ᠣᠳᠤᠭ ᠤᠨ ᠠᠷᠪᠠᠨ ᠭᠤᠷᠪᠠᠨ ᠬᠤᠰᠢᠭᠤ ᠣᠪᠣᠭ᠎ᠠ — ᠪᠤᠷᠤᠳᠤᠯᠤᠭᠠᠢ ᠶᠢᠨ ᠤᠪᠤᠭ᠎ᠠ ︵ᠡᠨᠡᠷᠢᠯᠳᠤ ᠡᠷᠬᠢᠮᠳᠠᠯᠠᠢ ᠸᠠᠩ ᠤᠪᠤᠭ᠎ᠠ︶
ᠨᠡᠶᠢᠲᠡᠯᠡᠭᠰᠡᠨ ᠴᠠᠭ᠄
2023/6/12
     ᠪᠤᠷᠤᠳᠤᠯᠤᠭᠠᠢ ᠶᠢᠨ ᠤᠪᠤᠭ᠎ᠠ ᠪᠤᠯ ᠤᠳᠤ ᠶᠢᠨ ᠤᠳᠤᠭ ᠤᠨ ᠡᠮᠤᠨᠡᠳᠤ ᠬᠤᠰᠢᠭᠤᠨ ᠤ ᠮᠤᠭᠠᠶᠢᠳᠤ ᠰᠤᠮᠤᠨ ᠤ ᠠᠷᠯᠠᠢ ᠭᠠᠴᠠᠭᠠᠨ ᠤ ᠡᠮᠤᠨ᠎ᠡ ᠪᠤᠷᠤᠳᠤᠯᠤᠭᠠᠢ ᠬᠡᠮᠡᠬᠦ ᠳᠠᠯᠠᠢ ᠶᠢᠨ ᠲᠦᠪᠰᠢᠨ ᠠᠴᠠ 1389.1 ᠮᠧᠲᠷ ᠦᠨᠳᠤᠷ᠂ ᠤᠮᠠᠷᠠᠳᠤ ᠦᠷᠬᠡᠷᠢᠭ ᠤᠨ 38°29'᠂ ᠵᠡᠬᠦᠨ ᠤᠷᠳᠤᠷᠢᠭ ᠤᠨ 107°29' ᠳᠤ ᠬᠦᠬᠡ ᠪᠤᠬ᠎ᠠ ᠬᠡᠪᠳᠡᠭᠰᠡᠨ ᠰᠢᠨᠵᠢᠳᠠᠢ ᠤᠷᠤᠢ ᠶᠢᠨ ᠬᠠᠮᠠᠷ ᠳᠡᠬᠡᠷ᠎ᠡ ᠪᠤᠢ᠃ 15 ᠳᠤᠬᠤᠢ ᠬᠦᠨ ᠨᠦᠬᠡ ᠮᠠᠯᠳᠠᠵᠤ ᠳᠡᠬᠦᠨ ᠤ ᠳᠤᠳᠤᠷ᠎ᠠ 10 ᠰᠡᠪᠡᠭ ᠬᠦᠬᠡ ᠴᠠᠢ ᠪᠠᠷ ᠰᠦᠮ᠎ᠠ ᠪᠠᠷᠢᠵᠤ ᠳᠤᠳᠤᠷ᠎ᠠ ᠨᠢ ᠵᠠᠭᠤᠨ ᠨᠠᠢᠮᠠᠨ ᠪᠤᠳᠢ ᠭᠠᠨᠵᠤᠤᠷ ᠨᠤᠮ ᠪᠤᠯᠤᠨ ᠮᠠᠰᠢ ᠠᠷᠪᠢᠨ ᠡᠷᠳᠡᠨᠢᠰ ᠤᠨ ᠱᠠᠩ ᠳᠠᠷᠤᠵᠠᠢ᠃ ᠡᠬᠦᠨ ᠤ ᠳᠡᠬᠡᠷ᠎ᠡ ᠨᠢ 400 ᠳᠡᠭᠰᠢ ᠲᠦᠷᠪᠡᠯᠵᠢᠨ ᠳᠤᠬᠤᠢ᠂ 6 ᠳᠤᠬᠤᠢ ᠦᠨᠳᠤᠷ ᠰᠠᠭᠤᠷᠢᠨ ᠳᠡᠬᠡᠷ᠎ᠡ 210 ᠳᠡᠭᠰᠢ ᠲᠦᠷᠪᠡᠯᠵᠢᠨ ᠳᠤᠬᠤᠢ᠂ 4 ᠳᠤᠬᠤᠢ ᠦᠨᠳᠤᠷ ᠳᠠᠶᠢᠰᠠᠨ ᠳᠡᠬᠡᠷ᠎ᠡ᠂ 64 ᠳᠡᠭᠰᠢ ᠲᠦᠷᠪᠡᠯᠵᠢᠨ ᠳᠤᠬᠤᠢ᠂ 3 ᠳᠤᠬᠤᠢ ᠦᠨᠳᠤᠷ ᠳᠤᠭᠤᠷᠢᠭ ᠤᠨ ᠳᠤᠳᠤᠷ᠎ᠠ ᠬᠤᠸᠠ ᠪᠤᠷᠭᠠᠰᠤᠨ ᠰᠠᠭᠰᠤᠭᠠᠢ ᠪᠤᠰᠬᠠᠭᠰᠡᠨ ᠪᠦᠬᠡᠤᠨ ᠡᠬᠦᠨ ᠤ ᠳᠤᠮᠳᠠ ᠠᠯᠳᠠ ᠰᠢᠷᠠᠭᠰᠡᠨ ᠭᠠᠤᠯᠢᠨ ᠳᠤᠭ ᠵᠠᠮᠰᠠᠨ ᠲᠠᠢ ᠬᠠᠮᠳᠤ ᠪᠤᠰᠬᠠᠵᠤ ᠤᠪᠤᠭᠠᠨ ᠳᠠᠭᠠᠨ ᠰᠠᠳᠠᠷᠳᠠᠢ ᠬᠤᠨᠢᠨ ᠠᠬᠠᠷ ︵ᠨᠤᠤᠰᠤ︶ ᠢᠶᠠᠷ ᠳᠠᠮᠤᠭᠰᠠᠨ ᠳᠡᠬᠡᠰᠤᠨ ᠳᠤ ᠳᠠᠪᠤᠨ ᠦᠩᠬᠡ ᠶᠢᠨ ᠯᠤᠩᠵᠢᠤᠨ ᠬᠡᠶᠢᠮᠤᠷᠢ ᠶᠢᠨ ᠳᠠᠷᠴᠤᠭ ᠬᠠᠳᠠᠵᠤ ᠪᠦᠰᠡᠯᠡᠵᠡᠢ᠃ ᠶᠡᠭᠡ ᠤᠪᠤᠭᠠᠨ ᠤ ᠡᠮᠤᠨ᠎ᠡ ᠳᠠᠯ᠎ᠠ ᠳᠤ ᠬᠠᠷ᠎ᠠ ᠬᠢᠯᠠᠭᠠᠰᠤᠨ ᠬᠦᠬᠦᠯ ᠲᠠᠢ 2 ᠰᠠᠶᠢᠰᠤᠮ ᠪᠤᠰᠬᠠᠵᠤ ᠳᠡᠬᠦᠨ ᠤ ᠬᠤᠭᠤᠷᠤᠨᠳᠤ ᠨᠢ ᠳᠠᠪᠤᠨ ᠦᠩᠬᠡ ᠶᠢᠨ ᠬᠡᠶᠢᠮᠤᠷᠢ ᠶᠢᠨ ᠳᠠᠷᠴᠤᠭ ᠡᠯᠬᠦᠵᠤ ᠳᠤᠮᠳᠠ ᠨᠢ ᠰᠠᠩ ᠰᠤᠯᠬᠡ ᠳᠠᠯᠪᠢᠬᠤ ᠬᠠᠳᠠᠨ ᠱᠠᠩᠯᠤ  ᠲᠠᠢ᠃ ᠳᠡᠬᠦᠨ ᠤ ᠡᠮᠤᠨ᠎ᠡ ᠰᠤᠭ ᠳᠡᠬᠡᠵᠢ᠂ ᠦᠤᠩᠡ ᠰᠢᠬᠦᠰᠤ ᠳᠠᠯᠪᠢᠬᠤ ᠳᠠᠶᠢᠰᠠ ᠲᠠᠢ᠃ ᠶᠡᠭᠡ ᠤᠪᠤᠭᠠᠨ ᠤ ᠠᠷᠤ ᠠᠴᠠ ᠬᠤᠭᠤᠷᠤᠨᠳᠤ ᠪᠠᠨ 2 ᠠᠯᠳᠠ ᠵᠠᠶᠢᠳᠠᠢ 12 ᠴᠡᠷᠢᠭ ᠤᠪᠤᠭ᠎ᠠ ᠶᠢ ᠬᠤᠶᠢᠳᠤ ᠳᠤᠯᠤᠭᠠᠢ ᠶᠢᠨ ᠤᠷᠤᠢ ᠤᠷᠤᠭᠤ ᠳᠠᠰᠢᠭᠤ ᠵᠢᠭᠳᠡᠷᠡᠬᠦᠯᠤᠨ ᠪᠤᠰᠬᠠᠵᠠᠢ᠃     ᠶᠡᠭᠡ ᠤᠪᠤᠭᠠᠨ ᠤ ᠵᠡᠬᠦᠨ ᠡᠮᠤᠨ᠎ᠡ ᠵᠦᠭ ᠲᠤ ᠤᠪᠤᠭᠠᠨ ᠱᠠᠩ ᠤᠨ ᠬᠢᠶ᠎ᠡ ᠤᠪᠤᠭ᠎ᠠ ᠲᠠᠢ᠃ ᠪᠠᠷᠠᠭᠤᠨ ᠳᠡᠷᠬᠡᠳᠠ ᠶᠠᠮᠤᠨ ᠲᠦᠬᠦᠮ ᠲᠠᠢ᠃     ᠡᠨᠡ ᠤᠪᠤᠭ᠎ᠠ ᠶᠢ ᠬᠠᠮᠤᠭ ᠠᠩᠬᠠᠨ ᠳᠤ ᠴᠢᠩᠬᠢᠰ ᠬᠠᠭᠠᠨ ᠤ ᠬᠤᠷᠢᠨ ᠬᠤᠶᠠᠳᠤᠭᠠᠷ ᠦᠶ᠎ᠡ ᠶᠢᠨ ᠬᠤᠶᠢᠴᠢ ᠪᠤᠯᠬᠤ ᠱᠠᠨᠳᠠ ᠬᠡᠮᠡᠬᠦ ᠤᠳᠤᠭ ᠬᠤᠰᠢᠭᠤᠨ ᠤ ᠨᠢᠬᠡᠳᠤᠬᠡᠷ ᠪᠠᠶᠢᠯᠠ ᠨᠤᠶᠠᠨ 1650 — 1663 ᠤᠨ ᠬᠦᠷᠳᠡᠯ᠎ᠡ ᠵᠠᠰᠠᠭ ᠪᠠᠷᠢᠵᠤ ᠪᠠᠶᠢᠬᠤ ᠦᠶ᠎ᠡ ᠳᠤ ᠤᠳᠤᠭ ᠬᠤᠰᠢᠭᠤᠨ ᠤ ᠨᠢᠬᠡᠳᠤᠬᠡᠷ ᠤᠪᠤᠭ᠎ᠠ ᠬᠡᠵᠤ ᠪᠤᠰᠬᠠᠭᠠᠤᠨ ᠦᠪᠡᠷ ᠤᠨ ᠪᠡᠶ᠎ᠡ ᠪᠠᠷ ᠢᠶᠠᠨ ᠳᠠᠬᠢᠵᠤ ᠪᠠᠶᠢᠵᠠᠢ᠃ ᠳᠡᠬᠦᠨ ᠠᠴᠠ ᠬᠤᠶᠢᠰᠢ ᠦᠶ᠎ᠡ ᠤᠯᠠᠷᠢᠨ ᠵᠠᠯᠭᠠᠮᠵᠢᠯᠠᠨ ᠳᠠᠬᠢᠭᠰᠠᠭᠠᠷ ᠢᠷᠡᠭᠰᠡᠨ ᠪᠢᠯᠡ᠃     ᠤᠪᠤᠭᠠᠨ ᠤ ᠳᠠᠷᠬᠠᠨ ᠬᠢᠶ᠎ᠡ 1᠂ ᠳᠠᠭᠠᠭᠠᠮᠠᠯ 2᠂ ᠨᠠᠩᠰᠤ ᠯᠠᠮᠠ 1᠂ ᠭᠤᠨᠢᠷ 1᠂ ᠱᠠᠩᠰᠤᠤᠨ 1 ᠵᠡᠷᠬᠡ 6 ᠬᠦᠮᠤᠨ ᠢ ᠪᠦᠷ ᠬᠤᠰᠢᠭᠤ ᠶᠠᠮᠤᠨ ᠠᠴᠠ ᠠᠯᠪᠠᠨ ᠪᠢᠴᠢᠭ ᠭᠠᠷᠭᠠᠵᠤ ᠳᠤᠮᠢᠯᠠᠳᠠᠭ ᠪᠠᠶᠢᠵᠠᠢ᠃ ᠨᠠᠩ ᠴᠤ ᠳᠠᠷᠬᠠᠨ ᠬᠢᠶ᠎ᠠ ᠪᠤᠯ ᠦᠶ᠎ᠡ ᠵᠠᠯᠭᠠᠮᠵᠢᠯᠠᠨ ᠬᠢᠶ᠎ᠠ ᠰᠠᠭᠤᠵᠤ ᠤᠪᠤᠭᠠᠨ ᠤ ᠠᠯᠢᠪᠠ ᠳᠠᠬᠢᠯᠭ᠎ᠠ ᠰᠢᠳᠤᠯᠬᠡ  ᠶᠢᠨ ᠠᠵᠢᠯ ᠢ ᠡᠵᠡᠨ ᠮᠡᠳᠡᠵᠤ ᠬᠠᠮᠢᠶᠠᠷᠬᠤ ᠡᠷᠬᠡ ᠲᠠᠢ᠂ ᠪᠤᠰᠤᠤᠨ 2 ᠳᠠᠭᠠᠭᠠᠮᠠᠯ ᠨᠢ ᠰᠤᠯᠢᠭᠳᠠᠬᠤ ᠳᠤ ᠬᠦᠷᠪᠡᠯ ᠡᠷᠬᠡᠪᠰᠢ ᠲᠦᠷᠤᠬᠦᠤ ᠬᠢᠵᠤ ᠪᠠᠶᠢᠭᠰᠡᠨ ᠬᠦᠮᠤᠨ  ᠨᠢ ᠵᠠᠯᠭᠠᠮᠵᠢᠯᠠᠨ ᠬᠢᠬᠦ ᠬᠦᠮᠤᠨ ᠢᠶᠠᠨ ᠬᠤᠰᠢᠭᠤ ᠶᠠᠮᠤᠨ ᠳᠤ ᠨᠠᠷ᠎ᠠ ᠶᠢᠨ ᠳᠠᠩᠰᠠ ᠪᠠᠷ ᠮᠡᠳᠡᠬᠦᠯᠵᠤ ᠳᠤᠮᠢᠯᠠᠭᠤᠯᠳᠠᠭ ᠪᠠᠶᠢᠵᠠᠢ᠃ ᠪᠤᠰᠤᠤᠨ 4 ᠳᠠᠯ᠎ᠠ ᠶᠢᠨ ᠳᠠᠴᠠᠩ ᠪᠤᠯᠤᠨ ᠨᠢᠷᠪᠡ ᠭᠠᠯᠴᠢ ᠵᠡᠷᠬᠡ 6 ᠬᠦᠮᠤᠨ ᠢ ᠬᠠᠷᠢᠶᠠᠳᠤ ᠬᠠᠷᠢᠶ᠎ᠠ ᠰᠤᠮᠤᠨ ᠠᠴᠠ ᠳᠤᠬᠢᠷᠠᠭᠤᠯᠳᠠᠭ᠃ ᠤᠪᠤᠭᠠᠨ ᠤ ᠨᠠᠩᠰᠤ᠂ ᠭᠤᠨᠢᠷ᠂ ᠱᠠᠩᠰᠤᠤᠨ ᠯᠠᠮᠠ ᠶᠢ ᠡᠷᠬᠡᠪᠰᠢ ᠵᠢᠷᠭᠠᠯᠠᠩᠳᠤ ᠶᠢᠨ ᠠᠭᠤᠢ᠂ ᠨᠤᠭᠤᠭᠠᠨᠳᠠᠢ ᠶᠢᠨ ᠠᠭᠤᠢ᠂ ᠬᠦᠷᠡᠯᠴᠢ ᠶᠢᠨ ᠠᠭᠤᠢ᠂ ᠳᠤᠯᠤᠭᠠᠨ ᠠᠭᠤᠢ᠂ ᠳᠠᠰᠢᠭᠤ ᠶᠢᠨ ᠠᠭᠤᠢ᠂ ᠳᠤᠪᠤᠩ ᠤᠨ ᠠᠭᠤᠢ᠂ ᠬᠠᠷ᠎ᠠ ᠳᠤᠯᠤᠭᠠᠢ ᠶᠢᠨ ᠠᠭᠤᠢ ᠵᠡᠷᠬᠡ 7 ᠭᠠᠵᠠᠷ ᠤᠨ ᠠᠭᠤᠢ ᠳᠤ ᠰᠠᠭᠤᠵᠤ ᠨᠤᠮ ᠪᠢᠰᠢᠯᠭᠠᠨ ᠨᠤᠮ ᠤᠨ ᠢᠳᠠ ᠰᠢᠳᠠ ᠶᠢ ᠤᠯᠤᠭᠰᠡᠨ ᠡᠷᠳᠠᠮ ᠲᠠᠢ ᠯᠠᠮᠠ ᠪᠠᠷ ᠳᠠᠬᠢᠭᠤᠯᠳᠠᠭ ᠪᠠᠶᠢᠵᠠᠢ᠃     ᠳᠠᠷᠬᠠᠨ ᠬᠢᠶ᠎ᠡ ᠪᠤᠯᠤᠨ ᠨᠠᠩᠰᠤ ᠭᠤᠨᠢᠷ ᠨᠠᠷ ᠨᠢ ᠤᠪᠤᠭᠠᠨ ᠤ ᠳᠠᠬᠢᠯᠭ᠎ᠠ ᠶᠢ ᠡᠷᠬᠢᠯᠡᠨ ᠬᠦᠢᠴᠡᠤᠨᠬᠡᠨ᠎ᠡ᠂ ᠶᠡᠭᠡ ᠪᠠᠭ᠎ᠠ 2 ᠳᠠᠭᠠᠭᠠᠮᠠᠯ ᠨᠢ ᠤᠪᠤᠭᠠᠨ ᠤ ᠠᠯᠢᠪᠠ ᠬᠡᠷᠡᠭ ᠵᠠᠷᠭᠤ ᠶᠢ ᠰᠢᠤᠨᠬᠡᠳᠡᠭ᠃ ᠬᠡᠷᠪᠡ ᠬᠦᠨᠳᠤ ᠬᠡᠷᠡᠭᠳᠡᠨ ᠳᠤᠬᠢᠶᠠᠯᠳᠤᠪᠠᠯ ᠳᠠᠷᠠ ᠬᠦ ᠶᠠᠮᠤᠨ ᠲᠦᠬᠦᠮ ᠳᠤ ᠠᠪᠠᠴᠢᠨ ᠪᠤᠷᠭᠠᠰᠤᠨ ᠮᠤᠳᠤ ᠪᠠᠷ ᠵᠤᠳᠤᠳᠠᠭ᠃ 4 ᠳᠠᠴᠠᠩ ᠨᠢ ᠤᠪᠤᠭ᠎ᠠ ᠪᠠᠨ ᠰᠢᠨᠡᠤᠨᠬᠡᠨ ᠵᠠᠰᠠᠬᠤ᠂ ᠡᠷᠬᠦᠯ ᠳᠠᠬᠢᠯᠭ᠎ᠠ ᠶᠢᠨ ᠦᠤᠩᠡ ᠰᠢᠬᠦᠰᠤ ᠪᠠᠨ ᠪᠡᠯᠡᠤᠨᠬᠡᠳᠡᠭ᠃ ᠨᠢᠷᠪᠡ ᠨᠢ ᠤᠪᠤᠭᠠᠨ ᠤ ᠪᠡᠯᠡᠨ ᠪᠤᠳᠠᠰ ᠢ ᠬᠠᠮᠢᠶᠠᠷᠬᠤ᠂ ᠭᠠᠯᠴᠢ ᠨᠢ ᠤᠶᠢᠯᠡᠴᠢᠯᠡᠭᠡ ᠶᠢᠨ ᠠᠯᠢᠪᠠ ᠠᠵᠢᠯ ᠢ ᠬᠠᠷᠢᠭᠤᠴᠠᠨ᠎ᠠ᠃     ᠳᠠᠷᠬᠠᠨ ᠬᠢᠶ᠎ᠠ ᠠᠴᠠ ᠵᠢᠯ ᠪᠦᠷᠢ ᠶᠢᠨ ᠦᠬᠡᠯᠵᠢᠨ ᠰᠠᠷ᠎ᠠ ᠶᠢᠨ ᠪᠢᠳᠠᠬᠦᠨ᠂ ᠬᠤᠷᠢ ᠶᠢᠰᠤᠨ ᠤ ᠰᠦᠨᠢ ᠤᠪᠤᠭᠠᠨ ᠳᠤ ᠵᠤᠯᠠ ᠬᠦᠵᠢ ᠡᠷᠬᠦᠵᠤ᠂ ᠰᠢᠨ᠎ᠠ ᠶᠢᠨ ᠨᠢᠬᠡᠨ ᠤ ᠦᠷᠯᠤᠬᠡ ᠭᠤᠷᠪᠠᠨ ᠵᠠᠭᠤᠨ ᠵᠢᠷᠠᠨ ᠨᠢᠬᠡᠨ ᠤᠷᠢᠶᠠᠮᠠᠯ ᠵᠤᠯᠠ ᠡᠷᠬᠦᠵᠤ ᠰᠠᠩ ᠰᠤᠯᠬᠡ ᠳᠠᠯᠪᠢᠵᠤ ᠰᠠᠴᠤᠯᠢ ᠡᠷᠬᠦᠳᠡᠭ᠃ ᠪᠠᠰᠠ ᠤᠷᠳᠤᠰ ᠳᠤᠭᠠᠯᠠᠯ ᠤᠨ ᠴᠠᠭᠠᠨ ᠰᠠᠷ᠎ᠠ ᠶᠢᠨ ᠠᠷᠪᠠᠨ ᠭᠤᠷᠪᠠᠨ᠂ ᠨᠠᠢᠮᠠᠨ ᠰᠠᠷ᠎ᠠ ᠶᠢᠨ ᠠᠷᠪᠠᠨ ᠭᠤᠷᠪᠠᠨ᠂ ᠠᠷᠪᠠᠨ ᠰᠠᠷ᠎ᠠ ᠶᠢᠨ ᠠᠷᠪᠠᠨ ᠭᠤᠷᠪᠠᠨ᠂ ᠬᠤᠪᠢ ᠰᠠᠷ᠎ᠠ ᠶᠢᠨ ᠠᠷᠪᠠᠨ ᠭᠤᠷᠪᠠᠨ ᠤ ᠡᠳᠤᠷ ᠤᠳ ᠲᠤ ᠲᠦᠷᠪᠡᠨ ᠴᠠᠭ ᠤᠨ ᠳᠠᠬᠢᠯᠭ᠎ᠠ ᠲᠠᠢ᠃ ᠡᠬᠦᠨ ᠳᠤ ᠴᠠᠭᠠᠨ ᠰᠠᠷ᠎ᠠ᠂ ᠠᠷᠪᠠᠨ ᠰᠠᠷ᠎ᠠ᠂ ᠬᠤᠪᠢ ᠰᠠᠷ᠎ᠠ ᠶᠢᠨ ᠠᠷᠪᠠᠨ ᠭᠤᠷᠪᠠᠨ ᠤ 3 ᠪᠠᠭ᠎ᠠ ᠳᠠᠬᠢᠯᠭ᠎ᠠ ᠶᠢ 4 ᠳᠠᠯ᠎ᠠ ᠶᠢᠨ ᠳᠠᠴᠠᠩ ᠠᠴᠠ ᠨᠢᠬᠡ ᠨᠢ ᠡᠬᠡᠯᠵᠢ ᠪᠠᠷ ᠨᠢᠬᠡ ᠭᠤᠨᠢᠷ ᠲᠠᠢ᠂ ᠬᠠᠷᠢᠶ᠎ᠠ ᠰᠤᠮᠤ᠂ ᠠᠶᠢᠯ ᠡᠷᠤᠬᠡ ᠲᠠᠢ ᠬᠠᠮᠳᠤᠷᠠᠨ ᠨᠢᠬᠡ ᠬᠤᠨᠢᠨ ᠦᠤᠩᠡ ᠰᠢᠬᠦᠰᠤ ᠰᠤᠭ ᠳᠡᠬᠡᠵᠢ ᠪᠠᠷ ᠳᠠᠬᠢᠵᠤ ᠰᠠᠩ ᠰᠠᠷᠵᠢᠮ ᠡᠷᠬᠦᠳᠡᠭ᠃     ᠨᠠᠢᠮᠠᠨ ᠰᠠᠷ᠎ᠠ ᠶᠢᠨ ᠠᠷᠪᠠᠨ ᠭᠤᠷᠪᠠᠨ ᠪᠤᠯ ᠨᠢᠬᠡᠨ ᠵᠢᠯ ᠤᠨ ᠬᠠᠮᠤᠭ ᠤᠨ ᠶᠡᠭᠡ ᠳᠠᠬᠢᠯᠭ᠎ᠠ ᠪᠤᠯᠬᠤ ᠳᠤᠯᠠ ᠠᠷᠪᠠᠨ ᠠᠴᠠ ᠡᠬᠢᠯᠡᠨ ᠠᠷᠯᠠᠢ ᠶᠢᠨ ᠰᠦᠮ᠎ᠠ ᠶᠢᠨ ᠭᠠᠨᠵᠤᠤᠷ ᠨᠤᠮ ᠢ ᠵᠠᠯᠠᠵᠤ ᠨᠤᠳᠤᠭ ᠤᠰᠤ ᠪᠠᠷ ᠢᠶᠠᠨ ᠠᠯᠳᠠᠨᠬᠡᠷᠡᠯ ᠤᠨ ᠪᠦᠳᠤᠬᠡᠬᠦᠯ ᠢ ᠪᠦᠳᠤᠬᠡᠬᠡᠤᠨ ᠠᠷᠪᠠᠨ ᠭᠤᠷᠪᠠᠨ ᠤ ᠦᠷᠯᠤᠬᠡ ᠠᠴᠠ 4 ᠳᠠᠯ᠎ᠠ ᠶᠢᠨ ᠳᠠᠴᠠᠩ ᠠᠴᠠ ᠳᠤᠰ ᠪᠦᠷᠢ ᠨᠢᠬᠡ ᠬᠤᠨᠢᠨ ᠦᠤᠩᠡ ᠰᠢᠬᠦᠰᠤ ᠪᠠ ᠬᠠᠷᠢᠶ᠎ᠠ ᠰᠤᠮᠤ᠂ ᠰᠦᠮ᠎ᠠ ᠬᠡᠶᠢᠤᠨ᠂ ᠠᠶᠢᠯ ᠡᠷᠤᠬᠡ ᠠᠴᠠ ᠢᠷᠡᠭᠰᠡᠨ ᠨᠠᠶᠢᠳᠠ 20 ᠭᠠᠷᠤᠢ ᠬᠤᠨᠢᠨ ᠰᠢᠬᠦᠰᠤ᠂ ᠰᠤᠭ ᠳᠡᠬᠡᠵᠢ᠂ ᠴᠠᠭᠠᠨ ᠢᠳᠡᠬᠡᠨ ᠤ ᠶᠡᠭᠡ ᠡᠷᠬᠦᠯᠳᠠ ᠡᠷᠬᠦᠵᠤ᠂ ᠵᠠᠩᠭᠠᠨ᠂ ᠷᠠᠯᠾᠠ ᠶᠢ ᠳᠠᠬᠢᠵᠤ᠂ ᠨᠠᠮᠰᠠᠷᠠᠢ ᠶᠢᠨ ᠳᠠᠯᠠᠯᠭ᠎ᠠ ᠳᠠᠯᠠᠯᠤᠨ ᠵᠤᠯᠠ ᠬᠦᠵᠢ ᠠᠰᠠᠭᠠᠵᠤ᠂ ᠰᠠᠩ ᠰᠤᠯᠬᠡ ᠳᠠᠯᠪᠢᠵᠤ ᠰᠠᠴᠤᠯᠢ ᠰᠠᠷᠵᠢᠮ ᠡᠷᠬᠦᠵᠤ ᠳᠠᠬᠢᠭᠠᠤᠨ ᠳᠠᠬᠢᠯᠭ᠎ᠠ ᠶᠢᠨ ᠰᠤᠭ ᠳᠡᠬᠡᠵᠢ ᠪᠤᠯᠤᠨ ᠨᠢᠬᠡ ᠬᠠ ᠤᠭᠤᠴᠠ ᠳᠤᠯᠤᠭᠠᠢ  ᠲᠠᠢ ᠨᠢ 2 ᠳᠠᠭᠠᠭᠠᠮᠠᠯ᠂ 2 ᠱᠠᠩᠰᠤᠤᠨ ᠵᠡᠷᠬᠡ ᠲᠦᠷᠪᠡᠨ ᠬᠦᠮᠤᠨ ᠨᠢ 4 ᠮᠤᠷᠢᠨ ᠬᠦᠴᠤ ᠵᠠᠯᠭᠠᠵᠤ ᠮᠦᠨ ᠡᠳᠤᠷ ᠲᠡᠭᠡᠨ ᠤᠳᠤᠭ ᠨᠤᠶᠠᠨ ᠱᠠᠩ ᠳᠤ ᠬᠦᠷᠬᠡᠳᠡᠭ ᠪᠦᠬᠡᠤᠨ ᠨᠤᠶᠠᠨ ᠱᠠᠩ ᠠᠴᠠ ᠶᠡᠭᠡ ᠪᠠᠷ ᠬᠦᠨᠳᠤᠤᠨᠬᠡᠨ ᠵᠤᠴᠢᠯᠠᠵᠤ ᠬᠤᠨᠤᠭᠤᠯᠤᠭᠠᠤᠨ ᠮᠠᠷᠭᠠᠰᠢ ᠨᠢ ᠮᠤᠷᠳᠠᠬᠤ ᠳᠤ ᠳᠡᠬᠡᠵᠢ ᠶᠢᠨ ᠬᠠᠷᠢᠭᠤ ᠪᠡᠯᠡᠭ ᠬᠡᠵᠤ ᠴᠠᠢ᠂ ᠳᠤᠷᠭᠠᠨ ᠬᠠᠳᠠᠭ ᠦᠭᠳᠡᠭ᠃     ᠪᠤᠰᠤᠤᠨ ᠨᠢ ᠤᠪᠤᠭᠠᠨ ᠤ ᠰᠤᠭ ᠬᠡᠰᠢᠭ ᠢᠶᠠᠨ ᠤᠯᠠᠨ ᠳᠤ ᠲᠦᠬᠡᠬᠡᠨ ᠬᠤᠪᠢᠶᠠᠵᠤ ᠨᠠᠶᠢᠷ ᠤᠨ ᠳᠠᠯᠠᠪᠠᠢ ᠳᠤ ᠤᠴᠢᠵᠤ ᠪᠦᠬᠡ ᠪᠠᠷᠢᠯᠳᠤᠬᠤ᠂ ᠮᠤᠷᠢ ᠤᠷᠤᠯᠳᠤᠬᠤ ᠪᠠ ᠭᠠᠪᠢᠶᠠᠳᠠᠨ ᠢ ᠱᠠᠩᠨᠠᠬᠤ᠂ ᠶᠠᠯᠠᠳᠠᠨ ᠢ ᠰᠢᠤᠨᠬᠡᠬᠦ ᠶᠢ ᠦᠵᠡᠳᠡᠭ᠃ ᠨᠠᠩ ᠢᠯᠠᠩᠭᠤᠶ᠎ᠠ ᠳᠤᠭᠤᠶᠢᠯᠠᠩ ᠤᠨ ᠬᠦᠳᠡᠯᠬᠡᠬᠡᠨ ᠤ ᠦᠶ᠎ᠡ ᠳᠤ ᠤᠳᠤᠭ  ᠤᠨ ᠨᠠᠢᠮᠠᠨ ︽ᠳᠤᠭᠤᠢ︾ ᠳᠤᠭᠤᠶᠢᠯᠠᠬᠤ ᠴᠤᠭᠯᠠᠭᠠᠨ ᠳᠤ ᠤᠷᠤᠯᠴᠠᠵᠤ ᠰᠤᠨᠢᠷᠬᠠᠳᠠᠭ ᠪᠠᠶᠢᠵᠠᠢ᠃ ᠡᠳᠤᠬᠡ ᠴᠤ ᠳᠠᠷᠬᠠᠨ ᠬᠢᠶ᠎ᠠ ᠨᠢ ᠬᠠᠶᠢᠷᠬᠠᠨ᠂ ᠳᠠᠭᠠᠭᠠᠮᠠᠯ ᠨᠢ ᠠᠷᠪᠢᠨᠬᠡᠰᠢᠭ᠂ ᠨᠢᠷᠪᠡ ᠨᠢ ᠠᠯᠳ᠋ᠬᠠᠠᠭᠤᠯᠠ᠂ ᠨᠠᠩᠰᠤ ᠯᠠᠮᠠ ᠨᠢ ᠷᠠᠰᠢ᠂ ᠭᠤᠨᠢᠷ ᠨᠢ ᠪᠤᠶᠠᠨᠳᠠᠯᠠᠢ᠂ ᠪᠢᠴᠢᠬᠡᠴᠢ ᠨᠢ ᠪᠠᠳᠤᠪᠤᠯᠤᠤᠨ ᠨᠠᠷ ᠡᠬᠢᠯᠡᠨ ᠤᠭ ᠤᠨ ᠶᠤᠰᠤᠭᠠᠷ ᠳᠠᠬᠢᠵᠤ ᠪᠤᠢ᠃ ᠡᠨᠡ ᠤᠪᠤᠭᠠᠨ ᠳᠤ ᠭᠤᠷᠪᠠᠨ ᠬᠤᠷᠢᠭ᠎ᠠ ᠲᠠᠢ᠄     1. ᠤᠪᠤᠭᠠᠨ ᠤ ᠤᠷᠤᠢ ᠳᠠᠬᠢ ᠰᠢᠷᠤᠢ ᠶᠢ ᠳᠤᠷ᠎ᠠ ᠪᠠᠷ ᠬᠦᠳᠡᠯᠬᠡᠵᠤ ᠪᠤᠯᠳᠠᠭ ᠦᠬᠡᠢ ᠪᠦᠬᠡᠤᠨ ᠠᠩ ᠬᠦᠷᠤᠬᠡ ᠬᠢᠵᠤ ᠪᠤᠯᠳᠠᠭ ᠦᠬᠡᠢ᠃     2. ᠤᠪᠤᠭᠠᠨ ᠤ ᠳᠤᠭᠤᠷᠢᠨ ᠳᠤ ᠠᠳᠠᠷ ᠬᠠᠭᠠᠯᠪᠤᠷᠢᠯᠠᠵᠤ ᠪᠤᠯᠳᠠᠭ ᠦᠬᠡᠢ ᠪᠦᠬᠡᠤᠨ ᠪᠤᠳᠠ ᠪᠤᠷᠭᠠᠰᠤ ᠶᠢ ᠴᠠᠪᠴᠢᠵᠤ ᠪᠤᠯᠳᠠᠭ ᠦᠬᠡᠢ᠃     3. ᠤᠪᠤᠭᠠᠨ ᠠᠴᠠ ᠡᠮᠤᠨᠡᠰᠢ ᠱᠠᠩᠰᠢ ᠶᠢᠨ ᠬᠦᠷᠢᠶ᠎ᠡ᠂ ᠬᠤᠶᠢᠰᠢ ᠪᠠᠨ ᠰᠢᠨ᠎ᠠ ᠤᠰᠤ᠂ ᠵᠡᠬᠦᠨᠰᠢ ᠰᠢᠷ᠎ᠠ ᠬᠤᠰᠢᠭᠤ᠂ ᠪᠠᠷᠠᠭᠤᠨᠰᠢ ᠭᠠᠰᠢᠭᠤᠨ ᠳᠤᠭᠤᠷᠢᠮ ᠬᠦᠷᠳᠡᠯᠡᠬᠢ ᠬᠡᠪᠴᠢᠶᠡᠨ ᠳᠤᠳᠤᠷ᠎ᠠ ᠰᠠᠭᠤᠵᠤ ᠪᠠᠶᠢᠭ᠎ᠠ ᠠᠶᠢᠯ ᠡᠷᠤᠬᠡ ᠪᠤᠯ ᠴᠦᠮ ᠤᠪᠤᠭᠠᠨ ᠤ ᠬᠠᠷᠢᠶᠠᠳᠤ ᠳᠠᠬᠢᠯᠭ᠎ᠠ ᠶᠢᠨ ᠦᠭᠯᠢᠬᠡ ᠶᠢᠨ ᠡᠵᠡᠨ ᠳᠤᠯᠠ ᠵᠢᠯ ᠪᠦᠷᠢ ᠶᠢᠨ ᠤᠪᠤᠭᠠᠨ ᠤ ᠳᠠᠬᠢᠯᠭᠠᠨ ᠳᠤ ᠦᠷᠬᠦᠯᠵᠢ ᠤᠷᠤᠯᠴᠠᠬᠤ ᠵᠢᠷᠤᠮ ᠲᠠᠢ ᠪᠠᠶᠢᠵᠠᠢ᠃      ᠪᠠᠰᠠ ᠭᠤᠷᠪᠠᠨ ᠵᠦᠢᠯ ᠢ ᠡᠷᠡᠰ ᠴᠡᠬᠡᠷᠯᠡᠳᠡᠭ᠄     1. ᠡᠮᠡᠭᠳᠡᠢ ᠪᠤᠯᠤᠨ ᠬᠢᠳᠠᠤᠨ ᠬᠦᠮᠤᠨ ᠢ ᠤᠪᠤᠭᠠᠨ ᠤᠷᠤᠢ ᠳᠤ ᠭᠠᠷᠭᠠᠳᠠᠭ ᠦᠬᠡᠢ᠃     2. ᠰᠠᠷ᠎ᠠ ᠳᠤ ᠰᠠᠭᠤᠭᠰᠠᠨ ᠡᠮᠡᠭᠳᠡᠢ ᠪᠤᠶᠤ ᠬᠦᠮᠤᠨ ᠦᠬᠦᠬᠡᠤᠨ ᠵᠠᠭᠤ ᠬᠤᠨᠤᠭᠠᠳᠤᠢ ᠪᠤᠯ ᠤᠪᠤᠭᠠᠨ ᠤ ᠳᠠᠬᠢᠯᠭᠠᠨ ᠳᠤ ᠤᠷᠤᠯᠴᠠᠭᠤᠯᠳᠠᠭ ᠦᠬᠡᠢ᠃     3. ᠤᠪᠤᠭᠠᠨ ᠤ ᠤᠷᠤᠢ ᠳᠡᠬᠡᠷ᠎ᠡ ᠠᠷᠢᠬᠢ ᠳᠠᠮᠠᠬᠢ ᠳᠠᠳᠠᠬᠤ ᠶᠢ ᠡᠷᠡᠰ ᠴᠡᠬᠡᠷᠯᠡᠳᠡᠭ᠃     ᠡᠨᠡ ᠤᠪᠤᠭᠠᠨ ᠤ ᠳᠤᠬᠠᠢ ᠠᠷᠠᠤᠨ ᠤᠨ ᠳᠤᠮᠳᠠ ᠡᠶᠢᠮᠤ ᠨᠢᠬᠡᠨ ᠳᠤᠮᠤᠭ ᠶᠠᠷᠢᠶ᠎ᠠ ᠪᠠᠶᠢᠳᠠᠭ᠃     ︽ᠡᠷᠳᠠ ᠤᠷᠢᠳᠤ ᠡᠨᠡ ᠤᠪᠤᠭ᠎ᠠ ᠶᠢ ᠪᠤᠰᠬᠠᠬᠤ ᠶᠢᠨ ᠦᠶ᠎ᠡ ᠳᠤ ᠡᠷᠬᠢᠮᠳᠠᠯᠠᠢ ᠬᠡᠳᠡᠭ ᠨᠠᠷ᠎ᠠ ᠲᠠᠢ ᠬᠦᠮᠤᠨ ᠢ ᠴᠠᠭᠠᠨ ᠳᠡᠮᠡᠭᠡ ᠤᠨᠤᠭᠤᠯᠤᠨ ᠤᠪᠤᠭᠠᠨ ᠤ ᠳᠤᠤᠷᠠᠬᠢ ᠬᠦᠬᠡ ᠴᠠᠢ ᠪᠠᠷ ᠪᠠᠷᠢᠭᠰᠠᠨ ᠰᠦᠮ᠎ᠠ ᠶᠢᠨ ᠳᠤᠳᠤᠷ᠎ᠠ ᠱᠤᠭᠤᠵᠤ ᠪᠦᠳᠤᠬᠡᠬᠡᠤᠨ ᠳᠡᠬᠡᠷ᠎ᠡ ᠨᠢ ᠤᠪᠤᠭ᠎ᠠ ᠪᠠᠨ ᠪᠤᠰᠬᠠᠵᠤ ᠡᠷᠬᠢᠮᠳᠠᠯᠠᠢ ᠤᠪᠤᠭ᠎ᠠ ᠬᠡᠮᠡᠨ ᠨᠡᠷᠡᠶᠢᠤᠨᠴᠤ ᠪᠠᠶᠢᠵᠠᠢ᠃ ᠬᠤᠵᠢᠮ ᠨᠢ ᠡᠷᠬᠢᠮᠳᠠᠯᠠᠢ ᠨᠢ ᠴᠠᠭᠠᠨ ᠳᠡᠮᠡᠭᠡ ᠤᠨᠤᠭᠰᠠᠨ ᠰᠠᠬᠢᠭᠤᠯᠰᠤᠨ ᠪᠤᠯᠤᠨ ᠪᠠᠶᠢᠨ ᠪᠠᠶᠢᠨ ᠦᠵᠡᠭᠳᠡᠪᠡ ᠬᠡᠳᠡᠭ᠃ ᠳᠠᠷᠠ ᠦᠶ᠎ᠡ ᠳᠤ ᠨᠢᠩᠰᠢᠶᠠ ᠶᠢᠨ ᠬᠤᠳᠤᠩ ᠤᠨ ᠪᠤᠰᠤᠯᠭᠠᠳᠠᠨ ︵ᠤᠷᠳᠤᠰᠴᠤᠤᠨ ᠮᠠᠭᠤ ᠬᠤᠯᠠᠭᠠᠢ ᠬᠡᠳᠡᠭ︶ ᠤᠷᠳᠤᠰ ᠨᠤᠳᠤᠭ ᠲᠤ ᠴᠦᠮᠤᠷᠠᠨ ᠤᠷᠤᠵᠤ ᠢᠷᠡᠬᠡᠤᠨ ᠰᠦᠮ᠎ᠠ ᠬᠡᠶᠢᠤᠨ ᠢ ᠲᠦᠯᠡᠬᠦ᠂ ᠤᠪᠤᠭ᠎ᠠ ᠤᠷᠤᠤᠨ ᠢ ᠡᠪᠳᠡᠬᠦ᠂ ᠠᠶᠢᠯ ᠡᠷᠤᠬᠡ ᠶᠢ ᠳᠤᠨᠤᠵᠤ ᠠᠷᠠᠤᠨ ᠢᠷᠬᠡᠤᠨ ᠲᠤ ᠠᠶᠤᠯ ᠵᠤᠪᠠᠯᠠᠩ ᠪᠤᠯᠬᠤ ᠦᠶ᠎ᠡ ᠳᠤ ᠡᠷᠬᠢᠮᠳᠠᠯᠠᠢ ᠰᠠᠬᠢᠭᠤᠯᠰᠤᠨ ᠨᠢ ᠠᠯᠳᠠ ᠬᠠᠷ᠎ᠠ ᠬᠡᠵᠢᠬᠡ ᠲᠠᠢ ᠬᠠᠷ᠎ᠠ ᠴᠢᠷᠠᠶᠢᠳᠠᠢ ᠪᠠᠭᠠᠳᠤᠷ ᠡᠷ᠎ᠡ ᠪᠤᠯᠵᠤ ᠰᠤᠭᠳᠤᠭᠤ ᠴᠠᠭᠠᠨ ᠪᠤᠤᠷ᠎ᠠ ᠤᠨᠤᠵᠤ ᠳᠠᠳᠠᠨ ᠲᠠᠢ ᠳᠡᠮᠡᠴᠡᠵᠤ ᠤᠪᠤᠭ᠎ᠠ  ᠪᠠᠨ ᠬᠠᠮᠠᠭᠠᠯᠠᠨ ᠠᠷᠠᠤᠨ ᠢᠷᠬᠡᠤᠨ ᠢᠶᠠᠨ ᠠᠪᠤᠷᠠᠪᠠ︾ ᠬᠡᠳᠡᠭ᠃     ᠬᠦᠬᠡ ᠨᠤᠬᠠᠢ ᠵᠢᠯ ︵1934 ᠤᠨ︶ ᠳᠤ ᠶᠢᠰᠤᠳᠤᠬᠡᠷ ᠲᠦᠷᠢ ᠶᠢᠨ ᠪᠠᠨᠴᠢᠨ ᠪᠤᠭᠳᠠ ᠴᠤᠶᠢᠵᠢᠨᠢᠮ᠎ᠠ ᠪᠤᠷᠤᠳᠤᠯᠤᠭᠠᠢ ᠶᠢᠨ ᠤᠪᠤᠭᠠᠨ ᠳᠡᠬᠡᠷ᠎ᠡ ᠰᠠᠭᠠᠳᠠᠵᠤ ᠲᠦᠷᠪᠡᠨ ᠵᠦᠭ ᠨᠠᠢᠮᠠᠨ ᠵᠤᠪᠬᠢᠰ ᠢ ᠨᠠᠷᠢᠨ ᠰᠢᠨᠵᠢᠯᠡᠨ ᠡᠮᠤᠨ᠎ᠡ ᠪᠠᠶᠢᠭ᠎ᠠ ᠬᠡᠷ ᠮᠠᠩᠬ᠎ᠠ ᠶᠢ ᠴᠠᠭᠠᠨ ᠠᠷᠰᠯᠠᠨ ᠬᠡᠪᠳᠡᠵᠤ ᠪᠠᠶᠢᠬᠤ ᠮᠡᠳᠤ᠂ ᠠᠷᠤ ᠳᠠᠬᠢ ᠵᠢᠷᠭᠠᠯᠠᠩᠳᠤ᠂ ᠵᠡᠬᠦᠨᠳᠠᠶᠢᠬᠢ ᠬᠦᠬᠡᠨᠠᠭᠤᠷ᠂ ᠪᠠᠷᠠᠭᠤᠳᠠᠶᠢᠬᠢ ᠪᠠᠶ᠋ᠬᠠᠦ᠋ᠯᠵᠠᠢ ᠬᠡᠰᠡᠨ ᠨᠡᠷ᠎ᠠ ᠲᠠᠢ ᠭᠠᠵᠠᠷ ᠪᠠᠶᠢᠭ᠎ᠠ ᠶᠢ ᠰᠤᠨᠤᠰᠤᠭᠠᠤᠨ᠄ ︽ᠠ ᠡᠨᠡ ᠦᠨᠡᠬᠡᠷ ᠠᠮᠤᠷ ᠦᠬᠡᠢ ᠰᠢᠨᠵᠢ ᠳᠡᠬᠦᠰ ᠪᠦᠷᠢᠳᠦᠭᠰᠡᠨ ᠰᠠᠬᠢᠭᠤᠯᠰᠤᠨ ᠤᠪᠤᠭ᠎ᠠ ᠪᠠᠶᠢᠨ᠎ᠠ᠂ ᠡᠨᠡᠷᠢᠯᠳᠤ ᠡᠷᠬᠢᠮᠳᠠᠯᠠᠢ ᠸᠠᠩ ᠤᠨ ᠤᠪᠤᠭ᠎ᠠ ᠬᠡᠵᠤ ᠨᠡᠷᠡᠶᠢᠤᠨᠪᠡᠯ ᠨᠠᠩ ᠰᠠᠶᠢᠨ︾ ᠬᠡᠮᠡᠨ ᠮᠠᠭᠳᠠᠭᠰᠡᠨ  ᠠᠴᠠ ᠠᠳᠡᠬᠢ ᠬᠦᠮᠤᠰ ᠡᠨᠡ ᠤᠪᠤᠭ᠎ᠠ ᠪᠠᠨ ᠸᠠᠩ ᠤᠪᠤᠭ᠎ᠠ ᠴᠤ ᠬᠡᠳᠡᠭ ᠪᠢᠯᠡ᠃
ᠢᠷᠡᠯᠲᠡ᠄ ᠤᠳᠤᠭ ᠤᠨ ᠤᠪᠤᠭ᠎ᠠ ᠤᠷᠤᠤᠨ