1956 ᠣᠨ ᠳᠤ ᠬᠤᠷᠰᠢᠶ᠎ᠠ ᠪᠠᠶᠢᠭᠤᠯᠵᠣ᠂ 1958 ᠣᠨ ᠳᠤ ᠶᠡᠭᠡ ᠪᠠᠷᠢᠭᠠᠳᠠ ᠪᠣᠯᠭᠠᠨ᠂ 1984 ᠣᠨ ᠳᠤ ᠪᠣᠷᠣᠪᠠᠯᠭᠠᠰᠣ ᠭᠠᠴᠠᠭ᠎ᠠ ᠪᠣᠯᠭᠠᠵᠣ | ᠦᠬᠡᠷᠡᠴᠢᠯᠡᠪᠡ᠃ ᠪᠣᠷᠣᠪᠠᠯᠭᠠᠰᠣ ᠪᠠᠯᠭᠠᠰᠣᠨ ᠤ ᠵᠠᠰᠠᠭ ᠤᠨ ᠣᠷᠳᠣᠨ ᠤ ᠰᠠᠭᠤᠭ᠎ᠠ ᠭᠠᠵᠠᠷ ᠤᠨ ᠡᠷᠬᠢᠨ ᠲᠣᠭᠤᠷᠢᠨ ᠳᠤ ᠪᠠᠶᠢᠷᠢᠯᠠᠵᠣ᠂ ᠵᠡᠬᠦᠨᠰᠢ ᠪᠠᠨ ᠰᠣᠪᠠᠭ ᠤᠨ | ᠵᠠᠳᠠᠭᠠᠢ ᠲᠣᠰᠬᠤᠨ ᠲᠠᠢ ᠰᠠᠪᠠᠯᠠᠨ᠂ ᠡᠮᠣᠨᠡᠰᠢ ᠪᠠᠨ ᠱᠠᠨᠰᠢ ᠮᠣᠵᠢ ᠶᠢᠨ ᠰᠣᠬᠠᠢ ᠶᠢᠨ ᠪᠠᠶᠢᠰᠢᠩ ᠲᠠᠢ ᠬᠦᠷᠰᠢᠯᠡᠵᠣ᠂ ᠪᠠᠷᠠᠭᠤᠨᠰᠢ ᠪᠠᠨ ᠲᠠᠷᠢᠶᠠᠨ ᠰᠢᠯᠢ ᠭᠠᠴᠠᠭ᠎ᠠ | ᠲᠠᠢ ᠵᠠᠯᠭᠠᠯᠳᠣᠨ᠂ ᠬᠤᠶᠢᠰᠢ ᠪᠠᠨ ᠬᠠᠳ ᠤᠨ ᠠᠮᠠ ᠲᠣᠰᠬᠤᠨ ᠲᠠᠢ ᠵᠠᠬ᠎ᠠ ᠨᠡᠶᠢᠯᠡᠨ᠎ᠡ᠃ ᠡᠯᠡᠰᠣ᠂ ᠴᠠᠶᠢᠳᠠᠮ᠂ ᠪᠠᠯᠠᠷ ᠠᠯᠭᠠᠰᠠᠭᠰᠠᠨ ᠭᠠᠵᠠᠷ ᠤᠨ ᠪᠠᠶᠢᠴᠠ ᠲᠠᠢ᠂ | ᠭᠠᠵᠠᠷ ᠲᠣᠣᠷᠠᠬᠢ ᠣᠰᠣᠨ ᠰᠣᠷᠪᠣᠯᠵᠢ ᠡᠯᠪᠡᠭ᠂ ᠴᠢᠨᠠᠷ ᠰᠠᠶᠢᠨ᠂ ᠣᠰᠣᠨ ᠲᠦᠪᠰᠢᠨ ᠬᠦᠢᠬᠡᠨ᠂ ᠨᠡᠬᠡᠬᠡᠨ ᠠᠰᠢᠭᠯᠠᠬᠤ ᠳᠤ ᠬᠢᠯᠪᠡᠷ ᠪᠠᠶᠢᠳᠠᠭ᠃ 6 