ᠤᠳᠤᠭ ᠤᠨ ᠡᠮᠤᠨᠡᠳᠤ ᠬᠤᠰᠢᠭᠤᠨ ᠤ ᠬᠡᠪᠴᠢᠶᠡᠨ᠎ᠡ ᠤᠷᠭᠤᠵᠤ ᠪᠦᠬᠦᠢ ᠬᠡᠬᠡᠷ᠎ᠡ ᠶᠢᠨ ᠴᠤᠷᠭᠤ ᠰᠢᠷᠬᠡᠭ ᠤᠨ ᠪᠠᠭᠴᠠᠳᠤ ᠤᠷᠭᠤᠮᠠᠯ 63 ᠢᠵᠠᠭᠤᠷ᠂ 213 | ᠲᠦᠷᠤᠯ᠂ 363 ᠵᠦᠢᠯ ᠪᠠᠶᠢᠵᠤ᠂ ᠡᠬᠦᠨ ᠳᠤ ᠤᠶᠢᠮ᠎ᠠ ᠤᠷᠭᠤᠮᠠᠯ 1 ᠢᠵᠠᠭᠤᠷ᠂ 1 ᠲᠦᠷᠤᠯ᠂ 2 ᠵᠦᠢᠯ ᠪᠤᠢ᠃ ᠨᠢᠴᠤᠬᠦᠨ ᠦᠷᠡᠳᠤ ᠤᠷᠭᠤᠮᠠᠯ 1 | ᠢᠵᠠᠭᠤᠷ᠂ 1 ᠲᠦᠷᠤᠯ᠂ 2 ᠵᠦᠢᠯ᠂ ᠪᠦᠷᠬᠦᠬᠦᠯ ᠦᠷᠡᠳᠤ ᠤᠷᠭᠤᠮᠠᠯ 61 ᠢᠵᠠᠭᠤᠷ᠂ 211 ᠲᠦᠷᠤᠯ᠂ 359 ᠵᠦᠢᠯ ᠪᠠᠶᠢᠨ᠎ᠠ᠃ ᠤᠤᠨᠪᠠᠯᠠ ᠶᠢᠨ ᠢᠵᠠᠭᠤᠷ | ᠪᠤᠯ ᠨᠢᠬᠡᠳᠤᠬᠡᠷ ᠶᠡᠭᠡ ᠢᠵᠠᠭᠤᠷ ᠪᠠᠶᠢᠵᠤ᠂ 27 ᠲᠦᠷᠤᠯ᠂ 57 ᠵᠦᠢᠯ᠂ ᠦᠷᠡᠳᠤ ᠤᠷᠭᠤᠮᠠᠯ ᠤᠨ ᠢᠵᠠᠭᠤᠷ᠂ ᠯᠤᠤᠯᠢ ᠶᠢᠨ ᠢᠵᠠᠭᠤᠷ᠂ ᠪᠤᠷᠴᠠᠭ ᠤᠨ ᠢᠵᠠᠭᠤᠷ | ᠨᠢ ᠳᠡᠰ ᠳᠠᠷᠠᠭ᠎ᠠ ᠪᠠᠷ ᠬᠤᠶᠠᠳᠤᠭᠠᠷ ᠠᠴᠠ ᠲᠦᠷᠪᠡᠳᠤᠬᠡᠷ ᠶᠡᠭᠡ ᠢᠵᠠᠭᠤᠷ ᠪᠤᠯᠵᠤ᠂ ᠨᠠᠶᠢᠳᠠ 166 ᠵᠦᠢᠯ ᠪᠠᠶᠢᠨ᠎ᠠ᠃ ᠰᠢᠷᠠᠯᠵᠢ ᠶᠢᠨ ᠲᠦᠷᠤᠯ᠂ ᠬᠤᠨᠴᠢᠷ ᠤᠨ | ᠲᠦᠷᠤᠯ᠂ ᠳᠠᠤᠯᠠᠢ ᠶᠢᠨ ᠳᠠᠩᠨᠠᠢ ᠶᠢᠨ ᠲᠦᠷᠤᠯ᠂ ᠬᠠᠷᠭᠠᠨ᠎ᠠ ᠶᠢᠨ ᠲᠦᠷᠤᠯ᠂ ᠨᠤᠶᠢᠯ ᠤᠨ ᠲᠦᠷᠤᠯ᠂ ᠬᠢᠯᠠᠭᠠᠨ᠎ᠠ ᠶᠢᠨ ᠲᠦᠷᠤᠯ ᠵᠡᠷᠬᠡ ᠲᠦᠷᠤᠯ ᠤᠨ ᠤᠷᠭᠤᠮᠠᠯ | ᠨᠡᠯᠢᠶᠡᠤᠨ ᠠᠷᠪᠢᠨ ᠪᠠᠶᠢᠵᠤ᠂ 70 ᠵᠦᠢᠯ ᠪᠠᠶᠢᠨ᠎ᠠ᠃ ᠤᠷᠭᠤᠮᠠᠯ ᠤᠨ ᠤᠷᠤᠨ ᠤ ᠰᠢᠰᠲ᠋ᠧᠮ ᠳᠤ ᠵᠡᠬᠦᠨ ᠡᠷᠳᠡᠨ ᠤ ᠤᠮᠠᠷᠠᠳᠤ ᠳᠤᠶᠢᠯ ᠤᠨ ᠵᠦᠢᠯ ᠮᠠᠰᠢ ᠠᠷᠪᠢᠨ᠂ | 88 ᠵᠦᠢᠯ ᠪᠠᠶᠢᠨ᠎ᠠ᠃ ᠨᠠᠷᠮᠠᠢ ᠶᠢᠨ ᠤᠮᠠᠷᠠᠳᠤ ᠳᠤᠶᠢᠯ ᠤᠨ ᠵᠦᠢᠯ᠂ ᠡᠷᠳᠠᠨ ᠤ ᠤᠮᠠᠷᠠᠳᠤ ᠳᠤᠶᠢᠯ ᠤᠨ ᠵᠦᠢᠯ᠂ ᠡᠷᠳᠠᠨ ᠤ ᠭᠠᠵᠠᠷ ᠤᠨ ᠳᠤᠮᠳᠠᠳᠤ ᠳᠠᠩᠬᠢᠰ ᠤᠨ | ᠵᠦᠢᠯ᠂ ᠭᠤᠪᠢ — ᠮᠤᠩᠭᠤᠯ ᠤᠨ ᠵᠦᠢᠯ ᠳᠠᠰ ᠳᠠᠷᠠᠭ᠎ᠠ ᠪᠠᠷ ᠬᠤᠶᠠᠷ ᠠᠴᠠ ᠲᠦᠷᠪᠡᠳᠤᠬᠡᠷ ᠶᠡᠭᠡ ᠵᠦᠢᠯ ᠪᠤᠯᠤᠭᠰᠠᠨ ᠪᠠᠶᠢᠨ᠎ᠠ᠃ | ᠤᠷᠭᠤᠮᠠᠯ ᠤᠨ ᠠᠮᠢᠳᠤᠷᠠᠬᠤ ᠬᠡᠯᠪᠡᠷᠢᠳᠤ ᠳᠤᠷᠤᠭ ᠮᠤᠳᠤ 5 ᠵᠦᠢᠯ᠂ ᠪᠤᠳᠠᠯᠢᠭ ᠮᠤᠳᠤ 46 ᠵᠦᠢᠯ᠂ ᠤᠯᠠᠨ ᠨᠠᠰᠤᠳᠤ ᠡᠪᠡᠰᠦᠯᠢᠭ ᠤᠷᠭᠤᠮᠠᠯ 203 ᠵᠦᠢᠯ᠂ | ᠨᠢᠬᠡ᠂ ᠬᠤᠶᠠᠷ ᠨᠠᠰᠤᠳᠤ ᠡᠪᠡᠰᠦᠯᠢᠭ ᠤᠷᠭᠤᠮᠠᠯ 100 ᠵᠦᠢᠯ᠂ ᠤᠷᠢᠶᠠᠩᠭᠤ ᠤᠷᠭᠤᠮᠠᠯ 2 ᠵᠦᠢᠯ᠂ ᠮᠦᠯᠵᠢᠬᠦᠷ ᠤᠷᠭᠤᠮᠠᠯ 7 ᠵᠦᠢᠯ᠂ ᠡᠪᠡᠰᠦᠯᠢᠭ ᠤᠷᠭᠤᠮᠠᠯ | ᠨᠢ ᠤᠯᠠᠨ ᠪᠠᠶᠢᠳᠠᠭ᠃ ᠤᠷᠭᠤᠮᠠᠯ ᠤᠨ ᠠᠮᠢ ᠠᠬᠤᠢ ᠶᠢᠨ ᠬᠡᠯᠪᠡᠷᠢᠳᠤ ᠤᠰᠤᠨ ᠤᠷᠭᠤᠮᠠᠯ 20 ᠵᠦᠢᠯ᠂ ᠴᠢᠬᠢᠭᠰᠡᠭ ᠤᠷᠭᠤᠮᠠᠯ 23 ᠵᠦᠢᠯ᠂ ᠴᠢᠬᠢᠭᠯᠢᠭ | ᠬᠠᠭᠤᠷᠠᠶᠢᠳᠤ ᠤᠷᠭᠤᠮᠠᠯ 13 ᠵᠦᠢᠯ᠂ ᠬᠠᠭᠤᠷᠠᠶᠢᠰᠠᠭ ᠤᠷᠭᠤᠮᠠᠯ 119 ᠵᠦᠢᠯ᠂ ᠭᠠᠩᠰᠠᠭ ᠳᠤᠮᠳᠠᠬᠢ ᠤᠷᠭᠤᠮᠠᠯ 38 ᠵᠦᠢᠯ᠂ ᠳᠤᠮᠳᠠ ᠭᠠᠩᠰᠠᠭ ᠤᠷᠭᠤᠮᠠᠯ | 33 ᠵᠦᠢᠯ᠂ ᠭᠠᠩᠰᠠᠭ ᠤᠷᠭᠤᠮᠠᠯ 100 ᠵᠦᠢᠯ᠂ ᠬᠦᠴᠤᠳᠠᠢ ᠭᠠᠩᠰᠠᠭ ᠤᠷᠭᠤᠮᠠᠯ 17 ᠵᠦᠢᠯ ᠪᠤᠢ᠃ | ᠤᠳᠤᠭ ᠤᠨ ᠡᠮᠤᠨᠡᠳᠤ ᠬᠤᠰᠢᠭᠤᠨ ᠤ ᠪᠠᠶᠢᠷᠢᠰᠢᠵᠤ ᠪᠠᠶᠢᠭ᠎ᠠ ᠭᠠᠵᠠᠷ ᠵᠦᠢ ᠶᠢᠨ ᠪᠠᠶᠢᠷᠢᠰᠢᠯ ᠪᠠ ᠪᠤᠳᠤᠯᠢᠶᠠᠨᠳᠤ ᠤᠯᠠᠨ ᠶᠠᠩᠵᠤ ᠶᠢᠨ ᠶᠡᠷᠤᠩᠬᠡᠶᠢᠯᠡᠭᠰᠡᠨ | ᠪᠠᠶᠢᠭᠠᠯᠢ ᠶᠢᠨ ᠤᠷᠴᠢᠨ ᠠᠬᠤᠢ ᠨᠢ ᠡᠯᠪᠡᠭ ᠪᠠᠶᠠᠯᠢᠭ ᠤᠷᠭᠤᠮᠠᠯ ᠤᠨ ᠲᠦᠷᠤᠯ ᠵᠦᠢᠯ ᠢ ᠪᠦᠳᠤᠬᠡᠵᠤ᠂ ᠪᠠᠷᠠᠭᠤᠨ ᠤᠷᠳᠤᠰ ᠤᠨ ᠤᠷᠭᠤᠮᠠᠯ ᠤᠨ ᠤᠯᠠᠨ ᠲᠦᠷᠤᠯ | ᠵᠦᠢᠯ ᠤᠨ ᠳᠠᠷᠬᠠᠯᠳᠠ ᠶᠢᠨ ᠲᠦᠪ ᠪᠤᠯᠵᠠᠢ᠃ ᠤᠷᠭᠤᠮᠠᠯ ᠤᠨ ᠡᠬᠢ ᠪᠠᠶᠠᠯᠢᠭ ᠤᠨ ᠠᠵᠤ ᠠᠬᠤᠢ ᠶᠢᠨ ᠬᠡᠷᠡᠭᠴᠡᠭᠡ ᠪᠠᠷ 7 ᠶᠡᠭᠡ ᠲᠦᠷᠤᠯ ᠪᠤᠯᠭᠠᠨ ᠬᠤᠪᠢᠶᠠᠵᠤ | ᠪᠤᠯᠤᠨ᠎ᠠ᠃ |