ᠪᠤᠷᠤᠳᠤᠯᠤᠭᠠᠢ ᠶᠢᠨ ᠤᠪᠤᠭ᠎ᠠ ᠪᠤᠯ ᠤᠳᠤ ᠶᠢᠨ ᠤᠳᠤᠭ ᠤᠨ ᠡᠮᠤᠨᠡᠳᠤ ᠬᠤᠰᠢᠭᠤᠨ ᠤ ᠮᠤᠭᠠᠶᠢᠳᠤ ᠰᠤᠮᠤᠨ ᠤ ᠠᠷᠯᠠᠢ ᠭᠠᠴᠠᠭᠠᠨ ᠤ ᠡᠮᠤᠨ᠎ᠡ ᠪᠤᠷᠤᠳᠤᠯᠤᠭᠠᠢ | ᠶᠢᠨ ᠤᠷᠤᠢ ᠳᠡᠬᠡᠷ᠎ᠡ ᠪᠤᠢ᠃ ᠡᠨᠡ ᠪᠤᠯ ᠤᠳᠤᠭ ᠬᠤᠰᠢᠭᠤᠨ ᠤ ᠠᠷᠪᠠᠨ ᠭᠤᠷᠪᠠᠨ ᠬᠤᠰᠢᠭᠤ ᠤᠪᠤᠭᠠᠨ ᠤ ᠲᠦᠷᠤᠬᠦᠤ ᠤᠪᠤᠭ᠎ᠠ ᠶᠤᠮ᠃ ᠡᠨᠡ ᠤᠪᠤᠭᠠᠨ ᠤ | ᠳᠤᠬᠠᠢ ᠠᠷᠠᠤᠨ ᠤᠨ ᠳᠤᠮᠳᠠ ᠡᠶᠢᠮᠤ ᠨᠢᠬᠡᠨ ᠳᠤᠮᠤᠭ ᠶᠠᠷᠢᠶ᠎ᠠ ᠪᠠᠶᠢᠳᠠᠭ᠄ ︽ᠡᠷᠳᠠ ᠤᠷᠢᠳᠤ ᠡᠨᠡ ᠤᠪᠤᠭ᠎ᠠ ᠶᠢ ᠪᠤᠰᠬᠠᠬᠤ ᠶᠢᠨ ᠦᠶ᠎ᠡ ᠳᠤ ᠡᠷᠬᠢᠮᠳᠠᠯᠠᠢ ᠬᠡᠳᠡᠭ | ᠨᠠᠷᠠ ᠲᠠᠢ ᠬᠦᠮᠤᠨ ᠢ ᠴᠠᠭᠠᠨ ᠳᠡᠮᠡᠭᠡ ᠤᠨᠤᠭᠤᠯᠤᠨ ᠤᠪᠤᠭᠠᠨ ᠤ ᠳᠤᠤᠷᠠᠬᠢ ᠬᠦᠬᠡ ᠴᠠᠢ ᠪᠠᠷ ᠪᠠᠷᠢᠭᠰᠡᠨ ᠰᠦᠮ᠎ᠠ ᠶᠢᠨ ᠳᠤᠳᠤᠷ᠎ᠠ ᠱᠤᠭᠤᠵᠤ ᠪᠦᠳᠤᠬᠡᠬᠡᠤᠨ | ᠳᠡᠬᠡᠷ᠎ᠡ ᠨᠢ ᠤᠪᠤᠭ᠎ᠠ ᠪᠠᠨ ᠪᠤᠰᠬᠠᠵᠤ ᠡᠷᠬᠢᠮᠳᠠᠯᠠᠢ ᠤᠪᠤᠭ᠎ᠠ ᠬᠡᠮᠡᠨ ᠨᠡᠷᠡᠶᠢᠤᠨᠴᠤ ᠪᠠᠶᠢᠵᠠᠢ᠃ ᠬᠤᠵᠢᠮ ᠨᠢ ᠡᠷᠬᠢᠮᠳᠠᠯᠠᠢ ᠨᠢ ᠴᠠᠭᠠᠨ ᠳᠡᠮᠡᠭᠡ ᠤᠨᠤᠭᠰᠠᠨ | ᠰᠠᠬᠢᠭᠤᠯᠰᠤᠨ ᠪᠤᠯᠤᠨ ᠪᠠᠶᠢᠨ ᠪᠠᠶᠢᠨ ᠦᠵᠡᠭᠳᠡᠪᠡ ᠬᠡᠳᠡᠭ᠃ | ᠳᠠᠷᠠ ᠦᠶ᠎ᠡ ᠳᠤ ᠨᠢᠩᠰᠢᠶᠠ ᠶᠢᠨ ᠬᠤᠳᠤᠩ ᠤᠨ ᠪᠤᠰᠤᠯᠭᠠᠳᠠᠨ ︵ᠤᠷᠳᠤᠰᠴᠤᠤᠨ ᠮᠠᠭᠤ ᠬᠤᠯᠠᠭᠠᠢ ᠬᠡᠳᠡᠭ︶ ᠤᠷᠳᠤᠰ ᠨᠤᠳᠤᠭ ᠲᠤ ᠴᠦᠮᠤᠷᠠᠨ ᠤᠷᠤᠵᠤ | ᠢᠷᠡᠬᠡᠤᠨ ᠰᠦᠮ᠎ᠠ ᠬᠡᠶᠢᠤᠨ ᠢ ᠲᠦᠯᠡᠬᠦ᠂ ᠤᠪᠤᠭ᠎ᠠ ᠤᠷᠤᠤᠨ ᠢ ᠡᠪᠳᠡᠬᠦ᠂ ᠠᠶᠢᠯ ᠡᠷᠤᠬᠡ ᠶᠢ ᠳᠤᠨᠤᠵᠤ ᠠᠷᠠᠤᠨ ᠢᠷᠬᠡᠤᠨ ᠲᠤ ᠠᠶᠤᠯ ᠵᠤᠪᠠᠯᠠᠩ ᠪᠤᠯᠬᠤ ᠦᠶ᠎ᠡ | ᠳᠤ ᠡᠷᠬᠢᠮᠳᠠᠯᠠᠢ ᠰᠠᠬᠢᠭᠤᠯᠰᠤᠨ ᠨᠢ ᠠᠯᠳᠠ ᠬᠠᠷ᠎ᠠ ᠬᠡᠵᠢᠬᠡ ᠲᠠᠢ ᠬᠠᠷ᠎ᠠ ᠴᠢᠷᠠᠶᠢᠳᠠᠢ ᠪᠠᠭᠠᠳᠤᠷ ᠡᠷ᠎ᠡ ᠪᠤᠯᠵᠤ ᠰᠤᠭᠳᠤᠭᠤ ᠴᠠᠭᠠᠨ ᠪᠤᠤᠷ᠎ᠠ ᠤᠨᠤᠵᠤ ᠳᠠᠳᠠᠨ ᠲᠠᠢ | ᠳᠡᠮᠡᠴᠡᠵᠤ ᠤᠪᠤᠭ᠎ᠠ ᠪᠠᠨ ᠬᠠᠮᠠᠭᠠᠯᠠᠨ ᠠᠷᠠᠤᠨ ᠢᠷᠬᠡᠤᠨ ᠢᠶᠠᠨ ᠠᠪᠤᠷᠠᠪᠠ︾ ᠬᠡᠳᠡᠭ᠃ | ᠬᠦᠬᠡ ᠨᠤᠬᠠᠢ ᠵᠢᠯ ︵1934 ᠤᠨ︶ ᠳᠤ ᠶᠢᠰᠤᠳᠤᠬᠡᠷ ᠲᠦᠷᠢ ᠶᠢᠨ ᠪᠠᠨᠴᠢᠨ ᠪᠤᠭᠳᠠ ᠴᠤᠶᠢᠵᠢᠨᠢᠮᠠ ᠪᠤᠷᠤᠳᠤᠯᠤᠭᠠᠢ ᠶᠢᠨ ᠤᠪᠤᠭᠠᠨ ᠳᠡᠬᠡᠷ᠎ᠡ ᠰᠠᠭᠠᠳᠠᠵᠤ | ᠲᠦᠷᠪᠡᠨ ᠵᠦᠭ ᠨᠠᠢᠮᠠᠨ ᠵᠤᠪᠬᠢᠰ ᠢ ᠨᠠᠷᠢᠨ ᠰᠢᠨᠵᠢᠯᠡᠨ ᠡᠮᠤᠨ᠎ᠡ ᠪᠠᠶᠢᠭ᠎ᠠ ᠬᠡᠷ ᠮᠠᠩᠬ᠎ᠠ ᠶᠢ ᠴᠠᠭᠠᠨ ᠠᠷᠰᠯᠠᠨ ᠬᠡᠪᠳᠡᠵᠤ ᠪᠠᠶᠢᠬᠤ ᠮᠡᠳᠤ᠂ ᠠᠷᠤ ᠳᠠᠬᠢ ᠵᠢᠷᠭᠠᠯᠠᠩᠳᠤ᠂ | ᠵᠡᠬᠦᠨ ᠳᠠᠬᠢ ᠬᠦᠬᠡᠨᠠᠭᠤᠷ᠂ ᠪᠠᠷᠠᠭᠤᠨ ᠳᠠᠬᠢ ᠪᠠᠶ᠋ᠬᠠᠦ᠋ᠯᠵᠠᠢ ᠬᠡᠰᠡᠨ ᠨᠠᠷᠠ ᠲᠠᠢ ᠭᠠᠵᠠᠷ ᠪᠠᠶᠢᠭ᠎ᠠ ᠶᠢ ᠰᠤᠨᠤᠰᠤᠭᠠᠤᠨ᠄ ︽ᠠ ᠡᠨᠡ ᠦᠨᠡᠬᠡᠷ ᠠᠮᠤᠷ ᠦᠬᠡᠢ ᠰᠢᠨᠵᠢ | ᠳᠡᠬᠦᠰ ᠪᠦᠷᠢᠳᠦᠭᠰᠡᠨ ᠰᠠᠬᠢᠭᠤᠯᠰᠤᠨ ᠤᠪᠤᠭ᠎ᠠ ᠪᠠᠶᠢᠨ᠎ᠠ᠂ ᠡᠨᠡᠷᠢᠯᠳᠤ ᠡᠷᠬᠢᠮᠳᠠᠯᠠᠢ ᠸᠠᠩ ᠤᠨ ᠤᠪᠤᠭ᠎ᠠ ᠬᠡᠵᠤ ᠨᠡᠷᠡᠶᠢᠤᠨᠪᠡᠯ ᠨᠠᠩ ᠰᠠᠶᠢᠨ︾ ᠬᠡᠮᠡᠨ ᠮᠠᠭᠳᠠᠭᠰᠡᠨ | ᠠᠴᠠ ᠠᠳᠡᠬᠢ ᠬᠦᠮᠤᠰ ᠡᠨᠡ ᠤᠪᠤᠭ᠎ᠠ ᠪᠠᠨ ᠸᠠᠩ ᠤᠪᠤᠭ᠎ᠠ ᠴᠤ ᠬᠡᠳᠡᠭ ᠪᠢᠯᠡ᠃ |