ᠮᠠᠯᠵᠢᠯ ᠤᠨ | ᠬᠤᠷᠰᠢᠶ᠎ᠠ᠂ 352 ᠡᠷᠣᠬᠡ 1065 ᠬᠦᠮᠦᠨ ᠠᠮᠠ ᠲᠠᠢ᠂ ᠪᠠᠶᠢᠩᠭᠤ ᠰᠠᠭᠤᠭ᠎ᠠ 269 ᠡᠷᠣᠬᠡ 911 ᠬᠦᠮᠦᠨ᠂ ᠭᠠᠳᠠᠭᠰᠢ ᠭᠠᠷᠣᠭᠰᠠᠨ 83 ᠡᠷᠣᠬᠡ 154 | ᠬᠦᠮᠦᠨ᠃ ᠡᠷᠡᠭᠲᠡᠢ 558 ᠬᠦᠮᠦᠨ᠂ ᠡᠮᠡᠭᠲᠡᠢ 507 ᠬᠦᠮᠦᠨ᠂ ᠬᠦᠳᠡᠯᠮᠣᠷᠢ ᠬᠦᠴᠦ 631 ᠬᠦᠮᠦᠨ᠂ ᠡᠬᠦᠨ ᠳᠤ ᠭᠠᠳᠠᠭᠰᠢ ᠭᠠᠷᠣᠭᠰᠠᠨ ᠬᠦᠳᠡᠯᠮᠣᠷᠢ ᠬᠦᠴᠦ | 197 ᠬᠦᠮᠦᠨ᠃ 60 — 80 ᠨᠠᠰᠣ ᠲᠠᠢ 97 ᠬᠦᠮᠦᠨ᠂ 80 ᠭᠠᠷᠣᠭᠰᠠᠨ 13 ᠬᠦᠮᠦᠨ᠂ ᠡᠷᠡᠭᠲᠡᠢ 5 ᠬᠦᠮᠦᠨ᠂ ᠡᠮᠡᠭᠲᠡᠢ 8 ᠬᠦᠮᠦᠨ᠂ ᠬᠠᠮᠤᠭ | ᠦᠨᠳᠣᠷ ᠨᠠᠰᠣᠯᠠᠭᠰᠠᠨ ᠨᠢ 90 ᠨᠠᠰᠣ ᠲᠠᠢ᠃ ᠬᠢᠲᠠᠳ ᠦᠨᠳᠣᠰᠣᠲᠡᠨ 671 ᠬᠦᠮᠦᠨ᠂ ᠮᠣᠩᠭᠤᠯ ᠦᠨᠳᠣᠰᠣᠲᠡᠨ 393 ᠬᠦᠮᠦᠨ᠂ ᠬᠤᠲᠣᠩᠦᠨᠳᠣᠰᠣᠲᠡᠨ | 1 ᠬᠦᠮᠦᠨ᠃ ᠭᠠᠵᠠᠷ ᠰᠢᠷᠣᠢ ᠶᠢᠨ ᠶᠡᠷᠣᠩᠬᠡᠢ ᠲᠠᠯᠠᠪᠠᠢ 4.6 ᠲᠦᠮᠡᠨ ᠮᠣ᠋᠂ ᠡᠬᠦᠨ ᠳᠤ ᠠᠰᠢᠭᠯᠠᠵᠣ ᠪᠣᠯᠬᠤ ᠨᠣᠲᠤᠭ ᠪᠡᠯᠴᠢᠬᠡᠷ 2 ᠲᠦᠮᠡᠨ ᠮᠣ᠋᠂ ᠣᠢ ᠶᠢᠨ | ᠭᠠᠵᠠᠷ 1 ᠲᠦᠮᠡᠨ ᠮᠣ᠋᠃ |