| ᠬᠠᠭᠤᠷᠳᠠᠭᠰᠠᠨ ᠰᠠᠷᠮᠠᠭᠴᠢᠨ | | ᠴᠠᠬᠠᠷ ᠪᠠᠳᠤ | | Ⅰ | ᠲᠠᠪᠠᠭᠠᠨ ᠠᠷᠤ ᠶᠢᠨ ᠪᠠᠯᠳᠠᠨ ᠭᠤᠸᠠᠢ | ᠲᠠᠩᠴᠢ ᠰᠥᠷᠡᠭᠡᠢ ᠶᠠᠭᠠᠷᠠᠵᠤ ᠵᠠᠮᠨᠠᠨ᠎ᠠ᠂ | ᠲᠠᠮᠵᠢᠭᠤᠷ ᠨᠠᠬᠢᠯᠵᠠᠭᠤᠯᠤᠨ ᠲᠥᠷᠭᠡᠯᠡᠨ ᠠᠯᠬᠤᠵᠤ | ᠲᠠᠭᠤᠤ ᠠᠶᠠᠯᠠᠴᠢᠬᠠᠭᠰᠠᠨ ᠬᠤᠷᠳᠤᠯᠠᠵᠤ ᠪᠠᠶᠢᠨ᠎ᠠ᠃ | ᠬᠤᠶᠠᠷ ᠰᠠᠭᠰᠤ ᠲᠥᠭᠦᠷᠭᠡᠳᠡᠯᠡ ᠰᠠᠪᠠᠯᠠᠭᠰᠠᠨ | ᠬᠤᠯᠤᠰᠤᠨ ᠮᠠᠯᠠᠭᠠᠢ ᠰᠢᠨᠡᠭᠡᠨ ᠪᠠᠶᠢᠨ᠎ᠠ᠂ | ᠬᠤᠰᠢᠭᠤ ᠤᠷᠤᠵᠤ ᠴᠤᠭᠯᠠᠭ᠎ᠠ ᠵᠠᠬ᠎ᠠ ᠳᠤ | ᠬᠤᠳᠠᠯᠳᠤᠬᠤ ᠰᠠᠨᠠᠭ᠎ᠠ ᠲᠠᠢ ᠶᠠᠪᠤᠨ᠎ᠠ ᠭᠡᠨ᠎ᠡ᠃ | ᠰᠠᠶᠢᠷ ᠱᠠᠩᠳᠠ ᠶᠢᠨ ᠪᠤᠯᠠᠭ ᠲᠡᠭᠡᠷ᠎ᠡ | ᠰᠠᠶᠢᠬᠠᠨ ᠤᠷᠭᠤᠭᠰᠠᠨ ᠵᠡᠭᠡᠰᠤ ᠪᠠᠶᠢᠵᠠᠢ᠂ | ᠰᠠᠮᠪᠠᠭᠠᠳᠠᠢ ᠡᠪᠥᠭᠡᠨ ᠬᠠᠳᠤᠵᠤ ᠠᠪᠤᠭᠠᠳ | ᠰᠠᠮᠠᠭᠠᠨ ᠬᠤᠶᠠᠭᠤᠯᠠ ᠪᠠᠨ ᠮᠠᠯᠠᠭᠠᠢ ᠭᠥᠷᠥᠵᠠᠢ᠃ | ᠠᠵᠢᠯᠴᠢ ᠭᠥᠮᠥᠨ ᠤ ᠲᠤᠬᠢ ᠭᠠᠷ ᠢᠶᠠᠷ | ᠠᠷᠭ᠎ᠠ ᠥᠭᠡᠢ ᠭᠤᠴᠤ ᠮᠠᠯᠠᠭᠠᠢ ᠪᠥᠳᠥᠵᠠᠢ᠂ | ᠠᠪᠢᠶᠠᠰ ᠲᠠᠢ ᠡᠪᠥᠭᠡᠨ ᠰᠠᠶᠢᠬᠠᠨ ᠮᠠᠯᠠᠭᠠᠢ ᠪᠠᠷ ᠢᠶᠠᠨ | ᠠᠰᠢᠭ ᠤᠯᠬᠤ ᠶᠢᠨ ᠪᠤᠳᠤᠯᠭ᠎ᠠ ᠴᠤᠬᠢᠵᠠᠢ᠃ | ᠪᠠᠯᠳᠠᠨ ᠡᠪᠥᠭᠡᠨ ᠢᠩᠬᠢᠵᠤ ᠰᠢᠢᠳᠥᠭᠡᠳ | ᠪᠠᠭ᠋ᠠᠨ ᠶᠠᠭᠠᠷᠠᠯᠳᠤᠭᠠᠳ ᠨᠡᠯᠢᠶᠡᠳ ᠢ ᠬᠢᠵᠠᠢ᠂ | ᠪᠠᠭ᠋ᠠᠷᠬᠠᠯ ᠪᠤᠯᠭᠠᠵᠤ ᠨᠢᠭᠡ ᠶᠢ ᠨᠢ ᠵᠡᠭᠦᠭᠡᠳ | ᠪᠠᠭ᠎ᠠ ᠥᠳᠡ ᠳᠤ ᠭᠥᠳᠡᠯᠥᠭᠰᠡᠨ ᠶᠤᠮ ᠭᠡᠨ᠎ᠡ᠃ | ᠥᠳᠡ ᠶᠢᠨ ᠨᠠᠷᠠᠨ ᠰᠢᠷᠠᠵᠤ ᠭᠡᠨ᠎ᠡ | ᠡᠪᠥᠭᠡᠨ ᠭᠤᠸᠠᠢ ᠬᠠᠯᠠᠭᠤᠴᠠᠵᠤ ᠭᠡᠨ᠎ᠡ᠂ | ᠤᠷᠭᠤᠭ᠎ᠠ ᠮᠤᠳᠤ ᠲᠠᠭᠠᠷᠢᠯᠳᠤᠵᠤ ᠭᠡᠨ᠎ᠡ | ᠥᠴᠥᠭᠡᠨ ᠠᠮᠠᠷᠠᠬᠤ ᠶᠢ ᠪᠤᠳᠤᠵᠤ ᠭᠡᠨ᠎ᠡ᠃ | ᠪᠥᠭᠦᠯᠢ ᠰᠥᠨᠢ ᠭᠥᠷᠥᠭᠰᠡᠨ ᠶᠤᠮ ᠪᠠᠶᠢᠨ᠎ᠠ | ᠪᠥᠳᠥᠨ ᠪᠡᠶ᠎ᠡ ᠨᠢ ᠬᠠᠩᠬᠢᠨᠠᠭᠰᠠᠨ ᠪᠠᠶᠢᠯᠭᠦᠢ᠂ | ᠪᠥᠳᠥᠭᠦᠨ ᠮᠤᠳᠤ ᠲᠥᠰᠢᠭᠰᠡᠨ ᠬᠡᠪ ᠢᠶᠠᠷ | ᠪᠥᠷᠢᠶ᠎ᠡ ᠥᠯᠢᠶᠡᠭᠦ ᠰᠢᠭ ᠬᠤᠷᠬᠢᠷᠠᠵᠤ ᠡᠬᠢᠯᠡᠵᠠᠢ᠃ | | Ⅱ | ᠰᠠᠭᠯᠠᠭᠠᠷ ᠮᠤᠳᠤᠨ ᠤᠷᠤᠢ ᠲᠡᠭᠡᠷ᠎ᠡ | ᠰᠠᠷᠮᠠᠭᠴᠢᠨ ᠤ ᠡᠭᠦᠷ ᠪᠠᠶᠢᠭᠰᠠᠨ ᠪᠠᠶᠢᠨ᠎ᠠ᠂ | ᠰᠠᠬᠠᠯ ᠤᠷᠭᠤᠭᠰᠠᠨ ᠭᠥᠭᠰᠢᠨ ᠰᠠᠮᠵᠠ | ᠰᠠᠯᠠᠭᠠᠨ ᠵᠠᠪᠰᠠᠷ ᠢᠶᠠᠷ ᠨᠢ ᠱᠠᠭᠠᠶᠢᠵᠤ ᠭᠡᠨ᠎ᠡ᠃ | ᠰᠠᠪᠠᠭ᠎ᠠ ᠥᠭᠡᠢ ᠵᠥᠢᠯ ᠢ ᠲᠠᠭᠤᠷᠢᠶᠠᠳᠠᠭ ᠨᠢ | ᠰᠠᠷᠮᠠᠭᠴᠢᠨ ᠪᠥᠭᠦᠨ ᠤ ᠠᠷᠠᠨᠰᠢᠨ ᠭᠡᠨ᠎ᠡ᠂ | ᠰᠠᠬᠠᠯᠳᠤ ᠰᠠᠮᠵᠠ ᠤᠬᠤᠰᠬᠢᠨ ᠪᠠᠭᠤᠬᠤᠯᠠᠷ | ᠰᠠᠮᠵᠠᠨ ᠤ ᠵᠤᠯᠵᠠᠭ᠎ᠠ ᠤᠳ ᠪᠥᠷ ᠲᠠᠭᠠᠵᠠᠢ᠃ | ᠤᠨᠳᠠᠩᠬᠠᠢ ᠡᠪᠥᠭᠡᠨ ᠤ ᠵᠡᠭᠦᠭᠰᠡᠨ ᠮᠠᠯᠠᠭᠠᠢ ᠶᠢ | ᠤᠴᠢᠷ ᠥᠭᠡᠢ ᠶᠡᠭᠡ ᠲᠤᠭᠤᠵᠤ ᠭᠡᠨ᠎ᠡ᠂ | ︽ᠤᠪᠠᠶᠢᠨ ᠶᠠᠭᠤᠮ᠎ᠠ ᠪᠠᠶᠢᠨ᠎ᠠ ᠰᠢᠤ︕︾ ᠭᠡᠳ | ᠤᠯᠠᠭᠠᠨ ᠪᠤᠬᠤᠷᠳᠤ ᠤᠳ ᠱᠠᠭᠰᠢᠯᠳᠤᠵᠤ ᠭᠡᠨ᠎ᠡ᠃ | ᠰᠠᠬᠠᠯ ᠲᠠᠢ ᠪᠡᠴᠢᠨ ᠤᠷᠤᠭᠰᠢ ᠲᠠᠪᠰᠢᠵᠤ | ᠰᠠᠪᠠᠨ ᠤ ᠤᠭᠤᠰᠤᠷ ᠢ ᠲᠠᠳᠠᠵᠤ ᠭᠡᠨ᠎ᠡ᠂ | ᠰᠠᠶᠢᠬᠠᠨ ᠮᠠᠯᠠᠭᠠᠢ ᠶᠢ ᠪᠥᠷ ᠭᠠᠷᠭᠠᠵᠤ | ᠰᠠᠮᠵᠠ ᠪᠥᠭᠦᠨ ᠳᠤ ᠵᠡᠭᠦᠯᠭᠡᠵᠤ ᠭᠡᠨ᠎ᠡ᠃ | ᠨᠤᠭᠤᠭᠠᠨ ᠵᠥᠯᠭᠡ ᠪᠠᠷ ᠮᠠᠯᠠᠭᠠᠢ ᠲᠠᠢ ᠰᠠᠮᠵᠠ ᠤᠳ | ᠨᠤᠴᠤᠯᠳᠤᠨ ᠭᠥᠭᠡᠭᠡᠴᠡᠯᠳᠤᠨ ᠲᠤᠭᠯᠠᠵᠤ ᠭᠡᠨ᠎ᠡ᠂ | ᠨᠤᠶᠢᠷᠰᠤᠭᠰᠠᠨ ᠡᠪᠥᠭᠡᠨ ᠤ ᠵᠡᠭᠦᠳᠥ ᠶᠢ ᠰᠡᠷᠡᠭᠡᠳᠡᠯᠡ ᠨᠢ | ᠨᠤᠮ ᠰᠤᠷᠳᠠᠯ ᠥᠭᠡᠢ ᠪᠠᠷᠬᠢᠷᠠᠯᠳᠤᠵᠤ ᠭᠡᠨ᠎ᠡ᠃ | | | Ⅲ | ᠰᠠᠶᠢᠬᠠᠨ ᠵᠡᠭᠦᠳᠤ ᠮᠠᠨᠠᠭᠰᠠᠨ ᠡᠪᠥᠭᠡᠨ | ᠱᠠᠵᠢᠬᠢᠨᠠᠬᠤ ᠲᠠᠭᠤᠨ ᠢᠶᠠᠷ ᠰᠡᠷᠢᠭᠰᠡᠨ ᠪᠠᠶᠢᠨ᠎ᠠ᠂ | ᠰᠠᠭᠰᠤ ᠲᠠᠢ ᠪᠠᠶᠢᠭᠰᠠᠨ ᠮᠠᠯᠠᠭᠠᠢ ᠨᠤᠭᠤᠳ ᠨᠢ | ᠰᠠᠷᠮᠠᠭᠴᠢᠨ ᠤ ᠲᠤᠯᠤᠭᠠᠢ ᠳᠤ ᠨᠢᠵᠡᠭᠡᠳ ᠭᠡᠨ᠎ᠡ᠃ | ᠪᠠᠯᠳᠠᠨ ᠡᠪᠥᠭᠡᠨ ᠨᠤᠶᠢᠷᠮᠤᠭ ᠬᠠᠷᠠᠭᠠᠳ | ᠪᠠᠴᠢᠮᠳᠠᠬᠤ ᠰᠤᠴᠢᠬᠤ ᠬᠤᠤᠰᠯᠠᠵᠤ ᠭᠡᠨ᠎ᠡ᠂ | ᠪᠠᠴᠢ ᠲᠠᠢ ᠴᠢᠷᠠᠢ ᠭᠠᠷᠭᠠᠭᠰᠠᠨ ᠰᠠᠮᠵᠠ ᠤᠳ | ᠪᠠᠭᠠᠰᠢᠯᠠᠨ ᠠᠭᠠᠰᠢᠯᠠᠨ ᠲᠠᠪᠭᠡᠴᠡᠵᠤ ᠪᠠᠶᠢᠵᠠᠢ᠃ | ᠪᠤᠵᠠᠭᠠᠢ ᠶᠡᠭᠡ ᠰᠠᠨᠳᠤᠷᠤᠭᠰᠠᠨ ᠡᠪᠥᠭᠡᠨ | ᠪᠤᠰᠤᠮᠠᠭᠴᠠ ᠪᠠᠨ ᠤᠴᠢᠷ ᠢ ᠮᠡᠳᠡᠵᠤ ᠭᠡᠨ᠎ᠡ᠂ | ᠪᠤᠯᠠᠢ ᠲᠠᠢ ᠰᠠᠷᠮᠠᠭᠴᠢᠨ ᠢ ᠪᠠᠷᠢᠵᠤ ᠠᠪᠬᠤ ᠪᠠᠷ | ᠪᠤᠳᠠᠷᠠᠭᠤᠯᠤᠨ ᠭᠥᠭᠡᠭᠡᠵᠤ ᠡᠬᠢᠯᠡᠭᠰᠡᠨ ᠭᠡᠨ᠎ᠡ᠃ | ᠠᠭᠤᠷᠳᠠᠢ ᠡᠪᠥᠭᠡᠨ ᠢ ᠬᠠᠷᠠᠭᠰᠠᠨ ᠰᠠᠮᠵᠠ ᠤᠳ | ᠤᠳᠠᠨ ᠤ ᠮᠥᠴᠢᠷ ᠲᠡᠭᠡᠷ᠎ᠡ ᠠᠪᠠᠷᠢᠨ ᠭᠠᠷᠴᠠᠢ᠂ | ᠤᠯᠠᠶᠢᠭᠰᠠᠨ ᠴᠢᠷᠠᠢ ᠶᠢ ᠨᠢ ᠥᠵᠡᠨ ᠱᠤᠭᠯᠠᠵᠤ | ᠤᠯᠠᠮ ᠪᠥᠷ ᠲᠥᠷᠰᠤ ᠥᠭᠡᠢ ᠠᠭᠠᠰᠢᠯᠠᠵᠠᠭᠠᠵᠠᠢ᠃ | ︽ᠬᠢᠳᠡᠯ ᠢᠶᠠᠨ ᠪᠠᠷᠠᠭᠰᠠᠨ ᠮᠤᠤᠰᠠᠶᠢᠨ ᠰᠠᠮᠵᠠ ᠤᠳ | ᠭᠡᠷᠡᠭ ᠬᠢᠭᠦ ᠥᠭᠡᠢ ᠪᠤᠯ ᠪᠤᠯᠬᠤ ᠥᠭᠡᠢ ᠪᠠᠶᠢᠨᠠᠤ︖ | ᠡᠪᠡᠰᠥᠨ ᠮᠠᠯᠠᠭᠠᠢ ᠶᠢ ᠮᠢᠨᠢ ᠪᠤᠴᠠᠭᠠᠵᠤ ᠥᠭ︕ | ᠡᠪᠥᠭᠡᠨ ᠭᠥᠮᠥᠨ ᠪᠢ ᠶᠠᠭᠠᠷᠠᠤ ᠪᠠᠶᠢᠨ᠎ᠠ᠃︾ ᠭᠡᠳ | ᠰᠥᠪᠡᠭᠡ ᠪᠠᠨ ᠲᠤᠯᠤᠨ ᠵᠤᠭᠰᠤᠭᠠᠳ | ᠰᠥᠷᠡᠭᠡᠢ ᠲᠠᠭᠤ ᠪᠠᠷ ᠵᠠᠩᠨᠠᠬᠤᠯᠠᠷ ᠬᠠᠷᠢᠨ᠂ | ᠰᠤᠨᠵᠢᠵᠤ ᠰᠠᠭᠤᠭᠰᠠᠨ ᠰᠠᠮᠵᠠ ᠨᠤᠭᠤᠳ | ᠰᠤᠨᠢᠭᠤᠴᠢᠯᠠᠵᠤ ᠪᠠᠰᠠ ᠲᠠᠭᠤᠷᠢᠶᠠᠵᠤ ᠭᠡᠨ᠎ᠡ᠃ | ᠲᠠᠮᠨᠠᠭᠤᠷᠴᠢᠨ ᠡᠪᠥᠭᠡᠨ ᠠᠷᠭ᠎ᠠ ᠮᠤᠬᠤᠷᠳᠠᠵᠤ | ᠲᠠᠪᠰᠢᠭᠤᠷᠠᠭᠰᠠᠨ ᠰᠠᠮᠵᠠ ᠶᠢ ᠥᠵᠡᠨ ᠬᠤᠷᠤᠰᠴᠤ᠂ | ᠲᠠᠯᠢᠮᠳᠠᠭᠤᠯᠬᠤ ᠠᠷᠭ᠎ᠠ ᠪᠤᠳᠤᠶ᠎ᠠ ᠭᠡᠳ | ᠲᠠᠭᠤ ᠪᠠᠨ ᠬᠤᠷᠢᠶᠠᠵᠤ ᠭᠠᠵᠠᠷ ᠲᠡᠭᠡᠷ᠎ᠡ ᠵᠠᠪᠢᠯᠠᠪᠠ᠃ | ᠪᠠᠯᠳᠠᠨ ᠡᠪᠥᠭᠡᠨ ᠤ ᠡᠳᠡᠭᠡᠳ ᠭᠥᠳᠡᠯᠥᠯ ᠢ | ᠪᠠᠷᠤᠭ ᠤᠨ ᠰᠠᠮᠵᠠ ᠲᠠᠭᠤᠷᠢᠶᠠᠵᠤ ᠴᠢᠳᠠᠯ ᠥᠭᠡᠢ᠂ | ᠪᠠᠷᠢᠴᠠ ᠪᠠᠨ ᠠᠯᠳᠠᠨ ᠤᠨᠠᠯ ᠵᠠᠪᠳᠤᠭᠰᠠᠨ ᠢ | ᠪᠠᠰᠢᠷ ᠲᠠᠢ ᠡᠪᠥᠭᠡᠨ ᠰᠡᠮ ᠠᠩᠭᠤᠴᠢᠯᠠᠵᠠᠢ᠃ | | Ⅳ | ᠠᠯᠢᠶ᠎ᠠ ᠰᠠᠷᠮᠠᠭᠴᠢᠨ ᠤ ᠲᠥᠢᠳᠭᠡᠷ ᠵᠠᠩ ᠢ | ᠠᠪᠬᠠᠯᠵᠢᠳᠠᠢ ᠡᠪᠥᠭᠡᠨ ᠠᠵᠢᠵᠤ ᠰᠠᠭᠤᠬᠤ ᠳᠠᠭᠠᠨ᠂ | ᠠᠷᠭ᠎ᠠ ᠨᠢᠭᠡ ᠶᠢ ᠪᠤᠯᠪᠠᠰᠤᠷᠠᠭᠤᠯᠵᠤ ᠤᠯᠤᠭᠠᠳ | ᠠᠮᠵᠢᠭᠤᠯᠵᠤ ᠲᠠᠯᠢᠮᠳᠠᠭᠤᠯᠬᠤ ᠪᠠᠷ ᠪᠤᠰᠴᠤ ᠵᠤᠭᠰᠤᠪᠠ᠃ | ᠬᠡᠭᠡᠨ ᠤᠬᠠᠭᠠᠨ ᠲᠠᠢ ᠮᠡᠷᠭᠡᠨ ᠡᠪᠥᠭᠡᠨ | ᠭᠡᠨᠡᠳᠳᠡ ᠮᠠᠯᠠᠭᠠᠢ ᠪᠠᠨ ᠠᠪᠴᠤ ᠰᠢᠳᠡᠭᠡᠳ᠂ | ᠬᠡᠨᠡᠭ ᠥᠭᠡᠢ ᠲᠤᠭᠳᠠᠭᠤᠨ ᠪᠠᠶᠢᠷᠢ ᠭᠠᠷᠭᠠᠨ | ᠭᠡᠮ ᠲᠠᠢ ᠰᠠᠮᠵᠠ ᠤᠳ ᠢ ᠰᠡᠮ ᠠᠵᠢᠪᠠ᠃ | ᠠᠬᠠᠯᠠᠭᠴᠢ ᠰᠠᠷᠮᠠᠭᠴᠢᠨ ᠶᠡᠭᠡᠯ᠎ᠡ ᠮᠡᠳᠡᠮᠡᠭᠡᠶᠢᠷᠡᠵᠤ | ᠠᠮᠢᠨ ᠤ ᠮᠠᠯᠠᠭᠠᠢ ᠪᠠᠨ ᠠᠪᠴᠤ ᠰᠢᠳᠠᠭᠦ ᠳᠤ᠂ | ᠠᠵᠢᠭᠯᠠᠵᠤ ᠪᠠᠶᠢᠭᠰᠠᠨ ᠪᠤᠰᠤᠳ ᠨᠢ ᠴᠤ ᠲᠠᠭᠤᠷᠢᠶᠠᠵᠤ | ᠠᠷᠭ᠎ᠠ ᠳᠤ ᠤᠨᠠᠨ ᠮᠠᠯᠠᠭᠠᠢ ᠪᠠᠨ ᠴᠤᠬᠢᠯᠠᠵᠠᠭᠠᠪᠠ᠃ | ᠰᠡᠴᠡᠨ ᠡᠪᠥᠭᠡᠨ ᠬᠠᠳᠠᠭᠠᠨᠠᠳᠠᠯ᠎ᠠ ᠢᠨᠢᠶᠡᠵᠤ | ᠰᠡᠷᠢᠭᠦᠨ ᠮᠠᠯᠠᠭᠠᠢ ᠪᠠᠨ ᠴᠤᠭᠯᠠᠭᠤᠯᠵᠤ ᠠᠪᠤᠭᠠᠳ᠂ | ᠰᠡᠳᠬᠢᠯ ᠬᠠᠨᠤᠮᠵᠢᠳᠠᠢ ᠪᠠᠷ ᠨᠢᠭᠡ ᠶᠢ ᠨᠢ ᠵᠡᠭᠦᠵᠤ | ᠰᠡᠷᠵᠢᠬᠢᠨᠡᠭᠦ ᠵᠢᠪᠡᠷ ᠢᠶᠠᠷ ᠵᠠᠮ ᠢᠶᠠᠨ ᠭᠥᠭᠡᠭᠡᠪᠡ᠃ | ᠬᠠᠰᠢᠷ ᠡᠪᠥᠭᠡᠨ ᠤ ᠤᠷᠠᠨ ᠠᠷᠭᠠᠨ ᠳᠤ | ᠬᠠᠭᠤᠷᠳᠠᠵᠤ ᠭᠤᠩᠰᠤᠶᠢᠭᠰᠠᠨ ᠰᠥᠷᠥᠭ ᠰᠠᠮᠵᠠ᠂ | ᠬᠠᠮᠤᠭ ᠰᠠᠶᠢᠬᠠᠨ ︽ᠲᠤᠭᠯᠠᠭᠠᠮ︾ ᠢᠶᠠᠨ ᠠᠯᠳᠠᠵᠤ | ᠬᠠᠷᠠᠮᠰᠠᠯ ᠡᠪᠥᠷᠯᠡᠨ ᠬᠠᠷᠠᠵᠤ ᠬᠤᠴᠤᠷᠤᠯᠴᠠᠵᠠᠢ᠂᠂᠂᠂᠂᠂ | ︽ᠠᠮᠢᠳᠤ ᠭᠥᠮᠥᠨ ᠠᠷᠭ᠎ᠠ ᠲᠠᠢ | ᠠᠷᠭᠠᠯ ᠤᠨ ᠭᠠᠯ ᠢᠯᠴᠢ ᠲᠠᠢ︾ ᠭᠡᠳᠡᠭ᠂ | ᠠᠷᠠᠳ ᠤᠨ ᠬᠠᠭᠤᠴᠢᠨ ᠥᠭᠡ ᠪᠤᠢ | ᠠᠯᠳᠠᠨ ᠠᠴᠠ ᠥᠨᠡᠳᠡᠢ ᠰᠤᠷᠭᠠᠯ ᠳ᠋ᠠ︕ | | | |