ᠳᠡᠭᠷᠢ ᠴᠡᠯᠮᠡᠭ ᠳᠤᠩᠭᠠᠯᠠᠭ᠂ ᠳᠡᠷᠳᠡᠭᠡ ᠳᠤ ᠬᠦᠮᠤᠰ ᠲᠦᠮᠤᠰᠤ ᠳᠡᠬᠦᠬᠡᠤᠨ ᠶᠠᠭᠠᠷᠠᠯᠳᠤᠵᠤ ᠪᠠᠶᠢᠯ᠎ᠠ᠃ ᠵᠠᠷᠢᠮ ᠨᠢ ᠡᠯᠡᠰᠤᠨ ᠠᠴᠠ ᠰᠠᠯᠭᠠᠵᠤ᠂ ᠵᠠᠷᠢᠮ ᠨᠢ | ᠶᠡᠭᠡ ᠪᠠᠭ᠎ᠠ ᠶᠢ ᠨᠢ ᠢᠯᠭᠠᠨ᠂ ᠪᠠᠰᠠ ᠵᠠᠷᠢᠮ ᠨᠢ ᠪᠦᠯᠦᠭ ᠬᠤᠪᠢᠶᠠᠨ ᠰᠠᠪᠠᠯᠠᠵᠤ ᠪᠠᠶᠢᠪᠠ᠃ ᠡᠨᠡ ᠪᠤᠯ ᠤᠯᠵᠠᠴᠢ ᠪᠠᠯᠭᠠᠰᠤᠨ ᠤ ᠲᠦᠮᠤᠰᠤᠨ ᠳᠠᠷᠢᠶᠠᠨ ᠳᠠᠬᠢ | ᠡᠯᠪᠡᠭ ᠬᠤᠷᠢᠶᠠᠯᠳᠠ ᠶᠢᠨ ᠦᠵᠡᠭᠳᠡᠯ ᠪᠤᠯᠤᠨ᠎ᠠ᠃ ᠠᠳᠡᠬᠢ ᠲᠦᠮᠤᠰᠤᠨ ᠤ ᠠᠮᠳᠠ ᠨᠢ ᠰᠠᠶᠢᠨ᠂ ᠬᠠᠳᠠᠭᠠᠯᠠᠬᠤ ᠳᠤ ᠳᠠᠭᠠᠭᠠᠮᠠᠭᠠᠢ᠂ ᠴᠠᠷᠳᠠᠭᠤᠯ ᠤᠨ | ᠠᠭᠤᠯᠤᠭᠳᠠᠴᠠ ᠦᠨᠳᠤᠷ᠂ ᠵᠤᠬᠢᠴᠠᠬᠤ ᠴᠢᠨᠠᠷ ᠢᠶᠠᠷ ᠴᠢᠩᠭ᠎ᠠ ᠪᠤᠯᠬᠤᠷ ᠭᠠᠳᠠᠷ ᠤᠷᠤᠨ ᠤ ᠠᠷᠠᠯᠵᠢᠶᠠᠴᠢᠤᠨ ᠶᠡᠬᠡᠳᠠ ᠳᠠᠭᠠᠰᠢᠶᠠᠵᠤ ᠪᠠᠶᠢᠯ᠎ᠠ᠃ | ︽ᠤᠶᠢᠷ᠎ᠠ ᠳᠤ ᠤᠯᠵᠠᠴᠢ ᠪᠠᠯᠭᠠᠰᠤᠨ ᠳᠤ ᠲᠦᠮᠤᠰᠤ ᠬᠤᠷᠢᠶᠠᠬᠤ ᠪᠠᠷ ᠢᠷᠡᠵᠡᠢ᠂ ᠦᠨᠤᠳᠤᠷ ᠪᠢ ᠬᠤᠶᠠᠷ ᠴᠢᠷᠤᠬᠦᠯ ᠳᠡᠷᠬᠡ ᠳᠡᠬᠡᠬᠡᠭᠰᠡᠨ ᠶᠤᠮ᠂ ᠠᠳᠡᠬᠢ | ᠲᠦᠮᠤᠰᠤ ᠶᠢᠨ ᠴᠢᠨᠠᠷ ᠰᠠᠶᠢᠨ᠂ ᠶᠡᠭᠡ ᠮᠦᠷᠳᠡᠬᠡᠨ ᠲᠦᠬᠦᠷᠢᠭ᠂ ᠮᠠᠨ ᠤ ᠳᠡᠨᠳᠡᠬᠢ ᠶᠢᠨ ᠵᠠᠬ᠎ᠠ ᠳᠡᠯᠬᠡᠬᠦᠷ ᠲᠤ ᠪᠤᠷᠤᠯᠠᠭᠤᠯᠭ᠎ᠠ ᠰᠠᠶᠢᠳᠠᠢ ᠪᠠᠶᠢᠨ᠎ᠠ︾ ᠬᠡᠵᠤ ᠰᠢ | ᠠᠨ ᠠᠴᠠ ᠢᠷᠡᠭᠰᠡᠨ ᠬᠤᠳᠠᠯᠳᠤᠭᠠᠴᠢᠨ ᠪᠠᠢ ᠱᠤᠸᠠᠨ ᠢᠤᠢ ᠬᠡᠯᠡᠵᠤ ᠪᠠᠶᠢᠪᠠ᠃ | ᠵᠤᠤ ᠠᠪᠤᠭᠠᠢ ᠤᠯᠠᠨ ᠵᠢᠯ ᠲᠦᠮᠤᠰᠤ ᠳᠠᠷᠢᠭᠰᠡᠨ ᠳᠤᠷᠰᠢᠯᠭ᠎ᠠ ᠲᠠᠢ ᠪᠤᠯᠬᠤᠷ ᠲᠦᠮᠤᠰᠤᠨ ᠬᠦᠷᠤᠩᠬᠡ ᠪᠠᠨ ᠵᠦᠪ ᠰᠤᠩᠭᠤᠨ ᠪᠤᠶᠢᠵᠢᠭᠤᠯᠤᠭᠰᠡᠨ ᠪᠦᠬᠡᠤᠨ | ᠳᠠᠷᠢᠶᠠᠯᠠᠩ ᠤᠨ ᠪᠤᠷᠳᠤᠭᠤᠷ ᠢᠶᠠᠷ ᠳᠠᠷᠢᠶᠠᠨ ᠭᠠᠵᠠᠷ ᠤᠨ ᠰᠠᠭᠤᠷᠢ ᠪᠤᠷᠳᠤᠭᠤᠷ ᠪᠤᠯᠭᠠᠭᠰᠡᠨ ᠳᠤᠯᠠ ᠳᠠᠳᠠᠨ ᠤ ᠲᠦᠮᠤᠰᠤ ᠶᠢᠨ ᠶᠠᠰᠤ ᠴᠢᠨᠠᠷ ᠢ ᠤᠨᠴᠠᠭᠠᠢ ᠰᠠᠶᠢᠨ | ᠪᠤᠯᠭᠠᠵᠠᠢ᠃ ᠵᠤᠤ ᠠᠪᠤᠭᠠᠢ ᠬᠡᠯᠡᠬᠦ ᠳᠤ ᠪᠠᠨ᠂ ︽ᠦᠩᠬᠡᠷᠡᠭᠰᠡᠨ ᠳᠤ ᠲᠦᠮᠤᠰᠤ ᠳᠠᠷᠢᠵᠤ ᠪᠠᠶᠢᠬᠤ ᠨᠢ ᠴᠠᠤᠨᠳᠠᠯᠠ ᠢᠳᠡᠬᠦ ᠶᠢᠨ ᠲᠦᠯᠤᠬᠡ ᠶᠤᠮ᠂ ᠤᠳᠤ | ᠲᠦᠮᠤᠰᠤ ᠳᠠᠷᠢᠵᠤ ᠪᠠᠶᠢᠬᠤ ᠨᠢ ᠵᠤᠭᠤᠰ ᠤᠯᠬᠤ ᠶᠢᠨ ᠲᠦᠯᠤᠬᠡ ᠶᠤᠮ᠂ ᠪᠢ ᠡᠨᠡ ᠵᠢᠯ ᠠᠳᠠ ᠠᠴᠠ 200 ᠮᠤ᠋ ᠭᠠᠵᠠᠷ ᠲᠦᠷᠢᠶᠡᠰᠤᠯᠡᠬᠡᠤᠨ ᠲᠦᠮᠤᠰᠤ | ᠳᠠᠷᠢᠭᠰᠡᠨ᠂ ᠤᠳᠤᠬᠠᠨ ᠤ ᠪᠠᠶᠢᠳᠠᠯ ᠢᠶᠠᠷ ᠦᠵᠡᠪᠡᠯ ᠡᠨᠡ ᠵᠢᠯ ᠴᠤ ᠡᠯᠪᠡᠭ ᠬᠤᠷᠢᠶᠠᠯᠳᠠ ᠤᠯᠬᠤ ᠵᠢᠯ ᠮᠦᠨ︾ ᠬᠡᠵᠤ ᠪᠠᠶᠢᠪᠠ᠃ | ᠤᠳᠤᠬᠠᠨ ᠤ ᠤᠨᠠᠯᠳᠠ ᠪᠠᠷ ᠵᠢᠱᠢᠪᠡᠯ᠂ ᠵᠤᠤ ᠠᠪᠤᠭᠠᠢ ᠮᠤ᠋ ᠪᠦᠷᠢ ᠠᠴᠠ 9000 ᠵᠢᠩ ᠲᠦᠮᠤᠰᠤ ᠬᠤᠷᠢᠶᠠᠵᠤ᠂ ᠠᠳᠠᠭ ᠲᠤ ᠪᠠᠨ ᠨᠢᠬᠡ ᠲᠦᠮᠡᠨ ᠳᠠᠪᠤᠨ | ᠮᠢᠩᠭᠠᠨ ᠲᠦᠬᠦᠷᠢᠭ ᠬᠤᠳᠠᠯᠳᠤᠨ᠎ᠠ᠂ ᠠᠯᠢᠪᠠ ᠵᠠᠷᠤᠳᠠᠯ ᠢᠶᠠᠨ ᠭᠠᠷᠭᠠᠪᠠᠯ᠂ ᠮᠤ᠋ ᠪᠦᠷᠢ ᠠᠴᠠ 3000 ᠭᠠᠷᠤᠢ ᠲᠦᠬᠦᠷᠢᠭ ᠤᠨ ᠴᠡᠪᠡᠷ ᠤᠷᠤᠯᠭ᠎ᠠ ᠤᠯᠵᠤ ᠴᠢᠳᠠᠬᠤ | ᠪᠤᠯᠬᠤᠷ ᠲᠦᠷᠢᠶᠡᠰᠤᠯᠡᠭᠰᠡᠨ ᠭᠠᠵᠠᠷ ᠠᠴᠠ ᠠᠳᠠᠭ ᠲᠤ ᠪᠠᠨ ᠳᠠᠪᠢᠨ ᠲᠦᠮᠡᠨ ᠲᠦᠬᠦᠷᠢᠭ ᠤᠨ ᠤᠷᠤᠯᠭ᠎ᠠ ᠤᠯᠬᠤ ᠶᠤᠮ ᠪᠠᠶᠢᠨ᠎ᠠ᠃ | ᠭᠠᠵᠠᠷ ᠰᠢᠷᠤᠢ ᠶᠢ ᠬᠡᠪᠴᠢᠶᠡᠵᠢᠬᠦᠯᠤᠨ ᠡᠵᠡᠩᠨᠡᠬᠦ᠂ ᠳᠠᠷᠢᠶᠠᠯᠠᠩ ᠢ ᠤᠳᠤᠬᠢᠴᠢᠯᠠᠬᠤ ᠵᠡᠷᠬᠡ ᠬᠦᠭᠵᠢᠯᠳᠠ ᠨᠢ ᠳᠠᠷᠢᠶᠠᠴᠢᠤᠨ ᠢ ᠨᠠᠩ ᠤᠯᠠᠨ ᠬᠦᠳᠡᠯᠮᠤᠷᠢ | ᠬᠦᠴᠤᠨ ᠲᠠᠢ ᠪᠤᠯᠭᠠᠵᠤ᠂ ᠳᠠᠷᠢᠮᠠᠯ ᠤᠨ ᠪᠤᠰᠤ ᠬᠤᠭᠤᠴᠠᠭᠠᠨ ᠳᠤ ᠬᠦᠯᠤᠰᠤᠨ ᠠᠵᠢᠯ ᠬᠢᠭᠰᠡᠨ ᠴᠤ ᠪᠠᠰᠠ ᠨᠢᠬᠡ ᠬᠤᠪᠢ ᠢᠯᠡᠬᠦᠴᠠ ᠤᠷᠤᠯᠭ᠎ᠠ ᠶᠢ ᠨᠡᠮᠡᠭᠳᠡᠬᠦᠯᠵᠤ | ᠪᠤᠯᠬᠤ ᠶᠤᠮ ᠪᠠᠶᠢᠨ᠎ᠠ᠂ ᠤᠯᠵᠠᠴᠢ ᠭᠠᠴᠠᠭᠠᠨ ᠤ ᠸᠠᠩ ᠵᠠᠨ ᠴᠢᠶᠠᠩ ᠶᠠᠭ ᠢᠩᠬᠢᠵᠤ ᠤᠷᠤᠯᠭ᠎ᠠ ᠪᠠᠨ ᠨᠡᠮᠡᠭᠳᠡᠬᠦᠯᠵᠤ ᠴᠢᠳᠠᠭᠰᠡᠨ ᠶᠤᠮ᠃ ︽ᠪᠢ ᠠᠳᠠ ᠲᠦᠮᠤᠰᠤ | ᠳᠡᠬᠦᠵᠤ ᠪᠠᠶᠢᠨ᠎ᠠ᠂ ᠡᠳᠤᠷ ᠲᠤ ᠪᠠᠰᠠ ᠭᠤᠷᠪᠠᠨ ᠵᠠᠭᠤ ᠭᠠᠷᠤᠢ ᠲᠦᠬᠦᠷᠢᠭ ᠤᠨ ᠤᠷᠤᠯᠭ᠎ᠠ ᠤᠯᠵᠤ᠂ ᠬᠡᠷ ᠤᠨ ᠠᠮᠢᠳᠤᠷᠠᠯ ᠢᠶᠠᠨ ᠰᠠᠭᠠᠳᠠᠭᠠᠬᠤ ᠦᠬᠡᠢ᠂ ᠠᠳᠠ | ᠬᠦᠯᠤᠰᠤᠨ ᠠᠵᠢᠯ ᠬᠢᠬᠦ ᠶᠢ ᠴᠤ ᠰᠠᠭᠠᠳᠠᠭᠠᠬᠤ ᠦᠬᠡᠢ᠂ ᠰᠠᠷ᠎ᠠ ᠳᠤᠳᠤᠮ ᠲᠦᠮᠡ ᠰᠢᠬᠠᠮ ᠲᠦᠬᠦᠷᠢᠭ ᠤᠯᠤᠨ᠎ᠠ︾ ᠬᠡᠵᠤ ᠢᠨᠢᠶᠡᠮᠰᠦᠭᠯᠡᠨ ᠶᠠᠷᠢᠨ᠎ᠠ᠃ | ᠳᠠᠶᠢᠮᠤ ᠡ᠂ ︽ᠬᠡᠳᠡᠰᠤ ᠴᠠᠤᠨᠬᠤ ᠶᠢᠨ ᠲᠦᠯᠤᠬᠡ ᠳᠠᠷᠢᠳᠠᠭ︾ ᠪᠠᠶᠢᠭᠰᠡᠨ ᠠᠴᠠ ᠪᠠᠨ ︽ᠪᠠᠶᠠᠵᠢᠨ ᠴᠢᠨᠡᠬᠡᠯᠢᠭᠵᠢᠬᠦ ᠶᠢᠨ ᠲᠦᠯᠤᠬᠡ ᠳᠠᠷᠢᠬᠤ︾ ᠪᠤᠯᠳᠠᠯ᠎ᠠ᠂ | ᠤᠯᠵᠠᠴᠢ ᠪᠠᠯᠭᠠᠰᠤᠨ ᠤ ᠲᠦᠮᠤᠰᠤᠨ ᠤ ᠤᠶᠢᠯᠡᠰ ᠶᠠᠭ ᠰᠠᠶᠢᠬᠠᠨ ᠦᠷᠨᠢᠨ ᠪᠠᠳᠠᠷᠠᠵᠤ᠂ ᠳᠤᠬᠠᠢ ᠶᠢᠨ ᠭᠠᠵᠠᠷ ᠤᠨ ᠬᠠᠮᠤᠭ ᠠᠴᠠ ᠶᠡᠭᠡ ᠳᠠᠯᠳᠠ ᠬᠦᠴᠤᠨ ᠲᠠᠢ | ᠠᠵᠤ ᠤᠶᠢᠯᠡᠰ᠂ ᠬᠦᠭᠵᠢᠯᠳᠠ ᠶᠢᠨ ᠢᠷᠡᠬᠡᠳᠤᠢ ᠲᠠᠢ ᠠᠵᠤ ᠤᠶᠢᠯᠡᠰ᠂ ᠠᠷᠠᠤᠨ ᠢ ᠪᠠᠶᠠᠵᠢᠭᠤᠯᠬᠤ ᠠᠵᠤ ᠤᠶᠢᠯᠡᠰ ᠪᠤᠯᠵᠤ ᠪᠠᠶᠢᠨ᠎ᠠ᠃ | ᠤᠯᠵᠠᠴᠢ ᠪᠠᠯᠭᠠᠰᠤ ᠨᠢ ᠤᠮᠠᠷᠠᠳᠤ ᠦᠷᠬᠡᠷᠢᠭ ᠤᠨ 