ᠪᠠᠳᠠᠭᠤ ᠶᠢᠨ ᠤᠪᠤᠭ᠎ᠠ ᠪᠤᠯ ᠤᠳᠤ ᠶᠢᠨ ᠱᠠᠨᠰᠢ ᠮᠤᠵᠢ ᠶᠢᠨ ᠵᠢᠩ ᠪᠢᠶᠠᠨ ᠰᠢᠶᠠᠨ ᠤ ᠲᠦᠪ ᠠᠴᠠ ᠪᠠᠷᠠᠭᠤᠨᠰᠢ 32 ᠺᠢᠯᠤᠮᠧᠲᠷ ᠤᠨ ᠵᠠᠶᠢᠳᠠᠢ᠂ ᠰᠠᠨ ᠴᠠ | ᠴᠢᠤᠢ ᠰᠢᠶᠠᠩ ᠠᠴᠠ ᠬᠤᠶᠢᠰᠢ 6 ᠺᠢᠯᠤᠮᠧᠲᠷ ᠤᠨ ᠵᠠᠶᠢᠳᠤ ᠪᠠᠶᠢᠭ᠎ᠠ ᠠᠮᠠᠰᠠᠷ ᠤᠨ ᠴᠠᠭᠠᠨ ᠰᠦᠪᠡ ᠠᠴᠠ ᠪᠠᠷᠠᠭᠤᠨᠳᠠᠢ᠂ ᠰᠢᠷ᠎ᠠ ᠤᠰᠤᠨ ᠭᠤᠤᠯ ᠤᠨ ᠵᠡᠬᠦᠨᠳᠠᠢ᠂ | ᠼᠤᠤ ᠱᠠᠨ ᠯᠢᠶᠠᠩ ᠬᠡᠮᠡᠬᠦ ᠦᠷᠬᠡᠨ ᠠᠭᠤᠯᠠᠨ ᠳᠠᠬᠢ ᠵᠢᠢ ᠱᠠᠨ ᠯᠢᠶᠠᠩ ᠬᠡᠬᠦ ᠠᠭᠤᠯᠠ ᠶᠢᠨ ᠤᠷᠤᠢ ᠳᠤ ᠪᠠᠶᠢᠷᠢᠰᠢᠵᠤ ᠪᠤᠢ᠃ ᠡᠨᠡ ᠨᠢ ᠳᠠᠯᠠᠢ ᠶᠢᠨ ᠲᠦᠪᠰᠢᠨ | ᠠᠴᠠ 1805.1 ᠮᠧᠲᠷ ᠦᠨᠳᠤᠷ᠂ ᠤᠮᠠᠷᠠᠳᠤ ᠦᠷᠬᠡᠷᠢᠭ ᠤᠨ 37°45'᠂ ᠵᠡᠬᠦᠨ ᠤᠷᠳᠤᠷᠢᠭ ᠤᠨ 108°78' ᠳᠤ ᠪᠤᠢ᠃ ᠮᠦᠨ ᠴᠤ ᠳᠤᠰ ᠭᠠᠵᠠᠷ | ᠤᠨ ᠳᠡᠭᠰᠢ ᠠᠴᠠ ᠪᠠᠷᠤᠭ 200 ᠮᠧᠲᠷ ᠦᠨᠳᠤᠷ ᠪᠤᠨᠳᠤᠭᠤᠷ ᠬᠤᠮᠠᠬᠢ ᠶᠢᠨ ᠠᠭᠤᠯᠠ ᠶᠢᠨ ᠤᠷᠤᠢ ᠳᠡᠬᠡᠷ᠎ᠡ ᠤᠳᠤᠭ ᠤᠨ ᠭᠤᠷᠪᠠᠳᠤᠭᠠᠷ ᠸᠠᠩ ᠨᠤᠶᠠᠨ ᠰᠤᠩᠷᠠᠪ | 1682 — 1709 ᠤᠨ ᠤ ᠦᠶ᠎ᠡ ᠳᠤ ᠤᠳᠤ ᠶᠢᠨ ᠯᠢᠶᠠᠩ ᠵᠧᠨ ︵ᠰᠤᠬᠠᠢ ᠶᠢᠨ ᠪᠠᠶᠢᠰᠢᠩ︶ ᠬᠡᠮᠡᠬᠦ ᠭᠠᠵᠠᠷ ᠲᠤ ᠰᠠᠭᠤᠵᠤ ᠪᠠᠶᠢᠬᠤ ᠳᠠᠭᠠᠨ ᠨᠤᠶᠠᠨ ᠱᠠᠩ | ᠠᠴᠠ ᠡᠮᠤᠨ᠎ᠡ 20 ᠺᠢᠯᠤᠮᠧᠲᠷ ᠭᠠᠵᠠᠷ ᠤᠨ ᠵᠠᠶᠢᠳᠤ ᠤᠳᠤᠭ ᠨᠤᠶᠠᠨ ᠱᠠᠩ ᠤᠨ ᠨᠠᠢᠮᠠᠳᠤᠭᠠᠷ ᠤᠪᠤᠭ᠎ᠠ ᠬᠡᠵᠤ ᠡᠨᠡ ᠠᠭᠤᠯᠠ ᠶᠢᠨ ᠤᠷᠤᠢ ᠳᠡᠬᠡᠷ᠎ᠡ ᠪᠤᠰᠬᠠᠵᠠᠢ᠃ | ᠢᠩᠬᠢᠬᠡᠤᠨ ᠡᠳᠤᠷ ᠪᠦᠷᠢ ᠶᠢᠨ ᠦᠷᠯᠤᠬᠡ ᠨᠠᠷᠠ ᠭᠠᠷᠬᠤ ᠳᠤ ᠰᠠᠩ ᠤᠨ ᠰᠦᠷᠤ ᠳᠡᠬᠡᠷ᠎ᠡ ᠢᠷᠡᠵᠤ ᠤᠪᠤᠭᠠᠨ ᠤ ᠵᠦᠭ ᠤᠷᠤᠭᠤ ᠰᠠᠩ ᠳᠠᠯᠪᠢᠵᠤ ᠬᠠᠷᠠᠬᠤᠯ᠎ᠠ | ᠤᠪᠤᠭ᠎ᠠ ᠨᠢ ᠪᠠᠳᠠᠷᠠᠩᠭᠤᠢ ᠴᠠᠭᠠᠨ ᠡᠬᠦᠯᠡᠨ ᠳᠡᠬᠡᠷ᠎ᠡ ᠪᠠᠶᠢᠬᠤ ᠮᠡᠳᠤ ᠬᠠᠷᠠᠭᠳᠠᠭᠰᠡᠨ ᠳᠤᠯᠠ ᠳᠡᠨᠳᠠ ᠠᠴᠠ ︽ᠪᠠᠳᠠᠷᠠᠩᠭᠤᠢ ᠶᠢᠨ ᠤᠪᠤᠭ᠎ᠠ︾ ᠬᠡᠮᠡᠨ ᠨᠡᠷᠡᠶᠢᠤᠨᠴᠤ | ᠪᠠᠶᠢᠭᠰᠡᠨ ᠬᠡᠨ᠎ᠡ᠃ ᠬᠤᠵᠢᠮ ᠡᠨᠡ ᠭᠠᠵᠠᠷ ᠢᠶᠠᠨ ᠬᠢᠳᠠᠤᠨ ᠲᠤ ᠡᠵᠡᠯᠡᠭᠳᠡᠭᠰᠡᠨ ᠠᠴᠠ ᠬᠤᠶᠢᠰᠢ ᠬᠢᠳᠠᠤᠨ ᠬᠦᠮᠤᠨ ︽ᠷᠠᠩ᠊︾ ᠦᠰᠦᠭ ᠢ ᠬᠡᠯᠡᠵᠤ ᠴᠢᠳᠠᠬᠤ ᠦᠬᠡᠢ | ᠳᠡᠭᠡᠨ ᠪᠠᠳᠠᠭᠤ ᠶᠢᠨ ᠤᠪᠤᠭ᠎ᠠ ᠬᠡᠵᠤ ᠨᠡᠷᠡᠶᠢᠤᠨᠴᠤᠬᠦᠢ ᠬᠡᠮᠡᠨ ᠨᠤᠳᠤᠭ ᠤᠨ ᠨᠠᠰᠤᠳᠠᠨ ᠳᠠᠰᠠᠮ᠎ᠠ ᠭᠤᠸᠠᠢ ᠶᠢᠨ ᠶᠠᠷᠢᠭᠰᠡᠨ ᠨᠢ ᠦᠨᠡᠨ ᠪᠤᠯᠤᠯᠳᠠᠢ᠃ | ᠡᠨᠡ ᠤᠪᠤᠭ᠎ᠠ ᠨᠢ ᠬᠤᠶᠢᠰᠢ ᠬᠠᠨᠳᠤᠭᠰᠠᠨ ᠵᠢᠢ ᠱᠠᠨ ᠯᠢᠶᠠᠩ ᠤᠨ ᠨᠤᠭᠤᠭᠠᠨ ᠠᠭᠤᠯᠠ ᠶᠢᠨ ᠤᠷᠤᠢ ᠳᠡᠬᠡᠷ᠎ᠡ 5 ᠮᠧᠲᠷ ᠤᠨ ᠦᠷᠬᠡᠨ ᠤᠷᠳᠤ᠂ 1.5 | ᠮᠧᠲᠷ ᠤᠨ ᠦᠨᠳᠤᠷ ᠳᠤᠭᠤᠰᠬᠠᠨ ᠳᠠᠶᠢᠰᠠᠨ ᠳᠡᠬᠡᠷ᠎ᠡ 3 ᠳᠠᠪᠬᠤᠷ ᠳᠡᠭᠳᠡᠷᠯᠡᠨ ᠪᠤᠰᠬᠠᠭᠰᠡᠨ 7.75 ᠮᠧᠲᠷ ᠦᠨᠳᠤᠷ ᠰᠤᠪᠤᠷᠭᠠᠨ ᠬᠡᠯᠪᠡᠷᠢ ᠲᠠᠢ ᠰᠢᠪᠡᠷ ᠤᠪᠤᠭ᠎ᠠ | ᠶᠤᠮ᠃ ᠤᠪᠤᠭᠠᠨ ᠤ ᠳᠡᠬᠡᠷ᠎ᠡ ᠬᠠᠷ᠎ᠠ ᠠᠵᠢᠷᠭᠠᠨ ᠳᠡᠯ ᠢᠶᠠᠷ ᠬᠢᠭᠰᠡᠨ ᠬᠦᠬᠦᠯ ᠲᠠᠢ ᠭᠠᠭᠴᠠ ᠰᠠᠶᠢᠰᠤᠮ ᠢ ᠤᠯᠠᠭᠠᠨ ᠪᠤᠷᠭᠠᠰᠤᠨ ᠰᠠᠭᠰᠤᠭᠠᠢ ᠲᠠᠢ ᠬᠠᠮᠳᠤ | ᠪᠤᠰᠬᠠᠵᠠᠢ᠃ ᠤᠪᠤᠭᠠᠨ ᠤ ᠡᠮᠤᠨ᠎ᠡ ᠳᠠᠯ᠎ᠠ ᠳᠤ ᠵᠤᠯᠠ ᠬᠦᠵᠢ ᠡᠷᠬᠦᠬᠦ ᠬᠠᠳᠠᠨ ᠬᠦᠩᠭᠠᠷᠠᠪᠠ ᠲᠠᠢ᠃ ᠳᠡᠬᠦᠨ ᠤ ᠡᠮᠤᠨ᠎ᠡ ᠳᠠᠯ᠎ᠠ ᠲᠤ ᠰᠤᠭ ᠳᠡᠬᠡᠵᠢ᠂ ᠦᠤᠩᠡ | ᠰᠢᠬᠦᠰᠤ ᠳᠠᠯᠪᠢᠬᠤ ᠳᠤᠭᠤᠰᠬᠠᠨ ᠳᠠᠪᠴᠠᠩ ᠲᠠᠢ᠃ ᠳᠡᠬᠦᠨ ᠠᠴᠠ ᠤᠷᠤᠭᠰᠢ 5 ᠠᠯᠳᠠ ᠶᠢᠨ ᠵᠠᠶᠢᠳᠤ ᠬᠠᠷ᠎ᠠ ᠠᠵᠢᠷᠭᠠᠨ ᠬᠦᠬᠦᠯ ᠲᠠᠢ ᠳᠠᠪᠤᠨ ᠦᠩᠬᠡ ᠶᠢᠨ | ᠬᠡᠶᠢᠮᠤᠷᠢ ᠶᠢᠨ ᠯᠤᠩᠵᠢᠤᠨ ᠪᠤᠯᠤᠨ ᠳᠠᠷᠴᠤᠭ ᠵᠡᠬᠦᠭᠰᠡᠨ 2 ᠰᠠᠶᠢᠰᠤᠮ ᠲᠠᠢ ᠰᠠᠩ ᠤᠨ ᠰᠦᠷᠤ ᠪᠤᠢ᠃ ᠳᠡᠬᠦᠨ ᠤ ᠳᠤᠮᠳᠠ ᠰᠠᠩ ᠰᠤᠯᠬᠡ ᠳᠠᠯᠪᠢᠬᠤ ᠴᠢᠯᠠᠭᠤᠨ | ᠱᠠᠩᠯᠤ ᠲᠠᠢ᠃ ᠶᠡᠭᠡ ᠤᠪᠤᠭᠠᠨ ᠠᠴᠠ ᠤᠷᠤᠭᠰᠢ 5 ᠠᠯᠳᠠ ᠶᠢᠨ ᠵᠠᠶᠢᠳᠤ ᠤᠪᠤᠭᠠᠨ ᠤ ᠳᠠᠶᠢᠯᠭ᠎ᠠ ᠳᠠᠬᠢᠯᠭ᠎ᠠ ᠬᠢᠬᠦ ᠬᠤᠶᠢᠰᠢ ᠬᠠᠨᠳᠤᠭᠰᠠᠨ ᠮᠤᠩᠭᠤᠯ ᠬᠡᠷ ᠤᠨ ᠬᠡᠪ | ᠮᠠᠶ᠋ᠢᠭᠳᠠᠢ ᠳᠤᠭᠤᠰᠬᠠᠨ ᠬᠡᠷ ᠪᠤᠢ᠃ ᠳᠡᠬᠦᠨ ᠤ ᠳᠤᠳᠤᠷ᠎ᠠ ᠴᠢᠩᠬᠢᠰ ᠬᠠᠭᠠᠨ ᠤ ᠵᠢᠷᠤᠭ ᠬᠦᠷᠦᠭ ᠪᠤᠯᠤᠨ ᠳᠡᠬᠦᠨ ᠤ ᠡᠮᠤᠨ᠎ᠡ ᠨᠢ ᠵᠤᠯᠠ ᠬᠦᠵᠢ ᠡᠷᠬᠦᠬᠦ᠂ ᠵᠦᠤᠨᠪᠠ | ᠳᠠᠬᠢᠯ ᠳᠠᠯᠪᠢᠬᠤ ᠳᠠᠬᠢᠯ ᠤᠨ ᠰᠢᠷᠡᠭᠡ ᠲᠠᠢ᠃ ᠬᠤᠶᠠᠷ ᠳᠠᠯ᠎ᠠ ᠪᠠᠷ ᠨᠢ ᠯᠠᠮᠠ ᠬᠤᠸᠠᠷᠠᠭ ᠰᠠᠭᠤᠵᠤ ᠨᠤᠮ ᠬᠤᠷᠠᠯ ᠬᠢᠬᠦ 12 ᠯᠠᠮᠠ ᠶᠢᠨ ᠰᠠᠭᠤᠳᠠᠯ ᠤᠨ ᠷᠠᠨ ᠰᠢᠷᠡᠭᠡ | ᠤᠯᠪᠤᠭ ᠵᠠᠪᠶᠠᠯ ᠲᠠᠢ᠂ ᠤᠪᠤᠭᠠᠨ ᠤ ᠤᠷᠢᠳᠠᠢ ᠨᠠᠶᠢᠷ ᠨᠠᠭᠠᠳᠤᠮ ᠬᠢᠬᠦ ᠦᠷᠬᠡᠨ ᠳᠠᠯᠠᠪᠠᠢ ᠲᠠᠢ᠃ | ᠳᠠᠷᠠ ᠦᠶ᠎ᠡ ᠶᠢᠨ ᠤᠪᠤᠭᠠᠨ ᠤ ᠳᠠᠷᠤᠭ᠎ᠠ ᠳᠠᠭᠠᠭᠠᠮᠠᠯ ᠢ ᠰᠢᠭᠤᠤᠨ ᠤᠳᠤᠭ ᠶᠠᠮᠤᠨ ᠠᠴᠠ ᠳᠤᠮᠢᠯᠠᠵᠤ ᠪᠠᠶᠢᠭᠠᠤᠨ ᠰᠡᠬᠦᠯ ᠳᠤ ᠨᠢ ᠵᠤᠤᠬ᠎ᠠ ᠶᠢᠨ ᠪᠠᠷᠠᠭᠤᠨ | ᠨᠤᠶᠠᠨ ᠱᠠᠩ ᠠᠴᠠ ᠳᠤᠮᠢᠯᠠᠳᠠᠭ ᠪᠤᠯᠵᠠᠢ᠃ ᠳᠠᠷᠠ ᠦᠶ᠎ᠡ ᠳᠤ ᠪᠠᠷᠠᠭᠤᠨ ᠨᠤᠶᠠᠨ ᠱᠠᠩ ᠠᠴᠠ ᠮᠦᠩᠬᠡᠸ᠋ᠴᠢᠷ ᠳᠠᠮᠴᠢ ᠤᠴᠢᠳᠠᠭ ᠪᠠᠶᠢᠵᠠᠢ᠃ ᠳᠠᠬᠢᠪᠠᠯ ᠬᠤᠰᠢᠭᠤ | ᠠᠮᠪᠠᠨ ᠮᠠᠨᠳᠤᠬᠡᠷᠡᠯ᠂ ᠤᠷᠠᠤᠨ ᠬᠠᠷᠢᠶᠠᠨ ᠤ ᠵᠠᠯᠠᠨ ᠵᠠᠩᠬᠢ ᠪᠤᠶ᠋ᠬᠠᠦ᠋ᠯᠵᠠᠢ᠂ ᠵᠠᠬ᠎ᠠ ᠶᠢᠨ ᠵᠠᠷᠭᠤᠴᠢ ᠪᠠᠶᠠᠨᠴᠤᠭᠳᠤ᠂ ᠵᠠᠬ᠎ᠠ ᠶᠢᠨ ᠵᠠᠷᠭᠤᠴᠢ ᠪᠠᠶᠠᠷᠮᠠᠩᠨᠠᠢ ᠵᠡᠷᠬᠡ 4 | ᠳᠠᠭᠠᠭᠠᠮᠠᠯ 1 ᠳᠠᠷᠤᠭ᠎ᠠ ᠵᠡᠷᠬᠡ 5 ᠬᠦᠮᠤᠨ ᠤᠪᠤᠭᠠᠨ ᠤ ᠶᠠᠮᠤᠳᠠᠤᠨ ᠪᠤᠯᠵᠤ᠂ ᠵᠤᠤᠬ᠎ᠠ ᠶᠢᠨ ᠰᠦᠮ᠎ᠠ ᠶᠢᠨ ᠴᠤᠶᠢᠮᠹᠠᠯ ᠳ᠋ᠠ ᠯᠠᠮᠠ ᠬᠢᠬᠡᠤᠨ ᠬᠡᠪᠬᠦᠢ᠂ ᠤᠮᠵᠠᠤᠨ᠂ | ᠭᠤᠨᠢᠷ ᠵᠡᠷᠬᠡ ᠠᠷᠪᠠᠭᠠᠤᠨ ᠯᠠᠮᠠ ᠨᠠᠷ ᠢᠷᠡᠳᠡᠭ᠃ ᠪᠠᠰᠠ ᠤᠷᠠᠤᠨ ᠬᠠᠷᠢᠶᠠᠨ ᠠᠴᠠ ᠪᠤᠰᠤᠭᠤ᠂ ᠳᠡᠮᠴᠢ ᠭᠠᠯᠴᠢ ᠨᠢᠷᠪᠡ ᠵᠡᠷᠬᠡ ᠨᠢᠵᠡᠬᠡᠤᠨ ᠬᠦᠮᠤᠨ ᠪᠠᠶᠢᠳᠠᠭ᠃ | ᠡᠨᠡ ᠤᠪᠤᠭ᠎ᠠ ᠨᠢ ᠵᠢᠯ ᠤᠨ ᠭᠤᠷᠪᠠᠨ ᠤᠳᠠᠭ᠎ᠠ ᠶᠢᠨ ᠳᠠᠬᠢᠯᠭ᠎ᠠ ᠲᠠᠢ᠃ | ᠠᠩᠬᠠᠳᠠᠬᠢ ᠳᠠᠬᠢᠯᠭ᠎ᠠ ᠨᠢ ᠴᠠᠭᠠᠨ ᠰᠠᠷ᠎ᠠ ᠶᠢᠨ ᠠᠷᠪᠠᠨ ᠭᠤᠷᠪᠠᠨ ᠳᠤ ᠳᠠᠮᠴᠢ ᠭᠤᠨᠢᠷ ᠨᠠᠷ ᠢᠷᠡᠵᠤ ᠰᠤᠭ ᠳᠡᠬᠡᠵᠢ ᠴᠠᠭᠠᠨ ᠢᠳᠡᠬᠡᠨ ᠢᠶᠠᠷ ᠳᠠᠬᠢᠵᠤ ᠨᠠᠮᠳᠠᠭ | ᠰᠠᠩ ᠤᠩᠰᠢᠵᠤ ᠰᠠᠩ ᠰᠠᠷᠵᠢᠮ ᠡᠷᠬᠦᠳᠡᠭ ᠪᠠᠶᠢᠵᠠᠢ᠃ | ᠬᠤᠶᠠᠳᠠᠬᠢ ᠳᠠᠬᠢᠯᠭ᠎ᠠ ᠨᠢ ᠨᠠᠢᠮᠠᠨ ᠰᠠᠷ᠎ᠠ ᠶᠢᠨ ᠠᠷᠪᠠᠨ ᠠᠴᠠ ᠤᠪᠤᠭᠠᠨ ᠤ ᠶᠠᠮᠤᠳᠠᠤᠨ ᠪᠤᠯᠤᠨ ᠳᠤᠰᠢᠶᠠᠯᠳᠠᠨ ᠨᠢ ᠴᠤᠭᠯᠠᠷᠠᠵᠤ ᠠᠯᠢᠪᠠ ᠪᠡᠯᠡᠤᠨᠬᠡᠯ ᠠᠵᠢᠯ | ᠢᠶᠠᠨ ᠬᠢᠵᠤ ᠠᠷᠪᠠᠨ ᠲᠦᠷᠪᠡᠨ ᠠᠴᠠ ᠯᠠᠮᠠ ᠴᠤᠭᠯᠠᠷᠠᠵᠤ ᠠᠷᠪᠠᠨ ᠳᠠᠪᠤᠨ ᠤ ᠦᠷᠯᠤᠬᠡ ᠠᠴᠠ 2 ᠤᠩᠭᠤᠨ ᠬᠤᠨᠢᠨ ᠤ ᠦᠤᠩᠡ᠂ 2 ᠤᠩᠭᠤᠨ ᠢᠮᠠᠭᠠᠨ ᠤ | ᠰᠢᠬᠦᠰᠤ ᠪᠤᠯᠤᠨ ᠰᠤᠭ ᠳᠡᠬᠡᠵᠢ᠂ ᠴᠠᠭᠠᠨ ᠢᠳᠡᠬᠡᠨ ᠢᠶᠠᠷ ᠶᠠᠮᠠᠨᠳᠠᠭ᠎ᠠ᠂ ᠭᠤᠮᠪᠤ᠂ ᠳᠠᠮᠵᠠᠨ᠂ ᠷᠠᠯᠾᠠ ᠵᠠᠩᠭᠠᠨ ᠢ ᠳᠠᠬᠢᠳᠠᠭ᠃ ᠳᠠᠬᠢᠬᠤ ᠦᠶ᠎ᠡ ᠳᠤ ᠤᠪᠤᠭᠠᠨ ᠤ | ᠳᠠᠬᠢᠯᠭᠠᠨ ᠳᠤ ᠢᠷᠡᠭᠰᠡᠨ ᠪᠦᠬᠦ ᠬᠦᠮᠤᠰ ᠳᠠᠬᠢᠯᠭᠠᠨ ᠤ ᠳᠠᠴᠠᠩ ᠤᠨ ᠡᠮᠤᠨ᠎ᠡ ᠵᠡᠷᠬᠡᠴᠡᠨ ᠰᠠᠭᠤᠵᠤ ᠨᠠᠮᠰᠠᠷᠠᠢ ᠶᠢᠨ ᠳᠠᠯᠠᠯᠭ᠎ᠠ ᠠᠪᠬᠤ᠂ ᠰᠠᠩ ᠰᠠᠷᠵᠢᠮ ᠡᠷᠬᠦᠬᠦ᠂ | ᠬᠠᠳᠠᠭ ᠰᠠᠮᠪᠠᠢ ᠳᠠᠳᠠᠳᠠᠭ ᠪᠠᠶᠢᠵᠠᠢ᠃ ᠳᠠᠬᠢᠯᠭ᠎ᠠ ᠶᠢᠨ ᠳᠠᠷᠠᠭ᠎ᠠ ᠨᠢᠬᠡᠨ ᠬᠤᠨᠢᠨ ᠤᠭᠤᠴᠠ ᠳᠤᠯᠤᠭᠠᠢ᠂ ᠰᠤᠭ ᠳᠡᠬᠡᠵᠢ ᠲᠠᠢ ᠨᠢ ᠤᠤᠯ ᠨᠢ ᠤᠳᠤᠭ ᠶᠠᠮᠤᠨ ᠳᠤ | ᠬᠡᠳᠤᠨ ᠮᠤᠷᠢᠨ ᠤ ᠬᠦᠴᠤ ᠵᠠᠯᠭᠠᠵᠤ ᠬᠦᠷᠬᠡᠳᠡᠭ ᠪᠠᠶᠢᠭᠰᠡᠨ ᠠᠴᠠ ᠪᠠᠨ ᠰᠡᠬᠦᠯ ᠳᠤ ᠵᠤᠤᠬ᠎ᠠ ᠶᠢᠨ ᠪᠠᠷᠠᠭᠤᠨ ᠱᠠᠩ ᠳᠤ ᠳᠠᠬᠢᠭᠰᠡᠨ ᠡᠳᠤᠷ ᠲᠡᠭᠡᠨ ᠬᠦᠷᠬᠡᠬᠦ ᠪᠤᠯᠵᠠᠢ᠃ | ᠪᠤᠰᠤᠤᠨ ᠢ ᠨᠢ ᠤᠯᠠᠨ ᠳᠠᠬᠢᠯᠭ᠎ᠠ ᠶᠢᠨ ᠬᠦᠮᠤᠰ ᠲᠤ ᠤᠪᠤᠭᠠᠨ ᠤ ᠬᠡᠰᠢᠭ ᠪᠤᠯᠭᠠᠨ ᠲᠦᠬᠡᠬᠡᠵᠤ᠂ ᠳᠠᠷᠠᠭ᠎ᠠ ᠪᠠᠷ ᠨᠢ ᠤᠪᠤᠭᠠᠨ ᠤ ᠤᠷᠢᠳᠠᠢ ᠨᠠᠭᠠᠳᠤᠮ ᠤᠨ | ᠳᠠᠯᠠᠪᠠᠢ ᠳᠤ ᠤᠴᠢᠵᠤ ᠪᠦᠬᠡ ᠪᠠᠷᠢᠯᠳᠤᠬᠤ᠂ ᠮᠤᠷᠢ ᠤᠷᠤᠯᠳᠤᠬᠤ ᠵᠡᠷᠬᠡ ᠶᠢᠨ ᠤᠪᠤᠭᠠᠨ ᠤ ᠨᠠᠶᠢᠷ ᠢ ᠦᠵᠡᠴᠢᠬᠡᠳᠡᠭ ᠪᠠᠶᠢᠵᠠᠢ᠃ | ᠭᠤᠷᠪᠠᠳᠠᠬᠢ ᠳᠠᠬᠢᠯᠭ᠎ᠠ ᠨᠢ᠂ ᠡᠪᠤᠯ ᠤᠨ ᠳ᠋ᠦᠩᠵᠢ ᠳᠤᠭᠠᠯᠠᠬᠤ ᠠᠴᠠ 5 ᠡᠳᠤᠷ ᠤᠨ ᠤᠷᠢᠳᠠᠢ ᠤᠪᠤᠭᠠᠨ ᠤ ᠳᠠᠭᠠᠭᠠᠮᠠᠯ ᠳᠠᠮᠴᠢ ᠨᠢᠷᠪᠡ ᠪᠤᠯᠤᠨ ᠠᠷᠪᠠᠭᠠᠤᠨ | ᠯᠠᠮᠠ ᠴᠤᠭᠯᠠᠷᠠᠨ 5 ᠡᠳᠤᠷ ᠳᠠᠮᠷᠢᠨ ᠬᠤᠷᠠᠵᠤ ᠳ᠋ᠦᠩᠵᠢ ᠶᠢᠨ ᠡᠳᠤᠷ ᠲᠤ ᠬᠠᠷᠢᠭᠤᠯᠭ᠎ᠠ ᠶᠢᠨ ᠳᠤᠭᠵᠢᠷ ᠬᠠᠶᠠᠵᠤ ᠳᠠᠬᠢᠬᠤ ᠳᠤ ᠵᠤᠤᠬ᠎ᠠ᠂ ᠴᠠᠭᠠᠨᠳᠤᠯᠤᠭᠠᠢ ᠶᠢᠨ | ᠨᠤᠳᠤᠭ ᠤᠨ ᠬᠦᠮᠤᠰ ᠬᠠᠷ᠎ᠠ ᠢᠮᠠᠭ᠎ᠠ ᠠᠯᠠᠵᠤ ᠠᠮᠠᠰᠠᠷ ᠤᠨ ᠠᠭᠤᠯᠠᠨ ᠤ ᠠᠮᠠ ᠶᠢ ᠳᠠᠬᠢᠳᠠᠭ ᠪᠠᠶᠢᠵᠠᠢ᠃ | ᠪᠠᠰᠠ ᠤᠪᠤᠭᠠᠨ ᠠᠴᠠ ᠬᠠᠮᠢᠭᠠᠰᠢ ᠬᠠᠮᠢᠭᠠᠰᠢ ᠪᠠᠨ 10 ᠭᠠᠵᠠᠷ ᠤᠨ ᠬᠤᠷᠢᠭᠤᠯ ᠤᠨ ᠭᠠᠵᠠᠷ ᠲᠠᠢ᠃ ᠡᠨᠡ ᠭᠠᠵᠠᠷ ᠲᠤ ᠠᠳᠠᠷ ᠬᠠᠭᠠᠯᠪᠤᠷᠢᠯᠠᠵᠤ᠂ ᠠᠩ | ᠬᠦᠷᠤᠬᠡ ᠬᠢᠵᠤ ᠪᠤᠯᠬᠤ ᠦᠬᠡᠢ᠂ ᠠᠶᠢᠯ ᠡᠷᠤᠬᠡ ᠨᠡᠬᠦᠳᠡᠯᠯᠡᠨ ᠢᠷᠡᠵᠤ ᠰᠠᠭᠤᠵᠤ ᠪᠤᠯᠬᠤ ᠦᠬᠡᠢ ᠵᠡᠷᠬᠡ ᠭᠤᠷᠪᠠᠨ ᠬᠤᠷᠢᠭᠤᠯ ᠲᠠᠢ᠃ ᠪᠠᠰᠠ ᠳᠠᠬᠢᠯᠭ᠎ᠠ ᠶᠢᠨ ᠡᠳᠤᠷ | ᠲᠤ ᠡᠮᠡᠭᠳᠠᠢ ᠬᠦᠮᠤᠨ᠂ ᠬᠢᠳᠠᠤᠨ ᠬᠦᠮᠤᠨ ᠤᠪᠤᠭᠠᠨ ᠤ ᠤᠷᠤᠢ ᠳᠡᠬᠡᠷ᠎ᠡ ᠭᠠᠷᠴᠤ ᠪᠤᠯᠬᠤ ᠦᠬᠡᠢ᠂ ᠵᠦᠪᠬᠡᠨ ᠮᠦᠷᠬᠦᠯ ᠤᠨ ᠳᠠᠯᠠᠪᠠᠢ ᠳᠤ ᠯᠠ ᠮᠦᠷᠬᠦᠵᠤ ᠪᠤᠯᠤᠨ᠎ᠠ᠃ | ᠳᠠᠬᠢᠯᠭ᠎ᠠ ᠶᠢᠨ ᠡᠳᠤᠷ ᠲᠤ ᠤᠪᠤᠭᠠᠨ ᠤᠷᠤᠢ ᠪᠤᠶᠤ ᠳᠠᠬᠢᠯᠭ᠎ᠠ ᠶᠢᠨ ᠭᠠᠵᠠᠷ ᠬᠢᠬᠡᠤᠨ ᠮᠦᠷᠬᠦᠯ ᠤᠨ ᠳᠠᠯᠠᠪᠠᠢ ᠳᠤ ᠯᠠ ᠮᠦᠷᠬᠦᠵᠤ ᠪᠤᠯᠤᠨ᠎ᠠ᠃ ᠳᠠᠬᠢᠯᠭ᠎ᠠ ᠶᠢᠨ | ᠡᠳᠤᠷ ᠲᠤ ᠤᠪᠤᠭᠠᠨ ᠤᠷᠤᠢ ᠪᠤᠶᠤ ᠳᠠᠬᠢᠯᠭ᠎ᠠ ᠶᠢᠨ ᠭᠠᠵᠠᠷ ᠬᠢᠬᠡᠤᠨ ᠮᠦᠷᠬᠦᠯ ᠤᠨ ᠳᠠᠯᠠᠪᠠᠢ ᠳᠤ ᠠᠷᠢᠬᠢ ᠳᠠᠮᠠᠬᠢ ᠳᠠᠳᠠᠬᠤ ᠶᠢ ᠡᠷᠡᠰ ᠬᠤᠷᠢᠭᠯᠠᠳᠠᠭ ᠪᠠᠶᠢᠵᠠᠢ᠃ | ᠡᠳᠤᠬᠡ ᠴᠤ ᠱᠠᠨᠰᠢ ᠮᠤᠵᠢ ᠶᠢᠨ ᠵᠢᠩ ᠪᠢᠶᠠᠨ ᠰᠢᠶᠠᠨ ᠪᠤᠯᠤᠨ ᠦᠪᠤᠷ ᠮᠤᠩᠭᠤᠯ ᠤᠨ ᠤᠳᠤᠭ ᠤᠨ ᠡᠮᠤᠨᠡᠳᠤ ᠬᠤᠰᠢᠭᠤ ᠵᠡᠷᠬᠡ 2 ᠮᠤᠵᠢ ᠤᠷᠤᠨ ᠤ | ᠳᠠᠷᠢᠶᠠᠴᠢᠨ ᠮᠠᠯᠴᠢᠨ ᠮᠤᠩᠭᠤᠯ ᠬᠢᠳᠠᠤᠨ ᠤᠯᠠᠨ ᠲᠦᠮᠡᠨ ᠰᠦᠰᠦᠭ ᠬᠦᠴᠤᠨ ᠨᠢᠬᠡᠳᠤᠨ ᠳᠠᠬᠢᠭᠰᠠᠭᠠᠷ ᠪᠤᠢ᠃ ᠤᠳᠤ ᠶᠢᠨ ᠤᠳᠤᠭ ᠤᠨ ᠡᠮᠤᠨᠡᠳᠤ ᠬᠤᠰᠢᠭᠤᠨ ᠤ | ᠤᠭ ᠤᠨ ᠪᠠᠷᠠᠭᠤᠨ ᠨᠤᠶᠠᠨ ᠤ ᠠᠴᠢᠤᠷ ᠪᠤᠯᠬᠤ ᠤᠶᠢᠵᠠᠩ ᠪᠤᠯᠤᠨ ᠪᠠᠷᠠᠭᠤᠨ ᠨᠤᠶᠠᠨ ᠤ ᠵᠢᠬᠡ ᠪᠤᠯᠬᠤ ᠨᠠᠮᠺᠤᠸᠠᠶᠢᠨᠢᠩᠪᠤ ᠨᠠᠷ ᠡᠷᠬᠢᠯᠡᠨ ᠳᠤᠯᠤᠭᠠᠨ ᠰᠠᠷ᠎ᠠ ᠶᠢᠨ | ᠰᠢᠨ᠎ᠠ ᠶᠢᠨ ᠭᠤᠷᠪᠠᠨ ᠳᠤ ᠯᠠᠮᠠ ᠬᠤᠸᠠᠷᠠᠭ ᠵᠠᠯᠠᠵᠤ 2 ᠬᠤᠨᠢᠨ ᠦᠤᠩᠡ ᠰᠢᠬᠦᠰᠤ ᠪᠠ ᠰᠤᠭ ᠳᠡᠬᠡᠵᠢ ᠪᠠᠷ ᠮᠤᠩᠭᠤᠯ ᠤᠨ ᠬᠡᠪ ᠵᠠᠩᠰᠢᠯ ᠢᠶᠠᠷ ᠰᠠᠩ ᠰᠠᠷᠵᠢᠮ | ᠡᠷᠬᠦᠵᠤ ᠳᠠᠬᠢᠵᠤ ᠪᠤᠢ᠃ ᠳᠠᠬᠢᠯᠭ᠎ᠠ ᠶᠢᠨ ᠳᠠᠷᠠᠭ᠎ᠠ ᠮᠤᠩᠭᠤᠯ ᠬᠢᠳᠠᠤᠨ ᠬᠠᠮᠳᠤᠷᠠᠨ ᠰᠢ ᠵᠦᠴᠤᠬᠡ᠂ ᠳᠠᠭᠤᠤ ᠪᠦᠵᠢᠭ ᠭᠠᠷᠭᠠᠵᠤ ᠤᠪᠤᠭᠠᠨ ᠤ ᠨᠠᠶᠢᠷ ᠬᠢᠵᠤ | ᠠᠷᠠᠯᠵᠢᠶ᠎ᠠ ᠬᠤᠳᠠᠯᠳᠤᠭ᠎ᠠ ᠡᠷᠬᠢᠯᠡᠨ ᠨᠠᠶᠢᠬᠡᠮ ᠤᠨ ᠵᠠᠬ᠎ᠠ ᠳᠡᠯᠬᠡᠬᠦᠷ ᠤᠨ ᠰᠤᠯᠢᠯᠴᠠᠭ᠎ᠠ ᠶᠢ ᠶᠡᠭᠡ ᠪᠠᠷ ᠡᠷᠬᠢᠯᠡᠭᠰᠡᠬᠡᠷ ᠶᠤᠮ᠃ | | |