ᠴᠠᠪ ᠤᠨ ᠤᠪᠤᠭ᠎ᠠ ᠪᠤᠯ ᠤᠳᠤ ᠶᠢᠨ ᠤᠳᠤᠭ ᠬᠤᠰᠢᠭᠤᠨ ᠤ ᠴᠠᠪ ᠰᠤᠮᠤᠨ ᠤ ᠰᠠᠶᠢᠬᠤᠰᠤ ᠭᠠᠴᠠᠭᠠᠨ ᠤ 50 ᠭᠠᠵᠠᠷ ᠤᠨ ᠦᠷᠬᠡᠨ ᠤᠷᠳᠤ ᠨᠢᠳᠤ | ᠠᠯᠳᠠᠮ᠎ᠠ ᠨᠤᠮᠢᠨ ᠨᠤᠭᠤᠭᠠᠨ ᠰᠢᠯᠢ ᠶᠢᠨ ᠡᠩᠬᠡᠷ ᠲᠤ ᠰᠠᠶᠢᠬᠤᠰᠤ ᠬᠡᠮᠡᠬᠦ ᠬᠤᠤᠨᠳᠤᠭ ᠠᠴᠠ ᠪᠠᠷᠠᠭᠤᠨ ᠤᠷᠤᠭᠰᠢ 8 ᠺᠢᠯᠤᠮᠧᠲᠷ ᠭᠠᠵᠠᠷ ᠤᠨ ᠵᠠᠶᠢᠳᠤ ᠦᠪᠡᠷ ᠢᠶᠠᠨ | ᠪᠤᠰᠤᠭᠰᠡᠨ ᠰᠢᠨᠵᠢᠳᠠᠢ ᠴᠠᠭᠠᠨ ᠬᠠᠳᠠᠨ ᠳᠤᠯᠤᠭᠠᠢ ᠶᠢᠨ ᠤᠷᠤᠢ ᠳᠡᠬᠡᠷ᠎ᠡ ᠪᠤᠢ᠃ ᠡᠨᠡ ᠨᠢ ᠳᠠᠯᠠᠢ ᠶᠢᠨ ᠲᠦᠪᠰᠢᠨ ᠠᠴᠠ 1176 ᠮᠧᠲᠷ ᠦᠨᠳᠤᠷ᠂ ᠤᠮᠠᠷᠠᠳᠤ | ᠦᠷᠬᠡᠷᠢᠭ ᠤᠨ 39°01'᠂ ᠵᠡᠬᠦᠨ ᠤᠷᠳᠤᠷᠢᠭ ᠤᠨ 107°18' ᠳᠡᠬᠡᠷ᠎ᠡ ᠪᠤᠰᠬᠠᠭᠰᠡᠨ 2 ᠳᠠᠪᠬᠤᠷ ᠳᠡᠭᠳᠡᠷᠯᠡᠭᠰᠡᠨ 2 ᠮᠧᠲᠷ ᠤᠨ ᠦᠨᠳᠤᠷ ᠴᠠᠭᠠᠨ | ᠬᠠᠳᠠᠨ ᠤᠪᠤᠭᠠᠨ ᠤ ᠤᠷᠤᠢ ᠳᠡᠬᠡᠷ᠎ᠡ ᠠᠯᠳᠠ ᠪᠠᠷ ᠰᠢᠷᠠᠭᠰᠠᠨ ᠭᠠᠤᠯᠢᠨ ᠳᠤᠭ ᠲᠤ ᠳᠠᠪᠤᠨ ᠦᠩᠬᠡ ᠶᠢᠨ ᠴᠢᠮᠡᠭ ᠲᠠᠢ ᠵᠠᠮᠰᠠᠨ ᠢ ᠪᠠᠯᠭᠤᠨ᠎ᠠ ᠮᠤᠳᠤᠨ ᠰᠠᠭᠰᠤᠭᠠᠢ | ᠲᠠᠢ ᠬᠠᠮᠳᠤ ᠪᠤᠰᠬᠠᠭᠰᠡᠨ ᠤᠪᠤᠭ᠎ᠠ ᠶᠤᠮ᠃ ᠶᠡᠭᠡ ᠤᠪᠤᠭᠠᠨ ᠤ ᠡᠮᠤᠨ᠎ᠡ ᠳᠠᠯ᠎ᠠ ᠳᠤ ᠨᠢ ᠵᠤᠯᠠ ᠬᠦᠵᠢ ᠡᠷᠬᠦᠬᠦ ᠬᠠᠳᠠᠨ ᠬᠦᠩᠭᠠᠷᠠᠪᠠ ᠲᠠᠢ᠂ ᠳᠡᠬᠦᠨ ᠠᠴᠠ | ᠵᠠᠯᠭᠠᠯᠳᠤᠭᠰᠠᠨ ᠰᠤᠭ ᠳᠡᠬᠡᠵᠢ ᠦᠤᠩᠡ ᠰᠢᠬᠦᠰᠤ ᠳᠠᠯᠪᠢᠬᠤ ᠬᠠᠳᠠᠨ ᠳᠠᠪᠴᠠᠩ ᠲᠠᠢ᠃ ᠳᠡᠬᠦᠨ ᠤ ᠵᠡᠬᠦᠨ ᠤᠷᠢᠳᠠᠢ ᠬᠠᠷ᠎ᠠ ᠠᠵᠢᠷᠭᠠᠨ ᠬᠦᠬᠦᠯ ᠬᠡᠶᠢᠰᠬᠡᠭᠰᠡᠨ | ᠳᠠᠪᠤᠨ ᠦᠩᠬᠡ ᠶᠢᠨ ᠬᠡᠶᠢᠮᠤᠷᠢ ᠶᠢᠨ ᠯᠤᠩᠵᠢᠤᠨ ᠳᠠᠷᠴᠤᠭ ᠪᠦᠬᠦᠢ ᠬᠤᠶᠠᠷ ᠰᠠᠶᠢᠰᠤᠮ ᠲᠠᠢ ᠰᠠᠩ ᠤᠨ ᠰᠦᠷᠤ ᠶᠢ ᠬᠠᠳᠠ ᠪᠠᠷ ᠬᠠᠰᠢᠵᠤ ᠪᠤᠰᠬᠠᠭᠠᠤᠨ ᠳᠡᠬᠦᠨ ᠤ | ᠳᠤᠮᠳᠠ ᠰᠠᠩ ᠰᠤᠯᠬᠡ ᠳᠠᠯᠪᠢᠬᠤ ᠬᠠᠳᠠᠨ ᠱᠠᠩᠯᠤ ᠲᠠᠢ ᠶᠤᠮ᠃ ᠶᠡᠭᠡ ᠤᠪᠤᠭᠠᠨ ᠤ ᠠᠷᠤ ᠳᠤ 1 ᠠᠯᠳᠠ ᠭᠠᠵᠠᠷ ᠤᠨ ᠵᠠᠶᠢᠳᠤ ᠰᠠᠭᠰᠤᠭᠠᠢ ᠦᠬᠡᠢ ᠬᠠᠳᠠᠨ ᠤᠪᠤᠭ᠎ᠠ | ᠪᠤᠢ᠃ ᠳᠡᠬᠦᠨ ᠤ ᠵᠡᠬᠦᠨ ᠤᠷᠳᠤ ᠬᠠᠳᠠᠨ ᠳᠡᠨᠵᠢᠨ ᠳᠡᠬᠡᠷ᠎ᠡ ᠬᠡᠷ ᠮᠠᠶᠢᠬᠠᠨ ᠪᠠᠷᠢᠬᠤ ᠳᠤᠯᠭ᠎ᠠ ᠵᠤᠤᠬ᠎ᠠ ᠵᠠᠰᠠᠬᠤ᠂ ᠤᠯᠠᠨ ᠮᠦᠷᠬᠦᠯᠴᠢᠨ ᠦᠭᠯᠢᠬᠡᠴᠢᠨ ᠬᠤᠷᠠᠨ | ᠰᠠᠭᠤᠬᠤ ᠨᠠᠶᠢᠷ ᠨᠠᠭᠠᠳᠤᠮ ᠦᠵᠡᠬᠦ ᠦᠷᠬᠡᠨ ᠳᠠᠯᠠᠪᠠᠢ ᠲᠠᠢ᠃ ᠤᠪᠤᠭᠠᠨ ᠤ ᠤᠷᠤᠢ ᠶᠢᠨ ᠲᠦᠷᠪᠡᠨ ᠵᠦᠭ ᠨᠠᠢᠮᠠᠨ ᠵᠤᠪᠬᠢᠰ ᠢᠶᠠᠷ ᠦᠨᠳᠤᠷ ᠴᠠᠭᠠᠨ ᠬᠠᠳᠠᠨ | ᠳᠤᠯᠤᠭᠠᠢ ᠶᠢᠨ ᠬᠠᠭᠠᠰ ᠢᠶᠠᠷ ᠡᠷᠬᠢᠨ ᠳᠤᠭᠤᠷᠢᠨ ᠴᠠᠭᠠᠨ ᠪᠦᠰᠡᠯᠡᠬᠦᠷ ᠲᠠᠢ᠃ ᠳᠡᠬᠦᠨ ᠠᠴᠠ ᠳᠤᠳᠤᠭᠰᠢ ᠡᠮᠡᠭᠳᠡᠢ ᠪᠤᠯᠤᠨ ᠬᠢᠳᠠᠤᠨ ᠬᠦᠮᠤᠨ ᠢ ᠤᠷᠤᠭᠤᠯᠳᠠᠭ | ᠦᠬᠡᠢ ᠪᠢᠯᠡ᠃ | ᠤᠪᠤᠭᠠᠨ ᠤ ᠳᠠᠭᠠᠭᠠᠮᠠᠯ ᠳᠠᠴᠠᠩ᠂ ᠬᠠᠮᠪᠤ ᠯᠠᠮᠠ ᠶᠢ ᠤᠳᠤᠭ ᠬᠤᠰᠢᠭᠤᠨ ᠤ ᠶᠠᠮᠤᠨ ᠠᠴᠠ ᠠᠯᠪᠠᠨ ᠪᠢᠴᠢᠭ ᠢᠶᠠᠷ ᠳᠤᠮᠢᠯᠠᠳᠠᠭ ᠪᠦᠬᠡᠤᠨ ᠤᠪᠤᠭᠠᠨ ᠤ | ᠶᠡᠷᠤᠩᠬᠡᠢ ᠳᠠᠭᠠᠭᠠᠮᠠᠯ ᠨᠢ ᠵᠠᠬ᠎ᠠ ᠶᠢᠨ ᠵᠠᠷᠭᠤᠴᠢ ᠬᠤᠰᠢᠭᠤ ᠮᠠᠶᠢᠷᠠᠨ ᠷᠠᠤᠨᠨᠠᠪᠠᠨᠽᠠᠷ᠂ ᠳᠡᠳ᠋ ᠳᠠᠭᠠᠭᠠᠮᠠᠯ ᠨᠢ ᠴᠤᠭᠪᠠᠶᠠᠷ ᠬᠠᠷᠢᠶᠠᠨ ᠵᠠᠯᠠᠨ ᠵᠠᠩᠬᠢ᠂ ᠨᠠᠷᠠᠨᠳᠡᠬᠦᠰ | ᠬᠠᠷᠢᠶᠠᠨ ᠵᠠᠯᠠᠨ ᠵᠠᠩᠬᠢ᠂ ᠬᠠᠯᠵᠠᠨᠴᠢᠯᠠᠭᠤ᠂ ᠮᠢᠴᠢ ᠵᠡᠷᠬᠡ ᠳᠠᠭᠠᠭᠠᠮᠠᠯ ᠤᠳ ᠪᠠᠶᠢᠵᠠᠢ᠃ ᠡᠮᠤᠨ᠎ᠡ ᠳᠠᠯ᠎ᠠ ᠶᠢᠨ ᠳᠠᠴᠠᠩ ᠨᠢ ᠸᠠᠩᠳᠠᠨ᠂ ᠬᠤᠶᠢᠳᠤ ᠳᠠᠯ᠎ᠠ ᠶᠢᠨ ᠳᠠᠴᠠᠩ | ᠨᠢ ᠴᠤᠶᠢᠷᠠᠭ᠂ ᠵᠡᠬᠦᠨ ᠳᠠᠯ᠎ᠠ ᠶᠢᠨ ᠳᠠᠴᠠᠩ ᠨᠢ ᠢᠰᠢ᠂ ᠪᠠᠷᠠᠭᠤᠨ ᠳᠠᠯ᠎ᠠ ᠶᠢᠨ ᠳᠠᠴᠠᠩ ᠨᠢ ᠭᠤᠮᠪᠤᠳᠤᠷᠵᠢ ᠵᠡᠷᠬᠡ ᠲᠦᠷᠪᠡᠨ ᠪᠠᠶᠠᠴᠤᠤᠨ ᠪᠠᠶᠢᠵᠠᠢ᠃ ᠤᠪᠤᠭᠠᠨ | ᠬᠠᠮᠪᠤ ᠯᠠᠮᠠ ᠨᠢ ᠳᠤᠯᠤᠭᠠᠨ ᠠᠭᠤᠢ ᠶᠢᠨ ᠰᠦᠮ᠎ᠠ ᠶᠢᠨ ᠭᠠᠯᠳᠠ ᠳ᠋ᠠ ᠯᠠᠮᠠ᠂ ᠤᠮᠵᠠᠤᠨ ᠨᠢ ᠰᠢᠷᠠᠰᠦ᠋ᠷᠬᠦᠮ᠂ ᠭᠤᠨᠢᠷ ᠨᠢ ᠳᠠᠮᠫᠢᠯ᠂ ᠲᠤᠩᠮᠢᠤᠨ ᠨᠠᠷ ᠪᠠᠶᠢᠵᠠᠢ᠃ | ᠪᠠᠰᠠ ᠳᠡᠮᠴᠢ ᠶᠢ ᠢᠰᠢ ᠳᠡᠪᠬᠤᠷᠯᠠᠨ ᠬᠢᠵᠤ᠂ ᠨᠢᠷᠪᠠ ᠶᠢ ᠴᠢᠮᠡᠭᠳᠤᠷᠵᠢ ᠪᠤᠯᠤᠨ ᠪᠤᠱᠤᠭᠤ ᠭᠠᠯᠴᠢ ᠵᠡᠷᠬᠡ ᠨᠢᠵᠡᠬᠡᠤᠨ ᠤᠪᠤᠭᠠᠨ ᠤ ᠬᠡᠷᠡᠭ ᠮᠡᠳᠡᠭᠴᠢ ᠪᠠᠶᠢᠪᠠ᠃ | ᠴᠠᠪ ᠤᠨ ᠤᠪᠤᠭᠠᠨ ᠤ ᠳᠠᠬᠢᠯᠭᠠᠴᠢᠨ ᠨᠢ ᠳᠠᠷᠠ ᠦᠶ᠎ᠡ ᠳᠤ ᠬᠤᠶᠠᠷ ᠬᠠᠷᠢᠶ᠎ᠠ 4 ᠰᠦᠮ᠎ᠠ ᠪᠠᠷ ᠳᠠᠬᠢᠵᠤ ᠪᠠᠶᠢᠵᠠᠢ᠃ ᠡᠳᠤᠬᠡ ᠴᠠᠪ ᠠᠷᠪᠠᠰ 2 ᠰᠤᠮᠤ᠂ ᠴᠠᠪ | ᠤᠨ ᠪᠠᠶᠠᠨᠳᠤᠯᠤᠭᠠᠢ ᠭᠠᠴᠠᠭ᠎ᠠ᠂ ᠰᠠᠶᠢᠬᠤᠰᠤ᠂ ᠠᠷᠪᠠᠰ ᠤᠨ ᠬᠦᠵᠢ᠂ ᠶᠠᠬᠡᠳᠠᠯᠠᠢ ᠭᠠᠴᠠᠭ᠎ᠠ ᠵᠡᠷᠬᠡ 4 ᠭᠠᠴᠠᠭᠠᠨ ᠤ ᠤᠯᠠᠨ ᠲᠦᠮᠡᠨ ᠢᠶᠠᠷ ᠢᠶᠠᠨ ᠳᠠᠬᠢᠳᠠᠭ᠃ | ᠴᠠᠪ ᠤᠨ ᠤᠪᠤᠭ᠎ᠠ ᠨᠢ ᠵᠢᠯ ᠤᠨ ᠬᠤᠶᠠᠷ ᠤᠳᠠᠭ᠎ᠠ ᠶᠢᠨ ᠳᠠᠬᠢᠯᠭ᠎ᠠ ᠲᠠᠢ᠃ | ᠠᠩᠬ᠎ᠠ ᠳᠠᠬᠢᠯᠭ᠎ᠠ ᠨᠢ᠂ ᠴᠠᠭᠠᠨ ᠰᠠᠷ᠎ᠠ ᠶᠢᠨ ᠠᠷᠪᠠᠨ ᠭᠤᠷᠪᠠᠨ ᠳᠤ ᠡᠬᠡᠯᠵᠢᠶᠡ ᠪᠠᠷ ᠳᠠᠭᠠᠭᠠᠮᠠᠯ ᠭᠤᠨᠢᠷ ᠬᠤᠶᠠᠭᠤᠯᠠ ᠢᠷᠠᠵᠤ ᠰᠤᠭ ᠳᠡᠬᠡᠵᠢ ᠴᠠᠭᠠᠨ ᠢᠳᠡᠬᠡᠨ | ᠢᠶᠠᠷ ᠵᠠᠩᠭᠠᠨ ᠳᠠᠬᠢᠵᠤ ᠨᠠᠮᠳᠠᠭ ᠰᠠᠩ ᠤᠩᠰᠢᠨ ᠰᠠᠩ ᠰᠠᠷᠵᠢᠮ ᠬᠦᠵᠢ ᠵᠤᠯᠠ ᠡᠷᠬᠦᠳᠡᠭ᠃ | ᠬᠤᠶᠠᠳᠠᠬᠢ ᠳᠠᠬᠢᠯᠭ᠎ᠠ ᠨᠢ᠂ ᠨᠠᠢᠮᠠᠨ ᠰᠠᠷ᠎ᠠ ᠶᠢᠨ ᠠᠷᠪᠠᠨ ᠭᠤᠷᠪᠠᠨ ᠤ ᠶᠡᠭᠡ ᠳᠠᠬᠢᠯᠭ᠎ᠠ ᠪᠤᠯᠤᠨ᠎ᠠ᠃ ᠰᠢᠨ᠎ᠠ ᠶᠢᠨ ᠳᠤᠯᠤᠭᠠᠨ ᠪᠤᠶᠤ ᠠᠷᠪᠠᠨ ᠠᠴᠠ ᠳᠠᠭᠠᠭᠠᠮᠠᠯ | ᠳᠠᠴᠠᠩ᠂ ᠯᠠᠮᠠ ᠬᠤᠸᠠᠷᠠᠭ ᠴᠤᠭᠯᠠᠷᠠᠨ ᠳᠤᠯᠤᠭᠠᠨ ᠠᠭᠤᠢ ᠶᠢᠨ ᠰᠦᠮ᠎ᠠ ᠶᠢᠨ ᠭᠠᠨᠵᠤᠤᠷ ᠢ ᠵᠠᠯᠠᠵᠤ᠂ ᠠᠯᠳᠠᠨᠬᠡᠷᠡᠯ ᠤᠨ ᠪᠦᠳᠤᠬᠡᠬᠦᠯ ᠢ ᠬᠤᠷᠠᠵᠤ ᠠᠷᠪᠠᠨ ᠭᠤᠷᠪᠠᠨ ᠤ | ᠦᠷᠯᠤᠬᠡ ᠠᠴᠠ 4 ᠳᠠᠯ᠎ᠠ ᠶᠢᠨ ᠳᠠᠴᠠᠩ ᠠᠴᠠ 4 ᠬᠤᠨᠢᠨ ᠦᠤᠩᠡ ᠰᠢᠬᠦᠰᠤ᠂ ᠵᠦᠭ ᠪᠦᠷᠢ ᠠᠴᠠ ᠰᠤᠭ ᠳᠡᠬᠡᠵᠢ᠂ ᠴᠠᠭᠠᠨ ᠢᠳᠡᠬᠡᠨ ᠴᠠᠢ ᠬᠠᠳᠠᠭ ᠰᠠᠮᠪᠠᠢ ᠵᠡᠷᠬᠡ | ᠶᠢᠨ ᠶᠡᠭᠡ ᠡᠷᠬᠦᠯᠳᠠ ᠡᠷᠬᠦᠵᠤ ᠭᠤᠮᠪᠤ᠂ ᠵᠠᠩᠭᠠᠨ ᠳᠠᠬᠢᠵᠤ ᠨᠠᠮᠰᠠᠷᠠᠢ ᠶᠢᠨ ᠳᠠᠯᠠᠯᠭ᠎ᠠ ᠳᠠᠯᠠᠯᠤᠨ ᠬᠦᠵᠢ ᠵᠤᠯᠠ ᠠᠰᠠᠭᠠᠵᠤ ᠰᠠᠩ ᠰᠠᠷᠵᠢᠮ ᠡᠷᠬᠦᠵᠤ ᠳᠠᠬᠢᠳᠠᠭ᠃ | ᠳᠠᠬᠢᠯᠭ᠎ᠠ ᠳᠠᠭᠤᠰᠤᠮᠠᠭᠴᠠ ᠳᠠᠭᠠᠭᠠᠮᠠᠯ ᠨᠢ ᠡᠬᠡᠯᠵᠢᠶᠡ ᠪᠠᠷ ᠨᠢᠬᠡ ᠬᠤᠨᠢᠨ ᠤᠭᠤᠴᠠ ᠳᠤᠯᠤᠭᠠᠢ ᠲᠠᠢ ᠰᠤᠭ ᠳᠡᠬᠡᠵᠢ ᠲᠠᠢ ᠬᠠᠮᠳᠤ ᠤᠳᠤᠭ ᠬᠤᠰᠢᠭᠤᠨ ᠤ ᠶᠠᠮᠤᠨ | ᠱᠠᠩ ᠳᠤ ᠮᠦᠨ ᠡᠳᠤᠷ ᠲᠡᠭᠡᠨ ᠬᠦᠷᠬᠡᠵᠤ ᠬᠠᠷᠢᠭᠤ ᠱᠠᠩ ᠬᠡᠰᠢᠭ ᠢ ᠠᠪᠴᠢᠷᠠᠳᠠᠭ ᠵᠤᠷᠰᠢᠯ ᠲᠠᠢ ᠪᠠᠶᠢᠵᠠᠢ᠃ | ᠳᠠᠬᠢᠯᠭ᠎ᠠ ᠶᠢᠨ ᠳᠠᠷᠠᠭ᠎ᠠ ᠤᠪᠤᠭᠠᠨ ᠤ ᠰᠤᠭ ᠬᠡᠰᠢᠭ ᠢ ᠤᠯᠠᠨ ᠳᠤ ᠲᠦᠬᠡᠬᠡᠵᠤ ᠤᠪᠤᠭᠠᠨ ᠤ ᠵᠡᠬᠦᠨ ᠤᠷᠳᠤ ᠳᠡᠨᠵᠢᠨ ᠳᠡᠬᠡᠷ᠎ᠡ ᠪᠡᠯᠡᠤᠨᠬᠡᠭᠰᠡᠨ ᠤᠪᠤᠭᠠᠨ | ᠨᠠᠶᠢᠷ ᠤᠨ ᠳᠠᠯᠠᠪᠠᠢ ᠳᠤ ᠤᠴᠢᠵᠤ 36 ᠪᠦᠬᠡ ᠪᠠᠷᠢᠯᠳᠤᠬᠤ᠂ 45 ᠮᠤᠷᠢ ᠤᠷᠤᠯᠳᠤᠬᠤ ᠨᠠᠭᠠᠳᠤᠮ ᠢ ᠰᠤᠨᠢᠷᠬᠠᠳᠠᠭ᠃ ᠴᠠᠪ ᠤᠨ ᠤᠪᠤᠭᠠᠨ ᠳᠤ ᠭᠤᠷᠪᠠᠨ ᠬᠤᠷᠢᠭ᠎ᠠ | ᠲᠠᠢ᠃ | 1. ᠡᠮᠡᠭᠳᠡᠢ ᠬᠦᠮᠤᠨ ᠨᠠᠶᠢᠷ ᠤᠨ ᠳᠠᠯᠠᠪᠠᠢ ᠳᠤ ᠢᠷᠡᠵᠤ ᠪᠤᠯᠤᠨ᠎ᠠ᠃ ᠬᠡᠪᠡᠴᠤ ᠤᠪᠤᠭᠠᠨ ᠤᠷᠤᠢ ᠳᠤ ᠭᠠᠷᠴᠤ ᠪᠤᠯᠬᠤ ᠦᠬᠡᠢ᠃ | 2. ᠤᠪᠤᠭᠠᠨ ᠤ ᠨᠠᠶᠢᠷ ᠤᠨ ᠳᠠᠯᠠᠪᠠᠢ ᠪᠤᠯᠤᠨ ᠤᠪᠤᠭᠠᠨ ᠤᠷᠤᠢ ᠳᠤ ᠬᠢᠳᠠᠤᠨ ᠬᠦᠮᠤᠨ ᠢ ᠤᠭᠳᠤ ᠭᠠᠷᠭᠠᠳᠠᠭ ᠦᠬᠡᠢ᠃ | 3. ᠳᠠᠬᠢᠯᠭ᠎ᠠ ᠶᠢᠨ ᠡᠳᠤᠷ ᠤᠳ ᠲᠤ ᠤᠪᠤᠭᠠᠨ ᠳᠡᠷᠬᠡᠳᠠ ᠠᠷᠢᠬᠢ ᠳᠠᠮᠠᠬᠢ ᠳᠠᠳᠠᠬᠤ ᠶᠢ ᠳᠠᠰᠤ ᠬᠤᠷᠢᠳᠠᠭ᠃ | ᠡᠳᠤᠬᠡ ᠴᠤ ᠵᠡᠬᠦᠨ ᠳᠠᠯ᠎ᠠ ᠶᠢᠨ ᠳᠠᠭᠠᠭᠠᠮᠠᠯ ᠴᠢᠮᠡᠭᠳᠤᠷᠵᠢ ᠪᠠᠷᠠᠭᠤᠨ ᠳᠠᠯ᠎ᠠ ᠶᠢᠨ ᠳᠠᠭᠠᠭᠠᠮᠠᠯ ᠴᠠᠭᠠᠨᠪᠠᠪᠠ ᠨᠠᠷ ᠡᠷᠬᠢᠯᠡᠨ ᠴᠠᠪ ᠰᠤᠮᠤᠨ ᠤ ᠰᠠᠶᠢᠬᠤᠰᠤ᠂ | ᠪᠠᠶᠠᠨᠳᠤᠯᠤᠭᠠᠢ᠂ ᠪᠤᠯᠤᠩ᠂ ᠠᠷᠪᠠᠰ ᠰᠤᠮᠤᠨ ᠤ ᠬᠦᠵᠢ᠂ ᠶᠡᠬᠡᠳᠠᠯᠠᠢ᠂ ᠡᠷᠬᠡᠳᠤ ᠵᠡᠷᠬᠡ 6 ᠭᠠᠴᠠᠭᠠᠨ ᠤ 100 ᠭᠠᠷᠤᠢ ᠤᠯᠠᠨ ᠲᠦᠮᠡᠨ ᠬᠠᠮᠳᠤᠷᠠᠨ ᠤᠭ ᠤᠨ ᠵᠤᠷᠰᠢᠯ | ᠶᠤᠰᠤᠭᠠᠷ ᠨᠠᠢᠮᠠᠨ ᠰᠠᠷ᠎ᠠ ᠶᠢᠨ ᠠᠷᠪᠠᠨ ᠭᠤᠷᠪᠠᠨ ᠳᠤ ᠭᠠᠨᠵᠤᠤᠷ ᠵᠠᠯᠠᠵᠤ᠂ ᠠᠯᠳᠠᠨᠬᠡᠷᠡᠯ ᠤᠨ ᠪᠦᠳᠤᠬᠡᠬᠦᠯ ᠬᠤᠷᠠᠵᠤ ᠠᠷᠪᠠᠨ ᠭᠤᠷᠪᠠᠨ ᠤ ᠦᠷᠯᠤᠬᠡ᠂ ᠤᠯᠠᠨ ᠲᠦᠮᠡᠨ | ᠤ ᠶᠡᠭᠡ ᠡᠷᠬᠦᠯᠳᠠ ᠡᠷᠬᠦᠵᠤ 4 ᠬᠤᠨᠢᠨ ᠦᠤᠩᠡ ᠰᠢᠬᠦᠰᠤ᠂ ᠰᠤᠭ ᠳᠡᠬᠡᠵᠢ᠂ ᠴᠠᠭᠠᠨ ᠢᠳᠡᠬᠡᠨ ᠢᠶᠠᠷ ᠭᠤᠮᠪᠤ᠂ ᠵᠠᠩᠭᠠᠨ ᠳᠠᠬᠢᠵᠤ ᠨᠠᠮᠰᠠᠷᠠᠢ ᠶᠢᠨ ᠳᠠᠯᠠᠯᠭ᠎ᠠ ᠳᠠᠯᠠᠯᠤᠨ | ᠨᠠᠮᠳᠠᠭ ᠰᠠᠩ ᠤᠩᠰᠢᠵᠤ ᠵᠤᠯᠠ ᠬᠦᠵᠢ ᠠᠰᠠᠭᠠᠵᠤ ᠰᠠᠩ ᠰᠢᠷᠵᠢᠮ ᠡᠷᠬᠦᠨ ᠳᠠᠬᠢᠵᠤ ᠪᠤᠢ᠃ | ᠡᠨᠡ ᠬᠦ ᠴᠠᠪ ᠤᠨ ᠤᠪᠤᠭᠠᠨ ᠤ ᠳᠤᠬᠠᠢ ᠤᠯᠠᠨ ᠠᠷᠪᠢᠨ ᠳᠤᠮᠤᠭ ᠶᠠᠷᠢᠶ᠎ᠠ ᠳᠤ᠄ | ︽ᠡᠷᠳᠠ ᠤᠷᠢᠳᠤ ᠶᠢᠨ ᠴᠠᠭ ᠲᠤ ᠡᠵᠡᠨ ᠪᠤᠭᠳᠠ ᠴᠢᠩᠬᠢᠰ ᠬᠠᠭᠠᠨ ᠪᠦᠬᠦ ᠮᠤᠩᠭᠤᠯ ᠤᠨ ᠴᠡᠷᠢᠭ ᠢᠶᠠᠨ ᠳᠠᠶᠢᠴᠢᠯᠠᠨ ᠪᠠᠷᠠᠭᠤᠨ ᠰᠢᠶᠠ ᠤᠯᠤᠰ ᠢ ᠳᠠᠶᠢᠯᠠᠬᠤ | ᠦᠶ᠎ᠡ ᠳᠤ ᠡᠨᠡ ᠭᠠᠵᠠᠷ ᠲᠤ ᠪᠠᠭᠤᠳᠠᠯᠯᠠᠨ ᠨᠢᠬᠡ ᠬᠠ ᠶᠢᠨ ᠮᠢᠬ᠎ᠠ ᠢᠳᠡᠵᠤ ᠬᠤᠨᠤᠭᠠᠤᠨ ᠪᠠᠶᠢᠯᠳᠤᠬᠤ ᠪᠤᠳᠤᠯᠭ᠎ᠠ ᠪᠠᠨ ᠳᠤᠭᠳᠠᠭᠠᠵᠤ᠂ ᠶᠠᠪᠤᠬᠤ ᠳᠠᠭᠠᠨ ᠬᠠᠳᠠ | ᠤᠪᠤᠭᠠᠯᠠᠵᠤ ᠳᠡᠮᠳᠡᠭ ᠳᠠᠯᠪᠢᠭᠠᠤᠨ ᠶᠠᠪᠤᠭᠰᠡᠨ ᠬᠡᠨ᠎ᠡ᠃ ᠬᠤᠵᠢᠮ ᠤᠨ ᠬᠦᠮᠤᠰ ᠴᠢᠩᠬᠢᠰ ᠬᠠᠭᠠᠨ ᠤ ᠤᠯᠠ ᠮᠦᠷ ᠢ ᠬᠠᠮᠠᠭᠠᠯᠠᠨ ᠳᠤᠷᠠᠰᠬᠠᠬᠤ ᠶᠢᠨ ᠲᠦᠯᠤᠬᠡ | ᠤᠪᠤᠭ᠎ᠠ ᠪᠤᠰᠬᠠᠵᠤ ᠵᠢᠯ ᠪᠦᠷᠢ ᠶᠢᠨ ᠨᠠᠢᠮᠠᠨ ᠰᠠᠷ᠎ᠠ ᠶᠢᠨ ᠠᠷᠪᠠᠨ ᠭᠤᠷᠪᠠᠨ ᠳᠤ ᠨᠢ ᠬᠠ ᠶᠢᠨ ᠮᠢᠬ᠎ᠠ ᠪᠠᠷ ᠳᠠᠬᠢᠵᠤ ᠪᠠᠶᠢᠭᠰᠠᠨ ᠢᠶᠠᠷ ︿ᠬᠠ ᠤᠪᠤᠭ᠎ᠠ﹀ ᠬᠡᠵᠤ | ᠪᠠᠶᠢᠭᠠᠤᠨ ᠠᠭᠠᠵᠢᠮ ᠳᠠᠭᠠᠨ ᠴᠢᠩᠬᠢᠰ ᠬᠠᠭᠠᠨ ᠤ ︿ᠬᠠᠨ ᠤᠪᠤᠭ᠎ᠠ﹀ ᠬᠡᠵᠤ ᠨᠡᠷᠡᠶᠢᠤᠨᠴᠤᠬᠦᠢ᠃ ᠬᠤᠵᠢᠮ ᠵᠢᠷᠭᠤᠳᠤᠭᠠᠷ ᠲᠦᠷᠢ ᠶᠢᠨ ᠪᠠᠨᠴᠢᠨ ᠪᠤᠭᠳᠠ | ᠯᠤᠪᠰᠠᠩᠪᠠᠯᠳᠠᠠᠶᠧᠰᠢ ᠲᠦᠪᠡᠤᠨ ᠠᠴᠠ ᠪᠡᠬᠡᠵᠢᠩ ᠳᠤ ᠶᠠᠪᠤᠬᠤ ᠵᠠᠮ ᠳᠠᠭᠠᠨ ᠡᠨᠡ ᠤᠪᠤᠭᠠᠨ ᠤ ᠤᠴᠢᠷ ᠢ ᠠᠰᠠᠭᠤᠭᠰᠠᠨ ᠳᠤ᠄ ᠤᠤᠯ ᠨᠢ ᠴᠢᠩᠬᠢᠰ ᠪᠤᠭᠳᠠ ᠡᠨᠡ | ᠭᠠᠵᠠᠷ ᠲᠤ ᠬᠤᠨᠤᠵᠤ ᠶᠠᠪᠤᠬᠤ ᠳᠠᠭᠠᠨ ᠳᠡᠮᠳᠡᠭ ᠳᠠᠯᠪᠢᠭᠰᠡᠨ ᠤᠪᠤᠭ᠎ᠠ ᠬᠡᠳᠡᠭ ᠢ ᠰᠤᠨᠤᠰᠤᠭᠠᠤᠨ᠄ ︿ᠳᠡᠬᠡᠪᠡᠯ ᠡᠨᠡ ᠤᠪᠤᠭ᠎ᠠ ᠶᠢ ᠳᠠᠬᠢᠮᠤᠢ﹀ ᠬᠡᠮᠡᠨ ᠬᠡᠯᠡᠭᠰᠡᠨ ᠳᠤ | ᠪᠠᠨᠴᠢᠨ ᠪᠤᠭᠳᠠ ᠶᠢᠨ ᠠᠴᠢᠶ᠎ᠠ ᠬᠦᠰᠬᠡ ᠠᠮᠠᠷᠠᠵᠤ᠂ ᠵᠠᠮ ᠤᠨ ᠴᠢᠯᠡᠭᠡ ᠪᠠᠨ ᠠᠯᠳᠠᠷᠠᠭᠠᠵᠤ᠂ ᠤᠪᠤᠭᠠᠨ ᠤ ᠳᠡᠷᠬᠡᠳᠠ ᠦᠳᠠ ᠶᠢᠨ ᠬᠤᠭᠤᠯᠠ ᠪᠤᠳᠠᠭ᠎ᠠ ᠪᠡᠯᠡᠤᠨᠬᠡᠨ | ᠤᠪᠤᠭ᠎ᠠ ᠪᠠᠨ ᠳᠠᠬᠢᠵᠤ ᠴᠠᠪ ᠪᠠᠷᠢᠵᠤ ᠦᠳᠡᠯᠡᠬᠡᠤᠨ ᠮᠤᠷᠢᠯᠠᠭᠰᠡᠨ ᠠᠴᠠ ᠴᠠᠪ ᠤᠨ ᠤᠪᠤᠭ᠎ᠠ ᠬᠡᠮᠡᠨ ᠨᠡᠷᠡᠶᠢᠤᠨᠴᠤᠬᠦᠢ᠃ | ᠡᠶᠢᠮᠤ ᠤᠤᠠᠬ᠎ᠠ ᠲᠠᠢ ᠤᠪᠤᠭ᠎ᠠ ᠪᠠᠶᠢᠭᠰᠡᠨ ᠠᠴᠠ ᠤᠳᠤᠭ ᠬᠤᠰᠢᠭᠤᠨ ᠤ 4 ᠳ᠋ᠤᠬᠡᠷ ᠤᠪᠤᠭᠠᠨ ᠳᠤ ᠵᠢᠭᠰᠠᠭᠠᠭᠳᠠᠵᠤ ᠤᠳᠤᠭ ᠬᠤᠰᠢᠭᠤᠨ ᠤ ᠶᠠᠮᠤ ᠱᠠᠩ | ᠠᠴᠠ ᠤᠪᠤᠭᠠᠨ ᠶᠠᠮᠤᠳᠠᠤᠨ ᠢ ᠠᠯᠪᠠᠨ ᠪᠢᠴᠢᠭ ᠢᠶᠠᠷ ᠳᠤᠮᠢᠯᠠᠳᠠᠭ︾ ᠪᠤᠯᠪᠠ ᠬᠡᠨ᠎ᠡ᠃ |