ᠪᠠᠶᠢᠲᠤ ᠭᠠᠴᠠᠭ᠎ᠠ ᠨᠢ ᠱᠠᠩᠬᠠᠢ ᠶᠢᠨ ᠰᠦᠮ᠎ᠡ ᠪᠠᠯᠭᠠᠰᠣᠨ ᠠᠴᠠ ᠵᠡᠬᠦᠨ ᠬᠤᠶᠢᠰᠢ 57 ᠺᠢᠯᠤᠮᠧᠲᠷ ᠵᠠᠶᠢᠲᠠᠢ ᠭᠠᠵᠠᠷ ᠪᠠᠶᠢᠷᠢᠯᠠᠵᠦ᠂ ᠵᠡᠭᠦᠨᠰᠢ ᠪᠠᠨ ᠦᠤᠲᠢ | ᠭᠠᠴᠠᠭ᠎ᠠ᠂ ᠠᠯᠲᠠᠢ ᠭᠠᠴᠠᠭ᠎ᠠ ᠲᠠᠢ ᠬᠦᠷᠰᠢᠯᠡᠵᠦ᠂ ᠡᠮᠦᠨᠡᠰᠢ ᠪᠠᠨ ᠮᠠᠩᠬᠠᠲᠤ ᠭᠠᠴᠠᠭ᠎ᠠ ᠲᠠᠢ ᠬᠦᠷᠰᠢᠯᠡᠨ᠂ ᠪᠠᠷᠠᠭᠤᠨ ᠡᠮᠦᠨᠡᠰᠢ ᠪᠠᠨ ᠬᠠᠰᠢᠶᠠᠲᠤ ᠭᠠᠴᠠᠭ᠎ᠠ | ᠵᠠᠯᠭᠠᠯᠳᠣᠵᠣ᠂ ᠪᠠᠷᠠᠭᠤᠨ ᠪᠠ ᠪᠠᠷᠠᠭᠤᠨ ᠬᠤᠶᠢᠰᠢ ᠪᠠᠨ ᠨᠢᠩᠰᠢᠶᠠ ᠶᠢᠨ ᠫᠢᠩ ᠯᠦᠸᠧ ᠰᠢᠶᠠᠨ ᠤ ᠲᠤᠭᠤᠷᠢᠬᠤ ᠪᠠᠯᠭᠠᠰᠣ ᠲᠠᠢ ᠵᠠᠬ᠎ᠠ ᠨᠡᠶᠢᠯᠡᠨ᠂ ᠵᠡᠭᠦᠨ | ᠬᠤᠶᠢᠰᠢ ᠪᠠᠨ ᠬᠦᠨ ᠣᠰᠣ ᠭᠠᠴᠠᠭ᠎ᠠ ᠲᠠᠢ ᠵᠠᠯᠭᠠᠯᠳᠣᠨᠠ᠃ ᠶᠡᠷᠦᠩᠬᠡᠢ ᠭᠠᠵᠠᠷ ᠰᠢᠷᠣᠢ ᠶᠢᠨ ᠲᠠᠯᠠᠪᠠᠢ 86.9 ᠲᠦᠮᠡᠨ ᠮᠣ᠋᠂ ᠬᠠᠮᠲᠤ ᠵᠢᠨᠨᠤᠲᠤᠭ ᠪᠡᠯᠴᠢᠭᠡᠷ | 7876 ᠮᠣ᠋᠂ ᠣᠰᠣᠯᠠᠯᠲᠠ ᠶᠢᠨ ᠭᠠᠵᠠᠷ 150 ᠮᠣ᠋᠂ ᠬᠠᠷᠢᠶᠠᠨ ᠳᠤ ᠨᠢ ᠳᠦᠷᠪᠡᠨ ᠮᠠᠯᠵᠢᠯ ᠤᠨ ᠬᠤᠷᠰᠢᠶ᠎ᠠ ᠲᠠᠢ᠂ ᠨᠡᠶᠢᠲᠡ 225 ᠡᠷᠦᠬᠡ 591 ᠬᠦᠮᠦᠨ | ᠠᠮᠠ ᠲᠠᠢ᠂ ᠨᠢᠭᠡᠨᠲᠡ 90 ᠡᠷᠦᠬᠡ 338 ᠬᠦᠮᠦᠨ ᠠᠮᠠ ᠶᠢ ᠰᠢᠯᠵᠢᠭᠦᠯᠵᠦ᠂ 135 ᠡᠷᠦᠬᠡ 380 ᠬᠦᠮᠦᠨ ᠠᠮᠠ ᠦᠯᠡᠳᠡᠵᠦ ᠰᠠᠭᠤᠷᠢᠰᠢᠨ᠂ ᠣᠳᠣ ᠪᠠᠶᠢᠭ᠎ᠠ | ᠨᠠᠮ ᠤᠨ ᠬᠡᠰᠢᠭᠦᠨ 28 ᠬᠦᠮᠦᠨ᠂ ᠮᠠᠯ ᠠᠵᠤ ᠠᠬᠤᠢ ᠪᠠᠷ ᠭᠤᠣᠯᠯᠠᠬᠤ ᠠᠵᠤ ᠦᠢᠯᠡᠰ ᠢᠶᠠᠨ ᠪᠣᠯᠭᠠᠵᠣ᠂ ᠮᠠᠯ ᠠᠵᠤ ᠠᠬᠤᠢ ᠶᠢᠨ ᠵᠢᠯ ᠤᠨ ᠮᠠᠯ ᠤᠨ ᠦᠰᠦᠯᠲᠠ | 9 ᠲᠦᠮᠡᠨ ᠲᠤᠯᠤᠭᠠᠢ᠂ ᠲᠤᠮᠤ ᠬᠡᠯᠪᠡᠷᠢ ᠶᠢᠨ ᠲᠡᠵᠢᠭᠡᠨ ᠦᠷᠡᠵᠢᠭᠦᠯᠬᠦ ᠬᠠᠰᠢᠶ᠎ᠠ 60 ᠪᠠᠶᠢᠭ᠎ᠠ᠃ ᠭᠠᠴᠠᠭᠠᠨ ᠤ ᠭᠠᠵᠠᠷ ᠤᠨ ᠭᠠᠳᠠᠷᠭᠤ ᠳᠤ ᠵᠡᠷᠯᠢᠭ ᠰᠢᠬᠢᠷ ᠡᠪᠡᠰᠦ᠂ | ᠬᠠᠷᠭᠠᠨ᠎ᠠ ᠵᠡᠷᠭᠡ ᠬᠤᠪᠤᠷ ᠣᠷᠭᠤᠮᠠᠯ ᠪᠠᠶᠢᠵᠤ᠂ ᠭᠠᠵᠠᠷ ᠳᠣᠣᠷ᠎ᠠ ᠨᠢ ᠡᠯᠪᠡᠭ ᠨᠡᠭᠦᠷᠡᠰᠦᠨ ᠤ ᠡᠬᠢ ᠪᠠᠶᠠᠯᠢᠭ ᠲᠠᠢ᠃ | |