ᠪᠠᠶᠠᠨᠰᠢᠪᠡᠷ ᠭᠠᠴᠠᠭ᠎ᠠ
ᠨᠡᠶᠢᠲᠡᠯᠡᠭᠰᠡᠨ ᠴᠠᠭ᠄
2023/3/28
     ᠪᠠᠶᠠᠨᠰᠢᠪᠡᠷ ᠭᠠᠴᠠᠭ᠎ᠠ ᠣᠲᠤᠭ ᠤᠨ ᠡᠮᠤᠨᠡᠳᠣ ᠬᠤᠰᠢᠭᠤᠨ ᠤ ᠵᠡᠬᠦᠨ ᠡᠮᠣᠨ᠎ᠡ ᠬᠡᠰᠡᠭ ᠲᠤ ᠪᠠᠶᠢᠷᠢᠯᠠᠵᠣ᠂ ᠬᠤᠰᠢᠭᠤ ᠵᠠᠰᠠᠭ ᠤᠨ ᠣᠷᠳᠣᠨ ᠤ ᠰᠠᠭᠤᠭ᠎ᠠ ᠭᠠᠵᠠᠷ ᠠᠴᠠ 69 ᠺᠢᠯᠣᠮᠧᠲᠷ ᠵᠠᠶᠢᠲᠠᠢ᠂ S216 ᠮᠣᠵᠢ ᠶᠢᠨ ᠵᠠᠮ ᠬᠢᠵᠠᠭᠠᠷ ᠢᠶᠠᠷ ᠨᠢ ᠦᠩᠬᠡᠷᠡᠨ᠂ ᠭᠠᠴᠠᠭ᠎ᠠ ᠲᠣᠰᠬᠤᠨ ᠠᠶᠢᠯ ᠡᠷᠣᠬᠡ ᠶᠢᠨ ᠵᠠᠮ ᠰᠦᠯᠵᠢᠯᠳᠣᠵᠣ᠂ ᠵᠠᠮ ᠬᠠᠷᠢᠯᠴᠠᠭ᠎ᠠ ᠲᠣᠩ ᠲᠦᠬᠦᠮ ᠲᠦᠳᠡ᠃ ᠪᠣᠷᠣᠪᠠᠯᠭᠠᠰᠣ ᠪᠠᠯᠭᠠᠰᠣᠨ ᠳᠤ ᠬᠠᠷᠢᠶᠠᠯᠠᠭᠳᠠᠨ᠂ ᠪᠠᠯᠭᠠᠰᠣᠨ ᠲᠦᠪ ᠠᠴᠠ 28 ᠺᠢᠯᠣᠮᠧᠲᠷ ᠵᠠᠶᠢᠲᠠᠢ᠂ ᠨᠣᠲᠤᠭ ᠪᠡᠯᠴᠢᠭᠡᠷ ᠤᠨ ᠶᠡᠷᠣᠩᠬᠡᠢ ᠲᠠᠯᠠᠪᠠᠢ 14.46 ᠲᠦᠮᠡᠨ ᠮᠣ᠋᠂ ᠡᠬᠦᠨ ᠳᠤ ᠦᠨᠡᠯᠡᠨ ᠲᠣᠭᠲᠠᠭᠠᠭᠰᠠᠨ ᠣᠷᠭᠠᠨᠢᠭ ᠨᠣᠲᠤᠭ ᠪᠡᠯᠴᠢᠬᠡᠷ 6.601 ᠲᠦᠮᠡᠨ ᠮᠣ᠋᠂ ᠣᠢ ᠶᠢᠨ ᠭᠠᠵᠠᠷ 4.3 ᠲᠦᠮᠡᠨ ᠮᠣ᠋᠂ ᠣᠢ ᠶᠢᠨ ᠪᠦᠷᠬᠦᠴᠡ 28%᠂ ᠣᠷᠭᠤᠮᠠᠯ ᠬᠤᠴᠢᠯᠭ᠎ᠠ ᠶᠢᠨ ᠪᠦᠷᠬᠦᠴᠡ 85%᠂ ᠲᠡᠵᠢᠬᠡᠯ ᠪᠣᠷᠳᠣᠭᠠᠨ  ᠤ ᠰᠠᠭᠤᠷᠢᠨ 2.1 ᠲᠦᠮᠡᠨ ᠮᠤ᠋᠂ ᠨᠡᠶᠢᠲᠡ 167 ᠡᠷᠣᠬᠡ 447 ᠬᠦᠮᠦᠨ ᠠᠮᠠ ᠲᠠᠢ᠂ ᠪᠠᠶᠢᠩᠭᠤ ᠰᠠᠭᠤᠭ᠎ᠠ 142 ᠡᠷᠣᠬᠡ 395 ᠬᠦᠮᠦᠨ᠂ ᠮᠠᠯ ᠤᠨ ᠶᠡᠷᠣᠩᠬᠡᠢ ᠲᠤᠭ᠎ᠠ 2.3 ᠲᠦᠮᠡᠨ ᠲᠣᠯᠣᠭᠠᠢ᠂ ᠵᠢᠯ ᠤᠨ ᠪᠣᠷᠣᠯᠠᠭᠤᠯᠣᠯᠲᠠ 2 ᠲᠦᠮᠡ ᠭᠠᠷᠣᠢ ᠲᠣᠯᠣᠭᠠᠢ᠂ ᠵᠢᠯ ᠲᠣᠳᠣᠮ ᠤᠨ ᠬᠦᠮᠦᠨ ᠲᠣᠮᠳᠠᠴᠢ ᠶᠢᠨ ᠡᠵᠡᠮᠳᠡᠵᠣ ᠪᠣᠯᠬᠤ ᠣᠷᠣᠯᠭ᠎ᠠ 24800 ᠲᠦᠬᠦᠷᠢᠭ᠃ ᠪᠠᠶᠠᠨᠰᠢᠪᠡᠷ ᠭᠠᠴᠠᠭ᠎ᠠ ᠣᠮᠠᠷᠠᠳᠣ ᠦᠷᠬᠡᠷᠢᠭ ᠤᠨ 37。ᠣᠷᠴᠢᠮ ᠪᠠᠶᠢᠷᠢᠯᠠᠳᠠᠭ ᠠᠴᠠ ᠡᠯ᠎ᠡ ᠲᠦᠷᠦᠯ ᠤᠨ ᠣᠷᠭᠤᠮᠠᠯ ᠲᠦᠯᠵᠢᠬᠦ ᠳᠤ ᠮᠠᠰᠢ ᠲᠣᠬᠢᠷᠠᠮᠵᠢᠲᠠᠢ᠂ ᠬᠦᠷᠣᠰᠣᠨ ᠤ PH ᠬᠡᠮᠵᠢᠭᠳᠡᠯ 8 ᠣᠷᠴᠢᠮ᠂ ᠭᠠᠵᠠᠷ ᠲᠣᠣᠷᠠᠬᠢ ᠣᠰᠣᠨ ᠤ ᠲᠦᠪᠰᠢᠨ ᠬᠦᠢᠬᠡᠨ᠂ ᠴᠢᠨᠠᠷ ᠰᠠᠶᠢᠨ᠂ ᠨᠡᠬᠡᠬᠡᠨ ᠠᠰᠢᠭᠯᠠᠬᠤ ᠳᠤ ᠬᠢᠯᠪᠡᠷ ᠡᠪᠡᠰᠣ ᠰᠣᠷᠭᠤᠭ ᠣᠰᠣ ᠲᠣᠩᠭᠠᠯᠠᠭ ᠭᠠᠵᠠᠷ ᠪᠣᠯᠬᠤ ᠶᠣᠮ᠃ ᠵᠢᠯ ᠤᠨ ᠲᠣᠮᠳᠠᠴᠢ ᠠᠭᠠᠷ ᠤᠨ ᠲᠣᠯᠠᠭᠠᠨ 7.5 — 7.6℃᠂ ᠪᠦᠳᠣᠮᠵᠢᠲᠠᠢ ᠬᠤᠷᠠᠮᠠᠯ ᠲᠣᠯᠠᠭᠠᠨ 10℃᠂ ᠵᠢᠯ ᠤᠨ ᠪᠦᠳᠣᠮᠵᠢᠲᠠᠢ ᠬᠤᠷᠠᠮᠠᠯ ᠲᠣᠯᠠᠭᠠᠨ 2900℃ ᠣᠷᠴᠢᠮ᠂ ᠵᠢᠯ ᠤᠨ ᠲᠣᠨᠳᠠᠰᠣ 260mm ᠣᠷᠴᠢᠮ ᠪᠠᠶᠢᠳᠠᠭ ᠪᠣᠯᠬᠤᠷ ᠠᠮᠢ ᠠᠬᠤᠢ ᠶᠢᠨ ᠪᠠᠶᠢᠭᠤᠯᠣᠯᠲᠠ ᠬᠠᠮᠠᠭᠠᠯᠠᠯᠲᠠ ᠪᠠᠷ ᠭᠤᠣᠯ ᠪᠣᠯᠭᠠᠵᠣ᠂ ᠡᠷᠬᠢᠯᠲᠡᠲᠣ ᠮᠠᠯ ᠠᠵᠣ ᠠᠬᠤᠢ᠂ ᠣᠳᠣ ᠦᠶ᠎ᠡ ᠶᠢᠨ ᠲᠠᠷᠢᠶᠠᠯᠠᠩ ᠪᠣᠯᠣᠨ  ᠲᠠᠯ᠎ᠠ ᠨᠣᠲᠤᠭ ᠤᠨ ᠣᠣᠭᠠᠯ ᠰᠣᠶᠣᠯ  ᠤᠨ ᠵᠢᠭᠤᠯᠴᠢᠯᠠᠯ ᠢᠶᠠᠷ ᠠᠵᠣ ᠦᠢᠯᠡᠰ ᠢᠶᠠᠨ ᠪᠣᠯᠭᠠᠭᠰᠠᠨ ᠠᠮᠢ ᠠᠬᠤᠶᠢᠴᠢ ᠭᠠᠴᠠᠭ᠎ᠠ ᠪᠣᠯᠣᠨ᠎ᠠ᠃
ᠢᠷᠡᠯᠲᠡ᠄ ᠲᠣᠰ ᠰᠦᠯᠵᠢᠶ᠎ᠡ