ᠤᠳᠤᠭ ᠤᠨ ᠡᠮᠤᠨᠡᠳᠤ ᠬᠤᠰᠢᠭᠤ 4464 ᠮᠠᠯᠴᠢᠨ ᠳᠠᠷᠢᠶᠠᠴᠢᠨ ᠡᠷᠤᠬᠡ ᠳᠤ ᠳᠤᠯᠠᠭᠠᠯᠠᠭ᠎ᠠ ᠶᠢᠨ ᠨᠡᠬᠦᠷᠡᠰᠤ ᠬᠤᠪᠢᠶᠠᠪᠠ
ᠨᠡᠶᠢᠲᠡᠯᠡᠭᠰᠡᠨ ᠴᠠᠭ᠄
2024/10/11
     ᠡᠪᠤᠯ ᠤᠨ ᠤᠯᠠᠷᠢᠯ ᠤᠨ ᠳᠤᠯᠠᠭᠠᠯᠠᠭ᠎ᠠ ᠳᠤ ᠬᠡᠷᠡᠭᠯᠡᠬᠦ ᠨᠡᠬᠦᠷᠡᠰᠤ ᠪᠤᠯ ᠠᠷᠠᠤᠨ ᠤᠨ ᠠᠮᠢᠳᠤᠷᠠᠯ ᠤᠨ ᠶᠡᠭᠡ ᠶᠠᠪᠤᠳᠠᠯ ᠮᠦᠨ᠂ ᠤᠶᠢᠷ᠎ᠠ ᠳᠤ ᠤᠳᠤᠭ ᠤᠨ ᠡᠮᠤᠨᠡᠳᠤ ᠬᠤᠰᠢᠭᠤᠨ ᠤ ᠬᠢᠨ ᠰᠢᠳᠠᠭᠠᠯᠭ᠎ᠠ ᠶᠢᠨ ᠨᠡᠬᠦᠷᠡᠰᠤᠨ ᠤ ᠶᠠᠰᠤ ᠴᠢᠨᠠᠷ ᠤᠨ ᠪᠤᠭᠤᠮᠳᠠ ᠶᠢ ᠴᠢᠩᠭ᠎ᠠ ᠠᠤᠨᠬᠤᠵᠤ ᠡᠯ᠎ᠡ ᠪᠠᠯᠭᠠᠰᠤᠨ ᠳᠤ ᠵᠠᠯᠭᠠᠭ᠎ᠠ ᠪᠠᠷ ︽ᠬᠠᠯᠠᠮᠵᠢᠳᠤ ᠨᠡᠬᠦᠷᠡᠰᠤ︾ ᠲᠦᠬᠡᠬᠡᠨ ᠦᠭᠴᠤ ᠤᠯᠠᠨ ᠲᠦᠮᠡᠨ ᠤ ᠡᠪᠤᠯ ᠤᠨ ᠤᠯᠠᠷᠢᠯ ᠤᠨ ᠳᠤᠯᠠᠭᠠᠯᠠᠭ᠎ᠠ ᠶᠢ ᠪᠠᠳᠤᠯᠠᠵᠤ ᠪᠠᠶᠢᠨ᠎ᠠ᠃     ᠤᠳᠤᠭ ᠤᠨ ᠡᠮᠤᠨᠡᠳᠤ ᠬᠤᠰᠢᠭᠤᠨ ᠤ ᠤᠯᠵᠠᠴᠢ ᠪᠠᠯᠭᠠᠰᠤᠨ ᠤ ᠬᠡᠴᠡᠬᠦᠤ ᠶᠢᠨ ᠡᠷᠢᠶᠡᠨ ᠳᠤᠰᠬᠤᠨ ᠪᠤᠯᠤᠨ ᠳᠠᠬᠢᠯᠳᠤ ᠨᠡᠶᠢᠬᠡᠮ ᠳᠤᠭᠤᠷᠢᠭ ᠤᠨ ︽ᠬᠠᠯᠠᠮᠵᠢᠳᠤ ᠨᠡᠬᠦᠷᠡᠰᠤ︾ ᠳᠠᠷᠬᠠᠭᠠᠬᠤ ᠭᠠᠵᠠᠷ ᠲᠤ᠂ ᠳᠤᠰᠬᠤᠨ ᠤ ᠠᠷᠠᠤᠨ ᠠᠵᠢᠯᠳᠠᠤᠨ ᠤᠨ ᠵᠢᠯᠤᠭᠤᠳᠤᠯᠭ᠎ᠠ ᠳᠤᠤᠷ᠎ᠠ ᠡᠮᠬᠢ ᠵᠢᠷᠤᠮ ᠲᠠᠢ ᠪᠠᠷ ᠨᠡᠬᠦᠷᠡᠰᠤ ᠪᠠᠨ ᠰᠠᠪᠠᠯᠠᠵᠤ ᠵᠢᠩᠯᠡᠵᠤ᠂ ᠭᠠᠷ ᠤᠨ ᠦᠰᠦᠭ ᠵᠢᠷᠤᠵᠤ᠂ ᠮᠠᠰᠢᠨ ᠳᠤ ᠪᠠᠨ ᠳᠡᠬᠡᠬᠡᠵᠤ ᠪᠠᠶᠢᠯ᠎ᠠ᠃ ᠳᠤᠰᠬᠤᠨ ᠤ ᠠᠷᠠᠤᠨ ᠱᠦᠨ ᠢ ᠡᠨᠡ ᠵᠢᠯ ᠲᠦᠷᠪᠡᠳᠡᠬᠢ ᠵᠢᠯ ᠢᠶᠠᠨ ︽ᠬᠠᠯᠠᠮᠵᠢᠳᠤ ᠨᠡᠬᠦᠷᠡᠰᠤ︾ ᠬᠤᠪᠢᠶᠠᠨ ᠤᠯᠵᠤ ᠪᠠᠶᠢᠭ᠎ᠠ ᠪᠦᠬᠡᠤᠨ ︽ᠬᠠᠯᠠᠮᠵᠢ ᠶᠢᠨ ᠨᠡᠬᠦᠷᠡᠰᠤ ᠪᠤᠯᠬᠤᠷ ᠳᠤᠩ ᠬᠢᠮᠳᠠ ᠪᠠᠶᠢᠳᠠᠭ᠂ ᠲᠤᠨ ᠪᠦᠷᠢ ᠳᠤ ᠪᠠᠨ 351 ᠲᠦᠬᠦᠷᠢᠭ᠂ ᠪᠢᠳᠠᠨ ᠳᠤ ᠪᠠᠭ᠎ᠠ ᠪᠤᠰᠤ ᠵᠤᠭᠤᠰ ᠠᠷᠪᠢᠯᠠᠵᠤ ᠦᠭᠬᠦᠯ᠎ᠡ᠂ ᠬᠠᠯᠠᠮᠵᠢ ᠰᠡᠤᠨᠬᠢᠯ ᠳᠤ ᠳᠠᠯᠠᠷᠬᠠᠵᠤ ᠪᠠᠶᠢᠨ᠎ᠠ︾ ᠬᠡᠵᠤ ᠪᠠᠶᠢᠯ᠎ᠠ᠃     ᠳᠤᠬᠠᠢ ᠶᠢᠨ ᠳᠠᠯᠠᠪᠠᠢ ᠶᠢᠨ ᠠᠵᠢᠯᠳᠠᠤᠨ ᠨᠢᠬᠡ ᠳᠠᠯ᠎ᠠ ᠪᠠᠷ ᠨᠡᠬᠦᠷᠡᠰᠤ ᠠᠪᠬᠤ ᠪᠠᠷ ᠢᠷᠡᠭᠰᠡᠨ ᠬᠦᠮᠤᠰ ᠢᠶᠠᠨ ᠨᠠᠷᠢᠨ ᠬᠢᠨᠠᠮᠠᠭᠠᠢ ᠬᠢᠨᠠᠨ ᠬᠠᠷᠭᠤᠭᠤᠯᠵᠤ᠂ ᠨᠦᠬᠦᠬᠡ ᠳᠠᠯ᠎ᠠ ᠪᠠᠷ ᠤᠯᠠᠨ ᠳᠤ ᠨᠡᠬᠦᠷᠡᠰᠤᠨ ᠤ ᠠᠮᠤᠷ ᠲᠦᠪᠰᠢᠨ ᠢ ᠪᠠᠳᠤᠯᠠᠵᠤ᠂ ᠮᠠᠯᠴᠢᠨ ᠳᠠᠷᠢᠶᠠᠴᠢᠨ ᠤ ᠠᠮᠤᠷ ᠲᠦᠪᠰᠢᠨ ᠢᠶᠠᠷ ᠡᠪᠤᠯᠵᠢᠬᠦ ᠳᠠᠯ᠎ᠠ ᠪᠠᠷ ᠰᠠᠨᠠᠭᠤᠯᠭ᠎ᠠ ᠦᠭᠴᠤ ᠪᠠᠶᠢᠯ᠎ᠠ᠃ ᠡᠨᠡ ᠵᠢᠯ ᠬᠡᠴᠡᠬᠦᠤ ᠶᠢᠨ ᠡᠷᠢᠶᠡᠨ ᠳᠤᠰᠬᠤᠨ ᠳᠤ ᠨᠠᠶᠢᠳᠠ 166 ᠲᠤᠨ ︽ᠬᠠᠯᠠᠮᠵᠢᠳᠤ ᠨᠡᠬᠦᠷᠡᠰᠤ︾ ᠬᠤᠪᠢᠶᠠᠵᠤ᠂ ᠡᠷᠤᠬᠡ ᠪᠦᠷᠢ ᠳᠤ 2 ᠲᠤᠨ ᠲᠦᠬᠡᠬᠡᠵᠤ᠂ ᠨᠠᠶᠢᠳᠠ 90 ᠳᠠᠷᠢᠶᠠᠴᠢᠨ ᠡᠷᠤᠬᠡ ᠳᠤ ᠠᠰᠢᠭ ᠬᠦᠷᠳᠡᠬᠡᠭᠰᠡᠨ ᠪᠠᠶᠢᠨ᠎ᠠ᠃     ᠪᠦᠬᠦ ᠬᠤᠰᠢᠭᠤᠨ ᠤ ᠮᠠᠯᠴᠢᠨ ᠳᠠᠷᠢᠶᠠᠴᠢᠨ ᠲᠦᠮᠡᠨ ᠤ ︽ᠰᠢᠳᠠᠭᠠᠬᠤ ᠨᠡᠬᠦᠷᠡᠰᠤ ᠲᠠᠢ ᠬᠠᠯᠠᠭᠤᠨ ᠳᠤᠯᠠᠭᠠᠨ ᠡᠪᠤᠯᠵᠢᠬᠦ︾ ᠶᠢ ᠪᠠᠳᠤᠯᠠᠬᠤ ᠶᠢᠨ ᠲᠦᠯᠤᠬᠡ᠂ ᠤᠳᠤᠭ ᠤᠨ ᠡᠮᠤᠨᠡᠳᠤ ᠬᠤᠰᠢᠭᠤᠨ ᠤ ᠨᠠᠮ ᠤᠨ ᠬᠤᠷᠢᠶ᠎ᠠ᠂ ᠵᠠᠰᠠᠭ ᠤᠨ ᠤᠷᠳᠤᠨ ᠨᠢᠬᠡ ᠡᠷᠤᠬᠡ ᠶᠢ ᠴᠤ ᠤᠷᠬᠢᠭᠳᠠᠭᠤᠯᠬᠤ ᠦᠬᠡᠢ᠂ ᠱᠠᠭᠠᠷᠳᠠᠯᠭ᠎ᠠ ᠲᠠᠢ ᠬᠦᠮᠤᠰ  ᠲᠤ ᠴᠦᠮ ᠬᠠᠩᠭᠠᠬᠤ ᠵᠠᠷᠴᠢᠮ ᠶᠤᠰᠤᠭᠠᠷ᠂ ᠨᠡᠬᠦᠷᠡᠰᠤ ᠬᠡᠷᠡᠭᠯᠡᠬᠦ ᠬᠡᠷᠡᠭᠴᠡᠭᠡ ᠲᠠᠢ ᠡᠷᠤᠬᠡ ᠶᠢ ᠬᠠᠮᠤᠭ ᠤᠨ ᠳᠡᠷᠢᠬᠦᠨ ᠳᠤ ᠪᠦᠷᠢᠤᠨᠬᠡᠵᠤ᠂ ᠰᠠᠭᠤᠷᠢ ᠳᠤᠭ᠎ᠠ ᠶᠢ ᠳᠤᠳᠤᠷᠬᠠᠢ ᠤᠶᠢᠯᠠᠭᠠᠨ᠂ ᠲᠦᠰᠤᠯ ᠳᠤᠭᠳᠠᠭᠠᠵᠤ᠂ ᠳᠤᠰᠬᠠᠢ ᠬᠦᠮᠤᠨ ᠳᠤᠮᠢᠯᠠᠨ ᠪᠦᠬᠦ ᠶᠠᠪᠤᠴᠠ ᠶᠢ ᠳᠠᠭᠠᠵᠤ᠂ ᠠᠵᠢᠯ ᠤᠨ ᠳᠤᠬᠢᠷᠠᠭᠤᠯᠤᠯᠳᠠ ᠶᠢ ᠳᠠᠰᠤᠷᠠᠯᠳᠠ ᠦᠬᠡᠢ ᠴᠢᠩᠭᠠᠤᠨᠬᠠᠨ᠂ ᠠᠷᠠᠤᠨ ᠤᠨ ᠠᠮᠢᠳᠤᠷᠠᠯ ᠤᠨ ᠳᠤᠯᠠᠭᠠᠯᠠᠭ᠎ᠠ ᠳᠤ ᠬᠡᠷᠡᠭᠯᠡᠬᠦ ᠨᠡᠬᠦᠷᠡᠰᠤ ᠶᠢ ᠴᠠᠭ ᠳᠤᠬᠠᠢ ᠳᠤ ᠨᠢ ᠡᠷᠤᠬᠡ ᠳᠤ ᠤᠯᠭᠤᠬᠤ ᠶᠢ ᠦᠨᠡᠨ ᠬᠦ ᠪᠠᠳᠤᠯᠠᠭᠰᠡᠨ ᠪᠠᠶᠢᠨ᠎ᠠ᠃     ᠤᠶᠢᠯᠠᠭᠠᠭᠰᠡᠨ ᠢᠶᠠᠷ᠂ 2024 ᠤᠨ ᠳᠤ ᠪᠦᠬᠦ ᠬᠤᠰᠢᠭᠤ ᠨᠠᠶᠢᠳᠠ 8687 ᠲᠤᠨ ︽ᠬᠠᠯᠠᠮᠵᠢᠳᠤ ᠨᠡᠬᠦᠷᠡᠰᠤ︾ ᠳᠠᠷᠬᠠᠭᠠᠬᠤ ᠪᠠᠷ ᠲᠦᠯᠤᠪᠯᠡᠵᠤ᠂ 4 ᠪᠠᠯᠭᠠᠰᠤᠨ ᠤ 4464 ᠮᠠᠯᠴᠢᠨ ᠳᠠᠷᠢᠶᠠᠴᠢᠨ ᠡᠷᠤᠬᠡ ᠳᠤ ᠠᠰᠢᠭ ᠬᠦᠷᠳᠡᠬᠡᠬᠦ ᠪᠤᠯᠤᠨ᠎ᠠ᠃ ᠤᠳᠤᠬᠠᠨ ᠳᠤ ᠡᠯ᠎ᠡ ᠪᠠᠯᠭᠠᠰᠤᠨ ᠤ ᠬᠢᠨ ᠡᠮᠬᠢ ᠵᠢᠷᠤᠮ ᠲᠠᠢ ᠪᠠᠷ ᠵᠦᠬᠡᠬᠡᠪᠤᠷᠢᠯᠡᠨ ᠠᠪᠠᠴᠢᠵᠤ ᠮᠠᠯᠴᠢᠨ ᠳᠠᠷᠢᠶᠠᠴᠢᠨ ᠡᠷᠤᠬᠡ ᠳᠤ ᠳᠠᠷᠬᠠᠭᠠᠵᠤ ᠪᠤᠢ᠃
ᠢᠷᠡᠯᠲᠡ᠄ ᠣᠳᠤᠭ ᠤᠨ ᠡᠮᠦᠨᠡᠳᠦ ᠬᠤᠰᠢᠭᠤᠨ ᠤ ᠬᠠᠮ ᠵᠠᠭᠤᠴᠢᠯᠠᠭᠤᠷ ᠤᠨ ᠲᠦᠪ