ᠣᠲᠤᠭ ᠤᠨ ᠠᠷᠪᠠᠨ ᠭᠤᠷᠪᠠᠨ ᠬᠤᠰᠢᠭᠤ ᠣᠪᠣᠭ᠎ᠠ — ᠪᠠᠶᠠᠨ ᠤᠪᠤᠭ᠎ᠠ ︵ᠴᠢᠩᠬᠢᠰ ᠤᠨ ᠤᠪᠤᠭ᠎ᠠ︶
ᠨᠡᠶᠢᠲᠡᠯᠡᠭᠰᠡᠨ ᠴᠠᠭ᠄
2023/6/28
     ᠪᠠᠶᠠᠨ ᠤᠪᠤᠭ᠎ᠠ  ᠪᠤᠯ ᠤᠳᠤ ᠶᠢᠨ ᠤᠳᠤᠭ ᠬᠤᠰᠢᠭᠤᠨ ᠤ ᠰᠢᠨᠡᠵᠤᠤ ᠰᠤᠮᠤᠨ ᠤ ᠪᠠᠷᠠᠭᠤᠨ ᠬᠤᠶᠢᠳᠤ ᠪᠡᠶ᠎ᠡ ᠶᠢᠨ ᠰᠢᠨᠡᠵᠤᠤ ᠪᠤᠯᠤᠨ ᠠᠷᠪᠠᠰ ᠬᠤᠶᠠᠷ ᠰᠤᠮᠤᠨ ᠤ ᠰᠠᠪᠠ ᠳᠠᠬᠢ 80 ᠭᠠᠵᠠᠷ ᠤᠨ ᠨᠢᠳᠤ ᠠᠯᠳᠠᠮ᠎ᠠ ᠳᠡᠭᠰᠢ ᠦᠷᠬᠡᠨ ᠠᠭᠤᠳᠠᠮ ᠨᠤᠮᠢᠨ ᠨᠤᠭᠤᠭᠠᠨ ᠦᠩ ᠰᠢᠮᠡᠯᠢᠭ ᠡᠪᠡᠰᠤ ᠪᠡᠯᠴᠢᠬᠡᠷ ᠤᠷᠭᠤᠭᠰᠠᠨ᠂ ᠪᠤᠮ ᠲᠦᠮᠡᠨ ᠠᠳᠤᠭᠤ ᠮᠠᠯ ᠪᠡᠯᠴᠢᠬᠡᠷᠯᠡᠭᠰᠡᠨ ᠦᠨᠳᠤᠷ ᠰᠢᠯᠢ ᠶᠢᠨ ᠳᠤᠮᠳᠠ᠂ ᠤᠯᠠᠨ ᠦᠩᠬᠡ ᠶᠢᠨ ᠴᠢᠯᠠᠭᠤ ᠰᠢᠬᠢᠤᠨᠬᠡᠭᠰᠡᠨ ᠮᠡᠳᠤ 50 ᠮᠧᠲᠷ ᠦᠨᠳᠤᠷ ᠰᠦᠨᠳᠡᠷᠯᠡᠭᠰᠡᠨ ᠴᠠᠭᠠᠨ ᠬᠠᠳᠠᠨ ᠠᠭᠤᠯᠠ ᠶᠢᠨ ᠤᠷᠤᠢ ᠳᠡᠬᠡᠷ᠎ᠡ ᠪᠤᠢ᠃ ᠡᠨᠡ ᠨᠢ ᠳᠠᠯᠠᠢ ᠶᠢᠨ ᠲᠦᠪᠰᠢᠨ ᠠᠴᠠ 1525.7 ᠮᠧᠲᠷ ᠦᠨᠳᠤᠷ᠂ ᠤᠮᠠᠷᠠᠳᠤ ᠦᠷᠬᠡᠷᠢᠭ ᠤᠨ 39°35'᠂ ᠵᠡᠬᠦᠨ ᠤᠷᠳᠤᠷᠢᠭ ᠤᠨ 107°34' ᠳᠤ ᠪᠤᠰᠬᠠᠭᠰᠡᠨ ᠤᠪᠤᠭ᠎ᠠ ᠶᠤᠮ᠃ ᠡᠬᠦᠨ ᠢ ᠡᠵᠡᠨ ᠪᠤᠭᠳᠠ ᠶᠢᠨ ᠬᠤᠶᠠᠷ ᠵᠠᠭᠠᠯ ᠤᠨ ᠳᠤᠭᠯᠠᠵᠤ ᠪᠠᠶᠢᠭᠰᠡᠨ ᠭᠠᠵᠠᠷ ᠳᠡᠬᠡᠷ᠎ᠡ ᠪᠠᠭ᠎ᠠ ᠵᠠᠭᠠᠯ ᠤᠨ ᠶᠠᠰᠤ ᠶᠢ ᠤᠷᠤᠰᠢᠭᠤᠯᠤᠨ ᠳᠠᠯᠪᠢᠭᠰᠡᠨ ᠤᠷᠤᠢ ᠬᠡᠰᠡᠨ ᠳᠤᠮᠤᠭ ᠲᠠᠢ᠃ ᠡᠨᠡ ᠤᠷᠤᠢ ᠳᠡᠬᠡᠷ᠎ᠡ ᠨᠢ 8 ᠬᠠᠨᠠᠳᠤ ᠬᠡᠷ ᠤᠨ ᠴᠢᠨᠡᠬᠡᠨ ᠦᠷᠬᠡᠨ ᠦᠨᠳᠤᠷ 3 ᠳᠠᠪᠬᠤᠷ ᠬᠠᠳᠠ ᠶᠢ ᠨᠠᠷᠢᠯᠢᠭ ᠰᠠᠶᠢᠬᠠᠨ ᠢᠶᠠᠷ ᠳᠡᠭᠳᠡᠷᠯᠡᠨ ᠪᠤᠰᠬᠠᠵᠤ ᠬᠠᠷ᠎ᠠ ᠠᠵᠢᠷᠭᠠᠨ ᠬᠦᠬᠦᠯ ᠲᠠᠢ ᠬᠠᠷ᠎ᠠ ᠰᠦᠯᠳᠠ ᠶᠢ 13 ᠪᠤᠭᠤᠳᠠᠯ ᠤᠯᠠᠭᠠᠨ ᠪᠤᠷᠭᠠᠰᠤᠨ ᠰᠠᠩᠰᠤᠭᠠᠢ ᠪᠠᠷ ᠬᠠᠰᠢᠵᠤ ᠪᠤᠰᠬᠠᠭᠰᠡᠨ ᠤᠪᠤᠭ᠎ᠠ ᠶᠤᠮ᠃ ᠡᠨᠡ ᠤᠪᠤᠭ᠎ᠠ ᠶᠢ ᠦᠷᠯᠤᠬᠡ ᠪᠦᠷᠢ ᠨᠠᠷᠠ ᠭᠠᠷᠬᠤ  ᠶᠢᠨ ᠦᠶ᠎ᠡ ᠳᠤ ᠲᠦᠮᠡᠨ ᠠᠭᠳᠠ ᠶᠢᠨ ᠳᠤᠯᠤᠭᠠᠢ ᠤᠪᠤᠭᠠᠨ ᠦᠬᠡᠳᠠ ᠬᠠᠨᠳᠤᠨ ᠵᠤᠭᠰᠤᠵᠤ᠂ ᠪᠤᠮ ᠮᠠᠯ ᠤᠨ ᠪᠤᠶᠠᠨ ᠬᠡᠰᠢᠭ ᠢ ᠳᠤᠭᠳᠠᠭᠠᠭᠰᠡᠨ ᠬᠦᠯᠦᠭ ᠮᠤᠷᠢᠨ  ᠤ ᠰᠠᠬᠢᠭᠤᠯᠰᠤᠨ ᠤᠪᠤᠭ᠎ᠠ ᠬᠡᠵᠤ ᠳᠤᠮᠤᠭᠯᠠᠳᠠᠭ ᠪᠠᠶᠢᠵᠠᠢ᠃     ᠤᠪᠤᠭᠠᠨ ᠤ ᠡᠮᠤᠨ᠎ᠡ ᠳᠠᠯ᠎ᠠ ᠳᠤ ᠬᠦᠵᠢ ᠵᠤᠯᠠ ᠡᠷᠬᠦᠬᠦ ᠬᠠᠳᠠᠨ ᠬᠦᠩᠭᠠᠷᠪᠠ ᠲᠠᠢ᠂ ᠳᠡᠬᠦᠨ ᠤ ᠳᠡᠷᠬᠡᠳᠠ ᠰᠠᠩ ᠰᠤᠯᠬᠡ ᠳᠠᠯᠪᠢᠬᠤ᠂ ᠰᠤᠭ ᠳᠡᠬᠡᠵᠢ᠂ ᠦᠤᠩᠡ ᠰᠢᠬᠦᠰᠤ ᠡᠷᠬᠦᠬᠦ ᠤᠷᠭᠤᠮᠠᠯ ᠬᠠᠳᠠᠨ ᠳᠠᠪᠴᠠᠩ ᠲᠠᠢ᠃ ᠤᠪᠤᠭᠠᠨ ᠤ ᠪᠠᠷᠠᠭᠤᠨ ᠬᠠᠪᠢᠷᠭ᠎ᠠ ᠳᠤ ᠬᠠᠭᠠᠰ ᠳᠠᠰᠤᠯᠭ᠎ᠠ ᠬᠢᠷᠢᠳᠠᠢ ᠮᠢᠩᠭᠠᠨ ᠵᠤᠯᠠ ᠡᠷᠬᠦᠬᠦ ᠬᠠᠳᠠᠨ ᠠᠭᠤᠢ ᠲᠠᠢ᠃ ᠤᠪᠤᠭᠠᠨ ᠤ ᠠᠷᠤ ᠳᠠᠬᠢ ᠬᠠᠳᠠᠨ ᠳᠡᠨᠵᠢᠨ ᠳᠡᠬᠡᠷ᠎ᠡ ︽ᠴᠢᠩᠬᠢᠰ ᠤᠨ ᠬᠤᠶᠠᠷ ᠵᠠᠭᠠᠯ ᠤᠨ ᠤᠰᠤ ᠤᠤᠭᠤᠵᠤ ᠪᠠᠶᠢᠭᠰᠡᠨ︾ ᠬᠤᠶᠠᠷ ᠬᠠᠳᠠᠨ ᠬᠤᠩᠬᠤᠷᠴᠤᠭ ᠡᠳᠤᠬᠡ ᠴᠤ ᠤᠰᠤ ᠲᠠᠢ ᠪᠠᠶᠢᠭᠰᠠᠭᠠᠷ᠃ ᠳᠡᠬᠦᠨ ᠤ ᠳᠡᠷᠬᠡᠳᠡᠬᠢ ᠬᠠᠳᠠᠨ ᠳᠤ ᠬᠤᠶᠠᠷ ᠵᠠᠭᠠᠯ ᠤᠨ ᠮᠦᠷ ᠦᠯᠡᠳᠡᠵᠤ ᠪᠤᠢ᠃ ᠤᠪᠤᠭᠠᠨ ᠤ ᠵᠡᠬᠦᠨ ᠳᠤᠤᠷ᠎ᠠ ᠳᠠᠯ᠎ᠠ ᠳᠤ ᠳᠠᠬᠢᠯᠭ᠎ᠠ ᠶᠢᠨ ᠬᠡᠷ ᠮᠠᠶᠢᠬᠠᠨ ᠪᠠᠷᠢᠵᠤ ᠨᠤᠶᠠᠤᠨ ᠲᠦᠰᠢᠮᠡᠤᠨ᠂ ᠯᠠᠮᠠ ᠬᠤᠸᠠᠷᠠᠭ᠂ ᠵᠤᠴᠢᠤᠨ ᠢ ᠤᠭᠳᠤᠨ ᠠᠪᠬᠤ᠂ ᠨᠠᠶᠢᠷ ᠨᠠᠭᠠᠳᠤᠮ ᠬᠢᠬᠦ ᠦᠷᠬᠡᠨ ᠳᠠᠯᠠᠪᠠᠢ ᠲᠠᠢ᠃ ᠤᠪᠤᠭᠠᠨ ᠠᠴᠠ ᠵᠡᠬᠦᠨ ᠤᠷᠤᠭᠰᠢ 4 ᠭᠠᠵᠠᠷ ᠤᠨ ᠵᠠᠶᠢᠳᠤ ᠳᠤᠵᠢ ᠶᠢᠨ ᠵᠠᠳᠠᠭᠠᠢ ᠬᠡᠳᠡᠭ ᠦᠨᠳᠤᠷ ᠳᠠᠷᠠᠰᠤᠨ ᠳᠤᠮᠳᠠ 5 ᠭᠠᠵᠠᠷ  ᠤᠨ ᠦᠷᠬᠡᠨ ᠤᠷᠳᠤ ᠲᠦᠮᠡᠨ ᠪᠤᠳᠠ ᠮᠠᠯ ᠤᠨ ᠪᠦᠬᠦ ᠵᠢᠯ ᠢᠶᠠᠷ ᠤᠮᠳᠠᠯᠠᠵᠤ ᠬᠦᠷᠬᠦ ᠤᠰᠤ ᠪᠤᠢ᠃     ᠡᠨᠡ ᠤᠪᠤᠭ᠎ᠠ ᠤᠤᠯ ᠨᠢ ᠴᠢᠩᠬᠢᠰ ᠪᠤᠭᠳᠠ ᠶᠢᠨ ᠳᠠᠷᠬᠠᠤᠨ ᠤᠨ ᠳᠠᠬᠢᠵᠤ ᠪᠠᠶᠢᠭᠰᠡᠨ ᠤᠪᠤᠭ᠎ᠠ ᠪᠠᠶᠢᠭᠰᠡᠨ ᠳᠤᠯᠠ ᠠᠳᠡᠬᠢ ᠬᠦᠮᠤᠰ ︽ᠴᠢᠩᠬᠢᠰ ᠤᠨ ᠤᠪᠤᠭ᠎ᠠ︾ ᠴᠤ ᠬᠡᠳᠡᠭ᠃ ᠴᠢᠩ ᠤᠯᠤᠰ ᠤᠨ ᠦᠶ᠎ᠡ ᠳᠤ ᠬᠤᠰᠢᠭᠤ ᠬᠤᠪᠢᠶᠠᠬᠤ ᠦᠶ᠎ᠡ ᠳᠤ ᠤᠳᠤᠭ ᠪᠤᠯ ᠤᠤᠨᠬᠤᠨ ᠬᠦᠤ ᠶᠢᠨ ᠬᠤᠰᠢᠭᠤ ᠳᠤᠯᠠ ᠤᠳᠤᠭ ᠲᠤ ᠬᠤᠪᠢᠶᠠᠨ ᠦᠭᠬᠦᠭᠰᠡᠨ ᠠᠴᠠ ᠡᠨᠡ ᠤᠪᠤᠭ᠎ᠠ ᠤᠳᠤᠭ ᠬᠤᠰᠢᠭᠤᠨ ᠤ 3 ᠳ᠋ᠤᠭᠠᠷ ᠤᠪᠤᠭᠠᠨ ᠳᠤ ᠵᠢᠭᠰᠠᠭᠠᠭᠳᠠᠵᠤ ᠤᠳᠤᠭ ᠬᠤᠰᠢᠭᠤᠨ ᠠᠴᠠ ᠠᠯᠪᠠᠨ ᠪᠢᠴᠢᠭ ᠭᠠᠷᠭᠠᠵᠤ ᠳᠠᠭᠠᠭᠠᠮᠠᠯ ᠳᠠᠴᠠᠩ ᠳᠤᠮᠢᠯᠠᠨ ᠳᠠᠬᠢᠭᠤᠯᠳᠠᠭ ᠪᠠᠶᠢᠵᠠᠢ᠃ ᠪᠠᠷᠠᠭᠤᠨ ᠳᠠᠯ᠎ᠠ ᠶᠢᠨ ᠳᠠᠭᠠᠭᠠᠮᠠᠯ᠂ ᠵᠠᠯᠠᠨ ᠵᠠᠩᠬᠢ ᠠᠷᠪᠢᠵᠢᠬᠤ᠂ ᠰᠤᠮᠤᠨ ᠵᠠᠩᠬᠢ ᠪᠤᠶᠠᠨᠳᠡᠯᠬᠡᠷ᠂ ᠵᠠᠬ᠎ᠠ ᠶᠢᠨ ᠵᠠᠷᠭᠤᠴᠢ ᠪᠠᠶᠢᠯᠢᠩᠭ᠎ᠠ᠂ ᠪᠤᠤ ᠵᠠᠩ ᠪᠦᠷᠢᠨᠳᠡᠬᠦᠰ᠂ ᠵᠡᠬᠦᠨ ᠳᠠᠯ᠎ᠠ ᠶᠢᠨ ᠳᠠᠭᠠᠭᠠᠮᠠᠯ᠂ ᠬᠤᠰᠢᠭᠤ ᠮᠠᠶᠢᠷᠠᠨ ᠲᠦᠪᠰᠢᠨᠵᠠᠶᠠᠭ᠎ᠠ᠂ ᠵᠠᠯᠠᠨ ᠵᠠᠩᠬᠢ ᠲᠦᠢᠩᠬᠦᠷᠵᠠᠪ᠂ ᠵᠠᠬ᠎ᠠ ᠶᠢᠨ ᠵᠠᠷᠭᠤᠴᠢ ᠳᠡᠯᠬᠡᠷ᠂ ᠪᠤᠤ ᠵᠠᠩ ᠮᠠᠨᠳᠤᠤ᠂ ᠳᠡᠮᠴᠢ ᠨᠢᠷᠪᠠ ᠪᠤᠱᠤᠭᠤ ᠨᠢ ᠪᠠᠳᠠᠷᠠᠬᠤ᠂ ᠷᠠᠰᠢᠨᠢᠮ᠎ᠠ᠂ ᠪᠠᠭᠠᠰᠤᠨᠬᠦᠤ ᠵᠡᠷᠬᠡ ᠪᠠᠶᠢᠵᠠᠢ᠃     ᠤᠪᠤᠭᠠᠨ ᠤ ᠳᠠᠬᠢᠯᠭ᠎ᠠ ᠶᠢᠨ ᠯᠠᠮᠠ ᠨᠢ ᠰᠢᠨᠡᠵᠤᠤ ᠰᠦᠮ᠎ᠠ ᠶᠢᠨ ᠲᠤᠶᠢᠩᠬᠦᠷ ᠳ᠋ᠠ ᠯᠠᠮᠠ ᠷᠠᠭᠪᠠᠵᠠᠯᠰᠠᠨ᠂ ᠳᠤᠯᠤᠭᠠᠨ ᠰᠢᠷᠢᠬᠡᠢ ᠶᠢᠨ ᠰᠦᠮ᠎ᠠ ᠶᠢᠨ ᠡᠵᠡᠨ ᠯᠡᠮᠡ ᠵᠠᠮᠶᠠᠩᠰᠦ᠋ᠷᠬᠦᠮ᠂ ᠷᠾᠢᠪᠠ ᠯᠠᠮᠠ ᠳᠠᠨᠽᠢᠨᠵᠠᠯᠰᠠᠨ᠂ ᠪᠠᠭ᠎ᠠ ᠮᠤᠷᠤᠢ ᠶᠢᠨ ᠰᠦᠮ᠎ᠠ ᠶᠢᠨ ᠡᠵᠡᠨ ᠯᠠᠮᠠ ᠵᠠᠮᠶᠠᠩᠰᠢᠷᠠᠪ ᠯᠤᠤᠶᠧ ᠪᠤᠯᠤᠨ ᠳᠡᠳᠡᠬᠡᠷ ᠬᠡᠳᠤᠨ ᠰᠦᠮ᠎ᠠ ᠠᠴᠠ ᠬᠡᠪᠬᠦᠢ ᠤᠮᠵᠠᠤᠨ ᠨᠢᠷᠪᠠ ᠭᠤᠨᠢᠷ ᠵᠡᠷᠬᠡ 16 ᠯᠠᠮᠠ ᠨᠠᠷ ᠢᠷᠡᠵᠤ ᠳᠠᠬᠢᠳᠠᠭ᠃     ᠤᠪᠤᠭᠠᠨ ᠤ ᠦᠭᠯᠢᠬᠡ ᠶᠢᠨ ᠡᠵᠡᠨ ᠳᠠᠷᠤᠭ᠎ᠠ ᠳᠠᠴᠠᠩ ᠨᠢ ᠤᠤᠯ ᠳᠠᠭᠠᠨ ᠤᠳᠤᠭ᠂ ᠦᠤᠰᠢᠨ᠂ ᠬᠠᠩᠬᠢᠨ᠂ ᠡᠵᠡᠨ ᠬᠤᠷᠤᠭ᠎ᠠ ᠵᠡᠷᠬᠡ ᠪᠠᠶᠠᠨ ᠤᠪᠤᠭᠠᠨ ᠰᠢᠯᠢ ᠳᠤ ᠠᠳᠤᠭᠤ ᠮᠠᠯ ᠲᠠᠢ 4 ᠬᠤᠰᠢᠭᠤᠨ ᠤ 30 ᠭᠠᠷᠤᠢ ᠪᠠᠶᠠᠴᠤᠤᠨ ᠳᠠᠬᠢᠳᠠᠭ ᠪᠠᠶᠢᠵᠠᠢ᠃ ᠰᠡᠬᠦᠯ ᠳᠤ ᠤᠳᠤᠭ᠂ ᠦᠤᠰᠢᠨ᠂ ᠬᠠᠩᠬᠢᠨ ᠵᠡᠷᠬᠡ 3 ᠬᠤᠰᠢᠭᠤᠨ ᠤ ᠪᠠᠶᠠᠴᠤᠤᠨ ᠠᠴᠠ ᠬᠠᠩᠬᠢᠨ ᠤ ᠵᠠᠮᠪᠢ᠂ ᠷᠢᠨᠴᠢᠨ᠂ ᠦᠤᠰᠢᠨ ᠤ ᠴᠤᠭᠵᠢᠯ᠂ ᠨᠠᠰᠤᠨᠪᠠᠶᠠᠷ᠂ ᠤᠳᠤᠭ ᠤᠨ ᠰᠢᠨᠡᠵᠤᠤ ᠶᠢᠨ ᠰᠠᠨᠳᠤᠤ᠂ ᠲᠦᠮᠡᠨᠬᠡᠷᠡᠯ᠂ ᠯᠤᠪᠰᠠᠩ᠂ ᠠᠷᠪᠠᠰ ᠤᠨ ᠪᠠᠨᠽᠠᠷ ᠰᠢᠨᠠᠯᠠᠮ᠎ᠠ᠂ ᠳᠤᠨᠠᠯ ᠵᠡᠷᠬᠡ ᠪᠠᠶᠠᠨ ᠤᠪᠤᠭᠠᠨ ᠳᠤ ᠠᠳᠤᠭᠤ ᠮᠠᠯ ᠲᠠᠢ ᠨᠠᠷ᠎ᠠ ᠠᠯᠳᠠᠷ ᠲᠠᠢ 20 ᠭᠠᠷᠤᠢ ᠪᠠᠶᠠᠴᠤᠤᠨ ᠵᠢᠯ ᠤᠨ ᠲᠦᠷᠪᠡᠨ ᠤᠳᠠᠭ᠎ᠠ ᠪᠠᠷ ᠡᠬᠡᠯᠵᠢᠯᠡᠨ ᠳᠠᠬᠢᠳᠠᠭ ᠪᠠᠶᠢᠵᠠᠢ᠃     ᠠᠩᠬᠠᠨ ᠤ ᠳᠠᠬᠢᠯᠭ᠎ᠠ ᠨᠢ ᠰᠠᠷ᠎ᠠ ᠪᠦᠷᠢ ᠶᠢᠨ ᠠᠷᠪᠠᠨ ᠭᠤᠷᠪᠠᠨ ᠳᠤ ᠠᠳᠤᠭᠤ ᠮᠠᠯ ᠳᠠᠭᠠᠨ ᠶᠠᠪᠤᠭᠰᠠᠨ ᠠᠳᠤᠭᠤᠴᠢᠨ ᠪᠦᠬᠦᠨ ᠡᠷᠬᠡᠪᠰᠢ ᠤᠪᠤᠭᠠᠨ ᠳᠤ ᠭᠠᠷᠴᠤ ᠰᠠᠩ ᠰᠤᠯᠬᠡ ᠳᠠᠯᠪᠢᠵᠤ ᠡᠵᠡᠨ ᠰᠠᠩ᠂ ᠰᠦᠯᠳᠠ ᠶᠢᠨ ᠰᠠᠩ ᠤᠩᠰᠢᠵᠤ ᠳᠠᠭᠠᠤᠨᠬᠠᠯ ᠬᠢᠳᠡᠭ᠃ ᠬᠤᠶᠠᠳᠠᠬᠢ ᠳᠠᠬᠢᠯᠭ᠎ᠠ ᠨᠢ ᠴᠠᠭᠠᠨ ᠰᠠᠷ᠎ᠠ ᠶᠢᠨ ᠠᠷᠪᠠᠨ ᠭᠤᠷᠪᠠᠨ ᠳᠤ ᠳᠠᠭᠠᠭᠠᠮᠠᠯ᠂ ᠭᠤᠨᠢᠷ ᠬᠤᠶᠠᠷ ᠡᠷᠬᠡᠪᠰᠢ ᠡᠬᠡᠯᠵᠢ ᠪᠠᠷ ᠢᠷᠡᠵᠤ ᠰᠤᠭ ᠳᠡᠬᠡᠵᠢ ᠴᠠᠭᠠᠨ ᠢᠳᠡᠬᠡᠨ ᠢᠶᠠᠷ ᠳᠠᠬᠢᠵᠤ ᠬᠦᠵᠢ ᠵᠤᠯᠠ᠂ ᠰᠠᠩ ᠰᠠᠷᠵᠢᠮ ᠡᠷᠬᠦᠵᠤ ᠳᠠᠬᠢᠳᠠᠭ᠃     ᠭᠤᠷᠪᠠᠳᠠᠬᠢ ᠳᠠᠬᠢᠯᠭ᠎ᠠ ᠨᠢ ᠨᠠᠢᠮᠠᠨ ᠰᠠᠷ᠎ᠠ ᠶᠢᠨ ᠠᠷᠪᠠᠨ ᠠᠴᠠ ᠤᠪᠤᠭᠠᠨ ᠳᠠᠭᠠᠭᠠᠮᠠᠯ ᠳᠠᠴᠠᠩ ᠳᠠᠷᠤᠭ᠎ᠠ᠂ ᠳᠠᠬᠢᠯᠭ᠎ᠠ ᠶᠢᠨ ᠯᠠᠮᠠ ᠰᠤᠭᠳᠤᠢ ᠨᠠᠷ ᠤᠷᠢᠤᠨᠴᠢᠯᠠᠨ ᠴᠤᠭᠯᠠᠷᠠᠵᠤ᠂ ᠠᠳᠤᠭᠤ ᠮᠠᠯ ᠢᠶᠠᠨ ᠴᠤᠭᠯᠠᠭᠤᠯᠤᠨ ᠬᠤᠷᠢᠶᠠᠬᠤ᠂ ᠤᠨᠠᠭ᠎ᠠ ᠵᠠᠯᠠᠯᠠᠨ ᠬᠡᠬᠦᠤ ᠰᠠᠭᠠᠬᠤ᠂ ᠤᠪᠤᠭ᠎ᠠ ᠤᠷᠤᠤᠨ ᠢᠶᠠᠨ ᠰᠢᠨᠡᠤᠨᠬᠡᠬᠦ᠂ ᠬᠡᠷ ᠮᠠᠶᠢᠬᠠᠨ ᠪᠠᠷᠢᠵᠤ ᠳᠤᠯᠭ᠎ᠠ ᠵᠤᠤᠬ᠎ᠠ ᠪᠠᠨ ᠵᠠᠰᠠᠬᠤ ᠵᠡᠷᠬᠡ 4 ᠬᠤᠰᠢᠭᠤᠨ ᠤ ᠳᠠᠬᠢᠯᠭ᠎ᠠ᠂ 7 ᠬᠤᠰᠢᠭᠤᠨ ᠤ ᠨᠠᠶᠢᠷ ᠨᠠᠭᠠᠳᠤᠮ ᠤᠨ ᠵᠦᠢᠯ ᠢ ᠨᠠᠷᠢᠨ ᠨᠢᠮᠪᠠᠢ ᠪᠡᠯᠡᠤᠨᠬᠡᠳᠡᠭ᠃ ᠢᠩᠬᠢᠬᠡᠤᠨ ᠳᠤᠭᠳᠠᠭᠠᠭᠰᠡᠨ ᠠᠷᠪᠠᠨ ᠭᠤᠷᠪᠠᠨ ᠤ ᠦᠷᠯᠤᠬᠡ ᠡᠷᠳᠠ ᠠᠴᠠ ᠤᠳᠤᠭ᠂ ᠦᠤᠰᠢᠨ᠂ ᠬᠠᠩᠬᠢᠨ 3 ᠬᠤᠰᠢᠭᠤᠨ ᠠᠴᠠ ᠢᠷᠡᠭᠰᠡᠨ 30 ᠭᠠᠷᠤᠢ ᠦᠤᠩᠡ ᠰᠢᠬᠦᠰᠤ᠂ ᠰᠤᠭ ᠳᠡᠬᠡᠵᠢ᠂ ᠪᠡᠯᠡᠭ ᠰᠠᠯᠳᠠ᠂ ᠮᠦᠩᠬᠦ ᠵᠤᠭᠤᠰ ᠴᠠᠢ ᠬᠠᠳᠠᠭ ᠰᠠᠮᠪᠠᠢ ᠵᠡᠷᠬᠡ ᠶᠢᠨ ᠶᠡᠭᠡ ᠡᠷᠬᠦᠯᠳᠠ ᠡᠷᠬᠦᠵᠤ ᠯᠾᠠᠮᠤ ᠭᠤᠮᠪᠤ ᠳᠠᠬᠢᠵᠤ ᠨᠠᠮᠰᠠᠷᠠᠢ ᠶᠢᠨ ᠳᠠᠯᠠᠯᠭ᠎ᠠ ᠳᠠᠯᠠᠯᠤᠨ ᠵᠠᠩᠭᠠᠨ ᠷᠠᠯᠾᠠ ᠤᠩᠰᠢᠵᠤ ᠰᠠᠩ ᠰᠠᠷᠵᠢᠮ ᠡᠷᠬᠦᠵᠤ ᠳᠠᠬᠢᠳᠠᠭ᠃ ᠳᠠᠬᠢᠯᠭ᠎ᠠ ᠶᠢᠨ ᠳᠠᠷᠠᠭ᠎ᠠ ᠰᠤᠭ ᠳᠡᠬᠡᠵᠢ᠂ ᠨᠢᠬᠡ ᠬᠤᠨᠢᠨ ᠤᠭᠤᠴᠠ ᠳᠤᠯᠤᠭᠠᠢ ᠲᠠᠢ᠂ ᠳᠡᠮᠴᠢ ᠳᠠᠭᠠᠭᠠᠮᠠᠯ ᠠᠴᠠ ᠨᠢᠬᠡ ᠨᠢ ᠬᠤᠰᠢᠭᠤ ᠶᠠᠮᠤᠨ ᠱᠠᠩ ᠳᠤ ᠡᠬᠡᠯᠵᠢ ᠪᠠᠷ ᠬᠦᠷᠬᠡᠳᠡᠭ᠃ ᠪᠤᠰᠤᠤᠨ ᠨᠢ ᠤᠪᠤᠭᠠᠨ ᠤ ᠰᠤᠭ ᠳᠡᠬᠡᠵᠢ ᠰᠢᠬᠦᠰᠤ ᠪᠠᠨ ᠤᠪᠤᠭᠠᠨ ᠤ ᠬᠡᠰᠢᠭ ᠪᠤᠯᠭᠠᠨ ᠬᠤᠪᠢᠶᠠᠨ ᠲᠦᠬᠡᠬᠡᠵᠤ ᠦᠭᠬᠦᠬᠡᠤᠨ ᠤᠪᠤᠭᠠᠨ ᠤ ᠵᠡᠬᠦᠨᠳᠠᠢ ᠨᠠᠶᠢᠷ ᠤᠨ ᠳᠠᠯᠠᠪᠠᠢ ᠳᠤ ᠬᠤᠰᠢᠭᠤᠨ ᠤ ᠨᠠᠶᠢᠷ ᠬᠢᠳᠡᠭ᠃ 7 ᠬᠤᠰᠢᠭᠤ ᠬᠡᠵᠤ ᠬᠡᠯᠡᠳᠡᠭ ᠪᠤᠯᠪᠠᠴᠤ ᠦᠨᠡᠨ ᠳᠡᠭᠡᠨ ᠤᠳᠤᠭ ᠦᠤᠰᠢᠨ ᠬᠠᠩᠬᠢᠨ 3 ᠬᠤᠰᠢᠭᠤ ᠪᠠᠷ ᠭᠤᠤᠯ ᠪᠤᠯᠭᠠᠭᠰᠡᠨ 64 ᠪᠦᠬᠡ ᠪᠠᠷᠢᠯᠳᠤᠬᠤ ᠪᠠ 72 ᠮᠤᠷᠢ ᠶᠢ 30 ᠭᠠᠵᠠᠷ ᠤᠨ ᠦᠵᠤᠬᠦᠷ ᠠᠴᠠ ᠬᠦᠶᠤᠯᠬᠡᠬᠦ ᠤᠷᠤᠯᠳᠤᠭᠠᠨ ᠬᠢᠳᠡᠭ᠃ ᠢᠩᠬᠢᠬᠡᠤᠨ ᠪᠦᠬᠡ ᠮᠤᠷᠢᠨ ᠤ ᠳᠡᠷᠢᠬᠦᠨ ᠳᠤ ᠨᠢ ᠮᠤᠷᠢ ᠱᠠᠩᠨᠠᠵᠤ ᠳᠡᠳ᠋ ᠲᠤ ᠨᠢ ᠦᠬᠡᠷ ᠱᠠᠩᠨᠠᠵᠤ ᠭᠤᠷᠪᠠᠳᠤᠭᠠᠷ ᠲᠤ ᠨᠢ ᠬᠤᠨᠢ ᠴᠠᠢ ᠱᠠᠩᠨᠠᠬᠤ ᠪᠠ ᠰᠤᠭ ᠬᠡᠰᠢᠭ ᠤᠨ ᠳᠤᠯᠤᠭ ᠪᠤᠯᠢᠶᠠᠯᠳᠤᠬᠤ ᠵᠡᠷᠬᠡ ᠶᠢᠨ ᠤᠷᠤᠯᠳᠤᠭᠠᠨ  ᠤ ᠨᠠᠶᠢᠷ ᠨᠠᠭᠠᠳᠤᠮ ᠢ ᠦᠵᠡᠵᠤ ᠰᠤᠨᠢᠷᠬᠠᠳᠠᠭ᠃     ᠲᠦᠷᠪᠡᠳᠡᠬᠢ ᠳᠠᠬᠢᠯᠭ᠎ᠠ ᠨᠢ ᠵᠤᠯᠠ ᠰᠠᠷ᠎ᠠ ᠶᠢᠨ ᠬᠤᠷᠢᠨ ᠳᠠᠪᠤᠨ ᠳᠤ ᠳᠠᠭᠠᠭᠠᠮᠠᠯ᠂ ᠳᠠᠴᠠᠩ᠂ ᠨᠠᠩᠰᠤ᠂ ᠭᠤᠨᠢᠷ ᠵᠡᠷᠬᠡ 4 ᠬᠦᠮᠤᠨ ᠡᠬᠡᠯᠵᠢᠶ᠎ᠡ ᠪᠠᠷ ᠢᠷᠡᠵᠤ ᠤᠪᠤᠭᠠᠨ ᠤ ᠪᠠᠷᠠᠭᠤᠨ ᠬᠠᠪᠢᠷᠭ᠎ᠠ ᠳᠠᠬᠢ ᠬᠠᠳᠠᠨ ᠠᠭᠤᠢ ᠳᠤ ᠮᠢᠩᠭᠠᠨ ᠵᠤᠯᠠ ᠡᠷᠬᠦᠵᠤ ᠵᠠᠩᠵᠤᠤᠨ ᠬᠤᠷᠠᠵᠤ ᠰᠠᠩ ᠰᠠᠷᠵᠢᠮ ᠡᠷᠬᠦᠵᠤ ᠳᠠᠬᠢᠳᠠᠭ᠃     ᠪᠠᠶᠠᠨ ᠤᠪᠤᠭ᠎ᠠ ᠶᠢᠨ ᠳᠠᠯ᠎ᠠ ᠪᠤᠯ ᠡᠵᠡᠬᠦᠢ ᠶᠡᠭᠡ ᠰᠢᠯᠢ ᠳᠤ ᠠᠳᠤᠭᠤ ᠮᠠᠯ ᠪᠤᠯᠤᠨ ᠠᠳᠤᠭᠤᠴᠢᠨ ᠠᠴᠠ ᠦᠬᠡᠷ᠎ᠡ ᠬᠦᠮᠤᠨ ᠦᠬᠡᠢ ᠳᠤᠯᠠ ᠬᠤᠷᠢᠭᠤᠯ ᠴᠡᠬᠡᠷᠯᠡᠯ ᠬᠡᠵᠤ ᠦᠬᠡᠢ᠃ ᠡᠳᠤᠬᠡ ᠴᠤ ᠰᠢᠨᠡᠵᠤᠤ ᠰᠤᠮᠤᠨ ᠤ ᠬᠤᠪᠢᠰᠬᠠᠯᠳᠤ᠂ ᠤᠨᠢᠰ᠂ ᠵᠢᠷᠭᠠᠯ᠂ ᠰᠡᠷᠬᠦᠯᠠᠩ ᠨᠠᠷ ᠳᠠᠭᠠᠭᠠᠮᠠᠯ ᠪᠤᠯᠵᠤ ᠤᠯᠠᠨ ᠲᠦᠮᠡᠨ ᠢᠶᠠᠷ  ᠢᠶᠠᠨ 3 ᠳᠠᠰᠤᠯᠭ᠎ᠠ ᠰᠦᠮ᠎ᠠ ᠨᠢᠷᠤᠭᠤ ᠲᠠᠢ ᠪᠠᠶᠢᠰᠢᠩ ᠪᠠᠷᠢᠵᠤ᠂ ᠤᠭ ᠤᠨ ᠵᠤᠷᠰᠢᠯ ᠶᠤᠰᠤᠭᠠᠷ ᠯᠠᠮᠠ ᠬᠤᠸᠠᠷᠠᠭ ᠵᠠᠯᠠᠵᠤ 4 ᠬᠤᠨᠢᠨ ᠦᠤᠩᠡ ᠰᠢᠬᠦᠰᠤ ᠪᠠᠷ ᠳᠠᠬᠢᠵᠤ ᠰᠠᠩ ᠰᠠᠷᠵᠢᠮ ᠡᠷᠬᠦᠭᠰᠡᠬᠡᠷ ᠪᠠᠶᠢᠨ᠎ᠠ᠃     ︽ᠤᠷᠠᠨ ᠲᠦᠰᠢ ᠰᠡᠤᠨᠬᠦᠯ︾ ᠳᠡᠬᠡᠷ᠎ᠡ ᠪᠠᠶᠠᠨ ᠤᠪᠤᠭ᠎ᠠ ᠪᠤᠯ ᠨᠢᠳᠤ ᠠᠯᠳᠠᠮ᠎ᠠ ᠳᠡᠭᠰᠢᠬᠡᠨ ᠳᠠᠯ᠎ᠠ ᠳᠡᠬᠡᠷ᠎ᠡ ᠭᠠᠭᠴᠠ ᠠᠭᠤᠯᠠ ᠤᠷᠭᠤᠵᠤ ᠭᠠᠷᠤᠭᠰᠡᠨ ᠰᠢᠨᠵᠢᠳᠠᠢ ᠴᠢᠯᠠᠭᠤᠨ ᠳᠤᠪᠤ ᠪᠠᠶᠢᠳᠠᠭ ᠪᠦᠬᠡᠤᠨ ᠳᠡᠬᠡᠷ᠎ᠡ ᠨᠢ ᠤᠪᠤᠭ᠎ᠠ ᠲᠠᠢ ᠶᠤᠮ᠃ ᠶᠠᠭᠠᠬᠢᠭᠠᠤᠨ ᠤᠪᠤᠭ᠎ᠠ ᠪᠤᠰᠬᠠᠵᠤ᠂ ᠠᠭᠤᠯᠠ ᠤᠷᠭᠤᠭᠰᠡᠨ ᠳᠤᠬᠠᠢ ᠠᠳᠡᠬᠢ  ᠶᠢᠨ ᠠᠷᠠᠤᠨ ᠤᠨ ᠳᠤᠮᠳᠠ ᠡᠶᠢᠮᠤ ᠨᠢᠬᠡ ᠢᠷᠠᠭᠤ ᠰᠠᠶᠢᠬᠠᠨ ᠳᠤᠮᠤᠭ ᠤᠯᠠᠮᠵᠢᠯᠠᠭᠳᠠᠵᠤ ᠪᠠᠶᠢᠳᠠᠭ᠃     ︽ᠠᠯᠳᠠᠢ ᠬᠠᠩᠬᠠᠢ ᠭᠠᠵᠠᠷ ᠤᠨ ᠦᠨᠳᠤᠷ᠂     ᠠᠭᠳᠠ ᠮᠤᠷᠢ ᠳᠡᠭᠷᠢ ᠶᠢᠨ ᠤᠨᠠᠭ᠎ᠠ᠃     ᠠᠷᠤ ᠬᠠᠩᠬᠠᠢ ᠠᠳᠤᠭᠤᠨ ᠤ ᠪᠡᠯᠴᠢᠬᠡᠷ᠂     ᠠᠭᠠᠷ ᠳᠡᠭᠷᠢ ᠶᠢᠨ ᠠᠯᠳᠠᠨ ᠤᠨᠠᠭ᠎ᠠ᠃︾ ᠬᠡᠵᠤ ᠳᠠᠭᠤᠯᠠᠬᠤ ᠶᠢ ᠰᠤᠨᠤᠰᠤᠮᠠᠭᠴᠠ᠂ ᠡᠨᠡ ᠪᠤᠯ ︽ᠡᠵᠡᠨ ᠪᠤᠭᠳᠠ ᠶᠢᠨ ᠬᠤᠶᠠᠷ ᠵᠠᠭᠠᠯ︾ ᠤᠨ ᠪᠡᠯᠴᠢᠬᠡᠷ ᠨᠤᠳᠤᠭ ᠪᠤᠯᠬᠤ ᠪᠠᠶᠠᠨ ᠤᠪᠤᠭᠠᠨ ᠤ ᠡᠵᠡᠬᠦᠢ ᠭᠤᠪᠢ ᠰᠢᠯᠢ ᠶᠢ ᠳᠠᠭᠤᠯᠠᠵᠤ ᠪᠠᠶᠢᠭ᠎ᠠ ᠶᠤᠮ ᠬᠡᠳᠡᠭ᠃     ᠪᠠᠶᠠᠨ ᠤᠪᠤᠭᠠᠨ ᠳᠤ ᠤᠰᠤ ᠬᠤᠤᠨᠳᠤᠭ ᠬᠡᠵᠤ ᠪᠠᠶᠢᠳᠠᠭ ᠦᠬᠡᠢ ᠳᠤᠯᠠ᠂ ᠬᠤᠶᠠᠷ ᠵᠠᠭᠠᠯ ᠨᠢ ᠦᠷᠬᠦᠯᠵᠢ ᠪᠠᠷᠠᠭᠤᠨ ᠵᠦᠭ ᠲᠤ ᠶᠠᠪᠤᠵᠤ ᠨᠢᠬᠡᠨ ᠬᠤᠤᠨᠳᠤᠭ  ᠠᠴᠠ ᠤᠰᠤ ᠤᠤᠭᠤᠳᠠᠭ ᠪᠠᠶᠢᠵᠠᠢ᠃ ᠬᠤᠵᠢᠮ ᠳᠠᠷᠠ ᠬᠤᠤᠨᠳᠤᠭ ᠢ ᠵᠠᠭᠠᠯ ᠤᠨ ᠬᠤᠤᠨᠳᠤᠭ ᠬᠡᠬᠦ ᠪᠤᠯᠵᠠᠢ᠃ ᠪᠠᠰᠠ ᠪᠠᠶᠠᠨ ᠤᠪᠤᠭ᠎ᠠ ᠠᠴᠠ ᠵᠡᠬᠦᠨ ᠡᠮᠤᠨ᠎ᠡ ᠳᠡᠭᠰᠢ ᠳᠠᠯ᠎ᠠ ᠳᠤ ᠬᠢ ᠳᠤᠷᠤᠭᠰᠢ ᠮᠠᠯᠳᠠᠭᠰᠡᠨ ᠰᠢᠷᠤᠢ ᠶᠢ ᠨᠢ ᠡᠮᠤᠨ᠎ᠡ ᠳᠠᠯ᠎ᠠ ᠳᠤ ᠨᠢ ᠤᠪᠤᠭᠠᠯᠠᠭᠰᠡᠨ ᠰᠢᠭ ᠪᠠᠶᠢᠳᠠᠯ ᠲᠠᠢ ᠠᠷᠤ ᠨᠢ ᠬᠤᠳᠤᠭᠤᠷ ᠡᠮᠤᠨ᠎ᠡ ᠨᠢ ᠳᠤᠪᠤᠴᠠᠭ  ᠲᠠᠢ ᠭᠠᠵᠠᠷ ᠢ ᠳᠤᠵᠢ ᠶᠢᠨ ᠵᠠᠳᠠᠭᠠᠢ ᠬᠡᠵᠤ ᠨᠡᠷᠡᠯᠡᠳᠡᠭ᠃ ᠳᠤᠵᠢ ᠶᠢᠨ ᠵᠠᠳᠠᠭᠠᠢ ᠶᠢ ᠪᠤᠯ ᠬᠤᠶᠠᠷ ᠵᠠᠭᠠᠯ ᠳᠤᠭᠤᠷᠠᠢ ᠪᠠᠷ ᠢᠶᠠᠨ ᠴᠠᠪᠴᠢᠯᠠᠵᠤ ᠪᠠᠶᠢᠭᠠᠤᠨ ᠭᠠᠷᠭᠠᠵᠠᠢ ᠬᠡᠳᠡᠭ᠃ ᠡᠨᠡ ᠲᠦᠬᠦᠮ ᠨᠢ ᠨᠢᠬᠡ ᠤᠳᠠᠭ᠎ᠠ ᠶᠢᠨ ᠪᠤᠷᠤᠭᠠᠨ ᠤᠷᠤᠪᠠᠯ ᠨᠢᠬᠡ ᠵᠢᠯ ᠤᠨ ᠲᠦᠮᠡᠨ ᠠᠭᠳᠠ ᠶᠢᠨ ᠤᠮᠳᠠ ᠤᠰᠤ ᠶᠢ ᠬᠠᠩᠭᠠᠳᠠᠭ ᠵᠠᠳᠠᠭᠠᠢ ᠪᠠᠶᠢᠵᠠᠢ᠃     ᠬᠤᠵᠢᠮ ᠬᠤᠶᠠᠷ ᠵᠠᠭᠠᠯ ᠦᠬᠦᠭᠰᠡᠨ ᠤ ᠬᠤᠶᠢᠨ᠎ᠠ ᠤᠳᠤᠭ ᠨᠤᠶᠠᠨ ᠠᠴᠠ ᠬᠤᠶᠠᠷ ᠵᠠᠭᠠᠯ ᠤᠨ ᠪᠡᠯᠴᠢᠬᠡᠷᠯᠡᠵᠤ ᠪᠠᠶᠢᠭᠰᠡᠨ ᠭᠠᠵᠠᠷ ᠲᠤ ᠳᠤᠯᠤᠭᠠᠢ ᠶᠢ ᠨᠢ ᠤᠷᠤᠰᠢᠭᠤᠯᠤᠨ ᠤᠪᠤᠭ᠎ᠠ ᠪᠤᠰᠬᠠᠬᠤ ᠪᠠᠷ ᠳᠤᠰᠠᠯᠠᠭᠴᠢ ᠨᠤᠶᠠᠨ ᠳᠠᠭᠠᠨ ᠵᠠᠷᠯᠢᠭ ᠪᠠᠭᠤᠯᠭᠠᠵᠠᠢ᠃ ᠳᠤᠰᠠᠯᠠᠭᠴᠢ ᠨᠤᠶᠠᠨ ᠨᠢ ᠪᠠᠭ᠎ᠠ ᠵᠠᠭᠠᠯ ᠤᠨ ᠳᠤᠯᠤᠭᠠᠢ ᠶᠢ ᠤᠷᠤᠰᠢᠭᠤᠯᠤᠨ ᠪᠠᠶᠠᠨ ᠤᠪᠤᠭ᠎ᠠ ᠶᠢ ᠪᠤᠰᠬᠠᠵᠤ᠂ ᠶᠡᠭᠡ ᠵᠠᠭᠠᠯ ᠤᠨ ᠳᠤᠯᠤᠭᠠᠢ ᠶᠢ ᠤᠳᠤ ᠶᠢᠨ ᠤᠯᠠᠨᠴᠢᠷᠭ᠎ᠠ ᠳᠤ ᠰᠠᠭᠤᠵᠤ ᠪᠠᠶᠢᠭᠰᠡᠨ ᠬᠡᠷ ᠲᠡᠭᠡᠨ ᠠᠪᠠᠴᠢᠨ ᠳᠠᠬᠢᠭᠰᠡᠨ ᠠᠴᠠ ᠤᠯᠠᠨ ᠰᠠᠭᠠᠷᠠᠯ ᠵᠢᠰᠤᠮ ᠤᠨ ᠠᠳᠤᠭᠤ ᠲᠠᠢ ᠪᠤᠯᠵᠤ ᠤᠯᠠᠨᠴᠢᠷᠭ᠎ᠠ ᠬᠤᠤᠨᠳᠤᠭ ᠢ ᠮᠠᠯᠳᠠᠵᠤ ᠠᠳᠤᠭᠤ ᠮᠠᠯ ᠢᠶᠠᠨ ᠤᠰᠤᠯᠠᠳᠠᠭ ᠪᠠᠶᠠᠨ ᠠᠶᠢᠯ ᠪᠤᠯᠵᠠᠢ᠃ ᠢᠩᠬᠢᠵᠤ ᠪᠠᠶᠢᠭᠠᠤᠨ ᠦᠵᠤᠮᠤᠴᠢᠨ ᠬᠤᠰᠢᠭᠤᠨ ᠤ ᠨᠢᠬᠡᠨ ᠯᠠᠮᠠ ᠢᠷᠡᠵᠤ ᠨᠤᠮ ᠤᠩᠰᠢᠨ ᠰᠠᠭᠤᠵᠤ ᠪᠠᠶᠢᠭᠠᠤᠨ ᠳᠡᠷᠠ ᠮᠤᠷᠢᠨ ᠳᠤᠯᠤᠭᠠᠢ ᠶᠢᠨ ᠶᠠᠰᠤ  ᠶᠢ ᠡᠷᠳᠡᠨᠢ ᠮᠦᠨ ᠬᠡᠵᠤ ᠳᠠᠨᠢᠭᠠᠤᠨ ᠬᠤᠯᠠᠭᠠᠶᠢᠯᠠᠨ ᠠᠪᠴᠤ ᠶᠠᠪᠤᠭᠰᠡᠨ ᠠᠴᠠ ᠡᠨᠡ ᠠᠶᠢᠯ ᠨᠢ ᠶᠠᠳᠠᠭᠤᠷᠠᠵᠤ ᠦᠵᠤᠮᠤᠴᠢᠨ ᠨᠤᠳᠤᠭ ᠨᠢ ᠪᠠᠶᠠᠵᠢᠪᠠ ᠬᠡᠨ᠎ᠡ᠃ ᠪᠠᠭ᠎ᠠ ᠵᠠᠭᠠᠯ ᠤᠨ ᠳᠤᠯᠤᠭᠠᠢ ᠶᠢ ᠤᠷᠤᠰᠢᠭᠤᠯᠤᠭᠰᠡᠨ ᠪᠠᠶᠠᠨ ᠤᠪᠤᠭ᠎ᠠ ᠨᠢ ᠤᠨ ᠵᠢᠯ ᠤᠳᠠᠬᠤ ᠳᠠᠭᠠᠨ ᠵᠢᠵᠢᠭ ᠠᠭᠤᠯᠠ ᠪᠤᠯᠤᠨ ᠤᠷᠭᠤᠵᠤ ᠦᠨᠳᠤᠷ ᠰᠦᠷᠯᠢᠭ ᠠᠭᠤᠯᠠᠨ ᠳᠤ ᠤᠯᠠᠭᠠᠨ᠂ ᠨᠤᠭᠤᠭᠠᠨ᠂ ᠬᠦᠷᠠᠩ᠂ ᠰᠢᠷ᠎ᠠ᠂ ᠴᠡᠩᠬᠡᠷ ᠤᠯᠠᠨ ᠦᠩᠬᠡ ᠶᠢᠨ ᠴᠢᠯᠠᠭᠤ ᠨᠢ ᠠᠯᠳᠠ᠂ ᠮᠦᠩᠬᠦ᠂ ᠵᠠᠰ᠂ ᠳᠡᠮᠤᠷ᠂ ᠳᠤᠭᠤᠯᠭ᠎ᠠ ᠵᠡᠷᠬᠡ  ᠶᠢᠨ ᠬᠤᠪᠤᠷ ᠨᠠᠨᠳᠢᠨ ᠡᠷᠳᠡᠨᠢᠰ ᠤᠨ ᠵᠦᠢᠯ ᠪᠤᠯᠵᠤ ᠨᠤᠳᠤᠭ ᠤᠷᠤᠨ ᠢᠶᠠᠨ ᠴᠢᠮᠡᠭᠰᠡᠨ ᠪᠠᠶᠠᠨ ᠤᠪᠤᠭ᠎ᠠ ᠨᠢ ᠪᠤᠮ ᠮᠠᠯ ᠤᠨ ᠪᠤᠶᠠᠨ ᠬᠡᠰᠢᠭ ᠢ ᠬᠤᠷᠤᠶᠢᠯᠠᠭᠰᠡᠨ ᠬᠤᠯᠠ ᠤᠶᠢᠷ᠎ᠠ ᠳᠠᠭᠠᠨ ᠨᠠᠷ᠎ᠠ ᠠᠯᠳᠠᠷᠰᠢᠭᠰᠡᠨ ᠪᠠᠶᠠᠨ ᠤᠪᠤᠭ᠎ᠠ ᠪᠤᠯᠵᠤ ᠬᠡᠨ᠎ᠡ᠃
ᠢᠷᠡᠯᠲᠡ᠄ ᠤᠳᠤᠭ ᠤᠨ ᠤᠪᠤᠭ᠎ᠠ ᠤᠷᠤᠤᠨ