠪᠤᠰᠦ ᠪᠤᠯᠠᠢ︾ ᠬᠡᠵᠦ ᠶᠠᠷᠢᠵᠦ ᠦᠩᠬᠡᠷᠡᠭᠰᠡᠨ ᠪᠠᠶᠢᠳᠠᠭ᠃ ︽ᠰᠡᠳᠬᠢᠯ ᠲᠦᠪ ᠪᠤᠯᠪᠠᠰᠦ ᠪᠢᠷ ᠬᠢᠴᠢᠶᠡᠩᠬᠦᠢ︾ ︽ᠪᠢᠴᠢᠯᠬᠡ | ᠬᠦᠮᠦᠨ ᠤ ᠲᠤᠳᠤᠭᠠᠳᠦ ᠰᠡᠳᠬᠢᠯ ᠲᠠᠢ ᠨᠢᠭᠳᠠ ᠬᠤᠯᠪᠤᠭᠠᠳᠠᠢ ᠪᠠᠶᠢᠳᠠᠭ︾ ᠬᠡᠰᠡᠨ ᠠᠯᠳᠠᠷᠳᠦ ᠬᠦᠮᠦᠰ ᠤᠨ ᠰᠠᠶᠢᠨ ᠰᠠᠶᠢᠬᠠᠨ ᠰᠤᠷᠭᠠᠯ ᠦᠬᠡ ᠠᠷᠪᠢᠨ ᠪᠠᠶᠢᠳᠠᠭ᠃ | ᠲᠠᠮᠠᠭ᠎ᠠ ᠪᠤᠯ ᠪᠢᠳᠡᠨ ᠤ ᠤᠷᠠᠨ ᠪᠢᠴᠢᠯᠬᠡ ᠶᠢᠨ ᠪᠦᠳᠦᠬᠡᠯ ᠳᠤ ︽ᠯᠤᠤ ᠵᠢᠷᠤᠵᠦ᠂ ᠨᠢᠳᠦ ᠶᠢ ᠠᠮᠢᠯᠠᠭᠤᠯᠬᠤ︾ ᠦᠢᠯᠡᠳᠦᠯ ᠦᠵᠡᠬᠦᠯᠳᠡᠭ᠃ ᠨᠢᠬᠡᠨ ᠤᠷᠠᠨ | ᠪᠢᠴᠢᠯᠬᠡᠴᠢ ᠶᠢᠨ ᠪᠦᠳᠦᠬᠡᠯ ᠳᠤ ᠴᠠᠭᠠᠨ ᠴᠠᠭᠠᠰᠦ᠂ ᠬᠠᠷ᠎ᠠ ᠪᠡᠭᠡ᠂ ᠤᠯᠠᠭᠠᠨ ᠲᠠᠮᠠᠭ᠎ᠠ ᠬᠡᠬᠦ ᠭᠤᠷᠪᠠᠨ ᠡᠯᠧᠮᠧᠨ᠋ᠲ ᠨᠢ ᠬᠠᠷᠢᠯᠴᠠᠨ ᠨᠦᠬᠦᠴᠡᠯᠳᠦᠬᠡᠳ | ᠤᠩᠰᠢᠭᠴᠢᠳ ᠲᠤ ᠨᠡᠩ ᠭᠤᠶᠢᠳᠠ ᠰᠠᠶᠢᠬᠠᠨ ᠤᠷᠠᠯᠢᠭ ᠤᠨ ᠬᠦᠷᠳᠡᠬᠡᠯ ᠤᠯᠭᠤᠳᠠᠭ᠃ ᠮᠤᠩᠭᠤᠯ ᠤᠷᠠᠨ ᠪᠢᠴᠢᠯᠬᠡ ᠶᠢᠨ ᠪᠦᠳᠦᠬᠡᠯ ᠳᠤ ᠬᠡᠷᠡᠭᠯᠡᠬᠦ ᠲᠠᠮᠠᠭ᠎ᠠ ᠶᠢ | ᠨᠡᠷ᠎ᠡ ᠶᠢᠨ ᠲᠠᠮᠠᠭ᠎ᠠ᠂ ᠬᠦᠳᠦᠯᠪᠤᠷᠢ ᠲᠠᠮᠠᠭ᠎ᠠ᠂ ᠪᠦᠰᠡᠯᠡᠬᠦᠷ ᠲᠠᠮᠠᠭ᠎ᠠ᠂ ᠲᠦᠷᠰᠦᠳᠦ ᠲᠠᠮᠠᠭ᠎ᠠ ᠬᠡᠵᠦ ᠲᠦᠷᠪᠡᠨ ᠵᠤᠶᠢᠯ ᠳᠤ ᠬᠤᠪᠢᠶᠠᠳᠠᠭ᠃ | 1. ᠨᠡᠷ᠎ᠡ ᠶᠢᠨ ᠲᠠᠮᠠᠭ᠎ᠠ | ᠨᠡᠷ᠎ᠡ ᠶᠢᠨ ᠲᠠᠮᠠᠭ᠎ᠠ ᠬᠡᠳᠡᠭ ᠨᠢ ᠤᠷᠠᠨ ᠪᠢᠴᠢᠯᠬᠡᠳᠡᠨ ᠤ ᠬᠤᠪᠢ ᠬᠦᠮᠦᠨ ᠤ ᠤᠪᠤᠭ ᠨᠡᠷ᠎ᠡ ᠪᠦᠬᠦᠢ ᠲᠠᠮᠠᠭ᠎ᠠ ᠶᠢ ᠵᠢᠭᠠᠵᠦ ᠪᠤᠢ᠃ ᠶᠠᠮᠠᠷᠪᠠ ᠨᠢᠬᠡᠨ ᠪᠦᠳᠦᠬᠡᠯ | ᠳᠤ ᠤᠷᠠᠨ ᠪᠢᠴᠢᠯᠬᠡᠳᠡᠨ ᠲᠠᠮᠠᠭ᠎ᠠ ᠰᠠᠶᠢᠯᠵᠦ ᠬᠡᠷᠡᠭᠯᠡᠬᠦ ᠳᠡᠭᠡᠨ ᠵᠠᠪᠠᠯ ᠪᠦᠬᠦᠯᠢ ᠨᠡᠷ᠎ᠡ ᠪᠠᠨ ᠪᠢᠴᠢᠬᠦ ᠶᠢ ᠱᠠᠭᠠᠷᠳᠠᠳᠠᠭ᠃ ᠵᠠᠷᠢᠮ ᠲᠠᠮᠠᠭ᠎ᠠ ᠰᠡᠶᠢᠯᠤᠮᠠᠯ ᠳᠤ ᠤᠪᠤᠭ | ᠢᠶᠠᠨ ᠪᠢᠴᠢᠵᠦ᠂ ᠲᠠᠷᠠᠭ᠎ᠠ ᠨᠢ ᠨᠡᠷ᠎ᠡ ᠪᠠᠨ ᠪᠢᠴᠢᠭᠰᠡᠨ ᠲᠠᠮᠠᠭ᠎ᠠ ᠰᠡᠶᠢᠯᠤᠮᠠᠯ ᠴᠦ ᠠᠷᠪᠢᠨ ᠬᠠᠷᠠᠭᠳᠠᠳᠠᠭ ᠪᠤᠯᠤᠭᠰᠠᠨ ᠪᠠᠶᠢᠨ᠎ᠠ᠃ ᠵᠢᠱᠢᠶᠡᠯᠡᠪᠡᠯ ︽ᠪᠤᠷᠵᠢᠬᠢᠨ | ᠸᠠᠩᠴᠤᠭ︾᠂ ︽ ᠬᠠᠳᠠᠴᠢᠨ ᠪᠠᠶᠠᠷ︾᠂ ︽ᠴᠠᠬᠠᠷ ᠠᠮᠤᠭᠤᠯᠠᠩ︾ ᠬᠡᠬᠦ ᠮᠡᠳᠦ᠃ ᠵᠠᠷᠢᠮ ᠦᠶ᠎ᠡ ᠳᠤ ︽ᠰᠢᠭᠤᠷᠭᠠᠨ︾᠂ ︽ᠡᠷᠢᠯᠴᠢᠨ︾᠂ ︽ᠲᠠᠩᠬᠢᠰ︾ | ᠬᠡᠬᠦ ᠪᠢᠷ ᠤᠨ ᠨᠡᠷ᠎ᠡ ᠤᠷᠤᠭᠤᠯᠵᠦ ᠲᠠᠮᠠᠭ᠎ᠠ ᠰᠡᠶᠢᠯᠵᠦ ᠬᠡᠷᠡᠭᠯᠡᠬᠦ ᠤᠴᠢᠷ ᠴᠦ ᠪᠤᠢ᠃ ᠨᠡᠷ᠎ᠡ ᠶᠢᠨ ᠲᠠᠮᠠᠭ᠎ᠠ ᠨᠢ ᠤᠨᠴᠠᠯᠢᠭ ᠢᠶᠠᠷ ᠢᠶᠠᠨ ᠤᠯᠠᠭᠠᠨ ᠦᠰᠦᠭᠳᠦ ︵ | ᠬᠦᠳᠦᠬᠦᠷ︶ ᠲᠠᠮᠠᠭ᠎ᠠ ᠪᠠ ᠴᠠᠭᠠᠨ ᠦᠰᠦᠭᠳᠦ ︵ᠬᠤᠳᠤᠭᠤᠷ︶ ᠲᠠᠮᠠᠭ᠎ᠠ ᠬᠡᠵᠦ ᠬᠤᠶᠠᠷ ᠵᠤᠶᠢᠯ ᠬᠤᠪᠢᠶᠠᠳᠠᠭ᠃ ᠤᠳᠤᠬᠠᠨ ᠳᠤ ᠦᠷᠬᠡᠨ ᠤᠯᠠᠨ ᠤᠷᠠᠨ | ᠪᠢᠴᠢᠯᠬᠡᠳᠡᠨ ᠤ ᠤᠷᠠᠨ ᠪᠦᠳᠦᠬᠡᠯ ᠠᠴᠠ ᠦᠵᠡᠪᠡᠯ ᠨᠢᠬᠡ ᠨᠡᠷ᠎ᠡ ᠶᠢᠨ ᠲᠠᠮᠠᠭ᠎ᠠ ᠲᠠᠢ᠂ ᠬᠤᠶᠠᠷ ᠨᠡᠷ᠎ᠡ ᠶᠢᠨ ᠲᠠᠮᠠᠭ᠎ᠠ ᠲᠠᠢ ᠪᠦᠳᠦᠬᠡᠯ ᠠᠷᠪᠢᠨ ᠬᠠᠷᠠᠭᠳᠠᠵᠦ ᠪᠤᠢ᠃ | ᠡᠨᠡ ᠨᠢ ᠤᠷᠠᠨ ᠪᠢᠴᠢᠯᠬᠡᠳᠡᠨ ᠤ ᠦᠪᠡᠷ ᠤᠨ ᠲᠤᠷ᠎ᠠ ᠰᠤᠨᠢᠷᠬᠠᠯ ᠪᠠ ᠤᠨᠴᠠᠯᠢᠭ᠂ ᠪᠦᠳᠦᠬᠡᠯ ᠤᠨ ᠢᠶᠠᠨ ᠬᠢᠨᠢ ᠵᠤᠬᠢᠶᠠᠮᠵᠢ ᠤᠨᠴᠠᠯᠢᠭ ᠲᠤ ᠲᠤᠬᠢᠷᠠᠭᠤᠯᠵᠦ | ᠲᠠᠷᠤᠭᠰᠠᠨ ᠨᠢ ᠶᠠᠷᠢᠶᠠᠨ ᠦᠬᠡᠢ᠃ ᠬᠡᠪᠡᠴᠦ ᠨᠢᠬᠡ ᠪᠦᠳᠦᠬᠡᠯ ᠳᠤ ᠬᠤᠶᠠᠷ ᠲᠠᠮᠠᠭ᠎ᠠ ᠶᠢ ᠬᠡᠷᠡᠭᠯᠡᠬᠦ ᠦᠶᠡᠰ ᠲᠤ ᠬᠤᠶᠠᠷ ᠢ ᠨᠢ ᠪᠦᠷ ᠤᠯᠠᠭᠠᠨ ᠲᠠᠮᠠᠭ᠎ᠠ ᠲᠠᠷᠤᠭᠰᠠᠨ | ᠪᠤᠶᠤ᠂ ᠬᠤᠶᠠᠭᠤᠯᠠ ᠶᠢ ᠨᠢ ᠴᠠᠭᠠᠨ ᠲᠠᠮᠠᠭ᠎ᠠ ᠲᠠᠷᠤᠭᠰᠠᠨ ᠦᠵᠡᠭᠳᠡᠯ ᠬᠠᠶᠠ ᠬᠠᠷᠠᠭᠳᠠᠵᠦ ᠪᠠᠶᠢᠨ᠎ᠠ᠃ ᠤᠳᠤᠬᠠᠨ ᠤ ᠤᠷᠠᠨ ᠪᠢᠴᠢᠯᠬᠡ ᠪᠠ ᠲᠠᠮᠠᠭ᠎ᠠ ᠰᠡᠶᠢᠯᠦᠮᠡᠯ ᠤᠨ | ᠬᠦᠭᠵᠢᠯᠳᠡ ᠶᠢ ᠲᠠᠭᠠᠯᠳᠤᠭᠠᠳ᠂ ᠮᠠᠰᠢ ᠠᠷᠪᠢᠨ ᠰᠢᠨ᠎ᠡ ᠰᠤᠷᠭᠤᠭ ᠰᠢᠨ᠎ᠡ ᠪᠦᠳᠦᠬᠡᠯ ᠰᠢᠨ᠎ᠡ ᠮᠠᠶ᠋ᠢᠭ ᠤᠨ ᠲᠠᠮᠠᠭ᠎ᠠ ᠰᠡᠶᠢᠯᠤᠮᠠᠯ ᠴᠤᠯᠭᠤᠷᠠᠨ ᠭᠠᠷᠤᠭᠰᠠᠨ ᠪᠤᠯᠪᠠᠴᠦ | ᠵᠤᠬᠢᠮᠵᠢ ᠶᠢᠨ ᠲᠠᠯ᠎ᠠ ᠪᠠᠷ ᠠᠩᠬᠠᠷᠤᠭᠤᠰᠢᠳᠠᠢ ᠠᠰᠠᠭᠤᠳᠠᠯ ᠨᠡᠯᠢᠶᠡᠳ ᠭᠠᠷᠤᠭᠠᠳ ᠪᠠᠶᠢᠨ᠎ᠠ᠃ ᠮᠤᠩᠭᠤᠯ ᠤᠷᠠᠨ ᠪᠢᠴᠢᠯᠬᠡ ᠪᠠ᠂ ᠲᠠᠮᠠᠭ᠎ᠠ ᠰᠡᠶᠢᠯᠦᠮᠡᠯ ᠨᠢ ᠬᠦᠷᠢᠶ᠎ᠡ | ᠬᠡᠪᠴᠢᠶ᠎ᠡ ᠪᠠᠷ ᠦᠷᠬᠡᠨ ᠠᠭᠤᠳᠠᠮ᠂ ᠡᠷᠬᠡ ᠴᠢᠯᠦᠬᠡᠳᠠᠢ ᠪᠠᠶᠢᠳᠠᠭ ᠪᠤᠯᠪᠠᠴᠦ᠂ ᠨᠢᠬᠡᠮᠦᠰᠦᠨ ᠲᠦᠷᠢᠮ ᠭᠤᠷᠢᠮ ᠦᠬᠡᠢ᠂ ᠠᠮᠠᠭᠠᠢ ᠵᠢᠯᠤᠭᠤ ᠦᠬᠡᠢ ᠪᠤᠯᠬᠤ ᠶᠢ | ᠡᠷᠬᠡᠪᠰᠢ ᠠᠩᠬᠠᠷᠬᠤ ᠴᠢᠬᠤᠯᠠ ᠲᠠᠢ᠃ ᠨᠡᠶᠢᠬᠡᠮ ᠤᠨ ᠠᠯᠢᠪᠠ ᠬᠡᠷᠡᠭ ᠪᠤᠳᠠᠰ᠂ ᠠᠮᠢᠳᠤᠷᠠᠯ ᠤᠨ ᠲᠤᠮᠳᠠᠬᠢ ᠵᠠᠩ ᠲᠠᠳᠬᠠᠯ᠂ ᠶᠤᠰᠦ ᠤᠴᠢᠷ ᠨᠢ ᠵᠠᠪᠠᠯ | ᠲᠤᠭᠳᠠᠭᠰᠠᠨ ᠬᠦᠷᠢᠶ᠎ᠡ ᠬᠡᠪᠴᠢᠶ᠎ᠡ ᠪᠠ ᠵᠦᠢ ᠵᠤᠬᠢᠰᠳᠠᠢ ᠪᠠᠶᠢᠳᠠᠭ᠃ | ᠨᠢᠬᠡᠨ ᠤᠷᠠᠨ ᠪᠢᠴᠢᠯᠬᠡᠳᠡᠨ ᠪᠤᠯᠤᠭᠰᠠᠨ ᠤ ᠬᠤᠪᠢ ᠳᠤ ᠨᠢᠬᠡ ᠤᠳᠠᠭᠠᠨ ᠤ ᠬᠠᠮᠳᠦ ᠠᠴᠠ ᠵᠤᠬᠢᠶᠠᠨ ᠪᠠᠶᠢᠭᠤᠯᠤᠭᠰᠠᠨ ᠤᠷᠤᠯᠳᠤᠭᠠᠨ ᠳᠤ ᠤᠷᠤᠯᠴᠠᠬᠤ ᠪᠤᠶᠤ | ᠡᠰᠡᠬᠦᠯ᠎ᠡ ᠬᠤᠪᠢ ᠬᠦᠮᠦᠨ ᠤ ᠤᠷᠠᠨ ᠪᠢᠴᠢᠯᠬᠡ ᠶᠢᠨ ᠦᠵᠡᠬᠦᠯᠬᠡ ᠬᠢᠬᠦ᠂ ᠴᠠᠭᠠᠰᠢᠯᠠᠪᠠᠯ ᠬᠤᠪᠢ ᠬᠦᠮᠦᠨ ᠤ ᠤᠷᠠᠨ ᠪᠢᠴᠢᠯᠬᠡ ᠶᠢᠨ ᠨᠤᠮ ᠰᠤᠳᠤᠷ ᠭᠠᠷᠭᠠᠬᠤ | ᠦᠶᠡᠰ ᠡᠷᠬᠡᠪᠰᠢ ᠲᠤᠤᠷᠠᠬᠢ ᠮᠡᠳᠦ ᠬᠡᠳᠦᠨ ᠲᠠᠯ᠎ᠠ ᠶᠢ ᠠᠩᠬᠠᠷᠪᠠᠯ ᠵᠤᠬᠢᠨ᠎ᠠ᠃ ᠨᠢᠬᠡ ᠳᠤ᠂ ᠶᠠᠮᠠᠷᠪᠠ ᠨᠢᠬᠡᠨ ᠪᠦᠳᠦᠬᠡᠯ ᠢ ᠡᠬᠢᠨ ᠠᠴᠠ ᠨᠢ ᠠᠪᠤᠭᠠᠳ ᠲᠠᠭᠤᠰᠳᠠᠯ᠎ᠠ | ︵ᠦᠭᠬᠦᠭᠳᠡᠭᠰᠡᠨ ᠱᠠᠭᠠᠷᠳᠠᠯᠭ᠎ᠠ ᠪᠠᠭᠳᠠᠨ᠎ᠠ︶ ᠴᠠᠭᠠᠰᠤᠨ ᠤ ᠪᠠᠨ ᠶᠡᠭᠡ ᠪᠠᠭ᠎ᠠ ᠶᠢ ᠲᠤᠭᠳᠠᠭᠠᠵᠦ᠂ ᠭᠤᠤᠯ ᠦᠰᠦᠭ ᠤᠨ ᠠᠭᠤᠯᠭ᠎ᠠ᠂ ᠦᠰᠦᠭ ᠤᠨ ᠶᠡᠭᠡ ᠪᠠᠭ᠎ᠠ | ᠤᠯᠠᠨ ᠴᠦᠬᠡᠨ ᠢ ᠲᠤᠭᠳᠠᠭᠠᠬᠤ᠂ ᠬᠠᠶᠠᠭᠠᠪᠤᠷᠢ ᠳᠤ ᠪᠠᠨ ᠶᠠᠮᠠᠷ ᠠᠭᠤᠯᠭ᠎ᠠ ᠪᠢᠴᠢᠬᠦ᠂ ᠬᠡᠳᠦᠨ ᠮᠦᠷ ᠪᠢᠴᠢᠬᠦ ᠪᠠᠨ ᠲᠤᠭᠳᠠᠭᠠᠭᠰᠠᠨ ᠪᠠᠶᠢᠬᠤ ᠬᠡᠷᠡᠭᠳᠠᠢ᠃ ᠭᠤᠷᠪᠠ | ᠳᠤ᠂ ᠬᠠᠶᠠᠭᠠᠪᠤᠷᠢ ᠪᠠᠨ ᠪᠢᠴᠢᠬᠦ ᠦᠶᠡᠰ ᠴᠠᠭᠠᠰᠤᠨ ᠤ ᠪᠠᠨ ᠤᠷᠤᠨ ᠵᠠᠢ᠂ ᠦᠨᠳᠦᠷ ᠪᠤᠭᠤᠨᠢ ᠶᠢ ᠡᠷᠬᠡᠪᠰᠢ ᠨᠠᠷᠢᠨ ᠨᠢᠮᠪᠠᠢ ᠲᠤᠭᠳᠠᠭᠠᠭᠰᠠᠨ ᠪᠠᠶᠢᠬᠤ ᠬᠡᠷᠡᠭᠳᠠᠢ᠃ | ᠡᠬᠦᠨ ᠳᠤ ᠲᠤᠮᠳᠠ ᠲᠠᠩᠬᠢᠮ ︵中堂︶ ᠤᠨ ᠪᠢᠴᠢᠬᠡᠰᠦ᠂ ᠡᠯᠬᠦᠬᠡ ᠪᠢᠴᠢᠬᠡᠰᠦ᠂ ᠬᠤᠤᠰ ᠤᠶᠠᠩᠭ᠎ᠠ ᠶᠢᠨ ᠪᠢᠴᠢᠬᠡᠰᠦ᠂ ᠲᠡᠭᠰᠢ ᠲᠦᠷᠪᠡᠯᠵᠢᠨ ᠪᠢᠴᠢᠬᠡᠰᠦ᠂ | ᠬᠦᠨᠳᠡᠯᠡᠨ ᠪᠢᠴᠢᠬᠡᠰᠦ ᠪᠠ ᠲᠡᠪᠢᠬᠦᠷ ᠬᠡᠯᠪᠡᠷᠢᠳᠦ ᠪᠢᠴᠢᠬᠡᠰᠦ ᠪᠠᠭᠳᠠᠨ᠎ᠠ᠃ ᠲᠦᠷᠪᠡ ᠳᠤ᠂ ᠶᠠᠭᠤᠨ ᠤ ᠡᠮᠦᠨ᠎ᠡ ᠡᠨᠡᠬᠦ ᠨᠡᠷ᠎ᠡ ᠶᠢᠨ ᠲᠠᠮᠠᠭ᠎ᠠ ᠶᠢ ᠨᠢᠬᠡ ᠲᠠᠷᠤᠬᠤ᠂ | ᠬᠤᠶᠠᠷ ᠲᠠᠷᠤᠬᠤ ᠠᠰᠠᠭᠤᠳᠠᠯ ᠢ ᠵᠠᠪᠠᠯ ᠵᠦᠪ ᠰᠢᠢᠳᠪᠤᠷᠢᠯᠡᠬᠦ ᠬᠡᠷᠡᠭᠳᠠᠢ᠃ ᠤᠷᠤᠨ ᠵᠠᠢ ᠨᠢ ᠬᠡᠳᠦᠷᠬᠡᠢ ᠰᠢᠬᠠᠭᠤ ᠪᠤᠯ ᠨᠢᠬᠡ ᠲᠠᠷᠤᠵᠦ ᠪᠤᠯᠤᠨ᠎ᠠ᠂ ᠤᠷᠤᠨ ᠵᠠᠢ ᠨᠢ | ᠠᠭᠤᠵᠢᠮ ᠪᠤᠯ ᠬᠤᠶᠠᠷ ᠲᠠᠷᠤᠵᠦ ᠪᠤᠯᠤᠨ᠎ᠠ᠃ ᠬᠡᠬᠦ ᠳᠤ ᠪᠠᠨ ᠭᠤᠤᠯ ᠦᠰᠦᠭ ᠤᠨ ᠬᠠᠮᠤᠭ ᠰᠡᠬᠦᠯᠴᠢ ᠶᠢᠨ ᠦᠰᠦᠭ ᠠᠴᠠ ᠲᠤᠤᠷ᠎ᠠ ᠪᠤᠯᠬᠤ ᠶᠢ ᠵᠠᠪᠠᠯ ᠠᠩᠬᠠᠷᠬᠤ | ᠴᠢᠬᠤᠯᠠ ᠲᠠᠢ ᠪᠢᠯᠠ᠃ ᠬᠡᠷᠪᠡ ᠵᠠᠢ ᠵᠠᠪᠰᠠᠷ ᠨᠢ ᠪᠠᠭ᠎ᠠ ᠪᠤᠯᠤᠭᠠᠳ ᠵᠤᠬᠢᠮᠵᠢ ᠮᠠᠭᠤᠳᠠᠢ ᠪᠤᠯ ᠬᠤᠶᠢᠨ᠎ᠠ ᠬᠠᠶᠠᠭᠠᠪᠤᠷᠢ ᠶᠢᠨ ᠠᠷᠤ ᠳᠤᠨᠢ ᠤᠯᠠᠭᠠᠨ᠂ ᠴᠠᠭᠠᠨ ᠲᠠᠮᠠᠭ᠎ᠠ | ᠪᠠᠨ ᠵᠡᠷᠬᠡᠴᠡᠬᠦᠯᠦᠨ ᠲᠠᠷᠤᠵᠦ ᠪᠤᠯᠤᠨ᠎ᠠ᠃ ᠬᠡᠬᠦ ᠳᠡᠭᠡᠨ ᠲᠠᠮᠠᠭ᠎ᠠ ᠶᠢᠨ ᠵᠠᠢ ᠶᠢ ᠨᠢ ᠵᠠᠪᠠᠯ ᠨᠢᠬᠡ ᠲᠠᠮᠠᠭ᠎ᠠ ᠶᠢᠨ ᠵᠠᠢ ᠠᠴᠠ ᠳᠡᠬᠡᠭᠰᠢ ᠪᠠᠶᠢᠯᠭᠠᠬᠤ ᠬᠡᠷᠡᠭᠳᠠᠢ᠃ ︵ | 2— 3—4 ᠲᠠᠮᠠᠭ᠎ᠠ ᠶᠢᠨ ᠵᠠᠢ ᠴᠦ ᠪᠤᠯᠤᠨ᠎ᠠ︶ ᠲᠠᠮᠠᠭ᠎ᠠ ᠲᠠᠷᠤᠬᠤ ᠳᠠᠭᠠᠨ ᠳᠡᠬᠡᠷ᠎ᠡ ᠨᠢ ᠤᠯᠠᠭᠠᠨ ᠲᠠᠮᠠᠭ᠎ᠠ ︵ᠬᠦᠳᠦᠬᠦᠷ︶ ᠪᠠᠨ ᠲᠠᠷᠤᠵᠦ᠂ ᠲᠤᠤᠷ᠎ᠠ ᠨᠢ | ᠴᠠᠭᠠᠨ ᠲᠠᠮᠠᠭ᠎ᠠ ︵ᠬᠤᠳᠤᠭᠤᠷ︶ ᠶᠢ ᠲᠠᠷᠤᠬᠤ ᠬᠡᠷᠡᠭᠳᠠᠢ᠃ ᠢᠩᠬᠢᠵᠦ ᠨᠡᠷ᠎ᠡ ᠶᠢᠨ ᠳᠠᠮᠠᠭᠠᠨ ᠤ ᠤᠴᠢᠷ ᠢ ᠰᠢᠢᠳᠪᠤᠷᠢᠯᠡᠭᠰᠡᠨ ᠤ ᠰᠡᠬᠦᠯᠡᠷ ᠪᠦᠳᠦᠬᠡᠯ ᠤᠨ ᠢᠶᠠᠨ | ᠵᠤᠬᠢᠮᠵᠢ ᠶᠢ ᠠᠩᠬᠠᠷᠴᠦ ᠪᠤᠰᠤᠳ ᠲᠠᠮᠠᠭ᠎ᠠ ᠲᠠᠷᠤᠬᠤ ᠤᠷᠤᠨ ᠵᠠᠢ ᠶᠢ ᠰᠤᠩᠭᠤᠬᠤ ᠬᠡᠷᠡᠭᠳᠠᠢ᠃ ᠨᠡᠷ᠎ᠡ ᠶᠢᠨ ᠲᠠᠮᠠᠭ᠎ᠠ ᠶᠢᠨ ᠬᠡᠯᠪᠡᠷᠢ ᠲᠦᠷᠰᠦ ᠠᠴᠠ ᠨᠢ ᠦᠵᠡᠪᠡᠯ | ᠤᠯᠠᠩᠬᠢ ᠳᠤ ᠪᠠᠨ ᠲᠡᠭᠰᠢ ᠲᠦᠷᠪᠡᠯᠵᠢᠨ ᠬᠡᠯᠪᠡᠷᠢ ᠲᠠᠢ ᠪᠠᠶᠢᠳᠠᠭ᠃ ᠲᠠᠮᠠᠭ᠎ᠠ ᠶᠢᠨ ᠶᠡᠭᠡ ᠪᠠᠭ᠎ᠠ ᠨᠢ ᠠᠳᠠᠯᠢ ᠪᠤᠰᠦ ᠪᠠᠶᠢᠳᠠᠭ ᠪᠦᠬᠡᠳ ᠬᠠᠮᠤᠭ ᠪᠠᠭ᠎ᠠ ᠨᠢ 2cm᠂ | 2.5cm᠂ 3cm᠂ 3.5cm᠂ ᠶᠡᠭᠡ ᠨᠢ 6cm —10cm ᠤᠨ ᠬᠤᠭᠤᠷᠤᠨᠳᠦ ᠪᠠᠶᠢᠳᠠᠭ᠃ ᠤᠨᠴᠠᠭᠠᠢ ᠶᠡᠭᠡ ᠨᠢ ᠡᠬᠦᠨ ᠠᠴᠠ ᠶᠡᠭᠡ ᠪᠠᠶᠢᠭᠰᠠᠨ ᠴᠦ | ᠪᠤᠯᠤᠨ᠎ᠠ᠃ ᠲᠠᠮᠠᠭ᠎ᠠ ᠲᠠᠷᠤᠬᠤ ᠳᠤ ᠪᠠᠨ ᠴᠠᠭᠠᠰᠤᠨ ᠤ ᠪᠠᠨ ᠶᠡᠭᠡ ᠪᠠᠭ᠎ᠠ᠂ ᠦᠰᠦᠭ ᠤᠨ ᠢᠶᠠᠨ ᠤᠯᠠᠨ ᠴᠦᠬᠡᠨ᠂ ᠪᠦᠳᠦᠬᠦᠨ ᠨᠠᠷᠢᠨ ᠢ ᠦᠵᠡᠵᠦ ᠪᠠᠶᠢᠭᠠᠳ | ᠵᠤᠬᠢᠰᠳᠠᠢ ᠲᠤᠬᠢᠷᠠᠭᠤᠯᠳᠠᠭ᠃ ᠲᠠᠮᠠᠭ᠎ᠠ ᠰᠡᠶᠢᠯᠦᠮᠡᠯ ᠬᠢᠬᠦ ᠳᠤ ᠪᠠᠨ ᠵᠠᠪᠠᠯ ᠬᠠᠳᠠᠨ ᠳᠡᠬᠡᠷ᠎ᠡ ᠰᠡᠶᠢᠯᠦᠨ᠎ᠡ ᠬᠡᠰᠡᠨ ᠤᠴᠢᠷ ᠪᠢᠰᠢ᠂ ᠡᠪᠡᠷ᠂ ᠬᠠᠳᠠ᠂ ᠮᠤᠳᠦ᠂ ᠶᠠᠰᠦ | ᠵᠡᠷᠬᠡ ᠪᠦᠷ ᠪᠠᠶᠢᠵᠦ ᠪᠤᠯᠤᠨ᠎ᠠ᠃ ᠬᠡᠬᠦ ᠳᠤ ᠪᠠᠨ ᠶᠡᠷᠦ ᠶᠢᠨ ᠠᠯᠪᠠᠨ ᠳᠤ ᠬᠡᠷᠡᠭᠯᠡᠬᠦ ᠲᠡᠮᠦᠷ ᠲᠠᠮᠠᠭ᠎ᠠ ᠪᠤᠶᠤ ᠭᠤᠮ ᠲᠠᠮᠠᠭ᠎ᠠ ᠶᠢ ᠬᠡᠷᠡᠭᠯᠡᠳᠡᠭ ᠦᠬᠡᠢ᠃ | 2. ᠬᠦᠳᠦᠯᠪᠤᠷᠢ ᠲᠠᠮᠠᠭ᠎ᠠ | ᠬᠦᠳᠦᠯᠪᠤᠷᠢ ᠲᠠᠮᠠᠭ᠎ᠠ ᠬᠡᠳᠡᠭ ᠨᠢ ᠤᠷᠠᠨ ᠪᠢᠴᠢᠯᠬᠡ ᠶᠢᠨ ᠪᠦᠳᠦᠬᠡᠯ ᠤᠨ ᠪᠠᠷᠠᠭᠤᠨ ᠲᠠᠯ᠎ᠠ ᠶᠢᠨ ᠳᠡᠬᠡᠷ᠎ᠡ ᠦᠨᠴᠦᠭ ᠳᠠᠬᠢ ᠨᠢᠬᠡᠳᠦᠬᠡᠷ ᠭᠤᠤᠯ ᠦᠰᠦᠭ ᠤᠨ | ᠡᠮᠦᠨ᠎ᠡ ᠪᠤᠶᠤ ᠨᠢᠬᠡ ᠬᠤᠶᠠᠳᠤᠭᠠᠷ ᠦᠰᠦᠭ ᠤᠨ ᠲᠤᠮᠳᠠᠭᠤᠷ ᠨᠢ ᠲᠠᠷᠤᠳᠠᠭ ᠲᠠᠮᠠᠭ᠎ᠠ ᠶᠢ ᠬᠦᠳᠦᠯᠪᠤᠷᠢ ᠲᠠᠮᠠᠭ᠎ᠠ ᠬᠡᠳᠡᠭ᠃ ᠬᠦᠳᠦᠯᠪᠤᠷᠢ ᠬᠡᠳᠡᠭ ᠦᠬᠡ ᠶᠢᠨ | ᠤᠳᠬ᠎ᠠ ᠪᠠᠷ ᠨᠢ ᠠᠪᠴᠦ ᠦᠵᠡᠭᠰᠡᠨ ᠴᠦ ᠬᠦᠳᠦᠯᠬᠦ ᠦᠢᠯᠡᠳᠦᠯ ᠢ ᠦᠵᠡᠬᠦᠯᠬᠦ ᠲᠤᠯᠠ ᠠᠯᠢᠪᠠ ᠶᠠᠭᠤᠮᠠᠨ ᠤ ᠡᠬᠢᠨ ᠳᠤ ᠨᠢ ᠪᠠᠶᠢᠬᠤ ᠶᠤᠰᠤᠳᠠᠢ᠃ ᠡᠶᠢᠮᠦ ᠠᠴᠠ | ᠵᠠᠪᠠᠯ ᠲᠤᠭᠳᠠᠭᠰᠠᠨ ᠭᠠᠵᠠᠷ ᠲᠤ ᠨᠢ ᠵᠤᠬᠢᠰᠳᠠᠢ ᠪᠠᠶᠢᠷᠢᠰᠢᠭᠤᠯᠵᠦ ᠲᠠᠷᠤᠬᠤ ᠬᠡᠷᠡᠭᠳᠠᠢ᠃ ᠰᠠᠨᠠᠭ᠎ᠠ ᠲᠤᠷ᠎ᠠ ᠪᠠᠷ ᠭᠠᠵᠠᠷ ᠪᠤᠯᠭᠠᠨ ᠳᠤ ᠲᠤᠷ᠎ᠠ ᠪᠠᠷ ᠲᠠᠷᠤᠬᠤ ᠶᠢ | ᠴᠡᠬᠡᠷᠯᠡᠳᠡᠭ ᠶᠤᠮ᠃ | ᠤᠯᠤᠰ ᠤᠨ ᠰᠤᠷᠭᠠᠨ ᠬᠦᠮᠦᠵᠢᠯ ᠤᠨ ᠶᠠᠮᠤᠨ ᠠᠴᠠ ᠮᠤᠩᠭᠤᠯ ᠤᠷᠠᠨ ᠪᠢᠴᠢᠯᠬᠡ ᠶᠢᠨ ᠰᠤᠷᠬᠤ ᠠᠭᠤᠯᠭ᠎ᠠ ᠶᠢ ᠡᠯ᠎ᠡ ᠰᠤᠷᠭᠠᠭᠤᠯᠢ ᠨᠤᠭᠤᠳ ᠤᠨ | ᠰᠤᠷᠤᠭᠴᠢᠳ ᠤᠨ ᠰᠤᠷᠬᠤ ᠪᠢᠴᠢᠭ ᠲᠤ ᠤᠷᠤᠭᠤᠯᠤᠭᠰᠠᠨ ᠠᠴᠠ ᠨᠠᠭᠠᠰᠢ ᠨᠡᠶᠢᠬᠡᠮ ᠳᠡᠬᠡᠷ᠎ᠡ ᠤᠷᠠᠨ ᠪᠢᠴᠢᠯᠬᠡ ᠪᠢᠴᠢᠬᠦ ᠬᠦᠮᠦᠨ ᠮᠠᠰᠢ ᠠᠷᠪᠢᠨ ᠪᠤᠯᠵᠦ᠂ ᠪᠠᠭ᠎ᠠ | ᠰᠤᠷᠭᠠᠭᠤᠯᠢ ᠶᠢᠨ ᠭᠤᠷᠪᠠᠳᠤᠭᠠᠷ ᠤᠨ ᠠᠴᠠ ᠡᠬᠢᠯᠡᠬᠡᠳ ᠶᠡᠭᠡ ᠰᠤᠷᠭᠠᠭᠤᠯᠢ ᠶᠢᠨ ᠤᠶᠤᠳᠠᠨ ᠬᠦᠷᠳᠡᠯ᠎ᠡ᠂ ᠴᠢᠨᠠᠭᠰᠢᠯᠠᠪᠠᠯ ᠨᠡᠶᠢᠬᠡᠮ ᠳᠡᠬᠡᠷᠡᠬᠢ ᠨᠢᠬᠡ ᠪᠦᠯᠦᠭ | ᠬᠦᠮᠦᠰ ᠡᠳᠦᠷ ᠢᠷᠡᠬᠦᠶ᠎ᠡ ᠨᠡᠮᠡᠭᠳᠡᠭᠰᠡᠬᠡᠷ ᠪᠠᠶᠢᠨ᠎ᠠ᠃ ᠡᠬᠦᠨ ᠤ ᠵᠡᠷᠬᠡ ᠪᠠᠷ ᠨᠢᠬᠡ ᠪᠦᠯᠦᠭ ᠤᠷᠠᠨ ᠮᠡᠷᠬᠡᠵᠢᠯ ᠲᠠᠢ᠂ ᠠᠪᠢᠶᠠᠰ ᠴᠢᠳᠠᠪᠤᠷᠢ ᠲᠠᠢ ᠪᠠᠭᠰᠢ ᠨᠠᠷ | ᠴᠤᠯᠭᠤᠷᠠᠨ ᠭᠠᠷᠴᠦ ᠤᠷᠠᠨ ᠪᠢᠴᠢᠯᠬᠡ ᠶᠢᠨ ᠲᠠᠯ᠎ᠠ ᠪᠠᠷ ᠵᠢᠭᠠᠨ ᠰᠤᠷᠭᠠᠬᠤ ᠵᠢᠯᠤᠭᠤᠳᠤᠯᠭ᠎ᠠ ᠬᠢᠵᠦ ᠪᠠᠶᠢᠨ᠎ᠠ᠂ ᠬᠡᠪᠡᠴᠦ ᠵᠦᠪᠬᠡᠨ ᠪᠢᠴᠢᠬᠦ ᠶᠢ ᠴᠢᠬᠤᠯᠠᠴᠢᠯᠠᠭᠠᠳ᠂ | ᠵᠤᠬᠢᠮᠵᠢ ᠶᠢ ᠠᠩᠬᠠᠷᠬᠤ ᠦᠬᠡᠢ᠂ ᠪᠦᠳᠦᠬᠡᠯ ᠭᠠᠷᠭᠠᠬᠤ ᠶᠢ ᠬᠦᠬᠡᠬᠡᠴᠡᠯᠳᠦᠬᠡᠳ ᠴᠢᠨᠠᠷ ᠢ ᠪᠠᠳᠤᠯᠠᠬᠤ ᠦᠬᠡᠢ ᠠᠰᠠᠭᠤᠳᠠᠯ ᠤᠷᠤᠰᠢᠵᠦ ᠪᠠᠶᠢᠨ᠎ᠠ᠃ ᠵᠢᠱᠢᠶᠡᠯᠡᠪᠡᠯ | ᠶᠠᠮᠠᠷᠪᠠ ᠨᠢᠬᠡᠨ ᠪᠠᠶᠢᠭᠤᠯᠭ᠎ᠠ ᠨᠢᠬᠡᠴᠡ ᠠᠴᠠ ᠡᠷᠬᠢᠯᠡᠭᠰᠡᠨ ᠤᠷᠠᠨ ᠪᠢᠴᠢᠯᠬᠡ ᠶᠢᠨ ᠤᠷᠤᠯᠳᠤᠭᠠᠨ ᠳᠤ ᠪᠦᠳᠦᠬᠡᠯ ᠲᠤᠰᠢᠶᠠᠬᠤ ᠦᠶᠡᠰ ᠲᠠᠮᠠᠭ᠎ᠠ ᠦᠬᠡᠢ ᠪᠦᠳᠦᠬᠡᠯ᠂ | ᠨᠡᠷ᠎ᠡ ᠦᠬᠡᠢ ᠪᠦᠳᠦᠬᠡᠯ᠂ ᠲᠠᠮᠠᠭ᠎ᠠ ᠲᠠᠷᠤᠭᠰᠠᠨ ᠪᠤᠯᠪᠠᠴᠦ ᠬᠠᠰᠢ ᠶᠠᠰᠢ᠂ ᠬᠠᠶᠠᠭᠠᠪᠤᠷᠢ ᠶᠢᠨ ᠳᠡᠬᠡᠷ᠎ᠡ ᠲᠠᠯ᠎ᠠ ᠳᠤ ᠨᠢ ᠨᠡᠷ᠎ᠡ ᠶᠢᠨ ᠲᠠᠮᠠᠭ᠎ᠠ ᠲᠠᠷᠤᠬᠤ᠂ ᠬᠦᠳᠦᠯᠪᠤᠷᠢ | ᠲᠠᠮᠠᠭ᠎ᠠ ᠶᠢᠨ ᠤᠷᠤᠨ ᠳᠤᠨᠢ ᠨᠡᠷ᠎ᠡ ᠶᠢᠨ ᠲᠠᠮᠠᠭ᠎ᠠ ᠲᠠᠷᠤᠬᠤ᠂ ᠭᠤᠤᠯ ᠦᠰᠦᠭ ᠤᠨ ᠲᠤᠤᠷ᠎ᠠ ᠨᠢ ᠨᠡᠷ᠎ᠡ ᠶᠢᠨ ᠲᠠᠮᠠᠭ᠎ᠠ ᠲᠠᠷᠤᠬᠤ᠂ ᠴᠢᠨᠠᠭᠰᠢᠯᠠᠪᠠᠯ ᠬᠤᠭᠤᠰᠤᠨ | ᠭᠠᠵᠠᠷ ᠪᠠᠶᠢᠪᠠᠯ ᠲᠠᠮᠠᠭ᠎ᠠ ᠪᠦᠬᠦᠨ ᠢ ᠤᠯᠠᠶᠢᠯᠭᠠᠨ ᠲᠠᠷᠤᠬᠤ ᠦᠵᠡᠭᠳᠡᠯ ᠤᠷᠤᠰᠢᠵᠦ ᠪᠠᠶᠢᠨ᠎ᠠ᠃ ᠡᠨᠡ ᠨᠢ ᠦᠵᠡᠮᠵᠢ ᠶᠢᠨ ᠲᠠᠯ᠎ᠠ ᠪᠠᠷ ᠵᠤᠬᠢᠮᠵᠢ ᠦᠬᠡᠢ ᠪᠤᠯᠤᠭᠠᠳ | ᠪᠦᠳᠦᠬᠡᠯ ᠢᠶᠠᠨ ᠨᠦᠯᠦᠬᠡᠯᠡᠳᠡᠭ ᠦᠵᠡᠭᠳᠡᠯ ᠭᠠᠷᠳᠠᠭ ᠪᠠᠶᠢᠨ᠎ᠠ᠃ ︽ᠨᠤᠮ ᠢ ᠲᠦᠮᠡᠨ ᠪᠤᠳᠢ ᠤᠩᠰᠢᠪᠠᠯ ᠪᠢᠷ ᠤᠨ ᠦᠵᠦᠬᠦᠷ ᠰᠢᠳᠢ ᠤᠷᠤᠰᠢᠮᠤᠢ︾ ᠬᠡᠰᠡᠨ | ᠮᠡᠷᠬᠡᠳ ᠤᠨ ᠦᠬᠡ ᠪᠠᠶᠢᠳᠠᠭ᠃ ᠨᠢᠬᠡᠨ ᠨᠡᠷ᠎ᠡ ᠨᠢᠳᠡᠷ ᠲᠤ ᠪᠠᠨ ᠲᠡᠩᠴᠡᠭᠰᠡᠨ ᠤᠷᠠᠨ ᠪᠢᠴᠢᠯᠬᠡᠳᠡᠨ ᠪᠤᠯᠤᠶ᠎ᠠ ᠬᠡᠪᠡᠯ ᠡᠷᠬᠡᠪᠰᠢ ᠤᠷᠳᠦ ᠤᠳᠠᠭᠠᠨ ᠬᠤᠭᠤᠴᠠᠭᠠᠨ ᠤ | ᠬᠠᠳᠠᠭᠤ ᠴᠢᠩᠭ᠎ᠠ ᠪᠤᠯᠪᠠᠰᠤᠷᠠᠯ ᠢ ᠦᠩᠬᠡᠷᠡᠮᠡᠨᠵᠢᠨ ᠰᠠᠶ᠋ᠢ ᠤᠨᠤᠯ ᠤᠨ ᠲᠠᠯ᠎ᠠ ᠪᠠᠷ ᠪᠢᠴᠢᠯᠬᠡ ᠶᠢᠨ ᠲᠠᠯ᠎ᠠ ᠪᠠᠷ ᠲᠢᠭ ᠬᠡᠯᠪᠡᠷᠢ ᠶᠢᠨ ᠲᠠᠯ᠎ᠠ ᠪᠠᠷ ᠲᠠᠮᠠᠭ᠎ᠠ ᠬᠡᠷᠡᠭᠯᠡᠬᠦ | ᠠᠷᠭ᠎ᠠ ᠮᠡᠷᠬᠡᠵᠢᠯ ᠤᠨ ᠲᠠᠯ᠎ᠠ ᠪᠠᠷ ᠨᠡᠪᠳᠡᠷᠬᠡᠢ ᠪᠤᠯᠤᠭᠰᠠᠨ ᠪᠠᠶᠢᠬᠤ ᠬᠡᠷᠡᠭᠳᠠᠢ᠃ ᠮᠤᠩᠭᠤᠯ ᠤᠷᠠᠨ ᠪᠢᠴᠢᠯᠬᠡ ᠪᠠ ᠮᠤᠩᠭᠤᠯ ᠲᠠᠮᠠᠭ᠎ᠠ ᠰᠡᠶᠢᠯᠦᠮᠡᠯ ᠨᠢ ᠦᠨᠳᠦᠰᠦᠳᠡᠨ | ᠤ ᠰᠤᠶᠤᠯ ᠤᠨ ᠠᠴᠢᠶᠠᠯᠠᠭᠴᠢ᠂ ᠤᠷᠤᠨ ᠤ ᠪᠠ ᠤᠯᠤᠰ ᠤᠨ ᠪᠤᠳᠠᠰ ᠤᠨ ᠪᠤᠰᠦ ᠰᠤᠶᠤᠯ ᠤᠨ ᠦᠪ ᠮᠦᠨ᠃ ᠤᠷᠠᠨ ᠪᠢᠴᠢᠯᠬᠡ ᠶᠢ ᠪᠢᠴᠢᠬᠦ ᠵᠢᠨᠠᠯᠬᠤᠮ ᠲᠠᠷᠠᠭ᠎ᠠ | ᠨᠢ ᠡᠷᠬᠡᠪᠰᠢ ᠪᠢᠴᠢᠭ ᠤᠨ ᠡᠯᠧᠮᠧᠨ᠋ᠲ ᠠᠴᠠ ᠭᠠᠷᠳᠠᠵᠦ ᠰᠤᠷᠴᠦ ᠰᠤᠳᠤᠯᠬᠤ ᠬᠡᠷᠡᠭᠳᠠᠢ᠃ ᠲᠠᠷᠠᠭ᠎ᠠ ᠨᠢ ᠪᠤᠰᠤᠳ ᠨᠡᠷᠡᠳᠦ ᠬᠦᠮᠦᠰ ᠤᠨ ᠪᠢᠴᠢᠭᠰᠡᠨ ᠦᠰᠦᠭ ᠪᠢᠴᠢᠭ | ᠢ ᠲᠠᠭᠤᠷᠢᠶᠠᠨ ᠪᠢᠴᠢᠵᠦ᠂ ᠵᠠᠪᠠᠯ ᠬᠢᠴᠢᠶᠡᠩᠬᠦᠢ ᠲᠢᠭ ᠠᠴᠠ ᠡᠬᠢᠯᠡᠵᠦ᠂ ᠠᠯᠬᠤᠮ ᠠᠯᠬᠤᠮ ᠢᠶᠠᠷ ᠬᠦᠶᠦᠯᠬᠡᠨ᠂ ᠲᠠᠳᠠᠯᠠᠭᠠᠨ ᠲᠢᠭ ᠢ ᠪᠤᠯᠪᠠᠰᠤᠷᠠᠩᠭᠤᠢ ᠪᠢᠴᠢᠵᠦ | ᠪᠤᠯᠪᠠᠰᠤᠷᠠᠭᠰᠠᠨ ᠤ ᠰᠡᠬᠦᠯᠡᠷ᠂ ᠦᠪᠡᠷ ᠤᠨ ᠲᠤᠭᠳᠠᠭᠰᠠᠨ ᠦᠪᠡᠷᠮᠢᠴᠡ ᠲᠢᠭ ᠢ ᠪᠤᠢ ᠪᠤᠯᠭᠠᠳᠠᠭ᠃ ᠨᠢᠬᠡᠨ ᠤᠷᠠᠨ ᠪᠢᠴᠢᠯᠬᠡᠳᠡᠨ ᠪᠤᠯᠤᠶ᠎ᠠ ᠬᠡᠪᠡᠯ ᠵᠠᠪᠠᠯ ᠬᠦᠮᠦᠨ | ᠪᠤᠯᠬᠤ ᠶᠤᠰᠦ ᠤᠴᠢᠷ ᠢ ᠨᠡᠪᠳᠡᠷᠬᠡᠢ ᠤᠶᠢᠯᠠᠭᠠᠭᠰᠠᠨ ᠪᠠᠶᠢᠬᠤ ᠬᠡᠷᠡᠭᠳᠠᠢ᠃ ᠬᠦᠮᠦᠨ ᠪᠤᠯᠬᠤ ᠬᠡᠳᠡᠭ ᠨᠢ ᠨᠠᠮ ᠲᠦᠷᠦ ᠶᠢ ᠡᠰᠡᠷᠬᠦᠴᠡᠬᠦ ᠦᠬᠡᠢ᠂ ᠨᠡᠶᠢᠬᠡᠮ ᠳᠤ ᠲᠤᠷ᠎ᠠ | ᠦᠬᠡᠶᠢᠴᠡᠬᠦ ᠦᠬᠡᠢ᠂ ᠬᠠᠤᠯᠢ ᠲᠦᠷᠢᠮ ᠢ ᠵᠦᠷᠢᠴᠡᠬᠦ ᠦᠬᠡᠢ᠂ ᠦᠪ ᠰᠤᠶᠤᠯ ᠳᠤ ᠪᠠᠨ ᠬᠠᠶᠢᠷᠠᠳᠠᠢ᠂ ᠡᠪᠦᠭᠡ ᠲᠡᠬᠡᠳᠦᠰ ᠢᠶᠠᠨ ᠬᠦᠨᠳᠦᠯᠡᠬᠦ᠂ ᠦᠨᠡᠨᠴᠢ ᠴᠠᠭᠠᠪᠤᠷᠢ᠂ | ᠭᠤᠤᠯᠴᠢ ᠰᠢᠳᠤᠷᠭᠤ᠂ ᠲᠠᠷᠤᠤ ᠬᠢᠴᠢᠶᠡᠩᠬᠦᠢ ᠪᠤᠰᠤᠳ ᠬᠦᠮᠦᠰ ᠢᠶᠠᠷ ᠲᠠᠭᠤᠷᠢᠶᠠᠯ ᠪᠤᠯᠭᠠᠵᠦ ᠦᠪᠡᠷ ᠤᠨ ᠪᠡᠶ᠎ᠡ ᠪᠠᠨ ᠲᠠᠪᠳᠠᠨ ᠪᠤᠯᠪᠠᠰᠤᠷᠠᠭᠤᠯᠬᠤ ᠶᠤᠰᠦ ᠤᠴᠢᠷ | ᠢ ᠵᠢᠭᠠᠵᠦ ᠪᠤᠢ᠃ ᠤᠳᠤᠬᠠᠨ ᠤ ᠪᠠᠶᠢᠳᠠᠯ ᠠᠴᠠ ᠦᠵᠡᠪᠡᠯ ᠴᠦᠬᠡᠨ ᠲᠤᠭᠠᠨ ᠤ ᠬᠦᠮᠦᠰ᠂ ᠬᠡᠳᠦᠬᠡᠨ ᠦᠰᠦᠭ ᠢ ᠨᠡᠯᠢᠶᠡᠳ ᠪᠤᠯᠪᠠᠰᠤᠷᠠᠩᠭᠤᠢ ᠪᠢᠴᠢᠬᠡᠳ ᠦᠪᠡᠷ | ᠢᠶᠠᠨ ᠰᠡᠳᠬᠢᠯ ᠬᠠᠨᠤᠵᠦ᠂ ᠪᠢ ᠪᠤᠯᠵᠦ ᠪᠠᠶᠢᠨ᠎ᠠ ᠬᠡᠵᠦ ᠦᠵᠡᠳᠡᠭ᠃ ᠪᠠᠰᠠ ᠨᠢᠬᠡ ᠨᠢ ᠨᠢᠬᠡ ᠤᠳᠠᠭᠠᠨ ᠤ ᠤᠷᠤᠯᠳᠤᠭᠠᠨ ᠳᠤ ᠤᠷᠤᠯᠴᠠᠭᠠᠳ ᠡᠳᠦᠢ ᠲᠡᠳᠦᠢ | ᠠᠮᠵᠢᠯᠳᠠ ᠤᠯᠵᠦ᠂ ᠱᠠᠩᠨᠠᠯ ᠬᠦᠷᠳᠡᠪᠡᠯ ᠨᠡᠩ ᠴᠦ ᠰᠡᠳᠬᠢᠯ ᠬᠠᠨᠤᠵᠦ᠂ ᠪᠡᠶ᠎ᠡ ᠪᠠᠨ ᠮᠠᠭᠳᠠᠵᠦ ᠪᠤᠰᠤᠳ ᠢ ᠵᠢᠮᠡᠯᠡᠬᠦ ᠦᠵᠡᠭᠳᠡᠯ ᠭᠠᠷᠳᠠᠭ᠃ ᠶᠡᠷᠦᠳᠡᠬᠡᠨ ᠤᠷᠠᠨ | ᠪᠢᠴᠢᠯᠬᠡ ᠳᠤ ᠰᠡᠳᠬᠢᠯ ᠬᠠᠨᠤᠬᠤ ᠦᠵᠡᠭᠳᠡᠯ ᠪᠤᠯ ᠬᠠᠮᠤᠭ ᠤᠨ ᠶᠡᠭᠡ ᠲᠠᠶᠢᠰᠤᠨ ᠬᠡᠵᠦ ᠦᠵᠡᠳᠡᠭ᠂ ᠦᠬᠡᠷ᠎ᠡ ᠪᠠᠷ ᠬᠡᠯᠡᠪᠡᠯ ᠤᠷᠬᠢᠯ ᠳᠤ ᠪᠠᠨ ᠲᠤᠯᠵᠦ ᠳᠡᠬᠡᠭᠰᠢᠯᠡᠬᠦ | ᠵᠠᠮ ᠦᠬᠡᠢ ᠪᠤᠯᠳᠠᠭ᠃ ᠵᠢᠱᠢᠶᠡᠯᠡᠪᠡᠯ᠄ ᠠᠯᠳᠠᠷᠳᠦ ᠤᠷᠠᠨ ᠪᠢᠴᠢᠯᠬᠡᠳᠡᠨ ᠬᠠᠸᠠᠩᠵᠠᠪ᠂ ᠨᠠᠶᠢᠷᠠᠯᠳᠦ ᠭᠤᠸᠠᠢ ᠵᠡᠷᠬᠡ ᠪᠤᠭᠤᠷᠤᠯᠴᠤᠳ ᠮᠢᠨᠢ ᠬᠡᠳᠦᠨ ᠠᠷᠪᠠᠨ ᠵᠢᠯ ᠢᠶᠠᠷ | ᠤᠷᠠᠨ ᠪᠢᠴᠢᠯᠬᠡ ᠶᠢᠨ ᠶᠤᠰᠦ ᠵᠢᠮ᠎ᠠ ᠶᠢ ᠰᠤᠷᠴᠦ ᠰᠤᠳᠤᠯᠵᠦ᠂ ᠨᠠᠰᠦ ᠶᠢ ᠪᠠᠷᠠᠵᠦ ᠶᠠᠰᠦ ᠶᠢ ᠬᠡᠬᠡᠳᠡᠯᠡ ᠪᠠᠨ ᠤᠷᠤᠯᠳᠤᠭᠰᠠᠭᠠᠷ ᠢᠷᠡᠭᠰᠡᠨ ᠳᠡᠤᠬᠡ ᠲᠠᠢ ᠶᠤᠮ᠃ | ᠬᠡᠪᠡᠴᠦ ᠡᠳᠡᠬᠡᠷ ᠬᠦᠮᠦᠰ ᠰᠡᠳᠬᠢᠯ ᠬᠠᠨᠤᠭᠰᠠᠨ ᠦᠵᠡᠭᠳᠡᠯ ᠭᠠᠷᠤᠭᠰᠠᠨ ᠦᠬᠡᠢ ᠪᠦᠬᠡᠳ ᠮᠠᠰᠢ ᠠᠷᠪᠢᠨ ᠴᠤ᠋ ᠰᠢᠨ᠎ᠡ ᠪᠦᠳᠦᠬᠡᠯ ᠢ ᠭᠠᠷᠭᠠᠭᠰᠠᠭᠠᠷ ᠢᠷᠡᠭᠰᠡᠨ ᠨᠢ | ᠦᠨᠡᠨ ᠲᠠᠢ ᠶᠤᠮ᠃ ᠡᠶᠢᠮᠦ ᠠᠴᠠ ᠨᠢᠬᠡᠨ ᠤᠷᠠᠨ ᠪᠢᠴᠢᠯᠬᠡᠳᠡᠨ ᠪᠤᠯᠤᠶ᠎ᠠ ᠬᠡᠪᠡᠯ ᠵᠠᠪᠠᠯ ᠡᠳᠡᠬᠡᠷ ᠤᠴᠢᠷ ᠢ ᠠᠩᠬᠠᠷᠬᠤ ᠴᠢᠬᠤᠯᠠ ᠲᠠᠢ ᠪᠤᠯᠤᠭᠠᠳ ᠪᠠᠶᠢᠨ᠎ᠠ᠃ | ᠬᠦᠳᠦᠯᠪᠤᠷᠢ ᠲᠠᠮᠠᠭ᠎ᠠ ᠶᠢ ᠲᠠᠷᠤᠬᠤ ᠦᠶᠡᠰ ᠭᠤᠤᠯ ᠦᠰᠦᠭ ᠤᠨ ᠪᠦᠬᠦ ᠦᠨᠳᠦᠷ ᠤᠨ ᠭᠤᠷᠪᠠᠨ ᠤ ᠬᠤᠶᠠᠷ ᠠᠴᠠ ᠳᠡᠬᠡᠭᠰᠢ ᠭᠠᠵᠠᠷ ᠲᠤ ᠲᠠᠷᠤᠬᠤ ᠶᠢ | ᠪᠠᠳᠤᠯᠠᠬᠤ ᠬᠡᠷᠡᠭᠳᠠᠢ᠃ ᠬᠡᠳᠦᠷᠬᠡᠢ ᠲᠤᠤᠷ᠎ᠠ ᠲᠠᠷᠤᠬᠤ ᠪᠤᠶᠤ ᠪᠤᠰᠤᠳ ᠭᠠᠵᠠᠷ ᠲᠤ ᠲᠠᠷᠤᠵᠦ ᠪᠤᠯᠬᠤ ᠦᠬᠡᠢ᠃ ᠬᠦᠳᠦᠯᠪᠤᠷᠢ ᠲᠠᠮᠠᠭ᠎ᠠ ᠲᠠᠷᠤᠬᠤ ᠦᠶᠡᠰ ᠪᠦᠳᠦᠬᠡᠯ | ᠤᠨ ᠢᠶᠠᠨ ᠪᠠᠶᠢᠳᠠᠯ ᠢ ᠦᠨᠳᠦᠰᠦᠯᠡᠵᠦ ᠪᠠᠶᠢᠭᠠᠳ ᠲᠠᠷᠤᠬᠤ ᠬᠡᠷᠡᠭᠳᠠᠢ᠂ ᠪᠦᠳᠦᠬᠡᠯ ᠪᠦᠬᠦᠨ ᠵᠠᠪᠠᠯ ᠬᠦᠳᠦᠯᠪᠤᠷᠢ ᠲᠠᠮᠠᠭ᠎ᠠ ᠲᠠᠷᠤᠨ᠎ᠠ ᠬᠡᠰᠡᠨ ᠤᠴᠢᠷ ᠪᠢᠰᠢ᠂ | ᠬᠡᠷᠡᠭᠴᠡᠭᠡ ᠦᠬᠡᠢ ᠦᠶᠡᠰ ᠲᠠᠷᠤᠬᠤ ᠦᠬᠡᠢ ᠪᠠᠶᠢᠭᠰᠠᠨ ᠴᠦ ᠪᠤᠯᠤᠨ᠎ᠠ᠃ ᠶᠡᠷᠦ ᠶᠢᠨ ᠪᠠᠶᠢᠳᠠᠯ ᠲᠤᠤᠷ᠎ᠠ ᠵᠡᠬᠦᠨ ᠲᠠᠯ᠎ᠠ ᠶᠢᠨ ᠬᠠᠶᠠᠭᠠᠪᠤᠷᠢ ᠶᠢᠨ ᠲᠤᠤᠷ᠎ᠠ ᠲᠠᠯ᠎ᠠ ᠳᠤ | ᠨᠡᠷ᠎ᠡ ᠶᠢᠨ ᠲᠠᠮᠠᠭ᠎ᠠ ᠶᠢ ᠬᠤᠶᠠᠷ ᠲᠠᠷᠤᠭᠰᠠᠨ ᠪᠤᠯ ᠡᠮᠦᠨ᠎ᠡ ᠬᠠᠶᠠᠭᠠᠪᠤᠷᠢ ᠶᠢᠨ ᠠᠷᠤ ᠳᠤ᠂ ᠭᠤᠤᠯ ᠤᠨ ᠢᠶᠠᠨ ᠡᠮᠦᠨ᠎ᠡ ᠨᠢ ᠬᠦᠳᠦᠯᠪᠤᠷᠢ ᠲᠠᠮᠠᠭ᠎ᠠ ᠶᠢ ᠲᠠᠷᠤᠳᠠᠭ᠃ | ᠬᠦᠳᠦᠯᠪᠤᠷᠢ ᠲᠠᠮᠠᠭ᠎ᠠ ᠶᠢ ᠨᠢᠬᠡ ᠭᠠᠵᠠᠷ ᠨᠢᠬᠡ ᠠᠴᠠ ᠢᠯᠡᠬᠦᠦ ᠲᠠᠷᠤᠳᠠᠭ ᠦᠬᠡᠢ᠃ ᠬᠦᠳᠦᠯᠪᠤᠷᠢ ᠲᠠᠮᠠᠭ᠎ᠠ ᠶᠢᠨ ᠬᠡᠯᠪᠡᠷᠢ ᠲᠦᠷᠰᠦ ᠨᠢ ᠤᠷᠳᠦ ᠲᠦᠷᠪᠡᠯᠵᠢᠨ᠂ | ᠵᠤᠪᠠᠩ ᠭᠤᠷᠪᠠᠯᠵᠢᠨ᠂ ᠲᠤᠭᠤᠷᠢᠭ ᠬᠡᠯᠪᠡᠷᠢᠳᠠᠢ ᠪᠠᠶᠢᠳᠠᠭ ᠪᠦᠬᠡᠳ ᠶᠡᠷᠦᠩᠬᠡᠢ ᠳᠤ ᠪᠠᠨ ᠤᠯᠠᠭᠠᠨ ᠦᠩᠬᠡ ᠪᠠᠷ ᠭᠤᠤᠯ ᠪᠤᠯᠭᠠᠳᠠᠭ᠃ | 3. ᠪᠦᠰᠡᠯᠡᠬᠦᠷ ᠲᠠᠮᠠᠭ᠎ᠠ | ᠪᠦᠰᠡᠯᠡᠬᠦᠷ ᠲᠠᠮᠠᠭ᠎ᠠ ᠶᠢ ᠤᠯᠠᠩᠬᠢ ᠳᠤ ᠪᠠᠨ ᠪᠦᠳᠦᠬᠡᠯ ᠤᠨ ᠢᠶᠠᠨ ᠬᠡᠯᠪᠡᠷᠢ ᠪᠠᠶᠢᠳᠠᠯ ᠢ ᠦᠵᠡᠵᠦ ᠪᠠᠶᠢᠭᠠᠳ ᠠᠯᠢ ᠭᠠᠵᠠᠷ ᠨᠢ ᠬᠤᠭᠤᠰᠤᠨ ᠰᠢᠭ᠋ | ᠪᠤᠳᠤᠭᠳᠠᠪᠠᠯ ᠲᠠᠷᠤᠢ ᠬᠤᠭᠤᠰᠤᠨ ᠭᠠᠵᠠᠷ ᠢ ᠨᠦᠬᠦᠵᠦ ᠲᠠᠷᠤᠳᠠᠭ ᠪᠤᠯᠬᠤᠷ ᠦᠨᠴᠦᠭ ᠲᠠᠷᠤᠬᠤ ᠪᠤᠶᠤ ᠨᠦᠬᠦᠬᠦ ᠲᠠᠮᠠᠭ᠎ᠠ ᠬᠡᠵᠦ ᠬᠡᠯᠡᠳᠡᠭ᠃ ᠦᠬᠡᠷ᠎ᠡ ᠪᠠᠷ ᠬᠡᠯᠡᠪᠡᠯ | ᠨᠢᠬᠡ ᠪᠦᠳᠦᠬᠡᠯ ᠢ ᠪᠢᠴᠢᠵᠦ ᠪᠠᠷᠠᠭᠠᠳ ᠨᠡᠷ᠎ᠡ ᠶᠢᠨ ᠲᠠᠮᠠᠭ᠎ᠠ ᠪᠤᠶᠤ ᠬᠦᠳᠦᠯᠪᠤᠷᠢ ᠲᠠᠮᠠᠭ᠎ᠠ ᠪᠠᠨ ᠲᠠᠷᠤᠵᠦ ᠲᠠᠭᠤᠰᠤᠭᠰᠠᠨ ᠤ ᠰᠡᠬᠦᠯᠡᠷ ᠪᠦᠳᠦᠬᠡᠯ ᠢᠶᠠᠨ ᠠᠬᠢᠨ | ᠲᠠᠬᠢᠨ ᠰᠢᠨᠵᠢᠵᠦ ᠦᠵᠡᠬᠡᠳ ᠵᠤᠬᠢᠮᠵᠢ ᠶᠢᠨ ᠲᠠᠯ᠎ᠠ ᠪᠠᠷ ᠵᠤᠬᠢᠰ ᠦᠬᠡᠢ ᠰᠢᠭ᠋ ᠰᠠᠨᠠᠭᠳᠠᠵᠦ ᠶᠠᠮᠠᠷ ᠨᠢᠬᠡ ᠭᠠᠵᠠᠷ ᠨᠢ ᠬᠤᠭᠤᠰᠤᠨ ᠦᠵᠡᠭᠳᠡᠪᠡᠯ ᠨᠦᠬᠦᠵᠦ ᠲᠠᠷᠤᠵᠦ | ᠪᠤᠯᠤᠨ᠎ᠠ᠃ ᠴᠢᠬᠤᠯᠠ ᠦᠬᠡᠢ ᠪᠤᠯ ᠲᠠᠷᠤᠬᠤ ᠦᠬᠡᠢ ᠴᠦ ᠪᠤᠯᠤᠨ᠎ᠠ᠃ ᠲᠠᠮᠠᠭ᠎ᠠ ᠶᠢᠨ ᠬᠡᠯᠪᠡᠷᠢ ᠶᠢᠨ ᠲᠠᠯ᠎ᠠ ᠠᠴᠠ ᠦᠵᠡᠪᠡᠯ ᠪᠤᠰᠤᠳ ᠲᠠᠮᠠᠭ᠎ᠠ ᠠᠴᠠ ᠵᠢᠭᠠᠬᠠᠨ ᠪᠠᠭ᠎ᠠ | ᠰᠢᠭ᠋ ᠪᠠᠶᠢᠳᠠᠭ ᠪᠦᠬᠡᠳ ᠲᠤᠭᠤᠷᠢᠭ᠂ ᠤᠷᠳᠦ ᠲᠦᠷᠪᠡᠯᠵᠢᠨ ᠪᠤᠶᠤ ᠠᠮᠢᠳᠠᠨ ᠬᠦᠷᠦᠬᠡᠰᠦᠨ ᠤ ᠲᠦᠷᠰᠦ ᠬᠡᠯᠪᠡᠷᠢ ᠲᠠᠢ ᠪᠠᠶᠢᠵᠦ ᠪᠤᠯᠤᠨ᠎ᠠ᠃ ᠠᠭᠤᠯᠭ᠎ᠠ ᠶᠢᠨ ᠲᠠᠯ᠎ᠠ | ᠪᠠᠷ ᠨᠤᠳᠤᠭ ᠤᠰᠤᠨ ᠤ ᠨᠡᠷ᠎ᠡ ᠪᠤᠶᠤ ᠠᠷᠪᠠᠨ ᠬᠤᠶᠠᠷ ᠵᠢᠯ ᠤᠨ ᠡᠷᠬᠡᠳᠡᠨ ᠤ ᠲᠦᠷᠰᠦ ᠪᠠᠷ ᠭᠤᠤᠯ ᠪᠤᠯᠭᠠᠳᠠᠭ᠃ ᠡᠨᠡ ᠨᠢ ᠪᠦᠳᠦᠬᠡᠯ ᠳᠤ ᠶᠡᠷᠦᠳᠡᠬᠡᠨ ᠴᠦᠬᠡᠨ | ᠬᠠᠷᠠᠭᠳᠠᠳᠠᠭ ᠨᠢᠬᠡ ᠵᠤᠶᠢᠯ ᠤᠨ ᠲᠠᠮᠠᠭ᠎ᠠ ᠪᠤᠯᠤᠨ᠎ᠠ᠃ ᠦᠩᠬᠡ ᠶᠢᠨ ᠲᠠᠯ᠎ᠠ ᠪᠠᠷ ᠤᠯᠠᠭᠠᠨ ᠴᠠᠭᠠᠨ ᠪᠦᠷ ᠪᠠᠶᠢᠵᠦ ᠪᠤᠯᠤᠨ᠎ᠠ᠃ | 4. ᠲᠦᠷᠰᠦᠳᠦ ᠲᠠᠮᠠᠭ᠎ᠠ | ᠲᠦᠷᠰᠦᠳᠦ ᠲᠠᠮᠠᠭ᠎ᠠ ᠶᠢᠨ ᠪᠤᠰᠤᠳ ᠠᠴᠠ ᠢᠯᠠᠭᠠᠭᠳᠠᠬᠤ ᠤᠨᠴᠠᠯᠢᠭ ᠨᠢ ᠦᠰᠦᠭ ᠪᠢᠴᠢᠭ ᠰᠡᠶᠢᠯᠳᠡᠭ ᠦᠬᠡᠢ᠂ ᠵᠦᠪᠬᠡᠨ ᠵᠢᠷᠤᠭ ᠪᠠ ᠠᠮᠢᠳᠠᠨ ᠤ ᠲᠦᠷᠰᠦ | ᠪᠠᠷ ᠢᠯᠡᠷᠡᠳᠡᠭ ᠨᠢᠬᠡ ᠵᠤᠶᠢᠯ ᠤᠨ ᠲᠠᠮᠠᠭ᠎ᠠ ᠪᠤᠯᠤᠨ᠎ᠠ᠃ ᠡᠬᠦᠨ ᠢ ᠪᠠᠰᠠ ᠵᠢᠷᠤᠭᠳᠦ ᠲᠠᠮᠠᠭ᠎ᠠ ᠪᠠ ᠬᠦᠷᠦᠭᠳᠦ ᠲᠠᠮᠠᠭ᠎ᠠ ᠬᠡᠵᠦ ᠨᠡᠷᠡᠯᠡᠳᠡᠭ᠃ ᠬᠡᠪᠡᠴᠦ ᠨᠠᠶᠠᠭᠠᠳ ᠤᠨ | ᠠᠴᠠ ᠨᠠᠰᠢ ᠮᠤᠩᠭᠤᠯ ᠤᠷᠠᠨ ᠪᠢᠴᠢᠯᠬᠡ ᠪᠠ ᠲᠠᠮᠠᠭ᠎ᠠ ᠰᠡᠶᠢᠯᠦᠮᠡᠯ ᠤᠨ ᠲᠠᠯ᠎ᠠ ᠪᠠᠷ ᠴᠤ᠋ ᠰᠢᠨ᠎ᠡ ᠬᠤᠪᠢᠷᠠᠯᠳᠠ ᠭᠠᠷᠴᠦ᠂ ᠠᠷᠪᠠᠨ ᠬᠤᠶᠠᠷ ᠵᠢᠯ ᠤᠨ ᠡᠷᠬᠡᠳᠡᠨ᠂ | ᠵᠢᠷᠤᠬᠠᠢ ᠶᠢᠨ ᠤᠬᠠᠭᠠᠨ ᠢᠶᠠᠷ ᠴᠠᠭ ᠲᠤᠭᠠᠯᠠᠯ᠂ ᠵᠢᠱᠢᠶᠡᠯᠡᠪᠡᠯ ᠬᠦᠬᠡ ᠯᠤᠤ᠂ ᠴᠠᠭᠠᠨ ᠪᠠᠷᠰ᠂ ᠤᠯᠠᠭᠠᠨ ᠱᠠᠭᠠᠵᠠᠭᠠᠢ᠂ ᠶᠠᠰᠤᠳᠦ ᠮᠡᠯᠡᠬᠡᠢ ᠵᠡᠷᠬᠡ ᠶᠢ ᠰᠡᠶᠢᠯᠵᠦ | ᠬᠡᠷᠡᠭᠯᠡᠵᠦ ᠪᠠᠶᠢᠭᠰᠠᠨ ᠪᠤᠯ ᠡᠳᠦᠬᠡ ᠮᠠᠰᠢ ᠤᠯᠠᠨ ᠤᠷᠠᠨ ᠮᠡᠷᠬᠡᠵᠢᠯᠳᠡᠨ ᠤ ᠰᠢᠷᠭᠠᠭᠤ ᠰᠤᠳᠤᠯᠤᠯᠳᠠ ᠪᠠ ᠦᠢᠯᠡᠳᠦᠯᠬᠡ ᠪᠠᠷ ᠲᠠᠮᠵᠢᠭᠠᠳ ᠦᠪᠡᠷ ᠤᠨ ᠤᠷᠠᠨ | ᠪᠦᠳᠦᠬᠡᠯ ᠳᠤ ᠪᠠᠨ ᠦᠪᠡᠷ ᠤᠨ ᠲᠤᠷ᠎ᠠ ᠰᠤᠨᠢᠷᠬᠠᠯ ᠲᠠᠢ᠂ ᠦᠪᠡᠷ ᠤᠨ ᠪᠠᠭ᠋ᠠᠷᠬᠠᠵᠦ ᠲᠤᠭᠤᠳᠠᠭ ᠵᠢᠷᠤᠭ᠂ ᠠᠮᠢᠳᠠᠨ ᠪᠠ ᠲᠦᠷᠰᠦ ᠵᠢᠴᠢ ᠪᠤᠰᠤᠳ ᠭᠤᠶᠢᠳᠠ | ᠰᠠᠶᠢᠬᠠᠨ ᠵᠢᠷᠤᠭ ᠲᠦᠷᠰᠦ ᠰᠡᠶᠢᠯᠵᠦ ᠬᠡᠷᠡᠭᠯᠡᠬᠦ ᠪᠤᠯᠤᠭᠰᠠᠨ ᠪᠠᠶᠢᠨ᠎ᠠ᠃ ᠤᠨᠴᠠᠭᠠᠶᠢᠯᠠᠨ ᠳᠤᠷᠠᠳᠤᠭᠤᠰᠢᠳᠠᠢ ᠨᠢ ᠮᠤᠩᠭᠤᠯ ᠤᠷᠠᠨ ᠪᠢᠴᠢᠯᠬᠡ ᠶᠢᠨ ᠬᠦᠷᠢᠶ᠎ᠡ ᠬᠡᠪᠴᠢᠶ᠎ᠡ | ᠦᠷᠬᠡᠨ ᠳᠡᠯᠬᠡᠷ᠂ ᠡᠷᠬᠡ ᠴᠢᠯᠦᠬᠡᠳᠠᠢ᠂ ᠬᠢᠵᠠᠭᠠᠷᠯᠠᠭᠳᠠᠬᠤ ᠬᠦᠴᠦᠨ ᠢᠶᠠᠷ ᠪᠠᠭ᠎ᠠ᠂ ᠤᠷᠠᠯᠢᠭ ᠤᠨ ᠬᠡᠪᠴᠢᠶ᠎ᠡ ᠪᠠᠷ ᠦᠷᠬᠡᠨ ᠪᠠᠶᠢᠳᠠᠭ ᠨᠢᠬᠡ ᠵᠤᠶᠢᠯ ᠤᠨ ᠪᠢᠴᠢᠯᠬᠡ | ᠪᠤᠯᠬᠤᠷ ᠡᠬᠦᠨ ᠢᠶᠠᠷ ᠲᠠᠮᠵᠢᠨ ᠤᠷᠠᠨ ᠪᠢᠴᠢᠯᠬᠡᠳᠡᠨ ᠤ ᠰᠢᠷᠭᠠᠭᠤ ᠰᠤᠳᠤᠯᠤᠯᠳᠠ᠂ ᠴᠦᠬᠦᠷᠡᠯ ᠦᠬᠡᠢ ᠰᠢᠨᠵᠢᠯᠠᠯᠳᠠ ᠪᠠᠷ ᠨᠡᠩ ᠭᠤᠶᠢᠳᠠ ᠰᠠᠶᠢᠬᠠᠨ ᠲᠠᠮᠠᠭ᠎ᠠ | ᠰᠡᠶᠢᠯᠦᠮᠡᠯ ᠤᠨ ᠪᠦᠳᠦᠬᠡᠯ ᠭᠠᠷᠬᠤ ᠨᠢ ᠲᠠᠮᠵᠢᠭ ᠦᠬᠡᠢ ᠶᠤᠮ᠃ | 5. ᠲᠠᠮᠠᠭ᠎ᠠ ᠲᠠᠷᠤᠬᠤ ᠶᠢᠨ ᠠᠯᠬᠤᠮ ᠲᠠᠷᠠᠭ᠎ᠠ | ᠨᠢᠬᠡᠨ ᠤᠷᠠᠨ ᠪᠢᠴᠢᠯᠬᠡᠳᠡᠨ ᠳᠤ ᠠᠪᠤᠭᠠᠳ ᠬᠡᠯᠡᠪᠡᠯ ᠨᠢᠬᠡ ᠪᠦᠳᠦᠬᠡᠯ ᠢᠶᠠᠨ ᠪᠢᠴᠢᠵᠦ ᠲᠠᠭᠤᠰᠬᠠᠭᠠᠳ ᠲᠠᠮᠠᠭ᠎ᠠ ᠲᠠᠷᠤᠬᠤ ᠱᠠᠳᠤᠨ ᠳᠤ ᠪᠠᠨ ᠤᠷᠤᠬᠤ ᠦᠶᠡᠰ | ᠶᠠᠮᠠᠷ ᠲᠠᠮᠠᠭ᠎ᠠ ᠶᠢ ᠬᠠᠮᠢᠭ᠎ᠠ ᠠᠴᠠ ᠨᠢ ᠡᠬᠢᠯᠡᠬᠦᠯᠵᠦ ᠲᠠᠷᠤᠬᠤ ᠠᠰᠠᠭᠤᠳᠠᠯ ᠨᠢᠳᠦᠨ ᠡᠮᠦᠨ᠎ᠡ ᠲᠤᠯᠭᠠᠷᠠᠨ᠎ᠠ᠃ ᠨᠡᠷ᠎ᠡ ᠶᠢᠨ ᠲᠠᠮᠠᠭ᠎ᠠ ᠪᠤᠯ ᠶᠠᠮᠠᠷᠪᠠ ᠨᠢᠬᠡᠨ ᠪᠦᠳᠦᠬᠡᠯ | ᠳᠤ ᠲᠤᠳᠠᠭᠳᠠᠵᠦ ᠪᠤᠯᠤᠰᠢ ᠦᠬᠡᠢ ᠲᠠᠮᠠᠭ᠎ᠠ ᠪᠤᠯᠬᠤᠷ ᠨᠢᠬᠡᠳᠦᠬᠡᠷ ᠠᠯᠬᠤᠮ ᠳᠤ ᠵᠠᠪᠠᠯ ᠨᠡᠷ᠎ᠡ ᠶᠢᠨ ᠲᠠᠮᠠᠭᠠᠨ ᠤ ᠠᠰᠠᠭᠤᠳᠠᠯ ᠢ ᠰᠢᠢᠳᠪᠤᠷᠢᠯᠡᠬᠦ ᠬᠡᠷᠡᠭᠳᠠᠢ᠃ ᠨᠢᠬᠡᠨ | ᠤᠷᠠᠨ ᠵᠢᠷᠤᠭᠴᠢᠨ ᠢᠶᠠᠷ ᠠᠪᠴᠦ ᠦᠵᠡᠭᠰᠡᠨ ᠴᠦ ᠬᠦᠮᠦᠨ ᠤ ᠲᠤᠯᠤᠭᠠᠢ ᠶᠢᠨ ᠬᠡᠰᠡᠭ ᠢ ᠵᠢᠷᠤᠬᠤ ᠦᠶᠡᠰ ᠵᠠᠪᠠᠯ ᠲᠤᠯᠤᠭᠠᠢ ᠶᠢᠨ ᠬᠡᠰᠡᠭ ᠤᠨ ᠪᠦᠬᠦᠯᠢ | ᠪᠦᠷᠢᠯᠳᠦᠬᠦᠨ ᠢ ᠪᠦᠷᠢᠨ ᠪᠦᠳᠦᠨ ᠪᠦᠳᠦᠬᠡᠬᠦ ᠬᠡᠷᠡᠭᠳᠠᠢ᠃ ᠴᠢᠬᠢ ᠦᠬᠡᠢ ᠪᠤᠶᠤ ᠨᠢᠳᠦ ᠦᠬᠡᠢ ᠪᠤᠯ ᠡᠨᠡᠬᠦ ᠵᠢᠷᠤᠭ ᠴᠢᠨᠢ ᠠᠮᠵᠢᠯᠳᠠ ᠳᠤ ᠬᠦᠷᠴᠦ ᠴᠢᠳᠠᠭᠰᠠᠨ | ᠦᠬᠡᠢ ᠳᠤ ᠬᠦᠷᠦᠨ᠎ᠡ᠃ ᠮᠦᠨ ᠡᠬᠦᠨ ᠲᠠᠢ ᠠᠳᠠᠯᠢ ᠪᠠᠷ ᠤᠷᠢᠳᠠᠪᠡᠷ ᠨᠡᠷ᠎ᠡ ᠶᠢᠨ ᠲᠠᠮᠠᠭ᠎ᠠ ᠪᠠᠨ ᠲᠠᠷᠤᠭᠠᠳ ᠲᠠᠷᠠᠭ᠎ᠠ ᠨᠢ ᠪᠤᠰᠤᠳ ᠲᠠᠮᠠᠭᠠᠨ ᠤ ᠠᠰᠠᠭᠤᠳᠠᠯ ᠢ | ᠰᠢᠢᠳᠪᠤᠷᠢᠯᠡᠬᠦ ᠬᠡᠷᠡᠭᠳᠠᠢ᠃ ᠨᠡᠩ ᠢᠯᠡᠩᠭᠤᠶ᠎ᠠ ᠰᠢᠨ᠎ᠡ ᠪᠢᠴᠢᠵᠦ ᠪᠠᠶᠢᠭ᠎ᠠ ᠪᠢᠴᠢᠯᠬᠡᠳᠡᠨ ᠳᠤ ᠠᠪᠤᠭᠠᠳ ᠬᠡᠯᠡᠪᠡᠯ ᠡᠳᠡᠬᠡᠷ ᠠᠰᠠᠭᠤᠳᠠᠯ ᠨᠢ ᠮᠠᠰᠢ ᠴᠢᠬᠤᠯᠠ ᠪᠦᠬᠡᠳ | ᠦᠢᠯᠡᠳᠦᠯᠬᠡ ᠶᠢᠨ ᠲᠤᠮᠳᠠ ᠪᠤᠰᠤᠳ ᠤᠨ ᠰᠢᠯᠢᠳᠡᠭ ᠪᠦᠳᠦᠬᠡᠯ ᠪᠤᠶᠤ ᠦᠪᠡᠷ ᠤᠨ ᠲᠤᠷᠰᠢᠯᠭ᠎ᠠ ᠰᠤᠷᠭᠠᠮᠵᠢ ᠪᠠᠨ ᠰᠠᠶᠢᠳᠤᠷ ᠬᠤᠷᠠᠮᠳᠤᠭᠤᠯᠬᠤ ᠬᠡᠷᠡᠭᠳᠠᠢ ᠪᠠᠶᠢᠳᠠᠭ᠃ | ᠢᠩᠬᠢᠪᠡᠯ ᠰᠠᠶ᠋ᠢ ᠠᠮᠵᠢᠯᠳᠠ ᠳᠤ ᠬᠦᠷᠴᠦ ᠴᠢᠳᠠᠳᠠᠭ᠂ ᠤᠷᠠᠨ ᠪᠢᠴᠢᠯᠬᠡ ᠬᠡᠳᠡᠭ ᠨᠢ ᠨᠢᠬᠡ ᠵᠤᠶᠢᠯ ᠤᠨ ᠤᠷᠠᠯᠢᠭ ᠪᠤᠯᠬᠤᠷ ᠵᠠᠪᠠᠯ ᠡᠨᠡᠬᠦ ᠵᠢᠮ᠎ᠠ ᠶᠤᠰᠦ ᠶᠢ | ᠮᠡᠳᠡᠷᠡᠭᠰᠡᠨ ᠪᠠᠶᠢᠬᠤ ᠬᠡᠷᠡᠭᠳᠠᠢ᠃ ᠶᠠᠭᠠᠬᠢᠭᠰᠠᠨ ᠴᠦ ᠬᠠᠰᠢ ᠶᠠᠰᠢ᠂ ᠲᠤᠷ᠎ᠠ ᠲᠠᠪᠠ ᠪᠠᠷ ᠢᠶᠠᠨ ᠪᠠᠶᠢᠵᠦ ᠪᠤᠯᠬᠤ ᠦᠬᠡᠢ᠃ ᠤᠷᠠᠨ ᠪᠢᠴᠢᠯᠬᠡ ᠶᠢᠨ ᠵᠤᠬᠢᠮᠵᠢ ᠪᠤᠯ | ᠭᠤᠤᠯ ᠦᠰᠦᠭ᠂ ᠬᠠᠶᠠᠭᠠᠪᠤᠷᠢ᠂ ᠲᠠᠮᠠᠭ᠎ᠠ ᠵᠡᠷᠬᠡ ᠭᠤᠷᠪᠠᠨ ᠬᠡᠰᠡᠭ ᠢᠶᠠᠷ ᠪᠦᠷᠢᠯᠳᠦᠳᠡᠭ ᠪᠦᠬᠡᠳ ᠡᠬᠦᠨ ᠢ ᠵᠤᠬᠢᠮᠵᠢ ᠶᠢᠨ ᠭᠤᠷᠪᠠᠨ ᠦᠨᠳᠦᠰᠦᠨ ᠪᠦᠷᠢᠯᠳᠦᠬᠦᠨ | ᠬᠡᠰᠡᠭ ᠬᠡᠳᠡᠭ᠃ ᠲᠠᠮᠠᠭ᠎ᠠ ᠲᠠᠷᠤᠬᠤ ᠳᠤ ᠪᠠᠨ ᠲᠦᠪ ᠪᠢᠴᠢᠭᠰᠡᠨ ᠬᠢᠴᠢᠶᠡᠩᠬᠦᠢ ᠪᠢᠴᠢᠯᠬᠡ ᠳᠤ ᠰᠡᠶᠢᠯᠦᠭᠰᠡᠨ ᠲᠠᠮᠠᠭ᠎ᠠ ᠨᠢ ᠢᠯᠠ ᠲᠤᠳᠦ᠂ ᠴᠡᠪᠡᠷ ᠲᠤᠬᠢᠯᠠᠭ ᠲᠠᠮᠠᠭ᠎ᠠ | ᠶᠢ ᠬᠡᠷᠡᠭᠯᠡᠵᠦ᠂ ᠢᠳᠡᠷᠡᠬᠦᠨ ᠬᠦᠴᠦᠯᠢᠭ᠂ ᠬᠦᠶᠦᠯᠬᠡᠨ ᠪᠤᠶᠤ ᠲᠠᠳᠠᠯᠠᠭᠠᠨ ᠪᠢᠴᠢᠯᠬᠡ ᠳᠤ ᠡᠮᠳᠡᠷᠡᠵᠦ ᠲᠠᠰᠤᠷᠠᠭᠰᠠᠨ ᠤᠷᠠᠯᠢᠭ ᠤᠨ ᠴᠢᠨᠠᠷ ᠢᠶᠠᠷ ᠦᠨᠳᠦᠷ ᠲᠠᠮᠠᠭ᠎ᠠ ᠶᠢ | ᠬᠡᠷᠡᠭᠯᠡᠳᠡᠭ ᠵᠤᠷᠰᠢᠯ ᠲᠠᠢ᠃ ᠬᠡᠪᠡᠴᠦ ᠲᠠᠮᠠᠭ᠎ᠠ ᠰᠡᠶᠢᠯᠦᠮᠡᠯ ᠤᠨ ᠬᠦᠭᠵᠢᠯᠳᠡ ᠬᠤᠪᠢᠷᠠᠯᠳᠠ ᠠᠴᠠ ᠪᠤᠯᠤᠭᠠᠳ ᠲᠠᠮᠠᠭ᠎ᠠ ᠬᠡᠷᠡᠭᠯᠡᠬᠦ ᠬᠦᠷᠢᠶ᠎ᠡ ᠬᠡᠪᠴᠢᠶ᠎ᠡ ᠪᠠᠷ ᠨᠡᠯᠢᠶᠡᠳ | ᠦᠷᠬᠡᠨ ᠳᠡᠯᠬᠡᠷ ᠪᠤᠯᠤᠭᠰᠠᠨ ᠨᠢ ᠢᠯᠡᠷᠬᠡᠢ ᠪᠠᠶᠢᠨ᠎ᠠ᠃ | 6. ᠲᠠᠮᠠᠭ᠎ᠠ ᠶᠢᠨ ᠪᠤᠳᠤᠭ ᠤᠨ ᠲᠤᠬᠠᠢ | ᠲᠠᠮᠠᠭ᠎ᠠ ᠪᠤᠢ ᠪᠤᠯᠬᠤ ᠲᠠᠢ ᠵᠡᠷᠬᠡ ᠪᠤᠳᠤᠭ ᠲᠠᠭᠠᠯᠳᠤᠨ ᠭᠠᠷᠴᠦ ᠢᠷᠡᠭᠰᠡᠨ ᠨᠢ ᠢᠯᠡᠷᠬᠡᠢ ᠪᠠᠶᠢᠳᠠᠭ᠃ ᠲᠠᠮᠠᠭ᠎ᠠ ᠶᠢ ᠬᠡᠷᠡᠭᠯᠡᠬᠦ ᠳᠤ ᠪᠤᠳᠤᠭ ᠬᠡᠷᠡᠭᠴᠡᠭᠡ ᠲᠠᠢ᠂ | ᠪᠤᠳᠤᠭ ᠢ ᠬᠡᠷᠡᠭᠯᠡᠬᠦ ᠳᠤ ᠲᠠᠮᠠᠭ᠎ᠠ ᠲᠤᠳᠠᠭᠳᠠᠵᠦ ᠪᠤᠯᠤᠰᠢ ᠦᠬᠡᠢ᠂ ᠡᠶᠢᠮᠦ ᠨᠢᠬᠡᠨ ᠴᠢᠰᠦ ᠮᠢᠬᠠᠨ ᠤ ᠬᠠᠷᠢᠴᠠᠭ᠎ᠠ ᠲᠠᠢ ᠪᠦᠬᠦᠯᠢ ᠴᠤᠭᠴᠠ ᠪᠤᠯᠤᠨ ᠪᠦᠷᠢᠯᠳᠦᠭᠰᠡᠨ | ᠪᠠᠶᠢᠳᠠᠭ᠃ ᠮᠤᠩᠭᠤᠯᠴᠤᠳ ᠠᠯᠢ ᠡᠷᠳᠡ ᠠᠴᠠ ᠦᠰᠦᠭ ᠪᠢᠴᠢᠭ ᠪᠤᠢ ᠪᠤᠯᠬᠤ ᠲᠠᠢ ᠵᠡᠷᠬᠡ ᠲᠠᠮᠠᠭ᠎ᠠ ᠶᠢ ᠬᠡᠷᠡᠭᠯᠡᠵᠦ ᠡᠬᠢᠯᠡᠭᠰᠡᠨ ᠪᠠᠶᠢᠳᠠᠭ᠃ ᠵᠢᠱᠢᠶ᠎ᠡ ᠨᠢ ᠬᠦᠶᠦᠭ | ᠬᠠᠭᠠᠨ ᠤ ᠲᠠᠮᠠᠭ᠎ᠠ ᠵᠡᠷᠬᠡ ᠡᠬᠢᠨ ᠤ ᠦᠶ᠎ᠡ ᠳᠤ ᠪᠠᠨ ᠨᠡᠷ᠎ᠡ ᠶᠢᠨ ᠲᠠᠮᠠᠭ᠎ᠠ ᠬᠡᠵᠦ ᠪᠠᠶᠢᠭᠰᠠᠨ ᠦᠬᠡᠢ ᠪᠦᠬᠡᠳ ᠵᠦᠪᠬᠡᠨ ᠬᠤᠷᠤᠭᠤ ᠲᠠᠷᠤᠬᠤ ᠴᠢᠨᠠᠭᠰᠢᠯᠠᠪᠠᠯ ᠲᠠᠮᠠᠭᠠᠨ | ᠪᠤᠳᠤᠭ ᠪᠠᠶᠢᠬᠤ ᠦᠬᠡᠢ ᠤᠷᠢᠳᠠᠯ ᠲᠤᠤᠷ᠎ᠠ ᠬᠤᠷᠤᠭᠤ ᠪᠠᠨ ᠬᠠᠵᠠᠭᠠᠤᠨ ᠴᠢᠰᠦ ᠪᠠᠷ ᠢᠶᠠᠨ ᠲᠠᠷᠤᠭᠰᠠᠨ ᠦᠩᠬᠡᠷᠡᠯᠳᠡ ᠴᠦ ᠪᠠᠶᠢᠳᠠᠭ᠃ ᠲᠠᠮᠠᠭ᠎ᠠ ᠬᠡᠳᠡᠭ ᠨᠢ ᠪᠡᠶ᠎ᠡ | ᠶᠢᠨ ᠤᠷᠤ᠂ ᠪᠡᠶ᠎ᠡ ᠶᠢᠨ ᠪᠠᠳᠤᠯᠠᠪᠤᠷᠢ ᠮᠦᠨ᠃ ᠰᠡᠬᠦᠯᠡᠷ ᠨᠢ ᠬᠤᠪᠢ ᠬᠦᠮᠦᠨ ᠤ ᠲᠠᠮᠠᠭ᠎ᠠ ᠶᠢ ᠬᠡᠷᠡᠭᠯᠡᠬᠦ ᠪᠤᠯᠤᠭᠰᠠᠨ ᠪᠦᠬᠡᠳ ᠵᠢᠵᠢᠭ ᠲᠦᠷᠪᠡᠯᠵᠢᠨ ᠲᠠᠮᠠᠭ᠎ᠠ ᠪᠠᠷ | ᠤᠷᠤᠯᠠᠭᠤᠯᠵᠦ᠂ ᠵᠠᠰᠠᠭ ᠶᠠᠮᠤᠨ᠂ ᠰᠦᠮ᠎ᠡ ᠬᠡᠶᠢᠳ᠂ ᠳ᠋ᠠ ᠯᠠᠮᠠ ᠵᠡᠷᠬᠡ ᠬᠡᠷᠡᠭ ᠮᠡᠳᠡᠭᠴᠢ ᠨᠢ ᠪᠦᠳᠦᠬᠦᠨ ᠲᠠᠮᠠᠭ᠎ᠠ ᠶᠢ ᠬᠡᠷᠡᠭᠯᠡᠵᠦ ᠲᠠᠮᠠᠭ᠎ᠠ ᠪᠠᠨ ︽ᠨᠢᠰᠠ︾ ᠬᠡᠵᠦ | ᠨᠡᠷᠡᠯᠡᠵᠦ ᠪᠠᠶᠢᠵᠠᠢ᠃ ᠪᠤᠳᠤᠭ ᠢ ᠵᠤ᠋ ᠰᠠ ︵朱砂︶ ᠤᠯᠠᠭᠠᠨ ᠦᠩᠬᠡ ᠲᠠᠢ ᠨᠤᠨᠳᠠᠭ ᠵᠤᠶᠢᠯ ᠤᠨ ᠡᠮ ᠤᠨ ᠮᠠᠲ᠋ᠧᠷᠢᠶᠠᠯ᠂ ᠮᠤᠩᠭᠤᠯ ᠢᠶᠠᠷ ᠨᠢ ︵ ᠽᠤᠯᠭᠤᠳ︶ | ᠢ ᠡᠷᠢᠨᠳᠡ ︵蓖麻油︶ ᠶᠢᠨ ᠲᠤᠰᠤᠨ ᠳᠤ ᠨᠠᠶᠢᠷᠠᠭᠤᠯᠵᠦ ᠮᠢᠨᠳᠠᠰᠦ᠂ ᠡᠰᠡᠬᠦᠯ᠎ᠡ ᠤᠯᠠ ᠡᠪᠡᠰᠦ ︵ᠬᠡᠳᠠ ᠴᠡᠬᠢᠭᠤᠷ ᠲᠤ ᠬᠡᠷᠡᠭᠯᠡᠬᠦ ᠡᠪᠡᠰᠦ︶᠂ ᠢᠮᠠᠭᠠᠨ | ᠨᠤᠤᠯᠤᠭᠤᠷ ᠲᠤ ᠬᠢᠵᠦ ᠬᠡᠷᠡᠭᠯᠡᠵᠦ ᠪᠠᠶᠢᠵᠠᠢ᠃ ᠤᠷᠠᠨ ᠪᠢᠴᠢᠯᠬᠡ ᠳᠤ ᠬᠡᠷᠡᠭᠯᠡᠬᠦ ᠲᠠᠮᠠᠭ᠎ᠠ ᠶᠢᠨ ᠪᠦᠳᠦᠴᠡ ᠶᠢᠨ ᠲᠦᠷᠦᠯ ᠵᠤᠶᠢᠯ ᠤᠯᠠᠨ ᠪᠠᠶᠢᠳᠠᠭ ᠪᠤᠯᠬᠤᠷ ᠵᠠᠪᠠᠯ | ᠲᠠᠮᠠᠭ᠎ᠠ ᠶᠢᠨ ᠴᠢᠨᠠᠷ ᠢ ᠪᠠᠳᠤᠯᠠᠵᠦ᠂ ᠪᠤᠳᠤᠭ ᠬᠡᠷᠡᠭᠯᠡᠬᠦ ᠳᠤ ᠪᠠᠨ ᠡᠷᠬᠡᠪᠰᠢ ᠰᠠᠶᠢᠨ ᠴᠢᠨᠠᠷ ᠢ ᠨᠢ ᠬᠡᠷᠡᠭᠯᠡᠬᠦ ᠬᠡᠷᠡᠭᠳᠠᠢ᠃ ᠤᠷᠠᠨ ᠪᠢᠴᠢᠯᠬᠡ ᠳᠤ ᠬᠡᠷᠡᠭᠯᠡᠬᠦ ᠲᠠᠮᠠᠭ᠎ᠠ | ᠶᠢᠨ ᠪᠦᠳᠦᠴᠡ ᠶᠢᠨ ᠲᠦᠷᠦᠯ ᠵᠤᠶᠢᠯ ᠤᠯᠠᠨ ᠪᠤᠳᠤᠭ ᠬᠡᠷᠡᠭᠯᠡᠬᠦ ᠳᠤ ᠪᠠᠨ ᠡᠷᠬᠡᠪᠰᠢ ᠰᠠᠶᠢᠨ ᠴᠢᠨᠠᠷ ᠢ ᠨᠢ ᠬᠡᠷᠡᠭᠯᠡᠬᠦ ᠬᠡᠷᠡᠭᠳᠠᠢ᠃ ᠤᠷᠠᠨ ᠪᠢᠴᠢᠯᠬᠡ ᠶᠢᠨ ᠪᠦᠳᠦᠬᠡᠯ | ᠳᠤ ᠲᠠᠮᠠᠭ᠎ᠠ ᠬᠡᠷᠡᠭᠯᠡᠬᠦ ᠳᠤ ᠪᠠᠨ ᠶᠡᠷᠦ ᠶᠢᠨ ᠠᠯᠪᠠᠨ ᠳᠤ ᠬᠡᠷᠡᠭᠯᠡᠬᠦ ᠲᠡᠮᠦᠷ ᠰᠠᠪᠠ ᠲᠠᠢ ᠲᠠᠮᠠᠭᠠᠨ ᠲᠤᠰᠦ ᠶᠢ ᠬᠡᠷᠡᠭᠯᠡᠵᠦ ᠪᠤᠯᠬᠤ ᠦᠬᠡᠢ᠃ ︽ᠪᠢᠴᠢᠭ ᠤᠨ ᠬᠡᠷ ᠤᠨ | ᠲᠦᠷᠪᠡᠨ ᠡᠷᠳᠡᠨᠢ︾ ᠶᠢᠨ ᠳᠡᠯᠬᠡᠬᠦᠷ ᠲᠤ ᠪᠠᠶᠢᠭ᠎ᠠ ᠱᠠᠭᠠᠵᠠᠩ ᠰᠠᠪᠠ ᠲᠠᠢ ᠪᠤᠳᠤᠭ ᠢ ᠬᠡᠷᠡᠭᠯᠡᠬᠦ ᠬᠡᠷᠡᠭᠳᠠᠢ᠃ ᠪᠤᠳᠤᠭ ᠤᠨ ᠲᠦᠷᠦᠯ ᠵᠤᠶᠢᠯ ᠳᠤ ᠤᠯᠠᠭᠠᠨ᠂ | ᠰᠢᠩᠬᠤᠨ ᠤᠯᠠᠭᠠᠨ᠂ ᠪᠤᠷᠤ᠂ ᠬᠦᠷᠡᠩ᠂ ᠬᠦᠬᠡ᠂ ᠨᠤᠭᠤᠭᠠᠨ᠂ ᠰᠢᠷ᠎ᠠ᠂ ᠴᠠᠭᠠᠨ ᠵᠡᠷᠬᠡ ᠤᠯᠠᠨ ᠵᠤᠶᠢᠯ ᠤᠨ ᠦᠩᠬᠡ ᠪᠠᠶᠢᠳᠠᠭ᠃ ᠬᠡᠪᠡᠴᠦ ᠤᠯᠠᠩᠬᠢ ᠳᠤ ᠪᠠᠨ | ᠤᠯᠠᠭᠠᠨ᠂ ᠬᠦᠷᠡᠩ ᠦᠩᠬᠡ ᠶᠢ ᠵᠠᠷᠤᠬᠤ ᠨᠢ ᠤᠯᠠᠨ ᠪᠠᠶᠢᠳᠠᠭ᠃ ᠤᠨᠴᠠᠭᠠᠢ ᠪᠠᠶᠢᠳᠠᠯ ᠲᠤᠤᠷ᠎ᠠ ᠰᠢᠷ᠎ᠠ ᠤᠯᠠᠭᠠᠨ᠂ ᠬᠦᠬᠡ᠂ ᠰᠢᠷ᠎ᠠ᠂ ᠨᠤᠭᠤᠭᠠᠨ ᠴᠠᠭᠠᠰᠤᠨ | ᠳᠡᠬᠡᠷ᠎ᠡ ᠪᠦᠳᠦᠬᠡᠯ ᠪᠢᠴᠢᠬᠡᠳ ᠲᠠᠮᠠᠭ᠎ᠠ ᠲᠠᠷᠤᠬᠤ ᠦᠶᠡᠰ ᠰᠢᠷ᠎ᠠ ᠪᠤᠶᠤ ᠴᠠᠭᠠᠨ ᠪᠤᠳᠤᠭ ᠢ ᠵᠠᠷᠤᠬᠤ ᠨᠢ ᠵᠤᠬᠢᠰᠳᠠᠢ ᠪᠠᠶᠢᠳᠠᠭ᠂ ᠬᠡᠪᠡᠴᠦ ᠲᠠᠮᠠᠭ᠎ᠠ ᠶᠢᠨ ᠲᠠᠷᠤᠳᠠᠰᠦ | ᠨᠢ ᠲᠤᠳᠦ ᠦᠬᠡᠢ᠂ ᠬᠠᠩᠭᠠᠮᠵᠢ ᠦᠬᠡᠢ ᠪᠤᠯ ᠰᠢᠷ᠎ᠠ ᠪᠤᠶᠤ ᠴᠠᠭᠠᠨ ᠴᠠᠭᠠᠰᠤᠨ ᠳᠡᠬᠡᠷ᠎ᠡ ᠤᠯᠠᠭᠠᠨ ᠲᠠᠮᠠᠭ᠎ᠠ ᠪᠠᠨ ᠲᠠᠷᠤᠭᠠᠳ ᠪᠦᠳᠦᠬᠡᠯ ᠢᠶᠠᠨ ᠴᠠᠷᠳᠠᠬᠤ ᠦᠶᠡᠰ ᠲᠤ | ᠬᠠᠶᠢᠴᠢᠯᠠᠵᠦ ᠠᠪᠤᠭᠠᠳ ᠳᠡᠬᠡᠷ᠎ᠡ ᠨᠢ ᠨᠠᠭᠠᠭᠰᠠᠨ ᠴᠦ ᠮᠠᠰᠢ ᠰᠠᠶᠢᠬᠠᠨ ᠭᠤᠶᠤ ᠪᠦᠳᠦᠬᠡᠯ ᠪᠤᠯᠳᠠᠭ᠃ ᠡᠨᠡ ᠨᠢ ᠢᠯᠡ ᠲᠤᠳᠦ ᠪᠦᠬᠡᠳ ᠲᠤᠶᠢᠯ ᠤᠨ ᠦᠵᠡᠮᠵᠢᠳᠠᠢ | ᠪᠠᠶᠢᠳᠠᠭ᠃ ᠲᠠᠮᠠᠭᠠᠨ ᠤ ᠪᠤᠳᠤᠭ ᠢᠶᠠᠨ ᠬᠡᠷᠡᠭᠯᠡᠵᠦ ᠪᠠᠷᠠᠭᠰᠠᠨ ᠤ ᠰᠡᠬᠦᠯᠡᠷ ᠲᠠᠷᠤᠢ ᠳᠤ ᠨᠢ ᠪᠤᠳᠤᠭ ᠤᠨ ᠰᠠᠪᠠᠨ ᠤ ᠪᠠᠨ ᠠᠮᠠᠰᠠᠷ ᠢ ᠨᠢ ᠲᠠᠭᠯᠠᠵᠦ ᠲᠠᠯᠪᠢᠬᠤ | ᠵᠤᠷᠰᠢᠯ ᠲᠠᠢ ᠪᠤᠯᠬᠤ ᠬᠡᠷᠡᠭᠳᠠᠢ᠃ ᠦᠬᠡᠢ ᠪᠤᠯ ᠬᠤᠭ ᠨᠤᠪᠰᠢ ᠪᠤᠵᠠᠷ ᠪᠤᠷᠳᠠᠭ ᠨᠠᠭᠠᠯᠳᠤᠵᠦ ᠲᠠᠮᠠᠭ᠎ᠠ ᠶᠢᠨ ᠪᠤᠳᠤᠭ ᠨᠢ ᠬᠠᠳᠠᠬᠤ ᠪᠤᠶᠤ ᠪᠤᠵᠠᠷ ᠪᠤᠯᠬᠤ ᠠᠴᠠ | ᠰᠡᠷᠬᠡᠶᠢᠯᠡᠬᠦ ᠬᠡᠷᠡᠭᠳᠠᠢ᠃ | 7. ᠲᠠᠮᠠᠭ᠎ᠠ ᠶᠢᠨ ᠲᠡᠪᠢᠰᠬᠡᠷ | ᠤᠷᠠᠨ ᠪᠢᠴᠢᠯᠬᠡ ᠶᠢᠨ ᠪᠦᠳᠦᠬᠡᠯ ᠤᠨ ᠴᠠᠭᠠᠰᠤᠨ ᠤ ᠲᠤᠤᠷ᠎ᠠ ᠲᠡᠪᠢᠰᠳᠡᠭ ᠡᠳ᠋ ᠢ ᠲᠠᠮᠠᠭᠠᠨ ᠤ ᠲᠡᠪᠢᠰᠬᠡᠷ ᠬᠡᠳᠡᠭ᠃ ᠤᠳᠤᠬᠠᠨ ᠳᠤ ᠤᠷᠠᠨ ᠪᠢᠴᠢᠯᠬᠡᠳᠡᠨ ᠤ | ᠪᠦᠳᠦᠬᠡᠯ ᠠᠴᠠ ᠰᠢᠨᠵᠢᠪᠡᠯ ᠪᠦᠳᠦᠬᠡᠯ ᠤᠨ ᠦᠰᠦᠭ ᠤᠨ ᠶᠡᠭᠡ ᠪᠠᠭ᠎ᠠ᠂ ᠠᠭᠤᠯᠭ᠎ᠠ᠂ ᠬᠠᠶᠠᠭᠠᠪᠤᠷᠢ ᠵᠢᠴᠢ ᠲᠠᠮᠠᠭ᠎ᠠ ᠶᠢᠨ ᠤᠷᠤᠨ ᠵᠠᠢ ᠨᠢ ᠮᠠᠰᠢ ᠲᠤᠬᠢᠷᠠᠮᠵᠢᠳᠠᠢ | ᠪᠤᠯᠤᠭᠰᠠᠨ ᠪᠤᠯᠪᠠᠴᠦ ᠲᠠᠮᠠᠭᠠᠨ ᠤ ᠲᠠᠷᠤᠳᠠᠰᠦ ᠨᠢ ᠲᠤᠳᠦ ᠪᠤᠰᠦ᠂ ᠦᠨᠴᠦᠭ ᠪᠤᠯᠤᠩ ᠨᠢ ᠪᠠᠯᠠᠷᠬᠠᠢ᠂ ᠮᠤᠷᠤᠢ ᠬᠠᠵᠠᠭᠠᠢ ᠦᠵᠡᠭᠳᠡᠬᠦ ᠦᠵᠡᠭᠳᠡᠯ ᠦᠷᠬᠦᠯᠵᠢ | ᠭᠠᠷᠳᠠᠭ ᠪᠠᠶᠢᠨ᠎ᠠ᠃ ᠡᠨᠡ ᠨᠢ ᠲᠠᠷᠤᠢ ᠲᠠᠮᠠᠭᠠᠨ ᠤ ᠲᠡᠪᠢᠰᠬᠡᠷ ᠨᠢ ᠲᠡᠭᠰᠢ ᠪᠤᠰᠦ᠂ ᠬᠤᠳᠤᠭᠤᠷ ᠬᠦᠳᠦᠬᠦᠷ᠂ ᠬᠡᠳᠦᠷᠬᠡᠢ ᠬᠠᠳᠠᠭᠤ ᠬᠠᠷᠢᠮᠠᠬᠠᠢ ᠴᠢᠨᠠᠷ ᠦᠬᠡᠢ ᠠᠴᠠ | ᠰᠢᠯᠳᠠᠭᠠᠯᠠᠭᠳᠠᠳᠠᠭ᠃ ᠪᠠᠰᠠ ᠨᠢᠬᠡ ᠰᠢᠯᠳᠠᠭᠠᠨ ᠨᠢ ᠲᠠᠮᠠᠭᠠᠨ ᠳᠤ ᠪᠠᠨ ᠲᠤᠰᠦ ᠢᠳᠡᠬᠦᠯᠵᠦ ᠴᠠᠤᠨᠬᠠᠭᠰᠡᠨ ᠦᠬᠡᠢ ᠠᠴᠠ ᠪᠤᠯᠵᠦ ᠡᠯᠤᠢ ᠬᠤᠯᠤᠢ ᠬᠤᠭᠤᠰᠤᠨ | ᠦᠵᠡᠭᠳᠡᠬᠦ ᠢᠯᠡᠷᠡᠯ ᠴᠦ ᠭᠠᠷᠳᠠᠭ᠃ ᠲᠠᠮᠠᠭᠠᠨ ᠤ ᠲᠡᠪᠢᠰᠬᠡᠷ ᠨᠢ ᠤᠯᠠᠨ ᠶᠠᠩᠵᠦ ᠪᠠᠶᠢᠳᠠᠭ ᠪᠦᠬᠡᠳ ᠤᠷᠠᠨ ᠪᠢᠴᠢᠯᠬᠡᠳᠡᠨ ᠤ ᠦᠪᠡᠷ ᠦᠪᠡᠷ ᠤᠨ ᠲᠤᠷ᠎ᠠ ᠰᠤᠨᠢᠷᠬᠠᠯ | ᠪᠠ ᠬᠡᠷᠡᠭᠯᠡᠵᠦ ᠰᠤᠷᠤᠭᠰᠠᠨ ᠵᠤᠷᠰᠢᠯ ᠢᠶᠠᠷ ᠢᠶᠠᠨ ᠵᠤᠬᠢᠰᠳᠠᠢ ᠲᠤᠬᠢᠷᠠᠭᠤᠯᠤᠨ ᠲᠠᠷᠤᠳᠠᠭ ᠪᠠᠶᠢᠨ᠎ᠠ᠃ ᠤᠯᠠᠩᠬᠢ ᠳᠤ ᠪᠠᠨ ᠲᠠᠮᠠᠭᠠᠨ ᠤ ᠲᠡᠪᠢᠰᠬᠡᠷ ᠲᠤ ᠵᠦᠬᠡᠯᠡᠨ ᠰᠢᠭ᠋ | ᠨᠤᠮ ᠰᠤᠳᠤᠷ ᠪᠤᠶᠤ ᠡᠰᠡᠬᠦᠯ᠎ᠡ ᠵᠦᠬᠡᠯᠡᠨ ᠪᠦᠬᠡᠳ ᠬᠠᠷᠢᠮᠠᠬᠠᠢ ᠴᠢᠨᠠᠷ ᠲᠠᠢ ᠲᠤᠰᠬᠠᠢ ᠵᠤᠷᠢᠭᠤᠯᠤᠭᠰᠠᠨ ᠭᠤᠮ ᠡᠳ᠋ ᠢ ᠬᠡᠷᠡᠭᠯᠡᠳᠡᠭ ᠶᠤᠮ᠃ ᠲᠠᠮᠠᠭ᠎ᠠ ᠲᠠᠷᠤᠬᠤ ᠳᠤ | ᠪᠠᠨ ᠶᠠᠭᠤᠨ ᠤ ᠡᠮᠦᠨ᠎ᠡ ᠲᠠᠮᠠᠭᠠᠨ ᠤ ᠴᠡᠪᠡᠷ ᠡᠰᠡᠬᠦ ᠶᠢ ᠪᠠᠶᠢᠴᠠᠭᠠᠵᠦ ᠦᠵᠡᠬᠦ ᠬᠡᠷᠡᠭᠳᠠᠢ᠃ ᠤᠷᠳᠦ ᠬᠤᠭᠤᠴᠠᠭ᠎ᠠ ᠪᠠᠷ ᠬᠡᠷᠡᠭᠯᠡᠵᠦ ᠦᠩᠬᠡᠷᠡᠭᠰᠡᠨ ᠦᠬᠡᠢ ᠪᠤᠯᠤᠭᠠᠳ | ᠲᠠᠮᠠᠭ᠎ᠠ ᠨᠢ ᠪᠤᠵᠠᠷ ᠪᠤᠶᠤ ᠪᠠᠯᠠᠷᠬᠠᠢ ᠪᠤᠯᠤᠭᠰᠠᠨ ᠪᠤᠯ ᠡᠷᠬᠡᠪᠰᠢ ᠪᠤᠯᠢᠶᠠᠨ ᠤᠰᠦ ᠪᠤᠶᠤ ᠴᠢᠶ᠋ᠢᠤ ᠲᠤᠰᠤᠨ ᠳᠤ ᠲᠡᠪᠳᠦᠬᠡᠵᠦ ᠱᠤᠸᠠᠵᠠ ᠪᠠᠷ ᠰᠠᠶᠢᠨ ᠤᠬᠢᠶᠠᠭᠰᠠᠨ ᠤ | ᠰᠡᠬᠦᠯᠡᠷ ᠴᠡᠪᠡᠷ ᠪᠦᠰ ᠪᠤᠶᠤ ᠵᠦᠬᠡᠯᠡᠨ ᠴᠠᠭᠠᠰᠦ ᠪᠠᠷ ᠰᠠᠶᠢᠨ ᠠᠷᠴᠢᠵᠦ ᠬᠠᠳᠠᠭᠠᠭᠰᠠᠨ ᠤ ᠲᠠᠷᠠᠭ᠎ᠠ ᠲᠠᠷᠤᠬᠤ ᠬᠡᠷᠡᠭᠳᠠᠢ᠃ ᠲᠠᠮᠠᠭ᠎ᠠ ᠲᠠᠷᠤᠬᠤ ᠦᠶᠡᠰ ᠪᠦᠳᠦᠬᠡᠯ | ᠢᠶᠠᠨ ᠪᠢᠴᠢᠭ ᠤᠨ ᠰᠢᠷᠡᠬᠡᠨ ᠳᠡᠬᠡᠷ᠎ᠡ ᠪᠠᠨ ᠳᠡᠭᠰᠢ ᠰᠠᠶᠢᠬᠠᠨ ᠲᠠᠯᠪᠢᠭᠰᠠᠨ ᠤ ᠲᠠᠷᠠᠭ᠎ᠠ᠂ ᠲᠤᠤᠷ᠎ᠠ ᠨᠢ ᠲᠠᠪᠢᠰᠬᠡᠷ ᠢᠶᠠᠨ ᠲᠡᠪᠢᠰᠦᠬᠡᠳ ᠮᠤᠷᠤᠢ ᠵᠦᠷᠢᠬᠦᠦ ᠶᠢ | ᠠᠩᠬᠠᠷᠤᠭᠰᠠᠨ ᠤ ᠰᠡᠬᠦᠯᠡᠷ ︵ᠱᠤᠭᠤᠮ ᠢᠶᠠᠷ ᠬᠦᠩᠬᠡᠨ ᠰᠢᠭ᠋ ᠮᠦᠷ ᠭᠠᠷᠭᠠᠭᠰᠠᠨ ᠴᠦ ᠪᠤᠯᠤᠨ᠎ᠠ︶ ᠵᠡᠬᠦᠨ ᠭᠠᠷ ᠢᠶᠠᠷ ᠢᠶᠠᠨ ᠴᠠᠭᠠᠰᠦ ᠪᠠᠨ ᠲᠠᠷᠤᠵᠦ᠂ ᠪᠠᠷᠠᠭᠤᠨ | ᠭᠠᠷ ᠢᠶᠠᠷ ᠢᠶᠠᠨ ᠲᠠᠮᠠᠭ᠎ᠠ ᠪᠠᠨ ᠬᠦᠴᠦᠳᠠᠢ ᠰᠢᠭ᠋ ᠲᠠᠷᠤᠭᠠᠳ ︵ᠬᠡᠳᠦᠷᠬᠡᠢ ᠬᠦᠴᠦᠳᠠᠢ ᠪᠤᠯᠤᠭᠠᠳ ᠲᠠᠮᠠᠭ᠎ᠠ ᠬᠦᠷᠪᠡᠬᠦ ᠦᠵᠡᠭᠳᠠᠯ ᠭᠠᠷᠳᠠᠭ︶ ᠠᠭᠠᠵᠢᠮ ᠢᠶᠠᠷ | ᠲᠠᠮᠠᠭ᠎ᠠ ᠪᠠᠨ ᠡᠭᠴᠡ ᠳᠡᠬᠡᠭᠰᠢ ᠪᠠᠨ ᠬᠦᠩᠬᠡᠬᠡᠨ ᠰᠠᠯᠭᠠᠵᠦ ᠠᠪᠤᠨ᠎ᠠ᠃ | ᠮᠤᠩᠭᠤᠯ ᠤᠷᠠᠨ ᠪᠢᠴᠢᠯᠬᠡ ᠶᠢᠨ ᠪᠦᠳᠦᠬᠡᠯ ᠳᠤ ᠳᠡᠬᠡᠷ᠎ᠡ ᠲᠤᠷᠠᠳᠤᠭᠰᠠᠨ ᠲᠦᠷᠪᠡᠨ ᠵᠤᠶᠢᠯ ᠤᠨ ᠲᠠᠮᠠᠭ᠎ᠠ ᠨᠢ ᠪᠦᠷ ᠭᠤᠤᠯ ᠦᠰᠦᠭ ᠲᠤ ᠪᠠᠨ | ᠦᠢᠯᠡᠴᠢᠯᠡᠳᠡᠭ ᠪᠦᠬᠡᠳ ᠵᠤᠬᠢᠶᠠᠮᠵᠢ ᠶᠢᠨ ᠲᠠᠯ᠎ᠠ ᠪᠠᠷ ᠮᠠᠰᠢ ᠭᠤᠶᠢᠳᠠ ᠰᠠᠶᠢᠬᠠᠨ ᠬᠦᠷᠳᠡᠬᠡᠯ ᠢ ᠤᠯᠭᠤᠳᠠᠭ ᠨᠢᠬᠡ ᠵᠤᠶᠢᠯ ᠤᠨ ᠤᠷᠠᠯᠢᠭ ᠮᠦᠨ᠃ ᠲᠠᠮᠠᠭ᠎ᠠ ᠶᠢ | ᠬᠡᠷᠡᠭᠯᠡᠬᠦ ᠨᠢ ᠤᠯᠠᠨ ᠴᠦᠬᠡᠨ ᠳᠤ ᠪᠠᠶᠢᠳᠠᠭ ᠪᠢᠰᠢ᠂ ᠬᠠᠷᠢᠨ ᠵᠤᠬᠢᠰᠳᠠᠢ ᠡᠰᠡᠬᠦ ᠶᠢ ᠴᠢᠬᠤᠯᠠᠴᠢᠯᠠᠳᠠᠭ᠃ ᠨᠡᠶᠢᠬᠡᠮ ᠤᠨ ᠬᠦᠭᠵᠢᠯᠳᠡ᠂ ᠴᠠᠭ ᠤᠨ ᠪᠠᠶᠢᠳᠠᠯ ᠲᠠᠢ | ᠵᠤᠬᠢᠴᠠᠨ ᠤᠷᠠᠨ ᠪᠢᠴᠢᠯᠬᠡ᠂ ᠲᠠᠮᠠᠭ᠎ᠠ ᠰᠡᠶᠢᠯᠦᠮᠡᠯ ᠤᠨ ᠦᠨᠳᠦᠷ ᠲᠦᠷᠬᠡᠨ ᠬᠦᠭᠵᠢᠯᠳᠡ ᠶᠢ ᠲᠠᠭᠠᠯᠳᠤᠭᠠᠳ ᠡᠷᠳᠡᠮᠳᠠᠨ ᠮᠡᠷᠬᠡᠳ ᠤᠨ ᠭᠠᠷᠮᠠᠭᠠᠢ ᠰᠤᠳᠤᠯᠤᠯᠳᠠ | ᠪᠠᠷ ᠨᠡᠩ ᠰᠢᠨ᠎ᠡ ᠰᠤᠷᠭᠤᠭ᠂ ᠭᠤᠶᠢᠳᠠ ᠰᠠᠶᠢᠬᠠᠨ ᠪᠦᠳᠦᠬᠡᠯ ᠭᠠᠷᠬᠤ ᠨᠢ ᠵᠠᠶᠢᠯᠠᠰᠢ ᠦᠬᠡᠢ᠃ ᠮᠤᠩᠭᠤᠯ ᠤᠷᠠᠨ ᠪᠢᠴᠢᠯᠬᠡ ᠶᠢᠨ ᠦᠢᠯᠡᠰ ᠬᠦᠭᠵᠢᠨ ᠮᠠᠨᠳᠤᠬᠤ | ᠪᠤᠯᠳᠤᠭᠠᠢ︕ | | |