ᠤᠳᠤᠭ ᠤᠨ ᠠᠷᠪᠠᠨ ᠭᠤᠷᠪᠠᠨ ᠬᠤᠰᠢᠭᠤ ᠤᠪᠤᠭ᠎ᠠ — ᠰᠦᠮᠡᠳᠤ ᠶᠢᠨ ᠤᠪᠤᠭ᠎ᠠ
ᠨᠡᠶᠢᠲᠡᠯᠡᠭᠰᠡᠨ ᠴᠠᠭ᠄
2023/9/21
     ᠰᠦᠮᠡᠳᠤ ᠶᠢᠨ ᠤᠪᠤᠭ᠎ᠠ ᠪᠤᠯ ᠤᠳᠤ ᠶᠢᠨ ᠤᠳᠤᠭ ᠬᠤᠰᠢᠭᠤᠨ ᠤ ᠰᠦᠮᠡᠳᠤ ᠰᠤᠮᠤᠨ ᠤ ᠵᠠᠩᠭᠠᠨ ᠭᠠᠴᠠᠭᠠᠨ ᠤ ᠵᠠᠩᠭᠠᠨ ᠤᠷᠤᠢ ᠠᠴᠠ ᠪᠠᠷᠠᠭᠤᠨ ᠡᠮᠤᠨ᠎ᠡ 10 ᠺᠢᠯᠤᠮᠧᠲᠷ ᠵᠠᠶᠢᠳᠠᠢ᠂ ᠴᠠᠭᠠᠨ ᠤᠪᠤᠭᠠᠨ ᠰᠢᠯᠢ ᠠᠴᠠ ᠳᠠᠪᠤᠨᠳᠤᠯᠤᠭᠠᠢ ᠬᠦᠷᠳᠡᠯ᠎ᠡ 10 ᠺᠢᠯᠤᠮᠧᠲᠷ ᠤᠨ ᠤᠷᠳᠤ ᠦᠷᠬᠡᠨ ᠬᠠᠶᠢᠯᠠᠰᠤ ᠬᠦᠢᠯᠡᠰᠤ᠂ ᠤᠯᠠᠭᠠᠨ ᠴᠠᠭᠠᠨ ᠰᠢᠨᠳᠠᠨ ᠵᠡᠷᠬᠡ ᠬᠤᠪᠤᠷ ᠨᠠᠨᠳᠢᠨ ᠮᠤᠳᠤ ᠤᠷᠭᠤᠭᠰᠡᠨ᠂ ᠵᠡᠬᠦᠨ ᠪᠠᠷᠠᠭᠤᠨ ᠬᠤᠶᠠᠷ ᠳᠠᠯ᠎ᠠ ᠪᠠᠷ ᠪᠤᠳᠠ ᠪᠤᠷᠭᠠᠰᠤ ᠦᠪᠴᠢ ᠪᠦᠷᠬᠦᠭᠳᠡᠭᠰᠡᠨ ᠦᠨᠳᠤᠷ ᠰᠢᠯᠢ  ᠶᠢᠨ ᠤᠷᠤᠢ ᠳᠡᠬᠡᠷ᠎ᠡ ᠪᠠᠶᠢᠷᠢᠰᠢᠵᠤ ᠪᠤᠢ᠃ ᠡᠨᠡ ᠨᠢ ᠳᠠᠯᠠᠢ ᠶᠢᠨ ᠲᠦᠪᠰᠢᠨ ᠠᠴᠠ 1352 ᠮᠧᠲᠷ ᠦᠨᠳᠤᠷ᠂ ᠤᠮᠠᠷᠠᠳᠤ ᠦᠷᠬᠡᠷᠢᠭ ᠤᠨ 38。45、᠂ ᠵᠡᠬᠦᠨ ᠤᠷᠳᠤᠷᠢᠭ ᠤᠨ 108。23、 ᠳᠤ ᠳᠡᠮᠡᠬᠡᠨ ᠤ ᠬᠤᠶᠠᠷ ᠪᠦᠬᠦ ᠮᠡᠳᠤ ᠪᠤᠰᠬᠠᠭᠰᠡᠨ 2 ᠤᠪᠤᠭ᠎ᠠ ᠪᠢᠯᠡ᠃ ᠬᠤᠶᠢᠳᠤ ᠤᠪᠤᠭ᠎ᠠ ᠨᠢ ᠡᠷᠡᠭᠴᠢᠨ ᠪᠦᠷᠬᠦᠤᠨ ᠤᠷᠤᠭᠰᠢ ᠬᠠᠨᠳᠤᠨ ᠳᠠᠯᠠᠪᠴᠢ ᠪᠠᠨ ᠳᠡᠯᠬᠡᠭᠰᠡᠨ ᠮᠡᠳᠤ᠂ ᠡᠮᠤᠨᠡᠬᠢ ᠤᠪᠤᠭ᠎ᠠ ᠨᠢ ᠡᠮᠡᠭᠴᠢᠨ ᠪᠦᠷᠬᠦᠤᠨ ᠬᠤᠶᠢᠰᠢ ᠬᠠᠨᠳᠤᠨ ᠦᠨᠳᠡᠭᠡ ᠳᠠᠷᠤᠵᠤ ᠬᠡᠪᠳᠡᠭᠰᠡᠨ ᠰᠢᠨᠵᠢ  ᠲᠠᠢ 2 ᠤᠪᠤᠭ᠎ᠠ ᠶᠤᠮ᠃     ᠡᠮᠤᠨᠡᠬᠢ ᠤᠪᠤᠭ᠎ᠠ ᠨᠢ 5 ᠳᠠᠪᠬᠤᠷ ᠳᠡᠭᠳᠡᠷᠯᠡᠭᠰᠡᠨ 5 ᠮᠧᠲᠷ ᠤᠨ ᠦᠨᠳᠤᠷ ᠰᠤᠪᠤᠷᠭᠠᠨ ᠤ ᠬᠡᠯᠪᠡᠷᠢᠳᠠᠢ᠂ ᠤᠪᠤᠭᠠᠨ ᠤ ᠳᠡᠬᠡᠷ᠎ᠡ ᠨᠠᠷᠠᠨ ᠰᠠᠷᠠᠨ ᠬᠢᠴᠠ ᠲᠠᠢ ᠬᠠᠷ᠎ᠠ ᠠᠵᠢᠷᠭᠠᠨ ᠳᠡᠯ ᠤᠨ ᠬᠦᠬᠦᠯ ᠵᠡᠬᠦᠭᠰᠡᠨ᠂ ᠭᠠᠭᠴᠠ ᠰᠠᠶᠢᠰᠤᠮ ᠢ ᠤᠯᠠᠭᠠᠨ ᠪᠤᠷᠭᠠᠰᠤᠨ ᠰᠠᠭᠰᠤᠭᠠᠢ ᠲᠠᠢ ᠬᠠᠮᠳᠤ ᠪᠤᠰᠬᠠᠵᠠᠢ᠃ ᠳᠡᠬᠦᠨ ᠤ 4 ᠳᠠᠯ᠎ᠠ ᠳᠤ ᠨᠢ 4 ᠰᠠᠶᠢᠰᠤᠮ ᠲᠠᠢ ᠪᠠᠭᠠᠨ᠎ᠠ ᠶᠢ ᠪᠤᠰᠬᠠᠵᠤ ᠳᠠᠪᠤᠨ ᠦᠩᠬᠡ ᠶᠢᠨ ᠯᠤᠩᠵᠢᠤᠨ ᠳᠠᠷᠴᠤᠭ ᠢᠶᠠᠷ ᠬᠤᠯᠪᠤᠵᠤ ᠳᠠᠳᠠᠭᠰᠡᠨ ᠪᠦᠬᠡᠤᠨ ᠷᠠᠯᠾᠠ ᠪᠤᠷᠬᠠᠨ ᠪᠦᠳᠤᠬᠡᠭᠰᠡᠨ ᠬᠠᠳᠠᠨ ᠤᠪᠤᠭ᠎ᠠ ᠪᠤᠢ᠃ ᠤᠪᠤᠭᠠᠨ ᠤ ᠬᠤᠶᠠᠳᠤᠭᠠᠷ ᠳᠡᠭᠳᠡᠷ ᠤᠨ 4 ᠳᠠᠯ᠎ᠠ ᠳᠤ ᠬᠦᠵᠢ ᠵᠤᠯᠠ ᠡᠷᠬᠦᠬᠦ 4 ᠬᠦᠩᠭᠠᠷᠠᠪᠠ ᠲᠠᠢ᠃ ᠤᠪᠤᠭᠠᠨ ᠤ ᠬᠤᠶᠢᠳᠤ ᠳᠠᠯ᠎ᠠ ᠳᠤ ᠬᠠᠷ᠎ᠠ ᠠᠵᠢᠷᠭᠠᠨ ᠬᠦᠬᠦᠯ ᠬᠡᠯᠬᠢᠭᠰᠡᠨ ᠳᠠᠪᠤᠨ ᠦᠩᠬᠡ ᠶᠢᠨ ᠬᠡᠶᠢᠮᠤᠷᠢ ᠶᠢᠨ ᠯᠤᠩᠵᠢᠤᠨ ᠳᠠᠳᠠᠭᠰᠡᠨ 2 ᠰᠠᠩ ᠤᠨ ᠰᠦᠷᠤ ᠲᠠᠢ᠃ ᠳᠡᠬᠦᠨ ᠤ ᠳᠤᠮᠳᠠ ᠰᠠᠩ ᠳᠠᠯᠪᠢᠬᠤ ᠬᠠᠳᠠᠨ ᠱᠠᠩᠯᠤ ᠲᠠᠢ᠃ ᠳᠡᠬᠦᠨ ᠠᠴᠠ ᠬᠤᠶᠢᠰᠢ ᠬᠤᠶᠢᠳᠤ ᠤᠪᠤᠭ᠎ᠠ ᠬᠦᠷᠳᠡᠯ᠎ᠡ ᠬᠠᠳᠠ ᠪᠠᠷ ᠬᠠᠰᠢᠵᠤ ᠪᠤᠷᠭᠠᠰᠤ ᠪᠠᠷ ᠬᠢᠭᠰᠡᠨ 13 ᠴᠡᠷᠢᠭ ᠤᠪᠤᠭ᠎ᠠ  ᠲᠠᠢ᠃     ᠬᠤᠶᠢᠳᠤ ᠤᠪᠤᠭ᠎ᠠ ᠨᠢ 3 ᠳᠠᠪᠬᠤᠷ ᠳᠡᠭᠳᠡᠷᠯᠡᠭᠰᠡᠨ 3 ᠮᠧᠲᠷ ᠤᠨ ᠦᠨᠳᠤᠷ ᠤᠪᠤᠭᠠᠨ ᠤ ᠳᠡᠬᠡᠷ᠎ᠡ ᠳᠤᠭ ᠵᠠᠮᠰᠠᠨ ᠢ ᠤᠯᠠᠭᠠᠨ ᠪᠤᠷᠭᠠᠰᠤᠨ ᠰᠠᠭᠰᠤᠭᠠᠢ ᠲᠠᠢ ᠬᠠᠮᠳᠤ ᠪᠤᠰᠬᠠᠵᠤ ᠳᠡᠬᠦᠨ ᠤ 4 ᠳᠠᠯ᠎ᠠ ᠳᠤ ᠨᠢ 4 ᠰᠠᠶᠢᠰᠤᠮ ᠲᠠᠢ ᠪᠠᠭᠠᠨ᠎ᠠ ᠠᠴᠠ ᠳᠠᠪᠤᠨ ᠦᠩᠬᠡ ᠶᠢᠨ ᠯᠤᠩᠵᠢᠤᠨ ᠳᠠᠷᠴᠤᠭ ᠢᠶᠠᠷ ᠬᠤᠯᠪᠤᠵᠤ ᠳᠠᠳᠠᠭᠰᠡᠨ ᠪᠦᠬᠡᠤᠨ ᠴᠠᠭᠠᠨ ᠭᠤᠮᠪᠤ ᠶᠢᠨ ᠲᠤᠷᠤᠪ ᠪᠦᠳᠤᠬᠡᠭᠰᠡᠨ ᠬᠠᠳᠠᠨ ᠤᠪᠤᠭᠠᠨ ᠤ ᠬᠤᠶᠠᠳᠤᠭᠠᠷ ᠳᠡᠭᠳᠡᠷ ᠤᠨ 4 ᠳᠠᠯ᠎ᠠ ᠳᠤ ᠬᠦᠵᠢ ᠵᠤᠯᠠ ᠡᠷᠬᠦᠬᠦ 4 ᠬᠦᠩᠭᠠᠷᠠᠪᠠ ᠲᠠᠢ᠃ ᠳᠡᠬᠦᠨ ᠤ ᠬᠤᠶᠢᠳᠤ ᠳᠠᠯ᠎ᠠ ᠳᠤ ᠬᠠᠷ᠎ᠠ ᠠᠵᠢᠷᠭᠠᠨ ᠬᠦᠬᠦᠯ ᠵᠡᠬᠦᠭᠰᠡᠨ ᠳᠠᠪᠤᠨ ᠦᠩᠬᠡ ᠶᠢᠨ ᠬᠡᠶᠢᠮᠤᠷᠢ ᠶᠢᠨ ᠯᠤᠩᠵᠢᠤᠨ ᠳᠠᠳᠠᠭᠰᠡᠨ 2 ᠰᠠᠩ ᠤᠨ ᠰᠦᠷᠤ ᠲᠠᠢ᠃ ᠳᠡᠬᠦᠨ ᠤ ᠳᠤᠮᠳᠠ ᠰᠠᠩ ᠳᠠᠯᠪᠢᠬᠤ ᠬᠠᠳᠠᠨ ᠱᠠᠩᠯᠤ ᠲᠠᠢ᠃ ᠡᠨᠡ ᠬᠤᠶᠠᠷ ᠤᠪᠤᠭ᠎ᠠ ᠬᠤᠭᠤᠷᠤᠨᠳᠤ ᠪᠠᠨ 50 ᠠᠯᠳᠠ ᠭᠠᠵᠠᠷ ᠤᠨ ᠵᠠᠶᠢᠳᠠᠢ᠃ ᠡᠮᠤᠨᠡᠬᠢ ᠤᠪᠤᠭᠠᠨ  ᠠᠴᠠ ᠤᠷᠤᠭᠰᠢ 30 ᠠᠯᠳᠠ ᠭᠠᠵᠠᠷ ᠤᠨ ᠵᠠᠶᠢᠳᠠᠢ ᠪᠤᠨᠳᠤᠭᠤᠷ ᠳᠤᠯᠤᠭᠠᠢ ᠶᠢᠨ ᠤᠷᠤᠢ ᠳᠡᠬᠡᠷ᠎ᠡ ᠪᠤᠰᠤᠭ᠎ᠠ ᠬᠦᠮᠤᠨ ᠲᠠᠢ ᠰᠠᠴᠠᠭᠤ ᠰᠠᠭᠰᠤᠭᠠᠢ ᠦᠬᠡᠢ ᠪᠤᠭᠳᠠ ᠴᠠᠭᠠᠨ ᠡᠪᠤᠬᠡᠨ ᠤ ᠴᠠᠭᠠᠨ ᠴᠢᠯᠠᠭᠤᠨ ᠤᠪᠤᠭ᠎ᠠ ᠲᠠᠢ᠃ ᠤᠪᠤᠭᠠᠨ ᠤ ᠬᠤᠶᠢᠳᠠᠢ ᠰᠠᠩ ᠰᠤᠯᠬᠡ ᠳᠠᠯᠪᠢᠬᠤ ᠰᠤᠭ ᠳᠡᠬᠡᠵᠢ ᠡᠷᠬᠦᠬᠦ ᠬᠠᠳᠠᠨ ᠳᠠᠶᠢᠰᠠ ᠲᠠᠢ᠃     ᠬᠤᠶᠠᠷ ᠶᠡᠭᠡ ᠤᠪᠤᠭᠠᠨ ᠤ ᠪᠠᠷᠠᠭᠤᠨ ᠬᠠᠵᠠᠭᠤ ᠳᠡᠬᠡᠷ᠎ᠡ ᠤᠷᠤᠭᠰᠢ ᠬᠠᠨᠳᠤᠭᠰᠡᠨ 3 ᠳᠠᠰᠤᠯᠭ᠎ᠠ ᠰᠦᠮ᠎ᠡ ᠲᠠᠢ᠂ ᠳᠡᠬᠦᠨ ᠤ ᠳᠤᠳᠤᠷ᠎ᠠ ᠱᠤᠭᠤᠮᠠᠯ ᠯᠾᠠᠮᠤ᠂ ᠭᠤᠮᠪᠤ᠂ ᠴᠠᠭᠠᠨ ᠬᠠᠯᠢᠭᠤᠨ ᠮᠤᠷᠢ ᠤᠨᠤᠭᠰᠠᠨ ᠷᠠᠯᠾᠠ ᠪᠤᠷᠬᠠᠨ ᠬᠢᠬᠡᠤᠨ ᠴᠠᠭᠠᠨ ᠨᠤᠭᠤᠭᠠᠨ ᠳ᠋ᠠᠷ᠎ᠠ ᠡᠬᠡ ᠵᠡᠷᠬᠡ ᠶᠢᠨ ᠬᠦᠷᠦᠭ ᠵᠢᠷᠤᠭ ᠪᠠᠶᠢᠪᠠ᠃ ᠰᠦᠮ᠎ᠠ ᠶᠢᠨ ᠵᠡᠬᠦᠨᠳᠠᠢ ᠪᠠᠷᠠᠭᠤᠨᠰᠢ ᠬᠠᠨᠳᠤᠭᠰᠡᠨ 3 ᠳᠠᠰᠤᠯᠭ᠎ᠠ ᠪᠤᠷᠭᠠᠰᠤᠨ ᠮᠤᠳᠤ ᠪᠠᠷ ᠬᠢᠭᠰᠡᠨ ᠳᠤᠭᠤᠭᠠᠨ ᠪᠠᠶᠢᠰᠢᠩ ᠲᠠᠢ᠃ ᠰᠦᠮ᠎ᠠ ᠶᠢᠨ ᠪᠠᠷᠠᠭᠤᠨ ᠤᠷᠢᠳᠠᠢ ᠨᠠᠩᠰᠤ ᠵᠠᠮᠰᠤ ᠯᠠᠮᠠ ᠶᠢᠨ ᠰᠠᠭᠤᠳᠠᠭ ᠤᠷᠤᠭᠰᠢ ᠬᠠᠨᠳᠤᠭᠰᠡᠨ 3 ᠳᠠᠰᠤᠯᠭ᠎ᠠ ᠪᠤᠷᠭᠠᠰᠤᠨ ᠮᠤᠳᠤᠨ ᠪᠠᠶᠢᠰᠢᠩ ᠲᠠᠢ᠃ ᠳᠠᠷᠠ ᠦᠶ᠎ᠡ ᠳᠤ ᠤᠪᠤᠭᠠᠨ ᠨᠠᠩᠰᠤ ᠯᠠᠮᠠ ᠵᠠᠮᠰᠤ ᠦᠷᠬᠦᠯᠵᠢ ᠤᠪᠤᠭᠠᠨ ᠰᠦᠮ᠎ᠠ ᠳᠡᠬᠡᠷ᠎ᠡ ᠰᠠᠭᠤᠵᠤ ᠴᠠᠭ ᠦᠷᠬᠦᠯᠵᠢ ᠵᠤᠯᠠ ᠬᠦᠵᠢ ᠡᠷᠬᠦᠳᠡᠭ ᠪᠠᠶᠢᠵᠠᠢ᠃ ᠰᠦᠮ᠎ᠠ ᠠᠴᠠ ᠡᠮᠤᠨ᠎ᠡ ᠶᠠᠮᠤᠨ ᠲᠦᠬᠦᠮ ᠲᠠᠢ᠃ ᠰᠦᠮ᠎ᠡ  ᠶᠢᠨ ᠪᠠᠷᠠᠭᠤᠨᠳᠠᠢ ᠬᠤᠶᠠᠷ ᠪᠤᠯᠠᠭ ᠬᠡᠳᠡᠭ ᠤᠰᠤ ᠪᠤᠢ᠃ ᠡᠨᠡ ᠨᠢ ᠤᠪᠤᠭᠠᠨ ᠤ ᠬᠦᠮᠤᠨ ᠮᠠᠯ ᠤᠨ ᠤᠰᠤ ᠤᠮᠳᠠ ᠶᠢ ᠬᠠᠩᠭᠠᠳᠠᠭ᠃     ᠤᠪᠤᠭᠠᠨ ᠤ ᠲᠦᠷᠪᠡᠨ ᠵᠦᠭ ᠲᠤ 4 ᠪᠠᠶᠠᠨᠳᠤᠷᠵᠢ ᠶᠢᠨ ᠨᠠᠮᠰᠠᠷᠠᠢ ᠶᠢᠨ ᠱᠠᠩ ᠳᠠᠷᠤᠭᠰᠠᠨ 4 ᠤᠪᠤᠭ᠎ᠠ ᠪᠤᠢ᠃ ᠡᠮᠤᠨ᠎ᠡ ᠵᠦᠭ ᠲᠤ ᠳᠠᠪᠤᠨ ᠳᠤᠯᠤᠭᠠᠢ ᠶᠢᠨ ᠬᠤᠶᠢᠳᠤ ᠤᠷᠤᠢ ᠳᠡᠬᠡᠷ᠎ᠡ ᠲᠦᠬᠢ ᠶᠢᠨ ᠪᠠᠶᠠᠨᠳᠤᠷᠵᠢ ᠶᠢᠨ ᠤᠪᠤᠭ᠎ᠠ ᠪᠠᠶᠢᠪᠠ᠃ ᠬᠤᠶᠢᠳᠤ ᠵᠦᠭ ᠲᠤ ᠴᠠᠭᠠᠨ ᠤᠪᠤᠭᠠᠨ ᠰᠢᠯᠢ ᠶᠢᠨ ᠣᠷᠣᠢ ᠳᠡᠬᠡᠷ᠎ᠡ ᠬᠦᠨᠳᠤ ᠶᠢᠨ ᠪᠠᠶᠠᠨᠳᠤᠷᠵᠢ ᠶᠢᠨ ᠤᠪᠤᠭ᠎ᠠ ᠬᠡᠵᠤ ᠪᠠᠶᠢᠪᠠ᠃ ᠵᠡᠬᠦᠨ ᠵᠦᠭ ᠲᠤ ᠳᠠᠬᠢᠶᠠᠴᠢ ᠶᠢᠨ ᠤᠷᠤᠢ ᠳᠡᠬᠡᠷ᠎ᠡ ᠪᠢᠴᠢᠬᠡᠴᠢ ᠪᠠᠶᠠᠨᠳᠤᠷᠵᠢ ᠶᠢᠨ ᠤᠪᠤᠭ᠎ᠠ ᠬᠡᠵᠤ ᠪᠠᠶᠢᠪᠠ᠃ ᠪᠠᠷᠠᠭᠤᠨ ᠵᠦᠭ ᠲᠤ ᠵᠢᠷᠤᠬᠡ ᠶᠢᠨ ᠠᠷᠤ ᠳᠠᠬᠢ ᠬᠡᠵᠢᠬᠡ ᠶᠢᠨ ᠤᠷᠤᠢ ᠳᠡᠬᠡᠷ᠎ᠡ ᠠᠮᠤᠷᠪᠤᠶᠠᠨ ᠤ ᠪᠠᠶᠠᠨᠳᠤᠷᠵᠢ ᠶᠢᠨ ᠤᠪᠤᠭ᠎ᠠ ᠬᠡᠵᠤ ᠪᠠᠶᠢᠵᠠᠢ᠃     ᠳᠠᠷᠠ ᠦᠶ᠎ᠡ ᠳᠤ ᠤᠪᠤᠭᠠᠨ ᠤ ᠳᠠᠭᠠᠭᠠᠮᠠᠯ ᠢ ᠤᠳᠤᠭ ᠬᠤᠰᠢᠭᠤᠨ ᠤ ᠶᠠᠮᠤᠨ ᠱᠠᠩ ᠠᠴᠠ ᠠᠯᠪᠠᠨ ᠪᠢᠴᠢᠭ ᠢᠶᠠᠷ ᠳᠤᠮᠢᠯᠠᠳᠠᠭ᠃ ᠡᠨᠡ ᠨᠢ ᠰᠦᠮᠡᠳᠤ ᠶᠢᠨ ᠤᠪᠤᠭᠠᠨ ᠤ ᠤᠷᠴᠢᠮ ᠰᠠᠭᠤᠵᠤ ᠪᠠᠶᠢᠭᠰᠡᠨ ᠶᠡᠭᠡ ᠬᠠᠷᠢᠶᠠᠨ ᠵᠠᠯᠠᠨ ᠵᠠᠩᠬᠢ ᠪᠤᠷᠤᠴᠢᠯᠠᠭᠤ᠂ ᠰᠢᠪᠠᠭᠤᠴᠢᠨ ᠬᠠᠷᠢᠶᠠᠨ ᠤ ᠵᠠᠯᠠᠨ ᠵᠠᠩᠬᠢ ᠬᠠᠷᠠᠪᠠᠭᠠᠰᠤ ᠪᠤᠯᠤᠨ ᠵᠡᠬᠦᠨ ᠨᠤᠳᠤᠭ ᠬᠤᠷᠢᠶᠠᠨ ᠤ ᠳᠠᠷᠤᠭ᠎ᠠ ᠪᠠᠳᠤ᠂ ᠪᠠᠷᠠᠭᠤᠨ ᠨᠤᠳᠤᠭ ᠬᠤᠷᠢᠶᠠᠨ ᠤ ᠳᠠᠷᠤᠭ᠎ᠠ ᠲᠦᠮᠡᠨᠳᠡᠯᠬᠡᠷ᠂ ᠤᠪᠤᠭᠠᠨ ᠤ ᠬᠠᠮᠪᠤ ᠯᠠᠮᠠ ᠵᠡᠷᠬᠡ 5 ᠳᠠᠭᠠᠭᠠᠮᠠᠯ ᠲᠠᠢ ᠪᠠᠶᠢᠵᠠᠢ᠃ ᠠᠷᠠᠯ ᠤᠨ ᠰᠦᠮ᠎ᠠ ᠶᠢᠨ ᠱᠠᠪᠷᠤᠩ ᠵᠠᠮᠶᠠᠩᠰᠢᠷᠠᠪ ᠤᠪᠤᠭᠠᠨ ᠬᠠᠮᠪᠤ ᠯᠠᠮᠠ ᠪᠠᠶᠢᠬᠤ ᠦᠶ᠎ᠡ ᠳᠤ ᠡᠨᠡ ᠤᠪᠤᠭ᠎ᠠ ᠶᠢ ᠡᠮᠤᠨ᠎ᠡ ᠠᠴᠠ ᠬᠤᠶᠢᠰᠢ ᠬᠠᠨᠳᠤᠨ ᠳᠠᠬᠢᠵᠤ ᠪᠠᠶᠢᠭᠰᠡᠨ ᠵᠤᠷᠰᠢᠯ ᠢ ᠡᠪᠳᠡᠵᠤ ᠬᠤᠶᠢᠨ᠎ᠠ ᠠᠴᠠ ᠤᠷᠤᠭᠰᠢ ᠬᠠᠨᠳᠤᠨ ᠳᠠᠬᠢᠵᠤ 4 ᠪᠠᠶᠠᠨᠳᠤᠷᠵᠢ ᠪᠠᠷ 4 ᠳᠠᠯ᠎ᠠ ᠶᠢᠨ ᠳᠠᠷᠤᠭ᠎ᠠ ᠪᠤᠯᠭᠠᠵᠤ ᠪᠠᠶᠢᠵᠠᠢ᠃ ᠰᠡᠬᠦᠯ ᠳᠤ  ᠨᠢ ᠵᠢᠷᠤᠬᠡ ᠶᠢᠨ ᠰᠦᠮ᠎ᠠ ᠶᠢᠨ ᠪᠠᠨᠳᠢᠳᠠ ᠯᠤᠪᠰᠠᠩᠬᠦᠨᠴᠦᠭᠴᠤᠶᠢᠰᠠᠨ ᠤᠪᠤᠭᠠᠨ ᠬᠠᠮᠪᠤ ᠯᠠᠮᠠ ᠪᠤᠯᠬᠤ ᠦᠶ᠎ᠡ ᠳᠤ 7 ᠬᠦᠮᠤᠨ ᠢᠶᠠᠷ ᠪᠦᠷᠢᠯᠳᠦᠭᠰᠡᠨ ᠤᠪᠤᠭᠠᠨ ᠳᠠᠭᠠᠭᠠᠮᠠᠯ ᠲᠠᠢ᠂ 8 ᠳᠠᠷᠤᠭ᠎ᠠ ᠲᠠᠢ᠂ ᠪᠠᠰᠠ ᠳᠡᠮᠴᠢ᠂ ᠨᠢᠷᠪᠡ᠂ ᠪᠤᠱᠤᠭᠤ᠂ ᠭᠠᠯᠴᠢ ᠵᠡᠷᠬᠡ ᠨᠢᠵᠡᠬᠡᠤᠨ ᠬᠦᠮᠤᠨ ᠢ ᠶᠡᠭᠡ ᠬᠠᠷᠢᠶᠠᠨ ᠠᠴᠠ ᠳᠤᠮᠢᠯᠠᠨ ᠳᠤᠬᠢᠷᠠᠭᠤᠯᠬᠤ ᠪᠤᠯᠵᠠᠢ᠃ ᠬᠡᠷᠪᠡ ᠦᠶ᠎ᠡ ᠵᠠᠯᠭᠠᠮᠵᠢᠯᠠᠬᠤ ᠪᠠ ᠬᠠᠯᠠᠭᠳᠠᠬᠤ ᠰᠤᠯᠢᠭᠳᠠᠬᠤ ᠪᠤᠯᠪᠠᠯ ᠶᠡᠭᠡ ᠬᠠᠷᠢᠶᠠᠨ ᠠᠴᠠ ᠨᠠᠷ᠎ᠠ ᠳᠠᠩᠰᠠ ᠶᠢ ᠨᠢ ᠤᠳᠤᠭ ᠬᠤᠰᠢᠭᠤᠨ  ᠳᠤ ᠮᠡᠳᠡᠬᠦᠯᠤᠨ ᠳᠠᠬᠢᠨ ᠳᠤᠮᠢᠯᠠᠭᠤᠯᠳᠠᠭ ᠪᠠᠶᠢᠵᠠᠢ᠃ ᠤᠪᠤᠭᠠᠨ ᠳᠠᠭᠠᠭᠠᠮᠠᠯ ᠨᠢ ᠤᠪᠤᠭᠠᠨ ᠤ ᠶᠡᠷᠤᠩᠬᠡᠢ ᠶᠠᠪᠤᠳᠠᠯ ᠤᠨ ᠡᠷᠬᠡ ᠳᠤᠰᠢᠶᠠᠯ ᠢ ᠡᠵᠡᠮᠰᠢᠨ ᠬᠠᠷᠢᠭᠤᠴᠠᠵᠤ᠂ ᠳᠠᠷᠤᠭ᠎ᠠ ᠨᠢ ᠤᠪᠤᠭᠠᠨ ᠤ ᠳᠠᠬᠢᠯᠭ᠎ᠠ ᠰᠢᠳᠤᠯᠬᠡ ᠶᠢᠨ ᠠᠯᠢᠪᠡ ᠬᠡᠷᠡᠭ ᠶᠠᠪᠤᠳᠠᠯ ᠢ ᠬᠠᠮᠢᠶᠠᠷᠴᠤ᠂ ᠳᠡᠮᠴᠢ ᠨᠢᠷᠪᠡ ᠨᠢ ᠤᠪᠤᠭᠠᠨ ᠤ ᠡᠳ᠋ ᠪᠤᠳᠠᠰ ᠪᠤᠯᠤᠨ ᠳᠠᠬᠢᠯᠭ᠎ᠠ  ᠶᠢ ᠪᠡᠯᠡᠤᠨᠬᠡᠳᠡᠭ᠃     ᠰᠦᠮᠡᠳᠤ ᠶᠢᠨ ᠤᠪᠤᠭ᠎ᠠ ᠨᠢ ᠵᠢᠯ ᠳᠤ 4 ᠤᠳᠠᠭ᠎ᠠ ᠶᠢᠨ ᠳᠠᠬᠢᠯᠭ᠎ᠠ ᠲᠠᠢ᠃     ᠠᠩᠬᠠᠳᠠᠬᠢ ᠳᠠᠬᠢᠯᠭ᠎ᠠ ᠨᠢ ᠴᠠᠭᠠᠨ ᠰᠠᠷ᠎ᠠ ᠶᠢᠨ ᠰᠢᠨ᠎ᠠ ᠶᠢᠨ ᠭᠤᠷᠪᠠᠨ ᠳᠤ ᠳᠠᠭᠠᠭᠠᠮᠠᠯ᠂ ᠳᠠᠷᠤᠭ᠎ᠠ ᠨᠠᠷ ᠡᠬᠡᠯᠵᠢ ᠪᠠᠷ ᠤᠪᠤᠭᠠᠨ ᠳᠤ ᠭᠠᠷᠴᠤ ᠰᠤᠭ ᠳᠡᠬᠡᠵᠢ ᠴᠠᠭᠠᠨ ᠢᠳᠡᠬᠡᠨ ᠢᠶᠠᠷ ᠳᠠᠬᠢᠵᠤ ᠨᠠᠮᠳᠠᠭ ᠰᠠᠩ ᠤᠩᠰᠢᠭᠤᠯᠵᠤ ᠵᠤᠯᠠ ᠬᠦᠵᠢ ᠠᠰᠠᠭᠠᠵᠤ ᠰᠠᠩ ᠰᠠᠷᠵᠢᠮ ᠡᠷᠬᠦᠳᠡᠭ᠃     ᠬᠤᠶᠠᠳᠠᠬᠢ ᠳᠠᠬᠢᠯᠭ᠎ᠠ ᠨᠢ ᠳᠠᠪᠤᠨ ᠰᠠᠷ᠎ᠠ ᠶᠢᠨ ᠰᠢᠨ᠎ᠠ ᠶᠢᠨ ᠭᠤᠷᠪᠠᠨ ᠳᠤ ᠳᠠᠭᠠᠭᠠᠮᠠᠯ ᠳᠠᠷᠤᠭ᠎ᠠ ᠪᠤᠯᠤᠨ ᠦᠭᠯᠢᠬᠡ ᠶᠢᠨ ᠡᠵᠡᠨ ᠭᠤᠨᠢᠷ ᠲᠠᠢ ᠰᠤᠭ ᠳᠡᠬᠡᠵᠢ ᠴᠠᠭᠠᠨ ᠢᠳᠡᠬᠡᠨ ᠢᠶᠠᠷ ᠭᠤᠷᠪᠠᠨ ᠤᠪᠤᠭ᠎ᠠ ᠶᠢ ᠪᠠᠷᠤᠭ ᠨᠢᠬᠡ ᠡᠳᠤᠷ ᠳᠠᠬᠢᠵᠤ ᠵᠤᠯᠠ ᠬᠦᠵᠢ ᠰᠠᠩ ᠰᠠᠷᠵᠢᠮ ᠡᠷᠬᠦᠳᠡᠭ ᠪᠠᠶᠢᠵᠠᠢ᠃     ᠭᠤᠷᠪᠠᠳᠠᠬᠢ ᠳᠠᠬᠢᠯᠭ᠎ᠠ ᠨᠢ ᠨᠠᠢᠮᠠᠨ ᠰᠠᠷ᠎ᠠ ᠶᠢᠨ ᠠᠷᠪᠠᠨ ᠠᠴᠠ ᠳᠠᠭᠠᠭᠠᠮᠠᠯ᠂ ᠳᠠᠷᠤᠭ᠎ᠠ᠂ ᠤᠪᠤᠭᠠᠨ ᠯᠠᠮᠠ ᠰᠤᠭᠳᠤᠢ ᠪᠦᠷᠢᠳᠤᠨ ᠴᠤᠭᠯᠠᠷᠠᠵᠤ ᠶᠠᠮᠠᠨᠳᠠᠭ᠎ᠠ ᠴᠠᠭᠠᠨ ᠭᠤᠮᠪᠤ ᠶᠢᠨ ᠳᠠᠷᠪᠠ ᠬᠤᠷᠠᠵᠤ ᠪᠦᠳᠤᠬᠡᠬᠦᠯ ᠪᠦᠳᠤᠬᠡᠬᠡᠤᠨ ᠠᠷᠪᠠᠨ ᠭᠤᠷᠪᠠᠨ ᠤ ᠦᠷᠯᠤᠬᠡ ᠠᠴᠠ ᠪᠤᠭᠳᠠ ᠴᠠᠭᠠᠨ ᠡᠪᠤᠬᠡᠨ ᠤ ᠤᠪᠤᠭ᠎ᠠ ᠶᠢ ᠰᠤᠭ ᠳᠡᠬᠡᠵᠢ ᠴᠠᠭᠠᠨ ᠢᠳᠡᠬᠡᠨ ᠢᠶᠠᠷ ᠳᠠᠬᠢᠵᠤ᠂ ᠳᠠᠷᠠᠭ᠎ᠠ ᠪᠠᠷ ᠨᠢ ᠡᠮᠤᠨᠡᠬᠢ ᠶᠡᠭᠡ ᠤᠪᠤᠭ᠎ᠠ ᠶᠢ 2 ᠢᠮᠠᠭᠠᠨ ᠰᠢᠬᠦᠰᠤ ᠪᠠᠷ ᠳᠠᠬᠢᠵᠤ᠂ ᠬᠤᠶᠢᠳᠤ ᠶᠡᠭᠡ ᠤᠪᠤᠭ᠎ᠠ ᠶᠢ 2 ᠬᠤᠨᠢᠨ ᠦᠤᠩᠡ ᠪᠠᠷ ᠳᠠᠬᠢᠳᠠᠭ᠃ ᠡᠨᠡ ᠦᠶ᠎ᠡ ᠳᠤ ᠤᠪᠤᠭᠠᠨ ᠤ ᠳᠠᠷᠤᠭ᠎ᠠ᠂ ᠳᠠᠭᠠᠭᠠᠮᠠᠯ᠂ ᠬᠠᠷᠢᠶ᠎ᠠ ᠰᠤᠮᠤ᠂ ᠰᠦᠮ᠎ᠡ ᠬᠡᠶᠢᠤᠨ᠂ ᠨᠤᠳᠤᠭ ᠤᠰᠤᠨ ᠤ ᠤᠯᠠᠨ ᠦᠭᠯᠢᠬᠡ  ᠶᠢᠨ ᠡᠵᠡᠨ ᠠᠴᠠ ᠡᠷᠬᠦᠭᠰᠡᠨ ᠰᠤᠭ ᠳᠡᠬᠡᠵᠢ᠂ ᠴᠠᠭᠠᠨ ᠢᠳᠡᠬᠡᠨ᠂ ᠬᠤᠨᠢ ᠢᠮᠠᠭᠠᠨ ᠤ ᠦᠤᠩᠡ ᠰᠢᠬᠦᠰᠤ ᠪᠡᠯᠡᠭ ᠰᠠᠯᠳᠠ ᠶᠢ ᠬᠤᠶᠠᠷ ᠤᠪᠤᠭᠠᠨ ᠤ ᠨᠢᠬᠡᠳᠤᠬᠡᠷ ᠳᠡᠭᠳᠡᠷ ᠳᠡᠬᠡᠷ᠎ᠡ ᠵᠡᠷᠬᠡᠴᠡᠬᠦᠯᠤᠨ ᠳᠠᠯᠪᠢᠵᠤ᠂ ᠳᠠᠭᠠᠭᠠᠮᠠᠯ ᠨᠢ ᠨᠢᠬᠡ ᠢᠮᠠᠭᠠᠨ ᠤ ᠵᠦᠪ ᠳᠠᠯ᠎ᠠ ᠶᠢᠨ ᠬᠠ ᠮᠢᠬ᠎ᠠ ᠶᠢ ᠲᠦᠬᠦᠬᠡᠢ ᠪᠠᠷ ᠪᠦᠰᠡᠨ ᠳᠡᠭᠡᠨ ᠰᠤᠶᠢᠷᠠᠵᠤ ᠳᠤᠩ ᠪᠦᠷᠢᠶ᠎ᠡ ᠳᠠᠳᠠᠬᠤ᠂ ᠴᠠᠩ ᠬᠡᠩᠬᠡᠷᠬᠡ ᠴᠤᠬᠢᠬᠤ᠂ ᠪᠢᠰᠬᠢᠬᠦᠷ ᠦᠯᠢᠶᠡᠬᠦ ᠵᠡᠷᠬᠡ ᠶᠢᠨ ᠠᠶᠢᠵᠠᠮ ᠳᠠᠭᠤᠨ ᠤ ᠳᠤᠮᠳᠠ ᠭᠤᠤᠯ ᠤᠨ 3 ᠤᠪᠤᠭ᠎ᠠ ᠪᠤᠯᠤᠨ ᠲᠦᠷᠪᠡᠨ ᠵᠦᠭ ᠤᠨ 4 ᠪᠠᠭ᠎ᠠ ᠤᠪᠤᠭ᠎ᠠ ᠲᠠᠢ ᠬᠠᠮᠳᠤ ᠳᠠᠬᠢᠵᠤ ᠵᠤᠯᠠ ᠬᠦᠵᠢ ᠡᠷᠬᠦᠵᠤ ᠨᠠᠮᠰᠠᠷᠠᠢ ᠶᠢᠨ ᠳᠠᠯᠠᠯᠭ᠎ᠠ ᠳᠠᠯᠠᠯᠤᠨ᠂ ᠤᠪᠤᠭ᠎ᠠ ᠪᠠᠨ ᠳᠠᠬᠢᠵᠤ ᠳᠠᠭᠤᠰᠤᠮᠠᠭᠴᠠ ᠪᠠᠨ ᠮᠦᠨ ᠡᠳᠤᠷ ᠲᠡᠭᠡᠨ ᠤᠪᠤᠭᠠᠨ ᠤ ᠰᠤᠭ ᠳᠡᠬᠡᠵᠢ᠂ ᠬᠤᠨᠢᠨ ᠤᠭᠤᠴᠠ ᠳᠤᠯᠤᠭᠠᠢ ᠲᠠᠢ ᠨᠢ ᠤᠳᠤᠭ ᠬᠤᠰᠢᠭᠤᠨ ᠤ ᠶᠠᠮᠤᠨ ᠱᠠᠩ ᠳᠤ 2 ᠮᠤᠷᠢᠨ ᠬᠦᠴᠤ ᠵᠠᠯᠭᠠᠵᠤ ᠬᠦᠷᠬᠡᠳᠡᠭ᠃ ᠬᠤᠰᠢᠭᠤᠨ ᠤ ᠶᠠᠮᠤ ᠱᠠᠩ ᠨᠢ ᠬᠠᠯᠠᠭᠤᠨ ᠢᠶᠠᠷ ᠤᠭᠳᠤᠨ ᠠᠪᠴᠤ ᠬᠦᠨᠳᠤᠤᠨᠬᠡᠨ ᠵᠤᠴᠢᠯᠠᠵᠤ 2 ᠴᠠᠢ᠂ 2 ᠳᠤᠷᠭᠠᠨ ᠬᠠᠳᠠᠭ ᠤᠨ ᠬᠠᠷᠢᠭᠤ ᠪᠡᠯᠡᠭ ᠦᠭᠴᠤ ᠮᠤᠷᠳᠠᠭᠤᠯᠳᠠᠭ ᠪᠠᠶᠢᠵᠠᠢ᠃     ᠪᠤᠰᠤᠤᠨ ᠨᠢ ᠰᠦᠮ᠎ᠡ ᠶᠢᠨ ᠡᠬᠦᠳᠡᠨ ᠳᠠᠯᠠᠪᠠᠢ ᠳᠤ ᠴᠤᠭᠯᠠᠷᠠᠨ ᠤᠪᠤᠭᠠᠨ ᠤ ᠬᠡᠰᠢᠭ ᠢ ᠲᠦᠬᠡᠬᠡᠵᠤ᠂ ᠳᠠᠷᠠᠭ᠎ᠠ ᠪᠠᠷ ᠨᠢ 36 ᠪᠦᠬᠡ ᠪᠠᠷᠢᠯᠳᠤᠵᠤ ᠤᠪᠤᠭᠠᠨ  ᠠᠴᠠ ᠡᠮᠤᠨ᠎ᠡ ᠴᠢᠪᠠᠭᠠᠳᠤ ᠶᠢᠨ ᠤᠷᠤᠢ ᠠᠴᠠ 20 — 30 ᠮᠤᠷᠢᠨ ᠤ ᠤᠷᠤᠯᠳᠤᠭᠠᠨ ᠳᠠᠯᠪᠢᠬᠤ ᠵᠡᠷᠬᠡ ᠶᠢᠨ ᠤᠪᠤᠭᠠᠨ ᠨᠠᠶᠢᠷ ᠨᠠᠭᠠᠳᠤᠮ ᠢ ᠬᠢᠳᠡᠭ ᠪᠠᠶᠢᠵᠠᠢ᠃     ᠲᠦᠷᠪᠡᠳᠡᠬᠢ ᠳᠠᠬᠢᠯᠭ᠎ᠠ ᠨᠢ ᠠᠷᠪᠠᠨ ᠰᠠᠷ᠎ᠠ ᠶᠢᠨ ᠰᠢᠨ᠎ᠠ ᠶᠢᠨ ᠭᠤᠷᠪᠠᠨ ᠳᠤ ᠳᠠᠭᠠᠭᠠᠮᠠᠯ ᠳᠠᠷᠤᠭ᠎ᠠ ᠬᠠᠮᠪᠤ ᠯᠠᠮᠠ ᠨᠠᠷ ᠪᠦᠷᠢᠳᠤᠨ ᠴᠤᠭᠯᠠᠷᠠᠵᠤ ᠬᠤᠶᠢᠳᠤ ᠤᠪᠤᠭᠠᠨ ᠠᠴᠠ ᠰᠦᠮ᠎ᠡ ᠳᠤ ᠬᠦᠷᠳᠡᠯ᠎ᠡ ᠤᠯᠠᠭᠠᠨ ᠤᠳᠠᠰᠤ ᠳᠠᠳᠠᠵᠤ 10 ᠭᠠᠷᠤᠢ ᠯᠠᠮᠠ ᠨᠠᠷ 3 ᠡᠳᠤᠷ ᠤᠨ ᠭᠤᠩᠭᠠᠷ ᠬᠤᠷᠠᠵᠤ ᠬᠤᠨᠢᠨ ᠦᠤᠩᠡ ᠰᠢᠬᠦᠰᠤ᠂ ᠰᠤᠭ ᠳᠡᠬᠡᠵᠢ᠂ ᠴᠠᠭᠠᠨ ᠢᠳᠡᠬᠡᠨ ᠢᠶᠠᠷ ᠳᠠᠬᠢᠵᠤ ᠳᠠᠭᠤᠰᠬᠠᠭᠠᠤᠨ ᠮᠦᠨ ᠡᠳᠤᠷ ᠲᠡᠭᠡᠨ ᠨᠢᠬᠡ ᠬᠠ ᠳᠤᠯᠤᠭᠠᠢ ᠲᠠᠢ ᠨᠢ ᠬᠤᠰᠢᠭᠤ ᠶᠠᠮᠤᠨ ᠱᠠᠩ ᠳᠤ ᠤᠭ ᠤᠨ ᠳᠤᠭᠳᠠᠭᠠᠭᠰᠡᠨ ᠵᠤᠷᠰᠢᠯ ᠶᠤᠰᠤᠭᠠᠷ ᠬᠦᠷᠬᠡᠳᠡᠭ ᠪᠠᠶᠢᠵᠠᠢ᠃     ᠰᠦᠮᠡᠳᠤ ᠶᠢᠨ ᠤᠪᠤᠭᠠᠨ ᠤ ᠤᠷᠤᠢ ᠠᠴᠠ ᠲᠦᠷᠪᠡᠨ ᠵᠦᠭ ᠤᠨ ᠤᠪᠤᠭ᠎ᠠ ᠬᠦᠷᠳᠡᠯ᠎ᠡ 10 ᠭᠠᠵᠠᠷ ᠤᠨ ᠳᠤᠳᠤᠷ᠎ᠠ ᠠᠩ ᠠᠩᠨᠠᠵᠤ ᠪᠤᠯᠬᠤ ᠦᠬᠡᠢ᠂ ᠮᠤᠳᠤ ᠪᠤᠷᠭᠠᠰᠤ ᠶᠢ ᠴᠠᠪᠴᠢᠵᠤ ᠪᠤᠯᠬᠤ ᠦᠬᠡᠢ᠂ ᠠᠳᠠᠷ ᠬᠠᠭᠠᠯᠪᠤᠷᠢᠯᠠᠵᠤ ᠪᠤᠯᠬᠤ ᠦᠬᠡᠢ ᠵᠡᠷᠬᠡ ᠶᠢᠨ ᠬᠤᠷᠢᠭᠤᠯ ᠲᠠᠢ ᠪᠠᠶᠢᠵᠠᠢ᠃     ᠪᠠᠰᠠ ᠳᠠᠬᠢᠯᠭ᠎ᠠ ᠶᠢᠨ ᠡᠳᠤᠷ ᠤᠳ ᠲᠤ ᠤᠪᠤᠭᠠᠨ ᠤᠷᠤᠢ ᠳᠤ ᠠᠷᠢᠬᠢ ᠳᠠᠮᠠᠬᠢ ᠳᠠᠳᠠᠵᠤ ᠪᠤᠯᠬᠤ ᠦᠬᠡᠢ᠂ ᠬᠡᠷᠪᠡ ᠳᠡᠬᠡᠷᠡᠬᠢ ᠮᠡᠳᠤ ᠲᠦᠷᠢᠮ ᠢ ᠵᠦᠷᠢᠴᠡᠪᠡᠯ ᠶᠠᠮᠤᠨ ᠳᠤ ᠠᠪᠠᠴᠢᠵᠤ ᠰᠢᠤᠨᠬᠡᠳᠡᠭ ᠪᠠᠶᠢᠵᠠᠢ᠃     ᠳᠠᠷᠠ ᠦᠶ᠎ᠡ ᠳᠤ ᠤᠪᠤᠭᠠᠨ ᠤ ᠡᠳ᠋ᠯᠡᠯ ᠬᠡᠷᠡᠭᠰᠡᠯ ᠮᠦᠩᠬᠦ ᠵᠤᠭᠤᠰ ᠵᠡᠷᠬᠡ ᠶᠢᠨ ᠵᠢᠰᠠ ᠲᠠᠢ ᠪᠦᠬᠡᠤᠨ ᠬᠤᠨᠢ ᠢᠮᠠᠭ᠎ᠠ 200 ᠭᠠᠷᠤᠢ᠂ ᠦᠬᠡᠷ 40 ᠭᠠᠷᠤᠢ ᠪᠠᠶᠢᠵᠠᠢ᠃     ᠡᠳᠤᠬᠡ ᠰᠦᠮᠡᠳᠤ ᠰᠤᠮᠤᠨ ᠤ ᠤᠤᠨᠬᠠᠨᠪᠠᠪᠠ ᠤᠪᠤᠭᠠᠨ ᠤ ᠨᠠᠩᠰᠤ ᠶᠢᠨ ᠳᠤᠰᠢᠶᠠᠯ ᠢ ᠬᠠᠷᠢᠭᠤᠴᠠᠨ ᠪᠠᠶᠠᠨᠰᠦ᠋ᠮᠪᠤᠷ᠂ ᠠᠯᠳ᠋ᠬᠠᠠᠭᠤᠯᠠ ᠨᠠᠷ ᠤᠪᠤᠭᠠᠨ ᠤ ᠳᠠᠭᠠᠭᠠᠮᠠᠯ ᠤᠨ ᠳᠤᠰᠢᠶᠠᠯ ᠢ ᠬᠠᠷᠢᠭᠤᠴᠠᠨ ᠤᠪᠤᠭᠠᠨ ᠯᠠᠮᠠ ᠨᠢ ᠴᠤᠭᠵᠢᠯ᠂ ᠳᠠᠮᠪᠠ ᠨᠠᠷ ᠡᠷᠬᠢᠯᠡᠨ ᠰᠦᠮᠡᠳᠤ ᠡᠷᠬᠡᠳᠤ 2 ᠨᠤᠳᠤᠭ ᠤᠰᠤᠨ ᠤ ᠤᠯᠠᠨ ᠲᠦᠮᠡᠨ ᠲᠠᠢ ᠰᠦᠰᠦᠭ ᠬᠦᠴᠤ ᠪᠠᠨ ᠬᠠᠮᠳᠤᠤᠨᠬᠠᠵᠤ ᠬᠠᠭᠤᠴᠢᠨ ᠤᠪᠤᠭ᠎ᠠ ᠤᠷᠤᠤᠨ ᠢᠶᠠᠨ ᠴᠦᠮ ᠰᠢᠨᠡᠤᠨᠬᠡᠨ ᠵᠠᠰᠠᠵᠤ᠂ ᠬᠠᠭᠤᠴᠢᠨ ᠰᠦᠮ᠎ᠠ ᠶᠢᠨ ᠤᠷᠤᠮ ᠳᠡᠬᠡᠷ᠎ᠡ 3 ᠳᠠᠰᠤᠯᠭ᠎ᠠ ᠤᠪᠤᠭᠠᠨ ᠰᠦᠮ᠎ᠡ ᠶᠢ ᠪᠠᠶᠢᠭᠤᠯᠵᠤ ᠳᠤᠳᠤᠷ᠎ᠠ ᠨᠢ ᠤᠭ ᠤᠨ ᠪᠠᠶᠢᠭᠰᠡᠨ ᠪᠤᠷᠬᠠᠨ ᠨᠤᠮ ᠰᠢᠳᠤᠬᠡᠨ ᠬᠢᠬᠡᠤᠨ ᠳᠠᠬᠢᠯ ᠤᠨ ᠬᠡᠷᠡᠭᠰᠡᠯ ᠢ ᠪᠦᠷᠢᠨ ᠪᠦᠷᠢᠳᠤᠬᠦᠯᠦᠭᠰᠡᠨ ᠪᠦᠬᠡᠤᠨ ᠳᠡᠬᠦᠨ ᠤ ᠵᠡᠬᠦᠨ ᠳᠡᠷᠬᠡᠳᠠ 3 ᠳᠠᠰᠤᠯᠭ᠎ᠠ ᠵᠢᠰᠠ ᠶᠢᠨ ᠪᠠᠶᠢᠰᠢᠩ᠂ 2 ᠳᠠᠰᠤᠯᠭ᠎ᠠ ᠳᠤᠭᠤᠭᠠᠨ ᠬᠡᠷ ᠢ ᠪᠠᠷᠢᠵᠤ ᠯᠠᠮᠠ ᠬᠤᠸᠠᠷᠠᠭ ᠤᠨ ᠰᠠᠭᠤᠬᠤ᠂ ᠬᠤᠯᠠ ᠤᠶᠢᠷ᠎ᠠ ᠶᠢᠨ ᠵᠤᠴᠢᠨ ᠬᠡᠶᠢᠴᠢᠨ ᠦᠭᠯᠢᠬᠡ ᠶᠢᠨ ᠡᠵᠡᠤᠨ ᠢ ᠬᠦᠯᠢᠶᠡᠨ ᠠᠪᠴᠤ ᠤᠪᠤᠭᠠᠨ ᠤ ᠳᠠᠬᠢᠯᠭ᠎ᠠ ᠰᠢᠳᠤᠯᠬᠡ ᠶᠢ ᠨᠢ ᠤᠭ ᠤᠨ ᠶᠤᠰᠤᠭᠠᠷ ᠰᠡᠷᠬᠦᠬᠡᠨ ᠨᠠᠢᠮᠠᠨ ᠰᠠᠷ᠎ᠠ ᠶᠢᠨ ᠰᠢᠨ᠎ᠠ ᠶᠢᠨ ᠨᠢᠬᠡᠨ ᠠᠴᠠ ᠡᠬᠢᠯᠡᠨ ᠭᠠᠨᠵᠤᠤᠷ ᠵᠠᠯᠠᠵᠤ ᠪᠦᠳᠤᠬᠡᠬᠦᠯ ᠬᠤᠷᠠᠵᠤ ᠠᠷᠪᠠᠨ ᠭᠤᠷᠪᠠᠨ ᠠᠴᠠ ᠰᠦᠮ᠎ᠡ ᠶᠢᠨ ᠡᠬᠦᠳᠠᠨ ᠳᠠᠯᠠᠪᠠᠢ ᠳᠤ ᠴᠠᠮ ᠭᠠᠷᠭᠠᠵᠤ᠂ ᠳᠠᠷᠠᠭ᠎ᠠ ᠪᠠᠷ ᠨᠢ ᠦᠤᠩᠡ ᠰᠢᠬᠦᠰᠤ᠂ ᠰᠤᠭ ᠳᠡᠬᠡᠵᠢ ᠪᠠᠷ ᠶᠡᠭᠡ ᠡᠷᠬᠦᠯᠳᠠ ᠡᠷᠬᠦᠵᠤ ᠤᠪᠤᠭ᠎ᠠ ᠪᠠᠨ ᠳᠠᠬᠢᠳᠠᠭ᠃ ᠤᠪᠤᠭ᠎ᠠ ᠳᠠᠬᠢᠭᠰᠡᠨ ᠤ ᠳᠠᠷᠠᠭ᠎ᠠ ᠪᠦᠬᠡ ᠪᠠᠷᠢᠯᠳᠤᠬᠤ᠂ ᠮᠤᠷᠢ ᠤᠷᠤᠯᠳᠤᠬᠤ᠂ ᠮᠤᠷᠢ ᠵᠢᠷᠤᠭᠠᠯᠠᠬᠤ ᠵᠡᠷᠬᠡ ᠤᠪᠤᠭᠠᠨ ᠤ ᠨᠠᠶᠢᠷ ᠨᠠᠭᠠᠳᠤᠮ ᠢ ᠰᠦᠷ ᠬᠦᠭᠵᠢᠶᠡᠨᠳᠠᠢ ᠬᠢᠳᠡᠭ ᠪᠠᠶᠢᠨ᠎ᠠ᠃ ᠪᠠᠰᠠ ᠤᠪᠤᠭᠠᠨ ᠳᠠᠬᠢᠯᠭ᠎ᠠ ᠶᠢᠨ ᠡᠳᠤᠷ ᠤᠳ ᠲᠤ ᠤᠪᠤᠭᠠᠨ ᠳᠡᠷᠬᠡᠳᠠ ᠠᠷᠢᠬᠢ ᠳᠠᠮᠠᠬᠢ ᠳᠠᠳᠠᠬᠤ ᠶᠢ ᠳᠠᠰᠤ ᠴᠡᠬᠡᠷᠯᠡᠨ᠂ ᠳᠤᠭᠳᠠᠭᠠᠭᠰᠡᠨ ᠭᠠᠵᠠᠷ ᠲᠤ ᠭᠠᠳᠠᠭᠠᠯᠠᠳᠠᠭ ᠵᠢᠷᠤᠮ ᠭᠤᠷᠢᠮᠳᠠᠢ ᠪᠠᠶᠢᠳᠠᠭ ᠶᠤᠮ᠃     ᠡᠨᠡ ᠤᠪᠤᠭᠠᠨ ᠤ ᠳᠤᠬᠠᠢ ︽ᠠᠯᠳᠠᠨ ᠭᠠᠨᠳᠠᠷᠢ︾ ᠰᠡᠤᠨᠬᠦᠯ ᠳᠡᠬᠡᠷ᠎ᠡ ᠡᠶᠢᠮᠤ ᠨᠢᠬᠡᠨ ᠳᠤᠮᠤᠭ ᠪᠠᠶᠢᠳᠠᠭ᠄     ︽ᠡᠷᠳᠠ ᠦᠶ᠎ᠡ ᠳᠤ ᠪᠠᠷᠠᠭᠤᠨ ᠭᠠᠵᠠᠷ ᠠᠴᠠ ᠨᠢᠬᠡᠨ ᠳᠠᠩᠭᠤᠤᠨ ᠯᠠᠮᠠ ᠢᠷᠡᠵᠤ ᠤᠳᠤ ᠶᠢᠨ ᠨᠤᠭᠤᠭᠠᠨ ᠪᠤᠯᠠᠭ ᠤᠨ ᠡᠬᠢᠨ ᠳᠡᠬᠡᠷ᠎ᠡ ᠨᠤᠭᠤᠭᠠᠨ ᠵᠤᠤ ᠪᠠᠨ ᠪᠠᠶᠢᠭᠤᠯᠵᠤ᠂ ᠨᠤᠮ ᠪᠢᠰᠢᠯᠭᠠᠨ ᠰᠠᠭᠤᠵᠤ ᠪᠠᠶᠢᠭᠠᠤᠨ ᠨᠢᠬᠡᠨ ᠪᠤᠳᠤᠯᠭ᠎ᠠ ᠪᠤᠳᠤᠵᠤ ︿ᠰᠦᠮ᠎ᠡ ᠪᠠᠶᠢᠭᠠᠤᠨ ᠤᠪᠤᠭ᠎ᠠ ᠦᠬᠡᠢ ᠪᠠᠶᠢᠬᠤ ᠨᠢ ᠵᠤᠬᠢᠰ ᠦᠬᠡᠢ﹀ ᠬᠡᠵᠤ ᠪᠤᠳᠤᠭᠠᠤᠨ ᠤᠶᠢᠷ᠎ᠠ ᠤᠷᠴᠢᠮ ᠳᠤ ᠭᠠᠵᠠᠷ ᠦᠬᠡᠢ ᠳᠤᠯᠠ ᠨᠢᠬᠡᠮᠤᠰᠤᠨ ᠤᠳᠤ ᠶᠢᠨ ᠰᠦᠮᠡᠳᠤ ᠶᠢᠨ ᠤᠷᠤᠢ ᠳᠡᠬᠡᠷ᠎ᠡ ᠤᠪᠤᠭ᠎ᠠ ᠪᠠᠨ ᠪᠤᠰᠬᠠᠵᠤ ᠨᠤᠭᠤᠭᠠᠨ ᠵᠤᠤ ᠶᠢᠨ ᠤᠪᠤᠭ᠎ᠠ ᠬᠡᠮᠡᠨ ᠨᠡᠷᠡᠶᠢᠤᠨᠴᠤ ᠳᠠᠬᠢᠯᠭ᠎ᠠ ᠰᠢᠳᠤᠯᠬᠡ ᠪᠠᠨ ᠬᠢᠵᠤ ᠬᠡᠨ᠎ᠡ᠃ ᠢᠩᠬᠢᠵᠤ ᠪᠠᠶᠢᠳᠠᠯ᠎ᠠ ᠬᠡᠨᠡᠤᠨᠳᠠ ᠭᠠᠢ ᠭᠠᠵᠠᠷ ᠳᠤᠤᠷ᠎ᠠ ᠠᠴᠠ ᠭᠠᠯᠠᠭᠤ ᠤᠰᠤᠨ ᠳᠤᠳᠤᠷ᠎ᠠ  ᠠᠴᠠ ᠬᠡᠳᠡᠭᠴᠢᠯᠡᠨ ᠨᠢᠬᠡᠨ ᠦᠶ᠎ᠡ ᠳᠤ ᠨᠢᠩᠰᠢᠶᠠ ᠶᠢᠨ ᠬᠤᠳᠤᠩ ᠦᠨᠳᠤᠰᠤᠳᠠᠨ ᠤ ᠮᠠᠭᠤ ᠬᠤᠯᠠᠭᠠᠢ ᠢᠷᠡᠵᠤ ᠨᠤᠳᠤᠭ ᠤᠰᠤᠨ ᠢ ᠲᠤᠶᠢᠪᠡᠬᠡᠵᠤ ᠦᠪ ᠬᠦᠷᠤᠩᠬᠡ  ᠶᠢ ᠳᠡᠬᠡᠷᠡᠮᠳᠡᠨ᠂ ᠰᠦᠮ᠎ᠡ ᠬᠡᠶᠢᠤᠨ ᠢ ᠲᠦᠯᠡᠬᠦ ᠳᠤ ᠨᠤᠭᠤᠭᠠᠨ ᠵᠤᠤ ᠰᠦᠮ᠎ᠡ ᠴᠤ ᠲᠦᠯᠡᠭᠳᠡᠬᠡᠤᠨ ᠦᠨᠡᠰᠤᠨ ᠳᠤᠪᠷᠠᠭ ᠪᠤᠯᠵᠠᠢ᠃ ᠬᠤᠵᠢᠮ ᠨᠢ ᠡᠨᠡ ᠰᠦᠮ᠎ᠡ ᠶᠢᠨ ᠤᠷᠤ ᠶᠢ ᠨᠢ ᠰᠢᠯᠵᠢᠬᠦᠯᠤᠨ ᠤᠪᠤᠭᠠᠨ ᠤ ᠪᠠᠷᠠᠭᠤᠨ ᠬᠠᠵᠠᠭᠤ ᠳᠡᠬᠡᠷ᠎ᠡ ᠨᠢ 3 ᠳᠠᠰᠤᠯᠭ᠎ᠠ ᠰᠦᠮ᠎ᠡ ᠪᠠᠶᠢᠭᠤᠯᠤᠭᠰᠡᠨ ᠠᠴᠠ ᠰᠦᠮ᠎ᠡ ᠲᠠᠢ ᠤᠪᠤᠭ᠎ᠠ ᠬᠡᠵᠤ ᠨᠡᠷᠡᠶᠢᠤᠨᠬᠦ ᠪᠤᠯᠵᠠᠢ᠃     ᠳᠠᠷᠠᠭ᠎ᠠ ᠪᠠᠷ ᠨᠢ ᠤᠳᠤᠭ ᠬᠤᠰᠢᠭᠤᠨ ᠤ ᠸᠠᠩ ᠤᠨ ᠤᠷᠳᠤᠨ ᠠᠴᠠ ᠬᠤᠰᠢᠭᠤ ᠠᠷᠪᠠᠨ ᠭᠤᠷᠪᠠᠨ ᠤᠪᠤᠭ᠎ᠠ ᠳᠠᠬᠢᠬᠤ ᠭᠠᠵᠠᠷ ᠨᠤᠳᠤᠭ ᠢ ᠰᠢᠨᠵᠢᠵᠤ ᠶᠠᠪᠤᠭᠰᠠᠭᠠᠷ ᠰᠦᠮ᠎ᠡ ᠲᠠᠢ ᠤᠪᠤᠭᠠᠨ ᠤ ᠭᠠᠵᠠᠷ ᠤᠨ ᠪᠠᠶᠢᠴᠠ ᠨᠢ ᠦᠨᠳᠤᠷ ᠰᠦᠷᠯᠢᠭ ᠦᠵᠡᠰᠬᠦᠯᠠᠩ ᠰᠠᠶᠢᠬᠠᠨ ᠢ ᠦᠵᠡᠬᠡᠤᠨ ︿ᠬᠤᠰᠢᠭᠤ ᠸᠠᠩ ᠤᠨ ᠤᠷᠳᠤᠨ ᠤ ᠰᠢᠭᠤᠤᠨ ᠳᠠᠬᠢᠯᠭ᠎ᠠ ᠶᠢᠨ ᠤᠪᠤᠭ᠎ᠠ﹀ ᠪᠤᠯᠭᠠᠬᠤ ᠪᠠᠷ ᠡᠵᠡᠨ ᠵᠤᠷᠭᠠᠨ ᠳᠤ ᠮᠡᠳᠡᠬᠦᠯᠵᠤ ᠵᠦᠪᠰᠢᠶᠡᠷᠡᠬᠦᠯᠤᠬᠡᠤᠨ ᠬᠤᠰᠢᠭᠤ ᠠᠷᠪᠠᠨ ᠭᠤᠷᠪᠠᠨ ᠤᠪᠤᠭᠠᠨ ᠤ ᠨᠢᠬᠡ ᠪᠤᠯᠭᠠᠵᠤ ᠳᠡᠷᠬᠡᠳᠡᠬᠢ ᠰᠦᠮ᠎ᠠ ᠪᠠᠷ ᠨᠢ ᠰᠦᠮᠡᠳᠤ ᠶᠢᠨ ᠤᠪᠤᠭ᠎ᠠ ᠬᠡᠵᠤ ᠨᠡᠷᠡᠶᠢᠳᠦᠭᠰᠡᠨ︾ ᠬᠡᠳᠡᠭ᠃ 
ᠢᠷᠡᠯᠲᠡ᠄ ᠤᠳᠤᠭ ᠤᠨ ᠤᠪᠤᠭ᠎ᠠ ᠤᠷᠤᠤᠨ