ᠤᠳᠤᠭ ᠤᠨ ᠠᠷᠪᠠᠨ ᠭᠤᠷᠪᠠᠨ ᠬᠤᠰᠢᠭᠤ ᠤᠪᠤᠭ᠎ᠠ —  ᠦᠯᠬᠡ ᠶᠢᠨ ᠤᠯᠠᠭᠠᠨ ᠤᠪᠤᠭ᠎ᠠ ︵ᠪᠠᠭᠠᠳᠤᠷ ᠤᠯᠠᠭᠠᠨ ᠤᠪᠤᠭ᠎ᠠ︶
ᠨᠡᠶᠢᠲᠡᠯᠡᠭᠰᠡᠨ ᠴᠠᠭ᠄
2023/8/16
     ᠦᠯᠬᠡ ᠶᠢᠨ ᠤᠯᠠᠭᠠᠨ ᠤᠪᠤᠭ᠎ᠠ ᠪᠤᠯ ᠤᠳᠤ ᠶᠢᠨ ᠤᠳᠤᠭ ᠬᠤᠰᠢᠭᠤᠨ ᠤ ᠠᠷᠠᠤᠨ ᠤᠨ ᠵᠠᠰᠠᠭ ᠤᠨ ᠤᠷᠳᠤᠨ ᠤ ᠲᠦᠪ ᠪᠠᠶᠢᠭ᠎ᠠ ᠤᠯᠠᠭᠠᠨᠪᠠᠯᠭᠠᠰᠤᠨ ᠠᠴᠠ ᠬᠤᠶᠢᠰᠢ 4 ᠺᠢᠯᠤᠮᠧᠲᠷ ᠭᠠᠵᠠᠷ ᠤᠨ ᠵᠠᠶᠢᠳᠠᠢ ᠪᠠᠶᠢᠬᠤ ᠲᠦᠷᠪᠡᠨ ᠦᠨᠳᠤᠷ ᠤᠨ ᠬᠦᠨᠳᠡᠯᠡᠨ ᠰᠢᠯᠢ ᠶᠢᠨ ᠤᠷᠳᠤ ᠦᠯᠬᠡ ᠳᠡᠬᠡᠷᠡᠬᠢ ᠰᠤᠪᠤᠷᠭᠠᠯᠠᠨ ᠰᠦᠨᠳᠡᠷᠯᠡᠭᠰᠡᠨ ᠤᠯᠠᠭᠠᠨ ᠬᠠᠳᠠᠨ ᠳᠤᠯᠤᠭᠠᠢ ᠶᠢᠨ ᠤᠷᠤᠢ ᠳᠡᠬᠡᠷ᠎ᠡ ᠪᠤᠰᠬᠠᠭᠰᠡᠨ ᠤᠴᠢᠷ ᠠᠴᠠ ᠡᠶᠢᠨ ᠨᠡᠷᠡᠶᠢᠤᠨᠴᠠᠢ᠃ ᠳᠤᠰ ᠤᠪᠤᠭ᠎ᠠ ᠨᠢ ᠳᠠᠯᠠᠢ ᠶᠢᠨ ᠲᠦᠪᠰᠢᠨ ᠠᠴᠠ 1535 ᠮᠧᠲᠷ ᠦᠨᠳᠤᠷ᠂ ᠤᠮᠠᠷᠠᠳᠤ ᠦᠷᠬᠡᠷᠢᠭ ᠤᠨ 39。08、᠂ ᠵᠡᠬᠦᠨ ᠤᠷᠳᠤᠷᠢᠭ ᠤᠨ 107。56、 ᠳᠤ ᠪᠠᠶᠢᠷᠢᠰᠢᠵᠤ ᠪᠤᠢ᠃ ᠡᠨᠡ ᠤᠷᠤᠢ ᠳᠡᠬᠡᠷ᠎ᠡ 6 ᠬᠠᠨᠠᠳᠤ ᠮᠤᠩᠭᠤᠯ ᠬᠡᠷ ᠤᠨ ᠴᠢᠨᠡᠬᠡᠨ ᠦᠷᠬᠡᠨ᠂ 1.5 ᠳᠤᠬᠤᠢ ᠦᠨᠳᠤᠷ ᠤᠯᠠᠭᠠᠨ ᠬᠠᠳᠠ ᠶᠢ ᠳᠡᠬᠡᠭᠰᠢ ᠪᠠᠨ ᠦᠷᠤᠵᠤ ᠪᠤᠰᠬᠠᠭᠰᠡᠨ ᠤᠪᠤᠭ᠎ᠠ ᠶᠤᠮ᠃ ᠤᠪᠤᠭᠠᠨ  ᠤ ᠤᠷᠤᠢ ᠳᠡᠬᠡᠷ᠎ᠡ ᠨᠢ ᠳᠤᠭ ᠵᠠᠮᠰᠠᠨ ᠤᠯᠠᠭᠠᠨ ᠪᠤᠷᠭᠠᠰᠤᠨ ᠮᠤᠳᠤᠨ ᠰᠠᠭᠰᠤᠭᠠᠢ ᠲᠠᠢ ᠪᠤᠰᠬᠠᠵᠤ᠂ ᠳᠡᠬᠦᠨ ᠤ 4 ᠦᠨᠴᠦᠭ ᠲᠤ ᠨᠢ ᠬᠠᠷ᠎ᠠ ᠠᠵᠢᠷᠭᠠᠨ ᠳᠡᠯ ᠢᠶᠠᠷ ᠬᠢᠭᠰᠡᠨ 4 ᠬᠦᠬᠦᠯ ᠵᠡᠬᠦᠭᠰᠡᠨ ᠰᠠᠶᠢᠰᠤᠮ ᠲᠠᠢ ᠰᠠᠩ ᠤᠨ ᠰᠦᠷᠤ ᠪᠤᠢ᠃ ᠳᠤᠭ ᠵᠠᠮᠰᠠᠨ ᠠᠴᠠ ᠰᠠᠩ ᠤᠨ ᠰᠦᠷᠤ ᠬᠦᠷᠳᠡᠯ᠎ᠡ ᠳᠠᠪᠤᠨ ᠦᠩᠭᠡ ᠶᠢᠨ ᠬᠡᠶᠢᠮᠤᠷᠢ ᠶᠢᠨ ᠯᠤᠩᠵᠢᠤᠨ ᠪᠤᠯᠤᠨ ᠳᠠᠷᠴᠤᠭ ᠵᠠᠯᠠᠯᠠᠨ ᠳᠠᠳᠠᠵᠤ ᠬᠠᠳᠠᠭ ᠰᠠᠮᠪᠠᠢ ᠨᠠᠪᠰᠠᠭᠤᠯᠵᠤ ᠪᠤᠢ᠃ ᠶᠡᠭᠡ ᠤᠪᠤᠭᠠᠨ ᠤ ᠡᠮᠤᠨ᠎ᠡ ᠳᠠᠯ᠎ᠠ ᠳᠤ ᠨᠢ ᠬᠦᠵᠢ ᠵᠤᠯᠠ ᠠᠰᠠᠭᠠᠵᠤ ᠡᠷᠬᠦᠬᠦ ᠴᠢᠯᠠᠭᠤᠨ ᠱᠠᠩᠯᠤ ᠪᠤᠯᠤᠨ ᠰᠠᠩ ᠰᠤᠯᠬᠡ ᠳᠠᠯᠪᠢᠬᠤ ᠳᠠᠯᠠᠪᠠᠢ ᠲᠠᠢ᠃ ᠳᠡᠬᠦᠨ ᠤ ᠳᠡᠷᠬᠡᠳᠠ ᠦᠤᠩᠡ ᠰᠢᠬᠦᠰᠤ ᠳᠠᠯᠪᠢᠬᠤ ᠪᠠ ᠰᠤᠭ ᠳᠡᠬᠡᠵᠢ ᠡᠷᠬᠦᠬᠦ ᠳᠠᠶᠢᠰᠠ ᠲᠠᠢ᠃     ᠳᠤᠰ ᠤᠪᠤᠭᠠᠨ ᠳᠤ ᠬᠤᠳᠤᠭᠳᠤ ᠤᠷᠤᠨ ᠤ ᠭᠤᠴᠢᠨ ᠬᠤᠶᠠᠷ ᠭᠠᠵᠠᠷ ᠤᠨ ᠬᠤᠪᠤᠷ ᠨᠠᠨᠳᠢᠨ ᠡᠳ᠋ ᠡᠷᠳᠡᠨᠢᠰ ᠤᠨ ᠱᠠᠩ᠂ ᠠᠯᠳᠠᠨ ᠰᠤᠪᠤᠷᠭ᠎ᠠ ᠮᠦᠩᠬᠦᠨ ᠶᠤᠸᠠᠮᠪᠤᠤ᠂ ᠭᠬᠢᠪ ᠳᠤᠷᠭ᠎ᠠ᠂ ᠮᠠᠩᠨᠤᠭ᠂ ᠱᠢᠷᠤ ᠰᠤᠪᠤᠤᠨ ᠪᠤᠯᠤᠨ ᠵᠢᠵᠢ ᠴᠠᠭᠠᠨ ᠬᠠᠯᠢᠭᠤᠨ ᠮᠤᠷᠢ ᠤᠨᠤᠭᠰᠠᠨ ᠳᠡᠮᠵᠠᠨ ᠴᠤᠶᠢᠵᠠᠩ ᠰᠠᠬᠢᠭᠤᠯᠰᠤᠨ ᠢ ᠳᠤᠭᠤᠸᠠ ᠬᠡᠬᠡᠨ ᠢᠶᠠᠷ ᠷᠠᠪᠨᠠᠶᠢᠯᠠᠭᠤᠯᠤᠨ ᠪᠦᠳᠤᠬᠡᠭᠰᠡᠨ ᠤᠪᠤᠭ᠎ᠠ ᠶᠤᠮ᠃ ᠰᠡᠬᠦᠯ ᠳᠤ ᠨᠢ ᠶᠢᠰᠤᠳᠤᠬᠡᠷ ᠲᠦᠷᠢ ᠶᠢᠨ ᠪᠠᠨᠴᠢᠨ ᠪᠤᠭᠳᠠ ᠴᠤᠶᠢᠵᠢᠨᠢᠮ᠎ᠠ᠂ ᠵᠢᠷᠤᠬᠡ ᠶᠢᠨ ᠰᠦᠮ᠎ᠠ  ᠶᠢᠨ ᠪᠠᠨᠳᠢᠳᠠ ᠬᠡᠬᠡᠨ ᠯᠤᠪᠰᠠᠩᠬᠦ᠋ᠨᠴᠦᠭᠴᠤᠶᠢᠰᠠᠨ ᠨᠠᠷ ᠤᠯᠠᠨ ᠯᠠᠮᠠ ᠬᠤᠸᠠᠷᠠᠭ ᠲᠠᠢ ᠳᠠᠬᠢᠨ ᠰᠢᠨᠡᠤᠨᠬᠡᠨ ᠷᠠᠪᠨᠠᠶᠢᠯᠠᠭᠤᠯᠤᠨ ᠠᠳᠢᠰᠯᠠᠭᠰᠡᠨ ᠢᠶᠠᠷ ᠰᠦᠷ ᠬᠦᠴᠤᠨ  ᠲᠠᠢ ᠰᠢᠳᠢ ᠶᠢ ᠤᠯᠤᠭᠰᠠᠨ ᠠᠴᠠ ᠪᠠᠰᠠ ᠪᠠᠭᠠᠳᠤᠷ ᠤᠯᠠᠭᠠᠨ ᠤᠪᠤᠭ᠎ᠠ ᠬᠡᠮᠡᠨ ᠨᠡᠷᠡᠶᠢᠤᠨᠪᠠ᠃     ᠤᠪᠤᠭᠠᠨ ᠤ ᠪᠠᠷᠠᠭᠤᠨ ᠬᠤᠶᠢᠳᠠᠢ ᠵᠠᠭᠤ ᠠᠯᠳᠠ ᠭᠠᠵᠠᠷ ᠤᠨ ᠵᠠᠶᠢᠳᠠᠢ᠂ ᠲᠦᠷᠪᠡᠨ ᠦᠨᠳᠤᠷ ᠤᠨ ᠰᠢᠯᠢ ᠶᠢᠨ ᠤᠷᠳᠤ ᠳᠠᠪᠰᠠᠩ ᠳᠡᠬᠡᠷ᠎ᠡ ᠰᠦᠮ᠎ᠠ ᠮᠠᠶᠢᠬᠠᠨ 2᠂ ᠮᠤᠳᠤᠨ ᠬᠡᠷ 3᠂ ᠴᠡᠴᠡᠷ ᠮᠠᠶᠢᠬᠠᠨ 4 ᠪᠠᠷᠢᠭᠰᠡᠨ ᠪᠦᠬᠡᠤᠨ ᠤᠪᠤᠭᠠᠨ ᠤ ᠳᠠᠬᠢᠯᠭ᠎ᠠ ᠶᠢᠨ ᠯᠠᠮᠠ ᠬᠤᠸᠠᠷᠠᠭ ᠰᠠᠭᠠᠳᠠᠵᠤ ᠨᠤᠮ ᠬᠤᠷᠠᠯ ᠬᠤᠷᠠᠬᠤ᠂ ᠨᠤᠶᠠᠤᠨ ᠲᠦᠰᠢᠮᠡᠤᠨ ᠪᠠᠭᠤᠬᠤ ᠤᠯᠠᠨ ᠮᠦᠷᠬᠦᠯᠴᠢᠨ ᠰᠠᠭᠤᠵᠤ ᠨᠠᠶᠢᠷ ᠨᠠᠭᠠᠳᠤᠮ ᠦᠵᠡᠬᠦ ᠦᠷᠬᠡᠨ ᠳᠠᠯᠠᠪᠠᠢ ᠲᠠᠢ᠃     ᠤᠪᠤᠭᠠᠨ ᠤ ᠶᠠᠮᠤᠳᠠᠤᠨ ᠢ ᠬᠤᠰᠢᠭᠤ ᠶᠠᠮᠤᠨ ᠱᠠᠩ ᠠᠴᠠ ᠠᠯᠪᠠᠨ ᠪᠢᠴᠢᠭ ᠢᠶᠠᠷ ᠳᠤᠮᠢᠯᠠᠳᠠᠭ ᠪᠠᠶᠢᠵᠠᠢ᠃ ᠳᠠᠷᠠ ᠦᠶ᠎ᠡ ᠶᠢᠨ ᠬᠤᠰᠢᠭᠤ ᠱᠠᠩ ᠤᠨ ᠳᠡᠮᠴᠢ ᠷᠢᠨᠴᠢᠨᠳᠤᠷᠵᠢ᠂ ᠬᠤᠶᠢᠳᠤ ᠳᠠᠯ᠎ᠠ ᠶᠢᠨ ᠬᠠᠷᠢᠶᠠᠨ ᠵᠠᠯᠠᠨ ᠵᠠᠩᠬᠢ ᠳᠤᠰᠤᠨᠪᠤᠷᠤ᠂ ᠵᠡᠬᠦᠨ ᠳᠠᠯ᠎ᠠ ᠶᠢᠨ ᠬᠠᠷᠢᠶᠠᠨ ᠵᠠᠯᠠᠨ ᠵᠠᠩᠬᠢ ᠯᠤᠪᠰᠠᠩ᠂ ᠤᠷᠳᠤ ᠳᠠᠯ᠎ᠠ ᠶᠢᠨ ᠬᠠᠷᠢᠶᠠᠨ ᠵᠠᠯᠠᠨ ᠵᠠᠩᠬᠢ ᠪᠤᠷᠤᠴᠢᠯᠠᠭᠤ᠂ ᠪᠠᠷᠠᠭᠤᠨ ᠳᠠᠯ᠎ᠠ ᠶᠢᠨ ᠬᠠᠷᠢᠶᠠᠨ ᠵᠠᠯᠠᠨ ᠵᠠᠩᠬᠢ ᠨᠡᠷᠡᠨᠳᠡᠬᠦᠰ ᠵᠡᠷᠬᠡ 1 ᠳᠡᠮᠴᠢ᠂ 4 ᠵᠠᠯᠠᠨ ᠵᠠᠩᠬᠢ ᠵᠡᠷᠬᠡ 5 ᠬᠦᠮᠤᠨ ᠢᠶᠠᠷ ᠪᠦᠷᠢᠯᠳᠦᠭᠰᠡᠨ ᠤᠪᠤᠭᠠᠨ ᠶᠠᠮᠤᠳᠠᠤᠨ ᠨᠢ ᠠᠯᠢᠪᠠ ᠳᠠᠬᠢᠯᠭ᠎ᠠ ᠰᠢᠳᠤᠯᠬᠡ ᠶᠢᠨ ᠤᠶᠢᠯᠡᠰ ᠢ ᠬᠠᠮᠢᠶᠠᠷᠤᠨ ᠵᠠᠬᠢᠷᠴᠤ᠂ ᠬᠠᠷᠢᠶᠠᠳᠤ ᠬᠠᠷᠢᠶ᠎ᠠ ᠰᠤᠮᠤᠨ ᠠᠴᠠ ᠬᠤᠶᠢᠳᠤ ᠳᠠᠯ᠎ᠠ ᠶᠢᠨ ᠵᠡᠬᠦᠠᠭᠠᠷ ᠡᠯᠪᠡᠭ᠂ ᠵᠡᠬᠦᠨ ᠳᠠᠯ᠎ᠠ ᠶᠢᠨ ᠪᠤᠷᠤ ᠰᠢᠨᠡᠯᠡᠮ᠎ᠠ᠂ ᠡᠮᠤᠨ᠎ᠡ ᠳᠠᠯ᠎ᠠ ᠶᠢᠨ ᠪᠠᠶᠠᠨᠪᠠᠳᠤ᠂ ᠪᠠᠷᠠᠭᠤᠨ ᠳᠠᠯ᠎ᠠ ᠶᠢᠨ ᠵᠠ ᠯᠤᠪᠰᠠᠩ ᠵᠡᠷᠬᠡ 4 ᠳᠠᠯ᠎ᠠ ᠶᠢᠨ ᠳᠠᠴᠠᠩ ᠪᠤᠯᠤᠨ ᠳᠠᠮᠴᠢ᠂ ᠨᠢᠷᠪᠠ᠂ ᠭᠠᠯᠴᠢ ᠶᠢ ᠡᠬᠡᠯᠵᠢ ᠪᠠᠷ ᠳᠤᠬᠢᠷᠠᠭᠤᠯᠳᠠᠭ ᠪᠠᠶᠢᠵᠠᠢ᠃     ᠤᠪᠤᠭᠠᠨ ᠤ ᠳᠠᠬᠢᠯᠭ᠎ᠠ ᠶᠢᠨ ᠯᠠᠮᠠ ᠬᠤᠸᠠᠷᠠᠭ ᠢ ᠤᠳᠤᠭ ᠰᠢᠨ᠎ᠠ ᠵᠤᠤ ᠶᠢᠨ ᠰᠤᠭᠴᠢᠨ ᠶᠠᠮᠤᠨ ᠠᠴᠠ ᠠᠯᠪᠠᠨ ᠪᠢᠴᠢᠭ ᠢᠶᠠᠷ ᠳᠤᠮᠢᠯᠠᠳᠠᠭ᠃ ᠤᠪᠤᠭᠠᠨ ᠤ ᠳ᠋ᠠ ᠯᠠᠮᠠ ᠶᠢ ᠪᠠᠶᠠᠨᠳᠤᠯᠤᠭᠠᠢ ᠶᠢᠨ ᠰᠦᠮ᠎ᠡ ᠶᠢᠨ ᠭᠠᠨᠵᠤᠤᠷ ᠮᠡᠷᠬᠡᠨ ᠬᠡᠬᠡᠨ ᠬᠦᠨᠴᠦᠭᠳᠠᠮᠪᠠᠷᠠᠪᠵᠠᠢ ᠳᠡᠷᠢᠬᠦᠯᠡᠨ ᠪᠤᠰᠤᠤᠨ ᠢ ᠤᠳᠤᠭ ᠵᠤᠤ ᠶᠢᠨ 49 ᠬᠠᠷᠢᠶᠠᠳᠤ ᠬᠡᠶᠢᠤᠨ  ᠠᠴᠠ ᠨᠤᠮ ᠡᠷᠳᠠᠮ ᠳᠡᠭᠡᠨ ᠭᠠᠷᠮᠠᠭᠠᠢ ᠨᠡᠷ᠎ᠡ ᠮᠢᠨᠳᠠᠭ ᠲᠠᠢ ᠠᠷᠪᠠ ᠠᠷᠪᠠᠨ ᠯᠠᠮᠠ ᠶᠢ ᠨᠡᠷᠡᠴᠢᠯᠡᠨ ᠳᠠᠭᠤᠳᠠᠵᠤ ᠢᠷᠡᠬᠦᠯᠳᠡᠭ ᠪᠠᠶᠢᠵᠠᠢ᠃     ᠤᠯᠠᠭᠠᠨ ᠤᠪᠤᠭ᠎ᠠ ᠨᠢ ᠵᠢᠯ ᠪᠦᠷᠢ ᠶᠡᠭᠡ ᠪᠠᠭ᠎ᠠ 2 ᠤᠳᠠᠭ᠎ᠠ ᠶᠢᠨ ᠳᠠᠬᠢᠯᠭ᠎ᠠ ᠲᠠᠢ᠃      