ᠤᠳᠤᠭ ᠤᠨ ᠠᠷᠪᠠᠨ ᠭᠤᠷᠪᠠᠨ ᠬᠤᠰᠢᠭᠤ ᠤᠪᠤᠭ᠎ᠠ — ᠶᠡᠭᠡ ᠡᠷᠬᠡᠳᠤ ᠶᠢᠨ ᠤᠪᠤᠭ᠎ᠠ ︵ᠸᠠᠩ ᠤᠪᠤᠭ᠎ᠠ︶
ᠨᠡᠶᠢᠲᠡᠯᠡᠭᠰᠡᠨ ᠴᠠᠭ᠄
2023/7/28
     ᠶᠡᠭᠡ ᠡᠷᠬᠡᠳᠤ ᠶᠢᠨ ᠤᠪᠤᠭ᠎ᠠ ᠪᠤᠯ ᠤᠳᠤ ᠶᠢᠨ ᠤᠳᠤᠭ ᠬᠤᠰᠢᠭᠤᠨ ᠤ ᠠᠷᠠᠤᠨ ᠤᠨ ᠵᠠᠰᠠᠭ ᠤᠨ ᠤᠷᠳᠤᠨ ᠤ ᠲᠦᠪ ᠪᠠᠶᠢᠭ᠎ᠠ ᠤᠯᠠᠭᠠᠨᠪᠠᠯᠭᠠᠰᠤᠨ ᠠᠴᠠ ᠤᠷᠤᠭᠰᠢ ᠢᠬᠡᠷᠡᠯᠡᠨ ᠬᠠᠷᠠᠭᠳᠠᠬᠤ ᠬᠤᠶᠠᠷ ᠡᠷᠬᠡᠳᠤ ᠶᠢᠨ ᠪᠠᠷᠠᠭᠤᠨ ᠶᠡᠭᠡ ᠡᠷᠬᠡᠳᠤ ᠬᠠᠶᠢᠷᠬᠠᠨ ᠤ ᠤᠷᠤᠢ ᠳᠡᠬᠡᠷ᠎ᠡ ᠪᠤᠢ᠃ ᠡᠨᠡ ᠨᠢ ᠬᠤᠶᠢᠳᠤ ᠳᠠᠯ᠎ᠠ ᠨᠢ ᠪᠦᠷᠢᠳᠤ  ᠶᠢᠨ ᠴᠠᠶᠢᠳᠠᠮ᠂ ᠵᠡᠬᠦᠨ ᠳᠠᠯ᠎ᠠ ᠨᠢ ᠬᠦᠬᠡ ᠡᠷᠬᠢ ᠶᠢᠨ ᠴᠠᠶᠢᠳᠠᠮ᠂ ᠡᠮᠤᠨ᠎ᠡ ᠳᠠᠯ᠎ᠠ ᠨᠢ ᠪᠠᠶᠠᠨ ᠴᠠᠶᠢᠳᠠᠮ᠂ ᠪᠠᠷᠠᠭᠤᠨ ᠳᠠᠯ᠎ᠠ ᠨᠢ ᠬᠡᠷᠡᠩᠬᠡᠳᠤ ᠶᠢᠨ ᠴᠠᠶᠢᠳᠠᠮ ᠠᠴᠠ ᠡᠷᠬᠡᠳᠤ ᠶᠢᠨ ᠤᠷᠤᠢ ᠬᠦᠷᠳᠡᠯ᠎ᠡ 10 — 15 ᠭᠠᠵᠠᠷ ᠤᠨ ᠨᠠᠯᠠᠤ ᠦᠨᠳᠤᠷ ᠤᠷᠤᠢ ᠶᠤᠮ᠃ ᠠᠳᠠ ᠠᠴᠠ ᠲᠦᠷᠪᠡᠨ ᠵᠦᠭ ᠢ ᠪᠠᠷᠠᠭᠠᠯᠠᠪᠠᠯ᠂ ᠬᠤᠶᠢᠰᠢ ᠪᠠᠨ ᠤᠷᠠᠨᠳᠦ᠋ᠰᠢ ᠶᠢᠨ ᠠᠭᠤᠯᠠ᠂ ᠵᠡᠬᠦᠨᠰᠢ ᠪᠠᠨ ᠮᠤᠨᠢ ᠶᠢᠨ ᠠᠭᠤᠯᠠ᠂ ᠡᠮᠤᠨᠡᠰᠢ ᠪᠠᠨ ᠪᠠᠢ ᠶᠢᠨ ᠴᠠᠭᠠᠨ ᠠᠭᠤᠯᠠ᠂ ᠪᠠᠷᠠᠭᠤᠨᠰᠢ ᠪᠠᠨ ᠢᠷᠭᠠᠢ ᠶᠢᠨ ᠬᠠᠷ᠎ᠠ ᠠᠭᠤᠯᠠ ᠵᠡᠷᠬᠡ ᠵᠠᠭᠤᠨ ᠪᠠᠷ᠎ᠠ ᠶᠢᠨ ᠬᠤᠯᠠ ᠠᠴᠠ ᠰᠦᠨᠳᠡᠷᠯᠡᠨ ᠬᠠᠷᠠᠭᠳᠠᠳᠠᠭ ᠶᠤᠮ᠃ ᠡᠷᠬᠡᠳᠤ ᠬᠠᠶᠢᠷᠬᠠᠨ ᠨᠢ ᠳᠠᠯᠠᠢ ᠶᠢᠨ ᠲᠦᠪᠰᠢᠨ ᠠᠴᠠ 1616 ᠮᠧᠲᠷ ᠦᠨᠳᠤᠷ᠂ ᠤᠮᠠᠷᠠᠳᠤ ᠶᠢᠨ ᠦᠷᠬᠡᠷᠢᠭ ᠤᠨ 38°44'᠂ ᠵᠡᠬᠦᠨ ᠤᠷᠳᠤᠷᠢᠭ ᠤᠨ 109°12' ᠳᠤ ᠳᠤᠯᠤᠭᠠᠢ ᠶᠢᠨ ᠤᠷᠤᠢ ᠳᠡᠬᠡᠷ᠎ᠡ ᠬᠠᠰ ᠡᠷᠳᠡᠨᠢ ᠶᠢᠨ ᠴᠠᠭᠠᠨ ᠯᠤᠤ ᠴᠠᠭᠠᠷᠢᠭᠯᠠᠨ ᠵᠢᠷᠭᠠᠭᠰᠡᠨ ᠰᠢᠨᠵᠢᠳᠠᠢ ᠴᠠᠭᠠᠨ ᠬᠠᠳᠠᠨ ᠳᠤᠯᠤᠭᠠᠢ ᠶᠢᠨ ᠤᠷᠤᠢ ᠳᠡᠬᠡᠷ᠎ᠡ 10 ᠳᠤᠬᠤᠢ ᠦᠨᠳᠤᠷ ᠦᠷᠬᠡᠨ ᠬᠠᠳᠠᠨ ᠠᠭᠤᠢ ᠳᠤᠳᠤᠷ᠎ᠠ ᠬᠠᠷ᠎ᠠ ᠬᠡᠬᠡᠷ ᠮᠤᠷᠢ ᠤᠨᠤᠭᠰᠠᠨ᠂ ᠬᠠᠷ᠎ᠠ ᠬᠠᠯᠳᠠᠷ ᠰᠠᠬᠠᠯ ᠲᠠᠢ᠂ ᠰᠢᠷ᠎ᠠ ᠨᠤᠮᠤ᠂ ᠴᠠᠭᠠᠨ ᠰᠤᠮᠤ ᠡᠬᠦᠷᠦᠭᠰᠡᠨ ᠤᠪᠤᠭᠠᠨ ᠡᠵᠡᠨ ᠢᠶᠠᠨ ᠠᠷᠢᠬᠢ ᠤᠤᠭᠤᠯᠭᠠᠨ ᠰᠤᠭᠳᠤᠭᠠᠭᠰᠡᠨ  ᠢᠶᠠᠷ ᠲᠦᠷᠰᠤᠯᠡᠨ ᠵᠢᠷᠤᠵᠡᠢ᠃ ᠤᠪᠤᠭ᠎ᠠ ᠪᠠᠨ ᠵᠠᠭᠤᠨ ᠨᠠᠢᠮᠠᠨ ᠡᠷᠳᠡᠨᠢ ᠶᠢᠨ ᠱᠠᠩ ᠲᠠᠢ ᠬᠠᠮᠳᠤ ᠤᠷᠤᠰᠢᠭᠤᠯᠤᠨ ᠳᠡᠬᠡᠷ᠎ᠡ ᠨᠢ ᠬᠠᠨᠠᠨ ᠬᠡᠷ ᠤᠨ ᠴᠢᠨᠡᠬᠡᠨ ᠴᠠᠭᠠᠨ ᠬᠠᠳᠠ ᠶᠢ ᠳᠡᠬᠡᠭᠰᠢ ᠦᠷᠤᠵᠤ ᠪᠤᠰᠬᠠᠨ᠂ ᠳᠡᠬᠡᠷ᠎ᠡ ᠨᠢ ᠬᠤᠸᠠ ᠪᠤᠷᠭᠠᠰᠤᠨ ᠰᠠᠭᠰᠤᠭᠠᠢ ᠶᠢ ᠬᠠᠳᠠ ᠪᠠᠷ ᠬᠠᠰᠢᠵᠤ ᠪᠤᠰᠬᠠᠭᠠᠤᠨ ᠳᠡᠬᠦᠨ ᠠᠴᠠ ᠨᠢ ᠳᠠᠪᠤᠨ ᠦᠩᠬᠡ  ᠶᠢᠨ ᠯᠤᠩᠵᠢᠤᠨ᠂ ᠳᠠᠷᠴᠤᠭ᠂ ᠬᠠᠳᠠᠭ᠂ ᠰᠠᠮᠪᠠᠢ ᠡᠯᠬᠦᠳᠡᠭ᠃ ᠤᠪᠤᠭᠠᠨ ᠤ ᠠᠷᠤ ᠳᠠᠯ᠎ᠠ ᠳᠤ ᠬᠤᠭᠤᠷᠤᠨᠳᠤ ᠪᠠᠨ ᠠᠯᠳᠠ ᠢᠯᠡᠬᠦᠤ ᠵᠠᠶᠢᠳᠠᠢ ᠪᠠᠭᠯᠢ ᠮᠤᠳᠤ ᠶᠢ ᠬᠠᠳᠠ ᠪᠠᠷ ᠬᠠᠰᠢᠵᠤ ᠬᠤᠶᠢᠰᠢ ᠵᠢᠭᠳᠡᠷᠡᠬᠦᠯᠤᠨ ᠪᠤᠰᠬᠠᠭᠰᠡᠨ 12 ᠴᠡᠷᠢᠭ ᠤᠪᠤᠭ᠎ᠠ ᠲᠠᠢ᠂ ᠡᠮᠤᠨ᠎ᠡ ᠳᠠᠯ᠎ᠠ ᠳᠤ ᠨᠢ ᠰᠠᠩ ᠳᠠᠯᠪᠢᠬᠤ ᠴᠢᠯᠠᠭᠤᠨ ᠱᠠᠩᠯᠤ᠂ ᠬᠦᠵᠢ ᠵᠤᠯᠠ ᠡᠷᠬᠦᠬᠦ᠂ ᠰᠤᠭ ᠳᠡᠬᠡᠵᠢ᠂ ᠰᠢᠬᠦᠰᠤ ᠦᠤᠩᠡ ᠳᠠᠯᠪᠢᠬᠤ ᠵᠠᠰᠠᠮᠠᠯ ᠴᠢᠯᠠᠭᠤᠨ ᠳᠠᠪᠴᠠᠩ ᠲᠠᠢ᠃ ᠤᠪᠤᠭᠠᠨ ᠠᠴᠠ ᠵᠡᠬᠦᠨ ᠤᠷᠢᠳᠠᠢ᠂ ᠬᠡᠷ ᠮᠠᠶᠢᠬᠠᠨ ᠪᠠᠷᠢᠵᠤ ᠨᠠᠶᠢᠷ ᠨᠠᠭᠠᠳᠤᠮ ᠬᠢᠬᠦ ᠦᠷᠬᠡᠨ ᠳᠠᠯᠠᠪᠠᠢ ᠲᠠᠢ᠃ ᠤᠪᠤᠭᠠᠨ ᠠᠴᠠ ᠪᠠᠷᠠᠭᠤᠨᠰᠢ 15 ᠭᠠᠵᠠᠷ ᠤᠨ ᠵᠠᠶᠢᠳᠠᠢ᠂ 150 ᠠᠯᠳᠠ ᠭᠠᠵᠠᠷ ᠤᠨ ᠦᠷᠬᠡᠨ ᠤᠷᠳᠤ᠂ ᠡᠷᠬᠢᠨ ᠳᠤᠭᠤᠷᠢᠨ ᠮᠤᠳᠤ ᠪᠤᠷᠭᠠᠰᠤ ᠤᠷᠭᠤᠭᠰᠠᠨ ᠤᠢ ᠶᠢᠨ ᠳᠤᠮᠳᠠ ᠳᠤᠭᠤᠭᠠᠨ ᠳᠤ ᠬᠢᠭᠰᠡᠨ ᠴᠡᠪᠡᠷ ᠳᠤᠩᠭᠠᠯᠠᠭ ᠤᠰᠤ ᠮᠡᠳᠤ ᠳᠤᠯᠢᠨ ᠳᠤ ᠬᠡᠷᠡᠯᠳᠦᠭᠰᠡᠨ ᠠᠷᠢᠭᠤᠨ ᠷᠠᠰᠢᠶᠠᠨ ᠠᠳᠠᠯᠢ᠂ ᠵᠤᠨ ᠰᠢᠷᠬᠢᠳᠡᠭ ᠦᠬᠡᠢ᠂ ᠡᠪᠤᠯ ᠬᠦᠯᠳᠡᠳᠡᠭ ᠦᠬᠡᠢ ᠲᠦᠮᠡᠨ ᠮᠠᠯ ᠤᠨ ᠤᠮᠳᠠ ᠪᠤᠯᠤᠭᠰᠠᠨ ᠤᠨᠠᠭ᠎ᠠ ᠶᠢᠨ ᠪᠦᠷᠢᠳᠤ ᠬᠡᠳᠡᠭ ᠤᠰᠤ ᠪᠤᠢ᠃ ᠡᠶᠢᠮᠤ ᠡᠯᠪᠡᠭ ᠪᠠᠶᠠᠯᠢᠭ ᠦᠵᠡᠰᠬᠦᠯᠡᠩ ᠰᠠᠶᠢᠬᠠᠨ ᠦᠨᠳᠤᠷ ᠬᠠᠶᠢᠷᠬᠠᠨ ᠢ ᠤᠳᠤᠭ ᠤᠨ ᠸᠠᠩ ᠨᠤᠶᠠᠨ᠄ ︽ᠬᠤᠶᠠᠷ ᠡᠷᠬᠡᠳᠤ ᠬᠠᠶᠢᠷᠬᠠᠨ ᠪᠤᠯ ᠳᠠᠯᠠᠯᠭᠠᠨ ᠱᠠᠩ  ᠮᠡᠳᠤ᠂ ᠬᠤᠶᠠᠷ ᠤᠪᠤᠭ᠎ᠠ ᠨᠢ ᠳᠠᠯᠠᠯᠭᠠᠨ ᠰᠤᠮᠤ ᠠᠳᠠᠯᠢ︾ ᠬᠡᠵᠤ ᠪᠡᠯᠬᠡᠰᠢᠶᠡᠨ ᠤᠳᠤᠭ ᠤᠨ 5 ᠳ᠋ᠤᠭᠠᠷ ᠤᠪᠤᠭ᠎ᠠ ᠪᠠᠨ ᠪᠤᠯᠭᠠᠵᠤ᠂ ᠬᠤᠰᠢᠭᠤ ᠶᠠᠮᠤᠨ ᠠᠴᠠ ᠠᠯᠪᠠᠨ ᠪᠢᠴᠢᠭ ᠢᠶᠠᠷ ᠤᠪᠤᠭᠠᠨ ᠶᠠᠮᠤᠳᠠᠤᠨ ᠢ ᠳᠤᠮᠢᠯᠠᠨ ᠳᠠᠬᠢᠭᠤᠯᠳᠠᠭ ᠠᠵᠢ᠃ ᠡᠶᠢᠮᠤ ᠠᠴᠠ ᠡᠨᠡ ᠤᠪᠤᠭ᠎ᠠ ᠶᠢ ᠸᠠᠩ ᠤᠪᠤᠭ᠎ᠠ ᠴᠤ ᠬᠡᠳᠡᠭ᠃     ᠤᠪᠤᠭᠠᠨ ᠳᠠᠭᠠᠭᠠᠮᠠᠯ ᠨᠢ ᠵᠠᠬ᠎ᠠ ᠶᠢᠨ ᠵᠠᠷᠭᠤᠴᠢ ᠠᠮᠤᠷᠵᠢᠷᠭᠠᠯ᠂ ᠬᠤᠰᠢᠭᠤ ᠮᠠᠶᠢᠷᠠᠨ ᠤᠸ᠎ᠠ᠂ ᠬᠠᠷᠢᠶᠠᠨ ᠵᠠᠯᠠᠨ ᠪᠤᠷᠤᠴᠢᠯᠠᠭᠤ᠂ ᠬᠤᠰᠢᠭᠤ ᠠᠮᠪᠠᠨ ᠲᠦᠮᠡᠨᠪᠠᠶᠠᠷ᠂ ᠤᠪᠤᠭᠠᠨ ᠨᠠᠩᠰᠤ ᠯᠠᠮᠠ ᠰᠤᠭᠷᠠᠮᠪᠠ ᠵᠡᠷᠬᠡ 5 ᠬᠦᠮᠤᠨ ᠠᠯᠢᠪᠠ ᠳᠠᠬᠢᠯᠭ᠎ᠠ ᠰᠢᠳᠤᠯᠬᠡ ᠶᠢ ᠬᠠᠮᠢᠶᠠᠷᠤᠨ ᠵᠠᠬᠢᠷᠳᠠᠭ᠃ ᠪᠠᠰᠠ ᠬᠠᠷᠢᠶᠠᠳᠤ ᠬᠠᠷᠢᠶ᠎ᠠ ᠰᠤᠮᠤᠨ ᠠᠴᠠ 8 ᠳᠠᠬᠢᠯᠭ᠎ᠠ ᠶᠢᠨ ᠳᠠᠷᠤᠭ᠎ᠠ ᠪᠤᠯᠤᠨ ᠳᠡᠮᠴᠢ ᠨᠢᠷᠪᠡ᠂ ᠳᠤᠭᠤᠭᠠᠴᠢ ᠶᠢ ᠡᠬᠡᠯᠵᠢ ᠪᠠᠷ ᠳᠤᠬᠢᠷᠠᠭᠤᠯᠳᠠᠭ᠃     ᠳᠠᠬᠢᠯᠭ᠎ᠠ ᠶᠢᠨ ᠯᠠᠮᠠ ᠬᠤᠸᠠᠷᠠᠭ ᠢ ᠡᠷᠬᠡᠳᠤ ᠶᠢᠨ ᠯᠠᠮᠠ ᠶᠢᠨ ᠰᠦᠮ᠎ᠠ ᠶᠢᠨ ᠰᠤᠭᠳᠤᠢ ᠠᠴᠠ ᠬᠡᠪᠬᠦᠢ᠂ ᠤᠮᠵᠠᠤᠨ᠂ ᠭᠤᠨᠢᠷ ᠵᠡᠷᠬᠡ 8 ᠯᠠᠮᠠ ᠶᠢ ᠳᠤᠮᠢᠯᠠᠨ ᠢᠷᠡᠬᠦᠯᠵᠤ ᠳᠠᠬᠢᠳᠠᠭ ᠪᠠᠶᠢᠵᠠᠢ᠃     ᠡᠷᠬᠡᠳᠤ ᠶᠢᠨ ᠤᠪᠤᠭ᠎ᠠ ᠨᠢ ᠵᠢᠯ ᠤᠨ ᠬᠤᠶᠠᠷ ᠤᠳᠠᠭ᠎ᠠ ᠶᠢᠨ ᠳᠠᠬᠢᠯᠭ᠎ᠠ ᠲᠠᠢ᠃     ᠠᠩᠬ᠎ᠠ ᠳᠠᠬᠢᠯᠭ᠎ᠠ ᠨᠢ ᠴᠠᠭᠠᠨ ᠰᠠᠷ᠎ᠠ ᠶᠢᠨ ᠠᠷᠪᠠᠨ ᠭᠤᠷᠪᠠᠨ ᠳᠤ ᠳᠠᠭᠠᠭᠠᠮᠠᠯ᠂ ᠭᠤᠨᠢᠷ ᠬᠤᠶᠠᠭᠤᠯᠠ ᠡᠬᠡᠯᠵᠢ ᠪᠠᠷ ᠢᠷᠡᠵᠤ ᠰᠤᠭ ᠳᠡᠬᠡᠵᠢ᠂ ᠴᠠᠭᠠᠨ ᠢᠳᠡᠬᠡᠨ ᠢᠶᠠᠷ ᠵᠤᠯᠠ ᠬᠦᠵᠢ ᠡᠷᠬᠦᠵᠤ ᠰᠠᠩ ᠰᠠᠷᠵᠢᠮ ᠰᠠᠴᠤᠵᠤ ᠳᠠᠬᠢᠳᠠᠭ᠃     ᠬᠤᠶᠠᠳᠠᠬᠢ ᠳᠠᠬᠢᠯᠭ᠎ᠠ ᠨᠢ ᠨᠠᠢᠮᠠᠨ ᠰᠠᠷ᠎ᠠ ᠶᠢᠨ ᠰᠢᠨ᠎ᠠ ᠶᠢᠨ ᠳᠠᠪᠤᠨ ᠪᠤᠶᠤ ᠰᠢᠨ᠎ᠠ ᠶᠢᠨ ᠳᠤᠯᠤᠭᠠᠨ ᠠᠴᠠ ᠤᠨᠠᠭ᠎ᠠ ᠶᠢᠨ ᠪᠦᠷᠢᠳᠤ ᠶᠢᠨ ᠤᠰᠤᠨ ᠤ ᠡᠬᠢᠨ ᠳᠤ ᠮᠠᠶᠢᠬᠠᠨ ᠪᠠᠷᠢᠵᠤ ᠡᠷᠬᠡᠳᠤ ᠶᠢᠨ ᠯᠠᠮᠠ ᠶᠢᠨ ᠰᠦᠮ᠎ᠠ ᠶᠢᠨ ᠭᠠᠨᠵᠤᠤᠷ ᠢ ᠵᠠᠯᠠᠵᠤ 5 — 7 ᠡᠳᠤᠷ ᠤᠨ ᠠᠯᠳᠠᠨᠬᠡᠷᠡᠯ ᠤᠨ ᠪᠦᠳᠤᠬᠡᠬᠦᠯ ᠪᠦᠳᠤᠬᠡᠳᠡᠭ᠃ ᠢᠩᠬᠢᠬᠡᠤᠨ ᠠᠷᠪᠠᠨ ᠭᠤᠷᠪᠠᠨ ᠤ ᠦᠷᠯᠤᠬᠡ ᠠᠴᠠ ᠡᠷᠬᠡᠳᠤ ᠶᠢᠨ ᠤᠪᠤᠭᠠᠨ ᠳᠤ ᠭᠠᠷᠴᠤ ᠤᠪᠤᠭᠠᠨ ᠤ ᠵᠡᠬᠦᠨ ᠳᠡᠷᠬᠡᠳᠠ ᠬᠡᠷ ᠮᠠᠶᠢᠬᠠᠨ ᠪᠤᠰᠬᠠᠵᠤ᠂ ᠳᠤᠯᠭ᠎ᠠ ᠵᠤᠤᠬ᠎ᠠ ᠵᠠᠰᠠᠵᠤ᠂ ᠳᠠᠭᠠᠭᠠᠮᠠᠯ ᠳᠠᠷᠤᠭ᠎ᠠ ᠪᠤᠯᠤᠨ ᠬᠠᠷᠢᠶ᠎ᠠ ᠰᠤᠮᠤ᠂ ᠬᠡᠶᠢᠤᠨ ᠰᠦᠮ᠎ᠠ᠂ ᠠᠶᠢᠯ ᠡᠷᠤᠬᠡ ᠠᠴᠠ 10 ᠭᠠᠷᠤᠢ ᠬᠤᠨᠢᠨ ᠦᠤᠩᠡ ᠰᠢᠬᠦᠰᠤ ᠬᠢᠬᠡᠤᠨ ᠰᠤᠭ ᠳᠡᠬᠡᠵᠢ᠂ ᠴᠠᠭᠠᠨ ᠢᠳᠡᠬᠡᠨ᠂ ᠬᠠᠳᠠᠭ ᠰᠠᠮᠪᠠᠢ᠂ ᠵᠤᠭᠤᠰ ᠮᠦᠩᠬᠦ᠂ ᠮᠠᠯ ᠠᠳᠤᠭᠤ ᠵᠡᠷᠬᠡ ᠶᠢᠨ ᠶᠡᠭᠡ ᠡᠷᠬᠦᠯᠳᠠ ᠡᠷᠬᠦᠳᠡᠭ ᠪᠦᠬᠡᠤᠨ ᠭᠤᠮᠪᠤ ᠯᠾᠠᠮᠤ᠂ ᠵᠠᠩᠭᠠᠨ ᠷᠠᠯᠾᠠ ᠳᠠᠬᠢᠵᠤ᠂ ᠨᠠᠮᠰᠠᠷᠠᠢ ᠶᠢᠨ ᠳᠠᠯᠠᠯᠭ᠎ᠠ ᠳᠠᠯᠠᠯᠤᠨ᠂ ᠨᠠᠮᠳᠠᠭ ᠰᠠᠩ ᠤᠩᠰᠢᠵᠤ᠂ ᠬᠦᠵᠢ ᠵᠤᠯᠠ᠂ ᠰᠠᠩ ᠰᠠᠷᠵᠢᠮ ᠡᠷᠬᠦᠵᠤ ᠳᠠᠬᠢᠳᠠᠭ᠃ ᠶᠡᠭᠡ ᠳᠠᠬᠢᠯᠭ᠎ᠠ ᠳᠡᠬᠦᠰᠤᠮᠡᠭᠴᠡ ᠳᠡᠬᠢᠯ ᠤᠨ ᠬᠡᠰᠢᠭ ᠠᠴᠠ ᠨᠢᠬᠡ ᠬᠤᠨᠢᠨ ᠰᠢᠬᠦᠰᠤ ᠰᠤᠭ ᠳᠡᠬᠡᠵᠢ ᠲᠠᠢ ᠨᠢ ᠬᠠᠮᠳᠤ ᠨᠢᠬᠡ ᠳᠠᠭᠠᠭᠠᠮᠠᠯ ᠨᠢ ᠡᠬᠡᠯᠵᠢ ᠪᠠᠷ ᠮᠦᠨ ᠡᠳᠤᠷ  ᠲᠡᠭᠡᠨ ᠤᠳᠤᠭ ᠱᠠᠩ ᠳᠤ ᠬᠦᠷᠬᠡᠵᠤ ᠤᠴᠢᠳᠠᠭ᠃ ᠪᠤᠰᠤᠤᠨ ᠦᠯᠡᠳᠡᠬᠡᠭᠰᠡᠨ ᠰᠤᠭ ᠬᠡᠰᠢᠭ ᠢ ᠤᠪᠤᠭᠠᠨ ᠤ ᠬᠡᠰᠢᠭ ᠪᠤᠯᠭᠠᠨ ᠳᠠᠭᠠᠭᠠᠮᠠᠯ ᠳᠠᠷᠤᠭ᠎ᠠ᠂ ᠳᠠᠬᠢᠯᠭ᠎ᠠ  ᠶᠢᠨ ᠯᠠᠮᠠ ᠬᠤᠸᠠᠷᠠᠭ ᠪᠤᠯᠤᠨ ᠤᠯᠠᠨ ᠦᠭᠯᠢᠬᠡ ᠶᠢᠨ ᠡᠵᠡᠤᠨ ᠲᠤ  ᠬᠤᠪᠢᠶᠠᠯᠴᠠᠨ ᠲᠦᠬᠡᠬᠡᠵᠤ ᠦᠭᠬᠦᠬᠡᠤᠨ ᠳᠠᠷᠠᠭ᠎ᠠ ᠪᠠᠷ ᠨᠢ 36 ᠪᠦᠬᠡ ᠪᠠᠷᠢᠯᠳᠤᠬᠤ᠂ 62 ᠮᠤᠷᠢ ᠤᠷᠤᠯᠳᠤᠬᠤ ᠤᠪᠤᠭᠠᠨ ᠨᠠᠶᠢᠷ ᠢ ᠰᠤᠨᠢᠷᠬᠠᠳᠠᠭ᠃     ᠤᠪᠤᠭᠠᠨ ᠳᠤ ᠬᠤᠷᠢᠭᠤᠯ ᠪᠠ ᠴᠡᠬᠡᠷᠯᠡᠯ ᠬᠡᠵᠤ ᠪᠠᠶᠢᠳᠠᠭ᠃     1. ᠤᠪᠤᠭᠠᠨ ᠤ ᠤᠷᠤᠢ ᠳᠤ ᠠᠩ ᠬᠦᠷᠤᠬᠡ ᠬᠢᠵᠤ ᠠᠯᠠᠵᠤ ᠨᠢᠳᠤᠯᠬᠤ ᠠᠵᠢᠯᠯᠠᠭ᠎ᠠ ᠬᠢᠵᠤ ᠪᠤᠯᠳᠠᠭ ᠦᠬᠡᠢ᠃     2. ᠤᠪᠤᠭᠠᠨ ᠤ ᠡᠷᠬᠢᠨ ᠳᠤᠭᠤᠷᠢᠨ 10 ᠭᠠᠵᠠᠷ ᠤᠨ ᠳᠤᠳᠤᠷ᠎ᠠ ᠠᠳᠠᠷ ᠬᠠᠭᠠᠯᠪᠤᠷᠢᠯᠠᠨ ᠳᠠᠷᠢᠶ᠎ᠠ ᠳᠠᠷᠢᠵᠤ ᠪᠤᠯᠳᠠᠭ ᠦᠬᠡᠢ᠃ ᠡᠷᠳᠠ ᠤᠷᠢᠳᠤ ᠳᠡᠷᠬᠡᠳᠠᠢ ᠳᠠᠷᠠᠰᠤᠳᠤ ᠶᠢᠨ ᠲᠦᠬᠦᠮ ᠢ ᠠᠳᠠᠷ ᠬᠠᠭᠠᠯᠪᠤᠷᠢᠯᠠᠭᠠᠤᠨ ᠠᠶᠤᠯ ᠭᠠᠮᠰᠢᠭ ᠪᠤᠯᠤᠭᠰᠡᠨ ᠠᠴᠠ ᠬᠤᠶᠢᠰᠢ ᠶᠡᠭᠡ ᠴᠡᠬᠡᠷᠯᠡᠯ ᠲᠠᠢ  ᠪᠤᠯᠤᠭᠰᠠᠨ ᠬᠡᠳᠡᠭ᠃     3. ᠰᠠᠷ᠎ᠠ ᠳᠤ ᠰᠠᠭᠤᠭᠰᠡᠨ ᠠᠶᠢᠯ ᠡᠷᠤᠬᠡ ᠶᠢᠨ ᠬᠦᠮᠤᠰ ᠪᠤᠯᠤᠨ ᠬᠦᠮᠤᠨ ᠦᠬᠦᠬᠡᠤᠨ ᠵᠠᠭᠤ ᠬᠤᠨᠤᠭᠠᠳᠤᠢ ᠠᠶᠢᠯ ᠡᠷᠤᠬᠡ ᠶᠢᠨ ᠬᠦᠮᠤᠨ ᠬᠢᠬᠡᠤᠨ ᠡᠮᠡᠭᠳᠡᠢ ᠪᠤᠯᠤᠨ ᠬᠢᠳᠠᠤᠨ ᠬᠦᠮᠤᠨ ᠢ ᠤᠪᠤᠭᠠᠨ ᠤ ᠳᠠᠬᠢᠯᠭᠠᠨ ᠳᠤ ᠢᠷᠡᠬᠦᠯᠳᠡᠭ ᠦᠬᠡᠢ᠃ ᠳᠠᠬᠢᠯᠭ᠎ᠠ ᠶᠢᠨ ᠡᠳᠤᠷ ᠤᠳ ᠲᠤ ᠤᠪᠤᠭᠠᠨ ᠤ ᠳᠡᠷᠬᠡᠳᠠ ᠠᠷᠢᠬᠢ ᠳᠠᠮᠠᠬᠢ ᠳᠠᠳᠠᠬᠤ ᠶᠢ ᠴᠢᠩᠭ᠎ᠠ ᠴᠡᠬᠡᠷᠯᠡᠳᠡᠭ ᠪᠠᠶᠢᠵᠠᠢ᠃     ᠳᠠᠷᠠ ᠦᠶ᠎ᠡ ᠳᠤ ᠡᠷᠬᠡᠳᠤ ᠶᠢᠨ ᠤᠪᠤᠭᠠᠨ ᠤ ᠵᠢᠰᠠ ᠶᠢᠨ ᠬᠦᠷᠤᠩᠬᠡ ᠬᠡᠵᠤ ᠪᠠᠶᠢᠭᠰᠡᠨ ᠦᠬᠡᠢ᠂ ᠬᠠᠷᠢᠨ ᠤᠨᠠᠭ᠎ᠠ ᠶᠢᠨ ᠪᠦᠷᠢᠳᠤ ᠶᠢᠨ ᠪᠦᠳᠤᠬᠡᠬᠦᠯ ᠤᠨ ᠵᠢᠰᠠ ᠶᠢᠨ ᠬᠦᠷᠤᠩᠬᠡ ᠶᠢᠨ ᠬᠤᠨᠢ ᠢᠮᠠᠭ᠎ᠠ ᠦᠬᠡᠷ ᠬᠡᠵᠤ ᠠᠷᠪᠢᠨ ᠪᠠᠶᠢᠵᠠᠢ᠃     ᠡᠳᠤᠬᠡ ᠴᠤ ᠠᠮᠤᠷᠵᠢᠷᠭᠠᠯ ᠳᠠᠶᠢᠵᠢ ᠶᠢᠨ ᠬᠤᠶᠢᠴᠢᠰ ᠪᠤᠯᠬᠤ ᠪᠠᠳᠠᠷᠠᠯᠳᠤ᠂ ᠤᠪᠤᠭᠠᠨ ᠳᠤᠭᠳᠠᠬᠤ ᠳᠠᠶᠢᠵᠢ ᠶᠢᠨ ᠬᠤᠶᠢᠴᠢᠰ ᠪᠤᠯᠬᠤ ᠲᠠᠰᠢ ᠨᠠᠷ ᠤᠪᠤᠭᠠᠨ ᠳᠠᠭᠠᠭᠠᠮᠠᠯ ᠤᠨ ᠳᠤᠰᠢᠶᠠᠯ ᠢ ᠬᠠᠷᠢᠭᠤᠴᠠᠨ᠂ ᠡᠷᠬᠡᠳᠤ ᠶᠢᠨ ᠯᠠᠮᠠ ᠶᠢᠨ ᠰᠦᠮ᠎ᠠ ᠶᠢᠨ ᠶᠡᠭᠡ ᠤᠮᠵᠠᠤᠨ ᠳᠠᠮᠪᠢᠬᠤᠷᠯᠤ ᠤᠪᠤᠭᠠᠨ ᠨᠠᠩᠰᠤ ᠯᠠᠮᠠ ᠶᠢᠨ ᠳᠤᠰᠢᠶᠠᠯ ᠢ ᠬᠠᠷᠢᠭᠤᠴᠠᠨ ᠤᠭ ᠤᠨ ᠤᠪᠤᠭ᠎ᠠ ᠤᠷᠤᠤᠨ ᠢᠶᠠᠨ ᠳᠠᠬᠢᠨ ᠰᠢᠨᠡᠤᠨᠬᠡᠨ ᠵᠠᠰᠠᠵᠤ ᠰᠠᠶᠢᠳᠤᠷ ᠡᠷᠬᠢᠯᠡᠨ ᠳᠠᠬᠢᠭᠰᠠᠭᠠᠷ ᠪᠦᠬᠡᠤᠨ ᠡᠷᠬᠡᠳᠤ ᠰᠤᠮᠤᠨ ᠤ ᠶᠡᠭᠡ ᠡᠷᠬᠡᠳᠤ ᠭᠠᠴᠠᠭ᠎ᠠ᠂ ᠰᠦᠮᠡᠳᠤ ᠰᠤᠮᠤᠨ ᠤ ᠪᠠᠭ᠎ᠠ ᠡᠷᠬᠡᠳᠤ ᠭᠠᠴᠠᠭ᠎ᠠ᠂ ᠮᠠᠯᠠᠤᠨ ᠰᠤᠮᠤᠨ ᠤ ᠬᠡᠷᠡᠩᠬᠡᠳᠤ ᠭᠠᠴᠠᠭ᠎ᠠ᠂ ᠪᠤᠷᠤᠬᠤᠰᠢᠭᠤ ᠰᠤᠮᠤᠨ ᠤ ᠪᠤᠷᠤᠬᠤᠰᠢᠭᠤ ᠭᠠᠴᠠᠭ᠎ᠠ ᠵᠡᠷᠬᠡ 4 ᠭᠠᠴᠠᠭᠠᠨ ᠤ ᠬᠡᠳᠤᠨ ᠵᠠᠭᠤᠨ ᠮᠠᠯᠴᠢᠨ ᠲᠦᠮᠡᠨ ᠰᠦᠰᠦᠭ ᠨᠢᠬᠡᠳᠤᠨ ᠡᠬᠡᠯᠵᠢ ᠪᠠᠷ ᠤᠪᠤᠭᠠᠨ ᠤ ᠦᠭᠯᠢᠬᠡ ᠶᠢᠨ ᠡᠵᠡᠨ ᠪᠤᠯᠵᠤ ᠵᠢᠯ ᠳᠤ ᠤᠭ ᠤᠨ ᠵᠤᠷᠰᠢᠯ ᠶᠤᠰᠤᠭᠠᠷ ᠴᠠᠭᠠᠨ ᠰᠠᠷ᠎ᠠ ᠶᠢᠨ ᠠᠷᠪᠠᠨ ᠭᠤᠷᠪᠠᠨ ᠳᠤ ᠰᠤᠭ ᠳᠡᠬᠡᠵᠢ ᠴᠠᠭᠠᠨ ᠢᠳᠡᠬᠡᠨ ᠢᠶᠠᠷ ᠳᠠᠬᠢᠵᠤ᠂ ᠨᠠᠢᠮᠠᠨ ᠰᠠᠷ᠎ᠠ ᠶᠢᠨ ᠠᠷᠪᠠᠨ ᠠᠴᠠ ᠤᠨᠠᠭ᠎ᠠ ᠶᠢᠨ ᠪᠦᠷᠢᠳᠤ ᠳᠡᠬᠡᠷ᠎ᠡ ᠭᠠᠨᠵᠤᠤᠷ ᠵᠠᠯᠠᠵᠤ ᠪᠦᠳᠤᠬᠡᠬᠦᠯ ᠬᠤᠷᠠᠵᠤ᠂ ᠠᠷᠪᠠᠨ ᠭᠤᠷᠪᠠᠨ ᠠᠴᠠ ᠤᠪᠤᠭᠠᠨ ᠳᠤ ᠤᠴᠢᠵᠤ ᠠᠷᠪᠠᠭᠠᠤᠨ ᠬᠤᠨᠢᠨ ᠦᠤᠩᠡ ᠰᠢᠬᠦᠰᠤ ᠰᠤᠭ ᠳᠡᠬᠡᠵᠢ ᠪᠠᠷ ᠳᠠᠬᠢᠵᠤ ᠰᠠᠩ ᠰᠠᠷᠵᠢᠮ ᠡᠷᠬᠦᠳᠡᠭ ᠪᠠᠶᠢᠨ᠎ᠠ᠃     ᠡᠨᠡ ᠤᠪᠤᠭᠠᠨ ᠤ ᠳᠤᠬᠠᠢ ᠠᠷᠠᠤᠨ ᠤᠨ ᠳᠤᠮᠳᠠ ᠡᠶᠢᠮᠤ ᠬᠡᠳᠤᠨ ᠳᠤᠮᠤᠭ ᠶᠠᠷᠢᠶ᠎ᠠ ᠪᠠᠶᠢᠳᠠᠭ᠄     ︽ᠡᠷᠳᠠ ᠤᠷᠢᠳᠤ ᠶᠢᠨ ᠴᠠᠭ ᠲᠤ ᠡᠷᠬᠡᠳᠤ ᠬᠠᠶᠢᠷᠠᠬᠠᠨ ᠤ ᠳᠤᠤᠷᠠᠳᠤ ᠬᠤᠷᠮᠤᠢ ᠪᠠᠷ ᠨᠢ ᠡᠷᠬᠢᠨ ᠳᠤᠭᠤᠷᠢᠨ ᠤᠰᠤ᠂ ᠪᠠᠯᠠᠷ᠂ ᠤᠢ ᠮᠤᠳᠤ ᠬᠦᠪᠴᠢᠯᠡᠵᠤ᠂ ᠳᠡᠬᠡᠳᠤ ᠦᠷᠬᠡᠨ ᠰᠢᠯᠢ ᠳᠤ ᠨᠢ ᠠᠬᠢ ᠬᠢᠯᠠᠭᠠᠨ᠎ᠠ ᠬᠦᠬᠡᠷᠡᠨ ᠤᠷᠭᠤᠭᠰᠠᠨ᠂ ᠡᠪᠤᠯ ᠵᠤᠨ ᠤ ᠲᠦᠷᠪᠡᠨ ᠤᠯᠠᠷᠢᠯ ᠳᠤ ᠵᠠᠭᠤᠨ ᠲᠦᠮᠡᠨ ᠠᠳᠤᠭᠤ ᠮᠠᠯ ᠨᠢ ᠤᠨᠠᠭ᠎ᠠ  ᠶᠢᠨ ᠪᠦᠷᠢᠳᠤ ᠶᠢᠨ ᠤᠰᠤ ᠪᠠᠷ ᠤᠮᠳᠠᠯᠠᠨ ᠪᠡᠯᠴᠢᠬᠡᠷᠯᠡᠭᠰᠡᠨ ᠪᠠᠶᠠᠨ ᠡᠯᠪᠡᠭ ᠦᠨᠳᠤᠷ ᠬᠠᠶᠢᠷᠬᠠᠨ ᠪᠠᠶᠢᠵᠠᠢ᠃ ᠬᠡᠨᠡᠤᠨᠳᠠ ᠬᠤᠶᠢᠳᠤ ᠵᠦᠭ ᠤᠨ ᠨᠠᠢᠮᠠᠨ ᠴᠠᠭᠠᠨ ᠠᠷᠰᠯᠠᠨ ᠢᠷᠡᠵᠤ ᠡᠷᠬᠡᠳᠤ ᠬᠠᠶᠢᠷᠬᠠᠨ ᠤ ᠠᠳᠤᠭᠤ ᠮᠠᠯ ᠳᠤ ᠠᠶᠤᠯ ᠬᠤᠤᠷᠯᠠᠯ ᠪᠤᠯᠵᠤ ᠬᠦᠮᠤᠨ ᠠᠮᠢᠳᠠᠨ ᠳᠤ ᠭᠠᠢ ᠭᠠᠮᠰᠢᠭ ᠪᠤᠯᠬᠤ ᠳᠤ ᠤᠪᠤᠭᠠᠨ ᠤ ᠡᠵᠡᠤᠨ ᠨᠢ ᠬᠠᠷ᠎ᠠ ᠬᠡᠬᠡᠷ ᠮᠤᠷᠢ ᠤᠨᠤᠵᠤ ᠰᠢᠷ᠎ᠠ  ᠨᠤᠮᠤ ᠰᠤᠮᠤ ᠪᠠᠨ ᠠᠭᠰᠠᠵᠤ ᠨᠠᠢᠮᠠᠨ ᠴᠠᠭᠠᠨ ᠠᠷᠰᠯᠠᠨ ᠢ ᠤᠷᠤᠭᠰᠢ ᠬᠠᠨᠳᠤᠭᠤᠯᠤᠨ ᠬᠦᠬᠡᠬᠡᠵᠤ ᠪᠠᠶᠢᠭᠰᠠᠭᠠᠷ ᠤᠳᠤ ᠶᠢᠨ ᠤᠯᠠᠭᠠᠨ ᠨᠠᠭᠤᠷ ᠤᠨ ᠵᠡᠬᠦᠨ ᠬᠠᠵᠠᠭᠤ ᠳᠡᠬᠡᠷ᠎ᠡ ᠨᠢᠬᠡ ᠠᠷᠰᠯᠠᠨ ᠢ ᠬᠠᠷᠪᠤᠵᠤ ᠠᠯᠠᠭᠰᠡᠨ ᠠᠴᠠ ᠴᠢᠰᠤ ᠨᠢ ᠤᠷᠤᠰᠤᠭᠠᠤᠨ ᠨᠠᠭᠤᠷ ᠲᠤ ᠤᠷᠤᠭᠰᠠᠨ ᠳᠤ ᠤᠯᠠᠭᠠᠨ ᠨᠠᠭᠤᠷ ᠪᠤᠯᠵᠤ ᠬᠤᠪᠢᠷᠠᠪᠠ ᠬᠡᠨ᠎ᠡ᠃ ᠶᠠᠰᠤᠨ ᠳᠡᠬᠡᠷ᠎ᠡ ᠨᠢ ᠤᠪᠤᠭ᠎ᠠ ᠪᠤᠰᠬᠠᠭᠰᠡᠨ ᠳᠠᠷᠠ ᠭᠠᠵᠠᠷ ᠲᠤ ᠡᠪᠡᠰᠤ ᠪᠡᠯᠴᠢᠬᠡᠷ ᠭᠠᠷᠳᠠᠭ ᠦᠬᠡᠢ ᠠᠴᠠ ᠶᠠᠷᠵᠠᠩ ᠤᠨ ᠴᠠᠭᠠᠨ ᠤᠪᠤᠭ᠎ᠠ ᠬᠡᠵᠤ ᠨᠡᠷᠡᠶᠢᠤᠨᠪᠡ︾ ᠬᠡᠨ᠎ᠡ᠃     ᠪᠠᠰᠠ ︽ᠤᠷᠳᠤᠰ ᠤᠨ ᠭᠠᠵᠠᠷ ᠤᠨ ᠨᠡᠷ᠎ᠡ ᠶᠢᠨ ᠳᠤᠮᠤᠭ︾ ᠲᠤ ᠡᠶᠢᠮᠤ ᠬᠤᠶᠠᠷ ᠳᠤᠮᠤᠭ ᠪᠠᠶᠢᠳᠠᠭ᠃     1. ᠡᠷᠬᠡᠳᠤ ᠶᠢᠨ ᠤᠪᠤᠭᠠᠨ ᠠᠴᠠ ᠤᠷᠤᠭᠰᠢ ᠪᠠᠨ ᠪᠠᠶᠠᠨ ᠴᠠᠶᠢᠳᠠᠮ ᠬᠦᠷᠳᠡᠯ᠎ᠡ ᠬᠤᠶᠠᠷ ᠳᠠᠯ᠎ᠠ ᠪᠠᠷ ᠨᠢ ᠪᠠᠯᠠᠷ ᠮᠠᠩᠬ᠎ᠠ ᠬᠦᠪᠡᠬᠡᠯᠡᠭᠰᠡᠨ ᠠᠷᠪᠠᠭᠠᠤᠨ ᠭᠠᠵᠠᠷ  ᠤᠨ ᠤᠷᠳᠤ ᠬᠤᠭᠤᠯᠠᠢ ᠶᠢ ︽ᠠᠪᠤᠷᠭᠤ ᠶᠢᠨ ᠬᠤᠭᠤᠯᠠᠢ︾ ᠬᠡᠳᠡᠭ᠃     ᠡᠷᠳᠠ ᠤᠷᠢᠳᠤ ᠴᠠᠭ ᠲᠤ ᠬᠡᠨ᠎ᠡ᠃ ᠦᠷ᠎ᠠ ᠶᠢᠨ ᠭᠠᠭᠴᠠ ᠬᠦᠪᠡᠬᠦᠨ ᠲᠠᠢ ᠦᠬᠡᠶᠢᠬᠦᠤ ᠶᠠᠳᠠᠭᠤ ᠨᠢᠬᠡᠨ ᠡᠮᠡᠬᠡᠨ ᠳᠤᠭ᠎ᠠ ᠲᠠᠢ ᠬᠡᠳᠤᠨ ᠮᠠᠯ ᠢᠶᠠᠨ ᠲᠦᠰᠢᠵᠤ᠂ ᠳᠤᠭᠤᠭ᠎ᠠ ᠳᠤᠯᠵᠤ ᠵᠦᠳᠡᠨ ᠠᠮᠢᠳᠤᠷᠠᠵᠤ ᠪᠠᠶᠢᠵᠠᠢ᠃ ᠢᠩᠬᠢᠬᠡᠤᠨ ᠡᠬᠡ ᠨᠢ ᠡᠳᠤᠷ ᠪᠦᠷᠢ ᠪᠤᠷᠤ ᠬᠡᠷ ᠪᠤᠭᠤᠨᠢ ᠰᠠᠷᠠᠪᠴᠢᠨ ᠳᠠᠭᠠᠨ ᠶᠠᠭᠠᠷᠠᠵᠤ᠂ ᠬᠦᠬᠡᠷᠤᠬᠦᠢ ᠬᠦᠤ ᠨᠢ ᠬᠡᠳᠤᠨ ᠮᠠᠯ ᠢᠶᠠᠨ ᠳᠠᠭᠠᠵᠤ ᠳᠠᠷᠠ ᠬᠤᠭᠤᠯᠠᠢ ᠴᠠᠶᠢᠳᠠᠮ ᠤᠨ ᠤᠷᠴᠢᠮ ᠢᠶᠠᠷ ᠠᠳᠤᠭᠤᠯᠠᠳᠠᠭ ᠬᠡᠨ᠎ᠡ᠃ ︽ᠭᠠᠢ ᠭᠠᠵᠠᠷ ᠳᠤᠤᠷ᠎ᠠ ᠠᠴᠠ ᠭᠠᠯᠠᠭᠤ ᠤᠰᠤᠨ ᠳᠤᠳᠤᠷ᠎ᠠ ᠠᠴᠠ︾ ᠬᠡᠳᠡᠭᠴᠢᠯᠡᠨ ᠨᠢᠬᠡᠨ ᠡᠳᠤᠷ ᠡᠨᠡ ᠬᠦᠤ ᠴᠠᠶᠢᠳᠠᠮ ᠤᠨ ᠬᠤᠭᠤᠯᠠᠢ ᠳᠤ ᠬᠡᠳᠤᠨ ᠮᠠᠯ ᠢᠶᠠᠨ ᠬᠠᠷᠢᠭᠤᠯᠤᠨ ᠶᠠᠪᠤᠵᠤ ᠪᠠᠶᠢᠳᠠᠯ᠎ᠠ ᠡᠷᠬᠡᠳᠤ ᠶᠢᠨ ᠤᠪᠤᠭᠠᠨ ᠠᠴᠠ ᠨᠢᠬᠡᠨ ᠠᠪᠤᠷᠭᠤ ᠮᠤᠭᠠᠢ ᠢᠯᠴᠢᠳᠤ ᠨᠠᠷᠠᠨ ᠤ ᠬᠠᠯᠠᠭᠤᠨ ᠠᠴᠠ ᠵᠠᠶᠢᠯᠠᠵᠤ ᠪᠠᠶᠠᠨᠴᠠᠶᠢᠳᠠᠮ ᠳᠤ ᠢᠷᠡᠵᠤ ᠰᠡᠷᠢᠬᠦᠴᠡᠬᠦ ᠪᠠᠷ ᠶᠠᠪᠤᠵᠤ ᠪᠠᠶᠢᠭᠰᠡᠨ ᠨᠢ ᠡᠨᠡ ᠬᠦᠤ ᠶᠠᠭᠤ ᠪᠤᠯᠬᠤ ᠶᠢ ᠰᠤᠨᠢᠷᠬᠠᠨ ᠭᠠᠶᠢᠬᠠᠵᠤ ᠪᠠᠶᠢᠳᠠᠯ᠎ᠠ ᠠᠪᠤᠷᠭᠤ ᠮᠤᠭᠠᠢ ᠳᠤ ᠨᠢᠬᠡ ᠯᠠ ᠵᠠᠯᠬᠢᠭᠳᠠᠭᠰᠡᠨ ᠬᠡᠨ᠎ᠡ᠃ ᠡᠬᠡ ᠨᠢ ᠬᠦᠤ ᠶᠢᠨ ᠢᠶᠠᠨ ᠠᠪᠤᠷᠭᠤ ᠮᠤᠭᠠᠢ ᠳᠤ ᠵᠠᠯᠬᠢᠭᠳᠠᠭᠰᠡᠨ ᠢ ᠤᠯᠵᠤ ᠮᠡᠳᠡᠬᠡᠤᠨ ᠦᠷᠤ ᠵᠢᠷᠤᠬᠡ ᠪᠠᠨ ᠡᠮᠳᠡᠷᠡᠳᠠᠯ᠎ᠠ ᠪᠠᠨ ᠵᠤᠪᠠᠵᠤ᠂ ᠦᠵᠡᠬᠦ ᠨᠢᠳᠤ ᠪᠠᠨ ᠰᠤᠬᠤᠷᠠᠳᠠᠯ᠎ᠠ ᠪᠠᠨ ᠤᠬᠢᠯᠠᠭᠰᠡᠨ ᠴᠤ ᠦᠴᠤᠬᠡᠨ ᠳᠤᠰᠠ ᠪᠤᠯᠤᠭᠰᠡᠨ ᠦᠬᠡᠢ ᠳᠤᠯᠠ ᠦᠬᠡᠷ᠎ᠡ ᠨᠢᠬᠡᠨ ᠠᠷᠭ᠎ᠠ ᠪᠤᠳᠤᠵᠤ ᠡᠳᠤᠷ ᠳᠤᠵᠢ ᠤᠯᠠ ᠡᠪᠡᠰᠤ ᠶᠢ ᠬᠤᠷᠮᠤᠢ ᠬᠤᠷᠮᠤᠢ ᠪᠠᠷ ᠳᠡᠬᠦᠵᠤ᠂ ᠦᠳᠡᠰᠢ ᠪᠦᠷᠢ ᠳᠡᠬᠦᠨ ᠢᠶᠠᠨ ᠨᠤᠬᠤᠵᠤ ᠪᠦᠮᠪᠤᠬᠡᠯᠡᠬᠡᠤᠨ ᠡᠳᠤᠷ ᠤᠨ ᠤᠳᠠᠭᠠᠨ ᠳᠤ ᠨᠢᠬᠡᠨ ᠳᠤᠮᠤ ᠪᠦᠮᠪᠦᠭᠡ ᠪᠤᠯᠭᠠᠵᠤ᠂ ᠬᠦᠤ ᠶᠢ ᠨᠢ ᠬᠦᠨᠤᠬᠡᠭᠰᠡᠨ ᠳᠠᠷᠠᠭ᠎ᠠ ᠵᠢᠯ ᠤᠨ ᠳᠠᠷᠠ ᠡᠳᠤᠷ ᠨᠢ ᠡᠪᠡᠰᠤᠨ ᠪᠦᠮᠪᠦᠭᠡ ᠪᠠᠨ ᠠᠪᠴᠤ ᠠᠪᠤᠷᠭᠤ ᠮᠤᠭᠠᠢ ᠶᠠᠪᠤᠳᠠᠭ ᠵᠠᠮ ᠤᠨ ᠠᠮᠠ ᠶᠢ ᠰᠠᠬᠢᠵᠤ ᠪᠠᠶᠢᠳᠠᠯ᠎ᠠ ᠦᠨᠤ ᠮᠤᠭᠠᠢ ᠤᠪᠤᠭ᠎ᠠ ᠶᠢᠨ ᠬᠠᠵᠠᠭᠤ ᠶᠢ ᠳᠠᠰᠢᠶᠠᠯᠳᠠᠨ᠂ ᠬᠠᠳᠠ ᠴᠢᠯᠠᠭᠤ ᠶᠢ ᠪᠦᠮᠪᠤᠷᠢᠬᠦᠯᠦᠭᠰᠡᠬᠡᠷ᠂ ᠬᠠᠭᠳᠠ ᠡᠪᠡᠰᠤ ᠶᠢ ᠢᠷᠠᠭᠰᠠᠭᠠᠷ᠂ ᠬᠤᠤᠷᠳᠤ ᠬᠡᠯᠡ ᠪᠠᠨ ᠬᠤᠯᠪᠤᠯᠵᠠᠭᠤᠯᠤᠭᠰᠠᠭᠠᠷ᠂ ᠬᠤᠨᠢ ᠮᠠᠯ ᠢ ᠰᠤᠷᠤᠭᠰᠠᠭᠠᠷ ᠭᠠᠷᠴᠤ ᠢᠷᠡᠭᠰᠡᠨ ᠳᠤ ᠡᠮᠡᠬᠡᠨ ᠤᠯᠠ ᠡᠪᠡᠰᠤᠨ ᠪᠦᠮᠪᠤᠬᠡᠨ ᠳᠡᠭᠡᠨ ᠤᠯᠠᠭᠠᠨ ᠭᠠᠯ ᠵᠤᠯᠭᠠᠭᠤᠯᠵᠤ᠂ ᠠᠪᠤᠷᠭᠤ ᠮᠤᠭᠠᠢ ᠶᠢᠨ ᠵᠦᠭ ᠪᠦᠮᠪᠤᠷᠢᠬᠦᠯᠤᠨ ᠶᠠᠪᠤᠭᠤᠯᠤᠭᠰᠡᠨ ᠳᠤ ᠬᠤᠤᠷᠳᠤ ᠮᠤᠭᠠᠢ ᠨᠢᠬᠡ ᠯᠠ ᠰᠤᠷᠤᠵᠤ ᠵᠠᠯᠬᠢᠭᠰᠡᠨ ᠳᠤ ᠬᠤᠤᠷᠳᠤ ᠮᠤᠭᠠᠢ ᠶᠢᠨ ᠬᠤᠳᠤᠭᠤᠳᠤ ᠬᠡᠳᠡᠰᠤ ᠨᠢ ᠰᠢᠳᠠᠭᠳᠠᠵᠤ᠂ ᠬᠤᠷᠤᠮᠬᠠᠨ ᠵᠠᠭᠤᠷ᠎ᠠ ᠭᠤᠶᠠᠳᠠᠭᠠᠤᠨ ᠦᠬᠦᠭᠰᠡᠨ ᠬᠡᠨ᠎ᠡ᠃ ᠡᠬᠦᠨ ᠠᠴᠠ ᠬᠤᠶᠢᠰᠢ ᠡᠨᠡ ᠬᠤᠭᠤᠯᠠᠢ ᠶᠢ ︽ᠠᠪᠤᠷᠭᠤ ᠶᠢᠨ ᠬᠤᠭᠤᠯᠠᠢ︾ ᠬᠡᠮᠡᠨ ᠨᠡᠷᠡᠶᠢᠤᠨᠴᠤᠬᠦᠢ ᠬᠡᠨ᠎ᠡ᠃     2. ᠪᠠᠰᠠ ᠡᠷᠬᠡᠳᠤ ᠶᠢᠨ ᠤᠪᠤᠭᠠᠨ ᠤ ᠪᠠᠷᠠᠭᠤᠨ ᠳᠡᠷᠬᠡᠳᠠ ᠨᠢᠬᠡᠨ ᠴᠤᠩᠬᠢᠶᠠᠯ ᠤᠰᠤ ᠪᠤᠢ᠃     ᠡᠷᠳᠠ ᠨᠢᠬᠡᠨ ᠴᠠᠭ ᠲᠤ᠂ ᠪᠤᠷᠤᠳᠤᠬᠤᠢ ᠨᠤᠳᠤᠭ ᠲᠤ ᠳᠤᠰᠤᠯ ᠪᠤᠷᠤᠭᠠᠨ ᠦᠬᠡᠢ᠂ ᠭᠠᠵᠠᠷ ᠳᠡᠭᠷᠢ ᠭᠠᠯ ᠠᠪᠤᠯᠴᠠᠮᠠᠷ ᠭᠠᠶᠢᠬᠠᠯᠳᠠᠢ ᠶᠡᠭᠡ ᠭᠠᠩ ᠬᠠᠭᠰᠠᠷᠠᠭᠠᠨ ᠪᠤᠯᠵᠤ ᠤᠤᠭᠤᠬᠤ ᠬᠤᠤᠨᠳᠤᠭ ᠤᠨ ᠤᠰᠤ ᠰᠢᠷᠬᠢᠵᠤ᠂ ᠤᠨᠳᠤᠷᠤᠮᠠᠯ ᠪᠤᠯᠠᠭ ᠤᠨ ᠡᠬᠢ ᠬᠠᠳᠠᠭᠠᠤᠨ᠂ ᠤᠨᠤᠭ᠎ᠠ ᠮᠠᠯ ᠬᠤᠳᠠ ᠪᠠᠷ ᠬᠤᠷᠤᠭᠳᠠᠵᠤ᠂ ᠤᠷᠭᠤᠮᠠᠯ ᠪᠤᠳᠠᠰ ᠦᠨᠳᠤᠰᠤ ᠪᠠᠷ ᠢᠶᠠᠨ ᠬᠤᠪᠬᠠᠶᠢᠷᠠᠭᠰᠠᠨ ᠳᠤ ᠨᠢᠬᠡᠨ ᠡᠳᠤᠷ ᠬᠠᠨ ᠬᠤᠷᠮᠤᠰᠳᠠ ᠳᠡᠭᠷᠢ ᠦᠪᠡᠷ ᠤᠨ ᠳᠤᠯᠤᠭᠠᠨ ᠬᠡᠤᠬᠡᠨ ᠤ ᠪᠠᠨ ᠤᠤᠭᠠᠨ ᠪᠤᠯᠬᠤ ᠡᠬᠦᠯᠡᠨ ᠳᠠᠬᠢᠨᠢ ᠪᠠᠨ ᠳᠤᠤᠷᠠᠳᠤ ᠶᠢᠷᠳᠢᠨᠴᠤ ᠳᠤ ᠶᠠᠪᠤᠵᠤ ᠪᠤᠷᠤᠭᠠᠨ ᠪᠠᠭᠤᠯᠭ᠎ᠠ ᠬᠡᠵᠤ ᠶᠠᠪᠤᠭᠤᠯᠵᠤ ᠬᠡᠨ᠎ᠡ᠃ ᠢᠩᠬᠢᠬᠡᠤᠨ ᠡᠴᠢᠬᠡ ᠬᠠᠭᠠᠨ ᠤ ᠵᠠᠬᠢᠶ᠎ᠠ ᠪᠠᠷ ᠡᠬᠦᠯᠡᠨ ᠳᠠᠬᠢᠨᠢ ᠨᠢᠬᠡ ᠡᠮᠬᠦ ︽ᠮᠦᠩᠬᠡ ᠶᠢᠨ ᠷᠠᠰᠢᠶᠠᠨ︾ ᠤᠰᠤ ᠶᠢ ᠠᠮᠠᠨ ᠳᠠᠭᠠᠨ ᠡᠮᠬᠦᠵᠤ ᠡᠬᠦᠯᠡ ᠬᠦᠯᠬᠡᠯᠡᠨ ᠳᠤᠤᠷᠠᠳᠤ ᠶᠢᠷᠳᠢᠨᠴᠤ ᠶᠢᠨ ᠪᠤᠷᠤᠳᠤᠬᠤᠢ ᠤᠷᠳᠤᠰ ᠨᠤᠳᠤᠭ ᠲᠤ ᠢᠷᠡᠬᠦ ᠳᠤ᠂ ᠬᠡᠨᠡᠤᠨᠳᠠ ᠴᠠᠬᠢᠯᠭᠠᠨ ᠳᠤ ᠴᠤᠬᠢᠭᠳᠠᠭᠰᠡᠨ ᠰᠢᠭ ᠬᠠᠮᠤᠭ ᠪᠡᠶ᠎ᠡ ᠨᠢ ᠰᠤᠯᠠᠷᠠᠵᠤ ᠬᠠᠯᠠᠭᠤᠨ ᠳᠠᠮᠤ ᠳᠤ ᠤᠨᠠᠭᠰᠡᠨ ᠰᠢᠭ ᠠᠶᠤᠵᠤ ᠰᠠᠨᠳᠤᠷᠴᠤ ᠬᠡᠨ᠎ᠡ᠃ ᠢᠩᠬᠢᠬᠡᠤᠨ ︽ᠠᠶ᠎ᠠ︾ ᠬᠡᠵᠤ ᠳᠠᠭᠤᠨ ᠠᠯᠳᠠᠭᠠᠤᠨ ᠠᠮᠠᠨ ᠳᠠᠭᠠᠨ ᠡᠮᠬᠦᠵᠤ ᠪᠠᠶᠢᠭᠰᠡᠨ ᠷᠠᠰᠢᠶᠠᠨ ᠤᠰᠤ ᠪᠠᠨ ᠡᠨᠡ ᠭᠠᠵᠠᠷ ᠲᠤ ᠠᠯᠳᠠᠵᠤ ᠠᠰᠬᠠᠭᠠᠤᠨ ᠦᠪᠡᠷ  ᠤᠨ ᠰᠢᠳᠢᠳᠤ ᠬᠡᠬᠦᠷ ᠢᠶᠠᠨ ᠴᠤ ᠠᠳᠠ ᠦᠯᠡᠳᠡᠬᠡᠵᠤ ᠬᠡᠨ᠎ᠡ᠃ ᠳᠡᠬᠦᠨ ᠤ ︽ᠮᠦᠩᠬᠡ ᠶᠢᠨ ᠷᠠᠰᠢᠶᠡᠨ︾ ᠢᠶᠠᠨ ᠠᠰᠬᠠᠭᠰᠡᠨ ᠭᠠᠵᠠᠷ ᠳᠤᠤᠷ᠎ᠠ ᠠᠴᠠ ᠪᠤᠯᠤᠷ ᠳᠤᠩᠭᠠᠯᠠᠭ ᠤᠰᠤ ᠲᠠᠢ᠂ ᠪᠤᠮ ᠲᠦᠮᠡᠨ ᠠᠮᠢᠳᠠᠨ ᠤᠮᠳᠠᠯᠠᠬᠤ ᠪᠤᠯᠠᠭ ᠤᠷᠬᠢᠯᠤᠨ ᠭᠠᠷᠴᠤ ᠪᠦᠷᠢᠳᠤ ᠪᠤᠯᠤᠨ ᠳᠤᠭᠳᠠᠭᠰᠡᠨ ᠬᠡᠨ᠎ᠡ᠃ ᠬᠤᠷᠮᠤᠰᠳᠠ ᠳᠡᠭᠷᠢ ᠶᠢᠨ ᠳᠠᠬᠢᠨᠢ ᠶᠢᠨ ᠰᠢᠳᠤᠷᠭᠤ ᠰᠦᠨᠡᠰᠤ ᠶᠢᠰᠤᠨ ᠪᠤᠯᠠᠭ ᠤᠨ ᠳᠤᠤᠷ᠎ᠠ ᠤᠷᠤᠵᠤ ᠯᠤᠤᠰ ᠤᠨ ᠬᠠᠭᠠᠨ ᠤ ᠠᠯᠳᠠᠨ ᠤᠨᠠᠭ᠎ᠠ ᠪᠤᠯᠤᠨ ᠬᠤᠪᠢᠯᠤᠭᠠᠤᠨ ᠳᠠᠬᠢᠨ ᠨᠡᠷᠡᠳᠤ ᠶᠢᠷᠳᠢᠨᠴᠤ ᠳᠡᠬᠡᠷ᠎ᠡ ᠠᠯᠳᠠᠨ ᠤᠨᠠᠭ᠎ᠠ ᠨᠤᠮᠢᠨ ᠪᠦᠷᠢᠳᠤ ᠶᠢᠨ ᠤᠰᠤᠨ ᠠᠴᠠ ᠳᠡᠭᠳᠡᠨ ᠭᠠᠷᠴᠤ ᠨᠤᠭᠤᠭᠠᠨ ᠳᠤᠷᠭᠠᠨ ᠵᠦᠯᠬᠡᠨ ᠳᠡᠬᠡᠷ᠎ᠡ ᠡᠷᠬᠡ ᠳᠤᠷ᠎ᠠ ᠪᠠᠷ ᠢᠨᠴᠠᠭᠠᠨ ᠳᠤᠭᠯᠠᠭᠳᠠᠭ ᠢ ᠨᠢ ᠨᠤᠳᠤᠭ ᠤᠨ ᠬᠦᠮᠤᠰ ᠦᠵᠡᠬᠡᠤᠨ ᠬᠦᠬᠡᠷᠤᠬᠦᠨ ᠤᠨᠠᠭᠠᠨ ᠤ ᠪᠡᠯᠬᠡ ᠪᠠᠷ ᠳᠠᠷᠠ ᠬᠦ ᠬᠦᠨ ᠴᠡᠩᠬᠡᠯ ᠴᠤᠩᠬᠢᠶᠠᠯ ᠤᠰᠤᠨ ᠳᠠᠭᠠᠨ ︽ᠤᠨᠠᠭ᠎ᠠ  ᠶᠢᠨ ᠪᠦᠷᠢᠳᠤ︾ ᠬᠡᠮᠡᠬᠦ ᠨᠡᠷ᠎ᠡ ᠱᠠᠩᠨᠠᠭᠰᠡᠨ ᠬᠡᠳᠡᠭ᠃
ᠢᠷᠡᠯᠲᠡ᠄ ᠣᠲᠤᠭ ᠤᠨ ᠣᠪᠣᠭ᠎ᠠ ᠣᠷᠣᠳ