37 ᠭᠷᠠᠳᠦ᠋ᠰ ᠤᠨ ᠴᠡᠪᠡᠷ ᠬᠦᠷᠤᠰᠤ᠂ ᠴᠡᠪᠡᠷ ᠤᠰᠤ᠂ ᠴᠡᠪᠡᠷ ᠠᠭᠠᠷ ᠤᠨ ᠪᠠᠶᠢᠭᠠᠯᠢᠯᠢᠭ ᠳᠠᠪᠠᠭᠤᠯᠢᠭ | ᠲᠤ ᠲᠦᠰᠢᠭᠯᠡᠨ᠂ ᠪᠦᠬᠦ ᠬᠤᠰᠢᠭᠤᠨ ᠤ ︽ᠬᠦᠳᠡᠭᠡ ᠳᠤᠰᠬᠤᠨ ᠢ ᠬᠦᠭᠵᠢᠬᠦᠯᠤᠨ ᠮᠠᠨᠳᠤᠭᠤᠯᠬᠤ ᠦᠯᠢᠬᠡᠷ ᠳᠠᠭᠤᠷᠢᠶᠠᠯᠳᠤ ᠤᠷᠤᠨ︾ ᠤ ᠪᠦᠳᠤᠬᠡᠨ | ᠪᠠᠶᠢᠭᠤᠯᠤᠯᠳᠠ ᠳᠤ ᠠᠩᠬᠠᠷᠤᠯ ᠢᠶᠠᠨ ᠲᠦᠪᠯᠡᠷᠡᠬᠦᠯᠵᠤ᠂ ︽ᠬᠦᠷᠤᠰᠤ ᠰᠢᠷᠤᠢ︾ ᠳᠤ ᠦᠨᠳᠤᠰᠤᠯᠡᠵᠤ᠂ ︽ᠤᠨᠴᠠᠯᠢᠭ︾ ᠢ ᠳᠤᠪᠤᠶᠢᠯᠭᠠᠨ᠂ ︽ᠤᠶᠢᠯᠡᠤᠨᠪᠤᠷᠢᠯᠡᠬᠦ︾ | ᠶᠢ ᠠᠬᠢᠭᠤᠯᠵᠤ᠂ ︽ᠰᠢᠯᠢᠳᠡᠭ ᠢ ᠪᠤᠶᠢᠵᠢᠭᠤᠯᠬᠤ︾ ᠠᠵᠤ ᠤᠶᠢᠯᠡᠰ ᠢ ᠠᠭᠤᠰᠤᠯᠴᠠᠭᠤᠯᠤᠨ ᠬᠦᠭᠵᠢᠬᠦᠯᠬᠦ ᠶᠢ ᠪᠠᠷᠢᠮᠳᠠᠯᠠᠨ᠂ ᠤᠶᠢᠯᠡᠤᠨᠬᠦᠨ ᠢ ᠬᠦᠭᠵᠢᠬᠦᠯᠬᠦ ᠠᠴᠠ | ᠠᠵᠤ ᠤᠶᠢᠯᠡᠰ ᠢ ᠬᠦᠭᠵᠢᠬᠦᠯᠬᠦ ᠳᠡᠰᠢ ᠬᠤᠪᠢᠷᠠᠭᠤᠯᠵᠤ᠂ ᠳᠤᠭ᠎ᠠ ᠬᠡᠮᠵᠢᠶ᠎ᠡ ᠶᠢ ᠬᠦᠬᠡᠬᠡᠴᠡᠯᠳᠤᠬᠦ ᠠᠴᠠ ᠶᠠᠰᠤ ᠴᠢᠨᠠᠷ ᠢ ᠬᠦᠬᠡᠬᠡᠴᠡᠯᠳᠤᠬᠦ ᠳᠡᠰᠢ ᠬᠤᠪᠢᠷᠠᠭᠤᠯᠵᠤ᠂ | ᠪᠦᠬᠦ ᠤᠷᠤᠨ ᠪᠦᠰᠠ᠂ ᠪᠦᠬᠦ ᠠᠵᠤ ᠤᠶᠢᠯᠡᠰ ᠢ ᠠᠭᠤᠰᠤᠯᠴᠠᠭᠤᠯᠤᠨ ᠬᠦᠭᠵᠢᠬᠦᠯᠬᠦ ᠰᠢᠨ᠎ᠠ ᠪᠠᠶᠢᠷᠢᠰᠢᠯ ᠢ ᠪᠤᠢ ᠪᠤᠯᠭᠠᠵᠤ ᠪᠠᠶᠢᠨ᠎ᠠ᠃ |