ᠤᠷᠳᠤᠰ ᠬᠤᠷᠢᠮ ᠤᠨ ᠶᠤᠰᠤ ᠪᠤᠯ ᠥᠨᠢ ᠡᠷᠳᠡᠨ ᠤ ᠴᠠᠭ ᠲᠤ ᠡᠭᠦᠰᠴᠤ᠂ ᠡᠵᠡᠨ ᠴᠢᠩᠬᠢᠰ ᠤᠨ ᠥᠶ᠎ᠡ ᠳᠤ ᠬᠡᠪᠰᠢᠭᠰᠡᠨ ᠤᠤᠭᠠᠯ ᠰᠤᠶᠤᠯ ᠤᠳᠤᠮᠰᠢᠯᠳᠤ | ᠶᠤᠰᠤᠯᠠᠯ ᠶᠤᠮ᠃ 15 ᠳ᠋ᠤᠭᠠᠷ ᠵᠠᠭᠤᠨ ᠤ ᠥᠶ᠎ᠡ ᠳᠤ᠂ ᠤᠷᠳᠤᠰ ᠠᠶᠢᠮᠠᠭ ᠪᠤᠷᠤᠳᠤᠬᠤᠢ ᠤᠷᠤᠨ ᠳᠤ ᠠᠭᠠᠵᠢᠮ ᠢᠶᠠᠷ ᠨᠡᠭᠦᠳᠡᠯᠯᠡᠨ ᠤᠷᠤᠵᠤ ᠨᠤᠳᠤᠭᠰᠢᠭᠰᠠᠨ ᠤ | ᠤᠯᠠᠮ ᠢᠶᠠᠷ ᠡᠨᠡ ᠭᠦ ᠬᠤᠪᠢᠨ ᠤ ᠤᠨᠴᠠᠯᠢᠬᠳᠤ ᠤᠷᠤᠭ ᠬᠤᠷᠢᠮ ᠤᠨ ᠶᠤᠰᠤ ᠵᠥᠢ ᠤᠷᠳᠤᠰ ᠮᠤᠩᠭᠤᠯᠴᠤᠳ ᠤᠨ ᠲᠡᠥᠭᠡ ᠮᠥᠷ ᠲᠠᠢ ᠠᠭᠤᠰᠤᠯᠴᠠᠨ ᠢᠳᠡᠭᠡᠰᠢᠵᠤ | ᠠᠭᠠᠵᠢᠮ ᠠᠭᠠᠵᠢᠮ ᠳᠤ ᠪᠠᠨ ᠲᠠᠶᠠᠭᠠᠷ ᠮᠤᠩᠭᠤᠯ ᠠᠴᠠ ᠤᠨᠴᠠᠯᠠᠨ ᠲᠠᠷᠬᠠᠨ ᠤᠯᠠᠮᠵᠢᠯᠠᠯ ᠢᠶᠠᠨ ᠬᠠᠳᠠᠭᠠᠯᠠᠭᠰᠠᠭᠠᠷ ᠢᠷᠡᠵᠠᠢ᠃ ᠲᠥᠷᠥ ᠶᠢᠨ ᠶᠤᠰᠤᠨ ᠲᠥᠮᠡᠨ ᠤ | ᠵᠠᠩᠰᠢᠯ ᠢ ᠢᠯᠡᠳᠭᠡᠵᠤ ᠲᠡᠭᠦᠯᠳᠡᠷ ᠠᠮᠢᠳᠤᠷᠠᠯ ᠤᠨ ᠲᠡᠭᠰᠢ ᠵᠢᠷᠭᠠᠯ ᠢ ᠪᠡᠯᠭᠡᠳᠡᠭᠰᠡᠨ ᠲᠡᠯᠭᠡᠷ ᠨᠠᠶᠢᠷ ᠲᠠᠢ ︽ᠤᠷᠳᠤᠰ ᠬᠤᠷᠢᠮ ᠤᠨ ᠶᠤᠰᠤᠯᠠᠯ︾ ᠮᠠᠨᠢ 2006 | ᠤᠨ ᠳᠤ ᠤᠯᠤᠰ ᠤᠨ ᠲᠡᠰ ᠤᠨ ᠪᠤᠳᠠᠰ ᠤᠨ ᠪᠤᠰᠤ ᠰᠤᠶᠤᠯ ᠤᠨ ᠥᠪ ᠤᠨ ᠨᠡᠷᠡᠰ ᠴᠡᠳᠢᠭ᠋ ᠲᠤ ᠪᠥᠷᠢᠳᠭᠡᠭᠳᠡᠭᠰᠡᠨ ᠲᠡᠳᠥᠢ ᠥᠭᠡᠢ᠂ ᠲᠡᠷᠡ ᠪᠠᠷ ᠢᠰᠡᠭᠡᠢ | ᠲᠤᠭᠤᠷᠭᠠᠳᠠᠨ ᠨᠡᠭᠦᠳᠡᠯᠴᠢᠨ ᠤᠭᠰᠠᠭᠠᠳᠠᠨ ᠤ ᠤᠷᠤᠭ ᠬᠤᠷᠢᠮ ᠤᠨ ᠶᠤᠰᠤᠨ ᠤ ᠰᠤᠷᠪᠤᠯᠵᠢ ᠭᠥᠨ ᠬᠤᠷᠢᠶᠠᠩᠭᠤᠢ ᠪᠤᠯᠤᠭᠰᠠᠨ ᠢᠶᠠᠷ ᠥᠨᠳᠥᠰᠤ ᠶᠠᠰᠤᠨ ᠤ | ᠰᠤᠳᠤᠨ ᠵᠠᠩ ᠥᠢᠯᠡ ᠶᠢ ᠲᠡᠯᠭᠡᠷ ᠵᠢᠷᠤᠭᠯᠠᠨ ᠭᠥᠨᠵᠡᠭᠡᠢ ᠲᠤᠰᠬᠠᠵᠤ ᠲᠡᠯᠡᠭᠡᠢ ᠶᠢᠨ ᠬᠠᠷᠠᠭᠠᠰᠤᠨ ᠳᠤ ᠬᠥᠷᠭᠡᠭᠰᠡᠨ ᠪᠠᠶᠢᠨ᠎ᠠ᠃ | | ᠨᠢᠭᠡ | 1. ᠠᠯᠴᠢᠭᠤᠷ ᠲᠠᠳᠠᠵᠤ ᠲᠡᠭᠡᠵᠢ ᠲᠡᠯᠪᠢᠬᠤ | ᠤᠷᠳᠤᠰ ᠮᠤᠩᠭᠤᠯᠴᠤᠳ ᠭᠥᠪᠡᠭᠦᠨ ᠥᠷ᠎ᠡ ᠶᠦᠭᠡᠨ ᠪᠡᠶ᠎ᠡ ᠵᠡᠷᠭᠡ ᠭᠥᠷᠭᠦ ᠶᠢᠨ ᠴᠠᠭ ᠲᠤ ᠨᠢ ᠤᠷᠤᠭ ᠬᠤᠷᠢᠮ ᠤᠨ ᠶᠡᠭᠡ ᠤᠴᠢᠷ ᠢ ᠨᠢ ᠱᠠᠯᠠᠪᠳᠠᠨ | ᠲᠥᠭᠦᠭᠡᠷᠳᠡᠭ᠃ ᠡᠶᠢᠨ ᠭᠦ᠂ ᠬᠥᠪᠡᠭᠦᠨ ᠲᠠᠯ᠎ᠠ ᠶᠢᠨ ᠠᠬᠠᠮᠠᠳ ᠪᠤᠯᠤᠭᠰᠠᠳ ᠡᠯᠢᠭᠡ ᠡᠩᠭᠡ ᠪᠥᠳᠥᠨ᠂ ᠠᠮᠠ ᠬᠡᠯᠡ ᠤᠷᠠᠨ᠂ ᠤᠴᠢᠷ ᠵᠥᠢ ᠲᠤᠩᠭᠠᠳᠠᠭ᠂ ᠬᠤᠶᠠᠷ | ᠲᠠᠯ᠎ᠠ ᠶᠢ ᠬᠤᠯᠪᠤᠵᠤ ᠴᠢᠳᠠᠬᠤ ᠵᠠᠭᠤᠴᠢ ᠶᠢᠨ ᠭᠥᠮᠥᠨ ᠢ ᠤᠷᠢᠵᠤ᠂ ᠰᠠᠷ᠎ᠠ ᠶᠢᠨ ᠰᠠᠶᠢᠨ ᠡᠳᠥᠷ ᠤᠨ ᠥᠯᠵᠡᠢ ᠲᠠᠢ ᠶᠢ ᠰᠤᠩᠭᠤᠨ ᠬᠠᠳᠠᠭ ᠰᠠᠮᠪᠠᠢ ᠲᠡᠭᠡᠵᠢ ᠪᠡᠯᠡᠭ | ᠪᠡᠯᠡᠳᠭᠡᠨ ᠥᠵᠡᠵᠤ ᠲᠤᠭᠤᠭᠰᠠᠨ ᠭᠡᠥᠭᠡᠨ ᠲᠠᠯ᠎ᠠ ᠶᠢᠨ ᠬᠢᠨ ᠳᠤ ᠤᠴᠢᠭᠤᠯᠵᠤ ᠤᠷᠤᠭ ᠲᠤᠷᠠᠰᠳᠠᠭ ᠢ ᠤᠷᠳᠤᠰ ᠲᠤ ︽ᠠᠯᠴᠢᠭᠤᠷ ᠲᠠᠳᠠᠬᠤ︾ ᠬᠡᠳᠡᠭ᠃ | ᠵᠠᠭᠤᠴᠢ ᠶᠢᠨ ᠭᠥᠮᠥᠨ ᠤᠴᠢᠷ ᠵᠤᠷᠢᠯᠭ᠎ᠠ ᠪᠠᠨ ᠡᠭᠦᠰᠭᠡᠨ ᠲᠤᠳᠤᠷᠬᠠᠶᠢᠯᠠᠵᠤ ᠬᠠᠳᠠᠭ ᠪᠠᠷᠢᠭᠰᠠᠨ ᠤ ᠳ᠋ᠥᠩ ᠳᠤ ᠬᠡᠥᠭᠡᠨ ᠤ ᠡᠴᠢᠭᠡ ᠡᠭᠡ ᠬᠠᠳᠠᠭ ᠢ ᠨᠢ | ᠲᠤᠭᠳᠠᠭᠠᠪᠠᠯ ᠠᠮᠠᠨ ᠰᠥᠢ ᠲᠤᠭᠳᠠᠵᠤ᠂ ᠲᠠᠷᠠᠭ᠎ᠠ ᠤᠳᠠᠭ᠎ᠠ ᠨᠢ ᠵᠢᠷᠭᠤᠭᠠᠨ ᠭᠥᠮᠥᠨ ᠬᠠᠮᠳᠤ ᠬᠡᠥᠭᠡᠨ ᠤ ᠲᠥᠷᠥᠯ ᠲᠥᠷᠥᠭᠰᠡᠳ ᠲᠤ ᠢᠷᠡᠵᠤ ᠭᠥᠨᠳᠤ ᠶᠢᠨ | ᠶᠤᠰᠤ ᠪᠠᠷ ᠲᠡᠭᠡᠵᠢ ᠪᠡᠯᠡᠭ ᠶᠦᠭᠡᠨ ᠲᠠᠯᠪᠢᠵᠤ᠂ ᠬᠡᠥᠭᠡᠨ ᠤ ᠲᠥᠷᠥᠯ ᠶᠡᠭᠡᠮᠡᠳ ᠠᠴᠠ ᠨᠢ ᠵᠥᠪᠰᠢᠶᠡᠷᠡᠯ ᠤᠯᠤᠭᠰᠠᠨ ᠤ ᠬᠤᠶᠢᠨ᠎ᠡ ᠴᠠᠭᠠᠨ ᠢᠳᠡᠭᠡ ᠠᠮᠰᠠᠭᠤᠯᠵᠤ | ᠲᠤᠭᠳᠠᠪᠤᠷᠢ ᠲᠠᠯᠪᠢᠬᠤ ᠶᠢᠨ ᠵᠥᠢᠯ ᠢ ᠶᠠᠷᠢᠯᠴᠠᠳᠠᠭ ᠢ ︽ᠲᠡᠭᠡᠵᠢ ᠲᠠᠯᠪᠢᠬᠤ︾ ᠭᠡᠳᠡᠭ᠃ ᠡᠨᠡ ᠬᠤᠶᠠᠷ ᠶᠤᠰᠤ ᠶᠢ ᠬᠠᠮᠳᠤ ᠳᠤ ᠨᠢ ︽ᠠᠯᠴᠢᠭᠤᠷ ᠲᠡᠭᠡᠵᠢ︾ | ᠭᠡᠵᠤ ᠲᠥᠭᠦᠮᠴᠢᠯᠡᠨ ᠨᠡᠷᠡᠯᠡᠳᠡᠭ ᠪᠥᠭᠡᠳ ᠡᠳᠡᠭᠡᠷ ᠥᠢᠯᠡ ᠪᠡᠶᠡᠯᠡᠭᠳᠡᠪᠡᠯ ᠤᠷᠤᠭ ᠲᠤᠭᠳᠠᠭᠰᠠᠨ ᠳᠤ ᠲᠤᠭᠠᠴᠠᠳᠠᠭ᠃ | | | 2. ᠰᠠᠩ ᠲᠠᠯᠪᠢᠵᠤ ᠲᠠᠭᠠᠳᠬᠠᠯ ᠬᠢᠭᠦ | ᠡᠳᠥᠷ ᠰᠤᠳᠤᠷ ᠥᠵᠡᠭᠦᠯᠥᠨ ᠬᠤᠷᠢᠮ ᠲᠥᠭᠦᠭᠡᠷᠴᠤ ᠤᠷᠢᠯᠭ᠎ᠠ ᠲᠠᠯᠪᠢᠨ ᠬᠡᠶᠢᠴᠢᠳ ᠴᠤᠭᠯᠠᠵᠤ ᠰᠠᠭᠠᠳᠠᠭ ᠤᠨ ᠬᠤᠷᠢᠮ ᠡᠬᠢᠯᠡᠨ᠎ᠡ᠃ ᠤᠷᠳᠤᠰ ᠲᠤ ᠬᠤᠷᠢᠮ | ᠢ ᠶᠡᠷᠤ ᠨᠢ ᠨᠠᠮᠤᠷ ᠤᠨ ᠭᠤᠷᠪᠠᠨ ᠰᠠᠷ᠎ᠠ᠂ ᠡᠪᠤᠯ ᠤᠨ ᠭᠤᠷᠪᠠᠨ ᠰᠠᠷ᠎ᠠ ᠳᠤ ᠬᠢᠭᠦ ᠶᠢ ᠪᠠᠷᠢᠮᠳᠠᠯᠠᠵᠤ ᠪᠠᠶᠢᠪᠠ᠃ ᠰᠠᠭᠠᠳᠠᠭ ᠮᠤᠷᠳᠠᠬᠤ ᠶᠢᠨ ᠤᠷᠢᠳ ᠭᠥᠷᠭᠡᠨ ᠭᠥᠥ | ᠪᠤᠷᠬᠠᠨ ᠳᠤ ᠪᠠᠨ ᠵᠤᠯᠠ ᠡᠷᠭᠦᠨ ᠨᠢᠨᠳᠠᠷ ᠲᠠᠳᠠᠵᠤ᠂ ᠭᠠᠳᠠᠭ᠎ᠠ ᠰᠠᠩ ᠲᠠᠯᠪᠢᠨ ᠵᠠᠯᠪᠠᠷᠢᠵᠤ ᠲᠠᠭᠠᠳᠬᠠᠨ ᠨᠠᠢᠮᠠᠨ ᠰᠠᠭᠤᠳᠠᠯ ᠤᠨ ᠭᠠᠯ ᠵᠥᠭ ᠲᠤ ᠪᠠᠨ ᠵᠥᠪ ᠢᠶᠠᠷ | ᠡᠷᠬᠢᠨ᠎ᠠ᠃ | | | 3. ᠬᠤᠷ ᠠᠭᠰᠠᠵᠤ ᠰᠠᠭᠠᠳᠠᠭ ᠪᠥᠰᠡᠯᠡᠭᠦ | ᠰᠠᠭᠠᠳᠠᠭ ᠪᠤᠯ ᠶᠠᠷᠥᠩᠭᠡᠢ ᠨᠡᠷᠡᠶᠢᠳᠥᠯ ᠪᠤᠯᠤᠨ᠎ᠠ᠃ ᠭᠥᠪᠴᠢᠯᠡᠭᠰᠡᠨ ᠵᠡᠪᠰᠡᠭ ᠢ ᠨᠤᠮᠤ ᠭᠡᠵᠤ᠂ ᠭᠡᠷᠡᠭᠯᠡᠳᠡᠭ ᠵᠡᠪᠡ ᠶᠢ ᠰᠤᠮᠤ ᠭᠡᠵᠤ᠂ ᠨᠤᠮᠤ ᠶᠢᠨ ᠰᠠᠪᠠ ᠶᠢ | ᠬᠤᠷ ᠭᠡᠵᠤ᠂ ᠰᠤᠮᠤ ᠶᠢᠨ ᠰᠠᠪᠠ ᠶᠢ ᠰᠠᠭᠠᠳᠠᠭ ᠭᠡᠳᠡᠭ᠃ ᠤᠷᠳᠤᠰ ᠬᠤᠷᠢᠮ ᠤᠨ ᠶᠤᠰᠤᠨ ᠳᠤ ᠭᠥᠷᠭᠡᠨ ᠭᠥᠥ ᠲᠠᠨ ᠢ ᠡᠬᠢᠯᠡᠨ ᠬᠡᠥᠭᠡᠨ ᠲᠠᠯ᠎ᠠ ᠳᠤ ᠤᠴᠢᠵᠤ | ᠶᠤᠰᠤ ᠪᠡᠯᠡᠭ ᠬᠥᠢᠴᠡᠳᠭᠡᠭᠴᠢ ᠶᠢ ᠰᠠᠭᠠᠳᠠᠭ ᠡᠬᠢᠯᠡᠭᠴᠢ ᠪᠤᠶᠤ ᠬᠤᠷ ᠤᠨ ᠠᠮᠪᠠᠨ ᠭᠡᠳᠡᠭ᠃ ᠬᠥᠷᠭᠡᠨ ᠭᠥᠥ ᠬᠤᠷ ᠰᠠᠭᠠᠳᠠᠭ ᠠᠭᠰᠠᠵᠤ ᠮᠤᠷᠳᠠᠳᠠᠭ ᠨᠢ ᠲᠡᠥᠭᠡ | ᠶᠢᠨ ᠮᠥᠷᠳᠡᠯᠭᠡ ᠲᠠᠢ ᠡᠷᠳ᠋ᠨ ᠴᠠᠭ ᠤᠨ ᠶᠤᠰᠤ᠃ | | | ᠬᠤᠶᠠᠷ | 1. ᠵᠤᠷᠢᠭ ᠮᠡᠳᠡᠭᠦᠯᠵᠤ ᠰᠠᠭᠠᠳᠠᠭ ᠮᠤᠷᠳᠠᠬᠤ | ᠰᠠᠭᠠᠳᠠᠭ ᠮᠤᠷᠳᠠᠬᠤ ᠠᠴᠠ ᠡᠮᠥᠨ᠎ᠡ ᠠᠯᠢᠪᠠ ᠲᠡᠭᠡᠵᠢ ᠪᠡᠯᠡᠳᠭᠡᠯ ᠢ ᠬᠢᠵᠤ᠂ ᠲᠥᠪ ᠠᠴᠠ ᠵᠠᠪᠰᠠᠷ ᠮᠡᠳᠡᠭᠦᠯᠥᠭᠰᠡᠨ ᠤ ᠬᠤᠶᠢᠨ᠎ᠠ ᠬᠥᠷᠭᠡᠨ ᠭᠥᠥ ᠲᠡᠷᠢᠭᠦᠯᠡᠨ | ᠪᠤᠷᠬᠠᠨ ᠳᠤ ᠮᠥᠷᠭᠦᠵᠤ ᠠᠪᠤ ᠨᠢ ᠴᠠᠭᠠᠨ ᠢᠳᠡᠭᠡ ᠠᠮᠰᠠᠭᠤᠯᠤᠨ ᠨᠤᠮᠤ ᠰᠤᠮᠤ ᠪᠠᠨ ᠠᠪᠴᠤ ᠵᠡᠭᠦᠯᠭᠡᠭᠡᠳ ᠠᠬ᠎ᠠ ᠨᠢ ᠬᠡᠳᠡ ᠬᠢᠳᠤᠭ᠎ᠠ ᠪᠠᠨ ᠰᠤᠶᠢᠷᠠᠭᠤᠯᠳᠠᠭ᠃ | ᠰᠠᠭᠠᠳᠠᠭ ᠤᠨ ᠤᠯᠤᠰ ᠤᠰᠠᠩ ᠤᠨ ᠰᠥᠷᠥ ᠶᠢᠨ ᠨᠠᠭᠠᠳᠠᠢ ᠲᠤᠯᠤᠭ ᠲᠡᠭᠡᠷ᠎ᠡ ᠵᠡᠷᠭᠡᠴᠡᠨ ᠰᠥᠭᠦᠳᠴᠤ ᠰᠠᠩ ᠰᠥᠯᠭᠡ ᠪᠠᠨ ᠲᠠᠯᠪᠢᠨ ︽ᠡᠵᠡᠨ ᠰᠠᠩ︾ ᠪᠤᠯᠤᠨ | ︽ᠰᠥᠯᠳᠡ ᠶᠢᠨ ᠰᠠᠩ︾ ᠤᠩᠰᠢᠵᠤ ᠡᠵᠡᠨ ᠪᠤᠭᠳᠠ ᠳᠤ ᠪᠠᠨ ᠲᠠᠭᠠᠳᠬᠠᠳᠠᠭ᠃ ᠬᠤᠨᠵᠢᠨ ᠰᠠᠭᠠᠳᠠᠭ ᠮᠢᠯᠢᠶᠠᠨ ᠢᠷᠥᠭᠡᠯ ᠡᠷᠭᠦᠭᠰᠡᠨ ᠤ ᠬᠤᠶᠢᠨ᠎ᠠ ᠵᠤᠷᠢᠭ | ᠮᠡᠳᠡᠭᠦᠯᠵᠤ᠂ ᠰᠠᠭᠠᠳᠠᠭ ᠤᠨ ᠤᠯᠤᠰ ᠬᠡᠷ ᠢᠶᠠᠨ ᠵᠥᠪ ᠡᠷᠬᠢᠭᠡᠳ ᠬᠡᠥᠭᠡᠨ ᠲᠠᠯ᠎ᠠ ᠶᠢᠨ ᠵᠥᠭ ᠴᠤᠭ ᠰᠥᠯᠳᠡ ᠪᠠᠨ ᠪᠠᠳᠠᠷᠠᠭᠤᠯᠤᠨ ᠮᠤᠷᠳᠠᠵᠠᠭᠠᠳᠠᠭ᠃ | | | 2. ᠰᠠᠭᠠᠳᠠᠭ ᠤᠭᠳᠤᠵᠤ ᠤᠷᠢᠭᠠᠯ ᠬᠢᠭᠦ | ᠰᠠᠭᠠᠳᠠᠭ ᠤᠨ ᠤᠯᠤᠰ ᠵᠠᠮ ᠳᠤ ᠪᠠᠨ ᠤᠰᠤ ᠪᠤᠯᠠᠭ ᠤᠨ ᠡᠬᠢ ᠪᠤᠶᠤ ᠤᠪᠤᠭ᠎ᠠ ᠤᠷᠤᠳ᠂ ᠬᠠᠳᠠ ᠬᠠᠶᠢᠷᠬᠠᠨ ᠳᠤ ᠲᠥᠯᠡᠰᠢ ᠡᠷᠭᠦᠯᠭᠡ ᠬᠢᠵᠤ ᠥᠷᠭᠦᠯᠵᠢᠯᠡᠨ | ᠮᠤᠷᠳᠠᠵᠤ ᠬᠡᠥᠭᠡᠨ ᠲᠠᠯ᠎ᠠ ᠶᠢᠨ ᠳᠤ ᠭᠥᠷᠴᠤ ᠬᠡᠷ ᠬᠥᠷᠢᠶ᠎ᠡ ᠶᠢ ᠵᠥᠪ ᠢᠶᠠᠷ ᠲᠤᠭᠤᠷᠢᠵᠤ ᠭᠠᠳᠠᠰᠤᠨ ᠲᠡᠷᠭᠡᠳᠠ ᠪᠠᠭᠤᠨ᠎ᠠ᠃ ᠤᠭᠳᠤᠭᠤᠯ ᠤᠨ ᠭᠥᠮᠥᠰ ᠡᠨᠡ ᠥᠶ᠎ᠡ | ᠳᠤ ᠰᠠᠭᠠᠳᠠᠭ ᠢ ᠤᠭᠳᠤᠭᠤᠯ ᠤᠨ ᠲᠤᠯᠤᠭ ᠲᠡᠭᠡᠷ᠎ᠡ ᠤᠷᠢᠵᠤ᠂ ᠭᠥᠷᠭᠡᠨ ᠭᠥᠥ ᠶᠢ ᠮᠤᠷᠢᠳᠠᠢ ᠨᠢ ᠰᠠᠩ ᠤᠨ ᠰᠥᠷᠥ ᠶᠢᠨ ᠲᠡᠷᠭᠡᠳᠡᠭᠢ ᠲᠤᠯᠤᠭ ᠲᠡᠭᠡᠷ᠎ᠡ | ᠵᠤᠭᠰᠤᠭᠠᠵᠤ᠂ ᠬᠤᠶᠠᠷ ᠲᠠᠯ᠎ᠠ ᠶᠢᠨ ᠬᠤᠨᠵᠢᠨ ᠨᠠᠷ ᠡᠭᠡᠯᠵᠢᠯᠡᠨ ︽ᠭᠥᠯᠥᠭ ᠮᠤᠷᠢᠨ ᠤ ᠢᠷᠥᠭᠡᠯ︾᠂ ︽ᠰᠠᠭᠠᠳᠠᠭ ᠤᠨ ᠢᠷᠥᠭᠡᠯ︾ ᠪᠠ ︽ᠰᠤᠮᠤ ᠨᠡᠮᠡᠭᠦ ᠢᠷᠥᠭᠡᠯ︾ | ᠵᠡᠷᠭᠡ ᠪᠠᠷ ᠢᠷᠥᠭᠡᠭᠡᠳ ᠴᠠᠭᠠᠨ ᠢᠳᠡᠭᠡ ᠠᠮᠰᠠᠭᠤᠯᠤᠨ᠂ ᠬᠤᠷ ᠰᠠᠭᠠᠳᠠᠭ ᠢ ᠨᠢ ᠮᠢᠯᠢᠶᠠᠵᠤ ᠤᠰᠠᠩ ᠤᠨ ᠰᠥᠷᠥ ᠶᠢᠨ ᠪᠠᠷᠠᠭᠤᠨ ᠪᠠᠭᠠᠨ᠎ᠠ ᠲᠠᠢ ᠨᠡᠶᠢᠯᠡᠭᠦᠯᠥᠨ | ᠲᠠᠯᠪᠢᠭᠠᠳ ᠲᠠᠶᠠᠭᠠᠷ ᠢ ᠭᠡᠷ ᠲᠤ ᠤᠷᠢᠳᠠᠭ᠃ | | | 3. ᠡᠭᠦᠳᠡ ᠲᠠᠷᠤᠵᠤ ᠯᠠᠪᠯᠠᠨ ᠠᠰᠠᠭᠤᠬᠤ | ᠭᠥᠷᠭᠡᠨ ᠭᠥᠥ ᠬᠤᠨᠵᠢᠨ ᠬᠤᠶᠠᠭᠤᠯᠠ ᠬᠤᠷᠢᠮ ᠤᠨ ᠶᠡᠭᠡ ᠥᠷᠭᠦᠭᠡᠨ ᠳᠤ ᠤᠷᠤᠬᠤ ᠭᠡᠭᠦ ᠳᠤ ᠬᠡᠥᠭᠡᠨ ᠲᠠᠯ᠎ᠠ ᠶᠢᠨ ᠬᠤᠶᠠᠷ ᠪᠡᠷᠭᠡᠳ ᠬᠡᠨᠡᠳᠳᠠ ᠬᠠᠰᠢᠵᠤ | ᠠᠪᠤᠭᠠᠳ ︽ᠰᠢᠷᠭᠠᠭᠠᠳᠠᠭ︾ ᠢ ᠡᠭᠦᠳᠡ ᠲᠠᠷᠤᠬᠤ ᠶᠤᠰᠤ ᠬᠡᠳᠡᠭ᠃ ᠡᠷᠳᠡ ᠴᠠᠭ ᠲᠤ ᠥᠭᠡᠷ᠎ᠡ ᠰᠠᠭᠠᠳᠠᠭ ᠤᠨ ᠤᠯᠤᠰ ᠢᠷᠡᠵᠤ ᠰᠢᠨ᠎ᠡ ᠪᠡᠷᠢ ᠪᠤᠯᠬᠤ ᠬᠡᠥᠭᠡᠨ ᠢ | ᠪᠤᠯᠢᠶᠠᠵᠤ ᠠᠪᠠᠴᠢᠭᠰᠠᠨ ᠠᠴᠠ ᠰᠤᠷᠭᠠᠮᠵᠢ ᠪᠤᠯᠪᠠ ᠭᠡᠵᠤ ᠬᠠᠭᠤᠴᠢᠯᠠᠳᠠᠭ᠃ ᠭᠥᠷᠭᠡᠨ ᠭᠥᠥ ᠬᠤᠨᠵᠢᠨ ᠬᠤᠶᠠᠭᠤᠯᠠ ᠴᠠᠭᠠᠨ ᠲᠤᠯᠤᠭ ᠢᠶᠠᠷ ᠪᠡᠷᠭᠡᠳ ᠲᠤ | ᠬᠠᠰᠢᠭᠳᠠᠵᠤ ᠬᠤᠨᠵᠢᠨ ᠪᠤᠯᠤᠭᠰᠠᠨ ᠬᠥᠮᠥᠨ ᠡᠨᠡ ᠥᠶ᠎ᠡ ᠳᠤ ᠬᠡᠴᠡᠭᠦᠥ ᠪᠡᠷᠭᠡᠳ ᠲᠠᠢ ᠬᠡᠯᠡᠨ ᠤ ᠮᠡᠷᠭᠡᠨ ᠬᠡᠮᠡᠷᠳᠡᠭ ᠤᠨ ᠠᠭᠤᠵᠢᠮ ᠢᠶᠠᠷ ᠰᠡᠴᠡ ᠪᠤᠯᠢᠶᠠᠯᠳᠤᠳᠠᠭ | ᠴᠤ ᠤᠳᠠᠯ ᠥᠭᠡᠢ ᠤᠯᠤᠯᠴᠠᠵᠤ᠂ ᠠᠪᠤ ᠡᠵᠢ ᠶᠢᠨ ᠬᠢ ᠨᠢ ᠠᠴᠢ ᠪᠤᠯᠤᠨ ᠪᠡᠷᠭᠡᠳ ᠤᠨ ᠬᠤᠪᠢ ᠪᠡᠯᠡᠭ ᠰᠡᠯᠳᠡ ᠪᠠᠨ ᠲᠤᠰᠢᠶᠠᠭᠠᠳ ᠬᠡᠷ ᠲᠤ ᠤᠷᠤᠳᠠᠭ᠃ | | | ᠭᠤᠷᠪᠠ | 1. ᠮᠠᠩᠯᠠᠢ ᠵᠤᠷᠢᠭ ᠮᠡᠳᠡᠭᠦᠯᠭᠦ ᠶᠤᠰᠤ | ᠰᠠᠭᠠᠳᠠᠭ ᠲᠠᠮᠠᠬᠢᠯᠡᠨ ᠵᠤᠯᠭᠠᠵᠤ ᠴᠠᠭᠠᠨ ᠢᠳᠡᠭᠡ ᠴᠠᠢ ᠠᠮᠰᠠᠭᠰᠠᠨ ᠬᠤᠶᠢᠨ᠎ᠠ᠂ ᠬᠤᠷ ᠤᠨ ᠠᠮᠪᠠᠨ ᠬᠤᠷᠢᠮ ᠤᠨ ᠲᠥᠪ ᠲᠠᠢ ᠵᠥᠪᠳᠡᠵᠤ ᠬᠤᠳᠠ ᠲᠥᠷᠥᠯ | ᠤᠨ ᠲᠤᠭᠳᠠᠪᠤᠷᠢ ᠳᠤ ᠲᠤᠭᠳᠠᠭᠰᠠᠨ ᠶᠤᠰᠤᠭᠠᠷ ᠲᠡᠭᠡᠵᠢ ᠪᠡᠯᠡᠭ ᠶᠦᠭᠡᠨ ᠲᠠᠯᠪᠢᠨ᠎ᠠ᠃ ᠰᠠᠭᠠᠯᠢ ᠪᠡᠯᠡᠭ᠂ ᠰᠠᠷᠬᠤᠳ ᠨᠠᠩᠴᠢᠳ᠂ ᠰᠠᠮᠪᠠᠢ ᠬᠠᠳᠠᠭ ᠶᠢᠰᠥ | ᠪᠥᠷᠢᠳᠥᠭᠦᠯᠥᠭᠰᠡᠨ ᠤ ᠲᠤᠳᠤᠷ᠎ᠠ ᠠᠴᠠ ᠬᠠᠮᠤᠭ ᠤᠨ ᠴᠢᠬᠤᠯᠠ ᠨᠢ ᠮᠠᠩᠯᠠᠢ ᠰᠢᠭᠦᠰᠤ ᠪᠤᠯᠤᠨ᠎ᠠ᠃ ᠮᠠᠩᠯᠠᠢ ᠵᠤᠷᠢᠭ ᠢ ᠬᠤᠷᠢᠮ ᠤᠨ ᠤᠯᠠᠨ ᠳᠤ ᠡᠷᠭᠦᠨ | ᠮᠡᠳᠡᠭᠦᠯᠥᠭᠡᠳ ᠠᠷᠢᠭᠢ ᠵᠠᠰᠠᠬᠤ ᠳᠤ ᠲᠡᠮᠴᠢ ᠰᠢᠭᠦᠰᠥᠨ ᠤ ᠲᠥᠷᠪᠡᠨ ᠮᠥᠴᠢᠨ ᠠᠴᠠ ᠬᠠᠯᠢᠮᠯᠠᠵᠤ ᠭᠠᠳᠠᠭ᠎ᠠ ᠭᠠᠷᠴᠤ ᠲᠡᠭᠷᠢ ᠳᠤ ᠰᠠᠴᠤᠭᠠᠳ᠄ ︽ᠲᠡᠭᠡᠵᠢᠡᠷᠭᠦᠪᠡ︕︾ | ᠬᠡᠭᠦᠯᠡᠷ ᠬᠡᠷ ᠲᠤ ᠬᠢ ᠤᠯᠤᠰ᠄ ︽ᠲᠡᠯᠭᠡᠷᠡ︕︾ ᠬᠡᠵᠡᠭᠡᠳᠡᠭ᠃ | | | 2. ᠨᠡᠷ᠎ᠡ ᠵᠢᠯ ᠭᠤᠶᠤᠬᠤ ᠶᠤᠰᠤ | ᠤᠷᠳᠤᠰ ᠮᠤᠩᠭᠤᠯᠴᠤᠳ ᠤᠨ ᠨᠡᠷ᠎ᠡ ᠵᠢᠯ ᠭᠤᠶᠤᠬᠤ ᠶᠤᠰᠤ ᠪᠤᠯ ᠪᠥᠬᠦᠢ ᠯᠠ ᠶᠡᠭᠡ ᠬᠤᠷᠢᠮ ᠤᠨ ᠶᠠᠪᠤᠴᠠ ᠳᠤ ᠬᠢ ᠬᠠᠮᠤᠭ ᠤᠨ ᠴᠢᠬᠤᠯᠠ ᠨᠢᠭᠡᠨ | ᠭᠤᠭᠴᠤᠭ᠎ᠠ ᠲᠤᠯᠠ ᠠᠭᠤᠯᠭ᠎ᠠ ᠵᠢᠷᠤᠮ ᠵᠤᠵᠠᠭᠠᠨ᠂ ᠤᠴᠢᠷ ᠤᠳᠬ᠎ᠠ ᠭᠥᠨ ᠪᠠᠶᠢᠳᠠᠭ᠃ ᠶᠡᠷᠤ ᠳᠤ ᠪᠠᠨ ᠰᠠᠭᠠᠳᠠᠭ ᠤᠨ ᠤᠯᠤᠰ ᠲᠡᠭᠡᠵᠢ ᠪᠡᠯᠡᠭ ᠢᠶᠠᠨ ᠬᠥᠢᠴᠡᠭᠡᠨ | ᠬᠤᠷᠢᠮ ᠨᠡᠶᠢᠯᠡᠵᠤ ᠶᠡᠭᠡ ᠨᠠᠶᠢᠷ ᠡᠬᠢᠯᠡᠨ᠂ ᠬᠤᠶᠠᠷ ᠲᠠᠯ᠎ᠠ ᠶᠢᠨ ᠲᠥᠪ ᠠᠮᠪᠠᠨ ᠨᠠᠷ ᠲᠠᠷᠠᠭᠠᠴᠢ ᠶᠢᠨ ᠶᠤᠰᠤ ᠭᠤᠷᠢᠮ ᠢ ᠬᠡᠯᠡᠯᠴᠡᠨ ᠪᠠᠶᠢᠬᠤ ᠳᠤ᠂ ᠲᠡᠮᠴᠢ ᠬᠤᠶᠠᠷ | ᠠᠮᠪᠠᠨ ᠠᠴᠠ ᠡᠬᠢᠯᠡᠭᠦᠯᠵᠤ ᠬᠤᠶᠠᠷ ᠲᠡᠶᠢᠰᠢ ᠬᠠᠨᠠᠯᠠᠭᠤᠯᠤᠨ ᠴᠠᠭᠠᠨ ᠢᠳᠡᠭᠡ ᠠᠮᠰᠠᠭᠤᠯᠵᠤ ᠵᠠᠪᠰᠠᠷ ᠠᠶᠢᠯᠠᠳᠬᠠᠭᠠᠳ ᠶᠤᠰᠤ ᠡᠬᠢᠯᠡᠳᠡᠭ᠃ ᠶᠡᠷᠥ ᠳᠤ ᠪᠠᠨ ᠠᠩᠬᠠᠨ | ᠤ ᠵᠤᠷᠢᠭ᠂ ᠡᠷᠭᠦᠮᠵᠢ ᠶᠢᠨ ᠵᠤᠷᠢᠭ ᠬᠢᠭᠡᠳ ᠲᠡᠭᠦᠰᠭᠡᠯ ᠤᠨ ᠵᠤᠷᠢᠭ ᠭᠡᠵᠤ ᠭᠤᠷᠪᠠ ᠤᠳᠠᠭ᠎ᠠ ᠵᠤᠷᠢᠭ ᠮᠡᠳᠡᠭᠦᠯᠵᠤ᠂ ᠭᠤᠴᠢᠨ ᠠᠰᠠᠭᠤᠯᠳᠠ ᠬᠠᠷᠢᠭᠤᠯᠳᠠ ᠬᠢᠪᠡᠯ | ᠪᠡᠷᠭᠡᠳ ᠬᠡᠥᠭᠡᠨ ᠳᠤ ᠴᠠᠭᠠᠨ ᠢᠳᠡᠭᠡ ᠠᠮᠰᠠᠭᠤᠯᠵᠤ ᠨᠡᠷ᠎ᠡ ᠵᠢᠯ ᠭᠤᠶᠤᠬᠤ ᠶᠤᠰᠤ ᠲᠡᠭᠦᠰᠳᠡᠭ᠃ | | | 3. ᠭᠥᠷᠭᠡᠨ ᠭᠥᠥ ᠭᠥᠵᠥᠭᠦᠥ ᠨᠤᠭᠤᠯᠬᠤ | ᠭᠥᠷᠭᠡᠨ ᠭᠥᠥ ᠪᠠᠷ ᠭᠥᠵᠥᠭᠦᠥ ᠨᠤᠭᠤᠯᠤᠭᠤᠯᠬᠤ ᠪᠤᠯ ᠤᠷᠳᠤᠰ ᠬᠤᠷᠢᠮ ᠤᠨ ᠨᠢᠭᠡᠨ ᠶᠡᠭᠡ ᠤᠨᠴᠠᠯᠢᠭ ᠪᠥᠭᠡᠳ ᠭᠥᠷᠭᠡᠨ ᠭᠥᠥ ᠶᠢᠨ ᠲᠠᠷ ᠴᠢᠳᠠᠯ ᠪᠠ | ᠠᠷᠭ᠎ᠠ ᠲᠤᠷᠰᠢᠯᠭ᠎ᠠ ᠶᠢ ᠰᠢᠯᠭᠠᠨ᠎ᠠ ᠭᠡᠳᠡᠭ᠃ ᠰᠢᠨ᠎ᠡ ᠪᠡᠷᠢ ᠶᠢᠨ ᠬᠤᠪᠢ ᠭᠡᠵᠤ ᠲᠡᠭᠡᠵᠢ ᠲᠠᠯᠪᠢᠭᠰᠠᠨ ᠤ ᠬᠠᠷᠢᠭᠤ ᠳᠤ ᠪᠡᠷᠭᠡᠳ ᠬᠥᠢᠴᠡᠮᠡᠯ ᠡᠷ᠎ᠡ ᠬᠤᠨᠢᠨ ᠤ | ᠰᠢᠭᠦᠷᠭᠡᠢ ᠰᠢᠭ ᠴᠢᠨᠠᠭᠰᠠᠨ ᠭᠥᠵᠥᠭᠦᠥ ᠶᠢ ᠪᠤᠭᠤᠷᠰᠤᠭ ᠲᠠᠢ ᠫᠢᠯᠡᠨ ᠳᠤ ᠲᠠᠯᠪᠢᠭᠠᠳ ᠪᠤᠴᠠᠭᠠᠳᠠᠭ ᠪᠥᠭᠡᠳ ᠵᠠᠩᠰᠢᠯ ᠶᠤᠰᠤᠭᠠᠷ ᠭᠥᠷᠭᠡᠨ ᠭᠥᠥ ᠡᠨᠡ ᠭᠥᠵᠥᠭᠦᠥ | ᠶᠢ ᠠᠪᠴᠤ ᠨᠢᠭᠡ ᠯᠠ ᠲᠠᠷᠤᠵᠤ ᠨᠤᠭᠤᠯᠤᠭᠠᠳ ᠲᠠᠯᠪᠢᠳᠠᠭ᠃ ᠶᠡᠷᠥ ᠶᠢᠨ ᠪᠠᠶᠢᠳᠠᠯ ᠳᠤ ᠨᠤᠭᠤᠯᠬᠤ ᠭᠥᠵᠥᠭᠦᠥ ᠶᠢ ᠰᠡᠶᠢᠴᠢᠯ ᠥᠭᠡᠢ ᠰᠡᠮᠡᠭᠡᠷ ᠡᠪᠳᠡᠶᠢᠭᠡᠨ | ᠭᠥᠨᠳᠡᠵᠤ ᠲᠠᠯᠪᠢᠭᠰᠠᠨ ᠪᠠᠶᠢᠳᠠᠭ᠃ ᠨᠤᠭᠤᠰᠤᠨ ᠳᠤ ᠨᠢ ᠰᠤᠬᠠᠢ ᠰᠢᠭᠠᠵᠤ ᠬᠥᠷᠭᠡᠨ ᠭᠥᠥ ᠶᠢᠨ ᠲᠡᠷ ᠰᠢᠯᠭᠠᠬᠤ ᠲᠤᠭᠯᠠᠭᠠᠮ ᠪᠤᠯᠭᠠᠳᠠᠭ ᠤᠴᠢᠷ ᠴᠤ ᠪᠤᠢ᠃ | ᠲᠦᠷᠪᠠ | 1. ᠭᠡᠵᠢᠭᠡ ᠬᠠᠭᠠᠯᠵᠤ ᠬᠡᠥᠭᠡᠨ ᠪᠤᠭᠳᠤᠯᠬᠤ | ᠬᠡᠥᠭᠡᠨ ᠪᠤᠭᠳᠤᠯᠬᠤ ᠶᠤᠰᠤ ᠭᠡᠳᠡᠭ ᠨᠢ ᠬᠡᠥᠭᠡᠨ ᠭᠥᠮᠥᠨ ᠢ ᠰᠢᠨ᠎ᠡ ᠪᠡᠷᠢ ᠪᠤᠯᠭᠠᠨ ᠵᠠᠰᠠᠨ ᠴᠢᠮᠡᠵᠤ ᠵᠡᠭᠦᠭᠡ ᠲᠠᠷᠤᠭᠤᠯᠭ᠎ᠠ ᠵᠡᠭᠦᠯᠭᠡᠭᠦ ᠶᠢ ᠬᠡᠯᠡᠵᠤ ᠪᠤᠢ᠃ | ᠥᠰᠥᠨ ᠠᠪᠤ ᠡᠵᠢ ᠨᠢ ᠬᠡᠥᠭᠡᠨ ᠤ ᠪᠠᠨ ᠤᠤᠯ ᠤᠨ ᠭᠥᠭᠦᠯ ᠭᠥᠷᠥᠭᠰᠡᠨ ᠭᠡᠵᠢᠭᠡ ᠶᠢ ᠠᠯᠳᠠᠷᠠᠭᠠᠨ ᠵᠠᠭᠠᠨ ᠤ ᠶᠠᠰᠤᠨ ᠰᠠᠪᠬ᠎ᠠ ᠪᠠᠷ ᠬᠤᠶᠠᠷ ᠲᠡᠶᠢᠰᠢ ᠵᠠᠭᠠᠳᠠᠯ | ᠭᠠᠷᠭᠠᠨ ᠠᠩᠬᠢᠯᠠᠵᠤ᠂ ᠬᠡᠥᠭᠡᠨ ᠭᠥᠷᠭᠡᠨ ᠬᠤᠶᠠᠭᠤᠯᠠ ᠶᠢ ᠵᠡᠷᠭᠡᠴᠡᠭᠦᠯᠥᠨ ᠰᠠᠭᠤᠯᠭᠠᠵᠤ ᠬᠤᠶᠠᠭᠤᠯᠠ ᠶᠢᠨ ᠭᠡᠵᠢᠭᠡ ᠶᠢ ᠨᠡᠶᠢᠯᠡᠭᠦᠯᠥᠨ ᠠᠳᠬᠤᠵᠤ ᠢᠷᠥᠭᠡᠭᠡᠳ | ᠰᠠᠮᠨᠠᠵᠤ ᠥᠰᠥ ᠨᠡᠶᠢᠯᠡᠭᠦᠯᠳᠡᠭ᠃ ᠲᠠᠷᠠᠭ᠎ᠠ ᠨᠢ ᠥᠰᠥ ᠪᠠᠷᠢᠭᠰᠠᠨ ᠠᠪᠤ ᠡᠵᠢ᠂ ᠬᠤᠨᠵᠢᠨ ᠪᠠ ᠪᠡᠷᠭᠡᠳ ᠨᠠᠷ ᠬᠡᠥᠭᠡᠨ ᠤ ᠬᠡᠵᠢᠭᠡ ᠶᠢ ᠵᠠᠭᠠᠳᠠᠯ ᠭᠠᠷᠭᠠᠵᠤ ᠰᠢᠪᠡᠭ | ᠲᠠᠷᠤᠭᠤᠯᠭ᠎ᠠ ᠵᠡᠭᠦᠯᠭᠡᠨ᠂ ᠪᠥᠰᠡ ᠶᠢ ᠨᠢ ᠲᠠᠶᠢᠯᠤᠨ ᠠᠪᠴᠤ ᠪᠥᠰᠡᠭᠦᠢ ᠪᠤᠯᠭᠠᠭᠰᠠᠨ ᠳᠤ ᠲᠤᠭᠠᠴᠠᠨ᠎ᠠ᠃ | | 2. ᠬᠡᠥᠭᠡᠨ ᠨᠤᠴᠤᠬᠤ ᠶᠤᠰᠤ ᠵᠠᠩᠰᠢᠯ | ᠬᠠᠭᠤᠴᠢᠨ ᠳᠤ ᠰᠢᠨ᠎ᠡ ᠪᠡᠷᠢ ᠪᠤᠯᠬᠤ ᠬᠡᠥᠭᠡᠨ ᠭᠥᠮᠥᠨ ᠡᠵᠢ ᠠᠪᠤ᠂ ᠡᠯᠢᠭᠡᠨ ᠰᠠᠳᠤᠨ᠂ ᠲᠠᠨᠢᠯ ᠲᠠᠪᠢᠯ ᠠᠴᠠ ᠪᠠᠨ ᠰᠠᠯᠵᠤ ᠬᠠᠷᠢ ᠭᠥᠨᠳᠡᠯᠡᠨ ᠨᠤᠳᠤᠭ ᠲᠤ | ᠬᠠᠳᠠᠮ ᠤᠨ ᠡᠭᠦᠳᠡ ᠲᠠᠳᠠᠬᠤ ᠲᠤᠯᠠ ᠡᠰᠡ ᠮᠡᠳᠡᠭᠦ ᠬᠤᠪᠢ ᠵᠠᠶᠠᠭ᠎ᠠ ᠳᠤ ᠪᠠᠨ ᠵᠢᠷᠥᠭᠡ ᠲᠥᠭᠰᠢᠵᠤ ᠮᠠᠰᠢ ᠭᠥᠭᠡᠷᠥᠭᠦᠶᠢᠯᠡᠯᠳᠡᠢ ᠪᠠᠶᠢᠳᠠᠭ᠃ ᠢᠩᠬᠢᠭᠡᠳ ᠥᠰᠥᠨ | ᠠᠪᠤ ᠡᠵᠢ ᠨᠢ ᠭᠡᠵᠢᠭᠡ ᠬᠠᠭᠠᠯᠵᠤ ᠥᠰᠥ ᠰᠠᠮᠨᠠᠬᠤ ᠭᠡᠭᠦ ᠳᠤ ᠬᠠᠪᠢ ᠤᠶᠢᠷ᠎ᠠ ᠬᠡᠥᠭᠡᠨᠴᠤᠳ ᠨᠢ ᠨᠡᠶᠢᠵᠠ ᠪᠠᠨ ᠬᠠᠷᠢ ᠳᠤ ᠮᠤᠷᠳᠠᠭᠤᠯᠬᠤ ᠥᠭᠡᠢ ᠭᠡᠵᠤ ᠨᠤᠴᠤᠯᠳᠤᠨ | ᠵᠠᠭᠤᠷᠠᠯᠳᠤᠨ ᠤᠬᠢᠯᠠᠯᠳᠤᠬᠤ ᠶᠠᠪᠤᠳᠠᠯ ᠭᠠᠷᠳᠠᠭ ᠢ ᠬᠡᠥᠭᠡᠨ ᠨᠤᠴᠤᠬᠤ ᠭᠡᠳᠡᠭ᠃ ᠭᠥᠷᠭᠡᠨ ᠭᠥᠥ ᠲᠠᠭᠠᠭᠤᠯᠤᠭᠴᠢ ᠴᠤ ᠡᠨᠡ ᠥᠶ᠎ᠡ ᠳᠤ ᠭᠠᠳᠠᠨ᠎ᠠ ᠰᠤᠨᠤᠷ ᠰᠡᠷᠡᠮᠵᠢ | ᠲᠠᠢ ᠵᠤᠭᠰᠤᠵᠤ ᠪᠠᠶᠢᠳᠠᠭ ᠨᠢ ᠪᠤᠯᠢᠶᠠᠮᠠᠯ ᠤᠷᠤᠭ ᠤᠨ ᠤᠯᠠ ᠮᠥᠷ ᠬᠠᠳᠠᠭᠠᠯᠠᠭᠳᠠᠵᠤ ᠪᠠᠶᠢᠬᠤ ᠶᠢᠨ ᠰᠢᠨᠵᠢ ᠪᠢᠯᠡ᠃ | | | 3. ᠬᠡᠥᠭᠡᠨ ᠮᠥᠷᠭᠦᠭᠦᠯᠵᠤ ᠮᠤᠷᠳᠠᠬᠤ ᠶᠤᠰᠤ | ᠬᠡᠥᠭᠡᠨ ᠲᠠᠯ᠎ᠠ ᠶᠢᠨ ᠬᠤᠷᠢᠮ ᠤᠨ ᠰᠢᠭᠦᠰᠤ ᠶᠢᠨ ᠲᠠᠷᠠᠭ᠎ᠠ ᠰᠠᠭᠠᠳᠠᠭ ᠤᠨ ᠡᠬᠢᠯᠡᠭᠴᠢ ᠠᠴᠠ ᠬᠡᠥᠭᠡᠨ ᠲᠠᠯ᠎ᠠ ᠶᠢᠨ ᠬᠤᠷᠢᠮ ᠤᠨ ᠲᠥᠪ ᠪᠤᠯᠤᠨ ᠥᠷᠭᠡᠨ | ᠲᠥᠷᠥᠯ ᠢ ᠭᠥᠭᠦᠥᠷ ᠪᠠᠷᠢᠨ ᠤᠷᠢᠵᠤ᠂ ᠭᠥᠷᠭᠡᠨ ᠭᠥᠥ ᠲᠠᠷᠠᠭᠠᠯᠠᠨ ᠮᠥᠷᠭᠦᠵᠤ ᠰᠠᠭᠠᠳᠠᠭ ᠪᠤᠴᠠᠬᠤ ᠪᠠᠷ ᠪᠡᠯᠡᠳᠳᠡᠭ᠃ ᠰᠢᠨ᠎ᠡ ᠪᠡᠷᠢ ᠪᠤᠯᠬᠤ ᠬᠡᠥᠭᠡᠨ ᠳᠤ ᠪᠠᠨ | ᠤᠭ᠍ᠶᠤ ᠱᠢᠷᠤ ᠪᠠᠷ ᠴᠢᠮᠡᠭᠰᠡᠨ ᠲᠠᠷᠤᠭᠤᠯᠭ᠎ᠠ ᠵᠡᠭᠦᠯᠭᠡᠵᠤ᠂ ᠭᠥᠭᠡ ᠬᠠᠶᠢᠯᠠᠩ ᠲᠤᠷᠭᠠᠨ ᠭᠥᠷᠭᠦ ᠪᠠᠷ ᠨᠢᠭᠤᠷ ᠴᠢᠷᠠᠢ ᠶᠢ ᠨᠢ ᠬᠠᠯᠬᠠᠯᠠᠭᠠᠳ ᠴᠠᠭᠠᠨ ᠵᠤᠭᠤᠰ | ᠠᠳᠬᠤᠭᠤᠯᠵᠤ ᠪᠤᠷᠬᠠᠨ ᠳᠤ ᠮᠥᠷᠭᠦᠭᠦᠯᠥᠭᠡᠳ ᠲᠠᠭᠠᠭᠤᠯᠵᠤ ᠭᠠᠷᠬᠤ ᠳᠤ ᠡᠵᠢ ᠬᠡᠥᠭᠡᠨ ᠬᠤᠶᠠᠷ ᠲᠡᠪᠡᠷᠢᠯᠴᠡᠨ ᠤᠬᠢᠯᠠᠯᠴᠠᠳᠠᠭ᠃ ᠮᠤᠷᠳᠠᠵᠤ ᠤᠴᠢᠬᠤ ᠭᠥᠮᠥᠨ ᠳᠤ | ᠪᠠᠨ ᠬᠡᠳᠥᠢ ᠲᠤᠷᠠᠳᠠᠢ ᠪᠠᠶᠢᠭᠰᠠᠨ ᠴᠤ ᠡᠨᠡ ᠴᠠᠭ ᠲᠤ ᠤᠬᠢᠯᠠᠳᠠᠭ ᠬᠡᠳᠡᠭ ᠶᠤᠰᠤ ᠪᠤᠢ᠃ | | | ᠳᠠᠪᠤ | 1. ᠰᠠᠭᠠᠳᠠᠭ ᠪᠤᠴᠠᠵᠤ ᠬᠡᠥᠭᠡᠨ ᠬᠥᠷᠭᠡᠭᠦ | ᠰᠢᠨ᠎ᠡ ᠪᠡᠷᠢ ᠶᠢ ᠲᠤᠯᠤᠭ ᠡᠭᠡᠯᠵᠢᠯᠡᠭᠦᠯᠥᠨ ᠬᠢᠰᠬᠢᠭᠦᠯᠵᠤ ᠲᠥᠷᠥᠭᠡ ᠲᠥᠷᠥᠭᠡᠯᠡᠭᠦᠯᠭᠦ ᠥᠭᠡᠢ ᠪᠠᠷ ᠮᠤᠷᠢᠨ ᠳᠤ ᠡᠷᠭᠦᠵᠤ ᠤᠨᠤᠭᠤᠯᠤᠭᠠᠳ ᠪᠡᠷᠭᠡᠳ | ᠭᠥᠳᠥᠯᠵᠤ ᠲᠥᠷᠥᠯ ᠲᠠᠶᠠᠭᠠᠷ ᠭᠡᠥᠭᠡᠨ ᠭᠥᠷᠭᠡᠭᠦ ᠪᠠᠷ ᠭᠥᠳᠡᠯᠳᠡᠭ᠃ ᠰᠢᠨ᠎ᠡ ᠪᠡᠷᠢ ᠶᠢ ᠲᠠᠭᠠᠯ ᠬᠡᠥᠭᠡᠨ ᠪᠤᠯᠤᠨ ᠶᠡᠭᠡ ᠪᠠᠭ᠎ᠠ ᠪᠡᠷᠭᠡᠳ ᠰᠠᠯᠤᠯ ᠥᠭᠡᠢ ᠬᠠᠮᠳᠤ | ᠪᠠᠭᠯᠠᠷᠠᠵᠤ ᠶᠠᠪᠤᠳᠠᠭ ᠪᠥᠭᠡᠳ ᠮᠤᠷᠳᠠᠬᠤ ᠬᠡᠥᠭᠡᠨ ᠭᠤᠷᠪᠠ ᠤᠳᠠᠭ᠎ᠠ ᠲᠠᠪᠠᠭ᠎ᠠ ᠲᠠᠢ ᠭᠠᠵᠠᠷ ᠮᠤᠷᠢᠨ ᠲᠡᠭᠡᠷ᠎ᠡ ᠠᠴᠠ ᠪᠠᠨ ᠠᠪᠤ ᠡᠵᠢ᠂ ᠬᠤᠳᠠ ᠭᠥᠷᠢᠶ᠎ᠡ ᠪᠤᠯᠤᠨ | ᠨᠤᠳᠤᠭ ᠪᠡᠯᠴᠢᠭᠡᠷ ᠢᠶᠠᠨ ᠪᠠᠷᠠᠯᠠᠳᠠᠭ᠃ | | | 2. ᠮᠠᠯᠠᠭᠠᠢ ᠪᠤᠯᠢᠶᠠᠬᠤ ᠶᠤᠰᠤ ᠵᠠᠩᠰᠢᠯ | ᠰᠤᠮᠤᠨ ᠤᠭᠳᠤᠭᠤᠯ ᠤᠨ ᠬᠤᠷᠢᠮ ᠪᠤᠯᠵᠤ ᠬᠥᠥ ᠲᠠᠯ᠎ᠠ ᠠᠴᠠ ᠬᠡᠥᠭᠡᠨ ᠲᠠᠯ᠎ᠠ ᠶᠢᠨ ᠴᠢᠬᠤᠯᠠ ᠲᠥᠷᠥᠯ ᠢ ᠤᠷᠢᠭᠠᠳ ᠰᠠᠭᠠᠳᠠᠭ ᠤᠷᠢᠳ ᠬᠥᠳᠡᠯᠭᠦ ᠳᠤ | ᠬᠡᠥᠭᠡᠨ ᠲᠠᠯ᠎ᠠ ᠶᠢᠨ ᠬᠢᠨ ᠮᠤᠷᠢᠨ ᠳᠤ ᠪᠠᠨ ᠰᠠᠶᠢᠨ ᠵᠠᠯᠠᠭᠤᠰ ᠢ ᠭᠠᠷᠭᠠᠵᠤ ᠭᠥᠷᠭᠡᠨ ᠭᠥᠥ ᠶᠢᠨ ᠬᠤᠶᠢᠨ᠎ᠠ ᠠᠴᠠ ᠮᠠᠯᠠᠭᠠᠢ ᠶᠢ ᠨᠢ ᠪᠤᠯᠢᠶᠠᠬᠤ ᠪᠠᠷ ᠲᠥᠷᠥᠭᠡ | ᠬᠠᠰᠢᠨ ᠤᠷᠤᠯᠳᠤᠳᠠᠭ᠃ ᠭᠥᠷᠭᠡᠨ ᠭᠥᠥ ᠶᠢᠨ ᠤᠨᠤᠯᠭ᠎ᠠ ᠶᠡᠷᠤ ᠨᠢ ᠰᠠᠶᠢᠨ ᠪᠠᠶᠢᠳᠠᠭ ᠲᠤᠯᠠ ᠪᠠᠷᠤᠭᠳᠠᠢ ᠳᠤ ᠮᠠᠯᠠᠭᠠᠢ ᠪᠠᠨ ᠪᠤᠯᠢᠶᠠᠯᠭᠠᠳᠠᠭ ᠥᠭᠡᠢ᠃ ᠬᠡᠷᠪᠡ | ᠪᠤᠯᠢᠶᠠᠭᠳᠠᠪᠠᠯ ᠴᠠᠭᠠᠨ ᠢᠳᠡᠭᠡ᠂ ᠠᠷᠢᠬᠢ ᠪᠠᠷᠢᠨ ᠭᠤᠶᠤᠵᠤ ᠠᠯᠳᠠᠭᠰᠠᠨ ᠮᠠᠯᠠᠭᠠᠢ ᠪᠠᠨ ᠡᠭᠡᠭᠦᠯᠵᠤ ᠠᠪᠳᠠᠭ ᠶᠤᠰᠤ ᠨᠢ ᠭᠥᠷᠭᠡᠨ ᠭᠥᠥ ᠶᠢᠨ ᠠᠪᠬᠠᠯᠵᠢ ᠴᠢᠳᠠᠯ ᠪᠠ | ᠠᠭᠠᠰᠢ ᠪᠠᠭᠳᠠᠭᠠᠮᠵᠢ ᠶᠢ ᠰᠤᠷᠢᠵᠤ ᠪᠠᠶᠢᠭ᠎ᠠ ᠤᠴᠢᠷ ᠶᠤᠮ᠃ | | | 3. ᠶᠡᠭᠡ ᠤᠭᠳᠤᠭᠤᠯ ᠤᠭᠳᠤᠬᠤ ᠶᠤᠰᠤ | ᠰᠠᠭᠠᠳᠠᠭ ᠤᠨ ᠤᠯᠤᠰ ᠪᠤᠴᠠᠵᠤ ᠢᠷᠡᠭᠦ ᠳᠤ ᠮᠤᠷᠳᠠᠬᠤ ᠥᠶ᠎ᠡ ᠲᠠᠢ ᠠᠪ ᠠᠳᠠᠯᠢᠬᠠᠨ ᠰᠠᠩ ᠲᠠᠯᠪᠢᠵᠤ ᠲᠤᠩ ᠲᠠᠳᠠᠵᠤ ᠤᠭᠳᠤᠳᠠᠭ ᠪᠥᠭᠡᠳ ᠰᠠᠭᠠᠳᠠᠭᠴᠢᠳ | ᠲᠥᠭᠦᠮ ᠠᠪᠰᠠᠷᠬᠠᠨ ᠬᠠᠷᠢᠭᠤ ᠮᠡᠳᠡᠭᠦᠯᠥᠭᠡᠳ ᠶᠡᠭᠡ ᠤᠭᠳᠤᠭᠤᠯ ᠳᠤ ᠪᠡᠯᠡᠳᠭᠡᠳᠡᠭ᠃ ᠬᠡᠥᠭᠡᠨ ᠭᠥᠷᠭᠡᠭᠰᠡᠳ ᠬᠥᠷᠭᠡᠨ ᠭᠥᠥ ᠶᠢᠨ ᠭᠡᠷ ᠢ ᠵᠥᠪ ᠢᠶᠠᠷ ᠨᠢᠭᠡ | ᠤᠷᠢᠶᠠᠭᠠᠳ ᠢᠷᠡᠭᠦ ᠳᠤ ᠭᠥᠥ ᠲᠠᠯ᠎ᠠ ᠶᠢᠨ ᠭᠤᠤᠯ ᠲᠥᠷᠥᠯ ᠤᠭᠳᠤᠭᠤᠯ ᠳᠤ ᠭᠠᠷᠴᠤ ᠴᠠᠭᠠᠨ ᠢᠳᠡᠭᠡ ᠠᠮᠰᠠᠭᠤᠯᠤᠨ ᠤᠭᠳᠤᠵᠤ ᠲᠥᠪ ᠤᠨ ᠬᠡᠷ ᠲᠤ ᠤᠷᠢᠳᠠᠭ᠃ | | | | 4. ᠰᠢᠨ᠎ᠡ ᠪᠡᠷᠢ ᠰᠢᠷᠢᠭ ᠠᠯᠬᠤᠬᠤ | ᠬᠥᠷᠭᠡᠨ ᠭᠥᠥ ᠶᠢᠨ ᠬᠢᠨ ᠤ ᠤᠰᠠᠩ ᠤᠨ ᠰᠥᠷᠥ ᠶᠢᠨ ᠵᠡᠭᠦᠨ ᠤᠷᠢᠳᠠᠢ ᠨᠡᠯᠢᠶᠡᠳ ᠵᠠᠶᠢᠳᠠᠢ ᠬᠤᠶᠠᠷ ᠤᠪᠤᠭ᠎ᠠ ᠲᠥᠯᠡᠭᠡ ᠪᠠᠵᠠᠭᠠᠵᠤ ᠲᠠᠯᠪᠢᠬᠤ ᠪᠥᠭᠡᠳ ᠭᠠᠯ | ᠤᠷᠤᠭᠤ ᠰᠠᠴᠤᠬᠤ ᠲᠠᠪᠤᠰᠤ ᠪᠤᠯᠤᠨ ᠠᠷᠴᠠ ᠭᠥᠵᠢ ᠲᠡᠷᠢᠭᠦᠳᠡᠨ ᠢ ᠪᠡᠯᠡᠳᠭᠡᠵᠤ ᠪᠠᠶᠢᠳᠠᠭ᠃ ᠰᠢᠨ᠎ᠡ ᠪᠡᠷᠢ ᠢᠷᠡᠭᠦ ᠳᠤ ᠰᠢᠨ᠎ᠡ ᠭᠥᠷᠭᠡᠨ ᠰᠢᠷᠢᠭ ᠤᠨ ᠲᠡᠷᠭᠡᠳᠡ | ᠭᠥᠯᠢᠶᠡᠵᠤ᠂ ᠬᠠᠳᠠᠭ ᠲᠠᠳᠠᠵᠤ ᠰᠢᠷᠢᠭ ᠤᠨ ᠭᠠᠯ ᠤᠨ ᠵᠠᠢ ᠶᠢ ᠥᠷᠭᠡᠳᠭᠡᠭᠰᠡᠨ ᠤ ᠲᠠᠷᠠᠭ᠎ᠠ ᠪᠡᠷᠭᠡᠳ ᠰᠢᠨ᠎ᠡ ᠪᠡᠷᠢ ᠶᠢᠨ ᠤᠨᠤᠭᠰᠠᠨ ᠮᠤᠷᠢᠨ ᠤ ᠴᠤᠯᠪᠤᠭᠤᠷ ᠢ ᠭᠠᠯ | ᠤᠨ ᠨᠥᠭᠦᠭᠡ ᠲᠠᠯ᠎ᠠ ᠳᠤ ᠪᠠᠶᠢᠬᠤ ᠭᠥᠷᠭᠡᠨ ᠭᠥᠥ ᠳᠤ ᠰᠢᠳᠡᠨ ᠥᠭᠴᠤ ᠲᠡᠷᠡ ᠨᠢ ᠰᠤᠬᠠᠢ ᠲᠠᠰᠢᠭᠤᠷ ᠤᠨ ᠡᠰᠢ ᠪᠠᠷ ᠴᠤᠯᠪᠤᠭᠤᠷ ᠢ ᠡᠯᠭᠦᠨ ᠠᠪᠴᠤ ᠡᠭᠡᠨᠡᠷ ᠢᠶᠠᠨ | ᠤᠨᠤᠭ᠎ᠠ ᠲᠠᠢ ᠨᠢ ᠰᠢᠷᠢᠭ ᠤᠨ ᠭᠠᠯ ᠤᠨ ᠲᠤᠮᠳᠠᠭᠤᠷ ᠤᠨᠢ ᠮᠤᠳᠤᠨ ᠲᠡᠭᠡᠭᠦᠷ ᠭᠥᠳᠥᠯᠥᠨ ᠭᠠᠷᠳᠠᠭ᠃ | | | ᠵᠢᠷᠭᠤᠭ᠎ᠠ | 1. ᠭᠠᠯ ᠪᠤᠷᠬᠠᠨ ᠳᠤ ᠮᠥᠷᠭᠦᠭᠦᠯᠭᠦ | ᠰᠢᠨ᠎ᠡ ᠪᠡᠷᠢ ᠬᠠᠳᠠᠮ ᠤᠨ ᠳᠤ ᠪᠠᠭᠤᠵᠤ ᠢᠷᠡᠮᠡᠭᠴᠡ ᠬᠠᠮᠤᠭ ᠤᠨ ᠲᠥᠷᠥᠭᠦᠨ ᠳᠤ ᠭᠥᠷᠭᠡᠨ ᠭᠥᠥ ᠪᠤᠯᠤᠨ ᠪᠡᠷᠭᠡᠳ ᠤᠨ ᠲᠠᠭᠠᠭᠤᠯᠭ᠎ᠠ ᠪᠠᠷ ᠪᠤᠷᠬᠠᠨ ᠤ ᠬᠡᠷ | ᠲᠤ ᠭᠥᠷᠴᠤ ᠪᠤᠷᠬᠠᠨ ᠳᠤ ᠮᠥᠷᠭᠦᠵᠤ᠂ ᠨᠢᠨᠳᠠᠷ ᠤᠨ ᠲᠠᠭᠠᠳᠬᠠᠯ ᠪᠠ ᠵᠤᠯᠠ ᠶᠢᠨ ᠲᠠᠭᠠᠳᠬᠠᠯ ᠤᠨ ᠶᠤᠰᠤ ᠶᠢ ᠭᠥᠢᠴᠡᠳᠭᠡᠭᠡᠳ᠂ ᠲᠠᠷᠠᠭ᠎ᠠ ᠨᠢ ᠬᠠᠳᠠᠮ ᠤᠨ ᠭᠠᠯ | ᠳᠤ ᠮᠥᠷᠭᠦᠵᠤ ᠭᠤᠯᠤᠮᠳᠠ ᠶᠢᠨ ᠡᠵᠡᠨ ᠰᠠᠭᠤᠨ᠎ᠠ᠃ ᠰᠢᠨ᠎ᠡ ᠪᠡᠷᠢ ᠶᠢ ᠭᠠᠯ ᠪᠤᠷᠬᠠᠨ ᠳᠤ ᠮᠥᠷᠭᠦᠭᠦᠯᠭᠦ ᠶᠢᠨ ᠰᠢᠯᠳᠠᠭᠠᠨ ᠪᠤᠯ ᠬᠠᠳᠠᠮ ᠤᠨ ᠬᠡᠷ ᠪᠥᠯᠢ ᠳᠤ ᠰᠢᠨ᠎ᠡ | ᠪᠡᠷᠢ ᠶᠢ ᠪᠠᠭᠳᠠᠭᠠᠬᠤ ᠶᠢ ᠭᠠᠯ ᠪᠤᠷᠬᠠᠨ ᠳᠤ ᠪᠠᠨ ᠲᠠᠭᠠᠳᠬᠠᠨ ᠭᠤᠶᠤᠵᠤ᠂ ᠬᠠᠳᠠᠮ ᠤᠨ ᠭᠤᠯᠤᠮᠳᠠ ᠶᠢ ᠤᠯᠠᠮᠵᠢᠯᠠᠨ ᠵᠠᠯᠭᠠᠮᠵᠢᠯᠠᠵᠤ ᠲᠡᠭᠦᠨ ᠤ ᠬᠠᠶᠢᠷ᠎ᠠ ᠢᠪᠡᠭᠡᠯ | ᠳᠤ ᠨᠢ ᠪᠠᠭᠳᠠᠬᠤ ᠶᠢ ᠭᠥᠰᠡᠮᠵᠢᠯᠡᠵᠤ ᠪᠠᠶᠢᠭ᠎ᠠ ᠶᠤᠰᠤ ᠪᠤᠯᠤᠨ᠎ᠠ᠃ | | | 2. ᠬᠠᠳᠠᠮ ᠳᠤ ᠮᠥᠷᠭᠦᠭᠦᠯᠭᠦ ᠶᠤᠰᠤ | ᠤᠷᠳᠤᠰ ᠬᠤᠷᠢᠮ ᠤᠨ ᠥᠢᠯᠡ ᠳᠤ ᠰᠢᠨ᠎ᠡ ᠪᠡᠷᠢ ᠶᠢ ᠬᠠᠳᠠᠮ ᠳᠤ ᠮᠥᠷᠭᠦᠭᠦᠯᠭᠦ ᠶᠤᠰᠤᠯᠠᠯ ᠪᠤᠯ ᠪᠡᠷᠢ ᠭᠥᠮᠥᠨ ᠬᠠᠳᠠᠮ ᠤᠨ ᠲᠥᠷᠥᠯ ᠳᠤ ᠪᠠᠨ ᠢᠷᠡᠵᠤ | ᠡᠭᠦᠳᠡ ᠲᠠᠨᠢᠵᠤ ᠪᠠᠶᠢᠬᠤ ᠭᠥᠨᠳᠤ ᠶᠢᠨ ᠶᠤᠰᠤ ᠪᠤᠯᠤᠨ᠎ᠠ᠃ ᠭᠠᠯ ᠪᠤᠷᠬᠠᠨ ᠳᠤ ᠮᠥᠷᠭᠦᠭᠡᠳ ᠲᠠᠭᠤᠰᠪᠠᠯ ᠬᠠᠳᠠᠮ ᠤᠨ ᠲᠥᠷᠥᠯ ᠳᠤ ᠮᠥᠷᠭᠦᠵᠤ᠂ ᠪᠡᠷᠭᠡᠳ | ᠤᠷᠤᠯᠠᠨ ᠲᠠᠮᠠᠬᠢᠯᠠᠵᠤ ᠰᠢᠨ᠎ᠡ ᠪᠡᠷᠢ ᠲᠠᠭᠠᠵᠤ ᠮᠥᠷᠭᠦᠳᠡᠭ᠃ ᠮᠥᠷᠭᠦᠭᠰᠡᠭᠡᠷ ᠬᠠᠳᠠᠮ ᠡᠭᠡ ᠶᠢᠨ ᠡᠪᠥᠳᠥᠭ ᠲᠤᠤᠷ᠎ᠠ ᠭᠥᠷᠭᠦ ᠳᠤ ᠬᠠᠳᠠᠮ ᠡᠭᠡ ᠪᠡᠷᠢ ᠶᠢᠨ ᠢᠶᠠᠨ | ᠮᠠᠩᠨᠠᠢ ᠪᠤᠯᠤᠨ ᠠᠯᠠᠭ᠎ᠠ ᠶᠢ ᠰᠢᠷ᠎ᠠ ᠲᠤᠰᠤ ᠪᠠᠷ ᠮᠢᠯᠢᠶᠠᠵᠤ᠂ ᠪᠡᠯᠡᠳᠭᠡᠭᠰᠡᠨ ᠠᠯᠳᠠ ᠮᠥᠩᠭᠦ ᠪᠠᠨ ᠭᠠᠷ ᠲᠤ ᠨᠢ ᠠᠤᠬᠤᠭᠤᠯᠳᠠᠭ᠃ ᠪᠤᠰᠤᠳ ᠲᠥᠷᠥᠯ ᠤᠨ | ᠬᠠᠶᠢᠷᠠᠯᠠᠭᠰᠠᠨ ᠪᠡᠯᠡᠭ ᠰᠡᠯᠳᠡ ᠶᠢ ᠪᠥᠷ ᠪᠡᠷᠭᠡᠳ ᠤᠷᠤᠯᠠᠨ ᠲᠤᠰᠳᠠᠭ᠂ ᠰᠢᠨ᠎ᠡ ᠪᠡᠷᠢ ᠭᠠᠷ ᠰᠤᠩᠭᠠᠳᠠᠭ ᠥᠭᠡᠢ᠃ ᠢᠩᠬᠢᠭᠡᠳ ᠢᠷᠥᠭᠡᠯᠭᠡᠳᠡᠭ᠃ | | | 3. ᠨᠡᠷ᠎ᠡ ᠬᠠᠶᠢᠷᠠᠯᠠᠵᠤ ᠭᠥᠷᠭᠦ ᠰᠡᠭᠦᠭᠦ | ᠰᠢᠨ᠎ᠡ ᠪᠡᠷᠢ ᠶᠢ ᠪᠡᠷᠭᠡᠳ ᠠᠪᠴᠢᠷᠠᠵᠤ ᠬᠠᠳᠠᠮ ᠠᠪᠤ ᠡᠵᠢ ᠶᠢᠨ ᠡᠮᠥᠨ᠎ᠡ ᠪᠡᠷᠢ ᠮᠥᠷᠭᠦᠭᠦ ᠲᠡᠭᠡᠵᠢ ᠪᠡᠯᠡᠭ ᠢᠶᠠᠨ ᠵᠠᠰᠠᠵᠤ ᠨᠡᠷ᠎ᠡ ᠬᠠᠶᠢᠷᠠᠯᠠᠬᠤ ᠶᠢ ᠭᠤᠶᠤᠪᠠᠯ᠂ | ᠬᠠᠳᠠᠮ ᠠᠪᠤ ᠡᠵᠢ ᠨᠢ ᠨᠠᠭᠠᠴᠤ ᠪᠠ ᠠᠪᠠᠭ᠎ᠠ ᠨᠠᠷ ᠲᠠᠢ ᠨᠢ ᠲᠠᠪᠬᠤᠴᠠᠬᠤ ᠥᠭᠡᠢ ᠪᠡᠯᠭᠡᠳᠡᠢ ᠰᠠᠶᠢᠬᠠᠨ ᠨᠡᠷ᠎ᠡ ᠬᠠᠶᠢᠷᠠᠯᠠᠵᠤ᠂ ᠰᠢᠨ᠎ᠡ ᠪᠡᠷᠢ ᠭᠡᠥᠭᠡᠨ ᠨᠡᠷ᠎ᠡ ᠪᠠᠨ | ᠤᠷᠬᠢᠳᠠᠭ᠃ ᠬᠠᠳᠠᠮ ᠡᠵᠢ ᠨᠢ ᠢᠩᠬᠢᠭᠡᠳ ᠪᠡᠷᠢ ᠭᠡᠥᠭᠡᠨ ᠤ ᠪᠠᠨ ᠬᠥᠭᠡ ᠲᠤᠷᠭᠠᠨ ᠭᠥᠷᠭᠦ ᠶᠢ ᠢᠷᠡᠵᠤ᠂ ᠪᠡᠷᠭᠡᠳ ᠬᠠᠳᠠᠮ ᠡᠵᠢ ᠳᠤ ᠨᠢ ᠴᠠᠭᠠᠨ ᠢᠳᠡᠭᠡ | ᠠᠮᠰᠠᠭᠤᠯᠤᠨ ᠬᠠᠶᠢᠷᠠᠳᠤ ᠥᠷ᠎ᠡ ᠨᠢᠭᠡ ᠶᠢ ᠬᠠᠳᠠᠮ ᠤᠨ ᠡᠭᠦᠳᠡᠨ ᠳᠤ ᠨᠢ ᠲᠤᠰᠢᠶᠠᠳᠠᠭ ᠢ ᠪᠡᠷᠢ ᠲᠤᠰᠢᠶᠠᠬᠤ ᠭᠡᠳᠡᠭ᠃ | | | ᠳᠤᠯᠤᠭ᠎ᠠ | 1. ᠰᠥᠨ ᠴᠠᠢ ᠠᠶᠠᠭᠠᠯᠠᠬᠤ ᠶᠤᠰᠤ | ᠰᠢᠨ᠎ᠡ ᠬᠡᠥᠭᠡᠳ ᠤᠨ ᠰᠥᠨ ᠴᠠᠢ ᠭᠡᠳᠡᠭ ᠨᠢ ᠰᠢᠨ᠎ᠡ ᠪᠡᠷᠢ ᠬᠠᠳᠠᠮ ᠤᠨ ᠡᠭᠦᠳᠡᠨ ᠳᠤ ᠢᠷᠡᠭᠰᠡᠨ ᠲᠠᠷᠠᠭᠠᠬᠢ ᠬᠠᠮᠤᠭ ᠤᠨ ᠠᠩᠬᠠᠨ ᠤ ᠪᠡᠶ᠎ᠡ ᠪᠠᠷ ᠢᠶᠠᠨ | ᠠᠶᠠᠭᠠᠯᠠᠵᠤ ᠥᠭᠳᠡᠭ ᠴᠠᠢ ᠶᠢ ᠬᠡᠯᠡᠳᠡᠭ᠃ ᠬᠠᠳᠠᠮ ᠡᠵᠢ ᠨᠢ ᠭᠠᠤᠯᠢᠨ ᠰᠢᠨᠠᠭᠠᠨ ᠤ ᠪᠠᠨ ᠪᠠᠷᠢᠭᠤᠯ ᠳᠤ ᠰᠠᠮᠪᠠᠢ ᠵᠠᠩᠬᠢᠳᠤᠭᠠᠳ ᠰᠥ ᠲᠠᠢ ᠴᠠᠢ ᠪᠠᠨ ᠰᠠᠮᠤᠷᠴᠤ | ᠪᠠᠶᠢᠬᠤ ᠳᠤ ᠰᠢᠨ᠎ᠡ ᠭᠥᠥ ᠪᠡᠷᠢ ᠪᠡᠷᠭᠡᠳ ᠤᠨ ᠲᠠᠭᠠᠭᠤᠯᠭ᠎ᠠ ᠪᠠᠷ ᠤᠷᠤᠵᠤ ᠢᠷᠡᠭᠡᠳ ᠪᠥᠭᠦᠳᠡ ᠲᠥᠷᠥᠯ ᠳᠤ ᠮᠡᠨᠳᠤᠯᠠᠵᠤ ᠡᠵᠢ ᠶᠢᠨ ᠢᠶᠠᠨ ᠲᠡᠷᠭᠡᠳᠡ ᠢᠷᠡᠭᠡᠳ | ᠮᠥᠷᠭᠦᠭᠦ ᠳᠤ ᠬᠠᠳᠠᠮ ᠡᠵᠢ ᠨᠢ ᠪᠡᠷᠢ ᠳᠤ ᠪᠠᠨ ᠴᠠᠭᠠᠨ ᠢᠳᠡᠭᠡ ᠠᠮᠰᠠᠭᠤᠯᠵᠤ ᠰᠢᠨᠠᠭᠠᠨ ᠤ ᠡᠰᠢ ᠶᠢ ᠪᠠᠷᠢ ᠳᠤ ᠪᠠᠨ ᠪᠠᠷᠢᠭᠤᠯᠵᠤ᠂ ᠰᠢᠨ᠎ᠡ ᠪᠡᠷᠢ ᠨᠢ ᠴᠠᠢ ᠪᠠᠨ | ᠭᠤᠷᠪᠠᠨᠳᠠ ᠰᠠᠮᠤᠷᠴᠤ ᠭᠠᠯ ᠪᠤᠷᠬᠠᠨ ᠳᠤ ᠪᠠᠨ ᠲᠡᠭᠡᠵᠢ ᠶᠢ ᠨᠢ ᠡᠷᠭᠦᠭᠰᠡᠨ ᠬᠤᠶᠢᠨ᠎ᠠ ᠬᠤᠷᠢᠮ ᠤᠨ ᠲᠥᠪ ᠠᠴᠠ ᠡᠬᠢᠯᠡᠨ ᠭᠤᠤᠯ ᠲᠥᠷᠥᠯ ᠤᠳ ᠲᠤ ᠪᠠᠨ ᠰᠢᠨ᠎ᠡ | ᠬᠡᠥᠭᠡᠳ ᠤᠨ ᠴᠠᠢ ᠠᠶᠠᠭᠠᠯᠠᠵᠤ ᠡᠨᠡ ᠠᠶᠢᠯ ᠤᠨ ᠲᠤᠭᠤᠭ᠎ᠠ ᠰᠢᠨᠠᠭᠠᠨ ᠤ ᠡᠷᠭᠡ ᠶᠢ ᠠᠩᠬ᠎ᠠ ᠡᠵᠡᠮᠰᠢᠭᠰᠡᠨ ᠢᠶᠠᠨ ᠲᠠᠶᠠᠭᠠᠷ ᠲᠤ ᠮᠡᠳᠡᠭᠳᠡᠳᠡᠭ᠃ | | | 2. ᠬᠡᠪᠡᠢ ᠬᠤᠷᠢᠮ ᠤᠨ ᠶᠤᠰᠤ | ᠬᠡᠪᠡᠢ ᠬᠤᠷᠢᠮ ᠪᠤᠯ ᠤᠷᠳᠤᠰ ᠬᠤᠷᠢᠮ ᠤᠨ ᠶᠤᠰᠤᠯᠠᠯ ᠤᠨ ᠠᠯᠢᠪᠠ ᠶᠤᠰᠤ ᠪᠡᠯᠡᠭ ᠤᠨ ᠭᠥᠢᠴᠡᠳᠭᠡᠯ ᠲᠡᠭᠦᠰᠭᠡᠯ ᠬᠤᠷᠢᠮ ᠪᠤᠯᠤᠨ᠎ᠠ᠃ ᠬᠡᠪᠡᠢ ᠬᠤᠷᠢᠮ ᠳᠤ | ᠴᠠᠢ᠂ ᠰᠢᠭᠦᠰᠤ᠂ ᠪᠤᠳᠠᠭ᠎ᠠ ᠭᠠᠷᠳᠠᠭ ᠢ ᠲᠡᠭᠡᠵᠢ ᠶᠢ ᠨᠢ ᠪᠥᠷ ᠲᠡᠭᠷᠢ ᠭᠠᠵᠠᠷ ᠲᠤ ᠰᠠᠴᠤᠵᠤ᠂ ᠲᠡᠭᠷᠢ ᠭᠠᠵᠠᠷ ᠤᠨ ᠬᠠᠶᠢᠷ᠎ᠠ ᠭᠥᠷᠳᠡᠭᠡᠯ ᠳᠤ ᠲᠠᠯᠠᠷᠬᠠᠳᠠᠭ ᠤᠴᠢᠷ | ᠲᠠᠢ᠃ ᠢᠩᠬᠢᠭᠡᠳ ᠭᠥᠥ ᠲᠠᠯ᠎ᠠ ᠶᠢᠨ ᠲᠡᠮᠴᠢ ᠨᠠᠷ ᠴᠠᠭᠠᠨ ᠲᠤᠯᠤᠭ ᠲᠡᠭᠡᠷ᠎ᠡ ᠲᠥᠷᠥᠯ ᠳᠤ ᠵᠡᠭᠦᠯᠭᠡᠭᠦ ᠰᠠᠭᠠᠯᠢ ᠶᠢᠨ ᠬᠠᠷᠢᠭᠤ᠂ ᠡᠭᠡ ᠶᠢᠨ ᠴᠠᠭᠠᠨ ᠰᠥᠨ ᠬᠠᠷᠢᠭᠤ | ᠪᠤᠯᠤᠨ ᠭᠡᠥᠭᠡᠨ ᠭᠥᠷᠭᠡᠭᠰᠡᠳ ᠤᠨ ᠵᠡᠭᠦᠯᠪᠤᠷᠢ ᠶᠢ ᠠᠪᠴᠢᠷᠠᠵᠤ᠂ ᠪᠠᠰᠠ ᠬᠡᠯᠡᠯᠴᠡᠵᠤ ᠲᠤᠬᠢᠷᠠᠯᠴᠠᠭᠰᠠᠨ ᠮᠠᠯ ᠪᠤᠳᠠ᠂ ᠡᠮᠥᠰᠭᠡᠯ ᠵᠡᠭᠦᠯᠪᠤᠷᠢ ᠶᠢᠨ ᠵᠥᠢᠯ ᠢ | ᠲᠤᠳᠤᠷᠠᠭᠤᠯᠤᠨ ᠢᠯᠭᠠᠷᠠᠭᠤᠯᠳᠠᠭ᠃ ᠬᠡᠪᠡᠢ ᠵᠤᠷᠢᠭ ᠮᠡᠳᠡᠭᠦᠯᠭᠦ᠂ ᠠᠰᠬᠠᠯ ᠵᠤᠷᠢᠭ ᠮᠡᠳᠡᠭᠦᠯᠭᠦ᠂ ᠶᠠᠮᠤ ᠠᠶᠢᠯᠠᠳᠬᠠᠬᠤ ᠵᠤᠷᠢᠭ ᠮᠡᠳᠡᠭᠦᠯᠭᠦ ᠵᠠᠩ ᠥᠢᠯᠡ ᠪᠥᠷ | ᠶᠠᠪᠤᠭᠳᠠᠵᠤ ᠠᠯᠳᠠᠨ ᠬᠡᠪᠡᠢ ᠥᠨᠳᠥᠷᠯᠡᠨ ᠥᠷᠭᠡᠨ ᠲᠥᠷᠥᠯ ᠠᠶᠠᠷᠯᠠᠳᠠᠭ᠃ ᠠᠷᠤ ᠳᠤ ᠨᠢ ᠬᠤᠷᠢᠮ ᠬᠢᠭᠰᠡᠨ ᠠᠶᠢᠯ ᠱᠠᠪᠠᠢ ᠬᠤᠷᠢᠮ ᠪᠡᠯᠡᠳᠴᠤ ᠬᠥᠶᠥᠭᠰᠡᠨ | ᠥᠢᠯᠡᠴᠢᠯᠡᠭᠰᠡᠨ ᠭᠥᠮᠥᠰ ᠲᠤ ᠪᠠᠨ ᠲᠠᠯᠠᠷᠬᠠᠳᠠᠭ᠃ | | | 3. ᠶᠡᠭᠡ ᠪᠠᠭ᠎ᠠ ᠡᠷᠬᠢᠯᠳᠡ ᠵᠤᠯᠭᠠᠯᠳᠠ | ᠪᠠᠭ᠎ᠠ ᠡᠷᠬᠢᠯᠳᠡ ᠪᠤᠯ ᠬᠡᠪᠡᠢ ᠬᠤᠷᠢᠮ ᠲᠠᠭᠤᠰᠤᠮᠠᠭᠴᠠ ᠬᠡᠥᠭᠡᠨ ᠲᠠᠯ᠎ᠠ ᠶᠢᠨ ᠲᠥᠪ ᠪᠤᠯᠤᠨ ᠰᠢᠳᠠᠷ ᠭᠡᠳᠥᠨ ᠲᠥᠷᠥᠯ ᠮᠤᠷᠳᠠᠵᠤ ᠭᠠᠷᠤᠭᠠᠳ ᠬᠡᠷ ᠢ ᠨᠢᠭᠡ | ᠲᠤᠭᠤᠶᠢᠯᠠᠭᠠᠳ ᠢᠷᠡᠵᠤ ᠬᠡᠥᠭᠡᠨ ᠢᠶᠠᠨ ᠡᠷᠬᠢᠳᠡᠭ ᠢ ᠬᠡᠯᠡᠳᠡᠭ᠃ ᠪᠠᠭ᠎ᠠ ᠵᠤᠯᠭᠠᠯᠳᠠ ᠭᠡᠳᠡᠭ ᠨᠢ ᠬᠤᠷᠢᠮ ᠤᠨ ᠲᠠᠷᠠᠭ᠎ᠠ ᠭᠤᠷᠪᠠᠨ ᠡᠳᠥᠷ ᠲᠤᠳᠤᠷ᠎ᠠ ᠭᠥᠥ ᠲᠠᠯ᠎ᠠ | ᠶᠢᠨ ᠠᠪᠤ ᠡᠵᠢ ᠨᠢ ᠲᠡᠭᠡᠵᠢ ᠪᠡᠯᠡᠭ ᠢᠶᠠᠨ ᠪᠡᠯᠡᠳᠭᠡᠨ ᠬᠤᠶᠠᠷ ᠰᠢᠨ᠎ᠡ ᠭᠥᠮᠥᠨ ᠢ ᠲᠠᠭᠠᠭᠤᠯᠵᠤ ᠰᠢᠨ᠎ᠡ ᠪᠡᠷᠢ ᠶᠢ ᠲᠥᠷᠭᠦᠮ ᠳᠤ ᠨᠢ ᠵᠤᠯᠭᠠᠭᠤᠯᠬᠤ ᠪᠠᠷ ᠤᠴᠢᠬᠤ | ᠪᠥᠭᠡᠳ ᠠᠬᠠᠮᠠᠳ ᠲᠤᠮᠤᠭᠠᠳᠠᠳ ᠰᠢᠳᠠᠷ ᠲᠥᠷᠥᠯ ᠤᠳ ᠲᠠᠢ ᠨᠢ ᠵᠤᠯᠭᠠᠵᠤ ᠲᠥᠷᠥᠯ ᠤᠨ ᠡᠭᠦᠳᠡ ᠲᠠᠳᠠᠬᠤ ᠶᠢ ᠬᠡᠯᠡᠳᠡᠭ᠃ ᠪᠠᠭ᠎ᠠ ᠵᠤᠯᠭᠠᠯᠳᠠ ᠶᠢᠨ ᠲᠠᠷᠠᠭ᠎ᠠ | ᠬᠤᠶᠠᠷ ᠬᠤᠨᠤᠭ ᠲᠤ ᠶᠡᠭᠡ ᠡᠷᠬᠢᠯᠳᠡ ᠪᠤᠯᠵᠤ ᠰᠢᠨ᠎ᠡ ᠪᠡᠷᠢ ᠶᠢᠨ ᠡᠵᠢ ᠨᠢ ᠪᠠ ᠬᠡᠥᠭᠡᠨ ᠭᠥᠷᠭᠡᠵᠤ ᠵᠠᠪᠳᠤᠭᠰᠠᠨ ᠥᠭᠡᠢ ᠲᠥᠷᠥᠯ ᠲᠥᠷᠥᠭᠰᠡᠳ ᠨᠢ ᠴᠤᠭ ᠬᠡᠥᠭᠡᠨ | ᠤ ᠪᠠᠨ ᠬᠠᠳᠠᠮ ᠤᠨ ᠪᠠᠶᠢᠳᠠᠯ ᠢ ᠤᠶᠢᠯᠠᠭᠠᠵᠤ ᠲᠥᠷᠥᠯ ᠤᠨ ᠡᠭᠦᠳᠡ ᠲᠠᠳᠠᠵᠤ ᠤᠴᠢᠳᠠᠭ ᠪᠥᠭᠡᠳ ᠬᠡᠳᠤ ᠬᠤᠨᠤᠭ ᠢᠶᠠᠷ ᠴᠦ ᠨᠠᠶᠢᠷᠠᠯᠠᠵᠤ ᠰᠠᠭᠤᠳᠠᠭ ᠴᠤ ᠮᠤᠷᠳᠠᠬᠤ | ᠥᠶᠡᠰ ᠲᠤ ᠬᠡᠥᠭᠡᠨ ᠳᠤ ᠪᠠᠨ᠄ ︽ᠬᠡᠥᠭᠡᠨ ᠭᠥᠮᠥᠨ ᠬᠥᠷᠭᠡᠭᠰᠡᠨ ᠭᠠᠵᠠᠷ ᠲᠤ ᠪᠠᠨ ᠭᠥᠨᠳᠥᠳᠡᠢ︕︾ ᠭᠡᠵᠤ ᠰᠤᠷᠭᠠᠮᠵᠢᠯᠠᠭᠠᠳ ᠪᠤᠴᠠᠳᠠᠭ᠃ ᠶᠡᠭᠡ ᠵᠤᠯᠭᠠᠯᠳᠠ | ᠶᠢ ᠪᠤᠯ ᠶᠡᠷᠤ ᠨᠢ ᠨᠠᠷᠠ ᠨᠤᠭᠤᠭ᠎ᠠ ᠭᠠᠷᠤᠭᠰᠠᠨ ᠴᠠᠭ ᠲᠤ ᠬᠤᠶᠠᠷ ᠲᠠᠯ᠎ᠠ ᠪᠠᠷ ᠴᠠᠭ ᠪᠤᠯᠵᠤᠵᠤ᠂ ᠭᠥᠥ ᠲᠠᠯ᠎ᠠ ᠶᠢᠨ ᠬᠢ ᠪᠡᠯᠡᠩ ᠰᠠᠭᠠᠯᠢ ᠪᠠᠵᠠᠭᠠᠵᠤ ᠪᠡᠷᠢ ᠶᠢᠨ | ᠲᠥᠷᠭᠦᠮ ᠳᠤ ᠭᠥᠷᠴᠤ ᠬᠤᠶᠠᠷ ᠭᠡᠥᠭᠡᠳ ᠢ ᠵᠤᠯᠭᠠᠭᠤᠯᠬᠤ ᠶᠢᠨ ᠬᠠᠮᠳᠤ ᠲᠥᠷᠥᠯ ᠤᠨ ᠨᠠᠶᠢᠷ ᠢ ᠵᠤᠵᠠᠭᠠᠳᠬᠠᠳᠠᠭ᠃ | |