ᠬᠠᠷᠠᠰᠡᠭᠡᠷ ᠭᠠᠴᠠᠭ᠎ᠠ ᠰᠢᠷᠬᠤᠰᠣᠨ ᠭᠤᠣᠯ ᠤᠨ ᠰᠠᠪᠠ ᠭᠠᠵᠠᠷ ᠲᠤ ᠪᠠᠶᠢᠷᠢᠯᠠᠵᠣ᠂ ᠪᠣᠷᠣᠪᠠᠯᠭᠠᠰᠣ ᠪᠠᠯᠭᠠᠰᠣᠨ ᠤ ᠵᠠᠰᠠᠭ ᠤᠨ ᠣᠷᠳᠣᠨ ᠤ ᠰᠠᠭᠤᠭ᠎ᠠ ᠭᠠᠵᠠᠷ | ᠠᠴᠠ ᠪᠠᠷᠠᠭᠤᠨ ᠬᠤᠶᠢᠰᠢ 65 ᠺᠢᠯᠣᠮᠧᠲᠷ ᠵᠠᠶᠢᠲᠠᠢ᠂ ᠣᠯᠵᠠᠴᠢ ᠪᠠᠯᠭᠠᠰᠣᠨ ᠤ ᠵᠠᠰᠠᠭ ᠤᠨ ᠣᠷᠳᠣᠨ ᠤ ᠰᠠᠭᠤᠭ᠎ᠠ ᠭᠠᠵᠠᠷ ᠠᠴᠠ 25 ᠺᠢᠯᠣᠮᠧᠲᠷ ᠵᠠᠶᠢᠲᠠᠢ᠂ | ᠵᠡᠬᠦᠨᠰᠢ ᠪᠠᠨ ᠬᠡᠵᠣᠣᠷ ᠭᠠᠴᠠᠭ᠎ᠠ ᠲᠠᠢ ᠰᠠᠪᠠᠯᠠᠨ᠂ ᠡᠮᠣᠨᠡᠰᠢ ᠪᠠᠨ ᠪᠠᠶᠠᠨᠰᠢᠯᠢ ᠭᠠᠴᠠᠭ᠎ᠠ ᠲᠠᠢ ᠬᠦᠷᠰᠢᠯᠡᠵᠣ᠂ ᠪᠠᠷᠠᠭᠤᠨᠰᠢ ᠪᠠᠨ ᠣᠪᠣᠭᠠᠨ ᠬᠠᠲᠠᠭᠤ ᠲᠣᠰᠬᠤᠨ | ᠪᠣᠯᠣᠨ ᠬᠤᠯᠣᠰᠣᠨ ᠨᠠᠭᠤᠷ ᠲᠣᠰᠬᠤᠨ ᠲᠠᠢ ᠵᠠᠯᠭᠠᠯᠳᠣᠵᠣ᠂ ᠬᠤᠶᠢᠰᠢ ᠪᠠᠨ ᠣᠯᠵᠠᠴᠢ ᠪᠠᠯᠭᠠᠰᠣᠨ ᠤ ᠣᠯᠠᠭᠠᠨᠳᠣᠪᠣᠩ ᠭᠠᠴᠠᠭ᠎ᠠ ᠲᠠᠢ ᠵᠠᠬ᠎ᠠ ᠨᠡᠶᠢᠯᠡᠨ᠎ᠡ᠃ | ᠮᠣᠩᠭᠤᠯ ᠦᠨᠳᠣᠰᠣᠲᠡᠨ ᠢᠶᠠᠷ ᠭᠤᠣᠯ ᠴᠣᠭᠴᠠ ᠪᠣᠯᠭᠠᠵᠣ᠂ ᠮᠠᠯ ᠲᠠᠷᠢᠶᠠᠯᠠᠩ ᠢ ᠣᠶᠠᠯᠳᠣᠭᠤᠯᠣᠭᠰᠠᠨ ᠭᠠᠴᠠᠭ᠎ᠠ ᠪᠣᠯᠣᠨ᠎ᠠ᠃ ᠨᠠᠷᠢᠨ᠂ ᠪᠣᠯᠠᠭ᠂ ᠡᠷᠢᠶᠡᠨᠲᠣᠯᠣᠭᠠᠢ᠂ | ᠪᠣᠷᠣᠲᠣᠯᠣᠭᠠᠢ 4 ᠮᠠᠯᠵᠢᠯ ᠤᠨ ᠬᠤᠷᠰᠢᠶ᠎ᠠ ᠲᠠᠢ᠂ ᠨᠡᠶᠢᠲᠡ 209 ᠮᠠᠯᠴᠢᠨ ᠲᠠᠷᠢᠶᠠᠴᠢᠨ ᠡᠷᠣᠬᠡ ᠲᠠᠢ᠂ ᠪᠠᠶᠢᠩᠭᠤ ᠰᠠᠭᠤᠭ᠎ᠠ 156 ᠡᠷᠣᠬᠡ᠂ ᠶᠡᠷᠣᠩᠬᠡᠢ | ᠬᠦᠮᠦᠨ ᠠᠮᠠ 574 ᠬᠦᠮᠦᠨ᠃ ᠭᠠᠴᠠᠭᠠᠨ ᠤ ᠶᠡᠷᠣᠩᠬᠡᠢ ᠲᠠᠯᠠᠪᠠᠢ 37.2 ᠲᠦᠮᠡᠨ ᠮᠣ᠋᠂ ᠬᠠᠮᠲᠣ ᠶᠢᠨ ᠨᠣᠲᠤᠭ ᠪᠡᠯᠴᠢᠬᠡᠷ 15000 ᠮᠣ᠋᠂ ᠣᠰᠣᠨ ᠭᠠᠵᠠᠷ | 17043 ᠮᠣ᠋᠃ 30 ᠨᠠᠮ ᠤᠨ ᠬᠡᠰᠢᠬᠦᠨ ᠲᠠᠢ᠂ ᠡᠬᠦᠨ ᠳᠤ ᠡᠮᠡᠭᠲᠡᠢ ᠨᠠᠮ ᠤᠨ ᠬᠡᠰᠢᠬᠦᠨ 4᠂ ᠴᠦᠬᠡᠨ ᠲᠣᠭᠠᠲᠣ ᠦᠨᠳᠣᠰᠣᠲᠡᠨ ᠤ ᠨᠠᠮ ᠤᠨ ᠬᠡᠰᠢᠬᠦᠨ 24 | ᠪᠣᠢ᠃ ᠲᠠᠷᠢᠵᠣ ᠲᠡᠵᠢᠬᠡᠬᠦ ᠦᠢᠯᠡᠰ ᠢᠶᠠᠷ ᠭᠤᠣᠯ ᠠᠵᠣ ᠦᠢᠯᠡᠰ ᠢᠶᠠᠨ ᠪᠣᠯᠭᠠᠵᠣ᠂ 2017 ᠣᠨ ᠳᠤ ᠭᠠᠴᠠᠭᠠᠨ ᠤ ᠬᠠᠮᠳᠣ ᠶᠢᠨ ᠠᠵᠣ ᠠᠬᠤᠢ ᠶᠢᠨ ᠣᠷᠣᠯᠭ᠎ᠠ | 8 ᠲᠦᠮᠡᠨ ᠲᠦᠬᠦᠷᠢᠭ ᠠᠴᠠ ᠲᠡᠪᠠᠵᠠᠢ᠃ |