ᠠᠩᠬᠠᠳᠠᠬᠢ ᠪᠠᠭ᠎ᠠ ᠳᠠᠬᠢᠯᠭ᠎ᠠ ᠨᠢ ᠴᠠᠭᠠᠨ ᠰᠠᠷ᠎ᠠ ᠶᠢᠨ ᠰᠢᠨ᠎ᠠ ᠶᠢᠨ ᠭᠤᠷᠪᠠᠨ ᠳᠤ ᠤᠳᠤᠭ ᠨᠤᠶᠠᠨ ᠲᠦᠰᠢᠮᠡᠯ ᠳᠠᠭᠠᠯ ᠲᠠᠢ᠂ ᠱᠠᠩ ᠤᠨ ᠳᠡᠮᠴᠢ᠂ ᠤᠪᠤᠭᠠᠨ ᠳᠠᠭᠠᠭᠠᠮᠠᠯ ᠲᠠᠢ᠂ ᠨᠤᠶᠠᠨ ᠱᠠᠩ ᠤᠨ ᠭᠤᠨᠢᠷ ᠵᠡᠷᠬᠡ ᠬᠡᠳᠤᠨ ᠬᠦᠮᠤᠨ ᠤᠪᠤᠭᠠᠨ ᠳᠤ ᠮᠦᠷ ᠭᠠᠷᠴᠤ ᠰᠤᠭ ᠳᠡᠬᠡᠵᠢ᠂ ᠴᠠᠭᠠᠨ ᠢᠳᠡᠬᠡᠨ ᠢᠶᠠᠷ ᠳᠡᠮᠵᠡᠨ ᠳᠠᠬᠢᠵᠤ᠂ ᠨᠠᠮᠳᠠᠭ ᠰᠠᠩ ᠤᠩᠰᠢᠵᠤ ᠵᠤᠯᠠ ᠬᠦᠵᠢ ᠠᠰᠠᠭᠠᠨ ᠰᠠᠩ ᠰᠠᠷᠵᠢᠮ ᠡᠷᠬᠦᠵᠤ ᠵᠢᠯ ᠤᠨ ᠠᠩᠬᠠᠨ ᠤ ᠳᠠᠭᠠᠤᠨᠬᠠᠯ ᠬᠢᠳᠡᠭ᠃     ᠳᠠᠷᠠᠭᠠᠬᠢ ᠶᠡᠭᠡ ᠳᠠᠬᠢᠯᠭ᠎ᠠ ᠨᠢ ᠨᠠᠢᠮᠠᠨ ᠰᠠᠷ᠎ᠠ ᠶᠢᠨ ᠰᠢᠨ᠎ᠡ ᠶᠢᠨ ᠨᠢᠬᠡᠨ ᠠᠴᠠ ᠤᠪᠤᠭᠠᠨ ᠶᠠᠮᠤᠳᠠᠤᠨ ᠳᠠᠭᠠᠭᠠᠮᠠᠯ᠂ ᠳᠠᠴᠠᠩ᠂ ᠯᠠᠮᠠ ᠬᠤᠸᠠᠷᠠᠭ ᠴᠤᠭᠯᠠᠷᠠᠵᠤ᠂ ᠤᠳᠤᠭ ᠵᠤᠤ ᠶᠢᠨ ᠭᠠᠨᠵᠤᠤᠷ ᠨᠤᠮ ᠢ ᠵᠠᠯᠠᠵᠤ 7 ᠡᠳᠤᠷ ᠤᠨ ᠭᠠᠨᠵᠤᠤᠷ ᠬᠤᠷᠠᠵᠤ ᠪᠦᠳᠤᠬᠡᠬᠦᠯ ᠪᠦᠳᠤᠬᠡᠵᠤ᠂ 5 ᠡᠳᠤᠷ ᠤᠨ ᠪᠤᠮ ᠳ᠋ᠠᠷ᠎ᠠ ᠡᠬᠡ ᠤᠩᠰᠢᠵᠤ ᠠᠷᠪᠠᠨ ᠭᠤᠷᠪᠠᠨ ᠤ ᠦᠷᠯᠤᠬᠡ ᠠᠴᠠ ᠬᠤᠰᠢᠭᠤ ᠨᠤᠶᠠᠨ᠂ ᠬᠠᠳᠤᠨ ᠲᠦᠰᠢᠮᠡᠯ ᠨᠠᠷ ᠰᠠᠭᠠᠳᠠᠵᠤ᠂ ᠤᠪᠤᠭᠠᠨ ᠳᠤ ᠳᠠᠭᠠᠭᠠᠮᠠᠯ᠂ ᠳᠠᠴᠠᠩ᠂ ᠬᠤᠰᠢᠭᠤ ᠱᠠᠩ ᠶᠠᠮᠤ᠂ ᠬᠠᠷᠢᠶ᠎ᠠ ᠰᠤᠮᠤ᠂ ᠬᠡᠶᠢᠤᠨ ᠰᠦᠮ᠎ᠡ᠂ ᠤᠯᠠᠨ ᠦᠭᠯᠢᠬᠡ ᠶᠢᠨ ᠡᠵᠡᠨ ᠠᠴᠠ ᠬᠤᠨᠢ ᠦᠤᠩᠡ ᠰᠢᠬᠦᠰᠤ᠂ ᠴᠠᠢ᠂ ᠰᠤᠭ ᠳᠡᠬᠡᠵᠢ᠂ ᠬᠠᠳᠠᠭ ᠰᠠᠮᠪᠠᠢ᠂ ᠴᠠᠭᠠᠨ ᠢᠳᠡᠬᠡᠨ᠂ ᠳᠤᠷᠭ᠎ᠠ ᠳᠤᠷᠳᠤᠩ᠂ ᠵᠤᠭᠤᠰ ᠮᠦᠩᠬᠦ ᠵᠡᠷᠬᠡ ᠶᠢᠨ ᠶᠡᠭᠡ ᠡᠷᠬᠦᠯᠳᠠ ᠡᠷᠬᠦᠬᠦ ᠶᠢᠨ ᠬᠠᠮᠳᠤ 10 ᠭᠠᠷᠤᠢ ᠬᠤᠨᠢᠨ ᠦᠤᠩᠡ ᠪᠠᠷ ᠳᠠᠮᠵᠠᠨ ᠵᠠᠩᠭᠠᠨ ᠢ ᠳᠠᠬᠢᠵᠤ ᠨᠠᠮᠳᠠᠭ ᠰᠠᠩ ᠤᠩᠰᠢᠵᠤ᠂ ᠨᠠᠮᠰᠠᠷᠠᠢ ᠶᠢᠨ ᠳᠠᠯᠠᠯᠭ᠎ᠠ ᠳᠠᠯᠠᠯᠤᠨ ᠰᠠᠩ ᠰᠠᠷᠵᠢᠮ ᠬᠦᠵᠢ ᠵᠤᠯᠠ ᠡᠷᠬᠦᠵᠤ ᠶᠡᠭᠡ ᠳᠠᠬᠢᠯᠭ᠎ᠠ ᠳᠠᠬᠢᠳᠠᠭ᠃     ᠳᠠᠬᠢᠯᠭ᠎ᠠ ᠶᠢᠨ ᠳᠠᠷᠠᠭ᠎ᠠ ᠤᠪᠤᠭᠠᠨ ᠤ ᠬᠡᠰᠢᠭ ᠲᠦᠬᠡᠬᠡᠵᠤ 64 ᠪᠦᠬᠡ ᠪᠠᠷᠢᠯᠳᠤᠭᠤᠯᠵᠤ᠂ 36 ᠮᠤᠷᠢ ᠶᠢ 40 ᠭᠠᠵᠠᠷ ᠤᠨ ᠦᠵᠤᠬᠦᠷ ᠠᠴᠠ ᠤᠷᠤᠯᠳᠤᠭᠤᠯᠳᠠᠭ᠃ ᠢᠩᠬᠢᠬᠡᠤᠨ ᠪᠦᠬᠡ ᠶᠢᠨ ᠳᠡᠷᠢᠬᠦᠨ᠂ ᠮᠤᠷᠢᠨ ᠤ ᠳᠡᠷᠢᠬᠦᠨ ᠳᠤ ᠨᠢ ᠮᠤᠷᠢᠨ ᠤ ᠱᠠᠩᠨᠠᠯ᠂ ᠳᠡᠳ᠋ ᠲᠤ ᠨᠢ ᠦᠬᠡᠷ ᠤᠨ ᠱᠠᠩᠨᠠᠯ᠂ ᠭᠤᠷᠪᠠᠳᠤᠭᠠᠷ ᠲᠤ  ᠨᠢ ᠬᠤᠨᠢᠨ ᠤ ᠱᠠᠩᠨᠠᠯ ᠬᠦᠷᠳᠡᠬᠡᠳᠡᠭ ᠪᠠᠶᠢᠵᠠᠢ᠃     ᠤᠪᠤᠭᠠᠨ ᠤ ᠳᠠᠬᠢᠯᠭ᠎ᠠ ᠶᠢᠨ ᠴᠠᠭ ᠲᠤ ᠠᠷᠢᠬᠢ ᠳᠠᠮᠠᠬᠢ ᠳᠠᠳᠠᠬᠤ ᠶᠢ ᠡᠷᠡᠰ ᠴᠡᠬᠡᠷᠯᠡᠳᠡᠭ ᠪᠦᠬᠡᠤᠨ ᠬᠠᠳᠤᠤᠨ ᠡᠮᠡᠭᠳᠡᠢ ᠦᠬᠢᠤᠨ 7 ᠠᠯᠳᠠ ᠭᠠᠵᠠᠷ ᠤᠨ ᠳᠤᠳᠤᠷ᠎ᠠ ᠤᠷᠤᠵᠤ ᠪᠤᠯᠬᠤ ᠦᠬᠡᠢ ᠪᠦᠬᠡᠤᠨ ᠬᠤᠷᠢᠭᠤᠯ ᠤᠨ ᠭᠠᠳᠠᠨ᠎ᠠ ᠠᠴᠠ ᠮᠦᠷᠬᠦᠬᠦ ᠪᠤᠶᠤ ᠦᠵᠡᠳᠡᠭ ᠪᠠᠶᠢᠵᠠᠢ᠃     ᠡᠳᠤᠬᠡ ᠴᠤ ᠬᠡᠤᠨ ᠴᠠᠭᠠᠠᠨᠠᠭᠤᠷ ᠭᠠᠴᠠᠭᠠᠨ ᠤ ᠳᠡᠯᠬᠡᠷ ᠵᠡᠷᠬᠡ ᠨᠤᠳᠤᠭ ᠤᠰᠤᠨ ᠤ ᠤᠯᠠᠨ ᠲᠦᠮᠡᠨ ᠠᠴᠠ ᠤᠭ ᠤᠨ ᠶᠤᠰᠤᠭᠠᠷ ᠨᠠᠢᠮᠠᠨ ᠰᠠᠷ᠎ᠠ ᠶᠢᠨ ᠠᠷᠪᠠᠨ ᠭᠤᠷᠪᠠᠨ ᠳᠤ ᠬᠤᠨᠢᠨ ᠦᠤᠩᠡ ᠰᠢᠬᠦᠰᠤ᠂ ᠰᠤᠭ ᠳᠡᠬᠡᠵᠢ ᠪᠠᠷ ᠳᠠᠬᠢᠵᠤ ᠵᠤᠯᠠ ᠬᠦᠵᠢ ᠠᠰᠠᠭᠠᠵᠤ ᠰᠠᠩ ᠰᠠᠷᠵᠢᠮ ᠡᠷᠬᠦᠭᠰᠡᠬᠡᠷ ᠪᠤᠢ᠃ ᠤᠷᠴᠢᠮ ᠤᠨ ᠵᠢᠯ ᠤᠳ  ᠠᠴᠠ ᠨᠢᠬᠡᠨ ᠬᠢᠳᠠᠤᠨ ᠬᠦᠮᠤᠨ ᠳᠠᠬᠢᠭᠰᠡᠨ ᠠᠴᠠ ᠤᠴᠢᠷ ᠪᠤᠯᠵᠤ ᠨᠢᠬᠡ ᠦᠶ᠎ᠡ ᠬᠤᠶᠢᠰᠢᠯᠠᠭᠠᠤᠨ ᠡᠳᠤᠬᠡ ᠲᠦᠮᠡᠨᠳᠤᠭᠳᠠᠬᠤ ᠲᠦᠮᠡᠨᠳᠡᠯᠬᠡᠷ ᠨᠠᠷ ᠳᠠᠭᠠᠭᠠᠮᠠᠯ ᠤᠨ ᠳᠤᠰᠢᠶᠡᠯ ᠢ ᠬᠠᠷᠢᠭᠤᠴᠠᠵᠤ ᠤᠭ ᠤᠨ ᠵᠤᠷᠰᠢᠯ ᠶᠤᠰᠤᠭᠠᠷ ᠳᠠᠬᠢᠨ ᠰᠡᠷᠬᠦᠬᠡᠨ ᠳᠠᠬᠢᠵᠤ ᠪᠤᠢ᠃     ᠡᠨᠡ ᠤᠪᠤᠭᠠᠨ ᠤ ᠳᠤᠬᠠᠢ ᠡᠶᠢᠮᠤ ᠨᠢᠬᠡᠨ ᠳᠤᠮᠤᠭ ᠶᠠᠷᠢᠶ᠎ᠠ ᠪᠠᠶᠢᠳᠠᠭ᠄     ᠤᠤᠯ ᠨᠢ ᠤᠳᠤᠭ ᠱᠠᠩ ᠨᠢ ᠤᠳᠤ ᠶᠢᠨ ᠤᠳᠤᠭ ᠬᠤᠰᠢᠭᠤᠨ ᠤ ᠴᠠᠭᠠᠠᠨᠠᠭᠤᠷ ᠰᠤᠮᠤᠨ ᠤ ᠬᠠᠮᠤᠭ ᠤᠨ ᠵᠡᠬᠦᠨ ᠪᠡᠶ᠎ᠡ ᠳᠤ ᠪᠠᠶᠢᠭ᠎ᠠ ᠨᠠᠷᠢᠨ ᠨᠠᠭᠤᠷ ᠤᠨ ᠬᠤᠶᠢᠳᠤ ᠡᠬᠢᠨ ᠳᠠᠬᠢ ᠨᠠᠬᠢᠶ᠎ᠠ ᠬᠡᠳᠡᠭ ᠬᠤᠤᠨᠳᠤᠭ ᠤᠨ ᠵᠡᠬᠦᠨ ᠬᠤᠶᠢᠳᠠᠢ ᠪᠠᠶᠢᠵᠠᠢ᠃ ᠳᠠᠷᠠ ᠦᠶ᠎ᠡ ᠳᠤ ᠱᠠᠩ ᠤᠨ ᠤᠷᠳᠤᠨ ᠤ ᠬᠤᠶᠢᠳᠠᠢ ᠪᠠᠶᠠᠨ ᠦᠨᠳᠤᠷ ᠤᠨ ᠤᠷᠤᠢ ᠳᠡᠬᠡᠷ᠎ᠡ ᠠᠯᠳᠠᠨ ᠰᠤᠪᠤᠷᠭ᠎ᠠ ᠲᠠᠢ ᠬᠤᠪᠤᠷ ᠨᠠᠨᠳᠢᠨ ᠡᠳ᠋ ᠡᠷᠳᠡᠨᠢᠰ ᠲᠠᠢ ᠬᠤᠰᠢᠭᠤ ᠤᠪᠤᠭ᠎ᠠ ᠪᠠᠨ ᠪᠤᠰᠬᠠᠵᠤ ᠳᠠᠬᠢᠵᠤ ᠪᠠᠶᠢᠵᠠᠢ᠃ ᠰᠡᠬᠦᠯ ᠳᠤ ᠨᠢ ᠴᠠᠭ ᠡᠷᠢᠨ ᠤ ᠪᠠᠶᠢᠳᠠᠯ ᠮᠠᠭᠤ ᠠᠴᠠ ᠪᠤᠯᠤᠭᠰᠠᠨ ᠶᠤᠮ ᠤᠤ︖ ᠨᠠᠬᠢᠶ᠎ᠠ ᠬᠡᠳᠡᠭ ᠭᠠᠵᠠᠷ ᠤᠨ ᠨᠠᠷ᠎ᠠ ᠠᠴᠠ ᠪᠤᠯᠤᠭᠰᠠᠨ ᠶᠤᠮ ᠤᠤ︖ ᠪᠤᠤ ᠮᠡᠳᠠ︕ ᠤᠳᠤ ᠶᠢᠨ ᠤᠯᠠᠭᠠᠨᠪᠠᠯᠭᠠᠰᠤᠨ ᠤ ᠳᠡᠷᠬᠡᠳᠠ ᠱᠠᠩ ᠤᠷᠳᠤᠨ ᠢᠶᠠᠨ ᠨᠡᠬᠦᠯᠬᠡᠨ ᠪᠠᠶᠢᠭᠤᠯᠵᠠᠢ᠃ ᠢᠩᠬᠢᠬᠡᠤᠨ ᠤᠤᠯ ᠤᠨ ᠤᠪᠤᠭᠠᠨ ᠤ ᠠᠯᠳᠠᠨ ᠰᠤᠪᠤᠷᠭ᠎ᠠ ᠪᠤᠯᠤᠨ ᠠᠯᠢᠪᠠ ᠬᠤᠪᠤᠷ ᠨᠠᠨᠳᠢᠨ ᠡᠳ᠋ ᠡᠷᠳᠡᠨᠢᠰ ᠢᠶᠠᠨ ᠠᠭᠤᠳᠠᠯᠯᠠᠨ ᠠᠪᠴᠤ ᠤᠳᠤ ᠶᠢᠨ ᠪᠠᠭᠠᠳᠤᠷ ᠤᠯᠠᠭᠠᠨ ᠤᠪᠤᠭ᠎ᠠ ᠪᠠᠨ ᠪᠤᠰᠬᠠᠬᠤ ᠳᠤ ᠦᠨᠳᠤᠷ ᠤᠯᠠᠭᠠᠨ ᠬᠠᠳᠠᠨ ᠤᠷᠤᠢ ᠶᠢᠨ ᠵᠡᠬᠦᠨ ᠤᠷᠳᠤ ᠳᠠᠯ᠎ᠠ ᠠᠴᠠ ᠨᠢ ᠮᠠᠯᠳᠠᠵᠤ ᠤᠪᠤᠭ᠎ᠠ ᠪᠤᠰᠬᠠᠬᠤ ᠭᠠᠵᠠᠷ ᠤᠨ ᠠᠰ ᠳᠤᠤᠷ᠎ᠠ ᠨᠢ 4 ᠬᠠᠨᠠᠳᠤ ᠬᠡᠷ ᠤᠨ ᠴᠢᠨᠡᠬᠡᠨ ᠳᠤᠭᠤᠢ ᠳᠤᠭᠤᠷᠢᠭ ᠨᠦᠬᠡ ᠶᠢ ᠬᠡᠪ ᠤᠨ ᠴᠠᠢ ᠪᠠᠷ ᠬᠠᠰᠢᠵᠤ ᠪᠢᠳᠡᠬᠦᠯᠡᠬᠡᠤᠨ ᠳᠤᠳᠤᠷ᠎ᠠ ᠨᠢ  ᠪᠢᠳᠡᠬᠦᠤ ᠬᠠᠯᠳᠠᠷ ᠰᠠᠬᠠᠯ ᠲᠠᠢ ᠪᠠᠭᠠᠳᠤᠷ ᠡᠷ᠎ᠡ ᠶᠢ ᠠᠷᠢᠬᠢ ᠤᠤᠭᠤᠯᠭᠠᠵᠤ ᠰᠤᠭᠳᠤᠭᠠᠭᠠᠤᠨ ᠴᠠᠭᠠᠨ ᠬᠠᠯᠢᠭᠤᠨ ᠮᠤᠷᠢ ᠤᠨᠤᠭᠤᠯᠵᠤ ᠰᠠᠭᠠᠳᠠᠭ ᠨᠤᠮᠤ ᠰᠤᠮᠤ ᠡᠬᠦᠷᠬᠡᠵᠤ᠂ ᠠᠯᠳᠠᠨ ᠰᠤᠪᠤᠷᠭ᠎ᠠ ᠶᠢ ᠨᠢ ᠪᠠᠷᠢᠭᠤᠯᠵᠤ ᠡᠨᠡ ᠤᠪᠤᠭᠠᠨ ᠳᠤ ᠱᠠᠩ ᠳᠠᠷᠤᠭᠰᠠᠨ ᠬᠡᠨ᠎ᠡ᠃ ᠢᠩᠬᠢᠭᠰᠡᠨ ᠠᠴᠠ ᠡᠨᠡ ᠤᠪᠤᠭ᠎ᠠ ᠶᠢ ᠪᠠᠭᠠᠳᠤᠷ ᠳᠤᠭᠰᠢᠨ ᠰᠠᠬᠢᠭᠤᠯᠰᠤᠨ ᠡᠵᠡᠯᠡᠭᠰᠡᠨ ᠬᠡᠵᠤ ︽ᠪᠠᠭᠠᠳᠤᠷ ᠤᠯᠠᠭᠠᠨ ᠤᠪᠤᠭ᠎ᠠ︾ ᠬᠡᠵᠤ ᠨᠡᠷᠡᠶᠢᠳᠦᠭᠰᠡᠨ ᠬᠡᠨ᠎ᠡ᠃
ᠢᠷᠡᠯᠲᠡ᠄ ᠤᠳᠤᠭ ᠤᠨ ᠤᠪᠤᠭ᠎ᠠ ᠤᠷᠤᠤᠨ