ᠤᠳᠤᠭ ᠤᠨ ᠠᠷᠪᠠᠨ ᠭᠤᠷᠪᠠᠨ ᠬᠤᠰᠢᠭᠤ ᠤᠪᠤᠭ᠎ᠠ —  ᠬᠠᠷ᠎ᠠ ᠤᠪᠤᠭ᠎ᠠ
ᠨᠡᠶᠢᠲᠡᠯᠡᠭᠰᠡᠨ ᠴᠠᠭ᠄
2023/9/5
     ᠬᠠᠷ᠎ᠠ ᠤᠪᠤᠭ᠎ᠠ ᠪᠤᠯ ᠤᠳᠤ ᠶᠢᠨ ᠨᠢᠩᠰᠢᠶᠠ ᠶᠢᠨ ᠬᠤᠳᠤᠩ ᠦᠨᠳᠤᠰᠤᠳᠠᠨ ᠤ ᠦᠪᠡᠷᠳᠡᠬᠡᠨ ᠵᠠᠰᠠᠬᠤ ᠤᠷᠤᠨ ᠤ ᠶᠠᠨ ᡂᠢ ︵ᠳᠡᠷᠬᠡ︶ ᠰᠢᠶᠡᠨ ᠤ ᠰᠤᠪᠤᠤᠨ ᠤᠨ ᠬᠤᠤᠨᠳᠤᠭ ᠰᠢᠶᠠᠩ ᠤᠨ ᠭᠤᠤᠯ ᠤᠨ ᠤᠰᠤᠨ ᠳᠤᠰᠬᠤᠨ ᠤ ᠪᠠᠷᠠᠭᠤᠨ ᠡᠮᠤᠨ᠎ᠡ ᠰᠤᠪᠤᠤᠨ ᠤᠨ ᠬᠤᠤᠨᠳᠤᠭ ᠠᠴᠠ ᠪᠠᠷᠠᠭᠤᠨ ᠤᠷᠤᠭᠰᠢ 5 ᠺᠢᠯᠤᠮᠧᠲᠷ ᠲᠠᠬᠢ ᠰᠠᠶᠢᠷ ᠬᠠᠳᠠᠨ ᠳᠤᠯᠤᠭᠠᠢ ᠳᠡᠭᠡᠷ᠎ᠡ ᠪᠤᠰᠬᠠᠵᠠᠢ᠃ ᠡᠨᠡ ᠨᠢ ᠳᠠᠯᠠᠢ ᠶᠢᠨ ᠲᠦᠪᠰᠢᠨ ᠠᠴᠠ 1498 ᠮᠧᠲᠷ ᠦᠨᠳᠤᠷ᠂ ᠤᠮᠠᠷᠠᠳᠤ ᠦᠷᠬᠡᠷᠢᠭ ᠤᠨ 38。50、᠂ ᠵᠡᠬᠦᠨ ᠤᠷᠳᠤᠷᠢᠭ ᠤᠨ 107。75、 ᠳᠤ ᠪᠤᠷᠭᠠᠰᠤᠨ ᠮᠤᠳᠤᠨ ᠰᠠᠭᠰᠤᠭᠠᠢ ᠲᠠᠢ ᠴᠢᠯᠠᠭᠤᠨ ᠤᠪᠤᠭ᠎ᠠ ᠶᠤᠮ᠃ ᠶᠡᠭᠡ ᠤᠪᠤᠭᠠᠨ ᠤ ᠡᠮᠤᠨ᠎ᠡ ᠳᠠᠯ᠎ᠠ ᠳᠤ 1 ᠠᠯᠳᠠ ᠶᠢᠨ ᠦᠷᠬᠡᠨ᠂ 3 ᠠᠯᠳᠠ ᠶᠢᠨ ᠤᠷᠳᠤ ᠰᠠᠩ ᠰᠤᠯᠬᠡ ᠳᠠᠯᠪᠢᠬᠤ ᠴᠢᠯᠠᠭᠤᠨ ᠱᠠᠩᠯᠤ ᠲᠠᠢ᠃ ᠳᠡᠬᠦᠨ ᠤ ᠬᠤᠶᠠᠷ ᠳᠠᠯ᠎ᠠ ᠳᠤ ᠨᠢ ᠰᠤᠭ ᠳᠡᠬᠡᠵᠢ ᠦᠤᠩᠡ ᠰᠢᠬᠦᠰᠤ ᠳᠠᠯᠪᠢᠬᠤ ᠦᠷᠬᠡᠨ ᠳᠠᠪᠴᠠᠩ ᠲᠠᠢ᠃ ᠶᠡᠭᠡ ᠤᠪᠤᠭᠠᠨ ᠤ ᠠᠷᠤ ᠳᠤ ᠰᠠᠭᠰᠤᠭᠠᠢ ᠦᠬᠡᠢ ᠴᠢᠯᠠᠭᠤ ᠪᠠᠷ ᠪᠤᠰᠬᠠᠭᠰᠡᠨ 12 ᠳᠤᠭᠰᠢᠤᠨ  ᠤᠨ ᠪᠠᠭ᠎ᠠ ᠤᠪᠤᠭ᠎ᠠ ᠲᠠᠢ᠃ ᠶᠡᠭᠡ ᠤᠪᠤᠭᠠᠨ ᠤ ᠤᠷᠢᠳᠠᠢ ᠬᠡᠷ ᠮᠠᠶᠢᠬᠠᠨ ᠪᠠᠷᠢᠬᠤ ᠳᠤᠯᠭ᠎ᠠ ᠵᠤᠤᠬ᠎ᠠ ᠵᠠᠰᠠᠵᠤ ᠳᠠᠬᠢᠯᠭ᠎ᠠ ᠪᠡᠯᠡᠤᠨᠬᠡᠬᠦ ᠨᠠᠶᠢᠷ ᠨᠠᠭᠠᠳᠤᠮ ᠬᠢᠬᠦ ᠦᠷᠬᠡᠨ ᠳᠠᠯᠠᠪᠠᠢ ᠲᠠᠢ᠃      ᠤᠪᠤᠭᠠᠨ ᠤ ᠵᠡᠬᠦᠨ ᠳᠠᠯ᠎ᠠ ᠪᠠᠷ ᠨᠢ ᠤᠷᠤᠰᠤᠮᠠᠯ ᠭᠤᠤᠯ ᠲᠠᠢ᠂ ᠪᠠᠷᠠᠭᠤᠨ ᠳᠠᠯ᠎ᠠ ᠪᠠᠷ ᠨᠢ ᠠᠯᠳᠠᠭᠤᠯ ᠴᠠᠭᠠᠨ ᠬᠡᠷᠡᠮ ᠲᠠᠢ᠂ ᠬᠤᠶᠢᠳᠤ ᠳᠠᠯ᠎ᠠ ᠳᠤ ᠨᠢ ᠠᠳᠤᠭᠤᠬᠠᠢ ᠶᠢᠨ ᠰᠢᠯᠢ ᠲᠠᠢ᠂ ᠡᠮᠤᠨ᠎ᠡ ᠳᠠᠯ᠎ᠠ ᠳᠤ ᠨᠢ ᠨᠤᠭᠤᠭᠠᠨ ᠳᠠᠯ᠎ᠠ ᠲᠠᠢ ᠪᠤᠢ᠃     ᠡᠨᠡ ᠤᠷᠤᠨ ᠠᠴᠠ ᠬᠤᠶᠢᠰᠢ ᠬᠠᠷᠠᠪᠠᠯ ᠨᠢᠩᠰᠢᠶᠠ᠂ ᠡᠮᠤᠨᠡᠰᠢ ᠬᠠᠷᠠᠪᠠᠯ ᠱᠠᠨᠰᠢ ᠬᠠᠷᠠᠭᠳᠠᠬᠤ ᠳᠤᠯᠠ ︽ᠳᠠᠬᠢᠶ᠎ᠠ ᠳᠤᠤᠭᠠᠷᠪᠠᠯ ᠭᠤᠷᠪᠠᠨ ᠮᠤᠵᠢ ᠳᠤ ᠰᠤᠨᠤᠰᠳᠠᠬᠤ︾ ᠳᠠᠭᠱᠠᠨ ᠤᠷᠤᠨ ᠤ ᠰᠢᠨᠵᠢ ᠪᠦᠷᠢᠯᠳᠦᠭᠰᠡᠨ ᠴᠢᠬᠤᠯᠠ ᠪᠤᠭᠤᠮᠳᠠ ᠶᠢᠨ ᠭᠠᠵᠠᠷ ᠬᠡᠵᠤ ᠦᠵᠡᠬᠡᠤᠨ ᠤᠳᠤᠭ ᠤᠨ ᠪᠠᠷᠠᠭᠤᠨ ᠵᠠᠬ᠎ᠠ ᠶᠢᠨ ᠤᠪᠤᠭ᠎ᠠ  ᠪᠠᠨ ᠡᠨᠡ ᠭᠠᠵᠠᠷ ᠲᠤ ᠪᠤᠰᠬᠠᠵᠤ ᠤᠳᠤᠭ ᠶᠠᠮᠤᠨ ᠱᠠᠩ ᠠᠴᠠ ᠳᠠᠬᠢᠳᠠᠭ ᠪᠠᠶᠢᠵᠠᠢ᠃     ᠳᠤᠬᠠᠢ ᠶᠢᠨ ᠦᠶ᠎ᠡ ᠳᠤ ᠠᠯᠪᠠᠨ ᠪᠢᠴᠢᠭ ᠢᠶᠠᠷ ᠳᠤᠮᠢᠯᠠᠭᠰᠡᠨ ᠤᠪᠤᠭᠠᠨ ᠤ ᠳᠠᠭᠠᠭᠠᠮᠠᠯ ᠨᠢ ᠵᠠᠬ᠎ᠠ ᠶᠢᠨ ᠵᠠᠷᠭᠤᠴᠢ ᠴᠤᠪᠤᠭᠤ᠂ ᠰᠡᠷᠬᠦᠯᠠᠩ ᠪᠤᠯᠤᠨ ᠪᠠᠶᠠᠨ ᠬᠦᠨᠴᠦᠭ᠂ ᠪᠠᠶᠠᠨ ᠵᠠᠮᠰᠤ ᠨᠠᠷ ᠪᠠᠶᠢᠵᠠᠢ᠃ ᠤᠪᠤᠭᠠᠨ ᠤ ᠳᠠᠬᠢᠯᠭ᠎ᠠ ᠶᠢᠨ ᠯᠠᠮᠠ ᠠᠴᠠ ᠬᠠᠮᠪᠤ ᠯᠠᠮᠠ ᠨᠢ ᠰᠢᠨ᠎ᠠ ᠵᠤᠤ ᠶᠢᠨ ᠷᠾᠢᠪᠠ ᠪᠠᠶᠢᠭᠰᠡᠨ ᠯᠠᠮᠠ ᠶᠢᠨ ᠰᠦᠮ᠎ᠠ  ᠶᠢᠨ ᠴᠤᠶᠢᠨᠽᠠᠨ ᠳᠤᠶᠢᠨ ᠪᠤᠯᠤᠨ ᠬᠡᠪᠬᠦᠢ ᠤᠮᠵᠠᠤᠨ ᠭᠤᠨᠢᠷ ᠵᠡᠷᠬᠡ 6 ᠯᠠᠮᠠ ᠪᠠᠶᠢᠵᠠᠢ᠃ ᠪᠠᠰᠠ ᠳᠠᠭᠠᠭᠠᠮᠠᠯ ᠤᠨ ᠭᠠᠵᠠᠷ ᠠᠴᠠ ᠤᠷᠢᠭᠰᠠᠨ ᠳᠡᠮᠴᠢ᠂ ᠨᠢᠷᠪᠠ ᠭᠠᠯᠴᠢ ᠵᠡᠷᠬᠡ ᠨᠢᠵᠡᠬᠡᠤᠨ ᠬᠦᠮᠤᠨ ᠪᠠᠶᠢᠪᠠ᠃ ᠨᠠᠢᠮᠠᠨ ᠰᠠᠷ᠎ᠠ ᠶᠢᠨ ᠠᠷᠪᠠᠨ ᠠᠴᠠ ᠯᠠᠮᠠ ᠶᠢᠨ ᠰᠦᠮ᠎ᠠ ᠶᠢᠨ ᠭᠠᠨᠵᠤᠤᠷ ᠢ ᠵᠠᠯᠠᠵᠤ ᠠᠯᠳᠠᠨᠬᠡᠷᠡᠯ ᠤᠨ ᠪᠦᠳᠤᠬᠡᠬᠦᠯ ᠬᠤᠷᠠᠭᠠᠤᠨ ᠠᠷᠪᠠᠨ ᠭᠤᠷᠪᠠᠨ ᠤ ᠦᠷᠯᠤᠬᠡ ᠠᠴᠠ 4 ᠬᠤᠨᠢᠨ ᠦᠤᠩᠡ ᠰᠢᠬᠦᠰᠤ ᠭᠠᠷᠭᠠᠵᠤ ᠰᠤᠭ ᠳᠡᠬᠡᠵᠢ ᠴᠠᠭᠠᠨ ᠢᠳᠡᠬᠡᠨ ᠢᠶᠠᠷ ᠭᠤᠮᠪᠤ ᠨᠢᠨᠷᠤᠪ ᠬᠤᠷᠠᠵᠤ ᠵᠠᠩᠭᠠᠨ ᠳᠠᠬᠢᠵᠤ᠂ ᠨᠠᠮᠳᠠᠭ ᠰᠠᠩ ᠤᠩᠰᠢᠵᠤ᠂ ᠰᠠᠩ ᠰᠠᠷᠵᠢᠮ ᠡᠷᠬᠦᠵᠤ ᠳᠠᠯᠠᠯᠭ᠎ᠠ ᠳᠠᠯᠠᠯᠤᠨ ᠳᠠᠬᠢᠳᠠᠭ᠃ ᠳᠡᠬᠢᠵᠤ ᠳᠠᠭᠤᠰᠤᠮᠠᠭᠴᠠ ᠬᠤᠨᠢᠨ ᠤᠭᠤᠴᠠ ᠳᠤᠯᠤᠭᠠᠢ  ᠲᠠᠢ᠂ ᠰᠤᠭ ᠳᠡᠬᠡᠵᠢ ᠲᠠᠢ ᠨᠢ ᠤᠤᠯ ᠨᠢ ᠤᠳᠤᠭ ᠶᠠᠮᠤᠨ ᠱᠠᠩ ᠳᠤ 4 ᠮᠤᠷᠢᠨ ᠤ ᠬᠦᠴᠤ ᠪᠠᠷ ᠳᠠᠮᠵᠢᠭᠤᠯᠤᠨ ᠬᠦᠷᠬᠡᠳᠡᠭ ᠪᠠᠶᠢᠵᠠᠢ᠃ ᠨᠢᠬᠡ ᠤᠳᠠᠭ᠎ᠠ ᠳᠤᠯᠤᠭᠠᠢ ᠤᠭᠤᠴᠠ ᠨᠢ ᠦᠳᠦᠭᠰᠡᠨ ᠠᠴᠠ ᠬᠤᠶᠢᠰᠢ ᠤᠶᠢᠷᠠᠬᠠᠨ ᠢᠶᠠᠷ ᠨᠢ ᠪᠠᠷᠠᠭᠤᠨ ᠨᠤᠶᠠᠨ ᠱᠠᠩ ᠳᠤ 2 ᠮᠤᠷᠢᠨ ᠬᠦᠴᠤ ᠪᠠᠷ ᠳᠠᠮᠵᠢᠭᠤᠯᠵᠤ ᠬᠦᠷᠬᠡᠳᠡᠭ ᠵᠤᠷᠰᠢᠯ ᠲᠠᠢ ᠪᠤᠯᠵᠠᠢ᠃     ᠳᠠᠬᠢᠯᠭ᠎ᠠ ᠶᠢᠨ ᠳᠠᠷᠠᠭ᠎ᠠ ᠦᠤᠩᠡ ᠰᠢᠬᠦᠰᠤ᠂ ᠰᠤᠭ ᠳᠡᠬᠡᠵᠢ ᠪᠠᠨ ᠬᠡᠰᠡᠭᠯᠡᠨ ᠬᠤᠪᠢᠶᠠᠵᠤ ᠤᠪᠤᠭᠠᠨ ᠤ ᠬᠡᠰᠢᠭ ᠬᠠᠶᠢᠷ᠎ᠠ ᠪᠤᠯᠭᠠᠨ ᠢᠷᠡᠭᠰᠡᠨ ᠤᠯᠠᠨ ᠳᠤ ᠲᠦᠬᠡᠬᠡᠵᠤ ᠦᠭᠳᠡᠭ᠃ ᠢᠩᠬᠢᠬᠡᠤᠨ ᠤᠪᠤᠭᠠᠨ ᠤ ᠵᠡᠬᠦᠨ ᠤᠷᠳᠤ ᠳᠤᠤᠷ᠎ᠠ ᠨᠠᠶᠢᠷ ᠤᠨ ᠳᠠᠯᠠᠪᠠᠢ ᠳᠤ ᠪᠦᠬᠡ ᠪᠠᠷᠢᠯᠳᠤᠬᠤ᠂ ᠮᠤᠷᠢ ᠤᠷᠤᠯᠳᠤᠬᠤ ᠵᠡᠷᠬᠡ ᠶᠢᠨ ᠤᠪᠤᠭᠠᠨ ᠨᠠᠶᠢᠷ ᠨᠠᠭᠠᠳᠤᠮ ᠢ ᠶᠡᠭᠡ ᠪᠠᠷ ᠬᠢᠵᠤ ᠱᠠᠩᠨᠠᠵᠤ ᠬᠦᠬᠢᠬᠦᠯᠳᠡᠭ ᠪᠠᠶᠢᠵᠠᠢ᠃     ᠤᠪᠤᠭᠠᠨ ᠤ ᠬᠤᠷᠢᠭᠤᠯ ᠤᠨ ᠭᠠᠵᠠᠷ ᠨᠢ ᠬᠤᠶᠢᠰᠢ ᠪᠠᠨ ᠠᠳᠤᠭᠤᠬᠠᠢ ᠶᠢᠨ ᠰᠢᠯᠢ᠂ ᠵᠡᠬᠦᠨᠰᠢ ᠪᠠᠨ ᠭᠤᠤᠯ ᠤᠨ ᠤᠰᠤᠨ᠂ ᠡᠮᠤᠨᠡᠰᠢ ᠪᠠᠨ ᠳᠡᠨᠢᠬᠡᠷ ᠳᠠᠯ᠎ᠠ᠂ ᠪᠠᠷᠠᠭᠤᠨᠰᠢ ᠪᠠᠨ ᠠᠯᠳᠠ ᠶᠢᠨ ᠴᠠᠭᠠᠨ ᠬᠡᠷᠡᠮ ᠬᠦᠷᠳᠡᠯ᠎ᠡ ᠪᠠᠨ ᠬᠠᠮᠢᠭᠠᠰᠢ ᠬᠠᠮᠢᠭᠠᠰᠢ ᠪᠠᠨ 5 ᠺᠢᠯᠤᠮᠧᠲᠷ ᠤᠨ ᠭᠠᠵᠠᠷ ᠲᠤ ᠠᠳᠠᠷ ᠬᠠᠭᠠᠯᠪᠤᠷᠢᠯᠠᠬᠤ᠂ ᠠᠩ ᠬᠦᠷᠤᠬᠡ ᠬᠢᠬᠦ᠂ ᠠᠶᠢᠯ ᠡᠷᠤᠬᠡ ᠨᠡᠬᠦᠳᠡᠯᠯᠡᠨ ᠢᠷᠡᠵᠤ ᠰᠠᠭᠤᠬᠤ ᠶᠢ ᠡᠷᠡᠰ ᠴᠠᠭᠠᠵᠠᠯᠠᠵᠤ ᠪᠠᠶᠢᠵᠠᠢ᠃ ᠪᠠᠰᠠ ᠤᠪᠤᠭᠠᠨ ᠤ ᠳᠠᠬᠢᠯᠭ᠎ᠠ ᠶᠢᠨ ᠡᠳᠤᠷ ᠤᠳ ᠲᠤ ᠤᠪᠤᠭᠠᠨ ᠤᠷᠤᠢ ᠳᠡᠬᠡᠷ᠎ᠡ ᠠᠷᠢᠬᠢ ᠳᠠᠮᠠᠬᠢ ᠳᠠᠳᠠᠬᠤ ᠶᠢ ᠡᠷᠡᠰ ᠴᠡᠬᠡᠷᠯᠡᠳᠡᠭ ᠪᠠᠶᠢᠵᠠᠢ᠃     ᠡᠳᠤᠬᠡ ᠴᠤ ᠨᠢᠩᠰᠢᠶᠠ ᠶᠢᠨ ᠬᠢᠳᠠᠤᠨ ᠠᠷᠠᠤᠨ ᠤᠪᠤᠭᠠᠨ ᠤ ᠤᠷᠤ ᠳᠡᠬᠡᠷ᠎ᠡ ᠨᠢ ᠯᠤᠤᠰ ᠤᠨ ᠰᠦᠮ᠎ᠠ ᠪᠠᠶᠢᠭᠤᠯᠵᠤ ᠨᠠᠢᠮᠠᠨ ᠰᠠᠷ᠎ᠠ ᠶᠢᠨ ᠠᠷᠪᠠᠨ ᠭᠤᠷᠪᠠᠨ  ᠠᠴᠠ ᠠᠷᠪᠠᠨ ᠳᠠᠪᠤᠨ ᠪᠤᠯᠳᠠᠯ᠎ᠠ 3 ᠡᠳᠤᠷ ᠤᠨ ᠳᠠᠬᠢᠯᠭ᠎ᠠ ᠪᠤᠯᠵᠤ᠂ ᠠᠷᠠᠯᠵᠢᠶ᠎ᠠ ᠬᠤᠳᠠᠯᠳᠤᠭ᠎ᠠ ᠬᠢᠵᠤ᠂ ᠰᠢ ᠵᠦᠴᠤᠬᠡ ᠳᠠᠭᠤᠯᠠᠵᠤ ᠶᠡᠭᠡ ᠨᠠᠶᠢᠷ ᠬᠢᠳᠡᠭ ᠪᠠᠶᠢᠨ᠎ᠠ᠃
ᠢᠷᠡᠯᠲᠡ᠄ ᠤᠳᠤᠭ ᠤᠨ ᠤᠪᠤᠭ᠎ᠠ ᠤᠷᠤᠤᠨ