ᠬᠠᠳ ᠤᠨ ᠠᠮᠠ ᠲᠣᠰᠬᠤᠨ ᠪᠣᠷᠣᠪᠠᠯᠭᠠᠰᠣ ᠪᠠᠯᠭᠠᠰᠣᠨ ᠤ ᠵᠡᠬᠦᠨ ᠬᠡᠰᠡᠭ ᠲᠤ ᠪᠠᠶᠢᠷᠢᠯᠠᠵᠣ᠂ ᠪᠠᠯᠭᠠᠰᠣᠨ ᠤ ᠵᠠᠰᠠᠭ ᠤᠨ ᠣᠷᠳᠣᠨ ᠤ ᠰᠠᠭᠤᠭ᠎ᠠ ᠭᠠᠵᠠᠷ ᠠᠴᠠ 8 | ᠺᠢᠯᠣᠮᠧᠲᠷ ᠵᠠᠶᠢᠲᠠᠢ᠃ ᠡᠮᠣᠨᠡᠰᠢ ᠪᠠᠨ ᠰᠣᠪᠠᠭ ᠤᠨ ᠵᠠᠳᠠᠭᠠᠢ ᠲᠣᠰᠬᠤᠨ ᠲᠠᠢ ᠰᠠᠪᠠᠯᠠᠨ᠂ ᠪᠠᠷᠠᠭᠤᠨᠰᠢ ᠪᠠᠨ ᠲᠠᠷᠢᠶᠠᠨ ᠰᠢᠯᠢ ᠭᠠᠴᠠᠭ᠎ᠠ ᠲᠠᠢ ᠵᠠᠯᠭᠠᠯᠳᠣᠵᠣ᠂ | ᠬᠤᠶᠢᠰᠢ ᠪᠠᠨ ᠬᠦᠬᠡᠳᠣᠯᠣᠭᠠᠢ ᠭᠠᠴᠠᠭ᠎ᠠ ᠪᠣᠯᠣᠨ ᠦᠣᠰᠢᠨ ᠬᠤᠰᠢᠭᠤᠨ ᠤ ᠰᠦᠯᠳᠡ ᠰᠣᠮᠣ ᠲᠠᠢ ᠬᠦᠷᠰᠢᠯᠡᠨ᠂ ᠵᠡᠬᠦᠨᠰᠢ ᠪᠠᠨ ᠪᠣᠷᠣᠲᠣᠯᠣᠭᠠᠢ ᠲᠣᠰᠬᠤᠨ ᠲᠠᠢ | ᠵᠠᠬ᠎ᠠ ᠨᠡᠶᠢᠯᠡᠭᠰᠡᠨ ᠲᠠᠷᠢᠶᠠᠯᠠᠩ ᠢᠶᠠᠷ ᠭᠤᠣᠯ ᠪᠣᠯᠭᠠᠵᠣ᠂ ᠮᠠᠯ ᠲᠠᠷᠢᠶᠠᠯᠠᠩ ᠢ ᠣᠶᠠᠯᠳᠣᠭᠤᠯᠣᠭᠰᠠᠨ ᠲᠣᠰᠬᠤᠨ ᠪᠣᠯᠣᠨ᠎ᠠ᠃ ᠭᠠᠵᠠᠷ ᠰᠢᠷᠣᠢ ᠶᠢᠨ ᠶᠡᠷᠣᠩᠬᠡᠢ ᠲᠠᠯᠠᠪᠠᠢ | 6.4 ᠲᠦᠮᠡᠨ ᠮᠣ᠋᠂ ᠡᠬᠦᠨ ᠳᠤ ᠣᠰᠣᠨ ᠭᠠᠵᠠᠷ 1 ᠲᠦᠮᠡᠨ ᠮᠣ᠋᠂ ᠣᠢ ᠶᠢᠨ ᠭᠠᠵᠠᠷ 1.01 ᠲᠦᠮᠡᠨ ᠮᠣ᠋᠂ ᠡᠷᠳᠡᠨᠢ ᠰᠢᠰᠢ 8460 ᠮᠣ᠋᠂ ᠠᠵᠣ ᠠᠬᠤᠢ ᠶᠢᠨ | ᠲᠠᠷᠢᠮᠠᠯ 908 ᠮᠣ᠋ ᠪᠣᠢ᠃ ᠮᠠᠯ ᠠᠵᠣ ᠠᠬᠤᠢ ᠲᠠᠯ᠎ᠠ ᠪᠠᠷ ᠪᠣᠭ ᠮᠠᠯ ᠲᠡᠵᠢᠬᠡᠬᠦ ᠪᠠᠷ ᠭᠤᠣᠯ ᠪᠣᠯᠭᠠᠨ᠂ 6323 ᠲᠣᠯᠣᠭᠠᠢ ᠪᠣᠭ ᠮᠠᠯ ᠠᠷᠠᠴᠢᠯᠠᠵᠣ ᠪᠣᠢ᠃ 3 | ᠮᠠᠯᠵᠢᠯ ᠤᠨ ᠬᠤᠷᠰᠢᠶ᠎ᠠ᠂ 169 ᠡᠷᠣᠬᠡ 535 ᠬᠦᠮᠦᠨ ᠠᠮᠠ ᠲᠠᠢ᠂ 21 ᠨᠠᠮ ᠤᠨ ᠬᠡᠰᠢᠬᠦᠨ ᠲᠠᠢ᠂ ᠡᠬᠦᠨ ᠳᠤ ᠴᠦᠬᠡᠨ ᠲᠣᠭᠠᠲᠣ ᠦᠨᠳᠣᠰᠣᠲᠡᠨ ᠤ ᠨᠠᠮ | ᠤᠨ ᠬᠡᠰᠢᠬᠦᠨ 2᠂ 60 ᠨᠠᠰᠣ ᠶᠢ ᠲᠠᠪᠠᠭᠰᠠᠨ ᠨᠠᠮ ᠤᠨ ᠬᠡᠰᠢᠬᠦᠨ 7᠂ ᠡᠮᠡᠭᠲᠡᠢ ᠨᠠᠮ ᠤᠨ ᠬᠡᠰᠢᠬᠦᠨ 6 ᠪᠣᠢ᠃ 2017 ᠣᠨ ᠤ ᠬᠠᠮᠲᠣ ᠶᠢᠨ ᠠᠵᠣ ᠠᠬᠤᠢ | ᠶᠢᠨ ᠣᠷᠣᠯᠭ᠎ᠠ 6100 ᠲᠦᠬᠦᠷᠢᠭ ᠲᠤ ᠬᠦᠷᠴᠤ᠂ ᠪᠠᠶᠢᠩᠭᠤ ᠰᠠᠭᠤᠭ᠎ᠠ ᠬᠦᠮᠦᠨ ᠠᠮᠠ ᠶᠢᠨ ᠡᠵᠡᠮᠳᠡᠵᠣ ᠪᠣᠯᠬᠤ ᠲᠣᠮᠳᠠᠴᠢ ᠣᠷᠣᠯᠭ᠎ᠠ 13080 ᠲᠦᠬᠦᠷᠢᠭ | ᠲᠤ ᠬᠦᠷᠪᠡ᠃ |