ᠳᠡᠵᠢᠬᠡᠯ ᠳᠤ ᠬᠡᠷᠡᠭᠯᠡᠬᠦ ᠤᠷᠭᠤᠮᠠᠯ ᠤᠨ ᠡᠬᠢ ᠰᠤᠷᠪᠤᠯᠵᠢ
ᠨᠡᠶᠢᠲᠡᠯᠡᠭᠰᠡᠨ ᠴᠠᠭ᠄
2023/7/5
     ᠪᠠᠶᠢᠭᠠᠯᠢ ᠶᠢᠨ ᠬᠡᠬᠡᠷ᠎ᠡ ᠳᠠᠯ᠎ᠠ ᠪᠡᠯᠴᠢᠬᠡᠷ ᠲᠤ ᠳᠡᠵᠢᠬᠡᠯ ᠳᠤ ᠬᠡᠷᠡᠭᠯᠡᠬᠦ ᠵᠡᠷᠯᠢᠭ ᠤᠷᠭᠤᠮᠠᠯ 332 ᠵᠤᠶᠢᠯ ᠪᠠᠶᠢᠨ᠎ᠠ᠃ ᠡᠬᠦᠨ ᠳᠤ᠂ ᠦᠶᠡᠳᠤ ᠤᠷᠭᠤᠮᠠᠯ ᠤᠨ ᠢᠵᠠᠭᠤᠷ᠂ ᠪᠤᠷᠴᠠᠭ ᠤᠨ ᠢᠵᠠᠭᠤᠷ᠂ ᠯᠤᠤᠯᠢ ᠶᠢᠨ ᠢᠵᠠᠭᠤᠷ᠂ ᠤᠤᠨᠪᠠᠯᠠ ᠶᠢᠨ ᠢᠵᠠᠭᠤᠷ᠂ ᠰᠢᠮᠡᠯᠳᠡᠭ ᠤᠨ ᠢᠵᠠᠭᠤᠷ᠂ ᠰᠠᠷᠠᠨ᠎ᠠ ᠶᠢᠨ ᠢᠵᠠᠭᠤᠷ ᠤᠨ ᠳᠡᠵᠢᠬᠡᠯ  ᠳᠤ ᠬᠡᠷᠡᠭᠯᠡᠬᠦ ᠦᠷᠳᠡᠭ ᠨᠢ ᠳᠤᠪᠤᠶᠢᠮ᠎ᠠ ᠪᠠᠶᠢᠵᠤ᠂ ᠳᠡᠵᠢᠬᠡᠯ ᠳᠤ ᠬᠡᠷᠡᠭᠯᠡᠬᠦ ᠤᠷᠭᠤᠮᠠᠯ ᠤᠨ ᠰᠢᠮ᠎ᠠ ᠳᠡᠵᠢᠬᠡᠯ ᠤᠨ ᠪᠦᠷᠢᠯᠳᠤᠬᠦᠨ᠂ ᠠᠮᠳᠠ ᠳᠠᠭᠠᠷᠠᠬᠤ ᠴᠢᠨᠠᠷ ᠪᠠ ᠠᠰᠢᠭᠯᠠᠯᠳᠠ ᠶᠢᠨ ᠨᠤᠷᠮ᠎ᠠ ᠠᠴᠠ ᠵᠠᠳᠠᠯᠵᠤ ᠦᠵᠡᠪᠡᠯ᠂ ᠰᠢᠯᠢᠳᠡᠭ ᠴᠢᠨᠠᠷ ᠤᠨ ᠳᠡᠵᠢᠬᠡᠯ ᠡᠪᠡᠰᠤ 21 ᠵᠤᠶᠢᠯ᠂ ᠰᠠᠶᠢᠨ ᠴᠢᠨᠠᠷ ᠤᠨ ᠳᠡᠵᠢᠬᠡᠯ ᠡᠪᠡᠰᠤ 46 ᠵᠤᠶᠢᠯ᠂ ᠳᠤᠮᠳᠠ ᠵᠡᠷᠬᠡ ᠶᠢᠨ ᠳᠡᠵᠢᠬᠡᠯ ᠡᠪᠡᠰᠤ 99 ᠵᠤᠶᠢᠯ᠂ ᠳᠤᠤᠷ᠎ᠠ ᠵᠡᠷᠬᠡ ᠶᠢᠨ ᠳᠡᠵᠢᠬᠡᠯ ᠡᠪᠡᠰᠤ 133 ᠵᠤᠶᠢᠯ᠂ ᠮᠠᠭᠤ ᠴᠢᠨᠠᠷᠳᠠᠢ ᠳᠡᠵᠢᠬᠡᠯ ᠡᠪᠡᠰᠤ 33 ᠵᠤᠶᠢᠯ ᠪᠠᠶᠢᠵᠤ᠂ ᠡᠨᠡ ᠨᠢ ᠳᠤᠰ ᠪᠦᠷᠢ ᠳᠡᠵᠢᠬᠡᠯ ᠳᠤ ᠬᠡᠷᠡᠭᠯᠡᠬᠦ ᠤᠷᠭᠤᠮᠠᠯ ᠤᠨ ᠶᠡᠷᠤᠩᠬᠡᠢ ᠳᠤᠭᠠᠨ ᠤ 6.32%᠂ 13.86%᠂ 29.82%᠂ 40.06% ᠪᠠ 9.94% ᠶᠢ ᠡᠵᠡᠯᠡᠵᠤ ᠪᠠᠶᠢᠨ᠎ᠠ᠃ ᠪᠠᠶᠢᠭᠠᠯᠢ ᠶᠢᠨ ᠪᠡᠯᠴᠢᠬᠡᠷ ᠤᠨ ᠳᠤᠮᠳᠠ ᠵᠡᠷᠬᠡ ᠠᠴᠠ ᠳᠡᠬᠡᠭᠰᠢ ᠪᠠᠶᠢᠬᠤ ᠳᠡᠵᠢᠬᠡᠯ ᠡᠪᠡᠰᠤ 166 ᠵᠤᠶᠢᠯ ᠪᠠᠶᠢᠵᠤ᠂ ᠳᠡᠵᠢᠬᠡᠯ  ᠳᠤ ᠬᠡᠷᠡᠭᠯᠡᠬᠦ ᠤᠷᠭᠤᠮᠠᠯ ᠤᠨ ᠶᠡᠷᠤᠩᠬᠡᠢ ᠳᠤᠭᠠᠨ ᠤ 50% ᠶᠢ ᠡᠵᠡᠯᠡᠵᠤ ᠪᠤᠢ᠃ ᠡᠬᠦᠨ ᠳᠤ᠂ ᠬᠠᠮᠤᠭ ᠤᠨ ᠳᠤᠪᠤᠶᠢᠮ᠎ᠠ ᠨᠢ ᠦᠶᠡᠳᠤ ᠤᠷᠭᠤᠮᠠᠯ ᠤᠨ ᠢᠵᠠᠭᠤᠷ ᠪᠠ ᠪᠤᠷᠴᠠᠭ ᠤᠨ ᠢᠵᠠᠭᠤᠷ ᠤᠨ ᠳᠡᠵᠢᠬᠡᠯ ᠡᠪᠡᠰᠤ ᠪᠤᠯᠤᠨ᠎ᠠ᠃ ᠵᠢᠱᠢᠶᠡᠯᠡᠪᠡᠯ᠄ ᠬᠢᠶᠠᠭ᠂ ᠶᠦᠷᠬᠦᠭ᠂ ᠰᠤᠷ ᠦᠬᠡᠢ ᠰᠤᠭᠤᠪᠤᠷ᠂ ᠰᠢᠷᠤᠬᠦᠨ ᠬᠠᠵᠠᠭᠠᠷ ᠡᠪᠡᠰᠤ᠂ ᠰᠤᠷ ᠦᠬᠡᠢ ᠬᠠᠵᠠᠭᠠᠷ ᠡᠪᠡᠰᠤ᠂ ᠰᠢᠷ᠎ᠠ ᠬᠢᠶᠠᠭ᠂ ᠬᠢᠯᠠᠭᠠᠨ᠎ᠠ᠂ ᠪᠡᠶᠡᠯᠢᠭ ᠡᠪᠡᠰᠤ᠂ ᠬᠠᠪᠳᠠᠭᠠᠢ ᠪᠤᠷᠴᠠᠭ᠂ ᠬᠢᠩᠭᠠᠨ ᠤ ᠬᠤᠵᠢᠰᠤ᠂ ᠦᠷᠬᠡᠰᠤᠳᠤ ᠬᠦᠷᠪᠡᠭ᠂ ᠬᠦᠬᠡ ᠴᠠᠷᠭᠠᠰᠤ᠂ ᠰᠢᠬᠢᠷ ᠡᠪᠡᠰᠤ᠂ ᠬᠦᠴᠢᠩᠬᠢ ᠬᠡᠯᠪᠡᠷᠢᠳᠤ ᠬᠤᠨᠴᠢᠷ ᠪᠤᠯᠤᠨ ᠬᠠᠷᠭᠠᠨ᠎ᠠ ᠶᠢᠨ ᠲᠦᠷᠤᠯ ᠵᠡᠷᠬᠡ ᠪᠤᠯᠤᠨ᠎ᠠ᠃ ᠡᠬᠦᠨ ᠠᠴᠠ ᠭᠠᠳᠠᠨ᠎ᠠ᠂ ᠪᠠᠰᠠ ᠤᠤᠨᠪᠠᠯᠠ ᠶᠢᠨ ᠢᠵᠠᠭᠤᠷ ᠤᠨ ᠠᠬᠢ᠂ ᠠᠯᠳᠠᠢ ᠶᠢᠨ ᠪᠦᠷᠤᠩᠬᠢ᠂ ᠰᠠᠷᠠᠨ᠎ᠠ ᠶᠢᠨ ᠢᠵᠠᠭᠤᠷ ᠤᠨ ᠳᠠᠭᠠᠨ᠎ᠠ᠂ ᠬᠦᠮᠡᠯᠢ᠂ ᠯᠤᠤᠯᠢ ᠶᠢᠨ ᠢᠵᠠᠭᠤᠷ ᠤᠨ ᠳᠤᠭᠳᠤᠷᠭᠠᠨ᠎ᠠ᠂ ᠮᠤᠷᠢᠨ ᠳᠡᠰᠬᠢ᠂ ᠦᠯᠤᠩ ᠡᠪᠡᠰᠤ ᠶᠢᠨ ᠢᠵᠠᠭᠤᠷ ᠤᠨ ᠰᠢᠷᠢᠬᠢ ᠵᠡᠷᠬᠡ ᠴᠢᠨᠠᠷ ᠰᠠᠶᠢᠳᠠᠢ ᠳᠡᠵᠢᠬᠡᠯ ᠳᠤ ᠬᠡᠷᠡᠭᠯᠡᠬᠦ ᠤᠷᠭᠤᠮᠠᠯ ᠪᠤᠢ᠃
ᠢᠷᠡᠯᠲᠡ᠄ ᠤᠳᠤᠭ ᠤᠨ ᠡᠮᠤᠨᠡᠳᠤ ᠬᠤᠰᠢᠭᠤᠨ ᠤ ᠤᠶᠢᠯᠠᠯᠭ᠎ᠠ